ᠤᠯᠠᠭᠠᠨᠬᠦᠦ ᠨᠥᠬᠥᠷ ᠤᠨ ᠳᠤᠷᠠᠰᠬᠠᠯ  ᠤᠨ ᠣᠷᠳᠣᠨ

  2019-01-30

ᠤᠯᠠᠭᠠᠨᠬᠦᠦ ᠨᠥᠬᠥᠷ ᠤᠨ ᠳᠤᠷᠠᠰᠬᠠᠯ  ᠤᠨ ᠣᠷᠳᠣᠨ ᠨᠢ ᠬᠥᠬᠡᠬᠣᠲᠠ ᠶ᠋ᠢᠨ ᠰᠢᠨᠬᠤᠸᠠ ᠪᠠᠷᠠᠭᠤᠨ ᠵᠡᠭᠡᠯᠢ ᠶ᠋ᠢᠨ ᠤᠯᠠᠭᠠᠨᠬᠦᠦ ᠴᠡᠴᠡᠷᠯᠢᠭ ᠤᠨ ᠳᠣᠲᠣᠷ᠎ᠠ (  ᠤᠤᠯ ᠤᠨ ᠬᠥᠬᠡᠬᠣᠲᠠ  ᠶ᠋ᠢᠨ ᠤᠷᠭᠤᠮᠠᠯ  ᠤᠨ ᠬᠦᠷᠢᠶᠡᠯᠡᠩ ) ᠳ᠋ᠤ ᠪᠠᠶᠢᠷᠢᠯᠠᠵᠦ ᠂ 1992 ᠣᠨ  ᠳ᠋ᠤ ᠪᠠᠷᠢᠯᠭ᠎ᠠ ᠳᠠᠭᠤᠰᠴᠤ ᠦᠵᠡᠭᠦᠯᠦᠭᠡ ᠪᠡᠨ ᠨᠡᠭᠡᠭᠡᠭᠰᠡᠨ ᠶᠤᠮ ᠃ ᠲᠤᠬᠠᠶ  ᠶ᠋ᠢᠨ ᠦᠶ᠎ᠡ ᠳ᠋ᠦ ᠤᠯᠤᠰ  ᠤᠨ ᠲᠡᠷᠢᠭᠦᠯᠡᠭᠴᠢ ᠪᠠᠶᠢᠭᠰᠠᠨ ᠶᠠᠩ ᠱᠠᠩ ᠺᠦᠨ ᠡᠴᠠ ᠳᠤᠷᠠᠰᠬᠠᠯ  ᠤᠨ ᠣᠷᠳᠣᠨ  ᠤ ᠨᠡᠷ᠎ᠡ ᠶ᠋ᠢ  ᠪᠢᠴᠢᠭᠯᠡᠭᠰᠡᠨ ᠶᠤᠮ ᠃
    ᠳᠤᠷᠠᠰᠬᠠᠯ  ᠤᠨ ᠣᠷᠳᠣᠨ ᠤ ᠪᠦᠬᠦ ᠲᠠᠯᠠᠪᠠᠶ ᠨᠢ 380 ᠮᠥ ᠪᠠᠶᠢᠵᠤ ᠂ ᠬᠦᠷᠢᠶᠡᠯᠡᠩ ᠳᠣᠲᠣᠷ᠎ᠠ ᠲᠡᠷᠢᠬᠰᠡᠠ ᠪᠣᠳᠠᠰ ᠤᠨ ᠲᠥᠷᠥᠯ ᠵᠦᠢᠯ ᠨᠢ 422 ᠲᠦᠷᠦᠯ ᠬᠦᠷᠴᠦ ᠪᠠᠶᠢᠳᠠᠭ᠃ ᠬᠦᠷᠢᠶᠡᠨ ᠳᠤᠲᠤᠷ᠎ᠠ ᠨᠠᠷᠠᠰᠤ ᠮᠠᠶᠢᠯᠠᠰᠤᠨ ᠮᠤᠳᠤᠨ ᠤ ᠬᠦᠷᠢᠶᠡᠯᠡᠩ ᠂ ᠭᠣᠣᠯᠲᠤ ᠪᠣᠷᠣ ᠮᠤᠳᠤᠨ ᠤ ᠬᠦᠷᠢᠶᠡᠯᠡᠩ ᠂ ᠴᠠᠩᠬᠤᠶ ᠴᠡᠴᠡᠭ  ᠤᠨ ᠬᠦᠷᠢᠶᠡᠯᠡᠩ ᠂ ᠰᠠᠷᠠᠨᠠᠶ ᠴᠡᠴᠡᠭ ᠤᠨ ᠬᠦᠷᠢᠶᠡᠯᠡᠩ ᠂ ᠤᠰᠤᠨ ᠤᠷᠭᠤᠮᠠᠯ  ᠤᠨ ᠦᠵᠡᠮᠵᠢ  ᠶ᠋ᠢᠨ ᠣᠷᠣᠨ ᠂ ᠵᠠᠭᠤᠨ ᠴᠡᠴᠡᠭ ᠦᠨ ᠴᠡᠴᠡᠷᠯᠢᠭ  ᠵᠡᠷᠭᠡ ᠵᠢᠷᠭᠤᠭᠠᠨ ᠲᠤᠰᠬᠠᠶ ᠲᠦᠷᠦᠯ ᠤᠨ ᠬᠦᠷᠢᠶᠡᠯᠡᠩ ᠤᠨ ᠲᠣᠭᠣᠷᠢᠭ ᠪᠠᠶᠢᠳᠠᠭ᠃ ᠡᠭᠦᠨ  ᠤ ᠳᠣᠲᠣᠷ᠎ᠠ ᠳᠤᠷᠠᠰᠬᠠᠯ  ᠤᠨ ᠣᠷᠳᠣᠨ  ᠨᠢ 3000 ᠲᠡᠭᠰᠢ ᠳᠥᠷᠪᠡᠯᠵᠢᠨ ᠮᠸᠲ᠋ᠷ ᠲᠠᠯᠠᠪᠠᠶ ᠢ ᠡᠵᠡᠯᠡᠵᠦ ᠂ ᠪᠠᠷᠢᠯᠭ᠎ᠠ ᠶ᠋ᠢᠨ ᠲᠠᠯᠠᠪᠠᠶ ᠨᠢ 2100 ᠳᠡᠭᠡᠭᠰᠢ ᠳᠦᠷᠪᠡᠯᠵᠢᠨ ᠮᠸᠲ᠋ᠷ ᠪᠤᠯᠤᠨ᠎ᠠ ᠃ ᠪᠦᠬᠦᠶᠢᠯᠡ ᠪᠠᠷᠢᠯᠭ᠎ᠠ  ᠨᠢ ᠭᠣᠣᠯ ᠣᠷᠳᠣᠨ ᠂ ᠳᠤᠷᠠᠰᠬᠠᠯ  ᠤᠨ ᠲᠠᠯᠠᠪᠠᠢ ᠂ ᠱᠤᠭᠤᠮᠠᠯ ᠲᠠᠪᠴᠠᠩ ᠂ ᠲᠤᠭ ᠮᠠᠨᠳᠤᠭᠤᠯᠬᠤ ᠲᠠᠶᠢᠰᠠ ᠂ ᠬᠥᠰᠢᠶᠡᠨ ᠲᠢᠩᠰᠡ ᠂ ᠴᠠᠮᠬᠠᠭᠲᠤ ᠠᠰᠠᠷ ᠵᠡᠷᠭᠡ 6 ᠬᠡᠰᠡᠭ ᠡᠴᠡ ᠪᠦᠷᠢᠯᠳᠦᠵᠠᠢ᠃ ᠪᠦᠬᠦᠯᠢ ᠴᠣᠭᠴᠠᠲᠤ ᠪᠠᠷᠢᠯᠭ᠎ᠠ  ᠨᠢ ᠤᠯᠠᠮᠵᠢᠯᠠᠯᠲᠤ ᠪᠠᠷᠢᠯᠭ᠎ᠠ ᠶ᠋ᠢᠨ ᠬᠡᠪ ᠨᠠᠮᠪᠠ ᠪᠤᠯᠤᠨ ᠣᠳᠣᠬᠢᠴᠢᠯᠠᠭᠰᠠᠨ ᠪᠠᠷᠢᠯᠭ᠎ᠠ ᠶ᠋ᠢᠨ ᠮᠡᠷᠭᠡᠵᠢᠯ ᠢ ᠨᠢᠭᠡ ᠴᠣᠭᠴᠠ ᠪᠣᠯᠭᠠᠨ ᠤᠶᠠᠯᠳᠤᠭᠤᠯᠵᠤ ᠂ ᠨᠠᠷᠠᠰᠤ ᠮᠠᠶᠢᠯᠠᠰᠤ ᠶ᠋ᠢᠨ ᠤᠶᠠᠯᠳᠤᠭ᠎ᠠ ᠳᠤᠤᠷ᠎ᠠ ᠂ ᠰᠣᠶᠣᠯ ᠢᠷᠭᠡᠨᠰᠢᠯ ᠤᠨ ᠦᠵᠡᠮᠵᠢ ᠪᠠᠷ ᠠᠭᠤᠯᠭ᠎ᠠ ᠪᠠᠨ ᠪᠣᠯᠭᠠᠭᠰᠠᠨ ᠂ ᠴᠡᠴᠡᠷᠯᠢᠭ  ᠤᠨ ᠨᠣᠭᠣᠭᠠᠨ ᠢᠶᠠᠷ ᠠᠴᠢᠶᠠᠯᠠᠪᠤᠷᠢ ᠪᠠᠨ ᠪᠣᠯᠭᠠᠵᠤ ᠂ ᠬᠠᠷᠢᠯᠴᠠᠨ ᠳᠤᠪᠤᠶᠢᠯᠭᠠᠭᠰᠠᠨ ᠵᠤᠭᠠᠴᠠᠯ  ᠤᠨ ᠣᠷᠣᠨ ᠪᠤᠯᠤᠭᠰᠠᠨ ᠪᠠᠶᠢᠨ᠎ᠠ᠃ 2006 ᠣᠨ ᠳ᠋ᠤ ᠂ ᠤᠯᠠᠭᠠᠨᠬᠦᠦ ᠨᠦᠬᠦᠷ ᠦᠨ ᠮᠡᠨᠳᠦᠯᠡᠭᠰᠡᠨ 100 ᠵᠢᠯ  ᠤᠨ ᠣᠶ ᠶ᠋ᠢ ᠳᠤᠷᠠᠰᠬᠠᠬᠤ  ᠶ᠋ᠢᠨ ᠲᠤᠯᠠᠳᠠ ᠂  ᠤᠯᠠᠭᠠᠨᠬᠦᠦ  ᠨᠦᠬᠦᠷ ᠤᠨ ᠳᠤᠷᠠᠰᠬᠠᠯ  ᠤᠨ ᠣᠷᠳᠣᠨ ᠳ᠋ᠤ ᠵᠠᠰᠠᠪᠤᠷᠢ ᠤᠷᠤᠭᠤᠯᠤᠭᠰᠠᠨ ᠶᠤᠮ ᠃ ᠳᠠᠬᠢᠨ ᠰᠡᠯᠪᠢᠨ ᠪᠠᠶᠢᠭᠤᠯᠤᠭᠰᠠᠨ ᠤ ᠳᠠᠷᠠᠭᠠᠬᠢ ᠤᠯᠠᠭᠠᠨᠬᠦᠦ ᠨᠦᠬᠦᠷ ᠦᠨ ᠳᠤᠷᠠᠰᠬᠠᠯ  ᠤᠨ ᠣᠷᠳᠣᠨ ᠤ ᠳᠡᠯᠭᠡᠨ ᠦᠵᠡᠭᠦᠯᠦᠯᠭᠡ  ᠶ᠋ᠢᠨ ᠲᠠᠯᠠᠪᠠᠶ ᠨᠢ 1500 ᠭᠠᠷᠤᠶ ᠲᠡᠭᠰᠢ ᠳᠥᠷᠪᠡᠯᠵᠢᠨ ᠮᠧᠲ᠋ᠷ ᠪᠠᠶᠢᠵᠤ ᠂ ᠤᠤᠯ ᠤᠨ ᠨᠠᠢᠮᠠᠨ ᠳᠡᠯᠭᠡᠨ ᠦᠵᠡᠭᠦᠯᠦᠭᠡ ᠶ᠋ᠢᠨ ᠭᠡᠷ ᠪᠠᠶᠢᠭᠰᠠᠨ ᠡᠴᠡ ᠪᠡᠨ ᠶᠢᠰᠦ ᠪᠤᠯᠤᠨ ᠨᠡᠮᠡᠭᠳᠡᠵᠡᠢ᠃ ᠳᠠᠷᠠᠭᠠᠯᠠᠯ ᠲᠢᠩᠬᠢᠮ ᠤᠨ ᠵᠥᠪ ᠲᠠᠯ᠎ᠠ  ᠨᠢ 3 ᠮᠧᠲ᠋ᠷ ᠥᠨᠳᠥᠷ ᠤᠷᠲᠤ ᠤᠯᠠᠭᠠᠨᠬᠦᠦ ᠨᠦᠬᠦᠷ ᠦᠨ ᠴᠢᠨᠳᠠᠭᠠᠨ ᠴᠠᠭᠠᠨ ᠰᠤᠭᠤᠮᠠᠯ ᠪᠠᠶᠢᠵᠦ᠂ ᠰᠠᠭᠤᠷᠢ ᠨᠢ ᠬᠠᠷ᠎ᠠ ᠭᠠᠨᠲᠢᠭ ᠴᠢᠯᠠᠭᠤ ᠪᠤᠯᠬᠤ ᠶᠤᠮ ᠃ ᠵᠥᠪ ᠲᠠᠯ᠎ᠠ ᠳ᠋ᠤᠨᠢ ᠄ 《 ᠤᠷᠲᠤ ᠬᠤᠭᠤᠴᠠᠭᠠᠨ  ᠤ ᠰᠢᠯᠭᠠᠯᠲᠠ ᠶ᠋ᠢ ᠳᠠᠭᠠᠭᠠᠭᠰᠠᠨ ᠡᠪ ᠬᠠᠮᠲᠤ ᠶᠣᠰᠣᠨ ᠤ ᠪᠠᠶᠢᠯᠳᠤᠭᠴᠢ ᠂ ᠨᠠᠮ ᠪᠠ ᠲᠦᠷᠦ ᠶ᠋ᠢᠨ ᠰᠢᠯᠢᠳᠡᠭ ᠤᠳᠤᠷᠢᠳᠤᠭᠴᠢ ᠂ ᠦᠭᠡᠶᠢᠭᠦᠦ ᠠᠩᠭᠢ ᠶ᠋ᠢᠨ ᠭᠠᠷᠮᠠᠭᠠᠶ ᠬᠤᠪᠢᠰᠬᠠᠯᠴᠢ ᠂ ᠦᠨᠳᠦᠰᠦᠲᠡᠨ  ᠦ ᠠᠵᠢᠯ ᠤᠨ ᠰᠢᠯᠭᠠᠷᠠᠭᠰᠠᠨ ᠤᠳᠤᠷᠢᠳᠤᠭᠴᠢ 》 ᠭᠡᠬᠦ ᠪᠢᠴᠢᠭᠡᠰᠦ ᠲᠠᠢ ᠪᠠᠶᠢᠵᠦ ᠂ ᠡᠨᠡ ᠨᠢ ᠤᠯᠠᠭᠠᠨᠬᠦᠦ ᠨᠦᠬᠦᠷ ᠦᠨ ᠨᠢᠭᠡ ᠨᠠᠰᠤᠨ ᠤ  ᠦᠩᠭᠡ ᠭᠡᠷᠡᠯ ᠢ ᠬᠤᠷᠢᠶᠠᠩᠭᠤᠶᠢᠯᠠᠵᠦ ᠂ ᠤᠯᠠᠭᠠᠨ ᠭᠠᠨᠳᠢᠭ ᠴᠢᠯᠠᠭᠤ ᠪᠡᠷ ᠠᠷᠤ ᠦᠵᠡᠭᠳᠡᠯ ᠢᠶ᠋ᠡᠨ ᠪᠤᠯᠭᠠᠭᠰᠠᠨ ᠶᠤᠮ ᠃ ᠵᠡᠭᠦᠨ ᠪᠠᠷᠠᠭᠤᠨ ᠬᠣᠶᠠᠷ ᠲᠠᠯ᠎ᠠ ᠶ᠋ᠢᠨ ᠴᠢᠨᠳᠠᠭᠠᠨ ᠴᠢᠯᠠᠭᠤ ᠬᠠᠨ᠎ᠠ ᠪᠠ ᠭᠠᠨᠲᠢᠭ ᠴᠢᠯᠠᠭᠤᠨ ᠭᠠᠵᠠᠷ ᠳᠡᠭᠡᠷ᠎ᠡ ᠮᠣᠩᠭᠣᠯ ᠦᠨᠳᠦᠰᠦᠲᠡᠨ ᠤ ᠨᠢᠭᠲᠠᠷᠠᠯ ᠪᠦᠯᠬᠦᠮᠳᠡᠯ ᠤᠨ ᠥᠯᠵᠡᠶᠢᠲᠦ ᠬᠡ ᠤᠭᠠᠯᠵᠠ ᠢ ᠰᠡᠶᠢᠯᠦᠭᠰᠡᠨ ᠪᠠᠶᠢᠳᠠᠭ ᠃ ᠲᠡᠷᠡ ᠨᠢ ᠤᠯᠠᠭᠠᠨᠬᠦᠦ ᠨᠦᠬᠦᠷ ᠦᠨ ᠤᠷᠤᠯᠴᠠᠭᠰᠠᠨ ᠡᠵᠡᠷᠬᠡᠭ ᠲᠦᠷᠢᠮᠡᠬᠡᠶᠢᠲᠡᠨ ᠢ ᠡᠰᠡᠷᠭᠦᠴᠡᠨ ᠤᠯᠤᠰ ᠢᠶ᠋ᠡᠨ ᠬᠠᠶᠢᠷᠠᠯᠠᠬᠤ ᠬᠥᠳᠡᠯᠭᠡᠭᠡᠨ ᠂ ᠵᠡᠪᠰᠡᠭᠲᠦ ᠲᠡᠮᠡᠴᠡᠯ  ᠂ ᠠᠵᠤ ᠠᠬᠤᠶ  ᠶ᠋ᠢᠨ ᠪᠦᠳᠦᠭᠡᠨ ᠪᠠᠶᠢᠭᠤᠯᠤᠯᠲᠠ ᠶ᠋ᠢ ᠤᠳᠤᠷᠢᠳᠤᠭᠰᠠᠨ ᠬᠢᠭᠡᠳ ᠦᠨᠳᠦᠰᠦᠲᠡᠨ ᠨᠦᠭᠦᠳ ᠤᠨ ᠠᠷᠠᠳ ᠲᠦᠮᠡᠨ  ᠦ ᠶᠡᠬᠡ ᠪᠦᠯᠬᠦᠮᠳᠡᠯ  ᠢ ᠠᠬᠢᠭᠤᠯᠤᠭᠰᠠᠨ ᠢᠶᠠᠷ ᠭᠣᠣᠯ ᠠᠭᠤᠯᠭ᠎ᠠ  ᠪᠠᠨ ᠪᠣᠯᠭᠠᠵᠤ ᠂    ᠤᠯᠠᠭᠠᠨᠬᠦᠦ ᠨᠦᠬᠦᠷ ᠦᠨ 65 ᠵᠢᠯ  ᠤᠨ ᠬᠤᠪᠢᠰᠬᠠᠯ ᠤᠨ ᠠᠮᠢᠳᠤᠷᠠᠯ ᠲᠡᠮᠡᠴᠡᠯ ᠳᠤᠮᠳᠠᠬᠢ ᠡᠬᠡ ᠤᠯᠤᠰ  ᠤᠨ ᠨᠢᠭᠡᠳᠦᠯ ᠂ ᠦᠨᠳᠦᠰᠦᠲᠡᠨ  ᠤ ᠴᠢᠯᠥᠭᠡᠯᠡᠯᠲᠡ ᠂ ᠳᠤᠮᠳᠠᠳᠤ ᠤᠯᠤᠰ  ᠤᠨ ᠬᠤᠪᠢᠰᠬᠠᠯ ᠪᠠ ᠪᠦᠲᠦᠭᠡᠨ ᠪᠠᠶᠢᠭᠤᠯᠤᠯᠲᠠ ᠂ ᠡᠯ᠎ᠡ ᠦᠨᠳᠦᠰᠦᠲᠡᠨ  ᠤ ᠠᠷᠠᠳ ᠲᠦᠮᠡᠨ  ᠤ ᠡᠷᠬᠡ ᠲᠡᠭᠰᠢ ᠂ ᠪᠦᠯᠬᠦᠮᠳᠡᠯ  ᠪᠠ ᠬᠠᠮᠲᠤ ᠪᠠᠷ ᠴᠡᠴᠡᠭᠯᠡᠨ ᠬᠥᠭᠵᠢᠬᠦ  ᠵᠢᠴᠢ ᠬᠥᠭᠵᠢᠯᠲᠡ  ᠳ᠋ᠤ ᠦᠵᠡᠭᠦᠯᠦᠭᠰᠡᠨ ᠭᠠᠷᠮᠠᠭᠠᠢ ᠬᠤᠪᠢ ᠨᠡᠮᠡᠷᠢ  ᠶ᠋ᠢ ᠳᠤᠰᠬᠠᠭᠰᠠᠨ ᠭᠡᠷᠡᠯ ᠰᠠᠴᠤᠷᠠᠩᠭᠤᠢ ᠳᠦᠷᠢ ᠶ᠋ᠢ ᠪᠤᠲᠠᠲᠠᠢ ᠳ᠋ᠤ ᠳᠤᠰᠬᠠᠵᠦ  ᠪᠦᠲᠦᠭᠡᠭᠰᠡᠨ ᠪᠠᠶᠢᠨ᠎ᠠ ᠃ ᠪᠦᠬᠦᠯᠢ ᠴᠣᠭᠴᠠ ᠶ᠋ᠢᠨ ᠳᠡᠯᠭᠡᠨ ᠦᠵᠡᠭᠦᠯᠦᠭᠡ ᠨᠢ ᠣᠳᠣᠬᠢᠴᠢᠯᠠᠭᠰᠠᠨ ᠳᠠᠭᠤ ᠂ ᠭᠡᠷᠡᠯ  ᠂ ᠴᠠᠬᠢᠯᠭᠠᠨ  ᠮᠡᠷᠭᠡᠵᠢᠯ ᠪᠣᠯᠤᠨ ᠲᠡᠷᠢᠭᠦᠨ ᠤ ᠦᠵᠡᠰᠬᠦᠯᠡᠩ ᠳᠦ ᠪᠡᠯᠡᠳᠬᠡᠬᠦ ᠮᠠᠲ᠋ᠧᠷᠢᠶᠠᠯ ᠢ ᠭᠡᠷᠡᠭᠯᠡᠵᠦ᠂  ᠪᠦᠬᠦᠶᠢᠯᠡ ᠦᠵᠡᠭᠦᠯᠦᠯᠭᠡ ᠨᠢ ᠨᠠᠷᠢᠨ ᠪᠣᠳᠠᠲᠤ ᠰᠢᠰᠲ᠋ᠧᠮ ᠲᠠᠢ ᠂ ᠭᠣᠣᠯᠳᠠᠯᠭ᠎ᠠ  ᠶ᠋ᠢ ᠲᠤᠪᠤᠢᠢᠯᠭᠠᠨ ᠂ ᠡᠩ ᠦᠨ ᠵᠦᠢᠯ ᠢ ᠪᠤᠳᠤᠯᠬᠢᠯᠠᠨ᠂ ᠭᠣᠣᠯᠳᠠᠯᠭ᠎ᠠ ᠪᠠᠷ ᠬᠥᠮᠦᠰ  ᠤᠨ ᠰᠡᠳᠬᠢᠯ  ᠢ ᠬᠦᠳᠡᠯᠭᠡᠬᠦ ᠪᠡᠷ ᠴᠢᠷᠮᠠᠶᠢᠨ ᠂ ᠡᠩ  ᠤᠨ ᠵᠦᠢᠯ ᠢᠶ᠋ᠡᠷ ᠳᠡᠪᠢᠰᠬᠡᠷ ᠪᠣᠯᠤᠭᠰᠠᠨ ᠪᠠᠶᠢᠳᠠᠭ ᠃  ᠮᠦᠨ ᠤᠯᠠᠭᠠᠨᠬᠦᠦ  ᠨᠦᠬᠦᠷ ᠦᠨ ᠨᠢᠭᠡ ᠨᠠᠰᠤᠨ  ᠦ ᠦᠢᠯᠨ ᠠᠵᠢᠯᠯᠠᠭ᠎ᠠ  ᠪᠡᠷ ᠭᠣᠣᠯ ᠴᠣᠭᠴᠠ ᠪᠣᠯᠭᠠᠭᠰᠠᠨ ᠢᠶ᠋ᠡᠷ ᠪᠠᠷᠠᠬᠤ ᠦᠭᠡᠢ ᠥᠪᠥᠷ ᠮᠣᠩᠭᠣᠯ  ᠤᠨ ᠠᠬᠠᠮᠠᠳ ᠨᠢᠭᠡ ᠦᠢ᠎ᠡ  ᠶ᠋ᠢᠨ ᠤᠳᠤᠷᠢᠳᠬᠤ ᠬᠠᠮᠲᠤᠯᠢᠭ ᠤᠨ ᠬᠢᠨ ᠦ ᠭᠠᠪᠢᠶ᠎ᠠ ᠵᠢᠳᠬᠦᠯ ᠶ᠋ᠢ ᠳᠤᠰᠬᠠᠵᠤ ᠂ ᠤᠯᠠᠭᠠᠨᠬᠦᠦ ᠨᠦᠬᠦᠷ ᠦᠨ ᠳᠦᠷᠢ ᠳᠦᠷᠬᠦ ᠶ᠋ᠢ ᠭᠡᠷᠡᠯ ᠭᠢᠯᠪᠠᠭ᠎ᠠ  ᠲᠠᠢ ᠪᠤᠯᠭᠠᠵᠦ᠂ ᠪᠠᠰᠠ ᠨᠢᠭᠡᠨ ᠦᠶ᠎ᠡ ᠶ᠋ᠢᠨ ᠬᠤᠪᠢᠰᠬᠠᠯᠴᠢᠳ  ᠤᠨ ᠳᠦᠷᠬᠦ ᠶ᠋ᠢ ᠵᠢᠷᠤᠭᠯᠠᠨ ᠭᠠᠷᠭᠠᠭᠰᠠᠨ ᠪᠠᠶᠢᠨ᠎ᠠ ᠃  ᠪᠦᠬᠦᠶᠢᠯ ᠡᠦᠵᠡᠰᠬᠦᠯᠡᠩ ᠳ᠋ᠦ ᠲᠡᠦᠬᠡ ᠶ᠋ᠢᠨ ᠳᠤᠷᠠᠰᠬᠠᠯᠲᠤ ᠵᠦᠢᠯ  ᠨᠢ 160 ᠬᠤᠪᠢ ᠪᠠᠶᠢᠵᠤ ᠂ ᠰᠤᠷᠪᠤᠯᠵᠢ ᠪᠢᠴᠢᠭ ᠤᠨ ᠮᠠᠲ᠋ᠧᠷᠢᠶᠠᠯ  ᠨᠢ 58 ᠬᠤᠪᠢ᠂ ᠭᠡᠷᠡᠯ ᠵᠢᠷᠤᠭ 305 ᠬᠤᠪᠢ ᠪᠠᠶᠢᠵᠦ ᠂ ᠠᠭᠤᠯᠭ᠎ᠠ ᠪᠠ ᠬᠡᠯᠪᠡᠷᠢ ᠨᠢ ᠤᠶᠠᠯᠳᠤᠨ ᠨᠢᠭᠡᠳᠦᠭᠰᠡᠨ ᠪᠠᠶᠢᠨ᠎ᠠ ᠃
    ᠣᠳᠣ ᠂ ᠤᠯᠠᠭᠠᠨᠬᠦᠦ ᠨᠥᠬᠥᠷ  ᠤᠨ ᠳᠤᠷᠠᠰᠬᠠᠯ  ᠤᠨ ᠣᠷᠳᠣᠨ ᠨᠢ ᠶᠠᠭ ᠳᠠᠪᠠᠭᠤᠯᠢᠭ ᠲᠡᠦᠬᠡᠨ ᠪᠠᠶᠢᠷᠢ ᠰᠠᠭᠤᠷᠢ ᠂  ᠭᠤᠶᠢᠳᠠ ᠰᠠᠶᠢᠬᠠᠨ ᠪᠠᠶᠢᠭᠠᠯᠢ ᠶ᠋ᠢᠨ ᠣᠷᠴᠢᠨ ᠲᠣᠭᠣᠷᠢᠨ ᠢᠶᠠᠷ ᠢᠶᠡᠨ ᠮᠢᠩᠭ᠎ᠠ ᠲᠦᠮᠡᠨ ᠳᠤᠮᠳᠠᠳᠤ ᠭᠠᠳᠠᠭᠠᠳᠤ ᠶ᠋ᠢᠨ ᠵᠤᠭᠠᠴᠠᠭᠰᠠᠳ ᠤᠨ ᠠᠩᠬᠠᠷᠤᠯ ᠢ ᠲᠠᠳᠠᠵᠦ ᠂ ᠠᠳᠠᠯᠢ ᠪᠤᠰᠤ ᠨᠠᠰᠤ ᠵᠢᠯ ᠂ ᠠᠳᠠᠯᠢ ᠪᠤᠰᠤ ᠠᠷᠠᠰᠤᠲᠠᠨ ᠶᠠᠰᠤᠲᠠᠨ ᠂ ᠠᠳᠠᠯᠢ ᠪᠤᠰᠤ ᠭᠠᠷᠤᠯ  ᠲᠠᠢ ᠵᠢᠭᠤᠯᠴᠢᠯᠠᠭᠴᠢᠳ ᠤᠨ ᠥᠷᠭᠡᠨ ᠳᠡᠯᠭᠡᠷ ᠬᠠᠶᠢᠷ᠎ᠠ ᠬᠦᠨᠳᠦᠳᠬᠡᠯ ᠪᠠ ᠲᠦᠭᠡᠮᠡᠯ ᠠᠩᠬᠠᠷᠤᠯ ᠢ ᠲᠠᠲᠠᠵᠦ ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠴᠢᠬᠤᠯᠠ  ᠤᠯᠤᠰ ᠲᠥᠷᠥ ᠂ ᠰᠣᠶᠣᠯ  ᠤᠨ ᠴᠣᠩᠬᠣ ᠪᠤᠯᠤᠭᠰᠠᠨ ᠪᠠᠶᠢᠨ᠎ᠠ ᠃ 1995 ᠣᠨ ᠡᠴᠠ ᠨᠠᠭᠠᠰᠢ ᠂ ᠤᠯᠠᠭᠠᠨᠬᠦᠦ ᠨᠦᠬᠦᠷ  ᠶ᠋ᠢᠨ ᠳᠤᠷᠠᠰᠬᠠᠯ  ᠤᠨ ᠣᠷᠳᠣᠨ ᠨᠢ ᠤᠷᠢᠳ ᠬᠣᠵᠢᠳ ᠬᠥᠬᠡᠬᠣᠲᠠ ᠶ᠋ᠢᠨ ᠪᠠ ᠥᠪᠡᠷᠲᠡᠭᠡᠨ ᠵᠠᠰᠠᠬᠤ ᠣᠷᠣᠨ ᠦ ᠤᠯᠤᠰ  ᠢᠶᠡᠨ ᠬᠠᠶᠢᠷᠠᠯᠠᠬᠤ ᠬᠥᠮᠦᠵᠢᠯ  ᠤᠨ ᠰᠠᠭᠤᠷᠢᠨ ᠭᠠᠵᠠᠷ  ᠪᠤᠯᠵᠠᠢ᠃ 1999 ᠣᠨ  ᠳ᠋ᠤ ᠂ ᠲᠥᠪ ᠬᠣᠷᠢᠶᠠᠨ  ᠤ ᠤᠬᠠᠭᠤᠯᠬᠤ ᠬᠡᠯᠲᠡᠰ  ᠡᠴᠠ ᠵᠠᠭᠤᠨ ᠡᠬᠡ ᠤᠷᠤᠨᠴᠢ ᠬᠦᠮᠦᠵᠢᠯ ᠦᠨ ᠵᠢᠱᠢᠶ᠎ᠡ ᠦᠵᠡᠬᠦᠯᠬᠦ ᠰᠠᠭᠤᠷᠢᠨ ᠭᠠᠵᠠᠷ ᠬᠡᠮᠡᠨ ᠪᠠᠲᠤᠯᠠᠨ ᠨᠡᠷᠡᠶᠢᠳᠴᠠᠢ ᠃
    2002 ᠣᠨ ᠳ᠋ᠤ ᠂ ᠤᠯᠤᠰ  ᠤᠨ ᠵᠢᠭᠤᠯᠴᠢᠯᠠᠯ ᠤᠨ ᠲᠤᠪᠴᠢᠶᠠᠨ ᠡᠴᠠ AAA ᠳᠡᠰ  ᠤᠨ ᠵᠤᠭᠠᠴᠠᠯ  ᠤᠨ ᠦᠵᠡᠮᠵᠢ  ᠶ᠋ᠢᠨ ᠣᠷᠣᠨ ᠢᠶ᠋ᠡᠷ ᠦᠨᠡᠯᠡᠭᠳᠡᠵᠦ ᠂ 2005 ᠣᠨ ᠳ᠋ᠦ ᠂ ᠲᠥᠪ  ᠤᠨ ᠤᠬᠠᠭᠤᠯᠬᠤ ᠬᠡᠯᠲᠡᠰ ᠡᠴᠠ ᠪᠦᠬᠦ ᠤᠯᠤᠰ  ᠤᠨ ᠵᠠᠭᠤᠨ ᠬᠤᠪᠢᠰᠬᠠᠯ  ᠤᠨ ᠵᠢᠭᠤᠯᠴᠢᠯᠠᠯ  ᠤᠨ ᠦᠵᠡᠮᠵᠢᠲᠦ ᠣᠷᠣᠨ ᠢᠶᠠᠷ ᠦᠨᠡᠯᠡᠭᠳᠡᠭᠰᠡᠨ ᠪᠠᠶᠢᠨ᠎ᠠ ᠃ 2004 ᠣᠨ  ᠤ 11 ᠰᠠᠷ᠎ᠠ  ᠳ᠋ᠤ ᠂ ᠥᠪᠥᠷ ᠮᠣᠩᠭᠣᠯ  ᠤᠨ ᠥᠪᠡᠷᠲᠡᠭᠡᠨ ᠵᠠᠰᠠᠬᠤ ᠣᠷᠣᠨ ᠡᠴᠠ ᠤᠯᠠᠭᠠᠨᠬᠦᠦ ᠨᠦᠬᠦᠷ ᠦᠨ ᠳᠤᠷᠠᠰᠬᠠᠯ ᠤᠨ ᠤᠷᠳᠤᠨ ᠢ ᠵᠢᠷᠭᠤᠳᠤᠭᠠᠷ ᠪᠦᠯᠦᠭ  ᠤᠨ ᠪᠦᠬᠦ ᠤᠯᠤᠰ  ᠤᠨ ᠭᠣᠣᠯᠳᠠᠯᠭ᠎ᠠ ᠲᠠᠶ ᠲᠡᠦᠬᠡ  ᠶ᠋ᠢᠨ ᠳᠤᠷᠠᠰᠬᠠᠯᠲᠤ ᠵᠦᠢᠯ  ᠢ ᠬᠠᠮᠠᠭᠠᠯᠠᠬᠤ ᠨᠢᠭᠡᠴᠢ ᠪᠤᠯᠭᠠᠬᠤ ᠪᠠᠷ  ᠳᠡᠪᠰᠢᠭᠦᠯᠦᠭᠳᠡᠭᠰᠡᠨ ᠪᠠᠶᠢᠨ᠎ᠠ ᠃ 2006 ᠣᠨ ᠳ᠋ᠤ ᠂ ᠤᠯᠤᠰ  ᠤᠨ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠡᠴᠡ ᠪᠦᠬᠦ ᠤᠯᠤᠰ  ᠤᠨ ᠦᠨᠳᠦᠰᠦᠲᠡᠨ  ᠤ ᠪᠦᠯᠬᠦᠮᠳᠡᠯ  ᠤᠨ ᠬᠥᠮᠦᠵᠢᠯ  ᠤᠨ ᠰᠠᠭᠤᠷᠢᠨ ᠭᠠᠵᠠᠷ ᠬᠡᠮᠡᠨ ᠨᠡᠷᠡᠯᠡᠭᠳᠡᠭᠰᠡᠨ ᠪᠠᠶᠢᠨ᠎ᠠ᠃


ᠵᠣᠬᠢᠶᠠᠭᠴᠢ:
ᠢᠷᠡᠯᠲᠡ: