ᠨᠣᠮᠣᠨ ᠬᠠᠨ ᠪᠠᠶᠢᠯᠳᠤᠭᠠᠨ ᠤ ᠪᠠᠭᠤᠷᠢ

ᠨᠣᠮᠣᠨ ᠬᠠᠨ ᠪᠠᠶᠢᠯᠳᠤᠭᠠᠨ ᠤ ᠬᠠᠭᠤᠴᠢᠨ ᠪᠠᠭᠤᠷᠢ ᠨᠢ ᠬᠥᠯᠥᠨ ᠪᠣᠶᠢᠷ ᠬᠣᠲᠠ ᠶ᠋ᠢᠨ ᠰᠢᠨ᠎ᠡ ᠪᠠᠷᠭᠤ ᠵᠡᠭᠦᠨ ᠬᠣᠰᠢᠭᠤ ᠶ᠋ᠢᠨ ᠵᠡᠭᠦᠨ ᠡᠮᠦᠨᠡᠲᠦ ᠬᠡᠰᠡᠭ ᠤᠨ ᠬᠠᠨᠳᠠᠭᠠᠶ ᠂ ᠵᠠᠩᠵᠤᠨ ᠤ ᠰᠦᠮ᠎ᠡ ᠂ ᠠᠮᠤᠭᠤᠯᠠᠩ ᠤᠨ ᠨᠢᠭᠡ ᠱᠤᠭᠤᠮ ᠳᠡᠭᠡᠷ᠎ᠡ ᠪᠠᠶᠢᠷᠢᠯᠡᠵᠦ᠂ ᠡᠭᠦᠨ ᠳ᠋ᠤ ᠮᠣᠩᠭᠣᠯ ᠤᠯᠤᠰ ᠤᠨ ᠬᠠᠯᠬ᠎ᠠ ᠭᠣᠣᠯ ᠳᠠᠭᠠᠤ ᠣᠷᠣᠨ ᠴᠤ ᠬᠠᠷᠢᠶᠠᠯᠠᠭᠳᠠᠨ᠎ᠠ ᠃ ᠲᠡᠭᠦᠨ ᠤ ᠳᠠᠶᠢᠨ ᠤ ᠭᠣᠣᠯ ᠲᠦᠪ ᠨᠢ ᠤᠳᠤ ᠶ᠋ᠢᠨ ᠨᠣᠮᠣᠨ ᠬᠠᠨ ᠪᠦᠷᠢᠳᠦ ᠰᠤᠮᠤ ᠪᠤᠯᠬᠤ ᠶᠤᠮ ᠃ 1939 ᠣᠨ ᠳ᠋ᠤ᠂ ᠲᠤᠰ ᠭᠠᠵᠠᠷ ᠣᠷᠣᠨ ᠳ᠋ᠤ ᠶᠠᠫᠣᠨ ᠂ ᠬᠠᠭᠤᠷᠮᠠᠭ ᠮᠠᠨᠵᠤ ᠤᠯᠤᠰ ᠤᠨ ᠵᠦᠪᠯᠡᠯᠲᠦ ᠬᠤᠯᠪᠤᠭᠠᠲᠤ ᠤᠯᠤᠰ ᠲᠤ ᠶᠠᠪᠤᠭᠤᠯᠤᠭᠰᠠᠨ ᠨᠢᠭᠡᠨ ᠤᠳᠠᠭᠠᠨ ᠤ ᠶᠡᠬᠡ ᠬᠡᠪᠴᠢᠶᠡᠨ ᠦ ᠴᠡᠷᠢᠭ ᠤᠨ ᠮᠥᠷᠭᠥᠯᠳᠦᠭᠡᠨ ᠭᠠᠷᠴᠤ ᠦᠩᠭᠡᠷᠡᠭᠰᠡᠨ ᠪᠢᠯᠡ ᠃ ᠳᠠᠶᠢᠨ ᠤ ᠳᠤᠮᠳᠠ ᠂ ᠬᠣᠶᠠᠷ ᠡᠲᠡᠭᠡᠳ ᠢᠶᠠᠷ ᠢᠶᠡᠨ 20 ᠲᠦᠮᠡᠨ ᠴᠡᠷᠢᠭ᠂ 900 ᠨᠢᠰᠭᠡᠯ ᠂ ᠲᠠᠩᠺ ᠬᠤᠶᠠᠭᠲᠤ ᠲᠡᠷᠭᠡ ᠨᠢ ᠮᠢᠩᠭ᠎ᠠ ᠭᠠᠷᠤᠶ ᠲᠡᠷᠭᠡ ᠤᠷᠤᠭᠤᠯᠵᠤ ᠂ 135 ᠡᠳᠦᠷ ᠤᠨ ᠬᠤᠭᠤᠴᠠᠭᠠᠨ ᠳ᠋ᠤ 6 ᠲᠦᠮᠡᠨ ᠬᠥᠮᠦᠨ ᠦᠬᠦᠵᠦ ᠰᠢᠷᠬᠠᠳᠤᠭᠰᠠᠨ ᠪᠦᠭᠡᠳ ᠡᠴᠦᠰ ᠲᠡᠬᠡᠨ ᠶᠠᠫᠣᠨ ᠴᠡᠷᠢᠭ ᠤᠨ ᠬᠠᠷᠠᠰᠠᠯᠲᠤ ᠢᠯᠠᠭᠳᠠᠯ ᠢᠶᠠᠷ ᠡᠴᠦᠰᠯᠡᠭᠰᠡᠨ ᠶᠤᠮ ᠃ ᠳᠠᠶᠢᠨ ᠤ ᠳᠠᠷᠠᠭ᠎ᠠ ᠂ ᠨᠣᠮᠣᠨ ᠬᠠᠨ ᠪᠦᠷᠢᠳᠦ ᠪᠠᠷ ᠭᠣᠣᠯᠳᠠᠯᠭ᠎ᠠ ᠪᠤᠯᠭᠠᠭᠰᠠᠨ ᠬᠣᠶᠠᠷ ᠲᠡᠶᠢᠰᠢ ᠪᠡᠨ ᠪᠠᠷᠤᠭ 40 ᠺᠢᠯᠣᠮᠧᠲ᠋ᠷ ᠰᠤᠨᠤᠭᠰᠠᠨ ᠳᠠᠶᠢᠨ ᠤ ᠹᠷᠣᠨᠲ᠋ ᠳᠣᠲᠣᠷ᠎ᠠ ᠂ ᠪᠠᠷᠤᠭ ᠭᠠᠵᠠᠷ ᠪᠣᠯᠭᠠᠨ ᠡᠴᠠ ᠳᠠᠶᠢᠨ ᠤ ᠦᠯᠡᠳᠡᠭᠳᠡᠯ ᠫᠤᠤ ᠵᠡᠪᠰᠡᠭ ᠂ ᠰᠤᠮᠤ ᠲᠠᠷᠢ ᠵᠡᠷᠭᠡ ᠵᠡᠷ ᠵᠡᠪᠰᠡᠭ ᠪᠤᠶᠤ ᠠᠮᠢᠳᠤᠷᠠᠯ ᠤᠨ ᠬᠡᠷᠡᠭᠰᠡᠯ ᠢ ᠴᠤᠭᠯᠠᠭᠤᠯᠵᠤ ᠳᠡᠶᠢᠯᠬᠦ ᠶᠤᠮ᠃ 1990 ᠤᠨ ᠤ 1 ᠰᠠᠷ᠎ᠠ ᠶ᠋ᠢᠨ 12 ᠤ ᠡᠳᠦᠷ ᠂ ᠰᠢᠨ᠎ᠡ ᠪᠠᠷᠭᠤ ᠵᠡᠭᠦᠨ ᠬᠣᠰᠢᠭᠤ ᠶ᠋ᠢᠨ ᠠᠷᠠᠳ ᠤᠨ ᠵᠠᠰᠠᠭ ᠤᠨ ᠣᠷᠳᠣᠨ ᠡᠴᠠ ᠲᠤᠰ ᠬᠠᠭᠤᠴᠢᠨ ᠪᠠᠭᠤᠷᠢ ᠶ᠋ᠢ ᠬᠤᠰᠢᠭᠤᠨ ᠳᠡᠰ ᠦᠨ ᠭᠣᠣᠯᠳᠠᠯᠭ᠎ᠠ ᠲᠠᠶ ᠲᠡᠦᠬᠡ ᠶ᠋ᠢᠨ ᠳᠤᠷᠠᠰᠬᠠᠯᠲᠤ ᠵᠦᠢᠯ ᠢ ᠬᠠᠮᠠᠭᠠᠯᠠᠬᠤ ᠨᠢᠭᠡᠴᠢ ᠪᠤᠯᠭᠠᠬᠤ ᠪᠠᠷ ᠲᠤᠭᠲᠠᠭᠰᠠᠨ ᠪᠥᠭᠡᠳ ᠨᠣᠮᠣᠨ ᠬᠠᠨ ᠪᠦᠷᠢᠳᠦ ᠰᠤᠮᠤᠨ ᠳ᠋ᠤ《 ᠨᠣᠮᠣᠨ ᠬᠠᠨ ᠪᠠᠶᠢᠯᠳᠤᠭᠠᠨ》 ᠦᠯᠡᠳᠡᠭᠳᠡᠯ ᠵᠦᠢᠯᠡᠰ ᠦᠨ ᠳᠡᠯᠭᠡᠨ ᠦᠵᠡᠭᠦᠯᠦᠯᠭᠡ ᠶ᠋ᠢᠨ ᠭᠡᠷ ᠭᠠᠷᠭᠠᠭᠰᠠᠨ ᠪᠠᠶᠢᠨ᠎ᠠ ᠃