ᠥᠪᠥᠷ ᠮᠣᠩᠭᠣᠯ  ᠤᠨ ᠦᠨᠳᠦᠰᠦᠲᠡᠨ ᠤ ᠴᠢᠯᠥᠭᠡᠯᠡᠯᠲᠡ ᠶ᠋ᠢᠨ ᠳᠤᠷᠠᠰᠬᠠᠯ ᠤᠨ ᠣᠷᠳᠣᠨ

  2019-01-27

ᠥᠪᠥᠷ ᠮᠣᠩᠭᠣᠯ  ᠤᠨ ᠦᠨᠳᠦᠰᠦᠲᠡᠨ ᠤ ᠴᠢᠯᠥᠭᠡᠯᠡᠯᠲᠡ ᠶ᠋ᠢᠨ ᠳᠤᠷᠠᠰᠬᠠᠯ  ᠤᠨ ᠣᠷᠳᠣᠨ ᠪᠣᠯ ᠬᠢᠩᠭᠠᠨ ᠠᠶᠢᠮᠠᠭ  ᠤᠨ ᠤᠯᠠᠭᠠᠨᠬᠣᠲᠠ  ᠶ᠋ᠢᠨ ᠰᠢᠨ ᠴᠢᠶᠣᠤ ᠶᠡᠬᠡ ᠵᠡᠭᠡᠯᠢ  ᠶ᠋ᠢᠨ ᠵᠡᠭᠦᠨ ᠦᠵᠦᠭᠦᠷ ᠲᠤ ᠪᠠᠶᠢᠷᠢᠯᠠᠵᠦ ᠂ ᠥᠪᠥᠷ ᠮᠣᠩᠭᠣᠯ  ᠤᠨ ᠦᠨᠳᠦᠰᠦᠲᠡᠨ ᠤ  ᠴᠢᠯᠦᠭᠡᠯᠡᠯᠲᠡ ᠪᠠ ᠣᠷᠣᠨ ᠨᠤᠲᠤᠭ ᠤᠨ ᠦᠪᠡᠷᠲᠡᠭᠡᠨ ᠵᠠᠰᠠᠬᠤ ᠲᠡᠦᠬᠡᠨ ᠶᠠᠪᠤᠴᠠ ᠶ᠋ᠢ ᠪᠦᠬᠦ ᠲᠠᠯ᠎ᠠ  ᠪᠠᠷ ᠳᠡᠯᠭᠡᠨ ᠦᠵᠡᠭᠦᠯᠦᠭᠰᠡᠨ ᠳᠤᠷᠠᠰᠬᠠᠯ  ᠤᠨ ᠰᠢᠨᠵᠢ ᠲᠠᠢ ᠦᠵᠡᠰᠬᠦᠯᠡᠩ ᠤᠨ ᠣᠷᠳᠣᠨ ᠪᠤᠯᠬᠤ ᠶᠤᠮ ᠃ ᠲᠤᠰ ᠮᠦᠽᠧᠶ ᠨᠢ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 60 ᠵᠢᠯ ᠤᠨ ᠤᠢ ᠶ᠋ᠢᠨ ᠲᠠᠰᠢᠷᠠᠮ ᠢᠶᠠᠷ  2006  ᠤᠨ ᠤ 8 ᠰᠠᠷ᠎ᠠ ᠶ᠋ᠢᠨ 6 ᠦ ᠡᠳᠦᠷ ᠵᠢᠩᠬᠢᠨᠢ ᠪᠡᠷ ᠨᠡᠭᠡᠭᠡᠵᠠᠢ᠃
    ᠥᠪᠥᠷ ᠮᠣᠩᠭᠣᠯ  ᠤᠨ ᠦᠨᠳᠦᠰᠦᠲᠡᠨ ᠤ ᠴᠢᠯᠥᠭᠡᠯᠡᠯᠲᠡ ᠶ᠋ᠢᠨ ᠳᠤᠷᠠᠰᠬᠠᠯ  ᠤᠨ ᠭᠠᠵᠠᠷ  ᠨᠢ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ  ᠤᠨ ᠶᠡᠬᠡ ᠬᠤᠷᠠᠯ ᠤᠨ ᠪᠠᠶᠢᠩᠭᠤ ᠶ᠋ᠢᠨ ᠬᠣᠷᠢᠶᠠᠨ  ᠦ ᠤᠤᠯ  ᠤᠨ ᠳᠡᠳ᠋ ᠬᠣᠷᠢᠶᠠᠨ ᠳᠠᠷᠤᠭ᠎ᠠ ᠪᠥᠬᠡ ᠨᠥᠬᠥᠷ ᠡᠴᠠ ᠦᠪᠡᠷ ᠦᠨ ᠪᠡᠶ᠎ᠡ ᠪᠡᠷ ᠢᠶ᠋ᠡᠨ ᠪᠢᠴᠢᠭᠰᠡᠨ ᠤᠷᠳᠤᠨ ᠤ ᠨᠡᠷ᠎ᠡ ᠪᠤᠯᠬᠤ ᠶᠤᠮ᠃ ᠳᠤᠷᠠᠰᠬᠠᠯ  ᠤᠨ ᠣᠷᠳᠣᠨ  ᠨᠢ 3 ᠲᠦᠮᠡᠨ ᠲᠡᠭᠰᠢ ᠳᠥᠷᠪᠡᠯᠵᠢᠨ ᠮᠧᠲ᠋ᠷ ᠭᠠᠵᠠᠷ ᠡᠵᠡᠯᠡᠵᠦ ᠂ ᠪᠠᠷᠢᠯᠭ᠎ᠠ  ᠶ᠋ᠢᠨ ᠲᠠᠯᠠᠪᠠᠶ ᠨᠢ 2.4 ᠲᠦᠮᠡ ᠬᠠᠪᠲᠠᠭᠠᠶ ᠳᠥᠷᠪᠡᠯᠵᠢᠨ ᠮᠧᠲ᠋ᠷ  ᠪᠤᠯᠤᠨ᠎ᠠ᠃ ᠳᠤᠷᠠᠰᠬᠠᠯ  ᠤᠨ ᠣᠷᠳᠣᠨ  ᠨᠢ ᠳᠠᠷᠠᠭᠠᠯᠠᠯ ᠤᠨ ᠲᠢᠩᠬᠢᠮ ᠂  ᠭᠤᠤᠯ ᠦᠵᠡᠰᠬᠦᠯᠡᠩ  ᠤᠨ ᠲᠢᠩᠬᠢᠮ ᠂  ᠦᠷᠡᠭᠳᠡᠭᠰᠡᠨ ᠪᠠᠭᠠᠲᠤᠷᠴᠤᠳ ᠤᠨ ᠲᠢᠩᠬᠢᠮ ᠪᠠ ᠰᠡᠭᠦᠯ ᠲᠢᠩᠬᠢᠮ ᠭᠡᠵᠦ ᠬᠤᠪᠢᠶᠠᠭᠰᠠᠨ ᠪᠠᠶᠢᠳᠠᠭ ᠃  ᠦᠵᠡᠰᠭᠦᠯᠡᠩ ᠦᠨ ᠲᠠᠯᠠᠪᠠᠢ ᠨᠢ 3500 ᠲᠡᠭᠰᠢ ᠲᠦᠷᠪᠡᠯᠵᠢᠨ ᠮᠸᠲ᠋ᠷ ᠪᠠᠶᠢᠵᠦ ᠂ ᠡᠭᠦᠨ  ᠤ ᠳᠣᠲᠣᠷ᠎ᠠ ᠳᠠᠷᠠᠭᠠᠯᠠᠯ ᠤᠨ ᠲᠢᠩᠬᠢᠮ ᠨᠢ 700 ᠲᠡᠭᠰᠢ ᠲᠦᠷᠪᠡᠯᠵᠢᠨ ᠮᠸᠲ᠋ᠷ ᠂ ᠭᠣᠣᠯ ᠲᠢᠩᠬᠢᠮ  ᠨᠢ 2000 ᠲᠡᠭᠰᠢ ᠳᠥᠷᠪᠡᠯᠵᠢᠨ  ᠮᠸᠲ᠋ᠷ ᠂ ᠦᠷᠡᠭᠳᠡᠭᠰᠡᠨ ᠪᠠᠭᠠᠲᠤᠷᠴᠤᠳ ᠤᠨ ᠲᠢᠩᠬᠢᠮ ᠨᠢ 800 ᠲᠡᠭᠰᠢ ᠳᠦᠷᠪᠡᠯᠵᠢᠨ ᠮᠸᠲ᠋ᠷ ᠪᠤᠯᠤᠨ᠎ᠠ ᠃ ᠭᠣᠣᠯ ᠦᠵᠡᠰᠬᠦᠯᠡᠩ ᠤᠨ ᠤᠷᠳᠤᠨ ᠤ ᠠᠭᠤᠯᠭ᠎ᠠ ᠨᠢ ᠳᠦᠷᠪᠡᠨ ᠬᠡᠰᠡᠭ  ᠢᠶᠠᠷ ᠪᠦᠷᠢᠯᠳᠦᠵᠠᠢ᠄ 
    ᠨᠢᠭᠡᠳᠦᠭᠡᠷ ᠬᠡᠰᠡᠭ ᠨᠢ ᠲᠣᠷᠭᠢᠯᠳᠠ ᠪᠦᠬᠦᠢ ᠵᠠᠯᠠᠭᠤ ᠪᠦᠮᠪᠦᠷᠴᠡᠭ ᠃
    ᠬᠣᠶᠠᠳᠤᠭᠠᠷ ᠬᠡᠰᠡᠭ  ᠨᠢ ᠶᠠᠫᠣᠨ  ᠢ ᠡᠰᠡᠷᠭᠦᠴᠡᠭᠰᠡᠨ ᠲᠠᠶᠢᠨ ᠤ ᠭᠠᠯ ᠃
    ᠭᠤᠷᠪᠠᠳᠤᠭᠠᠷ ᠬᠡᠰᠡᠭ  ᠨᠢ ᠢᠯᠠᠯᠲᠠ ᠶᠢᠨ ᠭᠡᠭᠡ᠃
    ᠳᠥᠷᠪᠡᠳᠦᠭᠡᠷ ᠬᠡᠰᠡᠭ ᠨᠢ ᠥᠨᠢ ᠮᠥᠩᠬᠡ ᠶ᠋ᠢᠨ ᠬᠥᠰᠢᠶ᠎ᠡ  ᠵᠡᠷᠭᠡ ᠃ 
    ᠦᠷᠡᠭᠳᠡᠭᠰᠡᠨ ᠪᠠᠭᠠᠲᠤᠷᠴᠤᠳ ᠤᠨ ᠲᠢᠩᠬᠢᠮ ᠨᠢ  ᠳᠦᠷᠪᠡᠨ ᠬᠡᠰᠡᠭ ᠪᠠᠶᠢᠵᠦ ᠂ ᠲᠤᠬᠠᠶᠢᠯᠠᠪᠠᠯ ᠬᠤᠪᠢᠰᠬᠠᠯ  ᠤᠨ ᠵᠢᠳᠬᠦᠯᠲᠡᠨ ᠂ ᠨᠤᠲᠤᠭ  ᠤᠰᠤ ᠶ᠋ᠢ ᠪᠤᠴᠠᠭ᠎ᠠ ᠂ ᠰᠢᠨ᠎ᠡ ᠳᠤᠮᠳᠠᠳᠤ ᠤᠯᠤᠰ  ᠤᠨ ᠲᠥᠯᠥᠭᠡ ᠪᠠ ᠡᠷᠡᠯᠬᠡᠭ ᠪᠠᠭᠠᠲᠤᠷᠯᠢᠭ ᠮᠣᠷᠢᠲᠤ ᠴᠡᠷᠢᠭ ᠵᠡᠷᠭᠡ ᠪᠤᠯᠤᠨ᠎ᠠ ᠃  ᠳᠡᠯᠭᠡᠨ ᠬᠠᠷᠠᠭᠤᠯᠤᠭ ᠰᠠᠨᠠᠭᠤᠯᠭ᠎ᠠ ᠨᠢ ᠬᠠᠷ᠎ᠠ ᠲᠠᠮᠠᠬᠢ ᠶ᠋ᠢᠨ ᠲᠠᠶᠢᠨ  ᠤ ᠦᠶ᠎ᠡ ᠳ᠋ᠦ ᠥᠪᠥᠷ ᠮᠣᠩᠭᠣᠯ  ᠤᠨ ᠠᠷᠠᠳ ᠲᠦᠮᠡᠨ  ᠤ ᠡᠵᠡᠷᠬᠡᠭ ᠲᠦᠷᠢᠮᠡᠭᠡᠢᠢᠳᠡᠨ ᠪᠠ ᠹᠸᠤᠳᠠᠯ ᠢ ᠡᠰᠡᠷᠭᠦᠴᠡᠬᠦ ᠲᠡᠮᠡᠴᠡᠯ  ᠨᠢ ᠡᠬᠢᠯᠡᠭᠡᠳ ᠬᠥᠮᠦᠰ ᠲᠦ《 ᠳᠤᠭᠤᠶᠢᠯᠠᠩ 》 ᠤᠨ ᠬᠦᠳᠡᠯᠭᠡᠭᠡᠨ ᠦ ᠠᠲᠠᠷ ᠬᠠᠭᠠᠯᠪᠤᠷᠢᠯᠠᠬᠤ ᠶ᠋ᠢ ᠡᠰᠡᠷᠭᠦᠴᠡᠬᠦ ᠲᠡᠮᠡᠴᠡᠯ ᠂ 《 ‍ᠬᠦ᠋ ᠾᠦᠨ ᠲᠠᠨ  》  ᠤ ᠬᠡᠷᠡᠭ ᠬᠤᠪᠢᠰᠤᠯ᠂  ᠲᠠᠪᠤᠨ ᠦᠨᠳᠦᠷᠯᠢᠭ ᠦᠨ ᠲᠠᠩᠭᠠᠷᠢᠭᠯᠠᠯᠲᠠ ᠂  ᠲᠠᠪᠤ᠋ ᠨᠢᠭᠡ ᠶ᠋ᠢᠨ ᠬᠤᠷᠠᠯ  ᠂ ᠬᠠᠷ᠎ᠠ ᠠᠭᠤᠯᠠᠨ ᠤ ᠳᠠᠶᠢᠯᠠᠯᠳᠤᠭᠠᠨ ᠂ ᠮᠠᠤ ᠽᠸ  ᠳ᠋ᠦᠩ ᠰᠢ ᠪᠠᠶ ᠫᠦᠸᠧ ‍ᠳ᠋ᠥ  ᠪᠠᠶᠢᠬᠤ ᠳ᠋ᠤ ᠵᠡᠷᠭᠡ ᠲᠡᠦᠬᠡᠨ ᠬᠡᠷᠡᠭ ᠶᠠᠪᠤᠳᠠᠯ ᠪᠠ ᠲᠠᠯᠠᠪᠠᠶ ᠵᠡᠷᠭᠡ ᠬᠤᠯᠪᠤᠭᠳᠠᠵᠤ ᠂ ᠬᠥᠮᠦᠰ ᠲᠤ ᠲᠡᠷᠡ ᠬᠦ ᠲᠠᠶᠢᠨ ᠤ ᠤᠳᠤᠭ᠎ᠠ ᠪᠦᠷᠬᠦᠭᠰᠡᠨ ᠲᠡᠦᠬᠡᠨ ᠤᠨ ᠵᠢᠯ ᠦᠳ ᠳ᠋ᠦ ᠥᠪᠥᠷ ᠮᠣᠩᠭᠣᠯ  ᠤᠨ ᠦᠨᠳᠦᠰᠦᠲᠡᠨ ᠨᠦᠭᠦᠳ  ᠤᠨ ᠠᠷᠠᠳ ᠲᠦᠮᠡᠨ ᠳᠤᠮᠳᠠᠳᠤ ᠤᠯᠤᠰ  ᠤᠨ ᠡᠪ ᠬᠠᠮᠲᠤ ᠨᠠᠮ  ᠤᠨ ᠤᠳᠤᠷᠢᠳᠤᠯᠭ᠎ᠠ  ᠶ᠋ᠢᠨ ᠳᠣᠣᠷ᠎ᠠ ᠦᠨᠳᠦᠰᠦᠲᠡᠨ  ᠦ ᠴᠢᠯᠥᠭᠡᠯᠡᠯᠲᠡ  ᠶ᠋ᠢᠨ ᠲᠥᠯᠥᠭᠡ ᠶᠠᠪᠤᠭᠳᠠᠭᠤᠯᠤᠭᠰᠠᠨ  ᠬᠠᠲᠠᠭᠤ  ᠪᠡᠷᠬᠡᠰᠢᠶᠡᠯᠲᠠᠢ ᠲᠡᠮᠡᠴᠡᠯᠳᠦᠬᠡᠨ ᠪᠤᠯᠤᠨ ᠬᠣᠪᠢᠰᠬᠠᠯ ᠤᠨ ᠵᠢᠳᠬᠦᠯᠲᠡᠳ ᠦᠨ ᠮᠠᠭᠲᠠᠨ ᠳᠠᠭᠤᠯᠠᠭᠤᠰᠢᠲᠠᠶ ᠪᠠᠭᠠᠲᠤᠷᠯᠢᠭ ᠦᠢᠯᠡ ᠠᠵᠢᠯᠯᠠᠭ᠎ᠠ ᠶ᠋ᠢ ᠰᠡᠳᠬᠢᠭᠳᠡᠭᠦᠯᠦᠭᠰᠡᠨ ᠶᠤᠮ ᠃
    ᠳᠤᠷᠠᠰᠬᠠᠯ  ᠤᠨ ᠣᠷᠳᠣᠨ ᠤ ᠮᠦᠽᠧᠶ  ᠳᠤ ᠬᠠᠳᠠᠭᠠᠯᠠᠵᠤ ᠪᠠᠶᠢᠭ᠎ᠠ ᠲᠡᠦᠬᠡ ᠶ᠋ᠢᠨ ᠳᠤᠷᠠᠰᠬᠠᠯᠲᠤ ᠵᠦᠢᠯ ᠵᠢᠴᠢ ᠰᠤᠷᠪᠤᠯᠵᠢ ᠪᠢᠴᠢᠭ  ᠨᠢ 2123 ᠮᠠᠲ᠋ᠧᠷᠢᠶᠠᠯ  ᠪᠠᠶᠢᠵᠦ᠂ ᠲᠡᠭᠦᠨ ᠦ ᠳᠣᠲᠣᠷᠠᠬᠢ ᠡᠷᠬᠢᠮ ᠨᠠᠨᠳᠢᠨ ᠲᠡᠦᠬᠡ ᠶ᠋ᠢᠨ ᠳᠤᠷᠠᠰᠬᠠᠯᠲᠤ  ᠵᠦᠢᠯ ᠨᠢ 340 ᠵᠦᠢᠯ᠂ ᠵᠡᠷ ᠵᠡᠪᠰᠡᠭ ᠨᠢ 34 ᠵᠦᠢᠯ ᠂  ᠲᠡᠦᠬᠡᠨ ᠵᠢᠷᠤᠭᠲᠤ ᠨᠤᠮ 15000 ᠲᠡᠪᠲᠡᠷ ᠪᠠᠶᠢᠳᠠᠭ ᠃
    ᠳᠤᠷᠠᠰᠬᠠᠯ  ᠤᠨ ᠣᠷᠳᠣᠨ ᠲᠤᠳᠤᠷᠠᠬᠢ ᠦᠵᠡᠭᠦᠯᠦᠯᠭᠡ ᠨᠢ ᠭᠡᠷᠡᠯ ᠵᠢᠷᠤᠭ ᠂ ᠲᠡᠦᠬᠡ ᠶ᠋ᠢᠨ ᠳᠤᠷᠠᠰᠬᠠᠯᠲᠤ ᠡᠳ᠋  ᠂ ᠦᠵᠡᠮᠵᠢ ᠳᠦᠷᠰᠦ ᠪᠦᠲᠦᠭᠡᠯᠲᠡ ᠂ ᠤᠷᠠᠯᠢᠭ ᠤᠨ ᠪᠦᠲᠦᠭᠡᠯ ᠵᠡᠷᠭᠡ ᠦᠵᠡᠭᠦᠯᠦᠯᠭᠡ  ᠶ᠋ᠢᠨ ᠠᠷᠭ᠎ᠠ ᠪᠠᠷᠢᠯ ᠢᠶ᠋ᠡᠷ ᠳᠠᠮᠵᠢᠨ ᠳᠠᠭᠤᠨ ᠂ ᠭᠡᠷᠡᠯ ᠂ ᠴᠠᠬᠢᠯᠭᠠᠨ ᠵᠡᠷᠭᠡ ᠤᠳᠤ ᠦᠶ᠎ᠡ ᠶ᠋ᠢᠨ ᠲᠧᠭᠨᠢᠭ ᠮᠡᠷᠭᠡᠵᠢᠯ ᠲᠠᠢ ᠤᠶᠠᠯᠳᠤᠭᠤᠯᠵᠤ ᠪᠠᠶᠢᠭᠠᠳ ᠦᠨᠳᠦᠰᠦᠲᠡᠨ ᠤ ᠣᠨᠴᠠᠯᠢᠭ ᠂ ᠰᠣᠶᠣᠯ  ᠤᠨ ᠣᠨᠴᠠᠯᠢᠭ ᠪᠠ ᠣᠷᠣᠨ ᠪᠦᠰᠡ ᠶ᠋ᠢᠨ ᠣᠨᠴᠠᠯᠢᠭ  ᠢ ᠪᠦᠷᠢᠨ ᠬᠦᠢᠴᠡᠳ ᠳᠡᠯᠭᠡᠨ ᠬᠠᠷᠠᠭᠤᠯᠤᠭᠰᠠᠨ ᠪᠠᠶᠢᠳᠠᠭ ᠃  ᠲᠡᠷᠡ ᠨᠢ ᠮᠠᠰᠢ ᠴᠢᠩᠭ᠎ᠠ ᠤᠷᠠᠯᠢᠭ ᠤᠨ ᠳᠣᠩᠰᠣᠯᠭᠠᠯᠲᠠ ᠶ᠋ᠢᠨ ᠬᠦᠴᠦᠨ ᠲᠡᠶ ᠪᠣᠯᠤᠭᠰᠠᠨ ᠪᠦᠭᠡᠳ ᠤᠯᠤᠰ ᠲᠦᠷᠦ  ᠶ᠋ᠢᠨ ᠬᠦᠴᠦᠨ ᠲᠡᠶ ᠪᠠᠶᠢᠳᠠᠭ ᠃

ᠵᠣᠬᠢᠶᠠᠭᠴᠢ:
ᠢᠷᠡᠯᠲᠡ: