ᠮᠠᠨᠵᠤᠤᠷ ᠬᠣᠲᠠ  ᠶ᠋ᠢᠨ ᠤᠯᠠᠭᠠᠨ ᠦᠩᠭᠡᠲᠦ ᠤᠯᠠᠨ ᠤᠯᠤᠰ  ᠤᠨ ᠨᠢᠭᠤᠴᠠ ᠵᠠᠮ ᠬᠠᠷᠢᠯᠴᠠᠭᠠᠨ  ᠤ ᠱᠤᠭᠤᠮ ᠤᠨ ᠪᠠᠭᠤᠷᠢ

  2019-01-25

ᠮᠠᠨᠵᠤᠤᠷ ᠪᠣᠯ ᠨᠢᠭᠡᠨ ᠵᠠᠭᠤᠨ ᠵᠢᠯ  ᠤᠨ ᠲᠡᠦᠭᠡ ᠲᠠᠢ ᠪᠣᠭᠣᠮᠲᠠ ᠶ᠋ᠢᠨ ᠨᠡᠷᠡᠲᠦ ᠬᠤᠲᠠ ᠪᠤᠯᠤᠨ᠎ᠠ ᠂ ᠲᠡᠭᠦᠨ  ᠤ ᠵᠠᠭᠤᠨ ᠵᠢᠯ  ᠤᠨ ᠬᠥᠭᠵᠢᠯ  ᠤᠨ ᠠᠬᠢᠴᠠ ᠳ᠋ᠤ ᠮᠠᠨ  ᠤ ᠨᠠᠮ ᠤᠨ ᠤᠳᠤᠷᠢᠳᠬᠤ ᠬᠥᠮᠦᠰ ᠤᠨ ᠮᠠᠨᠵᠤᠤᠷ ᠤᠨ ᠤᠯᠠᠭᠠᠨ ᠦᠩᠭᠡᠲᠦ ᠤᠯᠠᠨ ᠤᠯᠤᠰ ᠤᠨ ᠨᠢᠭᠤᠴᠠ ᠵᠠᠮ ᠬᠠᠷᠢᠯᠴᠠᠭᠠᠨ ᠤ ᠱᠤᠭᠤᠮ ᠡᠴᠠ ᠵᠦᠪᠯᠡᠯᠳᠦ ᠬᠣᠯᠪᠣᠭᠠᠲᠤ ᠤᠯᠤᠰ  ᠪᠤᠯᠤᠨ ᠡᠪ ᠬᠠᠮᠲᠤ ᠶ᠋ᠢᠨ ᠢᠨᠲ᠋ᠧᠷᠨᠠᠼᠢᠣᠨᠠᠯ  ᠳᠤ ᠬᠦᠷᠴᠦ᠂ ᠬᠤᠪᠢᠰᠬᠠᠯ  ᠤᠨ ᠦᠨᠡᠨ ᠶᠣᠰᠣ ᠶ᠋ᠢ ᠡᠷᠢᠯᠬᠢᠯᠡᠨ ᠂ ᠳᠤᠮᠳᠠᠳᠤ ᠶ᠋ᠢᠨ ᠦᠨᠳᠦᠰᠦᠲᠡᠨ ᠢᠶ᠋ᠡᠨ ᠠᠪᠤᠷᠠᠵᠤ ᠂ ᠰᠢᠨ᠎ᠡ ᠳᠤᠮᠳᠠᠳᠤ ᠤᠯᠤᠰ ᠤᠨ ᠭᠡᠷᠡᠯ ᠰᠠᠴᠤᠷᠠᠩᠭᠤᠶ ᠲᠡᠦᠬᠡᠨ ᠠᠶᠠᠯᠠᠯ  ᠢ ᠪᠦᠲᠦᠭᠡᠨ ᠪᠠᠶᠢᠭᠤᠯᠬᠤ ᠨᠢᠭᠡ ᠬᠡᠰᠡᠭ ᠦᠩᠭᠡᠷᠡᠯᠲᠡ ᠶ᠋ᠢ ᠲᠡᠮᠳᠡᠭᠯᠡᠭᠰᠡᠨ ᠪᠠᠶᠢᠳᠠᠭ ᠃
    ᠳᠡᠭᠡᠷ᠎ᠡ ᠵᠠᠭᠤᠨ ᠤ ᠬᠣᠷᠢᠭᠠᠳ ᠣᠨ  ᠤ ᠡᠬᠢᠨ ᠤ ᠦᠢ᠎ᠡ ᠡᠴᠠ ᠡᠬᠢᠯᠡᠵᠦ ᠂ ᠳᠤᠮᠳᠠᠳᠤ ᠤᠯᠤᠰ  ᠤᠨ ᠡᠪ ᠬᠠᠮᠲᠤ ᠨᠠᠮ ᠡᠴᠠ ᠮᠠᠨᠵᠤᠤᠷ ᠲᠤ ᠵᠦᠪᠯᠡᠯᠳᠦ ᠬᠣᠯᠪᠣᠭᠠᠲᠤ ᠤᠯᠤᠰ ᠪᠠ ᠡᠪ ᠬᠠᠮᠲᠤ ᠶ᠋ᠢᠨ ᠢᠨᠲ᠋ᠧᠷᠨᠠᠼᠢᠣᠨᠠᠯ ᠤᠨ ᠡᠪ ᠬᠠᠮᠲᠤᠴᠤᠳ  ᠪᠤᠯᠤᠨ ᠬᠤᠪᠢᠰᠬᠠᠯᠲᠤ ᠴᠢᠭᠴᠢ ᠵᠢᠷᠤᠮᠲᠠᠳ ᠢ ᠲᠤᠰᠴᠤ ᠬᠦᠷᠭᠡᠬᠦ ᠨᠢᠭᠤᠴᠠ ᠬᠣᠯᠪᠣᠭᠠᠨ  ᠤ ᠭᠠᠵᠠᠷ ᠶ᠋ᠢ  ᠪᠠᠶᠢᠭᠤᠯᠵᠤ ᠂ 1931 ᠤᠨ ᠤ 11 ᠰᠠᠷ᠎ᠠ ᠳ᠋ᠤ ᠳᠤᠮᠳᠠᠳᠤ ᠤᠯᠤᠰ  ᠤᠨ ᠡᠪ  ᠬᠠᠮᠲᠤ ᠨᠠᠮ ᠤᠨ ᠬᠣᠶᠢᠲᠤ ᠮᠠᠨᠵᠤ  ᠶ᠋ᠢᠨ ᠣᠨᠴᠠᠭᠠᠶ ᠬᠤᠷᠢᠶᠠᠨ ᠡᠴᠡ ᠮᠠᠨᠵᠤᠤᠷ ᠣᠷᠣᠨ  ᠤ ᠠᠵᠢᠯ ᠢᠶᠡᠨ ᠴᠢᠩᠭᠠᠳᠬᠠᠬᠤ ᠶ᠋ᠢᠨ ᠲᠦᠯᠦᠭᠡ ᠂  ᠵᠢᠢ ᠵᠦᠩ ᠹᠠ ᠪᠤᠯᠤᠨ ᠯᠢ ᠹᠠᠩ ᠬᠣᠶᠠᠷ ᠨᠥᠬᠥᠷ ᠢ ᠲᠤᠮᠢᠯᠠᠨ ᠨᠢᠭᠡ ᠭᠡᠷ ᠦᠨ ᠬᠢᠨ ᠪᠤᠯᠭᠠᠨ ᠬᠠᠭᠤᠷᠮᠠᠭᠯᠠᠭᠤᠯᠤᠨ ᠬᠠᠷᠪᠢᠨ ᠡᠴᠠ ᠮᠠᠨᠵᠤᠤᠷ ᠲᠤ ᠬᠦᠷᠴᠦ ᠂  ᠰᠠᠨ ᠳ᠋ᠤᠤ ᠵᠡᠭᠡᠯᠢ ᠳ᠋ᠦ ᠵᠢᠨ ᠹᠸᠩ ᠲᠠᠢ  ᠪᠠᠷᠠᠭ᠎ᠠ ᠬᠡᠷᠡᠭᠰᠡᠯ  ᠤᠨ ᠳᠡᠯᠭᠡᠭᠦᠷ ᠬᠡᠮᠡᠬᠦ ᠨᠡᠷ᠎ᠡ ᠪᠡᠷ ᠳᠡᠯᠭᠡᠬᠦᠷ ᠨᠡᠭᠡᠭᠡᠵᠦ᠂ ᠮᠠᠨᠵᠤᠤᠷ ᠤᠨ ᠨᠢᠭᠤᠴᠠ ᠬᠠᠷᠢᠯᠴᠠᠭᠠᠨ ᠤ ᠦᠷᠲᠡᠭᠡ ᠶ᠋ᠢ ᠪᠠᠶᠢᠭᠤᠯᠤᠭᠰᠠᠨ ᠪᠠᠶᠢᠨ᠎ᠠ ᠃ 1934 ᠣᠨ  ᠳ᠋ᠤ ᠯᠢ ᠹᠠᠩ ᠨᠥᠬᠥᠷ ᠵᠦᠪᠯᠡᠯᠲᠦ  ᠳ᠋ᠤ ᠰᠤᠷᠤᠯᠴᠠᠬᠤ ᠪᠠᠷ ᠶᠠᠪᠤᠵᠤ ᠂ ᠵᠢᠢ ᠵᠦᠩ ᠹᠠ ᠡᠴᠠ ᠰᠢᠯᠵᠢᠨ ᠶᠠᠪᠤᠭᠰᠠᠨ ᠪᠠᠶᠢᠨ᠎ᠠ ᠃ ᠲᠡᠷᠡ ᠬᠣᠶᠠᠭᠤᠯᠠ ᠶ᠋ᠢᠨ ᠠᠵᠢᠯ ᠢ ᠶᠠᠩ ᠶᠦᠩ ᠾᠧ ᠂ ᠯᠢᠨ ᠹᠸᠩ ᠵᠧᠨ ᠬᠡᠮᠡᠬᠦ ᠵᠢᠩᠬᠢᠨᠢ ᠨᠢᠭᠡ ᠭᠡᠷ ᠪᠦᠯᠢ ᠶ᠋ᠢᠨ ᠬᠢᠨ ᠬᠦᠯᠢᠶᠡᠠ ᠠᠪᠴᠤ ᠬᠠᠮᠢᠶᠠᠷᠬᠤ ᠪᠤᠯᠤᠭᠰᠠᠨ ᠪᠠᠶᠢᠨ᠎ᠠ ᠃  ᠮᠠᠨᠵᠤᠤᠷ ᠲᠠᠬᠢ ᠵᠠᠮ ᠬᠠᠷᠢᠯᠴᠠᠭᠠ ᠤ ᠦᠷᠲᠡᠭᠡᠨ ᠦ ᠠᠵᠢᠯ ᠢᠶᠡᠨ ᠴᠢᠩᠭᠠᠳᠬᠠᠬᠤ ᠶ᠋ᠢᠨ ᠲᠦᠯᠦᠭᠡ ᠂ ᠳᠠᠷᠠᠭ᠎ᠠ ᠵᠢᠯ ᠨᠢ ᠵᠠᠯᠠᠶᠢᠨᠠᠭᠤᠷ ᠲᠤ ᠪᠠᠰᠠ ᠲᠤᠰᠠᠯᠠᠬᠤ ᠦᠷᠲᠡᠭᠡ ᠪᠠᠶᠢᠭᠤᠯᠵᠤ᠂ ᠬᠠᠷᠢᠭᠤᠴᠠᠯᠭᠠᠲᠠᠨ ᠨᠢ ᠶᠠᠩ ᠳ᠋ᠢᠶᠠᠨ ᠴᠧᠩ ᠂  ᠲᠡᠭᠦᠨ ᠦ ᠬᠠᠪᠰᠤᠷᠤᠭᠴᠢ ᠨᠢ ᠸᠠᠩ ᠬᠤᠸᠠ ᠮᠢᠨ ᠪᠤᠯᠵᠠᠢ ᠃ ᠡᠨᠡ ᠬᠣᠶᠠᠷ ᠵᠠᠮ ᠬᠠᠷᠢᠯᠴᠠᠭᠠᠨ  ᠤ ᠦᠷᠲᠡᠭᠡ ᠨᠢ ᠳᠣᠲᠣᠭᠠᠳᠤ ᠳᠠᠭᠠᠨ ᠴᠥᠮ ᠬᠠᠷᠪᠢᠨ ᠳ᠋ᠦ ᠳᠡᠯᠭᠡᠭᠦᠷ ᠨᠡᠭᠡᠭᠡᠭᠰᠡᠨ ᠯᠢ ᠭᠤᠸᠠᠢ ᠲᠠᠢ ᠬᠠᠷᠢᠯᠴᠠᠭ᠎ᠠ ᠨᠡᠪᠲᠡᠷᠡᠳᠡᠭ  ᠪᠠᠶᠢᠵᠦ ᠂ ᠬᠠᠷᠪᠢᠨ ᠤ ᠲᠠᠯ᠎ᠠ ᠡᠴᠠ ᠬᠥᠮᠦᠨ ᠢᠷᠡᠭᠰᠡᠨ ᠬᠣᠶᠢᠨ᠎ᠠ ᠂ ᠬᠤᠯᠪᠤᠭᠠᠴᠢᠨ ᠡᠴᠠ ᠬᠠᠮᠠᠭᠠᠯᠠᠨ ᠬᠦᠷᠭᠡᠬᠦ ᠪᠤᠶᠤ ᠬᠠᠭᠤᠷᠠᠶ ᠵᠠᠮ ᠢᠶᠠᠷ ᠮᠣᠷᠢᠨ ᠲᠡᠷᠭᠡᠨ ᠳ᠋ᠦ ᠰᠠᠭᠤᠨ ᠬᠢᠯᠢ ᠡᠴᠡ  ᠭᠠᠷᠤᠨ᠂ ᠳᠠᠬᠢᠨ ᠭᠠᠯᠲᠤ ᠲᠡᠷᠭᠡᠨ ᠳ᠋ᠤ ᠰᠠᠭᠤᠭᠠᠳ ᠴᠢᠲ᠋ᠠ ᠢᠶᠠᠷ ᠦᠩᠭᠡᠷᠡᠨ ᠮᠣᠰᠺᠸᠠ ᠶ᠋ᠢ ᠴᠢᠭᠯᠡᠳᠡᠭ ᠪᠠᠶᠢᠨ᠎ᠠ ᠃  ᠡᠰᠡᠭᠦᠯ᠎ᠡ ᠤᠰᠤᠨ ᠬᠠᠭᠤᠷᠠᠢ ᠵᠠᠮ ᠢᠶᠠᠷ ᠶᠠᠪᠤᠵᠤ᠂ ᠬᠣᠶᠠᠷ ᠺᠠᠷᠲ ᠬᠢᠯᠢ ᠶ᠋ᠢᠨ ᠭᠣᠣᠯ ᠢ ᠦᠩᠭᠡᠷᠡᠨ᠂ ᠣᠩᠭᠣᠴᠠ  ᠰᠡᠯᠢᠵᠦ ᠵᠦᠪᠯᠡᠯᠲᠦ ᠬᠣᠯᠪᠣᠭᠠᠲᠤ ᠤᠯᠤᠰ  ᠤᠨ ᠠᠪᠠᠭᠠᠶᠢᠲᠤ ᠳ᠋ᠤ ᠬᠦᠷᠦᠨ ᠂ ᠳᠠᠬᠢᠨ ᠮᠣᠰᠺᠸᠠ ᠶ᠋ᠢ ᠴᠢᠭᠯᠡᠬᠦ ᠪᠤᠯᠤᠨ᠎ᠠ᠃ ᠮᠠᠨᠵᠤᠤᠷ ᠂ ᠵᠠᠯᠠᠶᠢᠨᠠᠭᠤᠷ ᠡᠨᠡ ᠬᠣᠶᠠᠷ ᠨᠢᠭᠤᠴᠠ ᠵᠠᠮ ᠬᠠᠷᠢᠯᠴᠠᠭᠠᠨ  ᠤ ᠦᠷᠲᠡᠭᠡ ᠶ᠋ᠢ ᠡᠨᠳᠡᠯ ᠭᠠᠷᠬᠤ ᠦᠢ᠎ᠡ ᠳ᠋ᠦ ᠮᠠᠨ  ᠤ ᠨᠠᠮ ᠤᠨ ᠡᠪ ᠬᠠᠮᠲᠤ ᠶ᠋ᠢᠨ ᠢᠨᠲ᠋ᠧᠷᠨᠠᠼᠢᠣᠨᠠᠯ ᠪᠠ  ᠵᠦᠪᠯᠡᠯᠲᠦ ᠬᠣᠯᠪᠣᠭᠠᠲᠤ ᠤᠯᠤᠰ ᠲᠠᠶ ᠬᠣᠯᠪᠣᠭ᠎ᠠ ᠠᠪᠬᠤ ᠦᠶᠡᠰ ᠥᠯᠥ ᠲᠠᠰᠤᠷᠠᠬᠤ ᠶ᠋ᠢ ᠪᠠᠲᠤᠯᠠᠬᠤ ᠶ᠋ᠢᠨ ᠲᠦᠯᠦᠭᠡ᠂ ᠬᠠᠷᠪᠢᠨ  ᠤ ᠣᠯᠠᠨ ᠤᠯᠤᠰ ᠤᠨ ᠵᠠᠮ ᠬᠠᠷᠢᠯᠴᠠᠭᠠᠨ ᠤ ᠲᠣᠪᠴᠢᠶ᠎ᠠ 1936 ᠣᠨ  ᠳ᠋ᠦ ᠯᠢ ᠽᠢ ᠸᠸᠨ ᠪᠤᠯᠤᠨ ᠰᠦᠩ ᠡᠸᠨ ᠯᠠᠶ ᠢ ᠲᠤᠮᠢᠯᠠᠨ ᠵᠠᠮ ᠤᠨ ᠤᠮᠠᠷ᠎ᠠ ᠰᠠᠪᠰᠠᠨ ᠳ᠋ᠤᠤ ᠵᠡᠭᠡᠯᠢ᠂ ᠴᠧᠩ ᠾᠧ ᠱᠦᠨ ᠬᠠᠭᠤᠴᠢᠨ ᠬᠤᠪᠴᠠᠰᠤ  ᠶ᠋ᠢᠨ ᠳᠡᠯᠭᠡᠭᠦᠷ ᠢ ᠨᠡᠭᠡᠭᠡᠬᠦ ᠪᠡᠷ ᠳᠠᠮᠵᠢᠨ ᠬᠠᠯᠬᠠᠪᠴᠢ ᠪᠤᠯᠭᠠᠨ ᠂ 《ᠮᠠᠨᠵᠤᠤᠷ ᠤᠨ ᠵᠠᠮ ᠬᠠᠷᠢᠯᠴᠠᠭᠠᠨ  ᠤ ᠰᠢᠭᠤᠳ ᠨᠡᠪᠲᠡᠷᠡᠬᠦ ᠦᠷᠲᠡᠭᠡ 》 ᠶ᠋ᠢ ᠪᠠᠶᠢᠭᠤᠯᠤᠭᠰᠠᠨ ᠪᠠᠶᠢᠨ᠎ᠠ ᠃ ᠡᠨᠡ ᠭᠤᠷᠪᠠᠨ ᠨᠢᠭᠤᠴᠠ ᠵᠠᠮ ᠬᠠᠷᠢᠯᠴᠠᠭᠠᠨ  ᠤ ᠦᠷᠲᠡᠭᠡ ᠴᠥᠮ ᠳᠤᠮᠳᠠᠳᠤ ᠤᠯᠤᠰ ᠤᠨ ᠡᠪ ᠬᠠᠮᠲᠤ ᠨᠠᠮ ᠡᠴᠠ ᠪᠠᠶᠢᠭᠤᠯᠤᠭᠰᠠᠨ ᠪᠠᠶᠢᠨ᠎ᠠ ᠃ ᠡᠭᠦᠨ ᠡᠴᠡ ᠭᠠᠳᠠᠨ᠎ᠠ ᠂ 1932 ᠤᠨ ᠳ᠋ᠤ ᠵᠤᠢᠪᠯᠡᠯᠳᠦ ᠬᠣᠯᠪᠣᠭᠠᠲᠤ ᠤᠯᠤᠰ ᠤᠨ ᠠᠵᠢᠯᠴᠢᠨ  ᠲᠠᠷᠢᠶᠠᠴᠢᠨ ᠤ ᠤᠯᠠᠭᠠᠨ ᠴᠡᠷᠢᠭ ᠡᠴᠠ ᠰᠦᠦ ᠽᠢ ᠶᠤᠸᠠᠨ ᠢ ᠲᠤᠮᠢᠯᠠᠨ ᠬᠣᠶᠠᠷ ᠺᠠᠷᠲ ᠪᠤᠯᠤᠨ ᠵᠠᠯᠠᠶᠢᠨᠠᠭᠤᠷ ᠲᠤ ᠳᠤᠰᠪᠦᠷᠢ ᠵᠠᠮ ᠬᠠᠷᠢᠯᠴᠠᠭᠠᠨ ᠤ ᠦᠷᠲᠡᠭᠡ ᠶ᠋ᠢ ᠪᠠᠶᠢᠭᠤᠯᠤᠭᠰᠠᠨ ᠪᠠᠶᠢᠨ᠎ᠠ᠃ ᠡᠨᠡ ᠬᠡᠳᠦᠨ ᠵᠠᠮ ᠬᠠᠷᠢᠯᠴᠠᠭᠠ ᠤ ᠦᠷᠲᠡᠭᠡᠨ ᠳ᠋ᠦ ᠮᠠᠨᠵᠤᠤᠷ ᠂ ᠵᠠᠯᠠᠶᠢᠨᠠᠭᠤᠷ ᠤᠨ ᠵᠠᠮ ᠬᠠᠷᠢᠯᠴᠠᠭᠠᠨ ᠤ ᠦᠷᠲᠡᠭᠡ  ᠨᠢ ᠯᠢ ᠭᠤᠸᠠᠢ ᠲᠠᠢ ᠬᠤᠯᠪᠤᠭ᠎ᠠ ᠨᠡᠪᠲᠡᠷᠡᠬᠦ ᠡᠴᠠ ᠭᠠᠳᠠᠨ᠎ᠠ ᠂ ᠪᠤᠰᠤᠳ ᠡᠯ᠎ᠡ ᠥᠷᠲᠡᠭᠡ ᠨᠢ ᠴᠥᠮ ᠥᠭᠡᠷ᠎ᠡ ᠶᠠᠮᠠᠷ ᠴᠤ ᠬᠠᠷᠢᠯᠴᠠᠭ᠎ᠠ ᠦᠭᠡᠢ ᠪᠠᠶᠢᠵᠦ ᠂ ᠴᠥᠮ ᠦᠪᠡᠷ ᠦᠨ ᠬᠠᠷᠢᠯᠴᠠᠭᠠᠨ  ᠦ ᠨᠢᠭᠤᠴᠠ ᠲᠤᠬᠢᠶ᠎ᠠ  ᠪᠤᠯᠤᠨ ᠬᠠᠮᠠᠭᠠᠯᠠᠨ ᠬᠦᠷᠭᠡᠬᠦ ᠠᠷᠭ᠎ᠠ ᠮᠠᠶ᠋ᠢᠭ ᠲᠠᠢ ᠪᠠᠶᠢᠵᠦ ᠪᠠᠶᠢᠳᠠᠭ᠃
    1920 ᠤᠨ ᠡᠴᠠ 1937 ᠤᠨ ᠪᠤᠯᠲᠠᠯ᠎ᠠ ᠂ ᠤᠯᠠᠨ ᠤᠯᠤᠰ ᠤᠨ ᠵᠠᠮ ᠬᠠᠷᠢᠯᠴᠠᠭᠠᠨ  ᠤ  ᠱᠣᠭᠤᠮ ᠨᠢ 18 ᠬᠠᠪᠤᠷ ᠨᠠᠮᠤᠷ ᠢ ᠦᠩᠭᠡᠷᠡᠭᠦᠯᠦᠭᠰᠡᠨ ᠪᠠᠶᠢᠨ᠎ᠠ ᠂ ᠮᠠᠨ  ᠤ ᠨᠠᠮ  ᠤᠨ ᠡᠷᠲᠡ ᠦᠢ᠎ᠡ  ᠶ᠋ᠢᠨ ᠤᠳᠤᠷᠢᠳᠤᠭᠴᠢᠳ ᠵᠧᠦ ᠡᠸ᠋ᠨ ᠯᠠᠢ ᠂ ᠴᠢᠥᠢ ᠴᠢᠦ ᠪᠠᠶ ᠂ ᠯᠢ ᠯᠢ ᠰᠠᠨ ᠂  ᠯᠦᠸᠸ ᠵᠠᠩ ᠯᠦᠡᠭ ᠂ ᠡᠦ ᠰᠢᠸ ᠴᠢᠤᠸᠠᠨ ᠵᠡᠷᠭᠡ ᠬᠤᠪᠢᠰᠬᠠᠯᠲᠤ ᠨᠠᠮᠳᠠᠨ ᠨᠢ ᠪᠦᠷ ᠨᠢᠭᠤᠴᠠ ᠵᠠᠮ ᠬᠠᠷᠢᠯᠴᠠᠭᠠᠨ  ᠤ ᠱᠤᠭᠤᠮ  ᠢᠶᠠᠷ ᠬᠠᠯᠬᠠᠪᠴᠢ  ᠪᠤᠯᠭᠠᠨ ᠵᠥᠪᠯᠡᠯᠲᠦ ᠬᠣᠯᠪᠣᠭᠠᠲᠤ ᠤᠯᠤᠰ  ᠪᠤᠯᠤᠨ ᠤᠯᠤᠰ ᠲᠠᠭᠠᠨ ᠪᠤᠴᠠᠵᠤ  ᠢᠷᠡᠵᠦ ᠪᠠᠶᠢᠭᠰᠠᠨ ᠪᠠᠶᠢᠨ᠎ᠠ ᠃ ᠪᠦᠷᠢᠳᠬᠡᠯ  ᠢ ᠦᠨᠳᠦᠰᠦᠯᠡᠪᠡᠯ ᠂ 1931 ᠤᠨ ᠡᠴᠠ 1934 ᠤᠨ ᠤ 5 ᠰᠠᠷ᠎ᠠ ᠪᠤᠯᠲᠠᠯ᠎ᠠ ᠂ 70 ᠭᠠᠷᠤᠢ ᠨᠦᠬᠦᠷ ᠢ ᠠᠮᠤᠷ ᠲᠦᠪᠰᠢᠨ ᠢᠶ᠋ᠡᠷ ᠤᠭᠲᠤᠵᠤ ᠤᠯᠤᠰ ᠤᠨ ᠬᠢᠯᠢ ᠪᠡᠷ ᠤᠷᠤᠭᠤᠯᠵᠤ ᠭᠠᠷᠭᠠᠭᠰᠠᠨ ᠪᠠᠶᠢᠨ᠎ᠠ ᠃ ᠬᠤᠪᠢᠰᠬᠠᠯ ᠤᠨ ᠲᠦᠷᠦᠭᠦᠴᠢ ᠡᠭᠦᠨ ᠢᠶ᠋ᠡᠷ ᠦᠩᠭᠡᠷᠡᠬᠦ ᠦᠶᠡᠰ ᠂ ᠤᠷᠢᠳᠤ  ᠶ᠋ᠢᠨ ᠵᠦᠪᠯᠡᠯᠲᠦ ᠬᠤᠯᠪᠤᠭᠠᠲᠤ ᠤᠯᠤᠰ ᠡᠴᠠ ᠬᠤᠪᠢᠰᠬᠠᠯ  ᠤᠨ ᠠᠷᠢᠭᠤᠨ ᠭᠠᠯ ᠢ ᠠᠪᠴᠢᠷᠠᠵᠤ ᠂ ᠳᠤᠮᠳᠠᠳᠤ ᠤᠯᠤᠰ ᠤᠨ ᠡᠪ ᠬᠠᠮᠲᠤ ᠨᠠᠮ ᠢ ᠪᠠᠶᠢᠭᠤᠯᠤᠭᠰᠠᠨ ᠪᠠᠶᠢᠨ᠎ᠠ ᠃ ᠲᠡᠷᠡ ᠮᠥᠷᠲᠡᠭᠡᠨ ᠳᠤᠮᠳᠠᠳᠤ ᠤᠯᠤᠰ  ᠤᠨ ᠡᠪ ᠬᠠᠮᠲᠤ ᠨᠠᠮ ᠤᠨ ᠵᠢᠷᠭᠤᠳᠤᠭᠠᠷ ᠶᠡᠬᠡ ᠬᠤᠷᠠᠯ ᠮᠣᠰᠺᠸᠠ  ᠳ᠋ᠤ ᠬᠤᠷᠠᠯᠳᠤᠬᠤ ᠦᠢ᠎ᠡ  ᠳ᠋ᠤ᠂  ᠬᠤᠷᠠᠯ ᠳ᠋ᠤ ᠤᠷᠤᠯᠴᠠᠭᠰᠠᠨ  ᠲᠦᠯᠦᠭᠡᠯᠡᠭᠴᠢᠳ ᠴᠥᠮ ᠡᠭᠦᠨ ᠢᠶ᠋ᠡᠷ ᠦᠩᠭᠡᠷᠡᠭᠰᠡᠨ ᠪᠠᠶᠢᠳᠠᠭ ᠃
    1937 ᠣᠨ  ᠳ᠋ᠤ ᠂ ᠬᠠᠷᠠᠮᠦ᠋ᠷᠡᠨ ᠤ ᠠᠵᠢᠯᠲᠠᠳ ᠤᠨ ᠣᠨᠴᠠᠭᠠᠶ ᠬᠣᠷᠢᠶᠠᠨ ᠤ ᠤᠬᠠᠭᠤᠯᠬᠤ ᠬᠡᠯᠲᠡᠰ  ᠤᠨ ᠬᠠᠷᠢᠭᠤᠴᠠᠯᠭᠠᠳᠠᠨ ᠤᠷᠪᠠᠵᠤ ᠳᠠᠶᠢᠰᠤᠨ ᠳ᠋ᠤ ᠣᠷᠣᠵᠤ ᠥᠭᠭᠦᠭᠰᠡᠨ ᠡᠴᠠ ᠪᠤᠯᠵᠤ ᠂ ᠶᠠᠩ ᠶᠦᠩ ᠾᠧ ᠪᠠᠷᠢᠪᠴᠢᠯᠠᠭᠳᠠᠵᠤ ᠂ ᠮᠠᠨᠵᠤᠤᠷ ᠤᠨ ᠵᠠᠮ ᠬᠠᠷᠢᠯᠴᠠᠭᠠᠨ  ᠤ ᠦᠷᠲᠡᠭᠡ ᠪᠠ ᠵᠠᠯᠠᠶᠢᠨᠠᠭᠤᠷ ᠤᠨ ᠵᠠᠮ ᠬᠠᠷᠢᠯᠴᠠᠭᠠᠨ  ᠤ ᠦᠷᠲᠡᠭᠡ ᠨᠢ ᠤᠷᠢᠳ ᠬᠣᠵᠢᠳ ᠡᠪᠳᠡᠭᠳᠡᠨ ᠂ ᠵᠣᠩᠬᠢᠯᠠᠬᠤ ᠲᠣᠭᠠᠨ  ᠤ ᠬᠤᠯᠪᠤᠭᠠᠴᠢᠳ ᠭᠢᠨᠳᠠᠨ ᠳ᠋ᠤ ᠪᠠᠭᠠᠲᠤᠷᠯᠢᠭ  ᠢᠶᠠᠷ ᠪᠡᠶ᠎ᠡ ᠦᠷᠡᠭᠳᠡᠵᠦ᠂ ᠳᠠᠶᠢᠰᠤᠨ ᠳ᠋ᠦ ᠬᠠᠷᠭᠢᠰ ᠬᠡᠷᠴᠡᠭᠡᠶ ᠪᠡᠷ  ᠬᠤᠤᠷᠯᠠᠭᠳᠠᠨ ᠦᠭᠦᠵᠠᠢ᠃ ᠮᠠᠨᠵᠤᠤᠷ ᠤᠨ ᠤᠯᠠᠭᠠᠨ ᠦᠩᠭᠡᠲᠦ ᠤᠯᠠᠨ ᠤᠯᠤᠰ  ᠤᠨ ᠨᠢᠭᠤᠴᠠ ᠵᠠᠮ ᠬᠠᠷᠢᠯᠴᠠᠭᠠᠨ  ᠤ ᠱᠤᠭᠤᠮ ᠪᠣᠯ ᠳᠤᠮᠳᠠᠳᠤ ᠤᠯᠤᠰ  ᠤᠨ ᠬᠤᠪᠢᠰᠬᠠᠯ  ᠤᠨ ᠲᠡᠦᠬᠡᠨ ᠳᠡᠭᠡᠷᠡᠬᠢ ᠬᠠᠮᠤᠭ  ᠤᠨ ᠤᠷᠲᠤ ᠬᠤᠭᠤᠴᠠᠭ᠎ᠠ ᠣᠷᠣᠰᠢᠵᠤ  ᠪᠦᠬᠦᠢ ᠤᠯᠠᠨ ᠤᠯᠤᠰ ᠤᠨ ᠠᠵᠢᠯᠴᠢ ᠨᠡᠶᠢᠭᠡᠮᠯᠢᠭ ᠤᠨ ᠨᠢᠭᠤᠴᠠ ᠵᠠᠮ ᠬᠠᠷᠢᠯᠴᠠᠭᠠᠨ ᠤ ᠱᠤᠭᠤᠮ ᠪᠤᠯᠤᠨ᠎ᠠ ᠂ ᠮᠠᠷᠺᠰ  ᠤᠨ ᠦᠵᠡᠯ  ᠤᠨ ᠤᠯᠠᠮᠵᠢᠯᠠᠭᠳᠠᠨ ᠳᠡᠯᠭᠡᠷᠡᠬᠦ  ᠂ ᠳᠤᠮᠳᠠᠳᠤ ᠤᠯᠤᠰ  ᠤᠨ ᠡᠪ ᠬᠠᠮᠲᠤ ᠨᠠᠮ ᠬᠢᠭᠡᠳ ᠵᠥᠪᠯᠡᠯᠲᠦ ᠶ᠋ᠢᠨ ᠡᠪ ᠬᠠᠮᠲᠤ ᠨᠠᠮ  ᠪᠠ ᠡᠪ ᠬᠠᠮᠲᠤ ᠶ᠋ᠢᠨ ᠢᠨᠲ᠋ᠧᠷᠨᠠᠼᠢᠣᠨᠠᠯ  ᠤᠨ ᠬᠠᠷᠢᠴᠠᠭ᠎ᠠ ᠬᠣᠯᠪᠣᠭ᠎ᠠ ᠵᠢᠴᠢ ᠳᠤᠮᠳᠠᠳᠤ ᠤᠯᠤᠰ ᠤᠨ ᠬᠤᠪᠢᠰᠬᠠᠯ ᠤᠨ ᠢᠯᠠᠯᠲᠠ ᠳ᠋ᠤ ᠴᠥᠮ ᠪᠠᠯᠠᠷᠠᠰᠢ ᠤᠢᠭᠡᠢ ᠬᠤᠪᠢ ᠨᠡᠮᠡᠷᠢ ᠦᠵᠡᠭᠦᠯᠦᠭᠰᠡᠨ ᠶᠤᠮ ᠃ 2005 ᠣᠨ ᠳ᠋ᠤ ᠂ ᠮᠠᠨᠵᠤᠤᠷ ᠬᠣᠲᠠ ᠶ᠋ᠢᠨ ᠤᠯᠠᠭᠠᠨ ᠦᠩᠭᠡᠲᠦ ᠤᠯᠠᠨ ᠤᠯᠤᠰ ᠤᠨ ᠨᠢᠭᠤᠴᠠ ᠵᠠᠮ ᠬᠠᠷᠢᠯᠴᠠᠭᠠᠨ  ᠤ ᠱᠤᠭᠤᠮ ᠤᠨ ᠰᠤᠷᠭᠠᠨ ᠬᠥᠮᠦᠵᠢᠯ ᠤᠨ ᠰᠠᠭᠤᠷᠢᠨ ᠭᠠᠵᠠᠷ ᠨᠢ ᠪᠦᠬᠥ ᠤᠯᠤᠰ  ᠤᠨ ᠬᠤᠪᠢᠰᠬᠠᠯ ᠤᠨ ᠳᠤᠷᠠᠰᠬᠠᠯᠲᠤ ᠵᠢᠭᠤᠯᠴᠢᠯᠠᠯ  ᠤᠨ 100 ᠰᠣᠩᠭᠣᠳᠠᠭ ᠦᠵᠡᠮᠵᠢ ᠶ᠋ᠢᠨ ᠣᠷᠣᠨ ᠦ ᠨᠢᠭᠡ ᠪᠤᠯᠤᠭᠰᠠᠨ ᠪᠠᠶᠢᠨ᠎ᠠ ᠃


ᠵᠣᠬᠢᠶᠠᠭᠴᠢ:
ᠢᠷᠡᠯᠲᠡ: