ᠦᠷᠡᠭᠳᠡᠭᠰᠡᠨ ᠪᠠᠭᠠᠲᠤᠷ ᠯᠢᠦᠶ ᠮᠢᠩ ᠷᠧᠨ ᠤᠨ ᠳᠤᠷᠠᠰᠬᠠᠯ  ᠤᠨ ᠣᠷᠳᠣᠨ

  2019-01-24

ᠦᠷᠡᠭᠳᠡᠭᠰᠡᠨ ᠪᠠᠭᠠᠲᠤᠷ ᠮᠢᠩ ᠷᠧᠨ ᠤᠨ ᠳᠤᠷᠠᠰᠬᠠᠯ  ᠤᠨ ᠣᠷᠳᠣᠨ  ᠨᠢ ᠲᠦᠩᠯᠢᠶᠣᠤ ᠬᠣᠲᠠ ᠶ᠋ᠢᠨ ᠮᠢᠩ ᠷᠧᠨ ᠪᠠᠭ᠎ᠠ ᠰᠤᠷᠭᠠᠭᠤᠯᠢ ᠶ᠋ᠢᠨ ᠵᠢᠭᠠᠨ ᠰᠤᠷᠭᠠᠬᠤ ᠡᠮᠦᠨ᠎ᠡ ᠠᠰᠠᠷ ᠤᠨ ᠪᠠᠷᠠᠭᠤᠨ ᠲᠠᠯ᠎ᠠ ᠳ᠋ᠤ ᠪᠠᠶᠢᠷᠢᠰᠢᠵᠦ᠂  ᠦᠷᠡᠭᠳᠡᠭᠰᠡᠨ ᠪᠠᠭᠠᠲᠤᠷ ᠯᠢᠦᠶ ᠮᠢᠩ ᠷᠧᠨ ᠤ ᠱᠤᠭᠤᠮᠠᠯ ᠨᠢ ᠰᠤᠷᠭᠠᠭᠤᠯᠢ  ᠶ᠋ᠢᠨ ᠡᠭᠦᠳᠡᠨ ᠬᠠᠵᠠᠭᠤ ᠳᠤ ᠰᠦᠨᠳᠦᠷᠯᠡᠵᠦ ᠪᠠᠶᠢᠳᠠᠭ ᠃ ᠱᠤᠭᠤᠮᠠᠯ  ᠬᠦᠷᠦᠭ ‍ᠤᠨ ᠦᠨᠳᠦᠷ ᠨᠢ 4.5 ᠮᠧᠲ᠋ᠷ ᠂ ᠰᠠᠭᠤᠷᠢ ᠥᠨᠳᠥᠷ ᠨᠢ 2.8 ᠮᠸᠲ᠋ᠷ ᠪᠠᠶᠢᠵᠤ ᠂ ᠱᠤᠭᠤᠮᠠᠯ  ᠬᠦᠷᠦᠭ ᠨᠢ ᠰᠢᠯ ᠭᠠᠤᠯᠢᠨ ᠢᠶᠠᠷ ᠱᠤᠭᠤᠮᠠᠯᠠᠭᠳᠠᠵᠠᠢ᠃ ᠳᠤᠷᠠᠰᠬᠠᠯ  ᠤᠨ ᠣᠷᠳᠣᠨ ᠤ ᠲᠠᠯᠠᠪᠠᠢ ᠨᠢ 54 ᠳᠡᠭᠡᠭᠰᠢ ᠳᠦᠷᠪᠡᠯᠵᠢᠨ ᠮᠸᠲ᠋ᠷ ᠪᠠᠶᠢᠳᠠᠭ ᠃ 1993 ᠤᠨ ᠤ 10 ᠰᠠᠷ᠎ᠠ ᠶ᠋ᠢᠨ 22 ᠤ ᠡᠳᠦᠷ ᠂  ᠦᠷᠡᠭᠳᠡᠭᠰᠡᠨ ᠪᠠᠭᠠᠲᠤᠷ ᠯᠢᠦᠶ ᠮᠢᠩ ᠷᠧᠨ  ᠤ ᠳᠤᠷᠠᠰᠬᠠᠯ  ᠤᠨ ᠣᠷᠳᠣᠨ ᠪᠣᠯᠤᠨ ᠯᠢᠦᠶ ᠮᠢᠩ ᠷᠧᠨ ᠤ ᠱᠤᠭᠤᠮᠠᠯ ᠬᠦᠷᠦᠭ ᠢ ᠪᠠᠷᠢᠵᠤ ᠪᠤᠰᠬᠠᠪᠠ ᠃ ᠦᠷᠡᠭᠳᠡᠭᠰᠡᠨ ᠪᠠᠭᠠᠲᠤᠷ ᠤᠨ ᠡᠬᠡᠨᠡᠷ ᠳ᠋ᠢᠩ ᠰᠢᠦ ᠡᠴᠠ ᠳᠤᠷᠠᠰᠬᠠᠯ  ᠤᠨ ᠭᠠᠵᠠᠷ ᠤᠨ ᠪᠠᠷᠢᠯᠭ᠎ᠠ ᠳᠠᠭᠤᠰᠬᠤ ᠳᠣᠣᠵᠠ ᠶ᠋ᠢ ᠬᠠᠶᠢᠴᠢᠯᠠᠵᠠᠢ ᠃ ᠤᠤᠯ ᠤᠨ ᠳᠤᠮᠳᠠᠳᠤ ᠤᠯᠤᠰ ᠤᠨ ᠡᠪ ᠬᠠᠮᠲᠤ ᠨᠠᠮ  ᠤᠨ ᠲᠥᠪ ᠬᠣᠷᠢᠶᠠᠨ  ᠤ ᠵᠣᠬᠢᠶᠠᠨ ᠪᠠᠶᠢᠭᠤᠯᠬᠤ ᠬᠡᠯᠲᠡᠰ ᠤᠨ ᠳᠡᠳ᠋ ᠳᠠᠷᠤᠭ᠎ᠠ ᠽᠸᠩ ᡁᠢ ᠳᠤᠷᠠᠰᠬᠠᠯ  ᠤᠨ ᠣᠷᠳᠣᠨ ᠤ ᠨᠡᠷ᠎ᠡ ᠶ᠋ᠢ ᠪᠢᠴᠢᠭᠯᠡᠭᠰᠡᠨ ᠪᠠᠶᠢᠨ᠎ᠠ ᠃  ᠪᠦᠬᠦ ᠤᠯᠤᠰ  ᠤᠨ ᠠᠷᠠᠳ  ᠤᠨ ᠲᠥᠯᠥᠭᠡᠯᠡᠭᠴᠢᠳ ᠤᠨ ᠶᠡᠬᠡ ᠬᠤᠷᠠᠯ  ᠤᠨ ᠳᠡᠳ᠋ ᠬᠣᠷᠢᠶᠠᠨ ᠳᠠᠷᠤᠭ᠎ᠠ ᠪᠥᠬᠡ ᠡᠴᠠ ᠳᠤᠷᠠᠰᠬᠠᠯ ᠤᠨ ᠣᠷᠳᠣᠨ ᠳ᠋ᠤ ᠶᠠᠷᠢᠶ᠎ᠠ ᠲᠠᠯᠪᠢᠭᠰᠠᠨ ᠪᠠᠶᠢᠨ᠎ᠠ᠃
    ᠶᠠᠫᠣᠨ  ᠢ ᠡᠰᠡᠷᠭᠦᠴᠡᠬᠦ ᠳᠠᠶᠢᠨ ᠢᠯᠠᠯᠲᠠ ᠣᠯᠤᠭᠰᠠᠨ ᠤ ᠳᠠᠷᠠᠭ᠎ᠠ ᠂ ᠯᠢᠦᠶ ᠮᠢᠩ ᠷᠧ ᠵᠢᠷᠢᠮ ᠠᠶᠢᠮᠠᠭ ᠲᠤ ᠢᠷᠡᠵᠦ ᠠᠵᠢᠯᠯᠠᠨ᠂ ᠤᠷᠢᠳ ᠬᠣᠵᠢᠳ ᠲᠤᠰᠬᠠᠶ ᠣᠷᠣᠨ  ᠤ ᠨᠠᠮ ᠤᠨ ᠬᠣᠷᠢᠶᠠᠨ ᠤ ᠱᠦᠵᠢ ᠂ ᠴᠡᠷᠢᠭ  ᠤᠨ ᠬᠤᠪᠢᠶᠠᠷᠢ ᠲᠣᠭᠣᠷᠢᠭ ᠤᠨ ᠤᠯᠤᠰ ᠲᠦᠷᠦ ᠶ᠋ᠢᠨ ᠵᠦᠪᠯᠡᠯᠭᠡᠨ ᠦ ᠭᠡᠰᠢᠭᠦᠨ ᠂ ᠠᠶᠢᠮᠠᠭ ᠤᠨ ᠵᠠᠰᠠᠭ ᠤᠨ ᠣᠷᠳᠣᠨ ᠤ ᠳᠡᠳ᠋ ᠲᠡᠷᠢᠭᠦᠯᠡᠭᠴᠢ ᠵᠡᠷᠭᠡ ᠴᠢᠬᠤᠯᠠ ᠲᠤᠰᠢᠶᠠᠯ  ᠢ ᠡᠭᠦᠷᠭᠡᠯᠡᠵᠦ ᠪᠠᠶᠢᠪᠠ ᠃ 1947 ᠣᠨ  ᠤ 4 ᠰᠠᠷ᠎ᠠ  ᠶ᠋ᠢᠨ 12 ᠦ ᠡᠳᠦᠷ ᠂ ᠡᠭᠦᠷᠭᠡ ᠭᠦᠢᠴᠡᠳᠭᠡᠵᠤ ᠪᠠᠶᠢᠬᠤ ᠦᠶᠡᠰ ᠤᠰᠤᠨ ᠳ᠋ᠦ ᠤᠨᠠᠭᠰᠠᠨ ᠬᠠᠮᠠᠭᠠᠯᠠᠭᠴᠢ ᠪᠠᠨ ᠠᠪᠤᠷᠠᠬᠤ  ᠶ᠋ᠢᠨ ᠲᠥᠯᠥᠭᠡ ᠡᠷᠡᠯᠬᠡᠭ ᠪᠠᠭᠠᠲᠤᠷᠯᠢᠭ ᠢᠶ᠋ᠡᠷ ᠦᠷᠡᠭᠳᠡᠭᠰᠡᠨ ᠪᠠᠶᠢᠨ᠎ᠠ᠃ ᠯᠢᠦᠶ ᠮᠢᠩ ᠷᠧᠨ ᠪᠡᠶ᠎ᠡ ᠦᠷᠡᠭᠳᠡᠭᠰᠡᠨ ᠤ ᠳᠠᠷᠠᠭ᠎ᠠ ᠂ ᠯᠢᠶᠣᠤᠨᠢᠩ ᠂ ᠭᠢᠷᠢᠨ ᠮᠤᠵᠢ  ᠶ᠋ᠢᠨ ᠨᠠᠮ  ᠤᠨ ᠬᠤᠷᠢᠶᠠᠨ ᠡᠴᠠ《 ᠯᠢᠶᠥᠥ ᠵᠢᠢ ᠶ᠋ᠢᠨ ᠭᠠᠪᠢᠶᠠᠲᠤ ᠵᠢᠳᠬᠦᠯᠲᠡᠨ 》 ᠬᠡᠮᠡᠨ ᠨᠡᠭᠡᠮᠵᠢᠯᠡᠨ ᠳᠤᠷᠠᠳᠬᠠᠭᠰᠠᠨ ᠪᠠᠶᠢᠨ᠎ᠠ ᠃
    ᠲᠦᠩᠯᠢᠶᠣᠤ ᠂ ᠺᠠᠶᠢᠯᠦ ᠂  ᠨᠠᠢᠮᠠᠨ ᠵᠡᠷᠭᠡ ᠭᠠᠵᠠᠷ ᠣᠷᠣᠨ ᠯᠢᠦᠶ ᠮᠢᠩ ᠷᠧᠨ ᠤ ᠨᠡᠷ᠎ᠡ ᠪᠡᠷ ᠰᠤᠷᠭᠠᠭᠤᠯᠢ ᠂ ᠵᠡᠭᠡᠯᠢ ᠂ ᠦᠢᠯᠡᠳᠪᠦᠷᠢ ᠂ ᠡᠮᠨᠡᠯᠭᠡ ᠁  ᠵᠡᠷᠭᠡ ᠶ᠋ᠢ ᠨᠡᠷᠡᠶᠢᠳᠴᠤ ᠯᠢᠦᠶ ᠮᠢᠩ ᠷᠧᠨ ᠤ ᠨᠡᠷ᠎ᠡ ᠠᠯᠳᠠᠷ ᠪᠣᠯᠤᠨ ᠲᠡᠭᠦᠨ  ᠤ ᠪᠠᠯᠠᠷᠠᠰᠢ ᠦᠭᠡᠢ ᠭᠠᠪᠢᠶ᠎ᠠ ᠵᠢᠳᠬᠦᠯ ᠨᠢ ᠵᠢᠷᠢᠮ ᠠᠶᠢᠮᠠᠭ ᠤᠨ ᠡᠯ᠎ᠡ ᠦᠨᠳᠦᠰᠦᠲᠡᠨ ᠦ ᠠᠷᠠᠳ ᠲᠦᠮᠡᠨ  ᠤ ᠰᠡᠳᠬᠢᠯ ᠵᠢᠷᠦᠬᠡᠨ ᠳ᠋ᠤ ᠭᠦᠨ ᠬᠤᠨᠤᠭᠰᠢᠭᠰᠠᠨ ᠪᠠᠶᠢᠨ᠎ᠠ ᠃
    ᠦᠷᠡᠭᠳᠡᠭᠰᠡᠨ ᠪᠠᠭᠠᠲᠤᠷ ᠯᠢᠦᠶ ᠮᠢᠩ ᠷᠧᠨ  ᠤ ᠳᠤᠷᠠᠰᠬᠠᠯ  ᠤᠨ ᠣᠷᠳᠣᠨ  ᠨᠢ ᠨᠡᠢᠢᠳᠡ ᠳᠤᠯᠤᠭᠠᠨ ᠬᠡᠰᠡᠭ ᠪᠡᠷ ᠪᠦᠷᠢᠯᠳᠦᠵᠦ ᠂ ᠵᠢᠷᠤᠭ ᠲᠠᠶᠢᠯᠪᠦᠷᠢ ᠶ᠋ᠢᠨ ᠬᠡᠯᠪᠡᠷᠢ ᠪᠡᠷ ᠦᠷᠡᠭᠳᠡᠭᠰᠡᠨ ᠪᠠᠭᠠᠲᠤᠷ ᠤᠨ ᠠᠭᠤᠤ ᠶᠡᠭᠡ ᠂ ᠦᠩᠭᠡ ᠭᠡᠷᠡᠯ ᠪᠤᠯᠤᠨ ᠳᠠᠶᠢᠴᠢᠨ ᠨᠢᠭᠡ ᠨᠠᠰᠤ  ᠶᠢ ᠲᠡᠮᠳᠡᠭᠯᠡᠭᠰᠡᠨ ᠶᠤᠮ ᠃ ᠳᠤᠷᠠᠰᠬᠠᠯ  ᠤᠨ ᠣᠷᠳᠣᠨ ᠨᠢ ᠰᠦᠷᠯᠢᠭᠦᠨ ᠂ ᠲᠥᠪ ᠬᠢᠴᠢᠶᠡᠩᠭᠦᠶ ᠪᠠᠶᠢᠵᠦ ᠂ ᠲᠣᠭᠣᠷᠢᠨ ᠦᠵᠡᠭᠴᠢᠳ  ᠤᠨ ᠰᠡᠳᠬᠢᠯ ᠵᠢᠷᠦᠭᠡᠨ ᠳ᠋ᠦ ᠳᠤᠩᠰᠤᠯᠭᠠᠯᠲᠠ ᠶ᠋ᠢ ᠠᠪᠴᠢᠷᠠᠬᠤ ᠶ᠋ᠢᠨ ᠳᠠᠭᠠᠤ ᠤᠶᠤᠨ ᠰᠠᠨᠠᠭᠠᠨ ᠳᠡᠭᠡᠷ᠎ᠡ ᠰᠡᠩᠭᠡᠭᠡᠷᠡᠭᠦᠯᠦᠯ ᠢ ᠪᠤᠢ ᠪᠤᠯᠭᠠᠭᠰᠠᠨ ᠪᠠᠶᠢᠨ᠎ᠠ ᠃
    ᠳᠤᠷᠠᠰᠬᠠᠯ  ᠤᠨ ᠣᠷᠳᠣᠨ  ᠳ᠋ᠤ ᠪᠠᠰᠠ ᠦᠷᠡᠭᠳᠡᠭᠰᠡᠨ ᠪᠠᠭᠠᠲᠤᠷ ᠯᠢᠦᠶ ᠮᠢᠩ ᠷᠧᠨ ᠤ ᠬᠡᠰᠡᠭ ᠪᠦᠯᠦᠭ ᠦᠯᠡᠳᠡᠭᠳᠡᠯ ᠪᠤᠳᠠᠰ ᠪᠠ ᠣᠯᠠᠨ ᠬᠠᠭᠤᠳᠠᠰᠤ ᠭᠡᠷᠡᠯ ᠵᠢᠷᠤᠭ  ᠢ ᠳᠡᠯᠭᠡᠨ ᠦᠵᠡᠭᠦᠯᠵᠦ᠂  ᠲᠡᠳᠡᠭᠡᠷ ᠨᠢ ᠴᠥᠮ ᠦᠷᠡᠭᠳᠡᠭᠰᠡᠨ ᠪᠠᠭᠠᠲᠤᠷ ᠤᠨ ᠡᠬᠡᠨᠡᠷ ᠳ᠋ᠢᠩ ᠰᠢᠦ ᠪᠣᠯᠤᠨ ᠲᠡᠭᠦᠨ ᠤ ᠬᠡᠦᠬᠡᠨ ᠡᠴᠡ ᠬᠠᠨᠳᠢᠪᠯᠠᠭᠰᠠᠨ ᠪᠠᠶᠢᠳᠠᠭ ᠃
    ᠦᠷᠡᠭᠳᠡᠭᠰᠡᠨ ᠪᠠᠭᠠᠲᠤᠷ ᠯᠢᠦᠶ ᠮᠢᠩ ᠷᠧᠨ ᠤ ᠳᠤᠷᠠᠰᠬᠠᠯ ᠤᠨ ᠤᠷᠳᠤᠨ ᠤ ᠪᠠᠷᠢᠯᠭ᠎ᠠ ᠳᠠᠭᠤᠰᠤᠭᠰᠠᠨ ᠤ ᠬᠤᠶᠢᠨ᠎ᠠ ᠂ ᠬᠡᠳᠦᠨ ᠲᠦᠮᠡᠨ ᠬᠦᠮᠦᠨ ᠬᠦᠷᠦᠯᠴᠡᠨ ᠢᠷᠡᠵᠦ ᠂ ᠲᠤᠭᠤᠷᠢᠨ ᠵᠤᠭᠠᠴᠠᠬᠤ ᠶ᠋ᠢᠨ ᠳᠠᠭᠠᠤ ᠰᠤᠷᠤᠯᠴᠠᠨ᠂  ᠪᠠᠭᠠᠲᠤᠷ ᠬᠦᠮᠦᠨ ᠦ ᠠᠷᠢᠭᠤᠨ ᠰᠦᠨᠡᠰᠦ  ᠢ ᠲᠠᠶᠢᠳᠬᠤᠷᠠᠭᠤᠯᠤᠭᠰᠠᠨ ᠪᠠᠶᠢᠨ᠎ᠠ᠃ 1995 ᠣᠨ ᠳ᠋ᠤ ᠂ ᠤᠤᠯ  ᠤᠨ ᠲᠦᠩᠯᠢᠶᠣᠤ ᠬᠣᠲᠠ ᠶ᠋ᠢᠨ ᠠᠷᠠᠳ  ᠤᠨ ᠵᠠᠰᠠᠭ ᠤᠨ ᠣᠷᠳᠣᠨ ᠡᠴᠡ《 ᠦᠷᠡᠭᠳᠡᠭᠰᠡᠨ ᠪᠠᠭᠠᠲᠤᠷ ᠢᠦᠶ ᠮᠢᠩ ᠷᠧᠨ ᠤᠨ  ᠳᠤᠷᠠᠰᠬᠠᠯ  ᠤᠨ ᠣᠷᠳᠣᠨ 》  ᠢ ᠲᠦᠷᠦᠭᠦᠦ ᠪᠦᠯᠦᠭ ᠦᠨ ᠡᠬᠡ ᠣᠷᠣᠨᠴᠢ ᠦᠵᠡᠯ ᠤᠨ ᠬᠥᠮᠦᠵᠢᠯ  ᠤᠨ ᠰᠠᠭᠤᠷᠢᠨ ᠭᠠᠵᠠᠷ  ᠪᠤᠯᠭᠠᠨ ᠨᠡᠷᠡᠶᠢᠳᠴᠠᠢ᠃ 1996 ᠣᠨ ᠳ᠋ᠤ ᠂ ᠥᠪᠥᠷ ᠮᠣᠩᠭᠣᠯ  ᠤᠨ ᠥᠪᠡᠷᠲᠡᠭᠡᠨ ᠵᠠᠰᠠᠬᠤ ᠣᠷᠣᠨ ᠤ ᠠᠷᠠᠳ  ᠤᠨ ᠵᠠᠰᠠᠭ  ᠤᠨ ᠣᠷᠳᠣᠨ ᠡᠴᠠ ᠮᠦᠨ 《 ᠦᠷᠡᠭᠳᠡᠭᠰᠡᠨ ᠪᠠᠭᠠᠲᠤᠷ ᠢᠤᠢ ᠮᠢᠩ ᠷᠧᠨ ᠤᠨ ᠳᠤᠷᠠᠰᠬᠠᠯ ᠤᠨ ᠣᠷᠳᠣᠨ 》 ᠢ ᠡᠬᠡ ᠣᠷᠣᠨᠴᠢ ᠦᠵᠡᠯ  ᠤᠨ ᠬᠥᠮᠦᠵᠢᠯ  ᠤᠨ ᠰᠠᠭᠤᠷᠢᠨ ᠭᠠᠵᠠᠷ  ᠪᠤᠯᠭᠠᠨ ᠨᠡᠷᠡᠶᠢᠳᠦᠭᠰᠡᠨ ᠪᠠᠶᠢᠨ᠎ᠠ ᠃

ᠵᠣᠬᠢᠶᠠᠭᠴᠢ:
ᠢᠷᠡᠯᠲᠡ: