ᠦᠷᠡᠭᠳᠡᠭᠰᠡᠨ ᠪᠠᠭᠠᠲᠤᠷ ᠯᠢ ᠢᠦᠢ ᡁᠢ ᠤᠨ ᠳᠤᠷᠠᠰᠬᠠᠯ ᠤᠨ ᠰᠤᠪᠤᠷᠭ᠎ᠠ

ᠦᠷᠡᠭᠳᠡᠭᠰᠡᠨ ᠪᠠᠭᠠᠲᠤᠷ ᠯᠢ ᠢᠦᠢ ᡁᠢ ᠤᠨ ᠳᠤᠷᠠᠰᠬᠠᠯ ᠤᠨ ᠰᠤᠪᠤᠷᠭ᠎ᠠ ᠨᠢ ᠬᠥᠬᠡᠬᠣᠲᠠ ᠶ᠋ᠢᠨ ᠲᠣᠭᠲᠠᠬᠤ ᠰᠢᠶᠠᠨ ᠦ ᠴᠧᠩ ᠭᠤᠸᠠᠨ ᠪᠠᠯᠭᠠᠰᠤᠨ ᠳ᠋ᠦ ᠪᠠᠶᠢᠳᠠᠭ᠃ ᠯᠢ ᠢᠦᠢ ᡁᠢ (1901 ︱1927 ) ᠦᠭᠡᠷ᠎ᠡ ᠨᠡᠷ᠎ᠡ ᠨᠢ ᠪᠠᠲᠤᠷᠴᠢᠨ ᠂ ᠡᠷᠭᠦᠭᠰᠡᠨ ᠨᠡᠷ᠎ᠡ ᠨᠢ ᠷᠥᠸᠧ ᠢᠦᠢ ᠂ ᠮᠣᠩᠭᠣᠯ ᠦᠨᠳᠦᠰᠦᠲᠡᠨ ᠂ ᠬᠥᠬᠡᠬᠣᠲᠠ ᠶ᠋ᠢᠨ ᠲᠣᠭᠲᠠᠬᠤ ᠰᠢᠶᠠᠨ ᠦ ᠬᠥᠮᠦᠨ ᠃ 1918 ︱1923 ᠤᠨ ᠳ᠋ᠤ ᠤᠷᠢᠳ ᠬᠤᠵᠢᠳ ᠲᠦᠮᠡᠳ ᠤᠨ ᠳᠡᠭᠡᠳᠦ ᠵᠡᠷᠭᠡ ᠶ᠋ᠢᠨ ᠪᠠᠭ᠎ᠠ ᠰᠤᠷᠭᠠᠭᠤᠯᠢ ᠂ ᠬᠦᠢᠰᠦ᠋ᠢ ᠳᠤᠮᠳᠠᠳᠤ ᠰᠤᠷᠭᠠᠭᠤᠯᠢ ᠵᠡᠷᠭᠡ ᠰᠤᠷᠭᠠᠭᠤᠯᠢ ᠳ᠋ᠤ ᠰᠤᠷᠤᠯᠴᠠᠵᠤ ᠦᠩᠭᠡᠷᠡᠵᠠᠢ ᠃ ᠡᠭᠦᠨᠴᠢᠯᠡᠨ ᠬᠦᠢᠰᠦ᠋ᠢ ᠳᠤᠮᠳᠠᠳᠤ ᠰᠤᠷᠭᠠᠭᠤᠯᠢ ᠶ᠋ᠢᠨ ᠰᠤᠷᠤᠭᠴᠢ ᠤᠨ ᠬᠤᠷᠠᠯ ᠶ᠋ᠢᠨ ᠵᠦᠪᠯᠡᠯ ᠂ ᠭᠦᠢᠰᠦ᠋ᠢ ᠵᠢᠨ ᠰᠤᠷᠤᠭᠴᠢᠳ ᠤᠨ ᠬᠣᠯᠪᠣᠭᠠᠲᠤ ᠬᠤᠷᠠᠯ ᠤᠨ ᠭᠡᠰᠢᠭᠦᠨ ᠪᠠᠶᠢᠵᠠᠢ᠃ ᠲᠡᠷᠡ ᠪᠣᠯ ᠬᠦᠢᠰᠦ᠋ᠢ ᠶ᠋ᠢᠨ ᠬᠢᠨ ᠦ 1921 ᠣᠨ ᠳ᠋ᠦ ᠶᠠᠫᠣᠨ ᠦ ᠪᠡᠯᠡ ᠤᠷᠤᠭᠤᠯᠤᠭᠰᠠᠨ ᠴᠠᠬᠢᠯᠭᠠᠨ ᠳ᠋ᠧᠩ ᠦᠨ ᠺᠤᠮᠫᠠᠨᠢ ᠶ᠋ᠢ ᠡᠪᠳᠡᠨ ᠰᠦᠢᠷᠡᠭᠦᠯᠬᠦ ᠪᠤᠯᠤᠨ 1923 ᠣᠨ ᠳ᠋ᠤ ᠶᠠᠫᠣᠨ ᠤ ᠪᠠᠷᠠᠭ᠎ᠠ ᠶ᠋ᠢ ᠬᠣᠷᠢᠭᠯᠠᠬᠤ ᠬᠦᠳᠡᠯᠭᠡᠭᠡᠨ ᠦ ᠭᠤᠤᠯᠯᠠᠬᠤ ᠵᠤᠬᠢᠶᠠᠨ ᠪᠠᠶᠢᠭᠤᠯᠤᠭᠴᠢ ᠪᠤᠯᠤᠨ᠎ᠠ᠃ 1923 ᠣᠨ ᠤ ᠨᠠᠮᠤᠷ ᠂ ᠪᠡᠭᠡᠵᠢᠩ ᠤᠨ ᠮᠣᠩᠭᠣᠯ ᠲᠥᠪᠡᠳ ᠤᠨ ᠰᠤᠷᠭᠠᠭᠤᠯᠢ ᠳ᠋ᠤ ᠰᠤᠷᠤᠯᠴᠠᠪᠠ ᠃ 1924 ᠣᠨ ᠤ ᠡᠬᠢ ᠪᠡᠷ ᠂ ᠳᠤᠮᠳᠠᠳᠤ ᠤᠯᠤᠰ ᠤᠨ ᠨᠡᠶᠢᠭᠡᠮ ᠵᠢᠷᠤᠮᠲᠤ ᠵᠠᠯᠠᠭᠤᠴᠤᠳ ᠤᠨ ᠡᠪᠯᠡᠯ ᠳ᠋ᠦ ᠤᠷᠤᠵᠤ᠂ ᠬᠤᠵᠢᠮ ᠨᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠪᠤᠯᠤᠨ ᠂ ᠬᠠᠮᠤᠭ ᠠᠩᠬ᠎ᠠ ᠦ ᠮᠤᠩᠭᠤᠯ ᠦᠨᠳᠦᠰᠦᠲᠡᠨ ᠦ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠦ ᠨᠢᠭᠡ ᠪᠤᠯᠤᠭᠰᠠᠨ ᠪᠠᠶᠢᠨ᠎ᠠ ᠃ 1925 ᠤᠨ ᠤ ᠡᠬᠢᠨ ᠢᠶ᠋ᠡᠷ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠶ᠋ᠢᠨ ᠬᠣᠷᠢᠶ᠎ᠠ ᠶ᠋ᠢᠨ ᠲᠤᠮᠢᠯᠠᠭᠠ ᠪᠠᠷ ᠪᠤᠭᠤᠲᠤ ᠳᠤ ᠬᠦᠷᠴᠦ ᠠᠵᠢᠯ ᠢᠶᠡᠨ ᠦᠷᠨᠢᠭᠦᠯᠦᠨ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠪᠤᠭᠤᠲᠤ ᠳ᠋ᠠᠬᠢ ᠠᠵᠢᠯᠯᠠᠬᠤ ᠺᠣᠮᠢᠰ ᠤᠨ ᠬᠠᠷᠢᠭᠤᠴᠠᠯᠭᠠᠲᠠᠨ ᠪᠤᠯᠵᠤ ᠂ ᠮᠢᠩᠭ᠎ᠠ ᠭᠠᠷᠤᠢ ᠬᠦᠮᠦᠨ ᠦ ᠤᠷᠤᠯᠴᠠᠭᠰᠠᠨ ᠨᠡᠭᠦᠷᠡᠰᠦᠨ ᠠᠭᠤᠷᠬᠠᠢ ᠶ᠋ᠢᠨ ᠠᠵᠢᠯᠲᠠᠳ ᠤᠨ ᠠᠵᠢᠯ ᠬᠠᠶᠠᠯᠲᠠ ᠶ᠋ᠢ ᠠᠮᠵᠢᠯᠲᠠ ᠲᠠᠢ ᠳᠠᠶᠢᠴᠢᠯᠠᠭᠰᠠᠨ ᠪᠠᠶᠢᠨ᠎ᠠ ᠃ ᠡᠭᠦᠨ ᠦ ᠳᠠᠷᠠᠭ᠎ᠠ ᠪᠠᠷ ᠰᠠᠭᠠᠯᠢᠴᠢᠨ ᠵᠡᠷᠭᠡ ᠭᠠᠵᠠᠷ ᠤᠨ ᠲᠠᠷᠢᠶᠠᠴᠢᠨ ᠤ ᠨᠡᠶᠢᠭᠡᠮᠯᠢᠭ ᠢ ᠪᠠᠶᠢᠭᠤᠯᠤᠭᠰᠠᠨ ᠪᠠᠶᠢᠨ᠎ᠠ ᠃ ᠲᠤᠰ ᠵᠢᠯ ᠤᠨ 10 ᠰᠠᠷ᠎ᠠ ᠳ᠋ᠤ ᠂ ᠨᠠᠮ ᠤᠨ ᠬᠠᠷᠢᠭᠤᠴᠠᠯᠭᠠᠲᠠᠨ ᠯᠢ ᠳ᠋ᠡ ᠵᠤᠤ ᠶ᠋ᠢᠨ ᠵᠢᠭᠠᠪᠤᠷᠢ ᠳᠤᠤᠷ᠎ᠠ ᠂ ᠥᠪᠥᠷ ᠮᠣᠩᠭᠣᠯ ᠤᠨ ᠠᠷᠠᠳ ᠤᠨ ᠬᠤᠪᠢᠰᠬᠠᠯᠲᠤ ᠨᠠᠮ ᠤᠨ ᠠᠩᠬᠠᠳᠤᠭᠠᠷ ᠤᠳᠠᠭᠠᠨ ᠤ ᠲᠥᠯᠥᠭᠡᠯᠡᠭᠴᠢᠳ ᠤᠨ ᠶᠡᠬᠡ ᠬᠤᠷᠠᠯ ᠳ᠋ᠤ ᠤᠷᠤᠯᠴᠠᠵᠤ᠂ ᠲᠤᠰ ᠨᠠᠮ ᠳ᠋ᠤ ᠤᠷᠤᠯᠴᠠᠭᠰᠠᠨ ᠪᠠᠷ ᠪᠠᠷᠠᠬᠤ ᠦᠭᠡᠢ ᠨᠠᠮ ᠤᠨ ᠲᠥᠪ ᠬᠣᠷᠢᠶᠠᠨ ᠦ ᠤᠷᠤᠯᠠᠭᠴᠢ ᠭᠦᠢᠴᠡᠳᠬᠡᠬᠦ ᠭᠡᠰᠢᠭᠦᠨ ᠢᠶᠠᠷ ᠰᠣᠩᠭᠣᠭᠳᠠᠪᠠ ᠃ 1926 ᠣᠨ ᠤ ᠡᠬᠢ ᠪᠡᠷ ᠂ ᠭᠤᠸᠠᠩᠵᠧᠦ ᠳ᠋ᠤ ᠬᠦᠷᠴᠤ ᠳᠤᠮᠳᠠᠳᠤ ᠤᠯᠤᠰ ᠤᠨ ᠭᠣᠮᠢᠨᠳᠠᠩ ᠤᠨ ᠬᠣᠶᠠᠳᠤᠭᠠᠷ ᠤᠳᠠᠭᠠᠨ ᠤ ᠲᠥᠯᠥᠭᠡᠯᠡᠭᠴᠢᠳ ᠤᠨ ᠶᠡᠬᠡ ᠬᠤᠷᠠᠯ ᠳ᠋ᠤ ᠤᠷᠤᠯᠴᠠᠪᠠ ᠃ ᠲᠤᠰ ᠵᠢᠯ ᠤᠨ ᠨᠠᠮᠤᠷ ᠂ ᠥᠪᠥᠷ ᠮᠣᠩᠭᠣᠯ ᠤᠨ ᠠᠷᠠᠳ ᠤᠨ ᠬᠤᠪᠢᠰᠬᠠᠯᠲᠤ ᠴᠡᠷᠢᠭ ᠪᠠᠶᠢᠭᠤᠯᠤᠭᠳᠠᠵᠤ᠂ ᠳᠡᠳ᠋ ᠶᠡᠷᠦᠩᠬᠡᠢ ᠵᠢᠯᠤᠭᠤᠳᠤᠭᠴᠢ ᠪᠡᠷ ᠲᠤᠮᠢᠯᠠᠭᠳᠠᠨ᠂ ᠹᠸᠩ ᠢᠦᠢ ᠰᠢᠶᠠᠩ ᠢ ᠬᠠᠮᠵᠢᠨ ᠱᠠᠨᠰᠢ ᠮᠤᠵᠢ ᠶ᠋ᠢᠨ ᠪᠠᠶᠢᠯᠳᠤᠭᠠᠨ ᠢ ᠬᠢᠭᠰᠡᠨ ᠪᠠᠶᠢᠨ᠎ᠠ ᠃ 1927 ᠣᠨ ᠤ 10 ᠰᠠᠷ᠎ᠠ ᠶ᠋ᠢᠨ ᠡᠬᠢ ᠪᠡᠷ ᠂ ᠥᠪᠥᠷ ᠮᠣᠩᠭᠣᠯ ᠤᠨ ᠠᠷᠠᠳ ᠤᠨ ᠬᠤᠪᠢᠰᠬᠠᠯᠲᠤ ᠴᠡᠷᠢᠭ ᠤᠨ ᠮᠣᠷᠢᠲᠤ ᠴᠡᠷᠢᠭ ᠤᠨ ᠲᠤᠰᠠᠭᠠᠷ ᠪᠠᠷᠢᠭᠠᠳᠠ ᠶ᠋ᠢᠨ ᠨᠢᠭᠡ ᠂ ᠬᠣᠶᠠᠳᠤᠭᠠᠷ ᠪᠠᠲ᠋ᠯᠢᠶᠣᠨ ᠢ ᠤᠳᠤᠷᠢᠳᠤᠨ ᠶᠡᠬᠡ ᠵᠤᠤ ᠠᠶᠢᠮᠠᠭ ᠤᠨ ᠦᠦᠰᠢᠨ ᠬᠣᠰᠢᠭᠤ ᠳ᠋ᠤ ᠬᠦᠷᠴᠤ ᠂ ᠮᠤᠤᠠᠤᠰᠤ ᠡᠯᠡᠰᠦᠨ ᠴᠥᠯ ᠢ ᠥᠩᠭᠡᠷᠡᠬᠦ ᠶᠠᠪᠤᠴᠠ ᠳ᠋ᠤ ᠪᠡᠨ ᠤᠷᠪᠠᠭᠴᠢ ᠳᠤ ᠠᠵᠠ ᠪᠤᠰᠤ ᠪᠠᠷ ᠬᠣᠣᠷᠯᠠᠭᠳᠠᠨ ᠠᠯᠠᠭᠳᠠᠭᠰᠠᠨ ᠪᠠᠶᠢᠨ᠎ᠠ ᠃
ᠦᠷᠡᠭᠳᠡᠭᠰᠡᠨ ᠪᠠᠭᠠᠲᠤᠷ ᠯᠢ ᠢᠦᠢ ᡁᠢ ᠶ᠋ᠢ ᠳᠤᠷᠠᠰᠬᠠᠬᠤ ᠶ᠋ᠢᠨ ᠲᠦᠯᠦᠭᠡ ᠂ ᠲᠣᠭᠲᠠᠬᠤ ᠰᠢᠶᠠᠨ ᠤ ᠠᠷᠠᠳ ᠤᠨ ᠵᠠᠰᠠᠭ ᠤᠨ ᠣᠷᠳᠣᠨ ᠨᠢ ᠴᠢᠯᠥᠭᠡᠯᠡᠭᠳᠡᠭᠰᠡᠨ ᠤ ᠳᠠᠷᠠᠭ᠎ᠠ ᠯᠢ ᠢᠦᠢ ᡁᠢ ᠶ᠋ᠢᠨ ᠨᠤᠲᠤᠭ ᠲᠤ ᠦᠷᠡᠭᠳᠡᠭᠰᠡᠨ ᠪᠠᠭᠠᠲᠤᠷ ᠤᠨ ᠳᠤᠷᠠᠰᠬᠠᠯ ᠤᠨ ᠰᠤᠪᠤᠷᠭ᠎ᠠ ᠢ ᠪᠠᠶᠢᠭᠤᠯᠵᠠᠢ ᠃ ᠳᠤᠷᠠᠰᠬᠠᠯ ᠤᠨ ᠰᠤᠪᠤᠷᠭ᠎ᠠ ᠨᠢ ᠦᠨᠳᠦᠷ ᠢᠶ᠋ᠡᠷ ᠢᠶ᠋ᠡᠨ 15.5 ᠮᠧᠲ᠋ᠷ ᠪᠠᠶᠢᠵᠦ ᠂ 1000 ᠳᠡᠭᠡᠭᠰᠢ ᠳᠦᠷᠪᠡᠯᠵᠢᠨ ᠮᠸᠲ᠋ᠷ ᠭᠠᠵᠠᠷ ᠡᠵᠡᠯᠡᠨ ᠂ ᠪᠠᠷᠢᠯᠭ᠎ᠠ ᠶ᠋ᠢᠨ ᠲᠠᠯᠠᠪᠠᠢ ᠨᠢ 900 ᠳᠡᠭᠡᠭᠰᠢ ᠳᠦᠷᠪᠡᠯᠵᠢᠨ ᠮᠸᠲ᠋ᠷ ᠪᠤᠯᠤᠨ᠎ᠠ ᠃ ᠰᠤᠪᠤᠷᠭ᠎ᠠ ᠳᠡᠭᠡᠷ᠎ᠡ ᠤᠯᠤᠰ ᠤᠨ ᠤᠳᠤᠷᠢᠳᠤᠭᠴᠢ ᠤᠯᠠᠭᠠᠨᠬᠦᠦ ᠨᠥᠬᠥᠷ ᠤᠨ《 ᠦᠷᠡᠭᠳᠡᠭᠰᠡᠨ ᠪᠠᠭᠠᠲᠤᠷ ᠯᠢ ᠢᠦᠢ ᡁᠢ ᠥᠨᠢᠳᠡ ᠪᠠᠯᠠᠷᠠᠰᠢ ᠦᠭᠡᠢ》 ᠬᠡᠮᠡᠬᠦ ᠪᠢᠴᠢᠭᠡᠰᠦ ᠰᠡᠶᠢᠯᠦᠭᠡᠰᠦᠲᠠᠢ ᠪᠠᠶᠢᠳᠠᠭ ᠃ ᠣᠳᠣ ᠨᠢᠭᠡᠨᠲᠡ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠤᠷᠤᠨ ᠤ ᠳᠡᠰ ᠦᠨ ᠲᠡᠦᠬᠡ ᠶ᠋ᠢᠨ ᠳᠤᠷᠠᠰᠬᠠᠯᠲᠤ ᠵᠦᠢᠯ ᠢ ᠬᠠᠮᠠᠭᠠᠯᠠᠬᠤ ᠭᠣᠣᠯᠳᠠᠯᠭ᠎ᠠ ᠲᠠᠶ ᠨᠢᠭᠡᠴᠢ ᠪᠤᠯᠵᠠᠢ ᠃