ᠾᠧ ᠯᠦᠩ ᠤᠨ ᠬᠤᠪᠢᠰᠬᠠᠯ ᠤᠨ ᠠᠵᠢᠯᠯᠠᠭ᠎ᠠ ᠶᠢᠨ ᠳᠤᠷᠠᠰᠬᠠᠯ  ᠤᠨ ᠣᠷᠳᠣᠨ

  2019-01-22

    ᠾᠧ ᠯᠦᠩ ᠤᠨ ᠬᠤᠪᠢᠰᠬᠠᠯ  ᠤᠨ ᠠᠵᠢᠯᠯᠠᠭ᠎ᠠ ᠶᠢᠨ ᠳᠤᠷᠠᠰᠬᠠᠯ ᠤᠨ ᠣᠷᠳᠣᠨ ᠨᠢ ᠤᠯᠠᠭᠠᠨᠴᠠᠪ ᠬᠣᠲᠠ ᠶ᠋ᠢᠨ ᠯᠢᠶᠠᠩᠴᠧᠩ ᠰᠢᠶᠠᠨ ᠡᠴᠡ ᠡᠮᠦᠨᠡᠰᠢ ᠪᠠᠷᠤᠭ 2.5 ᠺᠢᠯᠣᠮᠧᠲ᠋ᠷ ᠵᠠᠶᠢᠲᠠᠢ ᠵᠢᠩ ᠭᠧᠤ ᠽᠢ ᠳᠤᠭᠠᠩ ᠤᠨ ᠳᠣᠲᠣᠷ᠎ᠠ ᠪᠠᠶᠢᠵᠦ ᠂  ᠪᠦᠬᠦᠶᠢᠯᠡ ᠪᠠᠷᠢᠯᠭ᠎ᠠ ᠨᠢ ᠡᠷᠲᠡᠨ ᠦ ᠤᠷᠠᠯᠠᠯ  ᠪᠠᠶᠢᠵᠦ ᠂  ᠡᠷᠭᠢᠨ ᠲᠣᠭᠣᠷᠢᠨ ᠨᠢ ᠲᠠᠶᠢᠪᠤᠭᠤᠨ ᠮᠦᠷᠲᠡᠭᠡᠨ ᠬᠦᠷᠢᠶᠡᠯᠡᠩ ᠳᠤᠲᠤᠷ᠎ᠠ ᠤᠷᠭᠤᠮᠠᠯ ᠴᠡᠴᠡᠭ ᠢᠭᠴᠤ ᠤᠷᠭᠤᠨ ᠂ ᠨᠠᠷᠠᠰᠤ ᠮᠠᠶᠢᠯᠠᠰᠤ ᠬᠥᠬᠡᠷᠡᠨ ᠨᠤᠭᠤᠭᠠᠷᠠᠭᠰᠠᠨ ᠪᠠᠶᠢᠳᠠᠭ ᠃ ᠬᠠᠭᠤᠴᠢᠨ ᠪᠠᠭᠤᠷᠢ ᠨᠢ ᠭᠤᠷᠪᠠᠨ  ᠦᠵᠡᠭᠦᠯᠦᠯᠭᠡ ᠶ᠋ᠢᠨ ᠲᠠᠰᠤᠭ  ᠲᠠᠢ ᠪᠠᠶᠢᠵᠦ ᠂ ᠭᠤᠤᠯᠳᠠᠭᠤ ᠾᠧ ᠯᠦᠩ ᠤᠨ ᠲᠤᠬᠠᠢ ᠶ᠋ᠢᠨ ᠦᠶ᠎ᠡ ᠳ᠋ᠦ ᠬᠡᠷᠡᠭᠯᠡᠵᠦ ᠦᠩᠭᠡᠷᠡᠭᠰᠡᠨ ᠠᠯᠪᠠᠨ ᠠᠵᠢᠯ ᠦᠨ ᠡᠳ᠋ ᠬᠡᠷᠡᠭᠰᠡᠯ ᠂ ᠠᠮᠢᠳᠤᠷᠠᠯ ᠤᠨ ᠡᠳ᠋ ᠬᠡᠷᠡᠭᠰᠡᠯ  ᠬᠢᠭᠡᠳ ᠬᠤᠪᠢᠰᠬᠠᠯ ᠤᠨ ᠠᠵᠢᠯᠯᠠᠭ᠎ᠠ ᠶ᠋ᠢᠨ ᠭᠡᠷᠡᠯ ᠵᠢᠷᠤᠭ ᠵᠡᠷᠭᠡ ᠬᠤᠪᠢᠰᠬᠠᠯ ᠤᠨ ᠲᠡᠦᠬᠡᠨ ᠪᠤᠳᠠᠰ ᠢ ᠳᠡᠯᠭᠡᠨ ᠦᠵᠡᠭᠦᠯᠵᠦ ᠂ ᠾᠧ ᠯᠦᠩ ᠨᠦᠬᠦᠷ ᠦᠨ ᠯᠢᠶᠠᠩᠴᠸᠩ ᠳ᠋ᠤ ᠪᠠᠶᠢᠬᠤ ᠬᠤᠭᠤᠴᠠᠭᠠᠨ ᠳ᠋ᠠᠬᠢ ᠠᠭᠤᠤ ᠭᠠᠪᠢᠶ᠎ᠠ  ᠶ᠋ᠢ ᠠᠮᠢᠳᠤᠯᠢᠭ ᠢᠶᠠᠷ ᠳᠡᠯᠭᠡᠨ ᠬᠠᠷᠠᠭᠤᠯᠤᠭᠰᠠᠨ ᠪᠠᠶᠢᠳᠠᠭ ᠃
    ᠶᠡᠫᠤᠨ ᠢ ᠡᠰᠡᠷᠭᠦᠴᠡᠬᠦ ᠳᠠᠶᠢᠨ ᠤ ᠦᠶ᠎ᠡ ᠳ᠋ᠦ ᠂ ᠾᠧ ᠯᠦᠩ ᠨᠥᠬᠥᠷ ᠶᠢᠨ ᠨᠠᠢᠮᠠᠳᠤᠭᠠᠷ ᠵᠠᠮ ᠤᠨ ᠴᠡᠷᠢᠭ ᠤᠨ ᠵᠠᠭᠤ ᠬᠣᠷᠢᠳᠤᠭᠠᠷ ᠳ᠋ᠢᠸᠢᠽ ᠶ᠋ᠢ ᠳᠠᠭᠠᠭᠤᠯᠤᠨ ᠯᠢᠶᠠᠩᠴᠧᠩ ᠰᠢᠶᠠᠨ  ᠤ ᠠᠷᠠᠳ ᠤᠯᠠᠨ ᠢ ᠤᠳᠤᠷᠢᠳᠤᠨ ᠡᠷᠡᠯᠬᠡᠭ ᠪᠠᠭᠠᠲᠤᠷᠯᠢᠭ  ᠢᠶᠠᠷ ᠶᠠᠫᠣᠨ ᠢ ᠡᠰᠡᠷᠭᠦᠴᠡᠨ᠂ ᠤᠷᠢᠳ ᠬᠣᠵᠢᠳ ᠮᠠ ᠳᠧᠦ ᠱᠠᠨ ᠂  ᠮᠠᠨ ᠬᠠᠨ ᠱᠠᠨ ᠵᠡᠷᠭᠡ ᠭᠠᠵᠠᠷ ᠲᠤ ᠶᠠᠫᠣᠨ ᠢ ᠡᠰᠡᠷᠭᠦᠴᠡᠬᠦ ᠫᠠᠷᠲ᠋ᠢᠽᠠᠨ ᠠᠩᠭᠢ ᠶ᠋ᠢᠨ ᠰᠠᠭᠤᠷᠢᠨ ᠭᠠᠵᠠᠷ  ᠢ ᠪᠠᠶᠢᠭᠤᠯᠤᠭᠰᠠᠨ ᠶᠤᠮ᠃ 1945 ᠣᠨ  ᠤ 8 ᠰᠠᠷ᠎ᠠ ᠳ᠋ᠤ ᠂ ᠾᠧ ᠯᠦ᠋ᠡᠭ ᠤᠨ ᠴᠡᠷᠢᠭ ᠠᠩᠬᠢ ᠤᠨ  ᠱᠠᠨ ᠰᠢ ︱ ᠰᠦᠢᠶᠤᠸᠠᠨ  ᠤ ᠪᠡᠶ᠎ᠡ ᠪᠡᠨ ᠳᠠᠭᠠᠭᠠᠭᠰᠠᠨ ᠬᠤᠶᠠᠷ ᠪᠠᠷᠢᠭᠠᠳᠠ ᠨᠢ ᠰᠢᠦᠢ ᠭᠤᠸᠠᠩ ᠳ᠋ᠠ ᠂ ᠰᠦᠨ ᡁᠢ ᠴᠤᠤ ᠨᠥᠬᠥᠷ ᠤᠨ ᠤᠳᠤᠷᠢᠳᠤᠯᠭ᠎ᠠ ᠶ᠋ᠢᠨ ᠳᠣᠣᠷ᠎ᠠ ᠂ ᠯᠢᠶᠠᠩᠴᠧᠩ ᠵᠢᠴᠢ ᠰᠢᠨ ᠳᠠᠩ ᠢ ᠳᠠᠭᠠᠷᠢᠨ ᠡᠵᠡᠯᠡᠭᠰᠡᠨ ᠶᠤᠮ ᠃ 9 ᠰᠠᠷ᠎ᠠ  ᠳ᠋ᠤ ᠂ ᠭᠣᠮᠢᠨᠳᠠᠩ ᠤᠨ ᠴᠡᠷᠢᠭ  ᠨᠢ ᠳᠠᠭᠠᠷᠢᠯᠲᠠ ᠶᠠᠪᠤᠭᠤᠯᠬᠤ ᠪᠠᠷ ᠳᠠᠮᠵᠢᠨ ᠮᠠᠨ  ᠤ ᠴᠡᠷᠢᠭ ᠤᠨ ᠨᠢᠭᠡᠨᠲᠡ ᠴᠢᠯᠦᠭᠡᠯᠡᠭᠰᠡᠨ ᠴᠢᠩ ᠱᠦᠢ ᠾᠧ ᠂ ᠯᠢᠶᠠᠩᠴᠧᠩ ᠂ ᠵᠢᠨᠢᠩ ᠵᠡᠷᠭᠡ ᠭᠠᠵᠠᠷ ᠬᠢᠭᠡᠳ ᠫᠢᠩ ︱ ᠰᠦᠢ ᠲᠡᠮᠦᠷ ᠵᠠᠮ ᠢ  ᠳᠠᠭᠠᠭᠠᠭᠰᠠᠨ ᠴᠢᠬᠤᠯᠠ ᠲᠣᠰᠬᠣᠨ ᠪᠠᠯᠭᠠᠰᠤ  ᠶ᠋ᠢ ᠡᠵᠡᠯᠡᠨ ᠠᠪᠤᠭᠰᠠᠨ ᠪᠠᠶᠢᠨ᠎ᠠ᠃ 10  ᠰᠠᠷ᠎ᠠ ᠶ᠋ᠢᠨ 9  ᠦ ᠡᠳᠦᠷ ᠂ ᠠᠷᠠᠳ  ᠤᠨ ᠴᠢᠯᠥᠭᠡᠯᠡᠬᠦ ᠴᠡᠷᠢᠭ ᠡᠴᠠ ᠭᠣᠮᠢᠨᠳᠠᠩ  ᠤᠨ ᠲᠡᠷᠰᠯᠡᠭᠦᠴᠦᠳ ᠤᠨ ᠴᠢᠯᠦᠭᠡᠯᠡᠭᠳᠡᠭᠰᠡᠨ ᠤᠷᠤᠨ ᠳ᠋ᠤ ᠳᠠᠭᠠᠷᠢᠯᠲᠠ  ᠶᠠᠪᠤᠭᠤᠯᠤᠭᠰᠠᠨ ᠳ᠋ᠤ ᠭᠡᠳᠡᠷᠬᠦ ᠳᠠᠭᠠᠷᠢᠯᠲᠠ ᠬᠢᠵᠦ ᠂ ᠭᠣᠮᠢᠨᠳᠠᠩ ᠤᠨ ᠰᠦᠢᠶᠤᠸᠠᠨ ᠣᠷᠣᠨ  ᠤ ᠬᠠᠷᠠᠩᠭᠤᠶ ᠨᠣᠶᠠᠷᠬᠠᠯ ᠢ  ᠪᠤᠳᠠ ᠨᠢᠷᠭᠢᠵᠦ ᠂ ᠰᠦᠢ ᠪᠦᠦ ᠶ᠋ᠢᠨ ᠳᠠᠶᠢᠯᠠᠯᠳᠤᠭᠠᠨ ᠶ᠋ᠢ ᠥᠷᠨᠢᠭᠦᠯᠦᠭᠰᠡᠨ ᠶᠤᠮ ᠃ ᠠᠷᠠᠳ ᠤᠨ ᠴᠢᠯᠥᠭᠡᠯᠡᠬᠦ  ᠴᠡᠷᠢᠭ ᠨᠢ ᠨᠢᠶᠸ ᠷᠦᠩ ᠵᠧᠨ ᠂ ᠾᠧ ᠯᠦ᠋ᠡᠭ ᠰᠧᠯᠢᠩᠶᠤᠸᠠᠨ ᠤ ᠵᠢᠯᠤᠭᠤᠳᠤᠯᠭ᠎ᠠ ᠶ᠋ᠢᠨ ᠳᠣᠣᠷ᠎ᠠ ᠂ ᠴᠡᠷᠢᠭ ᠨᠢ  ᠬᠣᠶᠠᠷ ᠵᠠᠮ  ᠪᠤᠯᠤᠨ ᠬᠤᠪᠢᠶᠠᠭᠳᠠᠵᠤ ᠪᠠᠷᠠᠭᠤᠨᠰᠢ ᠭᠠᠪᠰᠢᠭᠠᠶᠢᠯᠠᠨ  ᠳᠠᠭᠠᠷᠢᠵᠦ᠂ ᠳᠠᠶᠢᠰᠤᠨ  ᠢ ᠬᠠᠪᠴᠢᠨ  ᠴᠤᠬᠢᠭᠰᠠᠨ ᠪᠠᠶᠢᠨ᠎ᠠ ᠃  ᠡᠭᠦᠨ ᠤ  ᠳᠤᠲᠤᠷᠠᠬᠢ ᠨᠢᠭᠡ ᠵᠠᠮ ᠤᠨ ᠴᠡᠷᠢᠭ  ᠨᠢ ᠾᠧ ᠯᠦᠩ ᠰᠧᠯᠢᠩᠶᠤᠸᠠᠨ ᠂ ᠯᠢ ᠵᠢᠩ ᠴᠢᠤᠸᠠᠨ ᠤᠯᠤᠰ ᠲᠦ᠋ᠷᠦ ᠶ᠋ᠢᠨ ᠵᠦᠪᠯᠡᠭᠴᠢ ᠂ ᠵᠠᠩ ᠵᠢᠩ ᠡᠦ ᠱᠲ᠋ᠠᠪ ᠤᠨ ᠳᠠᠷᠤᠭ᠎ᠠ ᠶ᠋ᠢᠨ ᠵᠢᠯᠣᠭᠣᠳᠴᠤ ᠪᠠᠶᠢᠭᠰᠠᠨ ᠱᠠᠨ ᠰᠢ ︱ ᠰᠦᠢᠶᠤᠸᠠᠨ  ᠦ ᠬᠡᠭᠡᠷᠡᠯᠡᠨ ᠪᠠᠶᠢᠯᠳᠤᠭᠠᠨ ᠳᠤᠮᠳᠠ ᠱᠠᠨ ᠰᠢ  ᠶ᠋ᠢᠨ ᠬᠣᠶᠢᠲᠤ ᠬᠡᠰᠡᠭ  ᠤᠨ ᠽᠦᠸᠸ ᠶᠦᠨ ᠡᠴᠡ ᠤᠷᠲᠤ ᠴᠠᠭᠠᠨ ᠬᠡᠷᠡᠮ ᠤᠷᠤᠭᠤ ᠰᠢᠭᠤᠳ ᠦᠩᠭᠡᠷᠡᠨ ᠭᠠᠷᠴᠤ᠂ ᠤᠷᠢᠳ ᠬᠣᠵᠢᠳ ᠯᠢᠶᠠᠩᠴᠧᠩ ᠪᠠ ᠰᠢᠨ ᠳᠠᠩ ᠢ ᠴᠢᠯᠦᠭᠡᠯᠡᠭᠰᠡᠨ ᠪᠠᠶᠢᠨ᠎ᠠ ᠃  ᠰᠢᠨ ᠳᠠᠩ ᠤᠨ ᠪᠠᠶᠢᠯᠳᠤᠭᠠᠨ ᠤ ᠳᠤᠮᠳᠠ ᠂ ᠳᠠᠶᠢᠰᠤᠨ ᠤ ᠴᠡᠷᠢᠭ ᠢ 800 ᠭᠠᠷᠤᠶ ᠤᠰᠠᠳᠬᠠᠵᠠᠢ ᠃  ᠡᠭᠦᠨ ᠦ ᠳᠠᠷᠠᠭ᠎ᠠ ᠂ ᠾᠧ ᠯᠦ᠋ᠡᠭ ᠰᠧᠯᠢᠩ ᠪᠣᠯᠤᠨ ᠯᠢ ᠵᠢᠩ ᠴᠢᠤᠸᠠᠨ ᠺᠣᠮᠢᠰᠰᠠᠷ ᠨᠠᠷ ᠰᠢᠨ ᠳᠠᠩ ᠳ᠋ᠤ ᠨᠢᠭᠡ ᠬᠤᠨᠤᠭᠯᠠᠵᠤ ᠵᠦᠸ᠋ᠸ᠋ᠽᠢ  ᠶᠢᠨ ᠠᠭᠤᠯᠠ ᠶ᠋ᠢ ᠳᠠᠭᠠᠷᠢᠨ ᠴᠤᠬᠢᠵᠦ ᠠᠪᠬᠤ ᠪᠠᠶᠢᠳᠤᠯᠭᠠᠨ ᠤ ᠲᠦᠷᠦ ᠶ᠋ᠢᠨ ᠪᠤᠳᠤᠯᠭ᠎ᠠ ᠶ᠋ᠢᠨ ᠪᠠᠶᠢᠷᠠᠭᠤᠯᠤᠯᠲᠠ ᠢᠶᠡᠨ ᠲᠤᠭᠲᠠᠭᠠᠭᠰᠠᠨ ᠪᠠᠶᠢᠨ᠎ᠠ᠃ 10 ᠰᠠᠷ᠎ᠠ  ᠶ᠋ᠢᠨ 25  ᠦ ᠡᠳᠦᠷ ᠂ ᠵᠦᠸ᠋ᠸ᠋ᠽᠢ ᠠᠭᠤᠯᠠ ᠶ᠋ᠢ ᠨᠢᠭᠡ ᠯᠡ ᠳᠡᠭᠡᠷ᠎ᠡ ᠴᠢᠯᠦᠭᠡᠯᠡᠵᠠᠢ ᠃ 12 ᠰᠠᠷ᠎ᠠ ᠶ᠋ᠢᠨ ᠳᠤᠮᠳᠠᠴᠢ ᠪᠠᠷ ᠂ ᠾᠧ ᠯᠦ᠋ᠡᠭ ᠰᠧᠯᠢᠩᠶᠤᠸᠠᠨ ᠴᠡᠷᠢᠭ  ᠢᠶ᠋ᠡᠨ ᠳᠠᠭᠠᠭᠤᠯᠤᠨ ᠯᠢᠶᠠᠩᠴᠧᠩ ᠳ᠋ᠦ ᠳᠠᠬᠢᠨ ᠪᠤᠴᠠᠨ ᠢᠷᠡᠵᠦ᠂ ᠰᠧᠯᠢᠩᠪᠦ᠋ ᠪᠡᠨ ᠯᠢᠶᠠᠩᠴᠸᠩ ᠤᠨ ᠲᠦ᠋ ᠽᠢ  ᠳᠤᠭᠠᠩ ᠳ᠋ᠤ ᠪᠠᠶᠢᠷᠢᠯᠠᠭᠤᠯᠵᠤ ᠂ ᠾᠧ ᠯᠦ᠋ᠡᠭ ᠬᠣᠶᠢᠲᠤ ᠲᠠᠯ᠎ᠠ ᠶᠢᠨ ᠭᠣᠣᠯ ᠦᠷᠦᠭᠡᠨ ᠳᠣᠲᠣᠷ᠎ᠠ ᠰᠠᠭᠤᠵᠤ ᠂ ᠤᠯᠤᠰ ᠲᠦ᠋ᠷᠦ  ᠶ᠋ᠢᠨ ᠬᠡᠯᠲᠡᠰ ᠢ  ᠵᠢᠩ ᠽᠢ ᠭᠧᠤ ᠳᠤᠭᠠᠩ ᠳ᠋ᠦ ᠪᠠᠶᠢᠷᠢᠯᠠᠭᠤᠯᠤᠭᠰᠠᠨ ᠪᠠᠶᠢᠨ᠎ᠠ ᠃ ᠰᠦᠢᠶᠤᠸᠠᠨ ᠤ ᠵᠡᠭᠦᠨ ᠬᠡᠰᠡᠭ  ᠤᠨ ᠴᠢᠯᠥᠭᠡᠯᠡᠭᠳᠡᠭᠰᠡᠨ ᠣᠷᠣᠨ  ᠢ ᠬᠠᠮᠠᠭᠠᠯᠠᠬᠤ ᠶ᠋ᠢᠨ ᠲᠥᠯᠥᠭᠡ ᠂ ᠴᠡᠷᠢᠭ ᠠᠩᠭᠢ ᠨᠢ ᠵᠢᠩ ᠭᠧᠤ ᠽᠢ ᠳᠤᠭᠠᠩ ᠳ᠋ᠦ ᠬᠤᠷᠠᠯᠳᠤᠭᠰᠠᠨ ᠪᠠᠶᠢᠨ᠎ᠠ ᠃ 1946 ᠤᠨ ᠤ1 ᠰᠠᠷ᠎ᠠ ᠶ᠋ᠢᠨ ᠳᠤᠮᠳᠠᠴᠢ ᠪᠠᠷ ᠾᠧ ᠯᠦ᠋ᠡᠭ ᠤᠨ ᠴᠡᠷᠢᠭ ᠠᠩᠭᠢ ᠨᠢ ᠯᠢᠶᠠᠩᠴᠧᠩ ᠡᠴᠡ ᠰᠠᠯᠵᠦ᠂ ᠹᠸᠨᠭᠵᠸᠨ ᠪᠠᠯᠭᠠᠰᠤᠨ ᠳ᠋ᠤ ᠬᠦᠷᠴᠦ ᠂ ᠰᠦᠢᠶᠤᠸᠠᠨ  ᠤ ᠵᠡᠭᠦᠨ ᠬᠡᠰᠡᠭ ᠤᠨ ᠴᠢᠯᠥᠭᠡᠯᠡᠭᠳᠡᠭᠰᠡᠨ ᠣᠷᠣᠨ  ᠤ ᠪᠡᠬᠢᠯᠡᠯ ᠢᠶ᠋ᠡᠨ ᠪᠠᠳᠤᠳᠬᠠᠭᠰᠠᠨ ᠪᠠᠶᠢᠨ᠎ᠠ ᠃ ᠣᠳᠣ ᠪᠤᠯᠲᠠᠯ᠎ᠠ ᠵᠢᠩ ᠭᠧᠤ ᠽᠢ ᠳᠤᠭᠠᠩ ᠳ᠋ᠤ ᠲᠤᠬᠠᠶ  ᠶ᠋ᠢᠨ ᠵᠢᠯ  ᠳ᠋ᠦ ᠾᠧ ᠯᠦ᠋ᠡᠭ ᠤᠨ ᠴᠡᠷᠢᠭ ᠠᠩᠬᠢ ᠴᠤᠭᠯᠠᠷᠠᠬᠤ ᠦᠶᠡᠰ ᠦᠨ ᠨᠠᠭᠠᠭᠰᠠᠨ 10 ᠵᠦᠢᠯ ᠤᠨ ᠤᠷᠢᠶ᠎ᠠ ᠯᠤᠤᠽᠠᠩ ᠨᠢ  ᠡᠪ ᠢᠶ᠋ᠡᠷ ᠢᠶ᠋ᠡᠨ ᠪᠠᠶᠢᠵᠦ ᠂ ᠡᠭᠦᠨ  ᠳ᠋ᠤ《 ᠮᠠᠤ ᠵᠦᠰᠢ ᠲᠦᠮᠡᠨ ᠨᠠᠰᠤᠯᠠᠲᠤᠭᠠᠶ!》 ᠂ 《 ᠶᠡᠷᠦᠩᠬᠡᠶ ᠰᠧᠯᠢᠩ ᠲᠦᠮᠡᠨ ᠨᠠᠰᠤᠯᠠᠳᠤᠭᠠᠢ !》  ᠭᠡᠳᠡᠭ  ᠨᠢ ᠢᠯᠡ ᠳᠤᠲᠤᠷᠬᠠᠢ ᠬᠠᠷᠠᠭᠳᠠᠵᠤ ᠪᠠᠶᠢᠳᠠᠭ ᠃
    ᠾᠧ ᠯᠥᠩ ᠤᠨ ᠯᠢᠶᠠᠩᠴᠸᠩ ᠰᠢᠶᠠᠨ ᠳ᠋ᠡᠬᠢ ᠬᠤᠪᠢᠰᠬᠠᠯᠲᠤ ᠦᠢᠯᠡ ᠠᠵᠢᠯᠯᠠᠭ᠎ᠠ ᠶ᠋ᠢ ᠳᠤᠷᠠᠰᠬᠠᠬᠤ ᠶ᠋ᠢᠨ ᠲᠦᠯᠦᠭᠡ ᠂  ᠯᠢᠶᠠᠩᠴᠸᠩ ᠰᠢᠶᠠᠨ ᠤ ᠠᠷᠠᠳ ᠤᠨ ᠵᠠᠰᠠᠭ ᠤᠨ ᠤᠷᠳᠤᠨ ᠡᠴᠠ 1987 ᠣᠨ  ᠤ ᠠᠷᠪᠠᠨ ᠬᠣᠶᠠᠳᠤᠭᠠᠷ ᠰᠠᠷ᠎ᠠ ᠳ᠋ᠤ ᠂ ᠲᠤᠬᠠᠶ  ᠶ᠋ᠢᠨ ᠤᠨ ᠳᠦᠷᠰᠦ ᠪᠠᠶᠢᠳᠠᠯ  ᠢ ᠦᠨᠳᠦᠰᠦᠯᠡᠵᠦ ᠪᠠᠶᠢᠭᠠᠳ ᠾᠧ ᠯᠦ᠋ᠩ ᠨᠦᠬᠦᠷ ᠤᠨ ᠬᠠᠭᠤᠴᠢᠨ ᠰᠠᠭᠤᠴᠠ ᠪᠤᠯᠤᠨ ᠠᠯᠪᠠᠨ ᠭᠡᠷ ᠢ ᠰᠡᠷᠭᠦᠭᠡᠨ ᠪᠠᠶᠢᠭᠤᠯᠬᠤ ᠶ᠋ᠢᠨ ᠳᠠᠭᠠᠤ ᠭᠤᠷᠪᠠᠨ ᠦᠵᠡᠭᠦᠯᠦᠯᠭᠡ  ᠶ᠋ᠢᠨ ᠲᠠᠰᠤᠭ  ᠢ ᠪᠠᠶᠢᠭᠤᠯᠤᠭᠰᠠᠨ ᠪᠠᠶᠢᠨ᠎ᠠ ᠃ 1991 ᠣᠨ  ᠤ 10 ᠰᠠᠷ᠎ᠠ ᠳ᠋ᠤ᠂ ᠯᠢᠶᠠᠩᠴᠧᠩ ᠰᠢᠶᠠᠨ ᠤ ᠨᠢᠭᠡᠳᠦᠭᠡᠷ ᠪᠦᠯᠦᠭ  ᠤᠨ ᠲᠡᠦᠬᠡ  ᠶ᠋ᠢᠨ ᠳᠤᠷᠠᠰᠬᠠᠯᠲᠤ ᠵᠦᠢᠯ  ᠢ ᠬᠠᠮᠠᠭᠠᠯᠠᠬᠤ ᠭᠣᠣᠯᠳᠠᠯᠭ᠎ᠠ ᠲᠠᠶ ᠨᠢᠭᠡᠴᠢ ᠪᠡᠷ ᠵᠢᠭᠰᠠᠭᠠᠭᠳᠠᠵᠤ ᠂ ᠣᠳᠣ ᠪᠤᠯᠬᠤ ᠳ᠋ᠤ ᠥᠪᠡᠷᠲᠡᠭᠡᠨ ᠵᠠᠰᠠᠬᠤ ᠣᠷᠣᠨ  ᠤ ᠤᠷᠤᠨ ᠤ ᠳᠡᠰ  ᠤᠨ ᠡᠬᠡ ᠣᠷᠣᠨᠴᠢ ᠦᠵᠡᠯ  ᠤᠨ ᠬᠥᠮᠦᠵᠢᠯ  ᠤᠨ ᠰᠠᠭᠤᠷᠢᠨ ᠭᠠᠵᠠᠷ  ᠪᠤᠯᠤᠭᠰᠠᠨ  ᠪᠠᠶᠢᠨ᠎ᠠ ᠃

ᠵᠣᠬᠢᠶᠠᠭᠴᠢ:
ᠢᠷᠡᠯᠲᠡ: