ᠬᠠᠶᠢᠯᠠᠷ ᠳᠡᠬᠢ ᠵᠦᠪᠯᠡᠯᠲᠦ ᠬᠣᠯᠪᠣᠭᠠᠲᠤ ᠤᠯᠤᠰ ᠤᠨ ᠤᠯᠠᠭᠠᠨ ᠴᠡᠷᠢᠭ  ᠤᠨ ᠦᠷᠡᠭᠳᠡᠭᠰᠡᠨ ᠪᠠᠭᠠᠲᠤᠷᠴᠤᠳ ᠤ ᠣᠩᠭᠣᠨ ᠤ ᠬᠦᠷᠢᠶᠡᠯᠡᠩ

  2019-01-21

ᠬᠠᠶᠢᠯᠠᠷ ᠲᠠᠬᠢ ᠵᠦᠪᠯᠡᠯᠳᠦ ᠬᠣᠯᠪᠣᠭᠠᠲᠤ ᠤᠯᠤᠰ  ᠤᠨ ᠤᠯᠠᠭᠠᠨ ᠴᠡᠷᠢᠭ ᠤᠨ ᠦᠷᠡᠭᠳᠡᠭᠰᠡᠨ ᠪᠠᠭᠠᠲᠤᠷᠴᠤᠳ  ᠤᠨ ᠣᠩᠭᠣᠨ  ᠤ ᠬᠦᠷᠢᠶᠡᠯᠡᠩ ᠨᠢ ᠬᠥᠯᠥᠨ ᠪᠤᠢᠢᠷ ᠬᠤᠳᠠ ᠶ᠋ᠢᠨ ᠬᠠᠶᠢᠯᠠᠷ ᠲᠣᠭᠣᠷᠢᠭ ᠤᠨ ᠪᠠᠷᠠᠭᠤᠨ ᠵᠠᠮ ᠤᠨ ᠪᠠᠷᠠᠭᠤᠨ ᠬᠣᠶᠢᠲᠤ ᠬᠡᠰᠡᠭ ᠲᠦ ᠪᠤᠢ᠃ ᠬᠠᠶᠢᠯᠠᠷ ᠲᠠᠬᠢ ᠵᠦᠪᠯᠡᠯᠳᠦ ᠬᠣᠯᠪᠣᠭᠠᠲᠤ ᠤᠯᠤᠰ  ᠤᠨ ᠤᠯᠠᠭᠠᠨ ᠴᠡᠷᠢᠭ ᠤᠨ ᠨᠥᠭᠴᠢᠭᠰᠡᠨ ᠪᠠᠭᠠᠲᠤᠷᠴᠤᠳ  ᠤᠨ ᠳᠤᠷᠠᠰᠬᠠᠯ  ᠤᠨ ᠬᠥᠰᠢᠶ᠎ᠡ ᠶ᠋ᠢᠨ ᠪᠠᠷᠢᠯᠭ᠎ᠠ ᠶ᠋ᠢᠨ ᠶᠡᠷᠦᠩᠬᠡᠶ ᠲᠠᠯᠠᠪᠠᠢ ᠨᠢ 623.3 ᠳᠡᠭᠡᠭᠰᠢ ᠳᠦᠷᠪᠡᠯᠵᠢᠨ ᠮᠸᠲ᠋ᠷ  ᠪᠠᠶᠢᠵᠦ ᠂ ᠡᠭᠦᠨ ᠤ ᠳᠣᠲᠣᠷ᠎ᠠ ᠰᠤᠪᠤᠷᠭ᠎ᠠ ᠶ᠋ᠢᠨ ᠬᠤᠶᠢᠨᠠᠬᠢ ᠪᠠᠭ᠎ᠠ ᠪᠠᠷᠢᠯᠭ᠎ᠠ ᠶ᠋ᠢᠨ ᠶᠡᠷᠦᠩᠬᠡᠶ ᠲᠠᠯᠠᠪᠠᠢ ᠨᠢ 15.7 ᠳᠡᠭᠡᠭᠰᠢ ᠲᠦᠷᠪᠡᠯᠵᠢᠨ ᠮᠸᠲ᠋ᠷ ᠪᠠᠶᠢᠵᠦ ᠂ ᠨᠡᠶᠢᠲᠡ 21 ᠵᠥᠪᠯᠡᠯᠲᠦ ᠶ᠋ᠢᠨ ᠦᠷᠡᠭᠳᠡᠭᠰᠡᠨ ᠪᠠᠭᠠᠲᠤᠷᠴᠤᠳ ᠢ ᠪᠤᠯᠠᠰᠢᠯᠠᠭᠰᠠᠨ ᠪᠠᠶᠢᠨ᠎ᠠ᠃ ᠦᠷᠡᠭᠳᠡᠭᠰᠡᠨ ᠪᠠᠭᠠᠲᠤᠷᠴᠤᠳ ᠤᠨ ᠰᠤᠪᠤᠷᠭ᠎ᠠ ᠨᠢ 18.93 ᠮᠧᠲ᠋ᠷ ᠥᠨᠳᠥᠷ ᠪᠠᠶᠢᠵᠦ ᠂  ᠰᠤᠪᠤᠷᠭ᠎ᠠ ᠶ᠋ᠢᠨ ᠰᠠᠭᠤᠷᠢ ᠪᠡᠶ᠎ᠡ ᠨᠢ  ᠨᠠᠢᠮᠠᠨ ᠢᠷᠮᠡᠭᠲᠦ ᠪᠠᠭᠠᠨ᠎ᠠ  ᠶᠢᠨ ᠬᠡᠯᠪᠡᠷᠢ ᠲᠠᠢ᠂ ᠵᠥᠪ ᠲᠠᠯ᠎ᠠ ᠳ᠋ᠤ ᠨᠢ ᠵᠦ᠋ᠪᠯᠡᠯᠲᠦ ᠬᠤᠯᠪᠤᠭᠠᠲᠤ ᠤᠯᠤᠰ ᠤᠨ ᠲᠦᠷᠦ ᠶ᠋ᠢᠨ ᠰᠦᠯᠲᠡ ᠶ᠋ᠢ ᠰᠡᠶᠢᠯᠦᠨ ᠂  ᠳᠤᠮᠳᠠᠬᠢ ᠤᠷᠤᠢ ᠶ᠋ᠢᠨ ᠬᠡᠰᠡᠭ ᠨᠢ ᠨᠢᠭᠡᠨ ᠠᠯᠲᠠᠨ ᠤᠳᠤ ᠪᠠᠶᠢᠵᠦ ᠂ ᠵᠥᠪ ᠲᠠᠯ᠎ᠠ ᠳ᠋ᠤᠨᠢ ᠤᠷᠤᠰ ᠬᠡᠯᠡ ᠪᠡᠷ《 ᠵᠦᠪᠯᠡᠯᠳᠦ ᠬᠣᠯᠪᠣᠭᠠᠲᠤ ᠤᠯᠤᠰ ᠤᠨ ᠢᠷᠠᠭᠤ ᠠᠯᠳᠠᠷ ᠪᠤᠯᠤᠨ ᠢᠯᠠᠯᠲᠠ ᠤ ᠲᠦᠯᠦᠭᠡ ᠪᠠᠶᠢᠯᠳᠤᠭᠠᠨ ᠤ  ᠳᠤᠮᠳᠠ ᠪᠡᠶ᠎ᠡ ᠦᠷᠡᠭᠳᠡᠭᠰᠡᠨ ᠪᠠᠭᠠᠲᠤᠷᠴᠤᠳ ᠥᠨᠢᠳᠡ ᠪᠠᠯᠠᠷᠠᠰᠢ ᠦᠭᠡᠢ 》 ᠬᠡᠮᠡᠨ ᠰᠡᠶᠢᠯᠦᠭᠰᠡᠨ ᠪᠠᠶᠢᠳᠠᠭ ᠃ ᠵᠡᠭᠦᠨ ᠪᠠᠷᠠᠭᠤᠨ ᠬᠣᠶᠠᠷ ᠲᠠᠯ᠎ᠠ ᠶ᠋ᠢᠨ ᠪᠣᠷᠵᠢᠨ ᠴᠢᠯᠠᠭᠤᠨ ᠬᠠᠪᠲᠠᠰᠤᠨ ᠳᠡᠭᠡᠷ᠎ᠡ 21 ᠨᠡᠷ᠎ᠡ ᠵᠦᠪᠯᠡᠯᠳᠦ ᠬᠣᠯᠪᠣᠭᠠᠲᠤ ᠤᠯᠤᠰ  ᠤᠨ ᠤᠯᠠᠭᠠᠨ ᠴᠡᠷᠢᠭ  ᠤᠨ ᠦᠷᠡᠭᠳᠡᠭᠰᠡᠨ ᠪᠠᠭᠠᠲᠤᠷ ᠤᠨ ᠣᠪᠣᠭ ᠨᠡᠷ᠎ᠡ ᠪᠤᠯᠤᠨ ᠴᠣᠯᠠ ᠤ ᠲᠡᠰ ᠢ ᠰᠡᠶᠢᠯᠦᠭᠰᠡᠨ ᠪᠠᠶᠢᠳᠠᠭ ᠃ ᠳᠤᠷᠠᠰᠬᠠᠯ  ᠤᠨ ᠬᠥᠰᠢᠶ᠎ᠡ ᠨᠢ ᠴᠥᠮ ᠬᠢᠮᠡᠯ ᠴᠢᠯᠠᠭᠤ᠂ ᠪᠣᠷᠵᠢᠨ ᠴᠢᠯᠠᠭᠤ ᠪᠤᠶᠤ ᠭᠠᠨᠲᠢᠭ ᠴᠢᠯᠠᠭᠤ ᠵᠡᠷᠭᠡ ᠡᠴᠠ ᠪᠦᠷᠢᠯᠳᠦᠭᠰᠡᠨ ᠪᠠᠶᠢᠵᠦ ᠂ ᠡᠷᠭᠢᠨ ᠲᠤᠭᠤᠷᠢᠨ ᠬᠦᠷᠢᠶᠡᠯᠡᠩ ᠳᠤᠲᠤᠷ᠎ᠠ ᠵᠦᠯᠭᠡ ᠂ ᠴᠡᠴᠡᠭ ᠦᠨ ᠬᠦᠷᠢᠶ᠎ᠡ ᠪᠠᠶᠢᠳᠠᠭ ᠃ ᠨᠠᠷᠠᠰᠤ ᠮᠠᠶᠢᠯᠠᠰᠤ ᠪᠠ ᠤᠯᠢᠶᠠᠰᠤᠨ ᠮᠣᠳᠣ ᠵᠡᠷᠭᠡ  ᠶ᠋ᠢ ᠲᠠᠷᠢᠵᠤ ᠤᠶᠢᠵᠢᠭᠤᠯᠤᠨ ᠨᠤᠭᠤᠷᠠᠭᠤᠯᠤᠭᠰᠠᠨ ᠪᠦᠭᠡᠳ ᠰᠦᠷᠯᠢᠭ ᠰᠠᠶᠢᠬᠠᠨ ᠪᠠᠶᠢᠵᠦ ᠂  ᠬᠦᠮᠦᠰ ᠦᠨ ᠵᠦ᠋ᠪᠯᠡᠯᠳ᠋ᠤ  ᠶ᠋ᠢᠨ ᠤᠯᠠᠭᠠᠨ ᠴᠡᠷᠢᠭ ᠤᠨ ᠦᠷᠡᠭᠳᠡᠭᠰᠡᠨ ᠪᠠᠭᠠᠲᠤᠷᠴᠤᠳ  ᠤᠨ ᠠᠷᠢᠭᠤᠨ ᠰᠦᠨᠡᠰᠦᠨ ᠳ᠋ᠦ ᠬᠦᠨᠳᠦᠳᠬᠡᠯ ᠳᠡᠪᠰᠢᠭᠦᠯᠬᠦ  ᠪᠠᠷ ᠬᠦᠷᠳᠡᠭ ᠪᠠᠶᠢᠪᠠ ᠃
    1932 ᠤᠨ ᠤ 12 ᠰᠠᠷ᠎ᠠ ᠶ᠋ᠢᠨ 5 ᠦ ᠡᠳᠦᠷ ᠂ ᠶᠠᠫᠣᠨ ᠴᠡᠷᠢᠭ ᠬᠠᠶᠢᠯᠠᠷ ᠢ ᠲᠦᠷᠢᠮᠡᠬᠡᠶᠢᠡᠨ ᠡᠵᠡᠯᠡᠵᠦ ᠂  ᠬᠠᠶᠢᠯᠠᠷ ᠬᠤᠲᠠ ᠶ᠋ᠢ ᠵᠦᠪᠯᠡᠯᠲᠦ ᠬᠤᠯᠪᠤᠭᠠᠲᠤ  ᠤᠯᠤᠰ ᠤᠨ ᠳᠦᠷᠢᠮᠡᠬᠡᠶᠢᠯᠡᠬᠦ ᠪᠠ ᠰᠡᠷᠭᠡᠶᠢᠯᠡᠬᠦ ᠪᠡᠬᠢᠯᠡᠯᠲᠡ ᠪᠤᠯᠭᠠᠭᠰᠠᠨ ᠪᠠᠶᠢᠨ᠎ᠠ᠃
    1945 ᠣᠨ  ᠤ 2  ᠰᠠᠷ᠎ᠠ ᠳ᠋ᠤ ᠂  ᠠᠮᠸᠷᠢᠺᠠ ᠂ ᠠᠩᠭᠯᠢ᠂ ᠵᠦᠪᠯᠡᠯᠳᠦ ᠭᠤᠷᠪᠠᠨ ᠤᠯᠤᠰ  ᠡᠴᠡ《 ᠶᠠᠯᠲ᠋ᠨ ᠵᠢᠨ ᠬᠤᠷᠠᠯᠳᠤᠭᠠᠨ 》 ᠢ ᠬᠠᠮᠲᠤᠷᠠᠨ ᠡᠷᠬᠢᠯᠡᠭᠰᠡᠨ ᠪᠠᠶᠢᠨ᠎ᠠ ᠃ ᠬᠤᠷᠠᠯ ᠤᠨ ᠬᠡᠯᠡᠯᠴᠡᠭᠡᠷ ᠢᠶᠡᠨ ᠭᠦᠢᠴᠡᠳᠬᠡᠬᠦ  ᠶ᠋ᠢᠨ ᠲᠥᠯᠥᠭᠡ ᠂ 8 ᠰᠠᠷ᠎ᠠ ᠳ᠋ᠦ᠂ ᠵᠦᠪᠯᠡᠯᠳᠦ ᠬᠣᠯᠪᠣᠭᠠᠲᠤ ᠤᠯᠤᠰ  ᠤᠨ ᠤᠯᠠᠭᠠᠨ ᠴᠡᠷᠢᠭ ᠡᠴᠠ ᠶᠠᠫᠣᠨ  ᠤ ᠭᠤᠸᠠᠨ ᠳ᠋ᠦᠩ ᠵᠢᠶᠦ᠋ᠨ ᠴᠡᠷᠢᠭ  ᠲᠤ《 ᠠᠯᠤᠰ ᠳᠣᠷᠣᠨᠠᠲᠤ  ᠶ᠋ᠢᠨ ᠳᠠᠶᠢᠯᠠᠯᠳᠤᠭᠠᠨ 》 ᠶᠠᠪᠤᠭᠤᠯᠤᠭᠰᠠᠨ ᠪᠠᠶᠢᠨ᠎ᠠ ᠃ 8 ᠰᠠᠷ᠎ᠠ ᠶ᠋ᠢᠨ 9 ᠦ ᠡᠳᠦᠷ ᠂ ᠵᠦᠪᠯᠡᠯᠳᠦ ᠶ᠋ᠢᠨ ᠬᠣᠶᠢᠲᠤ ᠪᠠᠶᠢᠭᠠᠯ ᠹᠷᠣᠨᠲ᠋ ᠤᠨ ᠴᠡᠷᠢᠭ  ᠤᠨ ᠤᠯᠠᠨ ᠴᠡᠷᠢᠭ ᠡᠴᠠ ᠨᠡᠶᠢᠯᠡᠨ ᠪᠦᠷᠢᠯᠳᠦᠭᠰᠡᠨ 36 ᠳ᠋ᠤᠭᠠᠷ ᠨᠢᠭᠡᠳᠬᠡᠯ ᠠᠷᠮᠢ ᠶ᠋ᠢᠨ ᠴᠡᠷᠢᠭ ᠨᠢ ᠬᠠᠶᠢᠯᠠᠷ ᠵᠦᠭ ᠤᠷᠤᠭᠰᠢᠯᠠᠭᠰᠠᠨ ᠪᠠᠶᠢᠨ᠎ᠠ ᠃ ᠦᠷᠯᠦᠭᠡ ᠡᠷᠲᠡ 5 ᠴᠠᠭ 30 ᠮᠢᠨᠦ᠋ᠲ ᠳ᠋ᠦ ᠂ ᠵᠦ᠋ᠪᠯᠡᠯᠳ᠋ᠦ ᠶ᠋ᠢᠨ ᠳᠡᠯᠪᠡᠴᠢᠭᠴᠢ ᠨᠢᠰᠬᠡᠯ ᠤᠨ ᠬᠢᠨ ᠠᠩᠬ᠎ᠠ ᠤᠳᠠᠭ᠎ᠠ ᠬᠠᠶᠢᠯᠠᠷ ᠲᠤ ᠠᠭᠠᠷ ᠤᠨ ᠳᠠᠭᠠᠷᠢᠯᠲᠠ  ᠶᠠᠪᠤᠭᠤᠯᠵᠤ ᠂ ᠦᠳᠡ ᠶ᠋ᠢᠨ ᠡᠮᠦᠨ᠎ᠡ ᠪᠠᠰᠠ ᠬᠤᠶᠠᠷ ᠤᠳᠠᠭ᠎ᠠ ᠳᠡᠯᠪᠡᠴᠢᠨ᠂ ᠶᠠᠫᠣᠨ ᠴᠡᠷᠢᠭ  ᠤᠨ ᠵᠢᠯᠣᠭᠣᠳᠬᠤ ᠪᠠᠶᠢᠭᠤᠯᠤᠯᠭ᠎ᠠ ᠂ ᠴᠡᠷᠢᠭ  ᠤᠨ ᠬᠣᠷᠢᠶ᠎ᠠ ᠂ ᠴᠠᠶᠢᠵᠠ ᠪᠡᠬᠢᠯᠡᠯᠲᠡ ᠪᠠ ᠵᠠᠮ ᠪᠤᠯᠤᠨ ᠬᠦᠭᠦᠷᠭᠡ᠎ ᠵᠡᠷᠭᠡ ᠨᠢ ᠲᠡᠳᠡᠨ ᠦ ᠬᠠᠷᠠᠯᠲᠠ ᠪᠤᠯᠤᠭᠰᠠᠨ ᠪᠠᠶᠢᠨ᠎ᠠ ᠃ ᠣᠷᠣᠶ ᠶ᠋ᠢᠨ 21 ᠴᠠᠭ 30 ᠮᠢᠨᠦ᠋ᠲ ᠳ᠋ᠦ ᠂ ᠵᠦ᠋ᠪᠯᠡᠯᠳ᠋ᠦ ᠤᠨ  ᠲᠦᠷᠦᠭᠦᠨ ᠦ ᠴᠡᠷᠢᠭ ᠠᠩᠬᠢ ᠨᠢ ᠬᠠᠶᠢᠯᠠᠷ ᠭᠣᠣᠯ ᠤᠨ ᠶᠡᠬᠡ ᠬᠦᠭᠦᠷᠭᠡ ᠶ᠋ᠢ ᠪᠤᠯᠢᠶᠠᠨ ᠠᠪᠴᠤ᠂ ᠰᠥᠨᠢ ᠳᠦᠯᠢ ᠪᠠᠷ ᠭᠠᠯᠲᠤ ᠲᠡᠷᠭᠡᠨ ᠥᠷᠲᠡᠭᠡ ᠢ ᠡᠵᠡᠯᠡᠨ ᠠᠪᠤᠭᠰᠠᠨ ᠪᠠᠶᠢᠨ᠎ᠠ ᠃ 10  ᠤ ᠡᠳᠦᠷ  ᠤ ᠥᠷᠯᠥᠭᠡ ᠂ ᠵᠦᠪᠯᠡᠯᠳᠦ ᠶ᠋ᠢᠨ ᠶᠠᠪᠠᠭᠠᠨ ᠴᠡᠷᠢᠭ ᠵᠡᠭᠦᠨ ᠬᠢᠯᠢ ᠪᠠ ᠡᠮᠦᠨ᠎ᠡ ᠬᠢᠯᠢ ᠶ᠋ᠢ ᠡᠵᠡᠯᠡᠭᠰᠡᠨ ᠪᠠᠶᠢᠨ᠎ᠠ᠃ ᠦᠳᠡ ᠶ᠋ᠢᠨ ᠬᠤᠶᠢᠨ᠎ᠠ ᠂ ᠵᠦᠪᠯᠡᠯᠳᠦ ᠶ᠋ᠢᠨ ᠴᠡᠷᠢᠭ ᠬᠤᠳᠠ ᠶ᠋ᠢᠨ ᠲᠣᠭᠣᠷᠢᠭ  ᠢ ᠡᠵᠡᠯᠡᠭᠰᠡᠨ ᠪᠦᠭᠡᠳ ᠵᠠᠮ ᠬᠠᠷᠢᠯᠴᠠᠭᠠᠨ ᠤ ᠭᠣᠣᠯ ᠱᠤᠭᠤᠮ  ᠢ ᠡᠵᠡᠷᠭᠡᠭᠰᠡᠨ ᠪᠠᠶᠢᠨ᠎ᠠ᠃  ᠬᠠᠮᠤᠭ ᠤᠨ ᠬᠤᠷᠴᠠ ᠰᠢᠷᠦᠭᠦᠨ ᠪᠡᠬᠢᠯᠡᠯᠲᠡ ᠶ᠋ᠢᠨ ᠭᠠᠵᠠᠷ ᠢ ᠡᠪᠳᠡᠬᠦ ᠪᠠᠶᠢᠯᠳᠤᠭᠠᠨ ᠨᠢ 10  ᠤ ᠡᠳᠦᠷ  ᠤᠨ ᠣᠷᠣᠶ 18  ᠦ ᠡᠳᠦᠷ ᠪᠤᠯᠲᠠᠯ᠎ᠠ ᠶᠠᠪᠤᠭᠳᠠᠵᠠᠢ ᠃ ᠪᠡᠬᠢᠯᠡᠯᠲᠡ ᠶ᠋ᠢᠨ ᠭᠠᠵᠠᠷ ᠣᠷᠣᠨ ᠳᠠᠬᠢ 5  ᠰᠠᠭᠤᠷᠢᠨ ᠭᠠᠵᠠᠷ ᠳᠣᠲᠣᠷ᠎ᠠ ᠪᠠᠷᠤᠭ 7000 ᠭᠠᠷᠤᠶ ᠶᠠᠫᠣᠨ ᠴᠡᠷᠢᠭ  ᠡᠴᠡ 4 ᠵᠢᠯ ᠤᠨ ᠴᠠᠭ ᠵᠠᠷᠤᠴᠠᠭᠤᠯᠵᠤ ᠪᠠᠶᠢᠭᠤᠯᠤᠭᠰᠠᠨ ᠪᠠᠲᠤ ᠪᠡᠬᠢ ᠪᠡᠬᠢᠯᠡᠯᠲᠡ ᠳ᠋ᠤ ᠲᠦᠰᠢᠭᠯᠡᠨ  ᠡᠰᠡᠷᠭᠦᠴᠡᠯ ᠬᠢᠭᠰᠡᠨ ᠪᠠᠶᠢᠨ᠎ᠠ ᠃ ᠰᠢᠶᠳᠪᠦᠷᠢᠲᠦ ᠪᠠᠶᠢᠯᠳᠤᠭᠠᠨ ᠳᠤᠮᠳᠠ ᠂ ᠶᠠᠫᠣᠨ ᠴᠡᠷᠢᠭ ᠤᠨ ᠬᠦᠮᠦᠨ ᠤᠯᠵᠠᠯᠠᠭᠳᠠᠵᠤ ᠂ 3000 ᠭᠠᠷᠤᠶ ᠬᠥᠮᠦᠨ ᠦᠷᠡᠭᠳᠡᠭᠰᠡᠨ ᠪᠠᠶᠢᠨ᠎ᠠ ᠃ ᠵᠥᠪᠯᠡᠯᠳᠤ ᠤᠨ ᠤᠯᠠᠭᠠᠨ ᠴᠡᠷᠢᠭ ᠤᠨ ᠪᠠᠶᠢᠯᠳᠤᠭᠴᠢᠳ ᠪᠠᠶᠢᠯᠳᠤᠭᠠᠨ ᠤ ᠳᠤᠮᠳᠠ 1000 ᠭᠠᠷᠤᠶ ᠬᠦᠮᠦᠨ ᠦᠷᠡᠭᠳᠡᠵᠡᠢ ᠃
    ᠬᠠᠶᠢᠯᠠᠷ ᠢ ᠴᠢᠯᠦᠭᠡᠯᠡᠬᠦ ᠶ᠋ᠢᠨ ᠲᠥᠯᠥᠭᠡ ᠢᠷᠠᠭᠤ ᠠᠯᠳᠠᠷᠲᠠᠶ ᠪᠠᠷ ᠪᠡᠶ᠎ᠡ ᠦᠷᠡᠭᠳᠡᠭᠰᠡᠨ ᠵᠥᠪᠯᠡᠯᠲᠦ ᠬᠣᠯᠪᠣᠭᠠᠲᠤ ᠤᠯᠤᠰ  ᠤᠨ ᠤᠯᠠᠭᠠᠨ ᠴᠡᠷᠢᠭ  ᠤᠨ ᠪᠠᠶᠢᠯᠳᠤᠭᠴᠢᠳ ᠢ ᠳᠤᠷᠠᠰᠬᠠᠬᠤ ᠶ᠋ᠢᠨ ᠲᠦᠯᠦᠭᠡ ᠂ 1945 ᠣᠨ  ᠤ 9 ᠰᠠᠷ᠎ᠠ ᠳ᠋ᠤ ᠂ ᠵᠥᠪᠯᠡᠯᠲᠦ  ᠶ᠋ᠢᠨ ᠴᠡᠷᠢᠭ ᠪᠠ ᠬᠠᠶᠢᠯᠠᠷ ᠬᠣᠲᠠ ᠶ᠋ᠢᠨ ᠥᠪᠡᠷᠲᠡᠭᠡᠨ ᠵᠠᠰᠠᠬᠤ  ᠵᠠᠬᠢᠷᠭᠠᠨ ᠤ ᠭᠠᠵᠠᠷ ᠡᠴᠠ ᠬᠠᠮᠲᠤ ᠪᠠᠷ ᠵᠦᠪᠳᠡᠯᠴᠡᠨ ᠵᠦᠪᠯᠡᠯᠲᠦ ᠬᠣᠯᠪᠣᠭᠠᠲᠤ ᠤᠯᠤᠰ ᠤᠨ ᠤᠯᠠᠭᠠᠨ ᠴᠡᠷᠢᠭ ᠤᠨ ᠦᠷᠡᠭᠳᠡᠭᠰᠡᠨ ᠪᠠᠭᠠᠲᠤᠷᠴᠤᠳ  ᠤᠨ ᠣᠩᠭᠣᠨ  ᠤ ᠬᠦᠷᠢᠶᠡᠯᠡᠩ ᠢ ᠪᠠᠶᠢᠭᠤᠯᠬᠤ ᠪᠠᠷ  ᠲᠤᠭᠲᠠᠭᠠᠳ 1945 ᠣᠨ  ᠤ 11 ᠰᠠᠷ᠎ᠠ ᠳ᠋ᠤ  ᠪᠠᠷᠢᠵᠦ ᠳᠠᠭᠤᠰᠬᠠᠪᠠ ᠃ 1946 ᠣᠨ  ᠤ 1 ᠰᠠᠷ᠎ᠠ ᠳ᠋ᠤ ᠳᠤᠷᠠᠰᠬᠠᠯ  ᠤᠨ ᠬᠥᠰᠢᠶ᠎ᠡ  ᠶ᠋ᠢᠨ ᠡᠮᠦᠨ᠎ᠡ ᠨᠡᠭᠡᠭᠡᠬᠦ ᠶᠤᠰᠤᠯᠠᠯ ᠢ ᠶᠠᠪᠤᠭᠳᠠᠭᠤᠯᠤᠭᠰᠠᠨ ᠪᠠᠶᠢᠨ᠎ᠠ ᠃
    ᠬᠠᠶᠢᠯᠠᠷ ᠲᠠᠬᠢ ᠵᠦᠪᠯᠡᠯᠳᠦ ᠬᠣᠯᠪᠣᠭᠠᠲᠤ ᠤᠯᠤᠰ  ᠤᠨ ᠤᠯᠠᠭᠠᠨ ᠴᠡᠷᠢᠭ ᠦᠨ ᠦᠷᠡᠭᠳᠡᠭᠰᠡᠨ ᠪᠠᠭᠠᠲᠤᠷᠴᠤᠳ ᠤᠨ ᠣᠩᠭᠣᠨ  ᠤ ᠬᠦᠷᠢᠶᠡᠯᠡᠩ ᠪᠣᠯ ᠳᠤᠮᠳᠠᠳᠤ ᠵᠦᠪᠯᠡᠯᠳᠤ ᠬᠣᠶᠠᠷ ᠤᠯᠤᠰ  ᠤᠨ ᠠᠷᠠᠳ ᠲᠦᠮᠡᠨ  ᠤ ᠨᠥᠬᠥᠷᠯᠡᠯ ᠤᠨ ᠪᠡᠯᠭᠡ ᠳᠡᠮᠳᠡᠭ᠂ ᠳᠤᠮᠳᠠᠳᠤ ᠤᠯᠤᠰ ᠤᠨ ᠠᠷᠠᠳ ᠲᠦᠮᠡᠨ ᠡᠴᠡ ᠶᠠᠫᠣᠨ ᠹᠠᠱᠢᠰ  ᠢ ᠡᠰᠡᠷᠭᠦᠴᠡᠬᠦ᠂ ᠳᠤᠮᠳᠠᠳᠤ ᠤᠯᠤᠰ  ᠤᠨ ᠵᠡᠭᠦᠨ ᠬᠣᠶᠢᠲᠤ ᠣᠷᠣᠨ ᠢ ᠴᠢᠯᠥᠭᠡᠯᠡᠬᠦ ᠶ᠋ᠢᠨ ᠲᠥᠯᠥᠭᠡ ᠢᠷᠠᠭᠤ ᠠᠯᠳᠠᠷᠲᠠᠶ ᠪᠠᠷ ᠪᠡᠶ᠎ᠡ ᠦᠷᠡᠭᠳᠡᠭᠰᠡᠨ ᠵᠥᠪᠯᠡᠯᠲᠦ ᠬᠣᠯᠪᠣᠭᠠᠲᠤ ᠤᠯᠤᠰ  ᠤᠨ ᠤᠯᠠᠭᠠᠨ ᠴᠡᠷᠢᠭ ᠤᠨ ᠪᠠᠶᠢᠯᠳᠤᠭᠴᠢᠳ ᠢ ᠳᠤᠷᠠᠰᠤᠨ ᠰᠠᠨᠠᠭᠠᠯᠵᠠᠬᠤ ᠴᠢᠬᠤᠯᠠ ᠳᠤᠷᠠᠰᠬᠠᠯᠲᠤ ᠪᠠᠷᠢᠯᠭ᠎ᠠ ᠪᠤᠯᠬᠤ ᠶᠤᠮ ᠃ 1988 ᠣᠨ  ᠤ 3 ᠰᠠᠷ᠎ᠠ ᠳ᠋ᠤ ᠂ ᠥᠪᠥᠷ ᠮᠣᠩᠭᠣᠯ  ᠤᠨ ᠥᠪᠡᠷᠲᠡᠭᠡᠨ ᠵᠠᠰᠠᠬᠤ ᠣᠷᠣᠨ  ᠤ ᠳᠡᠰ ᠦᠨ ᠬᠤᠪᠢᠰᠬᠠᠯᠲᠤ ᠪᠠᠭᠠᠲᠤᠷᠴᠤᠳ ᠤᠨ ᠳᠤᠷᠠᠰᠬᠠᠯ ᠤᠨ ᠪᠠᠷᠢᠯᠭ᠎ᠠ  ᠶ᠋ᠢ ᠬᠠᠮᠠᠭᠠᠯᠠᠬᠤ ᠨᠢᠭᠡᠴᠢ ᠪᠡᠷ ᠵᠢᠭᠰᠠᠭᠠᠭᠳᠠᠭᠰᠠᠨ ᠪᠠᠶᠢᠨ᠎ᠠ ᠃1997 ᠣᠨ  ᠤ 3 ᠰᠠᠷ᠎ ᠳ᠋ᠤ ᠂ ᠬᠥᠯᠥᠨ ᠪᠣᠶᠢᠷ ᠬᠣᠲᠠ  ᠶ᠋ᠢᠨ ᠬᠣᠲᠠ  ᠶ᠋ᠢᠨ ᠳᠡᠰ ᠤᠨ ᠤᠯᠤᠰ  ᠢᠶᠡᠨ ᠬᠠᠶᠢᠷᠠᠯᠠᠬᠤ ᠬᠥᠮᠦᠵᠢᠯ  ᠤᠨ ᠰᠠᠭᠤᠷᠢᠨ ᠭᠠᠵᠠᠷ ᠢᠶᠠᠷ ᠨᠡᠷᠡᠶᠢᠳᠦᠭᠰᠡᠨ ᠪᠠᠶᠢᠨ᠎ᠠ ᠃

ᠵᠣᠬᠢᠶᠠᠭᠴᠢ:
ᠢᠷᠡᠯᠲᠡ: