ᠳᠠᠯᠠᠨ ᠬᠠᠷ᠎ᠠ ᠠᠭᠤᠯᠠ ᠶ᠋ᠢᠨ ᠬᠤᠪᠢᠰᠬᠠᠯ ᠤᠨ ᠨᠡᠶᠢᠲᠡ ᠶ᠋ᠢᠨ ᠤᠩᠭᠤᠨ ᠪᠠ ᠬᠤᠪᠢᠰᠬᠠᠯ ᠤᠨ ᠪᠠᠭᠠᠲᠤᠷᠴᠤᠳ ᠤᠨ ᠳᠤᠷᠠᠳᠬᠠᠯ ᠤᠨ ᠤᠷᠳᠤᠨ
ᠳᠠᠯᠠᠨ ᠬᠠᠷ᠎ᠠ ᠠᠭᠤᠯᠠ ᠶ᠋ᠢᠨ ᠬᠤᠪᠢᠰᠬᠠᠯ ᠤᠨ ᠨᠡᠶᠢᠲᠡ ᠶ᠋ᠢᠨ ᠤᠩᠭᠤᠨ ᠨᠢ ᠬᠦᠬᠡᠬᠤᠲᠠ ᠶ᠋ᠢᠨ ᠰᠢᠨ᠎ᠡ ᠬᠤᠲᠠ ᠲᠤᠭᠤᠷᠢᠭ ᠲᠤ ᠪᠠᠶᠢᠷᠢᠯᠠᠵᠦ ᠂ 214 ᠮᠦ ᠭᠠᠵᠠᠷ ᠡᠵᠡᠯᠡᠨ ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠬᠡᠪᠴᠢᠶ᠎ᠡ ᠪᠡᠷ ᠬᠠᠮᠤᠭ ᠶᠡᠬᠡ ᠂ ᠤᠯᠤᠰ ᠲᠦᠷᠦ ᠶ᠋ᠢᠨ ᠨᠦᠯᠦᠭᠡᠯᠡᠬᠦ ᠬᠦᠴᠦᠨ ᠢᠶ᠋ᠡᠷ ᠬᠠᠮᠤᠭ ᠴᠢᠩᠭ᠎ᠠ ᠬᠤᠪᠢᠰᠬᠠᠯ ᠤᠨ ᠤᠩᠭᠤᠨ ᠪᠤᠯᠤᠭᠰᠠᠨ ᠪᠠᠶᠢᠨ᠎ᠠ᠃
ᠬᠤᠪᠢᠰᠬᠠᠯᠲᠤ ᠳᠠᠶᠢᠨ ᠤ ᠴᠠᠭ ᠡᠷᠡᠨ ᠳ᠋ᠦ ᠂ ᠥᠪᠥᠷ ᠮᠣᠩᠭᠣᠯ ᠣᠷᠣᠨ ᠪᠤᠯᠤᠨ ᠵᠡᠷᠭᠡᠯᠡᠳᠡᠭᠡ ᠮᠤᠵᠢ ᠣᠷᠣᠨ ᠳ᠋ᠦ ᠪᠡᠶ᠎ᠡ ᠦᠷᠡᠭᠳᠡᠭᠰᠡᠨ ᠪᠠᠭᠠᠲᠤᠷᠴᠤᠳ ᠤᠨ ᠴᠢᠨᠳᠠᠷ ᠨᠢ ᠴᠥᠮ ᠲᠤᠬᠠᠢ ᠶ᠋ᠢᠨ ᠭᠠᠵᠠᠷ ᠲᠤ ᠲᠠᠷᠠᠬᠠᠶ ᠪᠤᠲᠠᠷᠬᠠᠢ ᠪᠠᠷ ᠤᠷᠤᠰᠢᠭᠤᠯᠤᠭᠳᠠᠭᠰᠠᠨ ᠶᠤᠮ᠃ ᠬᠤᠪᠢᠰᠬᠠᠯ ᠤᠨ ᠦᠷᠡᠭᠳᠡᠭᠰᠡᠨ ᠪᠠᠭᠠᠲᠤᠷᠴᠤᠳ ᠢ ᠳᠤᠷᠠᠰᠬᠠᠬᠤ ᠶ᠋ᠢᠨ ᠲᠤᠯᠠᠳᠠ ᠂ 1963 ᠣᠨ ᠳ᠋ᠦ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠵᠦᠪᠰᠢᠶᠡᠷᠡᠯ ᠢᠶ᠋ᠡᠷ᠂ ᠤᠷᠢᠳ ᠬᠣᠵᠢᠳ 120 ᠲᠦᠮᠡᠨ ᠲᠦᠭᠦᠷᠢᠭ ᠭᠠᠷᠭᠠᠨ ᠬᠤᠪᠢᠰᠬᠠᠯᠲᠤ ᠪᠠᠭᠠᠲᠤᠷᠴᠤᠳ ᠤᠨ ᠨᠡᠶᠢᠲᠡ ᠶ᠋ᠢᠨ ᠤᠩᠭᠤᠨ ᠢ ᠡᠬᠢᠯᠡᠨ ᠪᠠᠶᠢᠭᠤᠯᠤᠭᠰᠠᠨ ᠪᠠᠶᠢᠨ᠎ᠠ ᠃ ᠠᠷᠪᠠ ᠭᠠᠷᠤᠶ ᠵᠢᠯ ᠦᠨ ᠶᠡᠬᠡ ᠬᠡᠮᠵᠢᠶᠡᠨ ᠦ ᠰᠢᠷᠭᠠᠭᠤ ᠠᠵᠢᠯ ᠶ᠋ᠢ ᠦᠩᠭᠡᠷᠬᠡᠨ᠂ 1979 ᠤᠨ ᠤ ᠵᠢᠯ ᠦᠨ ᠡᠴᠦᠰ ᠢᠶ᠋ᠡᠷ ᠭᠠᠰᠢᠭᠤᠳᠠᠯ ᠤᠨ ᠶᠡᠬᠡ ᠲᠢᠩᠬᠢᠮ ᠂ ᠬᠤᠪᠢᠰᠬᠠᠯ ᠤᠨ ᠳᠤᠷᠠᠰᠬᠠᠯ ᠤᠨ ᠣᠷᠳᠣᠨ ᠂ ᠱᠠᠷᠢᠯ ᠢ ᠬᠠᠳᠠᠭᠠᠯᠠᠬᠤ ᠦᠷᠦᠭᠡ ᠨᠢᠭᠡ ᠴᠤᠭᠴᠠᠭᠰᠠᠨ 6000 ᠲᠡᠭᠰᠢ ᠳᠦᠷᠪᠡᠯᠵᠢᠨ ᠮᠦ ᠡᠵᠡᠯᠡᠬᠦ ᠲᠠᠯᠠᠪᠠᠢ ᠲᠠᠢ ᠬᠤᠪᠢᠰᠬᠠᠯ ᠤᠨ ᠪᠠᠭᠠᠲᠤᠷᠴᠤᠳ ᠤᠨ ᠬᠦᠰᠢᠶ᠎ᠡ ᠳᠤᠷᠠᠳᠬᠠᠯ ᠤᠨ ᠤᠷᠳᠤᠨ ᠨᠢ ᠪᠠᠶᠢᠭᠤᠯᠤᠭᠳᠠᠭᠰᠠᠨ ᠶᠤᠮ ᠃ ᠡᠭᠦᠨ ᠢ ᠳᠠᠭᠠᠯᠳᠤᠨ ᠂ ᠡᠯ᠎ᠡ ᠭᠠᠵᠠᠷ ᠲᠤ ᠪᠤᠯᠠᠰᠢᠯᠠᠭᠳᠠᠭᠰᠠᠨ ᠪᠠᠭᠠᠲᠤᠷᠴᠤᠳ ᠤᠨ ᠬᠡᠭᠦᠷ ᠢ ᠰᠢᠲᠠᠭᠠᠭᠰᠠᠨ ᠤ ᠳᠠᠷᠠᠭ᠎ᠠ ᠪᠠᠷ᠂ ᠮᠦᠨ ᠤᠷᠤᠰᠢᠭᠤᠯᠭ᠎ᠠ ᠶ᠋ᠢᠨ ᠭᠠᠵᠠᠷ ᠵᠡᠷᠭᠡ ᠳ᠋ᠦ ᠬᠠᠳᠠᠭᠠᠯᠠᠭᠳᠠᠵᠤ ᠪᠠᠶᠢᠭ᠎ᠠ ᠬᠤᠪᠢᠰᠬᠠᠯᠲᠤ ᠪᠠᠭᠠᠲᠤᠷᠴᠤᠳ ᠤᠨ ᠱᠠᠷᠢᠯ ᠢ ᠬᠠᠮᠲᠤ ᠪᠠᠷ ᠰᠢᠯᠵᠢᠭᠦᠯᠦᠭᠰᠡᠨ ᠪᠠᠶᠢᠨ᠎ᠠ ᠃ ᠡᠭᠦᠨᠴᠢᠯᠡᠨ 1980 ᠤᠨ ᠤ ᠬᠠᠩᠰᠢ ᠶ᠋ᠢᠨ ᠡᠳᠦᠷ ᠡᠴᠡ ᠡᠬᠢᠯᠡᠨ ᠵᠢᠩᠬᠢᠨᠢ ᠪᠡᠷ ᠭᠠᠳᠠᠭᠰᠢ ᠨᠡᠭᠡᠭᠡᠭᠰᠡᠨ ᠪᠠᠶᠢᠨ᠎ᠠ ᠃
ᠳᠠᠯᠠᠨ ᠬᠠᠷ᠎ᠠ ᠠᠭᠤᠯᠠ ᠶ᠋ᠢᠨ ᠬᠤᠪᠢᠰᠬᠠᠯᠲᠤ ᠪᠠᠭᠠᠲᠤᠷᠴᠤᠳ ᠤᠨ ᠤᠩᠭᠤᠨ ᠨᠢ ᠮᠤᠨᠢ ᠠᠭᠤᠯᠠ ᠶ᠋ᠢᠨ ᠨᠢᠷᠤᠭᠤ ᠶ᠋ᠢ ᠲᠦᠰᠢᠵᠦ ᠂ ᠪᠦᠬᠦᠶᠢᠯᠡ ᠤᠩᠭᠤᠨ ᠨᠢ ᠲᠦᠪ ᠴᠢᠬᠢᠮᠡᠢ ᠪᠦᠭᠡᠳ ᠰᠦᠷ ᠬᠦᠴᠦᠨ ᠲᠠᠢ ᠪᠠᠶᠢᠳᠠᠭ ᠃ ᠪᠦᠬᠦᠯᠢ ᠴᠤᠭᠴᠠᠲᠤ ᠪᠠᠷᠢᠯᠭ᠎ᠠ ᠨᠢ ᠡᠮᠦᠨᠡᠰᠢ ᠬᠠᠨᠳᠤᠵᠤ᠂ 8 ᠲᠤᠮᠤ ᠭᠠᠨᠳᠢᠭ ᠴᠢᠯᠠᠭᠤᠨ ᠤ ᠡᠭᠦᠳᠡᠨ ᠳᠤᠯᠭᠠᠭᠤᠷᠢ ᠨᠢ ᠦᠨᠳᠦᠷ ᠰᠦᠷᠯᠢᠭᠦᠨ ᠨᠤᠭᠤᠭᠠᠨ ᠸᠠᠭᠠᠷ ᠲᠠᠢ ᠬᠢᠷ᠎ᠠ ᠶ᠋ᠢᠨ ᠬᠤᠶᠠᠳᠤᠭᠠᠷ ᠳᠠᠪᠬᠤᠷᠭ᠎ᠠ ᠶ᠋ᠢᠨ ᠡᠭᠦᠳᠡᠨ ᠲᠠᠭᠲᠤ ᠶ᠋ᠢ ᠡᠷᠭᠦᠵᠦ ᠂ ᠡᠭᠦᠳᠡᠨ ᠲᠠᠭᠲᠤ ᠳ᠋ᠤ 5 ᠮᠧᠲ᠋ᠷ ᠤᠷᠳᠤ ᠴᠠᠭᠠᠨ ᠳᠡᠭᠡᠷ᠎ᠡ ᠠᠯᠲᠠ ᠪᠠᠷ ᠪᠤᠲᠤᠭᠯᠠᠭᠰᠠᠨ 《 ᠳᠠᠯᠠᠨ ᠬᠠᠷ᠎ᠠ ᠶ᠋ᠢᠨ ᠬᠤᠪᠢᠰᠬᠠᠯ ᠤᠨ ᠲᠦᠯᠦᠭᠡ ᠦᠷᠡᠭᠳᠡᠭᠰᠡᠨ ᠪᠠᠭᠠᠲᠤᠷᠴᠤᠳ ᠤᠨ ᠤᠩᠭᠤᠨ 》 ᠬᠡᠮᠡᠬᠦ ᠡᠯᠭᠦᠭᠡᠰᠦ ᠲᠠᠢ ᠪᠠᠶᠢᠵᠦ᠂ ᠠᠯᠲᠠᠨ ᠨᠠᠷᠠᠨ ᠦ ᠲᠤᠶᠠᠭᠠᠨ ᠳ᠋ᠤ ᠭᠢᠯᠠᠯᠵᠠᠵᠦ ᠪᠠᠶᠢᠳᠠᠭ ᠃
ᠶᠡᠬᠡ ᠬᠠᠭᠠᠯᠭ᠎ᠠ ᠪᠠᠷ ᠤᠷᠤᠬᠤ ᠦᠶᠡᠰ ᠂ ᠤᠷᠲᠤ ᠢᠶᠠᠷ ᠢᠶᠡᠨ 500 ᠮᠧᠲ᠋ᠷ ᠂ ᠦᠷᠭᠡᠨ ᠢᠶ᠋ᠡᠷ ᠢᠶ᠋ᠡᠨ 20 ᠮᠸᠲ᠋ᠷ ᠨᠢᠭᠡᠨ ᠵᠤᠷᠪᠤᠰ ᠭᠤᠤᠯ ᠨᠡᠪᠲᠡᠷᠡᠬᠦ ᠵᠠᠮ ᠪᠠᠶᠢᠵᠦ᠂ 500 ᠭᠠᠷᠤᠢ ᠬᠦᠮᠦᠰ ᠢ ᠪᠠᠭᠲᠠᠭᠠᠵᠤ ᠲᠡᠶᠢᠯᠬᠦ ᠭᠠᠰᠢᠭᠤᠳᠠᠯ ᠤᠨ ᠶᠡᠬᠡ ᠲᠢᠩᠬᠢᠮ ᠳ᠋ᠦ ᠰᠢᠭᠤᠳ ᠬᠦᠷᠴᠤ ᠪᠤᠯᠬᠤ ᠪᠠᠷ ᠦᠯᠦ ᠪᠠᠷᠠᠮ ᠬᠦᠷᠢᠶᠡᠨ ᠳᠤᠲᠤᠭᠠᠲᠤ ᠶ᠋ᠢ ᠲᠤᠭᠤᠷᠢᠭᠠᠳ ᠤᠷᠲᠤ ᠪᠠᠷ ᠢᠶᠡᠨ 100 ᠮᠸᠲ᠋ᠷ ᠂ ᠦᠷᠭᠡᠨ ᠢᠶ᠋ᠡᠷ ᠢᠶ᠋ᠡᠨ 4 ᠮᠧᠲ᠋ᠷ ᠮᠠᠰᠢᠨ ᠲᠡᠷᠭᠡ ᠨᠡᠪᠲᠡᠷᠡᠬᠦ ᠳ᠋ᠦ ᠠᠰᠢᠭᠲᠠᠢ ᠴᠠᠭᠠᠷᠢᠭ ᠬᠡᠯᠪᠡᠷᠢᠲᠦ ᠱᠦᠢᠨᠢ ᠵᠠᠮ ᠪᠠᠶᠢᠳᠠᠭ᠃ ᠭᠣᠣᠯ ᠴᠣᠭᠴᠠᠲᠤ ᠪᠠᠷᠢᠯᠭ᠎ᠠ ᠨᠢ ᠭᠠᠰᠢᠭᠤᠳᠠᠯ ᠤᠨ ᠶᠡᠬᠡ ᠲᠢᠩᠬᠢᠮ ᠂ ᠵᠣᠴᠢᠯᠠᠬᠤ ᠳᠠᠰᠤᠭ ᠂ ᠦᠷᠡᠭᠳᠡᠭᠰᠡᠨ ᠪᠠᠭᠠᠲᠤᠷᠴᠤᠳ ᠤᠨ ᠨᠠᠮᠲᠠᠷ ᠲᠡᠦᠬᠡ ᠶ᠋ᠢᠨ ᠳᠤᠷᠠᠰᠬᠠᠯ ᠤᠨ ᠣᠷᠳᠣᠨ ᠵᠢᠴᠢ ᠵᠢᠵᠢᠭᠬᠡᠨ ᠴᠢᠬᠢᠨ ᠬᠡᠷ ᠂ ᠱᠠᠷᠢᠯ ᠤᠨ ᠲᠢᠩᠭᠢᠮ ᠦᠨ ᠭᠤᠤᠯ ᠦᠷᠦᠭᠡ ᠂ ᠵᠡᠭᠦᠨ ᠪᠠᠷᠠᠭᠤᠨ ᠬᠣᠶᠠᠷ ᠲᠢᠩᠬᠢᠮ ᠭᠡᠬᠦ ᠮᠡᠲᠦ ᠬᠤᠪᠢᠶᠠᠨ ᠂ ᠪᠠᠷᠢᠯᠭ᠎ᠠ ᠶ᠋ᠢᠨ ᠡᠵᠡᠯᠡᠬᠦ ᠲᠠᠯᠠᠪᠠᠢ ᠨᠢ 3000 ᠭᠠᠷᠤᠶ ᠲᠡᠭᠰᠢ ᠳᠥᠷᠪᠡᠯᠵᠨ ᠮᠧᠲ᠋ᠷ ᠪᠠᠶᠢᠳᠠᠭ᠃
ᠱᠠᠷᠢᠯ ᠤᠨ ᠲᠢᠩᠬᠢᠮ ᠦᠨ ᠭᠤᠤᠯ ᠦᠷᠦᠭᠡ ᠨᠢ ᠱᠠᠷᠢᠯ ᠬᠠᠳᠠᠭᠠᠯᠠᠬᠤ ᠭᠠᠵᠠᠷ ᠪᠠᠶᠢᠵᠦ ᠂ ᠲᠢᠩᠬᠢᠮ ᠲᠤᠳᠤᠷᠠᠬᠢ ᠡᠯ᠎ᠡ ᠦᠷᠦᠭᠡᠨ ᠳ᠋ᠦ ᠬᠤᠪᠢᠰᠬᠠᠯ ᠤᠨ ᠲᠦᠯᠦᠭᠡ ᠦᠷᠡᠭᠳᠡᠭᠰᠡᠨ ᠪᠠᠭᠠᠲᠤᠷᠴᠤᠳ ᠤᠨ᠂ ᠳᠡᠭᠡᠳᠦ ᠵᠡᠷᠭᠡ ᠶ᠋ᠢᠨ ᠤᠳᠤᠷᠢᠳᠬᠤ ᠬᠥᠮᠦᠰ ᠵᠢᠴᠢ ᠴᠢᠯᠦᠭᠡᠯᠡᠭᠳᠡᠭᠰᠡᠨ ᠦ ᠳᠠᠷᠠᠭ᠎ᠠ ᠨᠠᠰᠤ ᠪᠠᠷᠠᠭᠰᠠᠨ ᠠᠬᠠᠮᠠᠳ ᠨᠦᠭᠦᠳ ᠤᠨ ᠱᠠᠷᠢᠯ ᠵᠡᠷᠭᠡ ᠨᠡᠶᠢᠲᠡ 4800 ᠭᠠᠷᠤᠢ ᠬᠡᠷᠡᠭᠰᠡᠯ ᠢ ᠬᠠᠳᠠᠭᠠᠯᠠᠵᠦ ᠪᠤᠢ᠃
ᠶᠡᠬᠡ ᠲᠢᠩᠬᠢᠮ ᠤᠨ ᠪᠠᠷᠠᠭᠤᠨ ᠲᠠᠯ᠎ᠠ ᠳ᠋ᠤ ᠬᠣᠶᠠᠷ ᠬᠤᠪᠢᠰᠬᠠᠯ ᠤᠨ ᠦᠷᠡᠭᠳᠡᠭᠰᠡᠨ ᠪᠠᠭᠠᠲᠤᠷᠴᠤᠳ ᠤᠨ ᠳᠤᠷᠠᠰᠬᠠᠯ ᠤᠨ ᠣᠷᠳᠣᠨ ᠪᠠᠶᠢᠳᠠᠭ ᠃ ᠳᠤᠷᠠᠰᠬᠠᠯ ᠤᠨ ᠣᠷᠳᠣᠨ ᠳ᠋ᠤ ᠶᠡᠬᠡ ᠬᠤᠪᠢᠰᠬᠠᠯ ᠤᠨ ᠦᠢ᠎ᠡ ᠡᠴᠠ ᠠᠪᠤᠭᠠᠳ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠬᠤ ᠦᠢ᠎ᠡ ᠶ᠋ᠢᠨ ᠬᠤᠪᠢᠰᠬᠠᠯᠲᠤ ᠨᠥᠭᠴᠢᠭᠰᠡᠨ ᠪᠠᠭᠠᠲᠤᠷ ᠪᠤᠯᠤᠨ ᠬᠤᠪᠢᠰᠬᠠᠯ ᠤᠨ ᠵᠢᠳᠬᠦᠯᠲᠡᠨ ᠤ ᠪᠠᠭᠠᠲᠤᠷᠯᠢᠭ ᠦᠢᠯᠡ ᠶᠠᠪᠤᠳᠠᠯ ᠵᠢᠴᠢ ᠬᠤᠪᠢᠰᠬᠠᠯ ᠤᠨ ᠲᠡᠦᠬᠡᠨ ᠶᠠᠪᠤᠴᠠ ᠶ᠋ᠢ ᠳᠡᠯᠭᠡᠵᠦ ᠪᠠᠶᠢᠳᠠᠭ ᠃ ᠡᠭᠦᠨ ᠳ᠋ᠦ ᠳ᠋ᠧᠩ ᠵᠦᠩ ᠰᠢᠶᠠ ᠂ ᠯᠢ ᠳ᠋ᠡ ᠵᠣᠣ ᠂ ᠵᠤᠤ ᠱᠢ ᠶᠠᠨ ᠂ ᠷᠦᠩ ᠶᠣᠣ ᠰᠢᠶᠠᠨ᠂ ᠳ᠋ᠦᠸᠸ ᠰᠦᠩ ᠨᠢᠶᠠᠨ ᠂ ᠯᠢ ᠢᠦᠢ ᡁᠢ ᠂ ᠯᠢᠤ ᠬᠤᠩ ᠰᠢᠶᠦᠩ᠂ ᠵᠢᠷᠭᠠᠯ ᠂ ᠭᠤᠤ ᠹᠸᠩ ᠢᠩ ᠵᠡᠷᠭᠡ ᠪᠡᠶ᠎ᠡ ᠦᠷᠡᠭᠳᠡᠭᠰᠡᠨ ᠬᠤᠪᠢᠰᠬᠠᠯᠲᠤ ᠪᠠᠭᠠᠲᠤᠷ ᠤᠨ ᠨᠢᠭᠡ ᠨᠠᠰᠤᠨ ᠤ ᠦᠢᠯᠡ ᠶᠠᠪᠤᠳᠠᠯ ᠪᠠ ᠳᠡᠮᠡᠴᠡᠯᠳᠦᠬᠡᠨ ᠦ ᠲᠡᠦᠬᠡᠨ ᠦᠨᠡᠨ ᠪᠠᠭᠲᠠᠳᠠᠭ᠃ ᠦᠵᠡᠭᠦᠯᠦᠭᠡ ᠪᠡᠷ ᠳᠠᠮᠵᠢᠨ᠂ ᠬᠤᠪᠢᠰᠬᠠᠯ ᠤᠨ ᠵᠢᠳᠬᠦᠯᠲᠡᠳ ᠤᠨ ᠭᠤᠷᠪᠠᠨ ᠲᠤᠮᠤ ᠠᠭᠤᠯᠠ ᠶ᠋ᠢ ᠲᠦᠯᠬᠢᠨ ᠤᠨᠠᠭᠠᠨ ᠰᠢᠨ᠎ᠡ ᠳᠤᠮᠳᠠᠳᠤ ᠤᠯᠤᠰ ᠢ ᠪᠠᠶᠢᠭᠤᠯᠬᠤ ᠭᠤᠶᠢᠪᠢᠰᠢ ᠦᠭᠡᠢ ᠬᠤᠪᠢᠰᠬᠠᠯᠲᠤ ᠵᠤᠷᠢᠭ ᠰᠠᠨᠠᠭ᠎ᠠ ᠪᠤᠯᠤᠨ ᠡᠷᠬᠢᠮ ᠳᠡᠭᠡᠲᠦ ᠬᠤᠪᠢᠰᠬᠠᠯᠲᠤ ᠬᠦᠰᠡᠯᠡᠩ ᠢ ᠳᠠᠬᠢᠨ ᠬᠠᠷᠠᠭᠤᠯᠤᠭᠰᠠᠨ ᠪᠠᠶᠢᠨ᠎ᠠ ᠃
1000 ᠭᠠᠷᠤᠶ ᠲᠡᠭᠰᠢ ᠳᠥᠷᠪᠡᠯᠵᠢᠨ ᠮᠧᠲ᠋ᠷ ᠲᠠᠯᠠᠪᠠᠢ ᠪᠦᠬᠦᠢ ᠭᠠᠵᠠᠷ ᠡᠵᠡᠯᠡᠭᠰᠡᠨ ᠣᠩᠭᠣᠨ ᠤ ᠲᠥᠪ ᠲᠠᠯᠠᠪᠠᠢ ᠶ᠋ᠢᠨ ᠳᠥᠷᠪᠡᠨ ᠲᠠᠯ᠎ᠠ ᠪᠠᠷ ᠨᠢ ᠰᠣᠷᠭᠣᠭ ᠴᠡᠴᠡᠭ ᠪᠠᠳᠠᠷᠠᠨ ᠳᠡᠯᠭᠡᠷᠡᠵᠦ ᠂ ᠨᠣᠭᠣᠭᠠᠨ ᠣᠶ ᠰᠡᠭᠦᠳᠡᠷᠲᠡᠨ ᠪᠠᠶᠢᠳᠠᠭ᠃ ᠲᠢᠶᠠᠨ ᠠᠨ ᠮᠸᠨ ᠲᠠᠯᠠᠪᠠᠢ ᠶ᠋ᠢ ᠨᠵᠡᠭᠦᠨ ᠪᠠᠷᠠᠭᠤᠨ ᠬᠣᠶᠠᠷ ᠲᠠᠯ᠎ᠠ ᠳ᠋ᠦ ᠤᠤᠯ ᠤᠨ ᠤᠯᠤᠰ ᠤᠨ ᠳᠡᠳ᠋ ᠲᠡᠷᠢᠭᠦᠯᠡᠭᠴᠢ ᠤᠯᠠᠭᠠᠨᠬᠦᠦ ᠨᠥᠬᠥᠷ ᠤᠨ ᠬᠠᠭᠠᠰ ᠪᠡᠶ᠎ᠡ ᠶ᠋ᠢᠨ ᠬᠦᠷᠡᠯ ᠱᠤᠭᠤᠮᠠᠯ ᠪᠠ ᠥᠪᠥᠷ ᠮᠣᠩᠭᠣᠯ ᠤᠨ ᠠᠯᠳᠠᠷᠲᠤ ᠲᠠᠪᠤᠨ ᠶᠡᠬᠡ ᠦᠷᠡᠭᠳᠡᠭᠰᠡᠨ ᠪᠠᠭᠠᠲᠤᠷ ᠪᠤᠯᠬᠤ ᠳᠦᠢᠸᠸ ᠰᠦᠩ ᠨᠢᠶᠠᠨ ᠂ ᠯᠢ ᠢᠦᠢ ᡁᠢ ᠂ ᠵᠢᠶᠠ ᠯᠢ ᠭᠸᠩ ᠂ ᠯᠢᠦ ᠬᠤᠩᠰᠢᠶᠦ᠋ᠩ ᠂ ᠭᠤᠤ ᠹᠸᠩ ᠢᠩ ᠤᠨ ᠭᠠᠨᠲᠢᠭ ᠴᠢᠯᠠᠭᠤᠨ ᠱᠤᠭᠤᠮᠠᠯ ᠦᠨᠳᠦᠷᠯᠡᠵᠦ᠂ ᠵᠠᠯᠠᠭᠤᠴᠤᠳ ᠪᠤᠯᠤᠨ ᠥᠷᠭᠡᠨ ᠤᠯᠠᠨ ᠲᠦᠮᠡᠨ ᠤ ᠬᠤᠪᠢᠰᠬᠠᠯᠲᠤ ᠤᠯᠠᠮᠵᠢᠯᠠᠯ ᠤᠨ ᠬᠥᠮᠦᠵᠢᠯ ᠬᠢᠬᠦ ᠴᠢᠬᠤᠯᠠ ᠲᠠᠯᠠᠪᠤᠷ ᠪᠤᠯᠤᠭᠰᠠᠨ ᠪᠠᠶᠢᠨ᠎ᠠ᠃ 1995 ᠣᠨ ᠳ᠋ᠤ ᠤᠯᠤᠰ ᠤᠨ ᠠᠷᠠᠳ ᠤᠨ ᠶᠠᠪᠤᠳᠠᠯ ᠤᠨ ᠶᠠᠮᠤᠨ ᠤ ᠠᠩᠬᠠᠨ ᠤ ᠪᠦᠯᠦᠭ ᠦᠨ ᠪᠦᠬᠦ ᠤᠯᠤᠰ ᠤᠨ ᠤᠯᠤᠰ ᠢᠶᠡᠨ ᠬᠠᠶᠢᠷᠠᠯᠠᠬᠤ ᠡᠬᠡ ᠣᠷᠣᠨᠴᠢ ᠦᠵᠡᠯ ᠤᠨ ᠬᠦᠮᠦᠵᠢᠯ ᠤᠨ ᠰᠠᠭᠤᠷᠢᠨ ᠭᠠᠵᠠᠷ ᠬᠡᠮᠡᠨ ᠨᠡᠷᠡᠯᠡᠭᠳᠡᠭᠰᠡᠨ ᠪᠠᠶᠢᠨ᠎ᠠ᠃ ᠮᠥᠨ ᠲᠤᠰ ᠵᠢᠯ ᠳ᠋ᠦ ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠪᠠ ᠬᠥᠬᠡᠬᠣᠲᠠ ᠶ᠋ᠢᠨ ᠵᠠᠰᠠᠭ ᠤᠨ ᠣᠷᠳᠣᠨ ᠡᠴᠠ ᠤᠯᠤᠰ ᠢᠶᠡᠨ ᠬᠠᠶᠢᠷᠠᠯᠠᠬᠤ ᠬᠦᠮᠦᠵᠢᠯ ᠬᠢᠬᠦ ᠰᠠᠭᠤᠷᠢᠨ ᠭᠠᠵᠠᠷ ᠬᠡᠮᠡᠨ ᠨᠡᠷᠡᠶᠢᠳᠴᠠᠢ ᠃
ᠪᠠᠭᠠᠲᠤᠷᠴᠤᠳ ᠤᠨ ᠠᠷᠢᠭᠤᠨ ᠰᠦᠨᠡᠰᠦ ᠢ ᠲᠤᠬᠤᠨᠢᠭᠤᠯᠬᠤ ᠶ᠋ᠢᠨ ᠲᠦᠯᠦᠭᠡ᠂ ᠣᠩᠭᠣᠨ ᠨᠢ ᠬᠠᠪᠤᠷ ᠤᠨ ᠤᠯᠠᠷᠢᠯ ᠳ᠋ᠤ ᠬᠦᠷᠢᠶᠡᠯᠡᠩ ᠳᠦᠭᠦᠷᠡᠩ ᠲᠤᠭᠤᠷ ᠤᠨ ᠴᠡᠴᠡᠭ ᠪᠢᠯᠬᠠᠮ᠎ᠠ ᠳᠡᠯᠭᠡᠷᠡᠵᠦ᠂ ᠵᠤᠨ ᠳ᠋ᠦ ᠪᠡᠨ ᠰᠤᠷᠭᠤᠭ ᠴᠡᠴᠡᠭ ᠰᠡᠳᠬᠢᠯ ᠢ ᠠᠷᠭᠠᠳᠠᠨ᠂ ᠳᠥᠷᠪᠡᠨ ᠤᠯᠠᠷᠢᠯ ᠳ᠋ᠤ ᠨᠠᠷᠠᠰᠤᠨ ᠮᠤᠳᠤ ᠨᠤᠭᠤᠭᠠᠨ ᠢᠶᠠᠷ ᠢᠶᠡᠨ ᠪᠠᠶᠢᠳᠠᠭ᠃ ᠳᠤᠷᠠᠰᠬᠠᠯ ᠤᠨ ᠣᠷᠳᠣᠨ᠂ ᠭᠠᠰᠢᠭᠤᠳᠠᠯ ᠤᠨ ᠶᠡᠬᠡ ᠲᠢᠩᠬᠢᠮ ᠂ ᠬᠦᠢᠰᠶᠡ ᠰᠡᠶᠢᠯᠦᠮᠡᠯ ᠦᠨ ᠬᠤᠭᠤᠷᠤᠨᠳᠤ ᠶᠡᠬᠡ ᠬᠡᠮᠵᠢᠶᠡᠨ ᠦ ᠵᠦᠯᠭᠡ ᠲᠠᠢ ᠪᠠᠶᠢᠵᠦ ᠂ ᠤᠯᠢᠶᠠᠰᠤᠨ ᠮᠤᠳᠤ ᠂ ᠤᠳᠠ ᠮᠤᠳᠤ ᠂ ᠨᠠᠷᠠᠰᠤᠨ ᠮᠤᠳᠤ ᠂ ᠬᠠᠶᠢᠯᠠᠰᠤᠨ ᠮᠤᠳᠤ ᠂ ᠭᠤᠤᠯᠳᠤ ᠪᠤᠷᠤ ᠮᠤᠳᠤ ᠂ ᠬᠦᠢᠯᠡᠰᠦᠨ ᠮᠤᠳᠤ ᠂ ᠲᠤᠭᠤᠷ ᠤᠨ ᠮᠤᠳᠤ ᠵᠡᠷᠭᠡ ᠲᠦᠮᠡ ᠭᠠᠷᠤᠢ ᠪᠤᠳᠠ ᠮᠤᠳᠤ ᠤᠶᠢᠵᠢᠭᠤᠯᠵᠤ ᠂ ᠦᠪᠦᠷ ᠮᠤᠩᠭᠤᠯ ᠤᠨ ᠬᠤᠪᠢᠰᠬᠠᠯᠲᠤ ᠪᠠᠭᠠᠲᠤᠷᠴᠤᠳ ᠤᠨ ᠤᠩᠭᠤᠨ ᠤ 200 ᠭᠠᠷᠤᠶ ᠮᠥ ᠭᠠᠵᠠᠷ ᠢ ᠡᠵᠡᠯᠡᠵᠦ ᠂ ᠨᠠᠷᠠᠰᠤ ᠮᠠᠶᠢᠯᠠᠰᠤ ᠲᠡᠭᠷᠢ ᠲᠤᠯᠤᠨ ᠂ ᠴᠡᠴᠡᠭ ᠤᠷᠭᠤᠮᠠᠯ ᠢᠷᠠᠯᠵᠠᠵᠦ ᠂ ᠨᠢᠭᠡ ᠠᠯᠬᠤᠮ ᠨᠢᠭᠡᠨ ᠦᠵᠡᠮᠵᠢ ᠂ ᠠᠯᠬᠤᠮ ᠳᠠᠭᠠᠵᠦ ᠦᠵᠡᠮᠵᠢ ᠬᠤᠪᠢᠷᠠᠭᠰᠠᠨ ᠪᠠᠶᠢᠳᠠᠯ ᠲᠠᠢ ᠪᠠᠶᠢᠳᠠᠭ ᠃ ᠵᠤᠭᠠᠴᠠᠯ ᠤᠨ ᠬᠦᠮᠦᠰ ᠡᠨᠳᠡ ᠢᠷᠡᠪᠡᠯ ᠪᠠᠭᠠᠲᠤᠷᠴᠤᠳ ᠤᠨ ᠠᠷᠢᠭᠤᠨ ᠰᠦᠨᠡᠰᠦ ᠶ᠋ᠢ ᠳᠠᠬᠢᠬᠤ ᠶ᠋ᠢᠨ ᠳᠠᠭᠠᠤ ᠪᠠᠰᠠ ᠦᠵᠡᠮᠵᠢ ᠰᠣᠨᠢᠷᠬᠠᠵᠤ ᠪᠣᠯᠳᠠᠭ ᠮᠥᠷᠲᠡᠭᠡᠨ ᠬᠦᠬᠡᠬᠤᠳᠠ ᠶ᠋ᠢᠨ ᠵᠦᠭ ᠪᠦᠷᠢ ᠶ᠋ᠢᠨ ᠵᠤᠭᠠᠴᠠᠭᠰᠠᠳ ᠤᠨ ᠠᠩᠬᠠᠷᠤᠯ ᠢ ᠲᠠᠲᠠᠭᠰᠠᠨ ᠨᠢᠭᠡᠨ ᠤᠢ ᠶ᠋ᠢᠨ ᠴᠡᠴᠡᠷᠯᠢᠭ ᠪᠤᠯᠤᠭᠰᠠᠨ ᠪᠠᠶᠢᠨ᠎ᠠ ᠃