ᠮᠠᠶᠢᠰᠢᠨ ᠤ ᠳᠤᠷᠠᠰᠬᠠᠯ  ᠤᠨ ᠣᠷᠳᠣᠨ

  2019-01-17

ᠮᠠᠶᠢᠰᠢᠨ ᠤ ᠳᠤᠷᠠᠰᠬᠠᠯ ᠤᠨ ᠣᠷᠳᠣᠨ  ᠨᠢ ᠲᠦᠩᠯᠢᠶᠣᠤ ᠬᠣᠲᠠ ᠶ᠋ᠢᠨ ᠺᠠᠶᠢᠯᠦ ᠰᠢᠶᠠᠨ  ᠦ ᠬᠣᠲᠠ ᠡᠴᠡ ᠵᠡᠭᠦᠨ ᠡᠮᠦᠨ᠎ᠡ  ᠪᠠᠶᠢᠭ᠎ᠠ ᠦᠷᠡᠭᠳᠡᠭᠰᠡᠨ ᠪᠠᠭᠠᠲᠤᠷᠴᠤᠳ ᠤᠨ ᠣᠩᠭᠣᠨ ᠤ ᠬᠦᠷᠢᠶᠡᠯᠡᠩ ᠤᠨ ᠳᠤᠲᠤᠷ᠎ᠠ ᠪᠠᠢᠷᠢᠰᠢᠵᠤ ᠪᠠᠶᠢᠳᠠᠭ ᠃ ᠮᠠᠶᠢᠰᠢᠨ ᠳᠤᠷᠠᠰᠬᠠᠯ  ᠤᠨ ᠣᠷᠳᠣᠨ ᠪᠣᠯ ᠤᠤᠯ  ᠤᠨ《  ᠮᠠᠶᠢᠰᠢᠨ ᠦᠷᠡᠭᠳᠡᠭᠰᠡᠨ ᠪᠠᠭᠠᠲᠤᠷᠴᠤᠳ  ᠤᠨ ᠨᠢᠭᠡ ᠨᠠᠰᠤᠨ  ᠤ ᠦᠢᠯᠨ ᠠᠵᠢᠯᠯᠠᠭ᠎ᠠ ᠶ᠋ᠢᠨ ᠦᠵᠡᠰᠬᠦᠯᠡᠩ  ᠤᠨ ᠣᠷᠳᠣᠨ 》 ᠪᠠᠶᠢᠵᠦ ᠂ 1996 ᠣᠨ  ᠳ᠋ᠤ 《  ᠮᠠᠶᠢᠰᠢᠨ ᠤ ᠳᠤᠷᠠᠰᠬᠠᠯ  ᠤᠨ ᠣᠷᠳᠣᠨ 》 ᠭᠡᠵᠦ ᠰᠤᠯᠢᠭᠰᠠᠨ ᠪᠠᠶᠢᠨ᠎ᠠ ᠃
    ᠮᠠᠶᠢᠰᠢᠨ ᠤ ᠤᠤᠯ ᠨᠡᠷ᠎ᠡ ᠨᠢ ᠰᠦᠨ ᠮᠦᠸᠸ ᠰᠢᠨ᠂ 1914 ᠣᠨ  ᠳ᠋ᠦ ᠱᠠᠩᠬᠠᠶ  ᠳ᠋ᠦ ᠲᠦᠷᠦᠵᠠᠢ᠃ 1935 ᠣᠨ  ᠳ᠋ᠤ ᠬᠤᠪᠢᠰᠬᠠᠯ ᠳ᠋ᠤ ᠣᠷᠣᠯᠴᠠᠵᠤ ᠂ ᠤᠷᠢᠳ ᠬᠣᠵᠢᠳ ᠱᠠᠩᠬᠠᠶ ᠶ᠋ᠢᠨ ᠳᠠᠪᠰᠢᠭᠰᠠᠨ ᠤᠯᠠᠨ ᠲᠦᠮᠡᠨ  ᠤ ᠨᠠᠶᠢᠷᠠᠯ ᠳᠠᠭᠤᠤ  ᠶ᠋ᠢᠨ ᠪᠦᠯᠬᠦᠮ  —  ᠢᠷᠭᠡᠨ ᠦ ᠳᠠᠭᠤᠤ ᠬᠥᠭᠵᠢᠮ  ᠤᠨ ᠬᠤᠷᠠᠯ ᠂ ᠯᠢᠦᠶ ᠵᠢᠶ ᠶ᠋ᠢᠨ ᠤᠳᠤᠷᠢᠳᠤᠭᠰᠠᠨ ᠠᠵᠢᠯ ᠤᠨ ᠴᠢᠯᠥᠭᠡᠨ  ᠤ ᠨᠠᠶᠢᠷᠠᠯ ᠳᠠᠭᠤᠤ  ᠶ᠋ᠢᠨ ᠪᠦᠯᠬᠦᠮ ᠂ ᠳᠠᠭᠤᠤ ᠰᠤᠳᠤᠯᠭᠠᠨ  ᠦ ᠬᠤᠷᠠᠯ ᠂ ᠳᠤᠮᠳᠠᠳᠤ ᠤᠯᠤᠰ ᠤᠨ ᠳᠠᠭᠤᠸ ᠶ᠋ᠢᠨ ᠵᠣᠬᠢᠶᠠᠯᠴᠢᠳ ᠤᠨ ᠡᠪᠯᠡᠯ ᠪᠠ ᠱᠸᠨ ᠵᠢᠶᠦ᠋ᠨ ᠤᠨ ᠤᠳᠤᠷᠢᠳᠤᠭᠰᠠᠨ ᠱᠠᠩᠬᠠᠶ  ᠶ᠋ᠢᠨ ᠠᠵᠢᠯ ᠮᠡᠷᠭᠡᠵᠢᠯ  ᠤᠨ ᠬᠢᠨ  ᠤ ᠤᠯᠤᠰ  ᠢᠶᠡᠨ ᠠᠪᠤᠷᠠᠬᠤ ᠬᠤᠷᠠᠯ ᠂ ᠶᠠᠫᠣᠨ ᠢ ᠡᠰᠡᠷᠭᠦᠴᠡᠵᠦ ᠤᠯᠤᠰ  ᠢᠶᠡᠨ ᠠᠪᠤᠷᠠᠬᠤ ᠠᠵᠢᠯ ᠳ᠋ᠦ ᠤᠷᠤᠯᠴᠠᠭᠰᠠᠨ ᠪᠦᠭᠡᠳ 《 ᠢᠯᠳᠦ  ᠶ᠋ᠢᠨ ᠤᠷᠤᠭᠰᠢᠯᠠᠯᠲᠠ ᠶ᠋ᠢᠨ ᠳᠠᠭᠤᠸ 》 ᠵᠡᠷᠭᠡ ᠶᠡᠬᠡ ᠬᠡᠮᠵᠢᠶᠡᠨ  ᠦ ᠬᠤᠪᠢᠰᠬᠠᠯᠲᠤ ᠳᠠᠭᠤᠤ ᠨᠤᠭᠤᠳ ᠢ ᠵᠤᠬᠢᠶᠠᠨ ᠪᠦᠲᠦᠭᠡᠭᠰᠡᠨ ᠪᠠᠶᠢᠨ᠎ᠠ ᠃1938 ᠣᠨ ᠳ᠋ᠤ ᠳᠤᠮᠳᠠᠳᠤ ᠤᠯᠤᠰ  ᠤᠨ ᠡᠪ ᠬᠠᠮᠲᠤ ᠨᠠᠮ  ᠳ᠋ᠤ ᠤᠷᠤᠯᠴᠠᠵᠠᠢ ᠃ 1940 ᠤᠨ ᠤ ᠡᠴᠦᠰ ᠲᠦ ᠂ ᠵᠧᠦ ᠡᠸ᠋ᠨ ᠯᠠᠢ᠂ ᠶᠧ ᠵᠢᠶᠠᠨ ᠶᠢᠩ ᠤᠨ ᠲᠠᠨᠢᠯᠴᠠᠭᠤᠯᠭ᠎ᠠ ᠪᠠᠷ᠂ ᠮᠠᠶᠢᠰᠢᠨ ᠶᠠᠨ ᠠᠨ  ᠤ ᠯᠦ ᠰᠢᠶᠦ᠋ᠨ ᠤᠳᠬ᠎ᠠ ᠵᠤᠬᠢᠶᠠᠯ ᠤᠨ ᠰᠤᠷᠤᠯᠴᠠᠬᠤ ᠠᠩᠬᠢ ᠳ᠋ᠤ ᠰᠤᠷᠤᠯᠴᠠᠵᠤ ᠠᠵᠢᠯᠯᠠᠭᠰᠠᠨ ᠪᠠᠶᠢᠨ᠎ᠠ ᠃  ᠶᠠᠫᠣᠨ  ᠢ ᠡᠰᠡᠷᠭᠦᠴᠡᠬᠦ ᠳᠠᠶᠢᠨ ᠢᠯᠠᠯᠲᠠ ᠣᠯᠤᠭᠰᠠᠨ ᠤ  ᠳᠠᠷᠠᠭ᠎ᠠ ᠵᠡᠭᠦᠨ ᠬᠣᠶᠢᠲᠤ ᠣᠷᠣᠨ ᠳ᠋ᠤ ᠤᠴᠢᠵᠠᠢ ᠃ 1946 ᠣᠨ  ᠤ 2 ᠰᠠᠷ᠎ᠠ ᠳ᠋ᠤ ᠂ ᠳᠤᠮᠳᠠᠳᠤ ᠤᠯᠤᠰ ᠤᠨ ᠡᠪ ᠬᠠᠮᠲᠤ ᠨᠠᠮ  ᠤᠨ ᠹᠦᠰᠢᠨ ᠲᠤᠰᠬᠠᠶ ᠣᠷᠣᠨ  ᠤ ᠨᠠᠮ ᠤᠨ ᠬᠤᠷᠢᠶ᠎ᠠ ᠶ᠋ᠢ ᠳᠠᠭᠠᠵᠤ ᠵᠢᠷᠢᠮ ᠠᠶᠢᠮᠠᠭ ( ᠣᠳᠣ ᠶ᠋ᠢᠨ ᠲᠦᠩᠯᠢᠶᠣᠤ ᠬᠣᠲᠠ ) ᠲᠦ ᠬᠦᠷᠴᠤ ᠂ ᠺᠠᠶᠢᠯᠦ ᠰᠢᠶᠠᠨ  ᠤ ᠨᠠᠮ  ᠤᠨ ᠬᠣᠷᠢᠶᠠᠨ  ᠤ ᠤᠬᠠᠭᠤᠯᠬᠤ ᠬᠡᠯᠲᠡᠰ ᠤᠨ ᠳᠠᠷᠤᠭ᠎ᠠ ᠪᠤᠯᠤᠨ ᠨᠤᠲᠤᠭ ᠤᠨ ᠨᠠᠮ  ᠤᠨ ᠬᠣᠷᠢᠶᠠᠨ  ᠤ ᠱᠦᠵᠢ ᠶ᠋ᠢᠨ ᠠᠵᠢᠯ ᠢ ᠬᠠᠮᠳᠤᠷᠠᠨ ᠬᠠᠷᠢᠭᠤᠴᠠᠭᠰᠠᠨ ᠪᠠᠶᠢᠨ᠎ᠠ ᠃     1947 ᠤᠨ ᠤ 6 ᠰᠠᠷ᠎ᠠ ᠶ᠋ᠢᠨ 6 ᠦ ᠡᠳᠦᠷ ᠂ ᠡᠭᠦᠷᠭᠡ ᠭᠦᠢᠴᠡᠳᠬᠡᠵᠦ ᠪᠠᠶᠢᠬᠤ ᠵᠠᠮ ᠳᠠᠭᠠᠨ ᠳᠡᠭᠡᠷᠡᠮ ᠲᠠᠢ ᠲᠠᠭᠠᠷᠠᠯᠳᠤᠵᠤ ᠪᠠᠭᠠᠲᠤᠷᠯᠢᠭ ᠢᠶᠠᠷ ᠪᠡᠶ᠎ᠡ ᠦᠷᠡᠭᠳᠡᠵᠡᠢ ᠃
    ᠮᠠᠶᠢᠰᠢᠨ ᠤ ᠳᠤᠷᠠᠰᠬᠠᠯ ᠤᠨ ᠤᠷᠳᠤᠨ ᠢ 1978  ᠤᠨ ᠡᠴᠠ ᠡᠬᠢᠯᠡᠨ ᠪᠠᠶᠢᠭᠤᠯᠵᠤ ᠂ ᠪᠠᠷᠢᠯᠭ᠎ᠠ  ᠶ᠋ᠢᠨ ᠲᠠᠯᠠᠪᠠᠶ ᠨᠢ 300 ᠲᠡᠭᠰᠢ ᠳᠦᠷᠪᠡᠯᠵᠢᠨ ᠮᠸᠲ᠋ᠷ ᠂  ᠲᠤᠭᠤᠰᠬ᠎ᠠ   ᠴᠢᠯᠠᠭᠤᠨ ᠬᠢᠴᠡ ᠲᠠᠢ ᠸᠠᠭᠠᠷᠤᠨ ᠪᠠᠶᠢᠰᠢᠩ ᠪᠤᠯᠬᠤ ᠶᠤᠮ ᠃ ᠤᠷᠳᠤᠨ ᠳᠤᠲᠤᠷ᠎ᠠ 28 ᠲᠠᠰᠤᠯᠭ᠎ᠠ ᠲᠠᠢ ᠪᠠᠶᠢᠵᠦ ᠂ ᠮᠠᠶᠢᠰᠢᠨ ᠤ ᠠᠶᠤᠯ ᠳ᠋ᠤ ᠤᠴᠠᠷᠠᠭᠰᠠᠨ 58 ᠵᠢᠯ ᠦᠨ ᠲᠤᠷᠰᠢ  ᠪᠤᠰᠤᠳ ᠤᠨ ᠴᠤᠭᠯᠠᠭᠤᠯᠤᠭᠰᠠᠨ ᠮᠠᠶᠢᠰᠢᠨ ᠢ  ᠳᠤᠷᠠᠰᠬᠠᠭᠰᠠᠨ ᠪᠢᠴᠢᠭᠡᠰᠦ ᠂ ᠲᠡᠦᠬᠡᠨ ᠵᠢᠷᠤᠭ ᠵᠢᠴᠢ ᠡᠯ᠎ᠡ ᠵᠦᠢᠯ  ᠤᠨ ᠢᠯᠡ ᠪᠡᠷ ᠨᠡᠶᠢᠲᠡᠯᠡᠵᠦ  ᠬᠡᠪᠯᠡᠭᠦᠯᠦᠭᠰᠡᠨ ᠪᠤᠶᠤ ᠳᠣᠲᠣᠭᠠᠳᠤ  ᠶ᠋ᠢᠨ ᠭᠠᠷ ᠬᠠᠭᠤᠯᠤᠮᠠᠯ ᠂ ᠪᠢᠴᠢᠮᠡᠯ ᠂  ᠲᠤᠰᠤᠨ ᠪᠠᠷ ᠤᠨ ᠳᠠᠷᠤᠮᠠᠯ  ᠂ ᠳᠠᠷᠤᠮᠠᠯᠯᠠᠭᠰᠠᠨ ᠨᠣᠮ ᠰᠡᠳᠬᠦᠯ  ᠪᠤᠶᠤ ᠵᠣᠬᠢᠶᠠᠯ ᠢ ᠳᠡᠯᠭᠡᠨ ᠦᠵᠡᠭᠦᠯᠵᠦ ᠪᠤᠢ ᠃
    1996 ᠣᠨ ᠳ᠋ᠤ ᠂ ᠥᠪᠥᠷ ᠮᠣᠩᠭᠣᠯ  ᠤᠨ ᠥᠪᠡᠷᠲᠡᠭᠡᠨ ᠵᠠᠰᠠᠬᠤ ᠣᠷᠣᠨ  ᠤ ᠣᠶᠤᠨ  ᠤ ᠪᠣᠯᠪᠠᠰᠤᠨ  ᠤ ᠪᠦᠲᠦᠭᠡᠨ ᠪᠠᠶᠢᠭᠤᠯᠤᠯᠲᠠ  ᠶ᠋ᠢᠨ ᠵᠥᠪᠯᠡᠯ ᠡᠴᠡ ᠮᠠᠶᠢᠰᠢᠨ ᠳᠤᠷᠠᠰᠬᠠᠯ  ᠤ ᠣᠷᠳᠣᠨ ᠢ ᠥᠪᠡᠷᠲᠡᠭᠡᠨ ᠵᠠᠰᠠᠬᠤ ᠣᠷᠣᠨ  ᠤ ᠱᠠᠲᠤᠨ  ᠤ ᠳᠡᠰ ᠦᠨ ᠡᠬᠡ ᠣᠷᠣᠨᠴᠢ ᠦᠵᠡᠯ  ᠤᠨ ᠬᠥᠮᠦᠵᠢᠯ  ᠤᠨ ᠰᠠᠭᠤᠷᠢᠨ ᠭᠠᠵᠠᠷ ᠪᠤᠯᠭᠠᠨ ᠨᠡᠷᠡᠶᠢᠳᠦᠭᠰᠡᠨ ᠪᠠᠶᠢᠨ᠎ᠠ ᠃

ᠵᠣᠬᠢᠶᠠᠭᠴᠢ:
ᠢᠷᠡᠯᠲᠡ: