ᠦᠨᠡᠨ ᠪᠤᠳᠠᠲᠠᠢ ᠠᠵᠢᠯᠯᠠᠵᠤ ᠬᠡᠯᠪᠡᠷᠢᠴᠢ ᠦᠵᠡᠯ  ᠢ ᠡᠰᠡᠷᠭᠦᠴᠡᠬᠦ ᠬᠡᠷᠡᠭᠲᠡᠢ

  2019-11-03

《ᠦᠵᠡᠬᠦ ᠳᠤ ᠶᠡᠭᠡ ᠯᠡ ᠬᠦᠭᠵᠢᠶᠠᠨ ᠲᠠᠢ ᠪᠠᠶᠢᠵᠣ᠂ ᠦᠨᠡᠨ ᠳᠡᠭᠡᠨ ᠬᠡᠯᠪᠡᠷᠢᠴᠢ ᠦᠵᠡᠯ ᠢᠶᠠᠷ ᠬᠡᠯᠪᠡᠷᠢᠴᠢ ᠦᠵᠡᠯ ᠢ ᠡᠰᠡᠷᠭᠦᠴᠡᠵᠦ ᠪᠤᠯᠬᠤ ᠦᠭᠡᠢ᠃》 ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠦᠬᠦᠯᠡᠯᠲᠡ ᠨᠢ ᠤᠳᠤᠬᠠᠨ ᠤ ᠨᠠᠮ ᠤᠨ ᠤᠯᠠᠨ ᠲᠦᠮᠡᠨᠴᠢ ᠱᠤᠭᠤᠮ ᠤᠨ ᠬᠦᠮᠦᠵᠢᠯ ᠦᠢᠯᠡᠳᠦᠯᠭᠡ ᠶᠢᠨ ᠠᠵᠢᠯᠯᠠᠭ᠎ᠠ ᠳᠣᠮᠳᠠ ᠤᠷᠤᠰᠢᠵᠦ ᠪᠠᠶᠢᠭ᠎ᠠ ᠲᠤᠪᠤᠶᠢᠮ᠎ᠠ ᠠᠰᠠᠭᠤᠳᠠᠯ ᠢ ᠵᠢᠭᠠᠵᠦ ᠭᠠᠷᠭᠠᠭᠰᠠᠨ ᠮᠦᠷᠲᠡᠭᠡᠨ ᠰᠤᠷᠲᠠᠯ ᠤᠨ ᠪᠠᠶᠢᠭᠤᠯᠤᠯᠲᠠ ᠶᠢᠨ ᠠᠨᠢᠰᠦ ᠶᠢ ᠤᠨᠤᠭᠠᠵᠦ᠂ ᠪᠢᠳᠡ ᠬᠦᠮᠦᠵᠢᠯ ᠦᠢᠯᠡᠳᠦᠯᠭᠡ ᠶᠢᠨ ᠠᠵᠢᠯᠯᠠᠭ᠎ᠠ ᠶᠢ ᠯᠠᠪᠳᠠᠭᠤᠨ ᠪᠠᠲᠤᠲᠠᠢ ᠠᠬᠢᠭᠤᠯᠬᠤ ᠳᠤ ᠴᠢᠷᠮᠠᠶᠢᠬᠤ ᠴᠢᠭᠯᠡᠯ ᠢ ᠵᠢᠭᠠᠵᠦ ᠦᠭᠴᠠᠢ᠃
     ᠶᠡᠷᠦᠩᠬᠡᠢ ᠳᠤᠨᠢ ᠠᠪᠴᠤ ᠬᠡᠯᠡᠪᠡᠯ᠂ ᠪᠦᠬᠦ ᠤᠷᠤᠨ ᠤ ᠬᠤᠶᠠᠳᠤᠭᠠᠷ ᠪᠦᠯᠦᠭ ᠤᠨ ᠬᠦᠮᠦᠵᠢᠯ ᠦᠢᠯᠡᠳᠦᠯᠭᠡ ᠶᠢᠨ ᠠᠵᠢᠯᠯᠠᠭ᠎ᠠ ᠶᠢᠨ ᠡᠬᠢᠯᠡᠯᠲᠡ ᠰᠠᠶᠢᠨ ᠪᠤᠯᠤᠭᠰᠠᠨ ᠪᠦᠭᠡᠳ ᠢᠳᠡᠭ ᠢᠳᠡᠭ ᠢᠶᠠᠷ ᠬᠦᠨᠵᠡᠭᠡᠶᠢᠷᠡᠵᠦ᠂ ᠯᠠᠪᠳᠠᠭᠤᠨ ᠪᠠᠲᠤᠲᠠᠢ ᠠᠬᠢᠵᠦ ᠪᠤᠢ᠃ ᠠᠮᠵᠢᠯᠲᠠ ᠪᠠᠨ ᠨᠤᠲᠠᠯᠠᠬᠤ ᠶᠢᠨ ᠬᠠᠮᠲᠦ᠂ ᠪᠢᠳᠡ ᠪᠠᠰᠠ ᠠᠵᠢᠯᠯᠠᠭ᠎ᠠ ᠳᠤᠮᠳᠠ ᠤᠷᠤᠰᠢᠵᠦ ᠪᠦᠬᠦᠢ ᠴᠤᠬᠤᠢᠢᠵᠣ ᠪᠠᠶᠢᠭ᠎ᠠ᠂ ᠬᠡᠯᠪᠡᠷᠢᠯ ᠤᠨ ᠴᠢᠨᠠᠷᠲᠠᠢ ᠠᠰᠠᠭᠤᠳᠠᠯ ᠳᠤ ᠰᠡᠷᠭᠡᠭ ᠲᠠᠨᠢᠯᠲᠠ ᠲᠠᠢ ᠪᠠᠶᠢᠬᠤ ᠬᠡᠷᠡᠭᠲᠠᠢ᠃ ᠵᠢᠱᠢᠶᠡᠯᠡᠪᠡᠯ ᠵᠠᠷᠢᠮ ᠬᠦᠮᠦᠨ ᠤ ᠦᠵᠡᠯ ᠲᠠᠨᠢᠯᠲᠠ ᠲᠡᠭᠡᠭᠰᠢᠯᠡᠵᠦ ᠲᠡᠶᠢᠯᠬᠦ ᠦᠭᠡᠢ᠂ ᠠᠵᠢᠯᠯᠠᠭ᠎ᠠ ᠶᠢ ᠲᠦᠯᠭᠢᠭᠡᠳ ᠦᠩᠭᠡᠷᠡᠬᠦ ᠶᠠᠪᠤᠳᠠᠯ ᠳᠡᠳᠦᠢ᠂ ᠶᠠᠪᠤᠳᠠᠯ ᠪᠤᠯᠭᠠᠨ ᠢ 《ᠦᠩᠭᠡᠷᠡᠭᠡᠵᠦ ᠲᠡᠶᠢᠯᠪᠡᠯ》 ᠪᠤᠯᠴᠢᠬᠠᠨ᠎ᠠ᠂ 《ᠪᠠᠷᠤᠭ ᠪᠤᠯᠬᠤ ᠰᠢᠭ᠋》 ᠰᠠᠨᠠᠭᠳᠠᠪᠠᠯ ᠪᠤᠯᠴᠢᠬᠠᠨ᠎ᠠ ᠭᠡᠵᠦ ᠦᠵᠡᠵᠦ ᠪᠣᠢ︔ ᠵᠠᠷᠢᠮ ᠤᠳᠤᠷᠢᠳᠤᠯᠭ᠎ᠠ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠬᠤ ᠦᠭᠡᠢ᠂ ᠠᠵᠢᠯᠯᠠᠭ᠎ᠠ ᠶᠢ ᠠᠬᠢᠭᠤᠯᠬᠤ ᠵᠠᠪᠤᠳᠠᠯ ᠢ 《ᠴᠠᠬ ᠢ ᠵᠠᠪᠳᠤᠬᠤ》 《ᠠᠬᠢᠴᠠ ᠶᠢ ᠬᠦᠭᠡᠭᠡᠴᠡᠯᠳᠦᠬᠦ》 ᠪᠤᠯᠭᠠᠨ ᠬᠤᠪᠢᠷᠠᠭᠤᠯᠵᠣ᠂ 《ᠠᠯᠤᠰ ᠠᠴᠠ ᠵᠢᠯᠤᠭᠤᠳᠴᠤ》᠂ 《ᠭᠠᠷ ᠰᠠᠵᠢᠨ ᠭᠠᠨᠵᠤᠭ᠎ᠠ ᠰᠠᠵᠢᠯᠠᠭᠤᠯᠤᠬᠰᠠᠨ ᠵᠠᠩᠭᠤᠢᠢᠳᠠ》 ᠪᠤᠯᠵᠤ ᠪᠠᠶᠢᠭ᠎ᠠ ᠵᠡᠷᠭᠡ ᠪᠣᠢ᠃ ᠵᠦᠪᠬᠡᠨ 《ᠡᠷᠬᠢᠨ ᠬᠠᠷᠠᠬᠤ》 ᠠᠵᠢᠯᠯᠠᠭ᠎ᠠ ᠶᠢ ᠰᠠᠶᠢᠳᠤᠷ ᠦᠷᠨᠢᠭᠦᠯᠵᠦ᠂ ᠠᠵᠢᠯᠯᠠᠭ᠎ᠠ ᠳᠣᠮᠳᠠ ᠤᠷᠤᠰᠢᠵᠦ ᠪᠦᠬᠦᠢ ᠡᠳᠡᠭᠡᠷ ᠠᠰᠠᠭᠤᠳᠠᠯ ᠢ ᠴᠠᠬ ᠲᠤᠬᠠᠢ ᠳᠤᠨᠢ ᠰᠢᠢᠳᠪᠦᠷᠢᠯᠡᠪᠡᠯ ᠰᠠᠶ᠋ᠢ ᠠᠵᠢᠯᠯᠠᠭ᠎ᠠ ᠶᠢᠨ ᠴᠢᠨᠠᠷ ᠬᠤᠪᠢᠷᠠᠬᠤ᠂ ᠭᠡᠯᠪᠡᠷᠢ ᠬᠤᠪᠢᠷᠠᠬᠤ ᠶᠢ ᠰᠡᠷᠭᠡᠶᠢᠯᠡᠵᠦ ᠴᠢᠳᠠᠬᠤ ᠪᠦᠭᠡᠳ ᠠᠵᠢᠯᠯᠠᠭ᠎ᠠ ᠶᠢ ᠨᠡᠩ ᠰᠠᠶᠢᠨ ᠢᠶᠠᠷ ᠠᠬᠢᠭᠤᠯᠬᠤ ᠶᠢ ᠪᠠᠳᠤᠯᠠᠵᠦ ᠴᠢᠳᠠᠨ᠎ᠠ᠃
     ᠲᠦᠪ ᠤᠨ ᠪᠤᠯᠤᠨ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠪᠠᠶᠢᠷᠢᠯᠠᠭᠤᠯᠤᠯᠳᠠ ᠶᠢ ᠦᠨᠳᠦᠰᠦᠯᠡᠵᠦ᠂ ᠮᠠᠨ ᠤ ᠤᠷᠤᠨ ᠤ ᠬᠤᠶᠠᠳᠤᠭᠠᠷ ᠪᠦᠯᠦᠭ ᠤᠨ ᠬᠦᠮᠦᠵᠢᠯ ᠦᠢᠯᠡᠳᠦᠯᠭᠡ ᠶᠢᠨ ᠠᠵᠢᠯᠯᠠᠭ᠎ᠠ ᠵᠠᠯᠭ᠎ᠠ ᠵᠠᠯᠭᠠᠪᠡᠷ ᠠᠰᠠᠭᠤᠳᠠᠯ ᠢ ᠪᠠᠶᠢᠴᠠᠭᠠᠨ ᠲᠡᠯᠭᠡᠬᠦ᠂ ᠰᠢᠬᠦᠮᠵᠢᠯᠡᠯ ᠬᠢᠬᠦ ᠱᠠᠳᠤᠨ ᠳᠤ ᠤᠷᠤᠵᠦ ᠪᠤᠢ᠃ ᠡᠨᠡ ᠪᠤᠯ ᠪᠦᠬᠦ᠋ᠢᠯᠠ ᠬᠦᠮᠦᠵᠢᠯ ᠦᠢᠯᠡᠳᠦᠯᠭᠡ ᠶᠢᠨ ᠠᠵᠢᠯᠯᠠᠭ᠎ᠠ ᠪᠤᠳᠠᠳᠦ ᠦᠷ᠎ᠠ ᠪᠦᠳᠦᠮᠵᠢ ᠤᠯᠬᠤ ᠶᠢᠨ ᠵᠠᠩᠬᠢᠯᠠᠭ᠎ᠠ ᠪᠣᠯᠣᠨ᠎ᠠ᠃ ᠬᠤᠶᠠᠳᠤᠭᠠᠷ ᠭᠤᠭᠴᠤᠭ᠎ᠠ ᠶᠢᠨ ᠡᠯ᠎ᠠ ᠵᠦᠢᠯ ᠤᠨ ᠠᠵᠢᠯ ᠢ ᠴᠢᠩᠭ᠎ᠠ ᠪᠤᠳᠠᠳᠠᠢ ᠰᠠᠶᠢᠳᠤᠷ ᠬᠢᠬᠦ ᠳᠤ᠂ ᠡᠷᠭᠡᠪᠰᠢ ᠠᠵᠢᠯ ᠤᠨ ᠭᠤᠤᠯᠳᠠᠯᠭ᠎ᠠ ᠳᠡᠭᠡᠷ᠎ᠡ ᠠᠩᠬᠠᠷᠣᠯ ᠢᠶᠠᠨ ᠴᠢᠨᠠᠭᠰᠢᠳᠠ ᠲᠦᠪᠯᠡᠷᠡᠭᠦᠯᠵᠦ᠂ ᠪᠠᠷᠢᠮᠵᠢᠶ᠎ᠠ ᠱᠠᠭᠠᠷᠳᠠᠯᠭ᠎ᠠ ᠶᠢ ᠴᠢᠩᠳᠠᠯᠠᠬᠤ ᠭᠡᠷᠡᠭᠳᠠᠢ᠃ ᠠᠰᠠᠭᠤᠳᠠᠯ ᠢ ᠪᠠᠶᠢᠴᠠᠭᠠᠨ ᠲᠡᠯᠭᠡᠬᠦ ᠳᠡᠭᠡᠨ ᠭᠦᠨᠵᠡᠭᠡᠢ ᠮᠦᠷᠳᠡᠭᠡᠨ ᠪᠤᠳᠠᠳᠠᠢ ᠪᠠᠶᠢᠵᠣ᠂ 《ᠲᠦᠷᠪᠡᠨ ᠰᠤᠷᠳᠠᠯ》 ᠤᠨ ᠠᠰᠠᠭᠤᠳᠠᠯ ᠳᠤ ᠠᠩᠬᠠᠷᠣᠯ ᠢᠶᠠᠨ ᠲᠦᠪᠯᠡᠷᠡᠭᠦᠯᠵᠦ᠂ ᠠᠷᠬᠠᠬ ᠭᠡᠮ ᠤᠨ ᠦᠨᠳᠦᠰᠦ ᠰᠢᠯᠳᠠᠭᠠᠨ ᠢ ᠤᠨᠤᠪᠴᠢᠳᠠᠢ ᠡᠷᠢᠵᠦ ᠤᠯᠬᠤ ᠭᠡᠷᠡᠭᠳᠠᠢ᠂ ᠳᠡᠭᠡᠮ ᠲᠠᠭᠡᠭᠦᠷ ᠬᠦᠪᠪᠦᠭᠦ᠂ ᠭᠤᠳᠤᠯ ᠤᠨ ᠭᠠᠳᠠᠨ᠎ᠠ ᠠᠴᠠ ᠮᠠᠭᠠᠵᠢᠬᠤ ᠲᠡᠳᠦᠢ ᠪᠠᠶᠢᠵᠣ ᠶᠠᠭᠠᠬᠢᠭᠰᠠᠨ ᠴᠤ ᠪᠤᠯᠬᠤ ᠦᠭᠡᠢ᠃
     ᠳᠤᠰᠬᠠᠢ ᠰᠠᠳᠦᠪᠳᠦ ᠠᠷᠠᠳᠴᠢᠯᠡᠯ ᠤᠨ ᠠᠮᠢᠳᠦᠷᠠᠯ ᠤᠨ ᠬᠤᠷᠠᠯ ᠠᠴᠠ ᠡᠮᠤᠨ᠎ᠠ ᠪᠣᠳᠣᠯ ᠰᠠᠨᠠᠯ ᠢᠶᠠᠨ ᠰᠤᠯᠢᠯᠴᠠᠬᠤ ᠳᠤ ᠬᠦᠢᠴᠠᠳ ᠶᠠᠷᠢᠯᠴᠠᠵᠦ᠂ ᠳᠤᠤᠱᠳᠠᠢ ᠶᠠᠷᠢᠯᠴᠠᠵᠦ᠂ ᠠᠰᠠᠭᠤᠳᠠᠯ ᠢ ᠠᠭᠤᠳᠠᠯᠯᠠᠵᠦ᠂ ᠦᠵᠡᠯ ᠰᠠᠨᠠᠭ᠎ᠠ ᠪᠠᠨ ᠨᠡᠪᠳᠡᠷᠡᠯᠴᠡᠵᠦ᠂ ᠰᠠᠨᠠᠯ ᠢᠶᠠᠨ ᠰᠠᠶᠢᠳᠦᠷ ᠰᠤᠯᠢᠯᠴᠠᠬᠤ ᠬᠡᠷᠡᠭᠳᠡᠢ᠃ ᠬᠠᠷᠢᠴᠠᠭᠤᠯᠤᠠ ᠪᠠᠶᠢᠴᠠᠭᠠᠬᠤ ᠮᠠᠲ᠋ᠧᠷᠢᠶᠠᠯ ᠳᠤ ᠬᠡᠷᠡᠭ ᠶᠠᠪᠤᠳᠠᠯ᠂ ᠬᠦᠮᠦᠠ᠂ ᠦᠵᠡᠯ ᠰᠠᠨᠠᠭ᠎ᠠ ᠲᠠᠢ ᠪᠠᠶᠢᠵᠦ᠂ ᠦᠨᠠᠠ ᠰᠠᠳᠬᠢᠯᠬᠡ ᠪᠠᠨ ᠢᠯᠠᠬᠦᠬᠡᠡ ᠢᠯᠡᠷᠡᠬᠦᠯᠵᠦ᠂ ᠴᠦᠬᠡᠡ ᠰᠢᠭ ᠵᠤᠷᠢᠭᠤᠳᠠ ᠵᠤᠬᠢᠶᠠᠬᠤ ᠬᠡᠷᠡᠭᠳᠡᠢ᠃ ᠰᠢᠬᠦᠮᠵᠢᠯᠡᠯ ᠬᠢᠬᠦ ᠳᠤ ᠵᠤᠷᠢᠬᠳᠠᠢ ᠬᠢᠵᠦ᠂ 《ᠠᠶᠤᠬᠤ》 ᠦᠵᠡᠯ ᠰᠠᠨᠠᠭ᠎ᠠ ᠶᠢ ᠳᠠᠪᠴᠢᠵᠦ᠂ 《ᠳᠤᠭᠤᠷᠢᠵᠦ ᠭᠠᠷᠬᠤ》 ᠦᠵᠡᠭᠳᠡᠯ ᠠᠴᠠ ᠵᠠᠶᠢᠯᠠᠰᠭᠢᠵᠦ᠂ 《ᠬᠡᠢ ᠬᠤᠭᠤᠰᠦᠠ ᠬᠢᠬᠦ》 ᠠᠰᠠᠭᠤᠳᠠᠯ ᠢ ᠰᠠᠷᠬᠡᠶᠢᠯᠡᠵᠦ᠂ ᠨᠢᠭᠤᠵᠦ ᠳᠠᠯᠳᠠᠯᠠᠬᠤ ᠦᠬᠡᠢ ᠬᠡᠯᠡᠵᠦ᠂ ᠭᠤᠤᠯ ᠰᠠᠳᠦᠪ ᠲᠡᠭᠡᠨ ᠰᠢᠭᠤᠳ ᠤᠷᠦᠵᠦ᠂ ᠨᠠᠶᠢᠷ ᠳᠠᠯ᠎ᠠ ᠬᠠᠷᠠᠬᠤ ᠠᠴᠠ ᠵᠤᠷᠢᠬᠳᠠᠢ ᠵᠠᠶᠢᠯᠠᠵᠦ᠂ ᠳᠤᠳᠠᠬᠳᠠᠯ ᠢ ᠢᠯᠠᠴᠢᠯᠠᠠ ᠭᠦᠢᠴᠡᠳ ᠦᠭᠡᠢ ᠳᠠᠯ᠎ᠠ ᠶᠢ ᠢᠯᠠᠷᠠᠬᠦᠯᠵᠦ᠂ ᠦᠨᠠᠨᠬᠦ ᠨᠢᠭᠤᠷ ᠤᠯᠠᠶᠢᠯᠭᠠᠠ᠂ ᠬᠦᠯᠥᠰᠦ ᠭᠠᠷᠭᠠᠯᠭᠠᠬᠤ ᠬᠡᠷᠡᠭᠳᠡᠢ᠃
     ᠬᠦᠮᠦᠵᠢᠯ ᠦᠢᠯᠡᠳᠦᠯᠬᠡ ᠶᠢᠨ ᠠᠵᠢᠯᠯᠠᠭ᠎ᠠ ᠶᠢ ᠦᠷᠨᠢᠬᠦᠯᠬᠦ ᠳᠤ᠂ ᠡᠴᠦᠰ ᠤᠨ ᠡᠴᠦᠰ ᠲᠤ ᠠᠰᠠᠭᠤᠳᠠᠯ ᠢ ᠰᠢᠢᠳᠪᠤᠷᠢᠯᠡᠭᠰᠠᠠ ᠦᠷ᠎ᠠ ᠪᠦᠳᠦᠮᠵᠢ ᠪᠠᠷ ᠰᠢᠯᠭᠠᠬᠤ ᠬᠡᠷᠡᠭᠳᠡᠢ᠃ ᠬᠡᠷᠪᠡ ᠠᠰᠠᠭᠤᠳᠠᠯ ᠢ ᠪᠠᠶᠢᠴᠠᠭᠠᠠ ᠭᠠᠷᠭᠠᠴᠢᠬᠠᠭᠠᠳ ᠰᠢᠢᠳᠪᠤᠷᠢᠯᠠᠬᠦ ᠦᠬᠡᠢ᠂ ᠨᠠᠷ᠎ᠠ ᠭᠠᠷᠭᠠᠭᠠᠳ ᠬᠢᠬᠦ ᠦᠬᠡᠢ᠂ ᠠᠵᠢᠯᠯᠠᠭ᠎ᠠ ᠳᠠᠭᠤᠰᠤᠴᠢᠬᠠᠬᠰᠠᠠ ᠪᠠᠶᠢᠳᠠᠯ᠎ᠠ ᠰᠠᠨᠠᠯ ᠨᠢ ᠪᠠᠰᠠ ᠴᠦ ᠳᠠᠳᠠᠭᠡᠷ ᠰᠠᠨᠠᠯ ᠢᠶᠠᠷ ᠢᠶᠠᠨ ᠪᠠᠶᠢᠵᠦ᠂ ᠠᠰᠠᠭᠤᠳᠠᠯ ᠨᠢ ᠪᠠᠰᠠ ᠴᠦ ᠳᠠᠳᠡᠭᠡᠷ ᠠᠰᠠᠭᠤᠳᠠᠯ ᠢᠶᠠᠷ ᠢᠶᠠᠨ ᠪᠠᠶᠢᠳᠠᠬ ᠲᠤ ᠬᠦᠷᠪᠡᠯ᠂ ᠳᠡᠷᠡ ᠨᠢ ᠨᠠᠶᠢᠳᠡᠯᠢᠭ ᠬᠡᠯᠪᠡᠷᠢᠴᠢ ᠦᠵᠡᠯ ᠳᠤ ᠳᠤᠭᠠᠴᠠᠬᠳᠠᠨ᠎ᠠ᠃ ᠬᠦᠯᠢᠶᠡᠬᠦ ᠦᠬᠡᠢ ᠤᠳᠠᠭᠠᠰᠢᠷᠠᠭᠤᠯᠬᠤ ᠦᠬᠡᠢ᠂ ᠰᠤᠷᠣᠯᠴᠠᠬᠤ ᠶᠢᠨ ᠲᠠᠭᠠᠤ ᠰᠠᠶᠢᠵᠢᠷᠠᠭᠤᠯᠵᠤ᠂ ᠪᠠᠶᠢᠴᠠᠭᠠᠬᠤ ᠶᠢᠨ ᠲᠠᠭᠠᠤ ᠰᠠᠶᠢᠵᠢᠷᠠᠭᠤᠯᠵᠤ᠂ ᠬᠡᠯᠡᠪᠡᠯ ᠲᠠᠷᠤᠢ ᠰᠠᠶᠢᠵᠢᠷᠠᠭᠤᠯᠪᠠᠯ ᠰᠠᠶ᠋ᠢ ᠠᠵᠢᠯᠯᠠᠭ᠎ᠠ ᠶᠢᠨ ᠠᠪᠴᠢᠷᠠᠭᠰᠠᠨ ᠰᠢᠨ᠎ᠠ ᠬᠤᠪᠢᠷᠠᠯᠳᠠ ᠶᠢ ᠤᠯᠠᠨ ᠲᠦᠡᠮᠨ ᠳᠤ ᠦᠨᠡᠨᠬᠦ ᠮᠡᠳᠡᠭᠳᠡᠭᠦᠯᠵᠦ ᠴᠢᠳᠠᠨ᠎ᠠ᠃ 《ᠲᠦᠷᠪᠡᠨ ᠰᠤᠷᠳᠠᠯ》 ᠤᠨ ᠳᠠᠯ᠎ᠠ ᠪᠠᠷ ᠬᠢ ᠠᠰᠠᠭᠤᠳᠠᠯ ᠢ ᠰᠢᠢᠳᠪᠦᠷᠢᠯᠡᠬᠦ ᠪᠤᠯ ᠨᠢᠬᠡ ᠤᠳᠠᠭ᠎ᠠ ᠶᠢᠨ ᠪᠣᠭᠤᠮᠳᠠ ᠰᠢᠪᠳᠣᠯᠬᠤ ᠲᠠᠶᠢᠯᠠᠯᠳᠤᠭᠠᠨ ᠪᠣᠯᠣᠨ᠎ᠠ᠃ ᠲᠦᠪ ᠪᠤᠰᠤ ᠰᠤᠷᠳᠠᠯ ᠤᠨ ᠲᠦᠷᠤᠯ ᠬᠤᠪᠢᠷᠠᠬᠤ᠂ ᠲᠠᠬᠢᠨ ᠡᠬᠦᠰᠬᠦ᠂ ᠡᠷᠬᠢᠵᠤ ᠢᠷᠡᠬᠦ ᠶᠢ ᠰᠡᠷᠭᠡᠶᠢᠯᠡᠬᠦ ᠳᠤ᠂ ᠰᠤᠷᠲᠠᠯ ᠢ ᠲᠦᠪ ᠪᠤᠯᠭᠠᠨ ᠰᠠᠬᠢᠯᠭ᠎ᠠ ᠪᠠᠲᠦ ᠶᠢ ᠴᠢᠩᠳᠠᠯᠠᠬᠤ ᠠᠵᠢᠯ ᠢ ᠴᠢᠩᠭᠠᠳᠬᠠᠵᠦ᠂ ᠬᠠᠭᠤᠴᠢᠨ ᠲᠠᠳᠬᠠᠯ ᠢ ᠵᠤᠷᠢᠬᠳᠠᠢ ᠲᠡᠪᠴᠢᠵᠤ᠂ ᠲᠠᠯᠳᠠ ᠲᠦᠷᠢᠮ ᠢ ᠡᠰᠡᠷᠬᠦᠴᠡᠵᠦ᠂ ᠰᠠᠬᠢᠯᠭ᠎ᠠ ᠲᠦᠷᠢᠮ ᠠᠴᠠ ᠵᠦᠷᠢᠴᠡᠭᠰᠡᠨ ᠠᠵᠢᠯᠯᠠᠭ᠎ᠠ ᠳᠤ ᠴᠤᠬᠢᠯᠳᠠ ᠦᠭᠬᠦ ᠭᠡᠷᠡᠭᠳᠠᠢ᠃
     ᠬᠡᠯᠪᠡᠷᠢᠴᠢ ᠦᠵᠡᠯ ᠪᠤᠯ ᠤᠯᠠᠨ ᠲᠦᠮᠡᠨᠴᠢ ᠱᠤᠭᠤᠮ ᠢ ᠳᠣᠣᠱᠯᠠᠭᠤᠯᠬᠤ ᠶᠢᠨ ᠲᠠᠶᠢᠰᠤᠨ ᠪᠤᠯᠤᠨ᠎ᠠ᠃ ᠬᠤᠶᠠᠳᠤᠭᠠᠷ ᠪᠦᠯᠦᠭ ᠤᠨ ᠬᠦᠮᠤᠵᠢᠯ ᠤᠢᠢᠯᠡᠳᠤᠯᠬᠡ ᠶᠢᠨ ᠠᠵᠢᠯᠯᠠᠭ᠎ᠠ ᠶᠢ ᠤᠯᠠᠨ ᠲᠦᠮᠡᠨ ᠤ ᠲᠤᠮᠳᠠ ᠦᠷᠨᠢᠬᠦᠯᠵᠤ ᠪᠣᠢ᠂ ᠨᠠᠮ ᠤᠨ ᠬᠡᠰᠢᠬᠦᠨ᠂ ᠺᠠᠳ᠋ᠷᠴᠣᠳ ᠤᠨ 《ᠲᠦᠷᠪᠡᠨ ᠰᠤᠷᠳᠠᠯ》 ᠤᠨ ᠳᠠᠯ᠎ᠠ ᠪᠠᠷ ᠬᠢ ᠠᠰᠠᠭᠤᠳᠠᠯ ᠲᠦᠭ ᠲᠦᠮᠡᠨ ᠡᠷᠤᠬᠡ ᠶᠢᠨ ᠠᠮᠢᠳᠤᠷᠠᠯ ᠲᠠᠢ ᠨᠢᠬᠳᠠ ᠬᠤᠯᠪᠤᠭᠳᠠᠨ᠎ᠠ᠃ ᠤᠯᠠᠨ ᠲᠦᠮᠡᠨ 《ᠦᠨᠡᠨ ᠪᠤᠳᠠᠳᠠᠢ ᠬᠢᠬᠦ》 ᠶᠢ ᠬᠠᠮᠤᠬ ᠠᠴᠠ ᠬᠦᠨᠳᠦᠳᠭᠡᠵᠦ᠂ 《ᠬᠤᠳᠠᠯ ᠬᠠᠭᠤᠷᠮᠠᠬ ᠠᠭᠠᠰᠢᠯᠠᠬᠤ》 ᠶᠢ ᠬᠠᠮᠤᠬ ᠠᠴᠠ ᠲᠤᠷ᠎ᠠ ᠦᠬᠡᠶᠢᠴᠡᠳᠡᠭ᠃ ᠪᠤᠳᠠᠳᠠᠢ ᠠᠷᠭ᠎ᠠ ᠠᠪᠴᠤ᠂ ᠡᠷᠴᠢ ᠵᠤᠷᠢᠭ ᠢᠶᠠᠨ ᠬᠦᠪᠴᠢᠯᠡᠪᠡᠯ᠂ ᠪᠢᠳᠠ ᠰᠠᠶ᠋ᠢ 《8337》 ᠬᠦᠭᠵᠢᠯᠳᠠ ᠶᠢᠨ ᠰᠡᠳᠬᠢᠴᠠ ᠶᠢ ᠭᠦᠨᠵᠡᠭᠡᠢ ᠬᠡᠷᠡᠭᠵᠢᠭᠦᠯᠬᠦ ᠵᠠᠪᠤᠴᠠ ᠳᠤ ᠡᠯ᠎ᠠ ᠵᠦᠢᠯ ᠤᠨ ᠠᠵᠢᠯ ᠢᠶᠠᠨ ᠤᠯᠠᠨ ᠲᠦᠮᠡᠨ ᠤ ᠰᠠᠨᠠᠭᠠᠨ ᠳᠤ ᠨᠡᠶᠢᠴᠡᠳᠡᠯ᠎ᠠ ᠬᠢᠵᠤ᠂ ᠠᠤᠭ᠎ᠠ ᠵᠢᠷᠤᠬ ᠲᠦᠯᠤᠪᠯᠡᠭᠡ ᠪᠠᠨ ᠦᠪᠤᠷ ᠮᠤᠩᠭᠤᠯ ᠤᠨ ᠨᠤᠳᠤᠬ ᠲᠡᠪᠰᠭᠡᠷ ᠲᠡᠭᠡᠷ᠎ᠠ ᠪᠢᠴᠢᠭᠯᠠᠵᠤ ᠴᠢᠳᠠᠨ᠎ᠠ᠃



ᠵᠣᠬᠢᠶᠠᠭᠴᠢ:
ᠢᠷᠡᠯᠲᠡ: ᠳᠤᠮᠳᠠᠳᠤ ᠤᠯᠤᠰ ᠤᠨ ᠮᠤᠩᠭᠤᠯ ᠭᠡᠯᠡᠨ ᠤ ᠰᠤᠨᠢᠨ ᠮᠡᠳᠡᠭᠡ ᠶᠢᠨ ᠰᠦᠯᠵᠢᠶ᠎ᠠ