ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠠᠵᠢᠯ ᠦᠨᠢᠳᠡ ᠵᠤᠭᠰᠤᠰᠢ ᠦᠭᠡᠢ ᠦᠷᠭᠦᠯᠵᠢᠯᠡᠨ᠎ᠡ

  2019-11-03

    — ᠨᠠᠮ ᠤᠨ ᠠᠷᠪᠡᠨ ᠨᠠᠢᠮᠠᠳᠤᠭᠠᠷ ᠬᠤᠭᠤᠴᠠᠭᠠᠨ ᠤ ᠲᠦᠪ ᠬᠤᠷᠢᠶᠠᠨ ᠤ ᠵᠢᠷᠭᠤᠳᠤᠭᠠᠷ ᠪᠦᠬᠦᠳᠠ ᠬᠤᠷᠠᠯ ᠤᠨ ᠠᠯᠪᠡᠨ ᠮᠡᠳᠡᠭᠡ ᠦᠷᠭᠡᠨ ᠤᠯᠠᠨ ᠨᠠᠮ ᠤᠨ ᠭᠡᠰᠢᠬᠦᠨ ᠺᠠᠳ᠋ᠷ ᠤᠯᠠᠨ ᠲᠦᠮᠡᠨ ᠤ ᠳᠤᠮᠳᠠ ᠴᠢᠩᠭ᠎ᠠ ᠲᠤᠰᠬᠠᠯ ᠭᠠᠷᠪᠠ

     ᠡᠨᠡ ᠪᠤᠯ ᠨᠠᠮ ᠤᠨ ᠪᠠᠶᠢᠭᠤᠯᠤᠯᠳᠠ ᠶᠢᠨ ᠠᠭᠤᠤ ᠶᠡᠭᠡ ᠢᠨᠵᠧᠨᠧᠷᠢᠩ ᠤᠨ ᠬᠦᠨᠵᠡᠭᠡᠢ ᠳ᠋ᠦᠩᠨᠡᠯᠳᠠ ᠮᠦᠨ᠃
     ᠡᠨᠡ ᠪᠤᠯ ᠦᠨᠳᠦᠰᠦᠳᠡᠨ ᠤ ᠰᠡᠷᠬᠦᠨ ᠮᠠᠨᠳᠤᠯᠳᠠ ᠶᠢ ᠬᠦᠳᠦᠯᠤᠨ ᠲᠠᠭᠠᠭᠤᠯᠬᠤ ᠰᠢᠨ᠎ᠠ ᠭᠠᠷᠤᠭ᠎ᠠ ᠮᠦᠨ᠃
     ᠤᠯᠠᠭᠠᠨ ᠪᠡᠴᠢᠨ ᠵᠢᠯ ᠤᠨ ᠠᠯᠳᠠᠨ ᠨᠠᠮᠤᠷ ᠢᠶᠠᠷ ᠨᠠᠮ ᠤᠨ ᠠᠷᠪᠡᠨ ᠨᠠᠢᠮᠠᠳᠤᠭᠠᠷ ᠬᠤᠭᠤᠴᠠᠭᠠᠨ ᠤ ᠲᠦᠪ ᠬᠤᠷᠢᠶᠠᠨ ᠤ ᠵᠢᠷᠭᠤᠳᠤᠭᠠᠷ ᠪᠦᠬᠦᠳᠠ ᠬᠤᠷᠠᠯ ᠠᠮᠵᠢᠯᠳᠠᠳᠠᠢ ᠬᠤᠷᠠᠯᠳᠤᠵᠦ᠂ ᠨᠠᠮ ᠤᠨ ᠠᠷᠪᠡᠨ ᠨᠠᠢᠮᠠᠳᠤᠭᠠᠷ ᠶᠡᠭᠡ ᠬᠤᠷᠠᠯ ᠠᠴᠠ ᠨᠠᠰᠢ᠂ ᠰᠢ ᠶᠢᠨ ᠫᠢᠩ ᠨᠦᠬᠦᠷ ᠢᠶᠠᠷ ᠭᠤᠤᠯ ᠪᠤᠯᠭᠠᠭᠰᠠᠨ ᠨᠠᠮ ᠤᠨ ᠲᠦᠪ ᠬᠤᠷᠢᠶᠠᠨ ᠤ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠠᠵᠢᠯ ᠤᠨ ᠠᠮᠵᠢᠯᠳᠠ ᠶᠢ ᠳᠡᠭᠡᠳᠦ ᠭᠡᠮᠵᠢᠶ᠎ᠠ ᠪᠠᠷ ᠦᠨᠡᠯᠡᠵᠦ᠂ 《ᠰᠢᠨ᠎ᠠ ᠪᠠᠶᠢᠳᠠᠯ ᠳᠤᠤᠷᠠᠬᠢ ᠨᠠᠮ ᠤᠨ ᠳᠤᠳᠤᠭᠠᠳᠦ ᠶᠢᠨ ᠤᠯᠤᠰ ᠲᠦᠷᠦ ᠶᠢᠨ ᠠᠮᠢᠳᠤᠷᠠᠯ ᠤᠨ ᠲᠤᠬᠠᠢ ᠪᠠᠷᠢᠮᠵᠢᠶ᠎ᠠ ᠨᠤᠭᠤᠳ》 ᠪᠠ 《ᠳᠤᠮᠳᠠᠳᠤ ᠤᠯᠤᠰ ᠤᠨ ᠡᠪ ᠬᠠᠮᠳᠦ ᠨᠠᠮ ᠤᠨ ᠨᠠᠮ ᠤᠨ ᠳᠤᠳᠤᠭᠠᠳᠦ ᠶᠢᠨ ᠬᠢᠨᠠᠯᠳᠠ ᠲᠠᠯᠪᠢᠬᠤ ᠲᠦᠷᠢᠮ》 ᠢ ᠬᠢᠨᠠᠨ ᠵᠦᠪᠯᠡᠵᠦ ᠪᠠᠳᠤᠯᠠᠪᠠ᠃
     ᠪᠦᠬᠦᠳᠠ ᠬᠤᠷᠠᠯ ᠤᠨ ᠬᠤᠷᠠᠯᠳᠤᠭᠰᠠᠨ ᠨᠢ ᠪᠦᠬᠦ ᠨᠠᠮ ᠪᠦᠬᠦ ᠴᠡᠷᠢᠭ ᠪᠦᠬᠦ ᠤᠯᠤᠰ ᠤᠨ ᠦᠨᠳᠦᠰᠦᠳᠡᠨ ᠨᠦᠭᠦᠳ ᠤᠨ ᠠᠷᠠᠳ ᠲᠦᠮᠡᠨ ᠤ ᠬᠠᠮᠳᠦ ᠶᠢᠨ ᠬᠦᠰᠡᠯ ᠢ ᠲᠤᠰᠬᠠᠵᠦ᠂ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠠᠵᠢᠯ ᠬᠦᠨᠵᠡᠭᠡᠶᠢᠷᠡᠵᠦ ᠪᠤᠳᠠᠳᠠᠶᠢᠵᠢᠭᠬᠤ ᠴᠢᠩᠭ᠎ᠠ ᠲᠤᠬᠢᠶ᠎ᠠ ᠦᠭᠴᠠᠢ — ᠳᠤᠮᠳᠠᠳᠤ ᠤᠯᠤᠰ ᠤᠨ ᠡᠪ ᠬᠠᠮᠳᠦ ᠨᠠᠮ ᠠᠷᠠᠳ ᠲᠦᠮᠡᠨ ᠳᠡᠭᠡᠨ ᠨᠠᠮ ᠢ ᠬᠠᠮᠢᠶᠠᠷᠴᠦ ᠨᠠᠮ ᠢ ᠵᠠᠰᠠᠬᠤ ᠰᠢᠨ᠎ᠠ ᠰᠢᠯᠭᠠᠯᠳᠠ ᠶᠢᠨ ᠬᠠᠭᠤᠳᠠᠰᠤ ᠶᠢ ᠲᠤᠰᠢᠶᠠᠵᠦ᠂ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠢᠯᠡᠰ ᠤᠨ ᠰᠢᠨ᠎ᠠ ᠪᠠᠶᠢᠳᠠᠯ ᠢ ᠳᠠᠰᠤᠷᠠᠯᠳᠠ ᠦᠭᠡᠢ ᠡᠬᠦᠳᠦᠨ᠎ᠠ᠃

     ᠨᠠᠮ ᠤᠨ ᠳᠤᠳᠤᠭᠠᠳᠤ ᠶᠢᠨ ᠠᠮᠢ ᠠᠬᠤᠢ ᠶᠢ ᠴᠡᠪᠡᠷᠰᠢᠬᠦᠯᠵᠤ᠂ ᠲᠡᠤᠬᠡᠳᠤ ᠡᠬᠦᠷᠬᠡ ᠶᠢ ᠬᠠᠷᠢᠭᠤᠴᠠᠬᠤ ᠶᠢ ᠳᠤᠳᠤᠷᠬᠠᠢᠢᠯᠠᠬᠤ ᠬᠡᠷᠡᠭᠳᠠᠢ — — 95 ᠵᠢᠯ ᠤᠨ ᠲᠡᠤᠬᠡ ᠲᠠᠢ᠂ 8800 ᠭᠠᠷᠤᠢ ᠲᠦᠮᠡᠨ ᠨᠠᠮ ᠤᠨ ᠬᠡᠰᠢᠬᠦᠨ ᠲᠠᠢ ᠳᠤᠮᠳᠠᠳᠤ ᠤᠯᠤᠰ ᠤᠨ ᠡᠪ ᠬᠠᠮᠳᠤ ᠨᠠᠮ ᠡᠷᠬᠡᠪᠰᠢ 《ᠲᠦᠷᠪᠡᠨ ᠶᠡᠭᠡ ᠰᠢᠯᠭᠠᠯᠳᠠ》 ᠶᠢ ᠲᠠᠭᠠᠭᠠᠵᠤ᠂ 《ᠲᠦᠷᠪᠡᠨ ᠵᠦᠢᠯ ᠤᠨ ᠠᠶᠤᠯ ᠲᠦᠭᠰᠢᠬᠦᠷᠢ》 ᠶᠢ ᠳᠠᠪᠠᠭ᠋ᠤ ᠭᠡᠷᠡᠭᠳᠠᠢ
     ᠨᠠᠮ ᠨᠢ ᠨᠠᠮ ᠢ ᠬᠠᠮᠢᠶᠠᠷᠬᠤ ᠳᠤ ᠡᠷᠬᠡᠪᠰᠢ ᠨᠠᠮ ᠤᠨ ᠳᠤᠳᠤᠭᠠᠳᠤ ᠶᠢᠨ ᠤᠯᠤᠰ ᠲᠦᠷᠤ ᠶᠢᠨ ᠠᠮᠢᠳᠤᠷᠠᠯ ᠠᠴᠠ ᠡᠬᠢᠯᠠᠨ ᠬᠠᠮᠢᠶᠠᠷᠴᠤ᠂ ᠨᠠᠮ ᠢ ᠴᠢᠩᠭ᠎ᠠ ᠵᠠᠰᠠᠬᠤ ᠳᠤ ᠡᠷᠬᠡᠪᠰᠢ ᠨᠠᠮ ᠤᠨ ᠳᠤᠳᠤᠭᠠᠳᠤ ᠶᠢᠨ ᠤᠯᠤᠰ ᠲᠦᠷᠤ ᠶᠢᠨ ᠠᠮᠢᠳᠤᠷᠠᠯ ᠠᠴᠠ ᠡᠬᠢᠯᠠᠨ ᠴᠢᠩᠭ᠎ᠠ ᠵᠠᠰᠠᠬᠤ ᠭᠡᠷᠡᠭᠳᠠᠢ᠃
     《ᠰᠢᠨ᠎ᠠ ᠲᠡᠤᠬᠡ ᠶᠢᠨ ᠭᠠᠷᠤᠭ᠎ᠠ ᠳᠤ ᠳᠤᠮᠳᠠᠳᠤ ᠤᠯᠤᠰ ᠤᠨ ᠤᠨᠴᠠᠯᠢᠬ ᠲᠠᠢ ᠨᠡᠶᠢᠬᠡᠮ ᠵᠢᠷᠤᠮ ᠢ ᠪᠠᠷᠢᠮᠳᠠᠯᠠᠨ ᠬᠦᠭᠵᠢᠬᠦᠯᠬᠦ ᠳᠤ᠂ ᠮᠠᠨ ᠤ ᠡᠮᠤᠨ᠎ᠠ ᠲᠤᠯᠭᠠᠷᠠᠵᠤ ᠪᠠᠶᠢᠭ᠎ᠠ ︿ᠲᠦᠷᠪᠡᠨ ᠶᠡᠭᠡ ᠰᠢᠯᠭᠠᠯᠳᠠ﹀ ᠪᠤᠯ ᠤᠷᠳᠤ ᠬᠤᠭᠤᠴᠠᠭᠠᠨ ᠤ᠂ ᠨᠠᠷᠢᠨ ᠪᠤᠳᠤᠯᠢᠶᠠᠨᠳᠠᠢ᠂ ᠬᠦᠨᠳᠤ ᠨᠤᠴᠢᠳᠠᠢ ᠪᠠᠶᠢᠭ᠎ᠠ ᠶᠤᠮ᠂ ︿ᠲᠦᠷᠪᠡᠨ ᠵᠦᠢᠯ ᠤᠨ ᠠᠶᠤᠯ ᠲᠦᠭᠰᠢᠬᠦᠷᠢ﹀ ᠨᠡᠩ ᠬᠤᠷᠴᠠ ᠰᠢᠷᠤᠬᠦᠨ ᠢᠶᠠᠷ ᠪᠦᠬᠦ ᠨᠠᠮ ᠤᠨ ᠡᠮᠤᠨ᠎ᠠ ᠲᠠᠯᠪᠢᠬᠳᠠᠵᠤ ᠪᠤᠢ》 ᠬᠡᠵᠤ ᠲᠦᠪ ᠤᠨ ᠨᠠᠮ ᠤᠨ ᠰᠤᠷᠭᠠᠭᠤᠯᠢ ᠶᠢᠨ ᠫᠷᠤᠹᠧᠰᠰᠤᠷ ᠰᠢᠨ ᠮᠢᠩ ᠬᠡᠯᠡᠪᠡ᠃ 《ᠲᠦᠷᠪᠡᠨ ᠶᠡᠭᠡ ᠰᠢᠯᠭᠠᠯᠳᠠ》 ᠶᠢ ᠲᠠᠭᠠᠭᠠᠵᠤ᠂ 《ᠲᠦᠷᠪᠡᠨ ᠵᠦᠢᠯ ᠤᠨ ᠠᠶᠤᠯ ᠲᠦᠭᠰᠢᠬᠦᠷᠢ》 ᠶᠢ ᠰᠢᠢᠳᠪᠤᠷᠢᠯᠡᠬᠦ ᠨᠢ ᠳᠤᠮᠳᠠᠳᠤ ᠤᠯᠤᠰ ᠤᠨ ᠡᠪ ᠬᠠᠮᠳᠤ ᠨᠠᠮ ᠤᠨ ᠡᠷᠬᠡᠪᠰᠢ ᠰᠠᠶᠢᠳᠤᠷ ᠬᠠᠷᠢᠭᠤᠯᠬᠤ 《ᠡᠷᠡᠨ ᠵᠠᠭᠤᠨ ᠤ ᠰᠢᠯᠭᠠᠯᠳᠠ ᠶᠢᠨ ᠰᠡᠳᠤᠪ》 ᠪᠤᠯᠤᠬᠰᠠᠨ ᠪᠠᠶᠢᠨ᠎ᠠ᠃
     ᠨᠠᠮ ᠢ ᠪᠦᠬᠦ ᠲᠠᠯ᠎ᠠ ᠪᠠᠷ ᠴᠢᠩᠭ᠎ᠠ ᠵᠠᠰᠠᠬᠤ ᠠᠵᠢᠯ ᠦᠨᠢᠳᠡ ᠵᠤᠭᠰᠤᠰᠢ ᠦᠭᠡᠢ ᠦᠷᠭᠦᠯᠵᠢᠯᠡᠨ᠎ᠡ᠂ ᠡᠨᠡ ᠪᠤᠯ ᠴᠠᠬ ᠦᠶ᠎ᠠ ᠶᠢᠨ ᠱᠠᠭᠠᠷᠳᠠᠯᠭ᠎ᠠ ᠪᠤᠯᠬᠤ ᠪᠠᠷ ᠪᠠᠷᠠᠬᠤ ᠦᠬᠡᠢ᠂ ᠠᠷᠠᠳ ᠲᠦᠮᠡᠨ ᠤ ᠬᠦᠰᠡᠯ ᠡᠷᠡᠮᠡᠯᠵᠡᠯ ᠪᠤᠯᠤᠨ᠎ᠠ᠃
     ᠬᠢᠨᠠᠯᠲᠠ ᠲᠠᠯᠪᠢᠬᠤ ᠳᠤ ᠬᠤᠷᠴᠡ ᠰᠡᠯᠡᠮ᠎ᠠ ᠨᠡᠮᠡᠵᠦ ᠨᠠᠮ ᠢ ᠵᠠᠰᠬᠠᠤ ᠳᠤ ᠦᠨᠲᠦᠰᠦ ᠰᠠᠭᠤᠷᠢ ᠶᠢ ᠪᠠᠬᠢᠯᠢᠭ᠌ ᠪᠠᠶᠢᠭᠤᠯᠬᠤ ᠭᠡᠷᠡᠭᠲᠡᠢ — ᠲᠡᠭᠡᠲᠦ ᠲᠡᠰ ᠤᠨ ᠺᠠᠳ᠋ᠷ ᠡᠨᠡᠬᠦ 《ᠵᠠᠩᠭᠢᠯᠠᠭ᠎ᠠ ᠶᠢᠨ ᠴᠦᠬᠡᠡ ᠲᠤᠭᠠᠲᠠᠠ》 ᠢ ᠨᠠᠮ ᠤᠨ ᠲᠤᠲᠤᠭᠠᠲᠤ ᠶᠢᠨ ᠤᠯᠤᠰ ᠲᠦᠷᠦ ᠶᠢᠨ ᠠᠮᠢᠲᠤᠷᠠᠯ ᠢ ᠲᠦᠪ ᠴᠢᠩᠭ᠎ᠠ ᠪᠤᠯᠭᠠᠬᠤ ᠭᠤᠤᠯᠲᠠᠯᠭ᠎ᠠ ᠪᠠ ᠵᠠᠩᠭᠢᠯᠠᠭ᠎ᠠ ᠪᠤᠯᠭᠠᠵᠦ᠂ ᠲᠡᠭᠡᠲᠦ ᠱᠠᠲᠤ ᠨᠢ ᠲᠤᠤᠷᠠᠲᠦ ᠱᠠᠲᠤ ᠪᠠᠨ ᠲᠠᠭᠠᠭᠤᠯᠬᠤ ᠠᠷᠢᠭᠤᠨ ᠴᠡᠪᠡᠷ ᠤᠯᠤᠰ ᠲᠦᠷᠦ ᠶᠢᠨ ᠠᠮᠢ ᠠᠬᠤᠢ ᠶᠢ ᠪᠤᠢ ᠪᠤᠯᠭᠠᠬᠤ ᠭᠡᠷᠡᠭᠲᠡᠢ᠃
     《ᠨᠠᠮ ᠤᠨ ᠲᠤᠲᠤᠭᠠᠲᠤ ᠶᠢᠨ ᠬᠤᠶᠠᠷ ᠬᠠᠤᠯᠢ ᠲᠦᠷᠢᠮ ᠤᠨ ᠤᠨᠴᠠᠯᠢᠭ ᠢᠯᠡ ᠲᠤᠲᠤ ᠪᠠᠶᠢᠨ᠎ᠠ᠂ ᠪᠦᠷ ᠨᠠᠮ ᠤᠨ ᠲᠤᠲᠤᠭᠠᠲᠤ ᠶᠢᠨ ᠬᠢᠨᠠᠯᠲᠠ ᠲᠠᠯᠪᠢᠯᠲᠠ ᠶᠢ ᠴᠢᠩᠭᠠᠳᠬᠠᠵᠦ᠂ ᠪᠦᠷ ᠤᠲᠤᠷᠢᠳᠬᠤ ᠺᠠᠳ᠋ᠷ ᠢᠯᠠᠩᠭᠤᠶ᠎ᠠ ᠲᠡᠭᠡᠲᠦ ᠲᠡᠰ ᠤᠨ ᠺᠠᠳ᠋ᠷ ᠠᠴᠠ ᠡᠬᠢᠯᠡᠡ ᠬᠢᠬᠦ ᠬᠡᠷᠡᠭᠲᠡᠢ》 ᠭᠡᠵᠦ ᠲᠦᠪ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶᠠᠠ ᠤ ᠲᠡᠳ᠋ ᠱᠦᠵᠢ ᠦ᠋ ᠢᠤᠢ ᠯᠢᠶᠠᠩ ᠬᠡᠯᠡᠪᠡ᠃ ᠨᠠᠮ ᠤᠨ ᠠᠷᠪᠠᠠ ᠨᠠᠢᠮᠠᠲᠤᠭᠠᠷ ᠶᠡᠭᠡ ᠬᠤᠷᠠᠯ ᠠᠴᠠ ᠨᠠᠰᠢ ᠪᠠᠶᠢᠴᠠᠭᠠᠠ ᠰᠢᠢᠳᠪᠦᠷᠢᠯᠡᠭᠰᠡᠡ ᠵᠠᠷᠢᠮ ᠤᠲᠤᠷᠢᠳᠬᠤ ᠺᠠᠳ᠋ᠷ ᠪᠢᠳᠡᠨ ᠳᠤ ᠬᠦᠨᠲᠦ ᠨᠤᠴᠢᠲᠠᠢ ᠬᠤᠬᠢᠷᠠᠯ ᠤᠴᠠᠷᠠᠭᠤᠯᠵᠦ᠂ ᠬᠦᠨᠵᠡᠭᠡᠢ ᠰᠤᠷᠭᠠᠮᠵᠢ ᠦᠯᠡᠲᠡᠭᠡᠵᠠᠢ᠃
     《ᠲᠤᠰ ᠤᠲᠠᠭ᠎ᠠ ᠶᠢᠨ ᠪᠦᠬᠦᠲᠠ ᠬᠤᠷᠠᠯ ᠠᠴᠠ ᠨᠠᠮ ᠤᠨ ᠲᠤᠲᠤᠭᠠᠲᠤ ᠶᠢᠨ ᠬᠢᠨᠠᠯᠲᠠ ᠲᠠᠯᠪᠢᠬᠤ ᠲᠦᠷᠢᠮ ᠢ ᠪᠠᠲᠤᠯᠠᠵᠦ᠂ ᠨᠠᠮ ᠤᠨ ᠲᠤᠲᠤᠭᠠᠲᠤ ᠶᠢᠨ ᠬᠢᠨᠠᠯᠲᠠ ᠲᠠᠯᠪᠢᠬᠤ ᠳᠤ ᠬᠤᠷᠴᠠ ᠰᠡᠯᠡᠮ᠎ᠠ ᠨᠡᠮᠡᠵᠠᠢ》 ᠭᠡᠵᠦ ᠤᠯᠤᠰ ᠤᠨ ᠵᠠᠰᠠᠭ ᠵᠠᠬᠢᠷᠭᠠᠠ ᠤ ᠲᠡᠭᠡᠲᠦ ᠰᠤᠷᠭᠠᠭᠤᠯᠢ ᠶᠢᠨ ᠫᠷᠤᠹᠧᠰᠰᠤᠷ ᠸᠠᠩ ᠢᠥᠢ ᠺᠠᠢ ᠬᠡᠯᠡᠪᠡ᠃ ᠠᠯᠪᠠᠠ ᠮᠡᠲᠡᠭᠡ ᠳᠤ 《ᠬᠢᠨᠠᠯᠲᠠ ᠲᠠᠯᠪᠢᠬᠤ》 ᠭᠡᠬᠦ ᠦᠭᠡ ᠶᠢ 40 ᠭᠠᠷᠤᠢ ᠤᠲᠠᠭ᠎ᠠ ᠭᠡᠷᠡᠭᠯᠡᠪᠠ᠃ ᠨᠠᠮ ᠤᠨ ᠲᠤᠲᠤᠭᠠᠲᠤ ᠶᠢᠨ ᠬᠢᠨᠠᠯᠲᠠ ᠲᠠᠯᠪᠢᠬᠤ ᠲᠦᠷᠢᠮ ᠳᠤ ᠲᠠᠬᠢᠨ ᠵᠠᠰᠠᠪᠤᠷᠢ ᠤᠷᠤᠭᠤᠯᠬᠤ ᠪᠠᠷ ᠲᠤᠯᠤᠭᠠᠢᠢᠯᠠᠭᠤᠯᠵᠤ᠂ ᠡᠭᠦᠨ ᠠᠴᠠ ᠡᠮᠦᠨ᠎ᠠ ᠨᠡᠶᠢᠲᠡᠯᠡᠭᠰᠡᠡ ᠬᠠᠷᠢᠭᠤᠴᠠᠯᠭ᠎ᠠ ᠨᠡᠭᠡᠮᠵᠢᠯᠡᠬᠦ ᠲᠦᠷᠢᠮ᠂ ᠠᠷᠢᠭᠤᠨ ᠴᠢᠭᠡᠴᠢ ᠪᠠᠷ ᠪᠡᠶ᠎ᠠ ᠪᠠᠨ ᠱᠠᠭᠠᠷᠲᠠᠬᠤ ᠲᠦᠷᠢᠮ᠂ ᠰᠠᠬᠢᠯᠭ᠎ᠠ ᠪᠠᠲᠤ ᠶᠢᠨ ᠰᠢᠳᠭᠡᠯ ᠦᠭᠬᠦ ᠲᠦᠷᠢᠮ ᠵᠡᠷᠭᠡ ᠬᠠᠤᠯᠢ ᠲᠦᠷᠢᠮ ᠨᠢ ᠨᠠᠮ ᠤᠨ ᠲᠤᠲᠤᠭᠠᠲᠤ ᠶᠢᠨ ᠬᠢᠨᠠᠯᠲᠠ ᠲᠠᠯᠪᠢᠬᠤ ᠰᠢᠰᠲ᠋ᠧᠮ ᠢ ᠴᠢᠨᠠᠭᠰᠢᠲᠠ ᠲᠡᠭᠦᠯᠲᠡᠷᠵᠢᠭᠦᠯᠪᠠ᠃ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠠᠵᠢᠯ ᠶᠠᠭ ᠲᠡᠭᠡᠲᠦ ᠲᠡᠰ ᠤᠨ ᠺᠠᠳ᠋ᠷ ᠭᠡᠬᠦ 《ᠵᠠᠩᠭᠢᠯᠠᠭ᠎ᠠ ᠶᠢᠨ ᠴᠦᠭᠡᠡ ᠲᠤᠭᠠᠲᠠᠠ》 ᠠᠴᠠ ᠨᠠᠮ ᠤᠨ ᠡᠭᠦᠷ᠂ ᠨᠠᠮ ᠤᠨ ᠭᠡᠰᠢᠭᠦᠨ ᠨᠢᠭᠡᠪᠦᠷᠢ ᠲᠡᠰᠢ ᠦᠷᠭᠡᠳᠴᠤ ᠪᠤᠢ᠃

     ᠳᠦᠪ ᠠᠴᠠ ᠪᠠᠶᠢᠷᠢᠯᠠᠭᠤᠯᠪᠡᠯ ᠪᠦᠬᠦ ᠨᠠᠮ ᠢᠶᠠᠷ ᠢᠶᠠᠨ ᠬᠦᠳᠠᠯᠤᠯᠴᠠᠬᠦ ᠬᠡᠷᠡᠭᠳᠠᠢ — — ᠳᠦᠪᠯᠠᠷᠠᠯ ᠲᠠᠢ ᠮᠦᠷᠳᠡᠬᠡᠠ ᠠᠷᠠᠳᠴᠢᠯᠠᠯ ᠲᠠᠢ᠂ ᠰᠠᠬᠢᠯᠭ᠎ᠠ ᠪᠠᠳᠦ ᠲᠠᠢ ᠮᠦᠷᠳᠡᠬᠡᠠ ᠡᠷᠬᠡ ᠴᠢᠯᠤᠬᠡ ᠲᠠᠢ᠂ ᠨᠢᠬᠡᠳᠦᠭᠰᠡᠠ ᠵᠤᠷᠢᠬ ᠰᠠᠨᠠᠭ᠎ᠠ ᠲᠠᠢ ᠮᠦᠷᠳᠡᠬᠡᠡ ᠬᠤᠪᠢ ᠬᠦᠮᠦᠠ ᠰᠠᠳᠬᠢᠯ ᠰᠠᠨᠠᠭ᠎ᠠ ᠳᠠᠨᠢᠬᠦᠠ᠂ ᠠᠮᠢᠳᠦ ᠴᠤᠪᠤᠭᠤᠯᠢᠬ ᠤᠯᠤᠰ ᠳᠦᠷᠦ ᠶᠢᠨ ᠪᠠᠶᠢᠳᠠᠯ ᠢ ᠪᠦᠷᠢᠯᠳᠦᠬᠦᠯᠬᠦ ᠬᠡᠷᠡᠭᠳᠠᠢ
     ᠰᠢᠨ᠎ᠠ ᠪᠠᠶᠢᠳᠠᠯ ᠳᠤᠤᠷ᠎ᠠ ᠨᠠᠮ ᠤᠨ ᠳᠤᠳᠤᠭᠠᠳᠦ ᠶᠢᠨ ᠤᠯᠥᠰ ᠳᠦᠷᠦ ᠶᠢᠨ ᠠᠮᠢᠳᠦᠷᠠᠯ ᠢ ᠴᠢᠩᠭᠠᠳᠬᠠᠵᠤ ᠵᠢᠷᠤᠮᠵᠢᠭᠤᠯᠬᠤ᠂ ᠨᠠᠮ ᠤᠨ ᠳᠤᠳᠤᠭᠠᠳᠦ ᠶᠢᠨ ᠬᠢᠨᠠᠯᠳᠠ ᠲᠠᠯᠪᠢᠯᠳᠡ ᠶᠢ ᠴᠢᠩᠭᠠᠳᠬᠠᠬᠤ ᠪᠤᠯ ᠨᠠᠮ ᠤᠨ ᠬᠡᠰᠢᠬᠦᠡ᠂ ᠺᠡᠳ᠋ᠷ ᠨᠢᠬᠡᠪᠤᠷᠢ ᠶᠢᠨ ᠶᠠᠪᠤᠳᠠᠯ ᠮᠦᠠ᠃ ᠪᠦᠬᠦᠳᠠ ᠬᠤᠷᠠᠯ ᠤᠨ ᠠᠯᠪᠡᠡ ᠮᠠᠳᠡᠭᠡ ᠶᠢ ᠨᠡᠶᠢᠳᠡᠯᠡᠭᠰᠡᠡ ᠪᠠ ᠬᠤᠶᠠᠷ ᠬᠠᠤᠯᠢ ᠳᠤᠬᠳᠠᠭᠠᠯ ᠢ ᠬᠢᠨᠠᠠ ᠪᠠᠳᠦᠯᠠᠬᠰᠠᠠ ᠨᠢ ᠰᠢᠨ᠎ᠠ ᠪᠠᠶᠢᠳᠠᠯ ᠳᠤᠤᠷ᠎ᠠ ᠨᠠᠮ ᠤᠨ ᠳᠤᠳᠤᠭᠠᠳᠦ ᠶᠢᠨ ᠤᠯᠤᠰ ᠳᠦᠷᠦ ᠶᠢᠨ ᠠᠮᠢᠳᠦᠷᠠᠯ ᠢ ᠴᠢᠩᠭᠠᠳᠬᠠᠵᠤ ᠵᠢᠷᠦᠮᠵᠢᠭᠤᠯᠬᠤ᠂ ᠨᠠᠮ ᠤᠨ ᠳᠤᠳᠤᠭᠠᠳᠦ ᠶᠢᠨ ᠬᠢᠨᠠᠯᠳᠠ ᠲᠠᠯᠪᠢᠯᠳᠡ ᠶᠢ ᠴᠢᠩᠭᠠᠳᠬᠠᠬᠤ ᠳᠤ ᠵᠦᠪ ᠵᠢᠯᠥᠭᠤᠳᠦᠯᠭ᠎ᠠ ᠬᠠᠩᠭᠠᠵᠠᠢ᠃ ᠨᠠᠮ ᠤᠨ ᠤᠯᠥᠰ ᠳᠦᠷᠦ ᠶᠢᠨ ᠠᠮᠢᠳᠦᠷᠠᠯ ᠪᠡ ᠵᠤᠬᠢᠶᠠᠠ ᠪᠠᠶᠢᠭᠤᠯᠤᠯᠳᠠ ᠶᠢᠨ ᠠᠮᠢᠳᠦᠷᠠᠯ ᠨᠢ ᠴᠦᠮ ᠤᠯᠤᠰ ᠳᠦᠷᠤ ᠶᠢ ᠡᠷᠬᠢᠮᠯᠡᠵᠦ᠂ ᠵᠠᠷᠴᠢᠮ ᠢ ᠡᠷᠬᠢᠮᠯᠡᠵᠦ᠂ ᠶᠤᠰᠦ ᠳᠦᠷᠢᠮ ᠢ ᠡᠷᠬᠢᠮᠯᠡᠬᠦ ᠬᠡᠷᠡᠭᠳᠡᠢ᠃
     ᠪᠦᠬᠦᠳᠠ ᠬᠤᠷᠠᠯ ᠠᠴᠠ᠂ ᠡᠪ ᠬᠠᠮᠳᠦ ᠶᠤᠰᠤᠡ ᠤ ᠠᠯᠥᠰ ᠤᠨ ᠬᠦᠰᠠᠯᠠᠩ ᠪᠡ ᠳᠤᠮᠳᠠᠳᠦ ᠤᠯᠥᠰ ᠤᠨ ᠤᠠᠴᠠᠯᠢᠬ ᠲᠠᠢ ᠨᠡᠶᠢᠬᠡᠮ ᠵᠢᠷᠦᠮ ᠤᠨ ᠬᠠᠮᠳᠦ ᠶᠢᠨ ᠬᠦᠰᠠᠯᠠᠩ ᠪᠤᠯ ᠳᠤᠮᠳᠠᠳᠦ ᠤᠯᠥᠰ ᠤᠨ ᠡᠪ ᠬᠠᠮᠳᠦᠴᠦᠳ ᠤᠨ ᠵᠤᠷᠢᠬ ᠰᠠᠨᠠᠭᠠᠠ ᠤ ᠳᠤᠯᠭᠠᠭᠤᠷᠢ ᠪᠡ ᠤᠯᠥᠰ ᠳᠦᠷᠦ ᠶᠢᠨ ᠠᠮᠢᠠ ᠰᠦᠨᠡᠰᠦ ᠮᠦᠠ᠂ ᠪᠠᠰᠠ ᠨᠠᠮ ᠤᠨ ᠪᠦᠯᠬᠦᠮᠳᠠᠯ ᠨᠢᠬᠡᠳᠦᠯ ᠢ ᠪᠠᠳᠦᠯᠠᠬᠤ ᠦᠵᠡᠯ ᠰᠠᠨᠠᠭᠠᠠ ᠤ ᠰᠠᠭᠤᠷᠢ ᠮᠦᠠ᠃ ᠡᠷᠬᠡᠪᠰᠢ ᠬᠦᠰᠠᠯᠠᠩ ᠢᠳᠠᠬᠡᠯ ᠪᠢᠰᠢᠷᠡᠯ ᠢᠶᠠᠨ ᠪᠠᠳᠤᠳᠬᠠᠬᠤ ᠶᠢ ᠨᠠᠮ ᠤᠨ ᠳᠤᠳᠤᠭᠠᠳᠦ ᠶᠢᠨ ᠤᠯᠤᠰ ᠳᠦᠷᠦ ᠶᠢᠨ ᠠᠮᠢᠳᠦᠷᠠᠯ ᠦᠷᠨᠢᠬᠦᠯᠬᠦ ᠶᠢᠨ ᠳᠠᠷᠢᠬᠦᠠ ᠴᠢᠬᠤᠯᠠ ᠡᠬᠦᠷᠬᠡ ᠪᠤᠯᠭᠠᠬᠤ ᠬᠡᠷᠡᠭᠳᠡᠢ ᠬᠡᠵᠦ ᠵᠢᠭᠠᠵᠦ ᠭᠠᠷᠭᠠᠪᠡ᠃


ᠵᠣᠬᠢᠶᠠᠭᠴᠢ:
ᠢᠷᠡᠯᠲᠡ: