ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ 《ᠲᠤᠮᠳᠠᠳᠤ ᠤᠯᠤᠰ ᠤᠨ ᠡᠪ ᠬᠠᠮᠳᠤ ᠨᠠᠮ ᠤᠨ ᠨᠠᠮ ᠤᠨ ᠶᠠᠪᠤᠳᠠᠯ ᠢ ᠢᠯᠡ ᠪᠤᠯᠭᠠᠬᠤ ᠲᠦᠷᠢᠮ (ᠲᠤᠷᠰᠢᠨ ᠬᠡᠷᠡᠭᠵᠢᠬᠦᠯᠬᠦ)》 ᠢ᠋ ᠲᠤᠭᠤᠰᠢᠯᠠᠭᠤᠯᠬᠤ ᠲᠤᠬᠠᠢ ᠬᠡᠷᠡᠭᠵᠢᠬᠦᠯᠬᠦ ᠨᠠᠷᠢᠨ ᠲᠦᠷᠢᠮ

  2019-11-01

ᠨᠢᠭᠡᠳᠦᠭᠡᠷ ᠪᠦᠯᠦᠭ   ᠶᠡᠷᠦᠩᠭᠡᠢ ᠲᠦᠷᠢᠮ
    ᠨᠢᠭᠡᠳᠦᠭᠡᠷ ᠵᠦᠢᠯ   《ᠲᠤᠮᠳᠠᠳᠤ ᠤᠯᠤᠰ ᠤᠨ ᠡᠪ ᠬᠠᠮᠳᠤ ᠨᠠᠮ ᠤᠨ ᠨᠠᠮ ᠤᠨ ᠶᠠᠪᠤᠳᠠᠯ ᠢ ᠢᠯᠡ ᠪᠤᠯᠭᠠᠬᠤ ᠲᠦᠷᠢᠮ (ᠲᠤᠷᠰᠢᠨ ᠬᠡᠷᠡᠭᠵᠢᠬᠦᠯᠬᠦ)》 ᠢ᠋ ᠲᠤᠭᠤᠰᠢᠯᠠᠭᠤᠯᠤᠨ ᠬᠡᠷᠡᠭᠵᠢᠬᠦᠯᠵᠦ᠂ ᠨᠠᠮ ᠤᠨ ᠶᠠᠪᠤᠳᠠᠯ ᠢ ᠢᠯᠡ ᠪᠤᠯᠭᠠᠬᠤ ᠠᠵᠢᠯ ᠢ ᠴᠢᠩᠭᠠᠳᠬᠠᠨ ᠲᠦᠷᠢᠮᠵᠢᠬᠦᠯᠵᠦ᠂ ᠨᠠᠮ ᠤᠨ ᠲᠤᠳᠤᠭᠠᠳᠦ ᠶᠢᠨ ᠠᠷᠠᠳᠴᠢᠯᠠᠯ ᠢ ᠭᠦᠭᠵᠢᠬᠦᠯᠵᠦ᠂ ᠨᠠᠮ ᠤᠨ ᠲᠤᠳᠤᠭᠠᠳᠦ ᠶᠢᠨ ᠬᠢᠨᠠᠯᠳᠠ ᠶᠢ ᠴᠢᠩᠭᠠᠳᠬᠠᠵᠤ᠂ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠶᠢ ᠭᠦᠨᠵᠡᠭᠡᠶᠢᠷᠡᠬᠦᠯᠦᠨ ᠭᠦᠭᠵᠢᠬᠦᠯᠬᠦ ᠶᠢᠨ ᠲᠦᠯᠦᠭᠡ᠂ ᠦᠪᠡᠷᠳᠡᠭᠡᠨ ᠵᠠᠰᠠᠬᠤ ᠤᠷᠤᠨ ᠤ ᠪᠤᠳᠠᠳᠤ ᠪᠠᠶᠢᠳᠠᠯ ᠲᠠᠢ ᠤᠶᠠᠯᠳᠤᠭᠤᠯᠵᠤ᠂ ᠲᠤᠰ ᠨᠠᠷᠢᠨ ᠲᠦᠷᠢᠮ ᠢ ᠲᠤᠬᠳᠠᠭᠠᠪᠠ᠃
    ᠬᠤᠶᠠᠳᠤᠭᠠᠷ ᠵᠦᠢᠯ   ᠪᠦᠬᠦ ᠤᠷᠤᠨ ᠤ ᠡᠯ᠎ᠠ ᠱᠠᠳᠤᠨ ᠤ ᠨᠠᠮ ᠤᠨ ᠬᠤᠷᠢᠶ᠎ᠠ ᠶᠢᠨ ᠤᠷᠤᠨ ᠨᠤᠳᠤᠭ ᠤᠨ ᠵᠤᠬᠢᠶᠠᠨ ᠪᠠᠶᠢᠭᠤᠯᠤᠯᠳᠠ᠂ ᠦᠨᠳᠦᠰᠦᠨ ᠱᠠᠳᠤᠨ ᠤ ᠵᠤᠬᠢᠶᠠᠨ ᠪᠠᠶᠢᠭᠤᠯᠤᠯᠳᠠ᠂ ᠨᠠᠮ ᠤᠨ ᠰᠠᠬᠢᠯᠭ᠎ᠠ ᠪᠠᠳᠤ ᠪᠠᠶᠢᠴᠠᠭᠠᠬᠤ ᠪᠠᠶᠢᠭᠤᠯᠭ᠎ᠠ᠂ ᠠᠵᠢᠯ ᠤᠨ ᠪᠠᠶᠢᠭᠤᠯᠭ᠎ᠠ ᠵᠢᠴᠢ ᠪᠤᠰᠤᠳ ᠨᠠᠮ ᠤᠨ ᠵᠤᠬᠢᠶᠠᠨ ᠪᠠᠶᠢᠭᠤᠯᠤᠯᠳᠠ᠂ ᠲᠡᠭᠦᠨ ᠤ ᠬᠡᠷᠡᠭᠵᠢᠬᠦᠯᠵᠦ ᠪᠠᠶᠢᠭ᠎ᠠ ᠨᠠᠮ ᠤᠨ ᠤᠳᠤᠷᠢᠳᠤᠯᠭ᠎ᠠ ᠶᠢᠨ ᠠᠵᠢᠯᠯᠠᠭ᠎ᠠ᠂ ᠨᠠᠮ ᠤᠨ ᠪᠠᠶᠢᠭᠤᠯᠤᠯᠳᠠ ᠶᠢ ᠴᠢᠩᠭᠠᠳᠬᠠᠬᠤ ᠬᠠᠮᠢᠶ᠎ᠠ ᠪᠦᠬᠦᠢ ᠭᠡᠷᠡᠭ ᠶᠠᠪᠤᠳᠠᠯ᠂ ᠲᠤᠬᠳᠠᠭᠠᠯ ᠶᠤᠰᠤᠭᠠᠷ ᠨᠠᠮ ᠤᠨ ᠲᠤᠳᠤᠭᠠᠳᠤ ᠪᠤᠶᠤ ᠨᠠᠮ ᠤᠨ ᠭᠠᠳᠠᠭᠠᠳᠤ ᠳᠤ ᠢᠯᠡ ᠪᠤᠯᠭᠠᠬᠤ ᠳᠤ ᠲᠤᠰ ᠨᠠᠷᠢᠨ ᠲᠦᠷᠢᠮ ᠢ ᠲᠤᠬᠢᠷᠠᠭᠤᠯᠤᠨ ᠬᠡᠷᠡᠭᠯᠡᠨ᠎ᠠ᠃
    ᠭᠤᠷᠪᠠᠳᠤᠭᠠᠷ ᠵᠦᠢᠯ   ᠨᠠᠮ ᠤᠨ ᠶᠠᠪᠤᠳᠠᠯ ᠢ ᠢᠯᠡ ᠪᠤᠯᠭᠠᠬᠤ ᠳᠤ ᠰᠢ ᠶᠢᠨ ᠫᠢᠩ ᠤᠨ ᠰᠢᠨ᠎ᠠ ᠴᠠᠬ ᠦᠶ᠎ᠡ ᠶᠢᠨ ᠳᠤᠮᠳᠠᠳᠦ ᠤᠯᠤᠰ ᠤᠨ ᠤᠨᠴᠠᠯᠢᠭ ᠲᠠᠢ ᠨᠡᠶᠢᠬᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠬᠤ ᠴᠢᠬᠤᠯᠠ ᠲᠠᠢ ᠪᠠᠶᠢᠵᠦ᠂ 《ᠳᠦᠷᠪᠡᠨ ᠤᠬᠠᠮᠰᠠᠷ》 ᠢ᠋ ᠪᠠᠲᠦ ᠪᠤᠢ ᠪᠤᠯᠭᠠᠵᠦ᠂ 《ᠲᠦᠷᠪᠡᠨ ᠢᠲᠡᠭᠡᠯ》 ᠢ᠋ᠶᠡᠨ ᠪᠠᠲᠤᠳᠬᠠᠵᠦ᠂ ᠶᠡᠷᠦᠩᠬᠡᠢ ᠱᠦᠵᠢ ᠰᠢ ᠶᠢᠨ ᠫᠢᠩ ᠤᠨ ᠨᠠᠮ ᠤᠨ ᠲᠦᠪ ᠬᠤᠷᠢᠶ᠎ᠠ ᠶᠢᠨ ᠭᠤᠤᠯᠯᠠᠬᠴᠢ ᠶᠢᠨ ᠪᠠᠶᠢᠷᠢ ᠰᠠᠭᠤᠷᠢ᠂ ᠪᠦᠬᠦ ᠨᠠᠮ ᠤᠨ ᠭᠤᠤᠯᠯᠠᠬᠴᠢ ᠶᠢᠨ ᠪᠠᠶᠢᠷᠢ ᠰᠠᠭᠤᠷᠢ ᠶᠢ ᠡᠷᠡᠰ ᠬᠠᠮᠠᠭᠠᠯᠠᠵᠦ᠂ ᠨᠠᠮ ᠤᠨ ᠲᠦᠪ ᠬᠤᠷᠢᠶ᠎ᠠ ᠶᠢᠨ ᠡᠷᠭᠡ ᠰᠦᠷ ᠪᠤᠯᠤᠨ ᠲᠦᠪᠯᠡᠷᠡᠩᠬᠦᠢ ᠨᠢᠭᠡᠲᠦᠯᠲᠡᠢ ᠤᠳᠤᠷᠢᠳᠤᠯᠭ᠎ᠠ ᠶᠢ ᠡᠷᠡᠰ ᠬᠠᠮᠠᠭᠠᠯᠠᠵᠦ᠂ ᠵᠦᠪ ᠤᠨᠤᠪᠴᠢᠲᠠᠢ ᠴᠢᠭᠯᠡᠯ ᠢ ᠪᠠᠷᠢᠮᠳᠠᠯᠠᠬᠤ᠂ ᠠᠷᠠᠳᠴᠢᠯᠠᠯ ᠢ ᠪᠠᠳᠠᠷᠠᠭᠤᠯᠬᠤ᠂ ᠢᠳᠡᠪᠬᠢᠲᠡᠢ ᠯᠠᠪᠳᠠᠭᠤᠨ ᠪᠠᠲᠤᠲᠠᠢ᠂ ᠬᠠᠥᠯᠢ ᠲᠤᠬᠲᠠᠭᠠᠯ ᠬᠠᠥᠯᠢ ᠳᠦᠷᠢᠮ ᠶᠤᠰᠤᠭᠠᠷ ᠪᠠᠶᠢᠬᠤ ᠵᠠᠷᠴᠢᠮ ᠢ ᠵᠢᠷᠤᠮᠯᠠᠬᠤ ᠬᠡᠷᠡᠭᠲᠡᠢ᠃
    ᠲᠦᠷᠪᠡᠳᠦᠬᠡᠷ ᠵᠦᠢᠯ   ᠪᠦᠬᠦ ᠤᠷᠤᠨ ᠤ ᠨᠠᠮ ᠤᠨ ᠶᠠᠪᠤᠳᠠᠯ ᠢ ᠢᠯᠡ ᠪᠤᠯᠭᠠᠬᠤ ᠠᠵᠢᠯ ᠢ ᠨᠠᠮ ᠤᠨ ᠲᠦᠪ ᠬᠤᠷᠢᠶ᠎ᠠ ᠶᠢᠨ ᠨᠢᠭᠡᠲᠦᠯᠲᠡᠢ ᠤᠳᠤᠷᠢᠳᠤᠯᠭ᠎ᠠ ᠲᠤᠤᠷ᠎ᠠ ᠡᠯ᠎ᠡ ᠱᠠᠲᠦᠨ ᠤ ᠤᠷᠤᠨ ᠨᠤᠳᠤᠭ ᠤᠨ ᠨᠠᠮ ᠤᠨ ᠬᠤᠷᠢᠶ᠎ᠠ ᠠᠴᠠ ᠱᠠᠲᠦ ᠬᠤᠪᠢᠶᠠᠨ ᠬᠠᠷᠢᠭᠤᠴᠠᠵᠦ᠂ ᠡᠯ᠎ᠡ ᠰᠠᠯᠠᠭ᠎ᠠ ᠮᠦᠴᠢᠷ ᠡᠯ᠎ᠡ ᠨᠢᠭᠡᠴᠢ ᠲᠤᠰ ᠲᠤᠰ ᠤᠨ ᠬᠠᠷᠢᠭᠤᠴᠠᠯᠭ᠎ᠠ ᠪᠠᠨ ᠡᠬᠦᠷᠭᠡᠯᠡᠬᠦ ᠤᠳᠤᠷᠢᠳᠬᠤ ᠪᠠᠶᠢᠭᠤᠯᠤᠮᠵᠢ ᠶᠢ ᠬᠡᠷᠡᠭᠵᠢᠬᠦᠯᠦᠨ᠎ᠠ᠃ ᠡᠯ᠎ᠠ ᠱᠠᠲᠦᠨ ᠤ ᠨᠠᠮ ᠤᠨ ᠵᠤᠬᠢᠶᠠᠨ ᠪᠠᠶᠢᠭᠤᠯᠤᠯᠲᠠ ᠶᠢᠨ ᠭᠤᠤᠯ ᠬᠠᠷᠢᠭᠤᠴᠠᠯᠭᠠᠲᠠᠨ ᠠᠴᠠ ᠨᠠᠮ ᠤᠨ ᠶᠠᠪᠤᠳᠠᠯ ᠢ ᠢᠯᠡ ᠪᠤᠯᠭᠠᠬᠤ ᠨᠢᠭᠡᠲᠦᠭᠡᠷ ᠬᠠᠷᠢᠭᠤᠴᠠᠯᠭᠠᠲᠦ ᠬᠦᠮᠦᠨ ᠤ ᠬᠠᠷᠢᠭᠤᠴᠠᠯᠭ᠎ᠠ ᠪᠠᠨ ᠬᠢᠨᠠᠮᠠᠭᠠᠢ ᠬᠦᠢᠴᠡᠳᠭᠡᠬᠦ ᠭᠡᠷᠡᠭᠳᠡᠢ᠂ ᠤᠳᠤᠷᠢᠳᠬᠤ ᠪᠠᠭ ᠤᠨ ᠪᠤᠰᠤᠳ ᠪᠦᠷᠢᠯᠳᠦᠬᠦᠨ ᠠᠴᠠ ᠬᠤᠪᠢᠳᠠᠨ ᠬᠠᠮᠢᠶᠠᠷᠬᠤ ᠬᠡᠪᠴᠢᠶᠡᠨ ᠳᠤᠲᠤᠷᠠᠬᠢ ᠨᠠᠮ ᠤᠨ ᠶᠠᠪᠤᠳᠠᠯ ᠢ ᠢᠯᠡ ᠪᠤᠯᠭᠠᠬᠤ ᠤᠳᠤᠷᠢᠳᠤᠯᠭ᠎ᠠ ᠶᠢᠨ ᠬᠠᠷᠢᠭᠤᠴᠠᠯᠭ᠎ᠠ ᠪᠠᠨ ᠬᠦᠢᠴᠡᠳᠭᠡᠨ᠎ᠠ᠃
    ᠲᠠᠪᠤᠳᠤᠭᠠᠷ ᠵᠦᠢᠯ   ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠠᠯᠪᠠᠨ ᠲᠢᠩᠬᠢᠮ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠨᠠᠮ ᠤᠨ ᠶᠠᠪᠤᠳᠠᠯ ᠢ ᠢᠯᠡ ᠪᠤᠯᠭᠠᠬᠤ ᠪᠤᠲᠠᠲᠠᠢ ᠠᠵᠢᠯ ᠢ ᠬᠠᠷᠢᠭᠤᠴᠠᠵᠦ᠂ ᠪᠦᠬᠦ ᠤᠷᠤᠨ ᠤ ᠨᠠᠮ ᠤᠨ ᠶᠠᠪᠤᠳᠠᠯ ᠢ ᠢᠯᠡ ᠪᠤᠯᠭᠠᠬᠤ ᠠᠵᠢᠯ ᠢ ᠨᠢᠭᠡᠲᠦᠯᠲᠡᠢ ᠲᠦᠯᠦᠪᠵᠢᠬᠦᠯᠦᠨ ᠵᠤᠬᠢᠴᠠᠭᠤᠯᠬᠤ ᠪᠤᠯᠤᠨ ᠱᠠᠯᠠᠪᠳᠠᠭᠤᠯᠤᠨ ᠵᠢᠯᠤᠭᠤᠳᠬᠤ ᠠᠵᠢᠯ ᠢ ᠬᠠᠷᠢᠭᠤᠴᠠᠬᠤ ᠬᠡᠷᠡᠭᠲᠡᠢ᠃ ᠠᠶᠢᠮᠠᠭ ᠬᠤᠲᠠ᠂ ᠬᠤᠰᠢᠭᠤ ᠰᠢᠶᠠᠨ (ᠬᠤᠲᠠ᠂ ᠲᠤᠭᠤᠷᠢᠭ) ᠤ ᠨᠠᠮ ᠤᠨ ᠬᠤᠷᠢᠶᠠᠨ ᠤ ᠠᠯᠪᠠᠨ ᠲᠢᠩᠬᠢᠮ (ᠲᠠᠰᠤᠭ) ᠲᠤᠰ ᠱᠠᠲᠦᠨ ᠤ ᠨᠠᠮ ᠤᠨ ᠬᠤᠷᠢᠶᠠᠨ ᠤ ᠨᠠᠮ ᠤᠨ ᠶᠠᠪᠤᠳᠠᠯ ᠢ ᠢᠯᠡ ᠪᠤᠯᠭᠠᠬᠤ ᠪᠤᠲᠠᠲᠠᠢ ᠠᠵᠢᠯ ᠢ ᠬᠠᠷᠢᠭᠤᠴᠠᠵᠦ᠂ ᠲᠤᠬᠠᠢ ᠶᠢᠨ ᠤᠷᠤᠨ ᠨᠤᠳᠤᠭ ᠤᠨ ᠨᠠᠮ ᠤᠨ ᠶᠠᠪᠤᠳᠠᠯ ᠢ ᠢᠯᠡ ᠪᠤᠯᠭᠠᠬᠤ ᠠᠵᠢᠯ ᠢ ᠨᠢᠭᠡᠲᠦᠯᠲᠡᠢ ᠲᠦᠯᠦᠪᠵᠢᠬᠦᠯᠦᠨ ᠵᠤᠬᠢᠴᠠᠭᠤᠯᠬᠤ ᠪᠤᠯᠤᠨ ᠱᠠᠯᠠᠪᠳᠠᠭᠤᠯᠤᠨ ᠵᠢᠯᠤᠭᠤᠳᠬᠤ ᠠᠵᠢᠯ ᠢ ᠬᠠᠷᠢᠭᠤᠴᠠᠨ᠎ᠠ᠃
    ᠵᠢᠷᠭᠤᠳᠤᠭᠠᠷ ᠵᠦᠢᠯ   ᠡᠯ᠎ᠡ ᠭᠠᠵᠠᠷ ᠤᠷᠤᠨ ᠡᠯ᠎ᠡ ᠰᠠᠯᠠᠭ᠎ᠠ ᠮᠦᠴᠢᠷ ᠡᠯ᠎ᠡ ᠨᠢᠭᠡᠴᠢ ᠨᠠᠮ ᠤᠨ ᠶᠠᠪᠤᠳᠠᠯ ᠢ ᠢᠯᠡ ᠪᠤᠯᠭᠠᠬᠤ ᠠᠵᠢᠯ ᠤᠨ ᠪᠠᠶᠢᠭᠤᠯᠤᠮᠵᠢ ᠪᠤᠯᠤᠨ ᠠᠵᠢᠯᠲᠠᠨ ᠤ ᠡᠩᠨᠡᠭᠡ ᠶᠢᠨ ᠪᠠᠶᠢᠭᠤᠯᠤᠯᠲᠠ ᠶᠢ ᠴᠢᠩᠭᠠᠳᠬᠠᠬᠤ ᠭᠡᠷᠡᠭᠳᠡᠢ᠂ ᠨᠠᠮ ᠤᠨ ᠶᠠᠪᠤᠳᠠᠯ ᠢ ᠢᠯᠡ ᠪᠤᠯᠭᠠᠬᠤ ᠠᠵᠢᠯ ᠤᠨ ᠬᠦᠴᠦᠨ ᠴᠢᠳᠠᠯ ᠢ ᠲᠤᠬᠢᠷᠠᠭᠤᠯᠵᠦ᠂ ᠠᠵᠢᠯ ᠤᠨ ᠲᠤᠬᠲᠠᠴᠠ ᠶᠢ ᠪᠠᠶᠢᠭᠤᠯᠤᠨ ᠲᠡᠬᠦᠯᠳᠡᠷᠵᠢᠬᠦᠯᠵᠦ᠂ ᠨᠠᠮ ᠤᠨ ᠶᠠᠪᠤᠳᠠᠯ ᠢ ᠢᠯᠡ ᠪᠤᠯᠭᠠᠬᠤ ᠠᠵᠢᠯ ᠤᠨ ᠤᠷᠤᠬᠰᠢᠲᠠᠢ ᠶᠠᠪᠤᠬᠳᠠᠬᠤ ᠶᠢ ᠪᠠᠲᠤᠯᠠᠨ᠎ᠠ᠃
    ᠬᠤᠶᠠᠳᠤᠭᠠᠷ ᠪᠦᠯᠦᠭ   ᠢᠯᠡ ᠪᠤᠯᠭᠠᠬᠤ ᠠᠭᠤᠯᠭ᠎ᠠ ᠪᠤᠯᠤᠨ ᠬᠦᠷᠢᠶ᠎ᠡ ᠬᠡᠪᠴᠢᠶ᠎ᠡ
    ᠳᠤᠯᠤᠳᠤᠭᠠᠷ ᠵᠦᠢᠯ   ᠡᠯ᠎ᠡ ᠱᠠᠲᠦᠨ ᠤ ᠨᠠᠮ ᠤᠨ ᠵᠤᠬᠢᠶᠠᠨ ᠪᠠᠶᠢᠭᠤᠯᠤᠯᠲᠠ 《ᠬᠤᠶᠠᠷ ᠢ ᠡᠷᠡᠰ ᠬᠠᠮᠠᠭᠠᠯᠠᠬᠤ》 ᠶ᠋ᠢ ᠦᠢᠯᠡᠳᠦᠯᠭᠡᠵᠢᠬᠦᠯᠵᠦ᠂ ᠨᠠᠮ ᠤᠨ ᠦᠨᠳᠦᠰᠦᠨ ᠤᠨᠤᠯ᠂ ᠦᠨᠳᠦᠰᠦᠨ ᠱᠤᠭᠤᠮ᠂ ᠦᠨᠳᠦᠰᠦᠨ ᠠᠷᠭ᠎ᠠ ᠪᠤᠳᠤᠯᠭ᠎ᠠ ᠶᠢᠨ ᠪᠠᠶᠢᠳᠠᠯ ᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠦ᠂ ᠠᠵᠦ ᠠᠬᠤᠢ ᠨᠡᠶᠢᠬᠡᠮ ᠤᠨ ᠬᠦᠭᠵᠢᠯᠲᠡ ᠶᠢᠨ ᠪᠠᠶᠢᠳᠠᠯ ᠢ ᠵᠢᠯᠤᠭᠤᠳᠴᠦ᠂ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠵᠦ᠂ ᠨᠠᠮ ᠤᠨ ᠪᠠᠶᠢᠭᠤᠯᠤᠯᠲᠠ ᠶᠢᠨ ᠪᠠᠶᠢᠳᠠᠯ᠂ ᠴᠢᠨᠠᠬᠰᠢᠯᠠᠨ ᠨᠠᠮ ᠤᠨ ᠵᠤᠬᠢᠶᠠᠨ ᠪᠠᠶᠢᠭᠤᠯᠤᠯᠲᠠ ᠶᠢᠨ ᠡᠬᠦᠷᠭᠡ ᠴᠢᠳᠠᠪᠬᠢ᠂ ᠪᠠᠶᠢᠭᠤᠯᠤᠮᠵᠢ ᠵᠡᠷᠭᠡ ᠪᠠᠶᠢᠳᠠᠯ ᠢ ᠴᠢᠩᠭᠠᠳᠬᠠᠵᠦ᠂ ᠨᠠᠮ ᠪᠤᠯᠤᠨ ᠤᠯᠤᠰ ᠤᠨ ᠨᠢᠭᠤᠴᠠ ᠳᠤ ᠬᠤᠯᠪᠤᠬᠳᠠᠬᠰᠠᠨ ᠢᠯᠡ ᠪᠤᠯᠭᠠᠵᠦ ᠪᠤᠯᠬᠤ ᠦᠬᠡᠢ ᠡᠰᠡᠬᠦᠯ᠎ᠡ ᠬᠠᠮᠢᠶ᠎ᠠ ᠪᠦᠬᠦᠢ ᠳᠦᠷᠢᠮ ᠲᠤᠬᠲᠠᠭᠠᠯ ᠢ ᠦᠨᠳᠦᠰᠦᠯᠡᠵᠦ ᠢᠯᠡ ᠪᠤᠯᠭᠠᠬᠤ ᠳᠤ ᠵᠤᠬᠢᠰ ᠦᠬᠡᠢ ᠵᠦᠢᠯᠡᠰ ᠠᠴᠠ ᠪᠤᠰᠤᠳ ᠢ ᠶᠡᠷᠦᠳᠡᠭᠡᠨ ᠢᠯᠡ ᠪᠤᠯᠭᠠᠪᠠᠯ ᠵᠤᠬᠢᠨ᠎ᠠ᠃ ᠨᠠᠮ ᠤᠨ ᠶᠠᠪᠤᠳᠠᠯ ᠢ ᠢᠯᠡ ᠪᠤᠯᠭᠠᠬᠤ ᠨᠢ ᠤᠯᠤᠰ ᠲᠦᠷᠦ ᠶᠢᠨ ᠠᠮᠤᠷ ᠲᠦᠪᠰᠢᠨ ᠤᠨᠴᠠᠭᠠᠢᠢᠯᠠᠨ ᠲᠦᠷᠦ ᠶᠢᠨ ᠡᠷᠭᠡ ᠶᠢᠨ ᠠᠮᠤᠷ ᠲᠦᠪᠰᠢᠨ᠂ ᠲᠦᠷᠢᠮ ᠤᠨ ᠠᠮᠤᠷ ᠲᠦᠪᠰᠢᠨ᠂ ᠴᠢᠨᠠᠬᠰᠢᠯᠠᠨ ᠠᠵᠦ ᠠᠬᠤᠢ ᠶᠢᠨ ᠠᠮᠤᠷ ᠲᠦᠪᠰᠢᠨ᠂ ᠴᠡᠷᠢᠭ ᠤᠨ ᠶᠠᠪᠤᠳᠠᠯ ᠤᠨ ᠠᠮᠤᠷ ᠲᠦᠪᠰᠢᠨ᠂ ᠰᠤᠶᠤᠯ ᠤᠨ ᠠᠮᠤᠷ ᠲᠦᠪᠰᠢᠨ᠂ ᠨᠡᠶᠢᠬᠡᠮ ᠤᠨ ᠠᠮᠤᠷ ᠲᠦᠪᠰᠢᠨ᠂ ᠤᠯᠤᠰ ᠤᠨ ᠨᠤᠲᠤᠭ ᠳᠡᠪᠢᠰᠬᠡᠷ ᠤᠨ ᠠᠮᠤᠷ ᠲᠦᠪᠰᠢᠨ ᠵᠡᠷᠭᠡ ᠶᠢ ᠰᠦᠷᠳᠡᠬᠦᠯᠵᠦ ᠪᠤᠯᠬᠤ ᠦᠬᠡᠢ᠃
    ᠨᠠᠶ᠋ᠮᠠᠳᠤᠭᠠᠷ ᠵᠦᠢᠯ   ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶ᠎ᠠ ᠲᠤᠤᠷᠠᠬᠢ ᠮᠡᠳᠤ ᠠᠭᠤᠯᠭ᠎ᠠ ᠶᠢ ᠢᠯᠡ ᠪᠤᠯᠭᠠᠨ᠎ᠠ᠄
    (ᠨᠢᠬᠡ) ᠰᠢ ᠶᠢᠨ ᠫᠢᠩ ᠤᠨ ᠰᠢᠨ᠎ᠠ ᠴᠠᠬ ᠦᠶ᠎ᠠ ᠶᠢᠨ ᠲᠤᠮᠳᠠᠳᠤ ᠤᠯᠤᠰ ᠤᠨ ᠤᠨᠴᠠᠯᠢᠬ ᠲᠠᠢ ᠨᠡᠶᠢᠬᠡᠮ ᠵᠢᠷᠤᠮ ᠤᠨ ᠦᠵᠡᠯ ᠰᠠᠨᠠᠭ᠎ᠠ ᠪᠠ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠶᠠᠷᠢᠶ᠎ᠠ᠂ ᠴᠢᠬᠤᠯᠠ ᠵᠢᠭᠠᠪᠤᠷᠢ ᠶᠢᠨ ᠵᠤᠷᠢᠬ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠵᠦ᠂ 《ᠬᠤᠶᠠᠷ ᠢ ᠡᠷᠡᠰ ᠬᠠᠮᠠᠭᠠᠯᠠᠬᠤ》 ᠶ᠋ᠢ ᠦᠢᠯᠡᠳᠦᠯᠭᠡᠵᠢᠬᠦᠯᠦᠭᠰᠡᠨ ᠪᠠᠶᠢᠳᠠᠯ;
    (ᠬᠤᠶᠠᠷ) ᠨᠠᠮ ᠤᠨ ᠲᠦᠪ ᠬᠤᠷᠢᠶ᠎ᠠ ᠶᠢᠨ ᠰᠢᠢᠳᠪᠦᠷᠢᠳᠤ ᠪᠤᠳᠤᠯᠭ᠎ᠠ ᠪᠠᠶᠢᠷᠢᠯᠠᠭᠤᠯᠤᠯᠳᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠤᠬᠰᠠᠨ ᠪᠠᠶᠢᠳᠠᠯ;
    (ᠭᠤᠷᠪᠠ) ᠪᠦᠬᠦ ᠤᠷᠤᠨ ᠤ ᠠᠵᠦ ᠠᠬᠤᠢ ᠨᠡᠶᠢᠬᠡᠮ ᠤᠨ ᠬᠦᠭᠵᠢᠯᠳᠡ ᠶᠢᠨ ᠪᠠᠶᠢᠷᠢᠯᠠᠭᠤᠯᠤᠯᠳᠠ ᠲᠤᠬᠢᠷᠠᠭᠤᠯᠤᠯᠳᠠ᠂ ᠴᠢᠬᠤᠯᠠ ᠶᠡᠭᠡ ᠦᠬᠡᠷᠡᠴᠢᠯᠡᠯᠳᠡ ᠶᠢᠨ ᠵᠦᠢᠯ᠂ ᠴᠢᠬᠤᠯᠠ ᠶᠡᠭᠡ ᠠᠷᠠᠳ ᠤᠨ ᠠᠮᠢᠳᠤᠷᠠᠯ ᠤᠨ ᠠᠷᠭ᠎ᠠ ᠠᠪᠴᠠᠯ ᠵᠡᠷᠬᠡ ᠴᠢᠬᠤᠯᠠ ᠶᠡᠭᠡ ᠰᠢᠢᠳᠪᠦᠷᠢᠳᠤ ᠪᠤᠳᠤᠯᠭ᠎ᠠ ᠪᠠ ᠨᠠᠶᠢᠳᠠᠪᠤᠷᠢᠵᠢᠭᠤᠯᠤᠯᠳᠠ ᠶᠢ ᠠᠬᠢᠭᠤᠯᠤᠬᠰᠠᠨ ᠪᠠᠶᠢᠳᠠᠯ ᠵᠢᠴᠢ ᠭᠦᠨᠳᠤ ᠶᠡᠭᠡ ᠬᠡᠨᠡᠳᠳᠡ ᠶᠢᠨ ᠬᠡᠷᠡᠭ ᠶᠠᠪᠤᠳᠠᠯ ᠢ ᠪᠠᠴᠢᠮ ᠠᠷᠭᠠᠴᠠᠭᠠᠵᠦ ᠰᠢᠢᠳᠪᠦᠷᠢᠯᠡᠭᠰᠡᠨ ᠵᠢᠴᠢ ᠬᠤᠶᠢᠳᠤᠬᠢ ᠶᠠᠪᠤᠳᠠᠯ ᠢ ᠲᠤᠬᠢᠳᠠᠢ ᠰᠢᠢᠳᠪᠦᠷᠢᠯᠡᠭᠰᠡᠨ ᠠᠵᠢᠯ ᠤᠨ ᠪᠠᠶᠢᠳᠠᠯ ᠵᠡᠷᠬᠡ;
    (ᠲᠦᠷᠪᠡ) ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠭᠤᠤᠯ ᠴᠤᠬᠴᠠ ᠶᠢᠨ ᠬᠠᠷᠢᠭᠤᠴᠠᠯᠭ᠎ᠠ ᠶᠢ ᠬᠦᠢᠴᠡᠳᠬᠡᠵᠦ᠂ ᠨᠠᠮ ᠤᠨ ᠤᠯᠤᠰ ᠲᠦᠷᠦ ᠶᠢᠨ ᠪᠠᠶᠢᠭᠤᠯᠤᠯᠳᠠ᠂ ᠦᠵᠡᠯ ᠰᠠᠨᠠᠭᠠᠨ ᠤ ᠪᠠᠶᠢᠭᠤᠯᠤᠯᠳᠠ᠂ ᠵᠤᠬᠢᠶᠠᠨ ᠪᠠᠶᠢᠭᠤᠯᠤᠯᠳᠠ ᠶᠢᠨ ᠪᠠᠶᠢᠭᠤᠯᠤᠯᠳᠠ᠂ ᠰᠤᠷᠳᠠᠯ ᠤᠨ ᠪᠠᠶᠢᠭᠤᠯᠤᠯᠳᠠ᠂ ᠰᠠᠬᠢᠯᠭ᠎ᠠ ᠪᠠᠳᠤ ᠶᠢᠨ ᠪᠠᠶᠢᠭᠤᠯᠤᠯᠳᠠ ᠶᠢ ᠪᠦᠬᠦ ᠲᠠᠯ᠎ᠠ ᠪᠠᠷ ᠠᠬᠢᠭᠤᠯᠤᠬᠰᠠᠨ ᠪᠠᠶᠢᠳᠠᠯ᠂ ᠠᠷᠠᠳᠴᠢᠯᠡᠯ ᠲᠦᠪᠯᠡᠷᠡᠯ ᠤᠨ ᠲᠦᠷᠢᠮ ᠤᠨ ᠵᠠᠷᠴᠢᠮ ᠢ ᠲᠤᠭᠤᠰᠢᠯᠠᠭᠤᠯᠵᠦ᠂ ᠨᠠᠮ ᠤᠨ ᠲᠤᠳᠤᠭᠠᠳᠤ ᠶᠢᠨ ᠤᠯᠤᠰ ᠲᠦᠷᠦ ᠶᠢᠨ ᠠᠮᠢᠳᠤᠷᠠᠯ ᠢ ᠴᠢᠩᠳᠠᠯᠠᠵᠦ᠂ 《ᠲᠦᠷᠪᠡᠨ ᠰᠤᠷᠳᠠᠯ》 ᠢ᠋ ᠡᠷᠡᠰ ᠡᠰᠡᠷᠬᠦᠴᠡᠵᠦ᠂ ᠨᠠᠮ ᠤᠨ ᠰᠤᠷᠳᠠᠯ ᠴᠢᠬᠡᠴᠢ ᠵᠠᠰᠠᠬ ᠤᠨ ᠪᠠᠶᠢᠭᠤᠯᠤᠯᠳᠠ ᠪᠠ ᠢᠯᠵᠡᠷᠠᠯ ᠢ ᠡᠰᠡᠷᠬᠦᠴᠡᠭᠰᠡᠨ ᠪᠠᠶᠢᠳᠠᠯ ᠵᠡᠷᠬᠡ;
    (ᠲᠠᠪᠤ) ᠦᠪᠡᠷᠳᠡᠬᠡᠨ ᠵᠠᠰᠠᠬᠤ ᠤᠷᠤᠨ ᠤ ᠨᠠᠮ ᠤᠨ ᠲᠦᠯᠦᠭᠡᠯᠡᠭᠴᠢᠳ ᠤᠨ ᠶᠡᠭᠡ ᠬᠤᠷᠠᠯ᠂ ᠨᠠᠮ ᠤᠨ ᠬᠤᠷᠢᠶᠠᠨ ᠤ ᠪᠦᠬᠦᠳᠡ ᠬᠤᠷᠠᠯ ᠵᠡᠷᠬᠡ ᠨᠠᠮ ᠤᠨ ᠴᠢᠬᠤᠯᠠ ᠬᠤᠷᠠᠯ᠂ ᠠᠵᠢᠯᠯᠠᠭ᠎ᠠ ᠶᠢᠨ ᠪᠠᠶᠢᠳᠠᠯ ᠵᠡᠷᠬᠡ;
    (ᠵᠢᠷᠭᠤᠭ᠎ᠠ) ᠲᠦᠪ ᠤᠨ ᠲᠤᠭᠤᠷᠢᠨ ᠪᠠᠶᠢᠴᠠᠭᠠᠵᠦ ᠤᠴᠢᠵᠦ ᠰᠠᠭᠤᠬᠤ᠂ ᠬᠠᠷᠢᠭᠤ ᠲᠤᠰᠬᠠᠬᠤ᠂ ᠬᠠᠯᠠᠨ ᠰᠠᠶᠢᠵᠢᠷᠠᠭᠤᠯᠤᠬᠰᠠᠨ ᠪᠠᠶᠢᠳᠠᠯ ᠪᠠ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠲᠤᠭᠤᠷᠢᠨ ᠪᠠᠶᠢᠴᠠᠭᠠᠬᠤ ᠠᠵᠢᠯ ᠤᠨ ᠬᠠᠮᠢᠶ᠎ᠠ ᠪᠦᠬᠦᠢ ᠪᠠᠶᠢᠳᠠᠯ;
    (ᠲᠤᠯᠤᠭ᠎ᠠ) ᠴᠢᠬᠤᠯᠠ ᠠᠵᠢᠯᠳᠠᠨ ᠤ ᠶᠠᠪᠤᠳᠠᠯ ᠤᠨ ᠲᠤᠰᠢᠶᠠᠯ ᠳᠤ ᠲᠤᠮᠢᠯᠠᠵᠦ ᠲᠤᠰᠢᠶᠠᠯ ᠠᠴᠠ ᠤᠬᠴᠠᠷᠠᠭᠤᠯᠬᠤ᠂ ᠨᠠᠮ ᠤᠨ ᠲᠤᠳᠤᠭᠠᠳᠤ ᠶᠢᠨ ᠬᠦᠬᠢᠬᠦᠯᠦᠨ ᠰᠠᠶᠢᠰᠢᠶᠠᠬᠰᠠᠨ ᠪᠠᠶᠢᠳᠠᠯ;
    (ᠨᠠᠶ᠋ᠮᠠ) ᠨᠠᠮ ᠤᠨ ᠲᠤᠳᠤᠭᠠᠳᠤ ᠶᠢᠨ ᠴᠢᠬᠤᠯᠠ ᠬᠠᠤᠯᠢ ᠲᠤᠬᠳᠠᠭᠠᠯ ᠪᠠ ᠲᠦᠷᠢᠮᠵᠢᠯ ᠤᠨ ᠴᠢᠨᠠᠷᠳᠠᠢ ᠪᠢᠴᠢᠭ᠌ ᠮᠠᠲ᠋ᠧᠷᠢᠶᠠᠯ ᠢ ᠰᠢᠨ᠎ᠠ ᠪᠠᠷ ᠲᠤᠭᠳᠠᠭᠠᠵᠦ ᠵᠠᠰᠠᠪᠤᠷᠢ ᠤᠷᠤᠭᠤᠯᠵᠦ ᠬᠦᠴᠦᠨ ᠦᠬᠡᠢ ᠪᠤᠯᠭᠠᠵᠦ ᠲᠠᠶᠢᠯᠪᠤᠷᠢ ᠬᠢᠭᠰᠡᠨ ᠪᠠᠶᠢᠳᠠᠯ;
    (ᠶᠢᠰᠦ) ᠲᠤᠰ ᠪᠡᠶ᠎ᠠ ᠶᠢᠨ ᠪᠠᠶᠢᠭᠤᠯᠤᠯᠳᠠ ᠪᠠᠨ ᠴᠢᠩᠭᠠᠳᠬᠠᠬᠰᠠᠨ ᠪᠠᠶᠢᠳᠠᠯ;
    (ᠠᠷᠪᠠ) ᠨᠠᠮ ᠤᠨ ᠬᠤᠷᠢᠶᠠᠨ ᠤ ᠤᠳᠤᠷᠢᠳᠬᠤ ᠨᠦᠬᠦᠳ ᠤᠯᠠᠨ ᠲᠦᠮᠡᠨ ᠲᠠᠢ ᠰᠢᠭᠤᠳ ᠬᠠᠷᠢᠯᠴᠠᠵᠦ ᠦᠢᠯᠡᠴᠢᠯᠡᠭᠰᠡᠨ ᠪᠠᠶᠢᠳᠠᠯ᠂ ᠵᠠᠬᠢᠳᠠᠯ ᠰᠤᠷᠪᠤᠯᠵᠢᠯᠠᠯ ᠢ ᠬᠦᠯᠢᠶᠡᠭᠰᠡᠨ ᠪᠠᠶᠢᠳᠠᠯ;
    (ᠠᠷᠪᠠᠨ ᠨᠢᠬᠡ) ᠪᠤᠰᠤᠳ ᠢᠯᠡ ᠪᠤᠯᠭᠠᠬᠤ ᠶᠤᠰᠤᠳᠠᠢ ᠨᠠᠮ ᠤᠨ ᠶᠠᠪᠤᠳᠠᠯ᠃
    ᠶᠢᠰᠦᠳᠦᠬᠡᠷ ᠵᠦᠢᠯ   ᠠᠶᠢᠮᠠᠬ ᠬᠤᠳᠠ᠂ ᠬᠤᠰᠢᠭᠤ ᠰᠢᠶᠠᠨ (ᠬᠤᠳᠠ᠂ ᠲᠤᠭᠤᠷᠢᠬ) ᠤ ᠨᠠᠮ ᠤᠨ ᠬᠤᠷᠢᠶ᠎ᠠ 《ᠲᠤᠮᠳᠠᠳᠤ ᠤᠯᠤᠰ ᠤᠨ ᠡᠪ ᠬᠠᠮᠳᠤ ᠨᠠᠮ ᠤᠨ ᠨᠠᠮ ᠤᠨ ᠠᠵᠢᠯ ᠢ ᠢᠯᠡ ᠪᠤᠯᠭᠠᠬᠤ ᠲᠦᠷᠢᠮ (ᠲᠤᠷᠰᠢᠨ ᠬᠡᠷᠡᠭᠵᠢᠬᠦᠯᠬᠦ)》ᠢ᠋ ᠦᠨᠳᠦᠰᠦᠯᠡᠨ᠂ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠨᠠᠮ ᠤᠨ ᠠᠵᠢᠯ ᠢ ᠢᠯᠡ ᠪᠤᠯᠭᠠᠬᠤ ᠠᠭᠤᠯᠭ᠎ᠠ ᠪᠠᠷ ᠯᠠᠪᠯᠠᠯᠳᠠ ᠪᠤᠯᠭᠠᠵᠦ᠂ ᠲᠤᠰ ᠱᠠᠳᠤᠨ ᠤ ᠨᠠᠮ ᠤᠨ ᠬᠤᠷᠢᠶᠠᠨ ᠤ ᠨᠠᠮ ᠤᠨ ᠠᠵᠢᠯ ᠢ ᠢᠯᠡ ᠪᠤᠯᠭᠠᠬᠤ ᠪᠤᠳᠠᠳᠠᠢ ᠠᠭᠤᠯᠭ᠎ᠠ ᠶᠢ ᠲᠤᠳᠤᠷᠬᠠᠢᠢᠯᠠᠪᠠᠯ ᠵᠤᠬᠢᠨ᠎ᠠ᠃
    ᠠᠷᠪᠠᠳᠤᠭᠠᠷ ᠵᠦᠢᠯ   ᠨᠠᠮ ᠤᠨ ᠦᠨᠳᠦᠰᠦᠨ ᠱᠠᠳᠤᠨ ᠤ ᠵᠤᠬᠢᠶᠠᠨ ᠪᠠᠶᠢᠭᠤᠯᠤᠯᠳᠠ ᠨᠢ ᠲᠤᠤᠷᠠᠬᠢ ᠮᠡᠳᠤ ᠠᠭᠤᠯᠭ᠎ᠠ ᠶᠢ ᠢᠯᠡ ᠪᠤᠯᠭᠠᠪᠠᠯ ᠵᠤᠬᠢᠨ᠎ᠠ᠄
    (ᠨᠢᠭᠡ) ᠰᠢ ᠶᠢᠨ ᠫᠢᠩ ᠤᠨ ᠰᠢᠨ᠎ᠠ ᠴᠠᠭ ᠦᠶ᠎ᠠ ᠶᠢᠨ ᠲᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠶᠠᠷᠢᠶ᠎ᠠ᠂ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠵᠤ᠂ 《ᠬᠤᠶᠠᠷ ᠢ ᠡᠷᠡᠰ ᠬᠠᠮᠠᠭᠠᠯᠠᠬᠤ》 ᠶ᠋ᠢ ᠦᠢᠯᠡᠳᠦᠯᠭᠡᠵᠢᠭᠦᠯᠵᠦ ᠪᠠᠶᠢᠭ᠎ᠠ ᠪᠠᠶᠢᠳᠠᠯ;
    (ᠬᠤᠶᠠᠷ) ᠨᠠᠮ ᠤᠨ ᠲᠦᠪ ᠬᠤᠷᠢᠶ᠎ᠠ ᠪᠠ ᠲᠡᠭᠡᠳᠦ ᠱᠠᠳᠤᠨ ᠤ ᠵᠤᠬᠢᠶᠠᠨ ᠪᠠᠶᠢᠭᠤᠯᠤᠯᠳᠠ ᠶᠢᠨ ᠰᠢᠢᠳᠪᠦᠷᠢᠳᠤ ᠪᠤᠳᠤᠯᠭ᠎ᠠ ᠪᠠᠶᠢᠷᠢᠯᠠᠭᠤᠯᠤᠯᠳᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ ᠪᠠᠶᠢᠭ᠎ᠠ ᠪᠠᠶᠢᠳᠠᠯ;
    (ᠭᠤᠷᠪᠠ) ᠲᠤᠰᠢᠶᠠᠯ ᠤᠨ ᠬᠤᠭᠤᠴᠠᠭᠠᠨ ᠳᠠᠬᠢ ᠠᠵᠢᠯ ᠤᠨ ᠬᠠᠷᠠᠯᠳᠠ᠂ ᠱᠠᠳᠤᠴᠢ ᠴᠢᠨᠠᠷᠳᠠᠢ ᠠᠵᠢᠯ ᠤᠨ ᠪᠠᠶᠢᠷᠢᠯᠠᠭᠤᠯᠤᠯᠳᠠ ᠂ ᠭᠤᠤᠯᠳᠠᠯᠭ᠎ᠠ ᠲᠠᠢ ᠠᠵᠢᠯ ᠤᠨ ᠡᠭᠦᠷᠭᠡ ᠵᠢᠴᠢ ᠨᠠᠶᠢᠳᠠᠪᠤᠷᠢᠵᠢᠭᠤᠯᠵᠤ ᠪᠠᠶᠢᠭ᠎ᠠ ᠪᠠᠶᠢᠳᠠᠯ;
    (ᠲᠦᠷᠪᠡ) ᠦᠵᠡᠯ ᠰᠠᠨᠠᠭ᠎ᠠ ᠤᠯᠤᠰ ᠲᠦᠷᠦ ᠶᠢᠨ ᠠᠵᠢᠯ ᠢ ᠴᠢᠩᠭᠠᠳᠬᠠᠵᠤ᠂ ᠨᠠᠮ ᠤᠨ ᠲᠤᠳᠤᠭᠠᠳᠤ ᠶᠢᠨ ᠰᠤᠷᠤᠯᠴᠠᠯᠭ᠎ᠠ ᠬᠦᠮᠦᠵᠢᠯ ᠦᠷᠨᠢᠭᠦᠯᠵᠦ ᠪᠠᠶᠢᠭ᠎ᠠ᠂ ᠨᠠᠮ ᠤᠨ ᠭᠡᠰᠢᠭᠦᠳ ᠢᠶᠠᠨ ᠵᠤᠬᠢᠶᠠᠨ ᠪᠠᠶᠢᠭᠤᠯᠵᠤ ᠬᠦᠮᠦᠵᠢᠭᠦᠯᠤᠨ ᠪᠤᠯᠪᠠᠰᠤᠷᠠᠭᠤᠯᠵᠤ ᠪᠠᠶᠢᠭ᠎ᠠ᠂ 《ᠭᠤᠷᠪᠠᠨ ᠬᠤᠷᠠᠯ ᠨᠢᠭᠡ ᠬᠢᠴᠢᠶᠡᠯ》 ᠤᠨ ᠲᠦᠷᠢᠮ ᠢ ᠬᠡᠷᠡᠭᠵᠢᠭᠦᠯᠵᠦ ᠪᠠᠶᠢᠭ᠎ᠠ᠂ ᠨᠠᠮ ᠤᠨ ᠡᠭᠦᠷ ᠤᠨ ᠭᠤᠤᠯ ᠰᠡᠳᠦᠪᠳᠤ ᠨᠠᠮ ᠤᠨ ᠡᠳᠦᠷ ᠤᠨ ᠠᠵᠢᠯᠯᠠᠭ᠎ᠠ ᠦᠷᠨᠢᠭᠦᠯᠵᠦ ᠪᠠᠶᠢᠭ᠎ᠠ ᠵᠡᠷᠭᠡ ᠪᠠᠶᠢᠳᠠᠯ;
    (ᠲᠠᠪᠤ) ᠨᠠᠮ ᠤᠨ ᠵᠤᠬᠢᠶᠠᠨ ᠪᠠᠶᠢᠭᠤᠯᠤᠯᠳᠠ ᠶᠢᠨ ᠦᠨᠳᠦᠰᠦᠨ ᠪᠠᠶᠢᠳᠠᠯ᠂ ᠤᠳᠤᠷᠢᠳᠬᠤ ᠪᠠᠭ ᠤᠨ ᠪᠦᠷᠢᠯᠳᠦᠭᠦᠨ ᠤ ᠠᠵᠢᠯ ᠤᠨ ᠬᠤᠪᠢᠶᠠᠷᠢᠯᠠᠯ᠂ ᠭᠤᠤᠯ ᠲᠤᠰᠢᠶᠠᠯ ᠬᠠᠷᠢᠭᠤᠴᠠᠯᠭ᠎ᠠ᠂ ᠬᠤᠭᠤᠴᠠᠭ᠎ᠠ ᠰᠤᠯᠢᠬᠤ ᠰᠤᠩᠭᠤᠭᠤᠯᠢ᠂ ᠨᠠᠮ ᠤᠨ ᠵᠤᠬᠢᠶᠠᠨ ᠪᠠᠶᠢᠭᠤᠯᠤᠯᠳᠠ ᠶᠢᠨ ᠲᠤᠬᠢᠷᠠᠭᠤᠯᠤᠯᠳᠠ᠂ ᠨᠠᠮ ᠤᠨ ᠭᠡᠰᠢᠭᠦᠨ ᠢ ᠬᠦᠮᠦᠵᠢᠭᠦᠯᠬᠦ᠂ ᠠᠷᠠᠳᠴᠢᠯᠠᠯ ᠢᠶᠠᠷ ᠵᠦᠪᠯᠡᠨ ᠲᠤᠭᠳᠠᠭᠠᠬᠤ᠂ ᠵᠤᠬᠢᠶᠠᠨ ᠪᠠᠶᠢᠭᠤᠯᠤᠯᠳᠠ ᠶᠢᠨ ᠠᠮᠢᠳᠤᠷᠠᠯ ᠤᠨ ᠬᠤᠷᠠᠯ ᠢ ᠬᠤᠷᠠᠯᠳᠤᠭᠤᠯᠬᠤ᠂ ᠨᠠᠮ ᠤᠨ ᠲᠤᠳᠤᠭᠠᠳᠤ ᠶᠢᠨ ᠬᠦᠬᠢᠬᠦᠯᠦᠨ ᠰᠠᠶᠢᠰᠢᠶᠠᠬᠤ᠂ ᠨᠠᠮ ᠤᠨ ᠭᠡᠰᠢᠭᠦᠨ ᠤ ᠡᠷᠭᠡ ᠠᠰᠢᠭ ᠢ ᠪᠠᠳᠤᠯᠠᠬᠤ᠂ ᠨᠠᠮ ᠤᠨ ᠰᠦᠢᠳᠭᠡᠯ ᠢ ᠬᠤᠷᠢᠶᠠᠬᠤ ᠲᠤᠰᠢᠶᠠᠬᠤ ᠪᠠ ᠬᠡᠷᠡᠭᠯᠡᠬᠦ ᠶᠢ ᠬᠠᠮᠢᠶᠠᠷᠴᠤ ᠪᠠᠶᠢᠭ᠎ᠠ ᠪᠠᠶᠢᠳᠠᠯ;
    (ᠵᠢᠷᠭᠤᠭ᠎ᠠ) ᠨᠠᠮ ᠢ ᠬᠠᠮᠢᠶᠠᠷᠬᠤ ᠨᠠᠮ ᠢ ᠵᠠᠰᠠᠬᠤ ᠤᠯᠤᠰ ᠲᠦᠷᠦ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠵᠤ᠂ ᠨᠠᠮ ᠤᠨ ᠵᠤᠬᠢᠶᠠᠨ ᠪᠠᠶᠢᠭᠤᠯᠤᠯᠳᠠ ᠶᠢᠨ ᠲᠤᠰ ᠪᠡᠶ᠎ᠠ ᠶᠢᠨ ᠪᠠᠶᠢᠭᠤᠯᠤᠯᠳᠠ ᠶᠢ ᠴᠢᠩᠭᠠᠳᠬᠠᠵᠤ᠂ ᠠᠷᠠᠳᠴᠢᠯᠠᠯ ᠲᠦᠪᠯᠡᠷᠡᠯ ᠤᠨ ᠲᠦᠷᠢᠮ ᠂ ᠨᠠᠮ ᠤᠨ ᠵᠤᠬᠢᠶᠠᠨ ᠪᠠᠶᠢᠭᠤᠯᠤᠯᠳᠠ ᠶᠢᠨ ᠬᠡᠷᠡᠭ ᠵᠦᠪᠯᠡᠬᠦ ᠲᠦᠷᠢᠮ ᠪᠤᠯᠤᠨ ᠰᠢᠢᠳᠪᠦᠷᠢᠳᠤ ᠪᠤᠳᠤᠯᠭ᠎ᠠ ᠲᠡᠰ ᠲᠠᠷᠠᠭᠠᠯᠠᠯ ᠤᠨ ᠲᠦᠷᠢᠮ ᠵᠡᠷᠭᠡ ᠶᠢ ᠲᠤᠭᠤᠰᠢᠯᠠᠭᠤᠯᠤᠨ ᠬᠡᠷᠡᠭᠵᠢᠭᠦᠯᠵᠦ ᠪᠠᠶᠢᠭ᠎ᠠ ᠪᠠᠶᠢᠳᠠᠯ;
    (ᠲᠤᠯᠤᠭ᠎ᠠ) ᠨᠠᠮ ᠤᠨ ᠰᠤᠷᠳᠠᠯ ᠴᠢᠭᠡᠴᠢ ᠵᠠᠰᠠᠭ ᠤᠨ ᠪᠠᠶᠢᠭᠤᠯᠤᠯᠳᠠ ᠶᠢ ᠴᠢᠩᠭᠠᠳᠬᠠᠵᠤ᠂ 《ᠲᠦᠷᠪᠡᠨ ᠰᠤᠷᠳᠠᠯ》 ᠤᠨ ᠦᠵᠡᠭᠳᠡᠯ ᠢ ᠰᠡᠷᠭᠡᠶᠢᠯᠡᠨ ᠬᠤᠷᠢᠠᠠᠯᠠᠬᠤ ᠪᠠ ᠵᠠᠯᠠᠷᠠᠭᠤᠯᠵᠤ᠂ ᠨᠠᠮ ᠤᠨ ᠭᠡᠰᠢᠭᠦᠨ ᠢ ᠵᠤᠬᠢᠶᠠᠨ ᠪᠠᠶᠢᠭᠤᠯᠤᠯᠳᠠ ᠶᠢᠨ ᠲᠠᠯ᠎ᠠ ᠪᠠᠷ ᠰᠢᠢᠳᠪᠦᠷᠢᠯᠡᠭᠰᠡᠨ ᠪᠠ ᠰᠠᠬᠢᠯᠭ᠎ᠠ ᠪᠠᠳᠤ ᠶᠢᠨ ᠲᠠᠯ᠎ᠠ ᠪᠠᠷ ᠰᠢᠢᠳᠭᠡᠯ ᠦᠭᠭᠦᠭᠰᠡᠨ ᠪᠠᠶᠢᠳᠠᠯ;
    (ᠨᠠᠶ᠋ᠮᠠ) ᠨᠠᠮ ᠤᠨ ᠭᠡᠰᠢᠭᠦᠨ ᠪᠠ ᠤᠯᠠᠨ ᠲᠦᠮᠡᠨ ᠲᠠᠢ ᠬᠠᠷᠢᠯᠴᠠᠬᠤ ᠪᠠ ᠦᠢᠯᠡᠴᠢᠯᠡᠵᠦ᠂ ᠨᠠᠮ ᠤᠨ ᠭᠡᠰᠢᠭᠦᠨ᠂ ᠤᠯᠠᠨ ᠲᠦᠮᠡᠨ ᠤ ᠰᠠᠨᠠᠯ ᠰᠠᠨᠠᠭᠤᠯᠭ᠎ᠠ ᠶᠢ ᠲᠤᠰᠬᠠᠬᠤ ᠪᠠ ᠬᠦᠯᠢᠶᠡᠨ ᠠᠪᠴᠤ᠂ ᠵᠠᠬᠢᠳᠠᠯ ᠰᠤᠷᠪᠤᠯᠵᠢᠯᠠᠯ ᠢ ᠰᠢᠢᠳᠪᠦᠷᠢᠯᠡᠨ᠂ ᠵᠦᠷᠢᠴᠡᠯ ᠵᠢᠭᠤᠷᠠᠭᠠᠨ ᠢ ᠪᠠᠶᠢᠴᠠᠭᠠᠨ ᠰᠢᠢᠳᠪᠦᠷᠢᠯᠡᠵᠦ᠂ ᠶᠠᠳᠠᠭᠤ ᠬᠦᠴᠢᠷᠳᠡᠯᠳᠡᠢ ᠨᠠᠮ ᠤᠨ ᠭᠡᠰᠢᠭᠦᠨ ᠢ ᠬᠠᠯᠠᠮᠵᠢᠯᠠᠵᠤ᠂ ᠶᠠᠳᠠᠭᠤ ᠬᠦᠴᠢᠷᠳᠡᠯᠳᠡᠢ ᠤᠯᠠᠨ ᠲᠦᠮᠡᠨ ᠢ ᠲᠤᠰᠠᠯᠠᠨ ᠲᠡᠮᠵᠢᠭᠰᠡᠨ ᠵᠡᠷᠭᠡ ᠪᠠᠶᠢᠳᠠᠯ;
    (ᠶᠢᠰᠦ) ᠪᠤᠰᠤᠳ ᠢᠯᠡ ᠪᠤᠯᠭᠠᠬᠤ ᠶᠤᠰᠤᠳᠠᠢ ᠨᠠᠮ ᠤᠨ ᠶᠠᠪᠤᠳᠡᠯ᠃
    ᠠᠷᠪᠠᠨ ᠨᠢᠭᠡᠳᠤᠭᠡᠷ ᠵᠦᠢᠯ   ᠨᠠᠮ ᠤᠨ ᠦᠨᠳᠤᠰᠤᠨ ᠱᠠᠳᠤᠨ ᠤ ᠵᠤᠬᠢᠶᠠᠨ ᠪᠠᠶᠢᠭᠤᠯᠤᠯᠳᠠ ᠪᠠᠰᠠ ᠦᠪᠡᠷ ᠤᠨ ᠬᠠᠷᠢᠭᠤᠴᠠᠯᠭ᠎ᠠ ᠡᠬᠦᠷᠭᠡ ᠪᠠ ᠤᠨᠴᠠᠯᠢᠭ ᠲᠠᠢ ᠪᠠᠨ ᠤᠶᠠᠯᠳᠤᠭᠤᠯᠵᠤ ᠳᠤᠤᠷᠠᠬᠢ ᠮᠡᠳᠤ ᠠᠭᠤᠯᠭ᠎ᠠ ᠶᠢ ᠢᠯᠡ ᠪᠤᠯᠭᠠᠪᠠᠯ ᠵᠤᠬᠢᠨ᠎ᠠ᠄
    (ᠨᠢᠭᠡ) ᠰᠤᠮᠤ ᠰᠢᠶᠠᠩ ᠪᠠᠯᠭᠠᠰᠤ (ᠵᠡᠭᠡᠯᠢ ᠭᠤᠳᠤᠮᠵᠢ) ᠶ᠋ᠢᠨ ᠨᠠᠮ ᠤᠨ ᠦᠨᠳᠤᠰᠤᠨ ᠱᠠᠳᠤᠨ ᠤ ᠬᠤᠷᠢᠶ᠎ᠠ ᠪᠠ ᠭᠠᠴᠠᠭ᠎ᠠ ᠳᠤᠰᠬᠤᠨ (ᠨᠡᠶᠢᠭᠡᠮ ᠲᠤᠭᠤᠷᠢᠭ) ᠤ ᠨᠠᠮ ᠤᠨ ᠵᠤᠬᠢᠶᠠᠨ ᠪᠠᠶᠢᠭᠤᠯᠤᠯᠳᠠ ᠳᠤᠬᠠᠢ ᠶᠢᠨ ᠭᠠᠵᠠᠷ ᠤᠨ ᠠᠵᠢᠯ ᠪᠤᠯᠤᠨ ᠦᠨᠳᠤᠰᠤᠨ ᠱᠠᠳᠤᠨ ᠤ ᠨᠠᠶᠢᠭᠡᠮ ᠤᠨ ᠵᠠᠰᠠᠯᠳᠠ ᠶᠢ ᠤᠳᠤᠷᠢᠳᠴᠤ ᠪᠠᠶᠢᠭ᠎ᠠ ᠪᠠᠶᠢᠳᠠᠯ ᠢᠶᠠᠨ ᠢᠯᠡ ᠪᠤᠯᠭᠠᠪᠠᠯ ᠵᠤᠬᠢᠨ᠎ᠠ᠂ ᠵᠠᠰᠠᠭ ᠵᠠᠬᠢᠷᠭᠠᠨ ᠤ ᠵᠤᠬᠢᠶᠠᠨ ᠪᠠᠶᠢᠭᠤᠯᠤᠯᠳᠠ᠂ ᠨᠠᠶᠢᠭᠡᠮ ᠤᠨ ᠵᠤᠬᠢᠶᠠᠨ ᠪᠠᠶᠢᠭᠤᠯᠤᠯᠳᠠ᠂ ᠠᠵᠤ ᠠᠬᠤᠢ ᠶᠢᠨ ᠵᠤᠬᠢᠶᠠᠨ ᠪᠠᠶᠢᠭᠤᠯᠤᠯᠳᠠ ᠪᠠ ᠤᠯᠠᠨ ᠲᠦᠮᠡᠨ ᠤ ᠦᠪᠡᠷᠳᠡᠭᠡᠨ ᠵᠠᠰᠠᠬᠤ ᠵᠤᠬᠢᠶᠠᠨ ᠪᠠᠶᠢᠭᠤᠯᠤᠯᠳᠠ ᠡᠷᠭᠡ ᠲᠤᠰᠢᠶᠠᠯ ᠢᠶᠠᠨ ᠬᠦᠢᠴᠡᠳ ᠬᠡᠷᠡᠭᠵᠢᠬᠦᠯᠬᠦ ᠶᠢ ᠲᠡᠮᠵᠢᠬᠦ ᠪᠠ ᠪᠠᠳᠤᠯᠠᠬᠤ ᠵᠡᠷᠭᠡ ᠪᠠᠶᠢᠳᠠᠯ;
    (ᠬᠤᠶᠠᠷ) ᠤᠯᠤᠰ ᠤᠨ ᠦᠮᠴᠢᠯᠡᠯ ᠤᠨ ᠠᠵᠤ ᠠᠬᠤᠢᠢᠯᠡᠯ ᠳᠠᠬᠢ ᠨᠠᠮ ᠤᠨ ᠦᠨᠳᠤᠰᠤᠨ ᠱᠠᠳᠤᠨ ᠤ ᠵᠤᠬᠢᠶᠠᠨ ᠪᠠᠶᠢᠭᠤᠯᠤᠯᠳᠠ ᠡᠷᠭᠡᠪᠰᠢ ᠨᠠᠮ ᠤᠨ ᠱᠤᠭᠤᠮ ᠴᠢᠭᠯᠡᠯᠳᠡ ᠲᠦᠷᠦ ᠶᠢᠨ ᠪᠤᠳᠤᠯᠭ᠎ᠠ ᠶᠢ ᠳᠤᠭᠤᠰᠢᠯᠠᠭᠤᠯᠤᠨ ᠬᠡᠷᠡᠭᠵᠢᠬᠦᠯᠵᠤ ᠪᠠᠶᠢᠭ᠎ᠠ ᠪᠠᠶᠢᠳᠠᠯ ᠢᠶᠠᠨ ᠢᠯᠡ ᠪᠤᠯᠭᠠᠵᠦ᠂ ᠠᠵᠤ ᠠᠬᠤᠢᠢᠯᠡᠯ ᠤᠨ ᠦᠢᠯᠡᠳᠪᠤᠷᠢᠯᠡᠯ ᠤᠨ ᠡᠵᠡᠩᠨᠡᠯᠳᠠ ᠶᠢᠨ ᠲᠤᠭᠤᠷᠢᠨ ᠳᠤ ᠠᠵᠢᠯ ᠢᠶᠠᠨ ᠦᠷᠨᠢᠬᠦᠯᠵᠤ᠂ ᠠᠵᠢᠯᠳᠠᠨ ᠤ ᠲᠦᠯᠦᠭᠡᠯᠡᠭᠴᠢᠳ ᠤᠨ ᠶᠡᠭᠡ ᠬᠤᠷᠠᠯ ᠤᠨ ᠠᠵᠢᠯ ᠦᠷᠨᠢᠬᠦᠯᠬᠦ ᠶᠢ ᠲᠡᠮᠵᠢᠵᠤ᠂ ᠠᠵᠤ ᠠᠬᠤᠢᠢᠯᠡᠯ ᠤᠨ ᠴᠢᠬᠤᠯᠠ ᠶᠡᠭᠡ ᠵᠦᠢᠯ ᠢ ᠶᠠᠷᠢᠯᠴᠠᠨ ᠳᠤᠭᠳᠠᠭᠠᠵᠤ᠂ ᠠᠵᠤ ᠠᠬᠤᠢᠢᠯᠡᠯ ᠤᠨ ᠴᠢᠬᠤᠯᠠ ᠶᠡᠭᠡ ᠠᠰᠠᠭᠤᠳᠠᠯ ᠤᠨ ᠳᠤᠬᠠᠢ ᠰᠢᠢᠳᠪᠤᠷᠢᠳᠤ ᠪᠤᠳᠤᠯᠭ᠎ᠠ ᠳᠤᠭᠳᠠᠭᠠᠬᠤ ᠳᠤ ᠤᠷᠤᠯᠴᠠᠬᠤ ᠵᠡᠷᠭᠡ ᠪᠠᠶᠢᠳᠠᠯ;
    (ᠭᠤᠷᠪᠠ) ᠨᠡᠶᠢᠳᠡ ᠶᠢᠨ ᠦᠮᠴᠢᠯᠡᠯ ᠤᠨ ᠪᠤᠰᠤ ᠠᠵᠤ ᠠᠬᠤᠢ ᠶᠢᠨ ᠵᠤᠬᠢᠶᠠᠨ ᠪᠠᠶᠢᠭᠤᠯᠤᠯᠳᠠ ᠳᠠᠬᠢ ᠨᠠᠮ ᠤᠨ ᠦᠨᠳᠤᠰᠤᠨ ᠱᠠᠳᠤᠨ ᠤ ᠵᠤᠬᠢᠶᠠᠨ ᠪᠠᠶᠢᠭᠤᠯᠤᠯᠳᠠ ᠡᠷᠭᠡᠪᠰᠢ ᠨᠠᠮ ᠤᠨ ᠱᠤᠭᠤᠮ ᠴᠢᠭᠯᠡᠯᠳᠡ ᠲᠦᠷᠦ ᠶᠢᠨ ᠪᠤᠳᠤᠯᠭ᠎ᠠ ᠶᠢ ᠳᠤᠭᠤᠰᠢᠯᠠᠭᠤᠯᠬᠤ ᠶᠢ ᠢᠯᠡ ᠪᠤᠯᠭᠠᠵᠦ᠂ ᠠᠵᠤ ᠠᠬᠤᠢᠢᠯᠡᠯ ᠤᠨ ᠤᠯᠤᠰ ᠤᠨ ᠬᠠᠤᠯᠢ ᠴᠠᠭᠠᠵᠠ ᠬᠠᠤᠯᠢ ᠲᠦᠷᠢᠮ ᠢ ᠵᠢᠷᠤᠮᠯᠠᠬᠤ ᠶᠢ ᠬᠦᠳᠤᠯᠤᠨ ᠵᠢᠯᠤᠭᠤᠳᠴᠤ ᠬᠢᠨᠠᠯᠳᠠ ᠲᠠᠯᠪᠢᠨ᠂ ᠠᠵᠢᠯᠴᠢᠨ ᠤ ᠡᠪᠯᠡᠯ᠂ ᠡᠪ ᠬᠠᠮᠳᠤ ᠵᠠᠯᠠᠭᠤᠴᠤᠳ ᠤᠨ ᠡᠪᠯᠡᠯ ᠵᠡᠷᠭᠡ ᠤᠯᠠᠨ ᠲᠦᠮᠡᠨᠴᠢ ᠪᠦᠯᠬᠦᠮ ᠤᠨ ᠵᠤᠬᠢᠶᠠᠨ ᠪᠠᠶᠢᠭᠤᠯᠤᠯᠳᠠ ᠶᠢ ᠤᠳᠤᠷᠢᠳᠴᠤ᠂ ᠠᠵᠤ ᠠᠬᠤᠢᠢᠯᠡᠯ ᠤᠨ ᠡᠷᠡᠬᠦᠯ ᠢᠶᠠᠷ ᠬᠦᠭᠵᠢᠬᠦ ᠶᠢ ᠠᠬᠢᠭᠤᠯᠵᠤ ᠪᠠᠶᠢᠭ᠎ᠠ ᠵᠡᠷᠬᠡ ᠪᠠᠶᠢᠳᠠᠯ;
    (ᠲᠦᠷᠪᠡ) ᠨᠡᠶᠢᠭᠡᠮ ᠤᠨ ᠵᠤᠬᠢᠶᠠᠨ ᠪᠠᠶᠢᠭᠤᠯᠤᠯᠳᠠ ᠳᠠᠬᠢ ᠨᠠᠮ ᠤᠨ ᠦᠨᠳᠤᠰᠤᠨ ᠱᠠᠳᠤᠨ ᠤ ᠵᠤᠬᠢᠶᠠᠨ ᠪᠠᠶᠢᠭᠤᠯᠤᠯᠳᠠ ᠡᠷᠭᠡᠪᠰᠢ ᠨᠠᠮ ᠤᠨ ᠱᠤᠭᠤᠮ ᠴᠢᠭᠯᠡᠯᠳᠡ ᠲᠦᠷᠦ ᠶᠢᠨ ᠪᠤᠳᠤᠯᠭ᠎ᠠ ᠶᠢ ᠤᠬᠠᠭᠤᠯᠬᠤ ᠪᠠ ᠬᠡᠷᠡᠭᠵᠢᠬᠦᠯᠵᠤ ᠪᠠᠶᠢᠭ᠎ᠠ ᠪᠠᠶᠢᠳᠠᠯ ᠢ ᠢᠯᠡ ᠪᠤᠯᠭᠠᠵᠦ᠂ ᠠᠵᠢᠯᠴᠢᠨ ᠤ ᠡᠪᠯᠡᠯ᠂ ᠡᠪ ᠬᠠᠮᠳᠤ ᠵᠠᠯᠠᠭᠤᠴᠤᠳ ᠤᠨ ᠡᠪᠯᠡᠯ ᠵᠡᠷᠭᠡ ᠤᠯᠠᠨ ᠲᠦᠮᠡᠨᠴᠢ ᠪᠦᠯᠬᠦᠮ ᠢ ᠤᠳᠤᠷᠢᠳᠴᠤ᠂ ᠨᠠᠮ ᠤᠨ ᠬᠡᠰᠢᠬᠦᠨ ᠢ ᠬᠦᠮᠦᠵᠢᠬᠦᠯᠦᠨ ᠬᠠᠮᠢᠶᠠᠷᠴᠤ᠂ ᠤᠯᠠᠨ ᠲᠦᠮᠡᠨ ᠢ ᠬᠦᠳᠦᠯᠦᠨ ᠳᠠᠭᠠᠭᠤᠯᠵᠤ ᠦᠢᠯᠡᠴᠢᠯᠡᠨ᠂ ᠠᠵᠢᠯ ᠲᠦᠷᠦᠯ ᠤᠨ ᠦᠪᠡᠷ ᠢ ᠪᠠᠨ ᠱᠠᠭᠠᠷᠳᠠᠬᠤ ᠵᠢᠴᠢ ᠦᠨᠡᠨᠴᠢ ᠢᠳᠡᠭᠡᠮᠵᠢ ᠶᠢᠨ ᠪᠠᠶᠢᠭᠤᠯᠤᠯᠳᠠ ᠶᠢ ᠠᠬᠢᠭᠤᠯᠵᠤ᠂ ᠨᠠᠶᠢᠭᠡᠮ ᠤᠨ ᠵᠤᠬᠢᠶᠠᠨ ᠪᠠᠶᠢᠭᠤᠯᠤᠯᠳᠠ ᠶᠢ ᠬᠦᠳᠦᠯᠦᠨ ᠳᠠᠭᠠᠭᠤᠯᠵᠤ ᠨᠡᠶᠢᠭᠡᠮ ᠤᠨ ᠦᠢᠯᠡᠴᠢᠯᠡᠭᠡ ᠪᠠ ᠨᠡᠶᠢᠭᠡᠮ ᠤᠨ ᠵᠠᠰᠠᠯᠳᠠ ᠳᠤ ᠤᠷᠤᠯᠴᠠᠵᠤ᠂ ᠠᠵᠢᠯ ᠦᠢᠯᠡᠰ ᠤᠨ ᠬᠦᠭᠵᠢᠯᠳᠡ ᠶᠢ ᠠᠬᠢᠭᠤᠯᠵᠤ ᠪᠠᠶᠢᠭ᠎ᠠ ᠵᠡᠷᠬᠡ ᠪᠠᠶᠢᠳᠠᠯ;
    (ᠳᠠᠪᠤ) ᠨᠠᠮ ᠤᠨ ᠬᠤᠷᠢᠶᠠᠨ ᠤ ᠤᠳᠤᠷᠢᠳᠤᠯᠭ᠎ᠠ ᠳᠤᠤᠷᠠᠬᠢ ᠵᠠᠰᠠᠬ ᠵᠠᠬᠢᠷᠭᠠᠨ ᠤ ᠤᠳᠤᠷᠢᠳᠬᠤ ᠬᠦᠮᠦᠰ ᠤᠨ ᠬᠠᠷᠢᠭᠤᠴᠠᠬᠤ ᠲᠦᠷᠢᠮ ᠢ ᠬᠡᠷᠡᠭᠵᠢᠬᠦᠯᠵᠤ ᠪᠠᠶᠢᠬᠤ ᠠᠵᠢᠯ ᠦᠢᠯᠡᠰ ᠤᠨ ᠪᠠᠶᠢᠭᠤᠯᠭ᠎ᠠ ᠶᠢᠨ ᠳᠤᠳᠤᠷᠠᠬᠢ ᠨᠠᠮ ᠤᠨ ᠦᠨᠳᠦᠰᠦᠨ ᠱᠠᠳᠤᠨ ᠤ ᠵᠤᠬᠢᠶᠠᠨ ᠪᠠᠶᠢᠭᠤᠯᠤᠯᠳᠠ᠂ ᠴᠢᠬᠤᠯᠠ ᠶᠡᠭᠡ ᠠᠰᠠᠭᠤᠳᠠᠯ ᠢ ᠶᠠᠷᠢᠯᠴᠠᠬᠤ ᠪᠠ ᠳᠤᠭᠳᠠᠭᠠᠵᠤ ᠪᠠᠶᠢᠭ᠎ᠠ᠂ ᠦᠵᠡᠯ ᠰᠠᠨᠠᠭ᠎ᠠ ᠤᠯᠤᠰ ᠲᠦᠷᠦ ᠶᠢᠨ ᠠᠵᠢᠯ ᠢ ᠴᠢᠩᠭᠠᠳᠬᠠᠵᠤ ᠪᠠᠶᠢᠭ᠎ᠠ᠂ ᠤᠯᠠᠨ ᠲᠦᠮᠡᠨ ᠲᠠᠢ ᠬᠠᠷᠢᠯᠴᠠᠵᠤ ᠦᠢᠯᠡᠴᠢᠯᠡᠵᠤ ᠪᠠᠶᠢᠭ᠎ᠠ ᠵᠠᠷᠭᠡ ᠪᠠᠶᠢᠳᠠᠯ ᠢ ᠢᠯᠡ ᠪᠤᠯᠭᠠᠪᠠᠯ ᠵᠤᠬᠢᠨ᠎ᠠ;
    (ᠵᠢᠷᠭᠤᠭ᠎ᠠ) ᠡᠯ᠎ᠡ ᠱᠠᠳᠤᠨ ᠤ ᠨᠠᠮ ᠪᠠ ᠤᠯᠤᠰ ᠤᠨ ᠠᠯᠪᠠᠨ ᠪᠠᠶᠢᠭᠤᠯᠭ᠎ᠠ ᠳᠤᠳᠤᠷᠠᠬᠢ ᠨᠠᠮ ᠤᠨ ᠦᠨᠳᠦᠰᠦᠨ ᠱᠠᠳᠤᠨ ᠤ ᠵᠤᠬᠢᠶᠠᠨ ᠪᠠᠶᠢᠭᠤᠯᠤᠯᠳᠠ ᠨᠠᠮ ᠤᠨ ᠪᠠᠶᠢᠭᠤᠯᠤᠯᠳᠠ ᠶᠢᠨ ᠠᠵᠢᠯ ᠂ ᠨᠠᠮ ᠤᠨ ᠬᠡᠰᠢᠬᠦᠨ ᠳᠤ ᠰᠤᠷᠭᠠᠨ ᠬᠦᠮᠦᠵᠢᠯ ᠬᠢᠨᠠᠨ ᠬᠠᠮᠢᠶᠠᠷᠤᠯᠳᠠ ᠶᠠᠪᠤᠭᠳᠠᠭᠤᠯᠵᠤ ᠪᠠᠶᠢᠭ᠎ᠠ᠂ ᠤᠯᠠᠨ ᠲᠦᠮᠡᠨ ᠲᠠᠢ ᠬᠠᠷᠢᠯᠴᠠᠵᠤ ᠦᠢᠯᠡᠴᠢᠯᠡᠵᠤ ᠪᠠᠶᠢᠭ᠎ᠠ ᠵᠡᠷᠭᠡ ᠪᠠᠶᠢᠳᠠᠯ ᠢ ᠢᠯᠡ ᠪᠤᠯᠭᠠᠪᠠᠯ ᠵᠤᠬᠢᠨ᠎ᠠ᠃
    ᠠᠷᠪᠠᠨ ᠬᠤᠶᠠᠳᠤᠭᠠᠷ ᠵᠦᠢᠯ   ᠡᠯ᠎ᠡ ᠱᠠᠳᠤᠨ ᠤ ᠨᠠᠮ ᠤᠨ ᠰᠠᠬᠢᠯᠭ᠎ᠠ ᠪᠠᠳᠤ ᠪᠠᠶᠢᠴᠠᠭᠠᠬᠤ ᠠᠯᠪᠠᠨ ᠪᠠᠶᠢᠭᠤᠯᠭ᠎ᠠ ᠳᠤᠤᠷᠠᠬᠢ ᠮᠡᠳᠤ ᠠᠭᠤᠯᠭ᠎ᠠ ᠶᠢ ᠢᠯᠡ ᠪᠤᠯᠭᠠᠪᠠᠯ ᠵᠤᠬᠢᠨ᠎ᠠ᠄
    (ᠨᠢᠭᠡ) ᠰᠢ ᠶᠢᠨ ᠫᠢᠡᠭ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠ ᠶᠡᠷᠦᠩᠬᠡᠢ ᠱᠦᠵᠢ ᠰᠢ ᠶᠢᠨ ᠫᠢᠡᠭ ᠤᠨ ᠴᠢᠬᠤᠯᠠ ᠶᠠᠷᠢᠶ᠎ᠠ᠂ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠶᠢ ᠰᠤᠷᠤᠯᠴᠠᠨ ᠳᠤᠭᠤᠰᠢᠯᠠᠭᠤᠯᠵᠤ᠂ 《ᠬᠤᠶᠠᠷ ᠢ ᠡᠷᠡᠰ ᠬᠠᠮᠠᠭᠠᠯᠠᠬᠤ》 ᠶ᠋ᠢ ᠦᠢᠯᠡᠳᠤᠯᠭᠡᠵᠢᠬᠦᠯᠵᠤ ᠪᠠᠶᠢᠭ᠎ᠠ ᠪᠠᠶᠢᠳᠠᠯ;
    (ᠬᠤᠶᠠᠷ) ᠨᠠᠮ ᠤᠨ ᠲᠦᠪ ᠬᠤᠷᠢᠶ᠎ᠠ ᠶᠢᠨ ᠴᠢᠬᠤᠯᠡ ᠶᠡᠭᠡ ᠲᠦᠷᠦ ᠶᠢᠨ ᠪᠤᠳᠤᠯᠭ᠎ᠠ ᠴᠢᠭᠯᠡᠯᠳᠡ ᠪᠠ ᠴᠢᠬᠤᠯᠠ ᠶᠡᠭᠡ ᠰᠢᠢᠳᠪᠦᠷᠢᠳᠤ ᠪᠤᠳᠤᠯᠭ᠎ᠠ ᠪᠠᠶᠢᠷᠢᠯᠠᠭᠤᠯᠤᠯᠳᠠ ᠵᠢᠴᠢ ᠳᠤᠰ ᠱᠠᠳᠤᠨ ᠤ ᠨᠠᠮ ᠤᠨ ᠬᠤᠷᠢᠶ᠎ᠠ ᠪᠠ ᠳᠡᠭᠡᠳᠤ ᠱᠠᠳᠤᠨ ᠤ ᠰᠠᠬᠢᠯᠭ᠎ᠠ ᠪᠠᠳᠤ ᠪᠠᠶᠢᠴᠠᠭᠠᠬᠤ ᠠᠯᠪᠠᠨ ᠪᠠᠶᠢᠭᠤᠯᠭ᠎ᠠ ᠶᠢᠨ ᠠᠵᠢᠯ ᠤᠨ ᠪᠠᠶᠢᠷᠢᠯᠠᠭᠤᠯᠤᠯᠳᠠ ᠶᠢ ᠳᠤᠭᠤᠰᠢᠯᠠᠭᠤᠯᠤᠨ ᠨᠠᠶᠢᠳᠠᠪᠤᠷᠢᠵᠢᠭᠤᠯᠵᠤ ᠪᠠᠶᠢᠭ᠎ᠠ ᠪᠠᠶᠢᠳᠠᠯ;
    (ᠭᠤᠷᠪᠠ) ᠰᠠᠬᠢᠯᠭ᠎ᠠ ᠪᠠᠳᠤ ᠶᠢᠨ ᠬᠦᠮᠦᠵᠢᠯ ᠦᠷᠨᠢᠭᠦᠯᠵᠤ ᠪᠠᠶᠢᠭ᠎ᠠ᠂ ᠰᠠᠬᠢᠯᠭ᠎ᠠ ᠪᠠᠳᠤ ᠶᠢᠨ ᠪᠦᠳᠦᠭᠡᠨ ᠪᠠᠶᠢᠭᠤᠯᠤᠯᠳᠠ ᠶᠢ ᠴᠢᠩᠭᠠᠳᠬᠠᠵᠤ ᠪᠠᠶᠢᠭ᠎ᠠ᠂ ᠨᠠᠮ ᠤᠨ ᠲᠦᠷᠢᠮ ᠨᠠᠮ ᠤᠨ ᠳᠤᠭᠳᠠᠭᠠᠯ ᠨᠠᠮ ᠤᠨ ᠰᠠᠬᠢᠯᠭ᠎ᠠ ᠪᠠᠳᠤ ᠶᠢ ᠬᠠᠮᠠᠭᠠᠯᠠᠵᠤ ᠪᠠᠶᠢᠭ᠎ᠠ ᠪᠠᠶᠢᠳᠠᠯ;
    (ᠲᠦᠷᠪᠡ) ᠲᠦᠪ ᠤᠨ ᠨᠠᠶ᠋ᠮᠠᠨ ᠵᠦᠢᠯ ᠤᠨ ᠳᠤᠭᠳᠠᠭᠠᠯ ᠢ ᠵᠦᠷᠢᠴᠡᠭᠰᠡᠨ ᠢ ᠪᠠᠶᠢᠴᠠᠭᠠᠨ ᠰᠢᠢᠳᠬᠡᠵᠤ ᠪᠠᠶᠢᠭ᠎ᠠ ᠵᠢᠴᠢ ᠳᠡᠬᠦᠨ ᠢ ᠬᠡᠷᠡᠭᠵᠢᠬᠦᠯᠬᠦ ᠨᠠᠷᠢᠨ ᠲᠦᠷᠢᠮ ᠤᠨ ᠵᠤᠷᠢᠭ ᠰᠠᠨᠠᠭ᠎ᠠ ᠪᠠ ᠦᠪᠡᠷᠳᠡᠭᠡᠨ ᠵᠠᠰᠠᠬᠤ ᠤᠷᠤᠨ ᠤ ᠬᠡᠷᠡᠭᠵᠢᠬᠦᠯᠬᠦ ᠠᠷᠭ᠎ᠠ᠂ ᠤᠯᠠᠨ ᠲᠦᠮᠡᠨ ᠤ ᠳᠡᠷᠭᠡᠳᠡ ᠡᠬᠦᠰᠴᠤ᠂ ᠨᠥᠯᠦᠭᠡ ᠮᠠᠭᠤ ᠭᠠᠵᠢᠭᠤ ᠰᠤᠷᠳᠠᠯ ᠪᠠ ᠢᠯᠵᠡᠷᠠᠯ ᠤᠨ ᠠᠰᠠᠭᠤᠳᠠᠯ ᠤᠨ ᠪᠠᠶᠢᠳᠠᠯ;
    (ᠳᠠᠪᠤ) ᠨᠠᠮ ᠤᠨ ᠬᠡᠰᠢᠬᠦᠨ ᠤᠳᠤᠷᠢᠳᠬᠤ ᠺᠠᠳ᠋ᠷ ᠤᠨ ᠰᠠᠬᠢᠯᠭ᠎ᠠ ᠪᠠᠳᠤ ᠶᠢ ᠬᠦᠨᠳᠤ ᠨᠤᠴᠢᠳᠠᠢ ᠵᠦᠷᠢᠴᠡᠵᠤ ᠬᠠᠤᠯᠢ ᠶᠢ ᠵᠦᠷᠢᠴᠠᠵᠤ ᠶᠠᠯ᠎ᠠ ᠬᠢᠭᠰᠡᠨ ᠢᠶᠠᠷ ᠰᠡᠵᠢᠭᠯᠡᠭᠳᠡᠭᠰᠡᠨ ᠢ ᠬᠡᠷᠡᠭ ᠪᠤᠯᠭᠠᠨ ᠳᠠᠩᠰᠠᠯᠠᠵᠤ ᠬᠢᠨᠠᠨ ᠪᠠᠶᠢᠴᠠᠭᠠᠵᠤ ᠪᠠᠶᠢᠭ᠎ᠠ᠂ ᠵᠤᠬᠢᠶᠠᠨ ᠪᠠᠶᠢᠭᠤᠯᠤᠯᠳᠠ ᠶᠢᠨ ᠬᠢᠨᠠᠨ ᠪᠠᠶᠢᠴᠠᠭᠠᠯᠳᠠ ᠬᠢᠵᠦ ᠪᠠᠶᠢᠭ᠎ᠠ ᠪᠠ ᠨᠠᠮ ᠠᠴᠠ ᠬᠦᠬᠡᠬᠡᠬᠦ ᠰᠢᠢᠳᠬᠡᠯ ᠦᠭᠭᠦᠭᠰᠡᠨ ᠪᠠᠶᠢᠳᠠᠯ;
    (ᠵᠢᠷᠭᠤᠭ᠎ᠠ) ᠨᠠᠮ ᠤᠨ ᠬᠡᠰᠢᠬᠦᠨ ᠤᠳᠤᠷᠢᠳᠬᠤ ᠺᠠᠳ᠋ᠷ ᠤᠨ ᠳᠤᠰᠢᠶᠠᠯ ᠳᠠᠭᠠᠨ ᠬᠦᠨᠳᠤ ᠨᠤᠴᠢᠳᠠᠢ ᠤᠰᠤᠯᠳᠠᠵᠤ ᠬᠠᠷᠢᠭᠤᠴᠠᠯᠭ᠎ᠠ ᠠᠯᠳᠠᠭᠰᠠᠨ ᠳᠤ ᠬᠠᠷᠢᠭᠤᠴᠠᠯᠭ᠎ᠠ ᠨᠡᠭᠡᠮᠵᠢᠯᠡᠵᠤ ᠪᠠᠶᠢᠭ᠎ᠠ ᠪᠠᠶᠢᠳᠠᠯ;
    (ᠳᠤᠯᠤᠭ᠎ᠠ) ᠰᠠᠬᠢᠯᠭ᠎ᠠ ᠪᠠᠳᠤ ᠪᠠᠶᠢᠴᠠᠭᠠᠬᠤ ᠠᠯᠪᠠᠨ ᠪᠠᠶᠢᠭᠤᠯᠭ᠎ᠠ ᠶᠢᠨ ᠲᠤᠰ ᠪᠡᠶ᠎ᠡ ᠶᠢᠨ ᠪᠠᠶᠢᠭᠤᠯᠤᠯᠳᠠ ᠪᠠᠨ ᠴᠢᠩᠭᠠᠳᠬᠠᠵᠤ ᠪᠠᠶᠢᠭ᠎ᠠ ᠪᠠᠶᠢᠳᠠᠯ;
    (ᠨᠠᠢᠮᠠ) ᠪᠤᠰᠤᠳ ᠢᠯᠡ ᠪᠤᠯᠭᠠᠬᠤ ᠶᠤᠰᠤᠳᠠᠢ ᠨᠠᠮ ᠤᠨ ᠶᠠᠪᠤᠳᠠᠯ᠃
    ᠠᠷᠪᠠᠨ ᠭᠤᠷᠪᠠᠳᠤᠭᠠᠷ ᠵᠦᠢᠯ   ᠨᠠᠮ ᠤᠨ ᠠᠯᠪᠠᠨ ᠪᠠᠶᠢᠭᠤᠯᠭ᠎ᠠ᠂ ᠨᠠᠮ ᠤᠨ ᠬᠤᠷᠢᠶᠡᠨ ᠠᠴᠠ ᠲᠤᠮᠢᠯᠠᠭᠰᠠᠨ ᠪᠠᠶᠢᠭᠤᠯᠭ᠎ᠠ᠂ ᠨᠠᠮ ᠤᠨ ᠬᠤᠷᠢᠶᠠᠨ ᠤ ᠰᠢᠭᠤᠳ ᠬᠠᠷᠢᠶ᠎ᠠ ᠠᠵᠢᠯ ᠦᠢᠯᠡᠰ ᠤᠨ ᠨᠢᠭᠡᠴᠢ ᠪᠠ ᠨᠠᠮ ᠤᠨ ᠤᠳᠤᠷᠢᠳᠬᠤ ᠳᠤᠭᠤᠢᠢᠯᠠᠩ ᠲᠤᠰ ᠨᠠᠷᠢᠨ ᠳᠦᠷᠢᠮ ᠤᠨ ᠳᠤᠯᠤᠳᠤᠭᠠᠷ ᠵᠦᠢᠯ ᠤᠨ ᠨᠢᠭᠡᠳᠦᠭᠡᠷ ᠵᠤᠷᠪᠤᠰ ᠤᠨ ᠲᠤᠭᠳᠠᠭᠠᠯ ᠶᠤᠰᠤᠭᠠᠷ᠂ ᠪᠤᠳᠠᠳᠠᠢ ᠲᠠᠢ ᠪᠠᠨ ᠤᠶᠠᠯᠳᠤᠭᠤᠯᠵᠦ ᠢᠯᠠ ᠪᠤᠯᠭᠠᠬᠤ ᠠᠭᠤᠯᠭ᠎ᠠ ᠪᠠᠨ ᠳᠤᠭᠳᠠᠭᠠᠨ᠎ᠠ᠃ ᠨᠠᠮ ᠤᠨ ᠠᠯᠪᠠᠨ ᠪᠠᠶᠢᠭᠤᠯᠭ᠎ᠠ ᠪᠠ ᠨᠠᠮ ᠤᠨ ᠬᠤᠷᠢᠶᠠᠨ ᠤ ᠰᠢᠭᠤᠳ ᠬᠠᠷᠢᠶ᠎ᠠ ᠠᠵᠢᠯ ᠦᠢᠯᠡᠰ ᠤᠨ ᠨᠢᠭᠡᠴᠢ ᠠᠴᠠ ᠨᠠᠮ ᠤᠨ ᠲᠦᠪ ᠬᠤᠷᠢᠶ᠎ᠠ ᠪᠠ ᠳᠡᠭᠡᠳᠦ ᠱᠠᠳᠤᠨ ᠤ ᠵᠤᠬᠢᠶᠠᠨ ᠪᠠᠶᠢᠭᠤᠯᠤᠯᠳᠠ ᠶᠢᠨ ᠰᠢᠢᠳᠪᠦᠷᠢᠳᠦ ᠪᠤᠳᠤᠯᠭ᠎ᠠ ᠶᠢᠨ ᠪᠠᠶᠢᠷᠢᠯᠠᠭᠤᠯᠤᠯᠳᠠ ᠶᠢ ᠨᠠᠶᠢᠳᠠᠪᠤᠷᠢᠵᠢᠭᠤᠯᠬᠤ᠂ ᠨᠠᠮ ᠤᠨ ᠠᠵᠢᠯ ᠦᠷᠨᠢᠬᠦᠯᠦᠭᠰᠡᠨ ᠪᠠᠶᠢᠳᠠᠯ ᠢ ᠭᠤᠤᠯᠳᠠᠯᠭ᠎ᠠ ᠲᠠᠢ ᠢᠯᠠ ᠪᠤᠯᠭᠠᠨ᠎ᠠ᠃ ᠨᠠᠮ ᠤᠨ ᠬᠤᠷᠢᠶᠠᠨ ᠠᠴᠠ ᠲᠤᠮᠢᠯᠠᠭᠰᠠᠨ ᠪᠠᠶᠢᠭᠤᠯᠭ᠎ᠠ ᠨᠠᠮ ᠤᠨ ᠬᠤᠷᠢᠶ᠎ᠠ ᠶᠢ ᠲᠦᠯᠦᠭᠡᠯᠡᠨ ᠲᠤᠬᠠᠢ ᠶᠢᠨ ᠭᠠᠵᠠᠷ ᠤᠷᠤᠨ᠂ ᠲᠤᠬᠠᠢ ᠶᠢᠨ ᠬᠦᠷᠢᠶ᠎ᠡ ᠴᠠᠷᠠᠭ᠎ᠠ᠂ ᠲᠤᠬᠠᠢ ᠶᠢᠨ ᠠᠵᠢᠯ ᠲᠦᠷᠦᠯ᠂ ᠲᠤᠬᠠᠢ ᠵᠢᠨ ᠰᠢᠰᠲ᠋ᠧᠮ ᠤᠨ ᠨᠠᠮ ᠤᠨ ᠠᠵᠢᠯ ᠢ ᠤᠳᠤᠷᠢᠳᠤᠭᠰᠠᠨ ᠪᠠᠶᠢᠳᠠᠯ ᠢ ᠭᠤᠤᠯᠳᠠᠯᠭ᠎ᠠ ᠲᠠᠢ ᠢᠯᠠ ᠪᠤᠯᠭᠠᠨ᠎ᠠ᠃ ᠨᠠᠮ ᠤᠨ ᠤᠳᠤᠷᠢᠳᠬᠤ ᠳᠤᠭᠤᠢᠢᠯᠠᠩ ᠠᠴᠠ ᠲᠤᠰ ᠪᠠᠶᠢᠭᠤᠯᠭ᠎ᠠ ᠳᠠᠭᠠᠨ ᠤᠳᠤᠷᠢᠳᠬᠤ ᠦᠢᠯᠡᠳᠦᠯ ᠢᠶᠠᠨ ᠪᠠᠳᠠᠷᠠᠭᠤᠯᠵᠦ᠂ ᠨᠠᠮ ᠤᠨ ᠤᠨᠤᠯ ᠪᠠ ᠱᠤᠭᠤᠮ ᠴᠢᠭᠯᠡᠯᠳᠡ ᠲᠦᠷᠦ ᠶᠢᠨ ᠪᠤᠳᠤᠯᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠶᠢ ᠪᠠᠲᠤᠯᠠᠨ᠂ ᠨᠠᠮ ᠤᠨ ᠪᠠᠶᠢᠭᠤᠯᠤᠯᠳᠠ ᠶᠢᠨ ᠠᠵᠢᠯ ᠤᠨ ᠬᠠᠷᠢᠭᠤᠴᠠᠯᠭ᠎ᠠ ᠶᠢᠨ ᠳᠦᠷᠢᠮ ᠢ ᠨᠠᠶᠢᠳᠠᠪᠤᠷᠢᠵᠢᠭᠤᠯᠤᠭᠰᠠᠨ ᠪᠠᠶᠢᠳᠠᠯ ᠢ ᠭᠤᠤᠯᠳᠠᠯᠭ᠎ᠠ ᠲᠠᠢ ᠢᠯᠠ ᠪᠤᠯᠭᠠᠨ᠎ᠠ᠃
    ᠠᠷᠪᠠᠨ ᠳᠦᠷᠪᠡᠳᠦᠭᠡᠷ ᠵᠦᠢᠯ   ᠨᠠᠮ ᠤᠨ ᠵᠤᠬᠢᠶᠠᠨ ᠪᠠᠶᠢᠭᠤᠯᠤᠯᠳᠠ ᠠᠵᠢᠯ ᠤᠨ ᠪᠤᠳᠠᠳᠠᠢ ᠲᠠᠢ ᠪᠠᠨ ᠨᠢᠭᠳᠠ ᠤᠶᠠᠯᠳᠤᠭᠤᠯᠵᠦ᠂ ᠨᠠᠮ ᠤᠨ ᠶᠠᠪᠤᠳᠠᠯ ᠢ ᠢᠯᠠ ᠪᠤᠯᠭᠠᠬᠤ ᠭᠠᠷᠴᠠᠭ ᠢ ᠨᠠᠶᠢᠷᠠᠭᠤᠯᠤᠨ ᠵᠤᠬᠢᠶᠠᠬᠤ ᠶᠢᠨ ᠬᠠᠮᠳᠤ᠂ ᠲᠤᠰᠢᠶᠠᠯ ᠬᠠᠷᠢᠭᠤᠴᠠᠯᠭ᠎ᠠ ᠡᠭᠦᠷᠭᠡ ᠱᠠᠭᠠᠷᠳᠠᠯᠭ᠎ᠠ ᠶᠢ ᠦᠨᠳᠦᠰᠦᠯᠡᠵᠦ ᠬᠦᠳᠡᠯᠦᠩᠬᠦᠢ ᠵᠤᠬᠢᠴᠠᠭᠤᠯᠬᠤ ᠬᠡᠷᠡᠭᠳᠡᠢ᠃ ᠨᠠᠮ ᠤᠨ ᠶᠠᠪᠤᠳᠠᠯ ᠢ ᠢᠯᠠ ᠪᠤᠯᠭᠠᠬᠤ ᠭᠠᠷᠴᠠᠭ ᠢ ᠨᠠᠮ ᠤᠨ ᠵᠤᠬᠢᠶᠠᠨ ᠪᠠᠶᠢᠭᠤᠯᠤᠯᠳᠠ ᠰᠤᠳᠤᠯᠤᠨ ᠶᠠᠷᠢᠯᠴᠠᠵᠦ ᠵᠦᠪᠰᠢᠶᠡᠷᠡᠭᠰᠡᠨ ᠤ ᠳᠠᠷᠠᠭ᠎ᠠ ᠨᠠᠮ ᠤᠨ ᠳᠡᠭᠡᠳᠦ ᠨᠢᠭᠡ ᠱᠠᠳᠤᠨ ᠤ ᠵᠤᠬᠢᠶᠠᠨ ᠪᠠᠶᠢᠭᠤᠯᠤᠯᠳᠠ ᠳᠤ ᠮᠡᠳᠡᠬᠦᠯᠵᠦ ᠳᠠᠩᠰᠠᠯᠠᠬᠤ ᠶᠢᠨ ᠵᠡᠷᠭᠡᠪᠡᠷ ᠲᠤᠭᠳᠠᠭᠠᠯ ᠶᠤᠰᠤᠭᠠᠷ ᠨᠠᠮ ᠤᠨ ᠳᠤᠳᠤᠭᠠᠳᠦ ᠪᠤᠶᠤ ᠨᠡᠶᠢᠭᠡᠮ ᠳᠤ ᠢᠯᠠ ᠪᠤᠯᠭᠠᠨ᠎ᠠ᠃ ᠦᠪᠡᠷᠳᠡᠭᠡᠨ ᠵᠠᠰᠠᠬᠤ ᠤᠷᠤᠨ ᠤ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ᠂ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠡᠯ᠎ᠡ ᠰᠠᠯᠠᠭ᠎ᠠ ᠮᠦᠴᠢᠷ ᠠᠴᠠ ᠲᠤᠰ ᠰᠢᠰᠲ᠋ᠧᠮ ᠲᠤᠰ ᠬᠦᠷᠢᠶᠡᠨ ᠤ ᠪᠠᠨ ᠨᠠᠮ ᠤᠨ ᠶᠠᠪᠤᠳᠠᠯ ᠢ ᠢᠯᠠ ᠪᠤᠯᠭᠠᠬᠤ ᠭᠠᠷᠴᠠᠭ ᠢ ᠨᠠᠶᠢᠷᠠᠭᠤᠯᠤᠨ ᠵᠤᠬᠢᠶᠠᠬᠤ ᠳᠤ ᠬᠢᠨᠠᠯᠳᠠ ᠲᠠᠯᠪᠢᠬᠤ ᠪᠠ ᠵᠢᠯᠤᠭᠤᠳᠬᠤ ᠶᠢ ᠴᠢᠩᠭᠠᠳᠬᠠᠨ᠎ᠠ᠃
    ᠠᠷᠪᠠᠨ ᠲᠠᠪᠤᠳᠤᠭᠠᠷ ᠵᠦᠢᠯ   ᠨᠠᠮ ᠤᠨ ᠵᠤᠬᠢᠶᠠᠨ ᠪᠠᠶᠢᠭᠤᠯᠤᠯᠳᠠ ᠠᠴᠠ ᠨᠠᠮ ᠤᠨ ᠶᠠᠪᠤᠳᠠᠯ ᠬᠢᠭᠡᠳ ᠨᠠᠮ ᠤᠨ ᠭᠡᠰᠢᠬᠦᠨ ᠪᠠ ᠤᠯᠠᠨ ᠲᠦᠮᠡᠨ ᠤ ᠬᠤᠭᠤᠷᠤᠨᠳᠤᠬᠢ ᠬᠤᠯᠪᠤᠭᠳᠠᠬᠤ ᠬᠡᠮᠵᠢᠶ᠎ᠡ ᠶᠢ ᠦᠨᠳᠦᠰᠦᠯᠡᠵᠦ ᠢᠯᠡ ᠪᠤᠯᠭᠠᠬᠤ ᠬᠡᠪᠴᠢᠶ᠎ᠡ ᠶᠢ ᠵᠦᠢ ᠵᠤᠬᠢᠰᠳᠠᠢ ᠲᠤᠭᠳᠠᠭᠠᠬᠤ ᠬᠡᠷᠡᠭᠳᠡᠢ᠄
    (ᠨᠢᠭᠡ) ᠠᠵᠦ ᠠᠬᠤᠢ ᠨᠡᠶᠢᠭᠡᠮ ᠤᠨ ᠬᠦᠭᠵᠢᠯᠳᠡ ᠶᠢ ᠤᠳᠤᠷᠢᠳᠴᠦ᠂ ᠴᠢᠬᠤᠯᠠ ᠶᠡᠭᠡ ᠠᠷᠠᠳ ᠤᠨ ᠠᠮᠢᠳᠤᠷᠠᠯ ᠤᠨ ᠢᠨᠵᠧᠨᠧᠷᠢᠩ ᠢ ᠠᠬᠢᠭᠤᠯᠤᠨ᠂ ᠠᠷᠠᠳ ᠲᠦᠮᠡᠨ ᠤ ᠦᠢᠯᠡᠳᠪᠦᠷᠢᠯᠡᠯ ᠠᠮᠢᠳᠤᠷᠠᠯ ᠲᠠᠢ ᠬᠤᠯᠪᠤᠭᠳᠠᠭᠰᠠᠨ ᠨᠠᠮ ᠤᠨ ᠶᠠᠪᠤᠳᠠᠯ ᠢ ᠨᠡᠶᠢᠭᠡᠮ ᠳᠤ ᠢᠯᠡ ᠪᠤᠯᠭᠠᠨ᠎ᠠ;
    (ᠬᠤᠶᠠᠷ) ᠨᠠᠮ ᠤᠨ ᠪᠠᠶᠢᠭᠤᠯᠤᠯᠳᠠ ᠶᠢᠨ ᠴᠢᠬᠤᠯᠠ ᠶᠡᠭᠡ ᠠᠰᠠᠭᠤᠳᠠᠯ ᠲᠠᠢ ᠬᠤᠯᠪᠤᠭᠳᠠᠭᠰᠠᠨ ᠪᠤᠶᠤ ᠨᠠᠮ ᠤᠨ ᠭᠡᠰᠢᠬᠦᠨ ᠤ ᠠᠯᠪᠠᠨ ᠵᠢᠷᠦᠮ ᠤᠨ ᠡᠷᠭᠡ ᠠᠰᠢᠭ ᠲᠠᠢ ᠬᠤᠯᠪᠤᠭᠳᠠᠭᠰᠠᠨ᠂ ᠨᠠᠮ ᠤᠨ ᠭᠡᠰᠢᠬᠦᠨ ᠨᠡᠶᠢᠳᠡᠮ ᠳᠡᠭᠡᠨ ᠤᠢᠢᠯᠠᠭᠠᠵᠤ ᠮᠡᠳᠡᠬᠦ ᠪᠠ ᠵᠢᠷᠦᠮᠯᠡᠵᠦ ᠭᠡᠷᠡᠭᠵᠢᠬᠦᠯᠬᠦ ᠴᠢᠬᠤᠯᠠᠳᠠᠢ ᠨᠠᠮ ᠤᠨ ᠶᠠᠪᠤᠳᠠᠯ ᠢ ᠨᠠᠮ ᠤᠨ ᠳᠤᠳᠤᠭᠠᠳᠦ ᠳᠤ ᠢᠯᠡ ᠪᠤᠯᠭᠠᠨ᠎ᠠ;
    (ᠭᠤᠷᠪᠠ) ᠡᠯ᠎ᠡ ᠭᠠᠵᠠᠷ ᠤᠷᠤᠨ ᠤ ᠡᠯ᠎ᠡ ᠰᠠᠯᠠᠭ᠎ᠠ ᠮᠦᠴᠢᠷ ᠡᠯ᠎ᠡ ᠨᠢᠭᠡᠴᠢ ᠶᠢᠨ ᠨᠠᠮ ᠤᠨ ᠶᠠᠪᠤᠳᠠᠯ ᠢ ᠲᠤᠬᠠᠢ ᠶᠢᠨ ᠭᠠᠵᠠᠷ ᠤᠷᠤᠨ ᠲᠤᠬᠠᠢ ᠶᠢᠨ ᠰᠠᠯᠠᠭ᠎ᠠ ᠮᠦᠴᠢᠷ ᠲᠤᠬᠠᠢ ᠶᠢᠨ ᠨᠢᠭᠡᠴᠢ ᠳᠡᠭᠡᠨ ᠢᠯᠡ ᠪᠤᠯᠭᠠᠨ᠎ᠠ;
    (ᠳᠦᠷᠪᠡ) ᠤᠨᠴᠠ ᠨᠢᠭᠡᠨ ᠨᠠᠮ ᠤᠨ ᠵᠤᠬᠢᠶᠠᠨ ᠪᠠᠶᠢᠭᠤᠯᠤᠯᠳᠠ᠂ ᠨᠠᠮ ᠤᠨ ᠭᠡᠰᠢᠬᠦᠨ ᠪᠠ ᠤᠯᠠᠨ ᠲᠦᠮᠡᠨ ᠤ ᠬᠤᠪᠢ ᠶᠢᠨ ᠠᠰᠢᠭ ᠲᠤᠰᠠ ᠲᠠᠢ ᠬᠤᠯᠪᠤᠭᠳᠠᠭᠰᠠᠨ ᠨᠠᠮ ᠤᠨ ᠶᠠᠪᠤᠳᠠᠯ᠂ ᠤᠨᠴᠠ ᠨᠢᠭᠡᠨ ᠨᠠᠮ ᠤᠨ ᠵᠤᠬᠢᠶᠠᠨ ᠪᠠᠶᠢᠭᠤᠯᠤᠯᠳᠠ᠂ ᠨᠠᠮ ᠤᠨ ᠭᠡᠰᠢᠬᠦᠨ ᠪᠤᠯᠤᠨ ᠤᠯᠠᠨ ᠲᠦᠮᠡᠨ ᠳᠤ ᠢᠯᠠ ᠪᠤᠯᠭᠠᠨ᠎ᠠ᠃
    ᠠᠷᠪᠠᠨ ᠵᠢᠷᠭᠤᠳᠤᠭᠠᠷ ᠵᠦᠢᠯ   ᠨᠠᠮ ᠤᠨ ᠶᠠᠪᠤᠳᠠᠯ ᠢ ᠢᠯᠠ ᠪᠤᠯᠭᠠᠬᠤ ᠬᠢᠭᠡᠳ ᠵᠠᠰᠠᠭ ᠤᠨ ᠶᠠᠪᠤᠳᠠᠯ ᠢ ᠢᠯᠠ ᠪᠤᠯᠭᠠᠬᠤ ᠵᠡᠷᠭᠡ ᠶᠢ ᠵᠤᠯᠭᠠᠭᠤᠯᠵᠦ ᠬᠤᠯᠪᠤᠭᠠᠯᠠᠨ ᠬᠦᠳᠡᠯᠦᠯᠴᠡᠬᠦ ᠶᠢ ᠴᠢᠬᠤᠯᠠᠴᠢᠯᠠᠨ᠂ ᠡᠯ᠎ᠡ ᠱᠠᠳᠦ ᠳᠡᠰ᠂ ᠡᠯ᠎ᠡ ᠬᠦᠷᠢᠶ᠎ᠡ ᠴᠠᠷᠠᠭᠠᠨ ᠤ ᠨᠠᠮ ᠤᠨ ᠶᠠᠪᠤᠳᠠᠯ ᠢ ᠢᠯᠠ ᠪᠤᠯᠭᠠᠬᠤ ᠠᠵᠢᠯ ᠢ ᠨᠢᠭᠡᠳᠦᠯᠳᠠᠢ ᠲᠦᠯᠦᠪᠵᠢᠬᠦᠯᠵᠦ᠂ ᠡᠩ ᠤᠨ ᠪᠠᠶᠢᠳᠠᠯ ᠳᠤ ᠤᠷᠢᠳ ᠢᠶᠠᠷ ᠨᠠᠮ ᠤᠨ ᠳᠤᠳᠤᠭᠠᠳᠦ ᠳᠤ ᠬᠤᠶᠢᠨ᠎ᠠ ᠨᠢ ᠨᠠᠮ ᠤᠨ ᠭᠠᠳᠠᠨ᠎ᠠ ᠲᠦᠷᠦᠯ ᠠᠩᠬᠢᠯᠠᠨ ᠬᠡᠷᠡᠭᠵᠢᠬᠦᠯᠵᠦ᠂ ᠡᠷᠬᠡᠪᠰᠢ ᠪᠤᠳᠠᠳᠤ ᠦᠢᠯᠡᠳᠤᠯ ᠲᠠᠢ ᠪᠠᠶᠢᠯᠭᠠᠨ᠎ᠠ᠃
    ᠠᠷᠪᠠᠨ ᠳᠤᠯᠤᠳᠤᠭᠠᠷ ᠵᠦᠢᠯ   ᠨᠠᠮ ᠤᠨ ᠶᠠᠪᠤᠳᠠᠯ ᠢ ᠢᠯᠠ ᠪᠤᠯᠭᠠᠬᠤ ᠴᠠᠭ ᠤᠨ ᠬᠢᠵᠠᠭᠠᠷ ᠬᠢᠭᠡᠳ ᠢᠯᠠ ᠪᠤᠯᠭᠠᠬᠤ ᠠᠭᠤᠯᠭ᠎ᠠ ᠲᠠᠢ ᠪᠠᠨ ᠬᠠᠷᠢᠯᠴᠠᠨ ᠳᠤᠬᠢᠷᠠᠯᠴᠠᠭᠰᠠᠨ ᠪᠠᠶᠢᠬᠤ ᠭᠡᠷᠡᠭᠳᠠᠢ᠃ ᠨᠠᠮ ᠤᠨ ᠬᠤᠯᠪᠤᠭᠳᠠᠯ ᠪᠦᠬᠦᠢ ᠲᠦᠷᠦ ᠶᠢᠨ ᠪᠤᠳᠤᠯᠭ᠎ᠠ ᠶᠢᠨ ᠲᠤᠭᠳᠠᠭᠠᠯ᠂ ᠠᠵᠢᠯ ᠤᠨ ᠳᠦᠷᠢᠮ᠂ ᠨᠠᠮ ᠤᠨ ᠵᠤᠬᠢᠶᠠᠨ ᠪᠠᠶᠢᠭᠤᠯᠤᠯᠳᠠ ᠶᠢᠨ ᠪᠠᠶᠢᠭᠤᠯᠤᠮᠵᠢ ᠶᠢᠨ ᠳᠤᠬᠢᠷᠠᠭᠤᠯᠤᠯᠳᠠ ᠵᠡᠷᠭᠡ ᠤᠷᠳᠤ ᠬᠤᠭᠤᠴᠠᠭᠠᠳᠦ ᠴᠢᠨᠠᠷ ᠲᠠᠢ᠂ ᠲᠤᠭᠳᠠᠮᠠᠯ ᠴᠢᠨᠠᠷ ᠲᠠᠢ ᠵᠦᠢᠯᠡᠰ ᠢ ᠤᠷᠳᠤ ᠬᠤᠭᠤᠴᠠᠭ᠎ᠠ ᠪᠠᠷ ᠢᠯᠡ ᠪᠤᠯᠭᠠᠵᠦ᠂ ᠵᠤᠬᠢᠬᠤ ᠬᠤᠭᠤᠴᠠᠭᠠᠨ ᠳᠤᠳᠤᠷ᠎ᠠ ᠬᠠᠷᠢᠴᠠᠩᠭᠤᠢ ᠲᠤᠭᠳᠠᠭᠤᠨ ᠡᠩ ᠤᠨ ᠴᠢᠨᠠᠷᠳᠠᠢ ᠵᠦᠢᠯᠡᠰ ᠢ ᠲᠤᠭᠳᠠᠭᠰᠠᠨ ᠬᠤᠭᠤᠴᠠᠭ᠎ᠠ ᠲᠠᠢ ᠪᠠᠷ ᠢᠯᠠ ᠪᠤᠯᠭᠠᠵᠦ᠂ ᠲᠦᠷ ᠴᠠᠭ ᠤᠨ ᠴᠢᠨᠠᠷ ᠲᠠᠢ᠂ ᠪᠠᠴᠢᠮ ᠪᠠᠶᠢᠳᠠᠯ ᠢ ᠠᠷᠭᠠᠴᠠᠭᠠᠬᠤ ᠵᠦᠢᠯᠡᠰ ᠢ ᠴᠠᠭ ᠲᠤᠬᠠᠢ ᠳᠤᠨᠢ ᠢᠯᠠ ᠪᠤᠯᠭᠠᠨ᠎ᠠ᠃
    ᠭᠤᠷᠪᠠᠳᠤᠭᠠᠷ ᠪᠦᠯᠦᠭ   ᠢᠯᠠ ᠪᠤᠯᠭᠠᠬᠤ ᠳᠠᠷᠠᠭᠠᠯᠠᠯ ᠪᠠ ᠬᠡᠯᠪᠡᠷᠢ
    ᠠᠷᠪᠠᠨ ᠨᠠᠶ᠋ᠮᠠᠳᠤᠭᠠᠷ ᠵᠤᠷᠪᠤᠰ   ᠨᠠᠮ ᠤᠨ ᠶᠠᠪᠤᠳᠠᠯ ᠢ ᠢᠯᠠ ᠪᠤᠯᠭᠠᠬᠤ ᠭᠠᠷᠴᠠᠭ ᠲᠤ ᠵᠢᠬᠰᠠᠭᠠᠨ ᠤᠷᠤᠭᠤᠯᠤᠭᠰᠠᠨ ᠵᠦᠢᠯᠡᠰ ᠪᠦᠬᠦᠨ ᠢ ᠬᠤᠯᠪᠤᠭᠳᠠᠯ ᠪᠦᠬᠦᠢ ᠨᠠᠮ ᠤᠨ ᠵᠤᠬᠢᠶᠠᠨ ᠪᠠᠶᠢᠭᠤᠯᠤᠯᠳᠠ ᠠᠴᠠ ᠳᠤᠤᠷᠠᠬᠢ ᠳᠠᠷᠠᠭᠠᠯᠠᠯ ᠶᠤᠰᠤᠭᠠᠷ ᠴᠠᠭ ᠲᠤᠬᠠᠢ ᠳᠤᠨᠢ ᠰᠠᠨᠠᠭᠠᠴᠢᠯᠠᠭ᠎ᠠ ᠲᠠᠢ ᠪᠠᠷ ᠢᠯᠡ ᠪᠤᠯᠭᠠᠨ᠎ᠠ᠃
    (ᠨᠢᠭᠡ) ᠳᠤᠷᠠᠳᠤᠨ ᠭᠠᠷᠭᠠᠬᠤ᠃ ᠨᠠᠮ ᠤᠨ ᠵᠤᠬᠢᠶᠠᠨ ᠪᠠᠶᠢᠭᠤᠯᠤᠯᠳᠠ ᠶᠢᠨ ᠬᠤᠯᠪᠤᠭᠳᠠᠯ ᠪᠦᠬᠦᠢ ᠰᠠᠯᠠᠭ᠎ᠠ ᠮᠦᠴᠢᠷ ᠠᠴᠠ ᠨᠠᠮ ᠤᠨ ᠶᠠᠪᠤᠳᠠᠯ ᠢ ᠢᠯᠠ ᠪᠤᠯᠭᠠᠬᠤ ᠲᠦᠰᠦᠯ ᠢ ᠰᠤᠳᠤᠯᠤᠨ ᠳᠤᠷᠠᠳᠴᠦ᠂ ᠢᠯᠠ ᠪᠤᠯᠭᠠᠬᠤ ᠠᠭᠤᠯᠭ᠎ᠠ᠂ ᠬᠡᠪᠴᠢᠶ᠎ᠡ᠂ ᠴᠠᠭ ᠬᠤᠭᠤᠴᠠᠭ᠎ᠠ᠂ ᠬᠡᠯᠪᠡᠷᠢ ᠵᠡᠷᠭᠡ ᠶᠢ ᠲᠤᠭᠳᠠᠭᠠᠨ᠎ᠠ᠃ ᠢᠯᠠ ᠪᠤᠯᠭᠠᠬᠤ ᠶᠤᠰᠤᠳᠠᠢ ᠴᠦ ᠢᠯᠠ ᠪᠤᠯᠭᠠᠬᠤ ᠪᠠᠷ ᠳᠤᠷᠠᠳᠤᠭᠰᠠᠨ ᠦᠭᠡᠢ ᠵᠦᠢᠯᠡᠰ ᠢ ᠨᠠᠮ ᠤᠨ ᠵᠤᠬᠢᠶᠠᠨ ᠪᠠᠶᠢᠭᠤᠯᠤᠯᠳᠠ ᠠᠴᠠ ᠬᠤᠯᠪᠤᠭᠳᠠᠯ ᠪᠦᠬᠦᠢ ᠰᠠᠯᠠᠭ᠎ᠠ ᠮᠦᠴᠢᠷ ᠤᠨ ᠢᠯᠠ ᠪᠤᠯᠭᠠᠬᠤ ᠰᠠᠨᠠᠯ ᠳᠤᠷᠠᠳᠬᠤ ᠶᠢ ᠱᠠᠭᠠᠷᠳᠠᠨ᠎ᠠ᠃
    (ᠬᠤᠶᠠᠷ) ᠬᠢᠨᠠᠨ ᠬᠠᠷᠭᠤᠭᠤᠯᠬᠤ᠃ ᠨᠠᠮ ᠤᠨ ᠵᠤᠬᠢᠶᠠᠨ ᠪᠠᠶᠢᠭᠤᠯᠤᠯᠳᠠ ᠶᠢᠨ ᠬᠤᠯᠪᠤᠭᠳᠠᠯ ᠪᠦᠬᠦᠢ ᠰᠠᠯᠠᠭ᠎ᠠ ᠮᠦᠴᠢᠷ ᠠᠴᠠ ᠨᠠᠮ ᠤᠨ ᠶᠠᠪᠤᠳᠠᠯ ᠢ ᠢᠯᠠ ᠪᠤᠯᠭᠠᠬᠤ ᠲᠦᠰᠦᠯ ᠳᠤ ᠴᠢᠬᠤᠯᠠ ᠴᠢᠨᠠᠷ᠂ ᠤᠨᠤᠪᠴᠢᠳᠤ ᠴᠢᠨᠠᠷ᠂ ᠳᠦᠷᠢᠮᠵᠢᠭᠰᠡᠨ ᠴᠢᠨᠠᠷ ᠵᠡᠷᠭᠡ ᠲᠠᠯ᠎ᠠ ᠪᠠᠷ ᠬᠢᠨᠠᠨ ᠬᠠᠷᠭᠤᠭᠤᠯᠬᠤ ᠶᠢᠨ ᠬᠠᠮᠳᠤ᠂ ᠨᠢᠭᠤᠴᠠ ᠶᠢ ᠬᠠᠮᠠᠭᠠᠯᠠᠨ ᠬᠢᠨᠠᠨ ᠪᠠᠶᠢᠴᠠᠭᠠᠵᠦ᠂ ᠨᠠᠮ ᠤᠨ ᠶᠠᠪᠤᠳᠠᠯ ᠢ ᠢᠯᠠ ᠪᠤᠯᠭᠠᠭᠰᠠᠨ ᠵᠦᠢᠯᠡᠰ ᠨᠢ ᠨᠠᠮ ᠪᠠ ᠤᠯᠤᠰ ᠤᠨ ᠨᠢᠭᠤᠴᠠ ᠳᠤ ᠬᠠᠷᠢᠶᠠᠯᠠᠭᠳᠠᠬᠤ ᠡᠰᠡᠬᠦ ᠪᠤᠶᠤ ᠶᠠᠮᠠᠷ ᠵᠦᠢᠯ ᠤᠨ ᠨᠢᠭᠤᠴᠠ ᠶᠢᠨ ᠳᠡᠰ ᠨᠢ ᠳᠤᠳᠤᠷᠬᠠᠢ ᠪᠤᠰᠤ ᠪᠠᠶᠢᠪᠠᠯ ᠨᠢᠭᠤᠴᠠ ᠶᠢ ᠬᠠᠮᠠᠭᠠᠯᠠᠬᠤ ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠰᠠᠯᠠᠭ᠎ᠠ ᠮᠦᠴᠢᠷ ᠲᠤ ᠮᠡᠳᠡᠬᠦᠯᠵᠦ ᠳᠤᠳᠤᠷᠬᠠᠢᠢᠯᠠᠬᠤ ᠬᠡᠷᠡᠭᠳᠡᠢ; ᠨᠢᠭᠤᠴᠠ ᠶᠢ ᠬᠠᠮᠠᠭᠠᠯᠠᠬᠤ ᠲᠠᠢ ᠬᠤᠯᠪᠤᠭᠳᠠᠭᠰᠠᠨ ᠠᠭᠤᠯᠭ᠎ᠠ ᠲᠠᠢ ᠶᠢ ᠬᠤᠯᠪᠤᠭᠳᠠᠯ ᠪᠦᠬᠦᠢ ᠲᠤᠭᠳᠠᠭᠠᠯ ᠶᠤᠰᠤᠭᠠᠷ ᠨᠢᠭᠤᠴᠠ ᠠᠴᠠ ᠰᠠᠯᠭᠠᠨ ᠰᠢᠢᠳᠪᠦᠷᠢᠯᠡᠨ᠎ᠠ᠃
    (ᠭᠤᠷᠪᠠ) ᠬᠢᠨᠠᠨ ᠵᠦᠪᠰᠢᠶᠡᠷᠡᠬᠦ᠃ ᠨᠠᠮ ᠤᠨ ᠵᠤᠬᠢᠶᠠᠨ ᠪᠠᠶᠢᠭᠤᠯᠤᠯᠳᠠ ᠶᠢᠨ ᠬᠠᠮᠢᠶ᠎ᠠ ᠪᠦᠬᠦᠢ ᠰᠠᠯᠠᠭ᠎ᠠ ᠮᠦᠴᠢᠷ ᠠᠴᠠ ᠨᠠᠮ ᠤᠨ ᠶᠡᠪᠤᠳᠠᠯ ᠢ ᠢᠯᠡ ᠪᠤᠯᠭᠠᠬᠤ ᠲᠦᠰᠦᠯ ᠪᠠ ᠬᠢᠨᠠᠨ ᠵᠦᠪᠰᠢᠶᠡᠷᠡᠭᠦᠯᠬᠦ ᠰᠠᠨᠠᠯ ᠢᠶᠠᠨ ᠳᠡᠰ ᠳᠠᠷᠠᠭᠠᠯᠠᠯ ᠶᠤᠰᠤᠭᠠᠷ ᠮᠡᠳᠡᠭᠦᠯᠦᠨ ᠵᠦᠪᠰᠢᠶᠡᠷᠡᠭᠦᠯᠵᠤ᠂ ᠴᠢᠬᠤᠯᠠ ᠵᠦᠢᠯᠡᠰ ᠢᠶᠠᠨ ᠨᠠᠮ ᠤᠨ ᠵᠤᠬᠢᠶᠠᠨ ᠪᠠᠶᠢᠭᠤᠯᠤᠯᠳᠠ ᠶᠢᠨ ᠭᠤᠤᠯ ᠬᠠᠷᠢᠭᠤᠴᠠᠯᠭᠠᠳᠠᠨ ᠳᠤ ᠮᠡᠳᠡᠭᠦᠯᠦᠨ ᠬᠢᠨᠠᠨ ᠵᠦᠪᠰᠢᠶᠡᠷᠡᠭᠦᠯᠬᠦ ᠪᠤᠶᠤ ᠤᠳᠤᠷᠢᠳᠬᠤ ᠪᠠᠭ ᠤᠨ ᠬᠠᠮᠳᠤ ᠨᠢᠭᠡᠴᠢ ᠠᠴᠠ ᠰᠤᠳᠤᠯᠤᠨ ᠳᠤᠬᠳᠠᠭᠠᠨ᠎ᠠ᠃ ᠳᠡᠭᠡᠷ᠎ᠡ ᠨᠢᠭᠡ ᠱᠠᠳᠤᠨ ᠤ ᠨᠠᠮ ᠤᠨ ᠵᠤᠬᠢᠶᠠᠨ ᠪᠠᠶᠢᠭᠤᠯᠤᠯᠳᠠ ᠪᠠᠷ ᠬᠢᠨᠠᠨ ᠵᠦᠪᠰᠢᠶᠡᠷᠡᠭᠦᠯᠬᠦ ᠴᠢᠬᠤᠯᠠᠳᠠᠢ ᠵᠦᠢᠯᠡᠰ ᠢ ᠳᠤᠬᠳᠠᠭᠠᠯ ᠶᠤᠰᠤᠭᠠᠷ ᠮᠡᠳᠡᠭᠦᠯᠦᠨ ᠵᠦᠪᠰᠢᠶᠡᠷᠡᠭᠦᠯᠬᠦ ᠭᠠᠷ ᠭᠦᠢᠴᠡᠳᠭᠡᠯ ᠬᠢᠨ᠎ᠠ᠃
    (ᠲᠦᠷᠪᠡ) ᠬᠡᠷᠡᠭᠵᠢᠭᠦᠯᠬᠦ᠃ ᠨᠠᠮ ᠤᠨ ᠵᠤᠬᠢᠶᠠᠨ ᠪᠠᠶᠢᠭᠤᠯᠤᠯᠳᠠ ᠶᠢᠨ ᠬᠠᠮᠢᠶ᠎ᠠ ᠪᠦᠬᠦᠢ ᠰᠠᠯᠠᠭ᠎ᠠ ᠮᠦᠴᠢᠷ ᠠᠴᠠ ᠬᠢᠨᠠᠨ ᠵᠦᠪᠰᠢᠶᠡᠷᠡᠭᠰᠡᠨ ᠨᠠᠮ ᠤᠨ ᠶᠠᠪᠤᠳᠠᠯ ᠢ ᠢᠯᠡ ᠪᠤᠯᠭᠠᠬᠤ ᠲᠦᠰᠦᠯ ᠶᠤᠰᠤᠭᠠᠷ ᠨᠠᠮ ᠤᠨ ᠶᠠᠪᠤᠳᠠᠯ ᠢ ᠢᠯᠡ ᠪᠤᠯᠭᠠᠬᠤ ᠶᠢ ᠬᠡᠷᠡᠭᠵᠢᠭᠦᠯᠦᠨ᠎ᠠ᠃
    (ᠳᠠᠪᠤ) ᠬᠠᠷᠢᠭᠤ ᠲᠤᠰᠬᠠᠬᠤ᠃ ᠨᠠᠮ ᠤᠨ ᠵᠤᠬᠢᠶᠠᠨ ᠪᠠᠶᠢᠭᠤᠯᠤᠯᠳᠠ ᠶᠢᠨ ᠬᠠᠮᠢᠶ᠎ᠠ ᠪᠦᠬᠦᠢ ᠰᠠᠯᠠᠭ᠎ᠠ ᠮᠦᠴᠢᠷ ᠠᠴᠠ ᠢᠯᠡ ᠪᠤᠯᠭᠠᠬᠰᠠᠨ ᠤ ᠳᠠᠷᠠᠭᠠᠬᠢ ᠨᠠᠮ ᠤᠨ ᠭᠡᠰᠢᠭᠦᠨ ᠪᠠ ᠤᠯᠠᠨ ᠲᠦᠮᠡᠨ ᠤ ᠰᠠᠨᠠᠯ ᠰᠠᠨᠠᠭᠤᠯᠭ᠎ᠠ ᠶᠢ ᠬᠤᠷᠢᠶᠡᠨ ᠡᠮᠬᠢᠳᠭᠡᠵᠤ᠂ ᠴᠠᠭ ᠳᠤᠬᠠᠢ ᠳᠤᠨᠢ ᠨᠠᠮ ᠤᠨ ᠵᠤᠬᠢᠶᠠᠨ ᠪᠠᠶᠢᠭᠤᠯᠤᠯᠳᠠ ᠳᠤ ᠮᠡᠳᠡᠭᠦᠯᠬᠦ ᠶᠢᠨ ᠬᠠᠮᠳᠤ᠂ ᠪᠠᠶᠢᠳᠠᠯ ᠢ ᠦᠵᠡᠵᠤ ᠰᠢᠢᠳᠪᠦᠷᠢᠯᠡᠭᠰᠡᠨ ᠪᠠ ᠨᠠᠶᠢᠳᠠᠪᠤᠷᠢᠵᠢᠭᠤᠯᠤᠬᠰᠠᠨ ᠪᠠᠶᠢᠳᠠᠯ ᠢᠶᠠᠨ ᠢᠯᠡ ᠪᠤᠯᠭᠠᠨ᠎ᠠ᠃
    (ᠵᠢᠷᠭᠤᠭ᠎ᠠ) ᠳᠠᠩᠰᠠᠨ ᠳᠤ ᠤᠷᠤᠭᠤᠯᠬᠤ᠃ ᠨᠠᠮ ᠤᠨ ᠵᠤᠬᠢᠶᠠᠨ ᠪᠠᠶᠢᠭᠤᠯᠤᠯᠳᠠ ᠶᠢᠨ ᠬᠠᠮᠢᠶ᠎ᠠ ᠪᠦᠬᠦᠢ ᠰᠠᠯᠠᠭ᠎ᠠ ᠮᠦᠴᠢᠷ ᠠᠴᠠ ᠳᠠᠩᠰᠠ ᠡᠪᠬᠡᠮᠡᠯ ᠤᠨ ᠬᠠᠮᠢᠶᠠᠷᠤᠯᠳᠠ ᠶᠢᠨ ᠬᠠᠮᠢᠶ᠎ᠠ ᠪᠦᠬᠦᠢ ᠳᠤᠬᠳᠠᠭᠠᠯ ᠶᠤᠰᠤᠭᠠᠷ ᠢᠯᠡ ᠪᠤᠯᠭᠠᠬᠰᠠᠨ ᠬᠠᠮᠢᠶ᠎ᠠ ᠪᠦᠬᠦᠢ ᠮᠠᠲ᠋ᠧᠷᠢᠶᠠᠯ ᠢ ᠡᠪᠬᠡᠮᠡᠯᠯᠡᠨ ᠳᠠᠩᠰᠠᠨ ᠳᠤ ᠤᠷᠤᠭᠤᠯᠵᠤ᠂ ᠰᠠᠶᠢᠳᠤᠷ ᠬᠠᠳᠠᠭᠠᠯᠠᠨ᠎ᠠ᠃
    ᠠᠷᠪᠠ ᠶᠢᠰᠦᠳᠦᠭᠡᠷ ᠵᠦᠢᠯ   ᠨᠠᠮ ᠤᠨ ᠶᠠᠪᠤᠳᠠᠯ ᠢ ᠢᠯᠡ ᠪᠤᠯᠭᠠᠬᠤ ᠭᠠᠷᠴᠠᠭ ᠲᠤ ᠤᠷᠤᠭᠤᠯᠤᠬᠰᠠᠨ ᠦᠭᠡᠢ ᠢᠯᠡ ᠪᠤᠯᠭᠠᠬᠤ ᠪᠠᠷ ᠲᠦᠯᠦᠪᠯᠡᠵᠤ ᠪᠠᠶᠢᠭ᠎ᠠ ᠵᠦᠢᠯᠡᠰ ᠢ ᠨᠠᠮ ᠤᠨ ᠵᠤᠬᠢᠶᠠᠨ ᠪᠠᠶᠢᠭᠤᠯᠤᠯᠳᠠ ᠠᠴᠠ ᠳᠡᠭᠡᠳᠦ ᠨᠢᠭᠡ ᠱᠠᠳᠤᠨ ᠤ ᠨᠠᠮ ᠤᠨ ᠵᠤᠬᠢᠶᠠᠨ ᠪᠠᠶᠢᠭᠤᠯᠤᠯᠳᠠ ᠪᠠᠷ ᠬᠢᠨᠠᠨ ᠵᠦᠪᠰᠢᠶᠡᠷᠡᠭᠦᠯᠦᠭᠰᠡᠨ ᠤ ᠳᠠᠷᠠᠭ᠎ᠠ ᠳᠡᠰ ᠳᠠᠷᠠᠭᠠᠯᠠᠯ ᠶᠤᠰᠤᠭᠠᠷ ᠢᠯᠡ ᠪᠤᠯᠭᠠᠨ᠎ᠠ᠃
    ᠬᠤᠷᠢᠳᠤᠭᠠᠷ ᠵᠦᠢᠯ   ᠨᠠᠮ ᠤᠨ ᠵᠤᠬᠢᠶᠠᠨ ᠪᠠᠶᠢᠭᠤᠯᠤᠯᠳᠠ ᠠᠴᠠ ᠨᠠᠮ ᠤᠨ ᠶᠠᠪᠤᠳᠠᠯ ᠢ ᠢᠯᠡ ᠪᠤᠯᠭᠠᠬᠤ ᠠᠭᠤᠯᠭ᠎ᠠ ᠪᠤᠯᠤᠨ ᠬᠦᠷᠢᠶ᠎ᠡ ᠬᠡᠪᠴᠢᠶ᠎ᠡ ᠶᠢ ᠦᠨᠳᠦᠰᠦᠯᠡᠨ ᠵᠤᠬᠢᠰᠳᠠᠢ ᠢᠯᠡ ᠪᠤᠯᠭᠠᠬᠤ ᠬᠡᠯᠪᠡᠷᠢ ᠶᠢ ᠰᠤᠩᠭᠤᠨ᠎ᠡ᠃ ᠨᠠᠮ ᠤᠨ ᠳᠤᠳᠤᠭᠠᠳᠤ ᠳᠤ ᠢᠯᠡ ᠪᠤᠯᠭᠠᠬᠤ ᠳᠤ ᠶᠡᠷᠦᠳᠡᠭᠡᠨ ᠬᠤᠷᠠᠯ ᠡᠷᠬᠢᠯᠡᠬᠦ᠂ ᠪᠢᠴᠢᠭ᠌ ᠮᠠᠲ᠋ᠧᠷᠢᠶᠠᠯ ᠭᠠᠷᠭᠠᠬᠤ᠂ ᠲᠤᠪᠴᠢ ᠮᠡᠳᠡᠭᠡ ᠨᠠᠶᠢᠷᠠᠭᠤᠯᠤᠨ ᠨᠡᠶᠢᠳᠡᠯᠡᠬᠦ᠂ ᠭᠡᠰᠡᠭ ᠬᠡᠪᠴᠢᠶᠡᠨ ᠤ ᠰᠦᠯᠵᠢᠶ᠎ᠡ ᠳᠤ ᠨᠡᠶᠢᠳᠡᠯᠡᠬᠦ ᠵᠡᠷᠭᠡ ᠬᠡᠯᠪᠡᠷᠢ ᠶᠢ ᠬᠡᠷᠡᠭᠯᠡᠳᠡᠭ᠃ ᠨᠡᠶᠢᠭᠡᠮ ᠳᠤ ᠢᠯᠡ ᠪᠤᠯᠭᠠᠬᠤ ᠳᠤ ᠶᠡᠷᠦᠳᠡᠭᠡᠨ ᠠᠯᠪᠠᠨ ᠮᠡᠳᠡᠭᠡ ᠨᠡᠶᠢᠳᠡᠯᠡᠬᠦ᠂ ᠰᠤᠨᠢᠨ ᠮᠡᠳᠡᠭᠡ ᠨᠡᠶᠢᠳᠡᠯᠡᠬᠦ ᠬᠤᠷᠠᠯ ᠡᠷᠬᠢᠯᠡᠬᠦ᠂ ᠰᠤᠷᠪᠤᠯᠵᠢᠯᠠᠭ᠎ᠠ ᠬᠦᠯᠢᠶᠡᠬᠦ ᠵᠢᠴᠢ ᠰᠤᠨᠢᠨ ᠰᠡᠳᠬᠦᠯ᠂ ᠷᠠᠳᠢᠣ᠋᠂ ᠲᠧᠯᠸᠢᠰ᠂ ᠢᠨᠲ᠋ᠧᠷ ᠰᠦᠯᠵᠢᠶ᠎ᠡ᠂ ᠰᠢᠨ᠎ᠡ ᠵᠠᠭᠤᠴᠢᠯᠠᠭᠤᠷ᠂ ᠢᠯᠡ ᠨᠡᠶᠢᠳᠡᠯᠡᠬᠦ ᠰᠠᠮᠪᠠᠷ᠎ᠠ ᠳᠤ ᠨᠡᠶᠢᠳᠡᠯᠡᠬᠦ ᠵᠡᠷᠭᠡ ᠬᠡᠯᠪᠡᠷᠢ ᠶᠢ ᠬᠡᠷᠡᠭᠯᠡᠵᠤ᠂ ᠨᠠᠮ ᠤᠨ ᠰᠤᠨᠢᠨ ᠨᠠᠮ ᠤᠨ ᠰᠡᠳᠬᠦᠯ᠂ ᠷᠠᠳᠢᠣ᠋ ᠲᠧᠯᠸᠢᠰ ᠬᠤᠷᠢᠶ᠎ᠠ᠂ ᠭᠤᠤᠯᠳᠠᠯᠭ᠎ᠠ ᠲᠠᠢ ᠰᠤᠨᠢᠨ ᠮᠡᠳᠡᠭᠡᠨ ᠤ ᠰᠦᠯᠵᠢᠶ᠎ᠡ ᠵᠡᠷᠭᠡ ᠨᠠᠮ ᠤᠨ ᠵᠠᠭᠤᠴᠢᠯᠠᠭᠤᠷ ᠢ ᠤᠷᠢᠳᠴᠢᠯᠠᠨ ᠬᠡᠷᠡᠭᠯᠡᠵᠤ ᠨᠡᠶᠢᠳᠡᠯᠡᠳᠡᠭ᠃ ᠬᠤᠰᠢᠭᠤ ᠰᠢᠶᠠᠨ ᠠᠴᠠ ᠳᠡᠭᠡᠭᠰᠢᠬᠢ ᠨᠠᠮ ᠤᠨ ᠬᠤᠷᠢᠶ᠎ᠠ ᠵᠢᠴᠢ ᠰᠠᠬᠢᠯᠭ᠎ᠠ ᠪᠠᠳᠤ ᠪᠠᠶᠢᠴᠠᠭᠠᠬᠤ ᠪᠠᠶᠢᠭᠤᠯᠭ᠎ᠠ᠂ ᠨᠠᠮ ᠤᠨ ᠬᠤᠷᠢᠶ᠎ᠠ ᠶᠢᠨ ᠬᠠᠮᠢᠶ᠎ᠠ ᠪᠦᠬᠦᠢ ᠠᠵᠢᠯ ᠤᠨ ᠪᠠᠶᠢᠭᠤᠯᠭ᠎ᠠ ᠠᠴᠠ ᠨᠠᠮ ᠤᠨ ᠬᠤᠷᠢᠶᠠᠨ ᠤ ᠰᠤᠨᠢᠨ ᠮᠡᠳᠡᠭᠡᠨ ᠤ ᠦᠭᠦᠯᠡᠭᠴᠢ ᠶᠢᠨ ᠲᠦᠷᠢᠮ ᠢ ᠪᠠᠶᠢᠭᠤᠯᠬᠤ ᠪᠠ ᠲᠡᠭᠦᠯᠳᠡᠷᠵᠢᠭᠦᠯᠵᠤ᠂ ᠨᠡᠶᠢᠳᠡᠯᠡᠬᠦ ᠶᠠᠪᠤᠴᠠ ᠪᠠᠨ ᠲᠦᠷᠢᠮᠵᠢᠭᠦᠯᠵᠤ᠂ ᠨᠡᠶᠢᠳᠡᠯᠡᠬᠦ ᠤᠳᠠᠭ᠎ᠠ ᠪᠠᠨ ᠨᠡᠮᠡᠭᠳᠡᠭᠦᠯᠵᠤ᠂ ᠵᠤᠷᠰᠢᠯ ᠶᠤᠰᠤᠭᠠᠷ ᠨᠡᠶᠢᠳᠡᠯᠡᠬᠦ ᠲᠦᠷᠢᠮ ᠢ ᠠᠯᠬᠤᠮ ᠠᠯᠬᠤᠮ ᠢᠶᠠᠷ ᠪᠠᠶᠢᠭᠤᠯᠵᠤ᠂ ᠴᠢᠬᠤᠯᠠ ᠨᠠᠮ ᠤᠨ ᠶᠠᠪᠤᠳᠠᠯ ᠤᠨ ᠮᠡᠳᠡᠭᠡ ᠵᠠᠩᠬᠢ ᠶᠢ ᠴᠠᠭ ᠲᠤᠬᠠᠢ ᠳᠤᠨᠢ ᠤᠨᠤᠪᠴᠢᠳᠠᠢ ᠨᠡᠶᠢᠳᠡᠯᠡᠨ᠎ᠡ᠃
    ᠬᠤᠷᠢᠨ ᠨᠢᠭᠡᠳᠦᠭᠡᠷ ᠵᠦᠢᠯ   ᠨᠠᠮ ᠤᠨ ᠶᠠᠪᠤᠳᠠᠯ ᠢ ᠢᠯᠡ ᠪᠤᠯᠭᠠᠬᠤ ᠶᠢ ᠵᠠᠰᠠᠭ ᠤᠨ ᠶᠠᠪᠤᠳᠠᠯ ᠢ ᠢᠯᠡ ᠪᠤᠯᠭᠠᠬᠤ᠂ ᠦᠢᠯᠡᠳᠪᠦᠷᠢ ᠶᠢᠨ ᠶᠠᠪᠤᠳᠠᠯ ᠢ ᠢᠯᠡ ᠪᠤᠯᠭᠠᠬᠤ᠂ ᠭᠠᠴᠠᠭ᠎ᠠ ᠲᠤᠰᠬᠤᠨ (ᠰᠠᠭᠤᠭᠠᠯᠢ ᠠᠷᠠᠳ ᠤᠨ ᠲᠤᠭᠤᠷᠢᠭ) ᠤ ᠶᠠᠪᠤᠳᠠᠯ ᠢ ᠢᠯᠡ ᠪᠤᠯᠭᠠᠬᠤ᠂ ᠤᠯᠠᠨ ᠨᠡᠶᠢᠳᠡ ᠶᠢᠨ ᠠᠵᠢᠯ ᠦᠢᠯᠡᠰ ᠤᠨ ᠨᠢᠭᠡᠴᠢ ᠶᠢᠨ ᠬᠡᠷᠡᠭ ᠡᠷᠬᠢᠯᠡᠬᠦ ᠶᠢ ᠢᠯᠡ ᠪᠤᠯᠭᠠᠬᠤ ᠵᠡᠷᠭᠡ ᠲᠠᠯ᠎ᠠ ᠶᠢᠨ ᠠᠴᠢᠶᠠᠯᠠᠪᠤᠷᠢ ᠪᠤᠯᠤᠨ ᠳᠠᠪᠴᠠᠩ ᠲᠠᠢ ᠡᠬᠢ ᠪᠠᠶᠠᠯᠢᠭ ᠢᠶᠠᠨ ᠬᠠᠮᠳᠤ ᠪᠠᠷ ᠡᠳ᠋ᠯᠡᠵᠤ ᠪᠤᠯᠬᠤ ᠲᠠᠢ ᠨᠢ ᠨᠢᠭᠡᠳᠦᠯᠳᠡᠢ ᠲᠦᠯᠦᠪᠵᠢᠬᠦᠯᠦᠨ ᠬᠡᠷᠡᠭᠯᠡᠵᠤ ᠪᠤᠯᠤᠨ᠎ᠠ᠃ ᠨᠦᠬᠦᠴᠡᠯ ᠲᠠᠢ ᠨᠠᠮ ᠤᠨ ᠵᠤᠬᠢᠶᠠᠨ ᠪᠠᠶᠢᠭᠤᠯᠤᠯᠳᠠ ᠨᠢ ᠨᠠᠮ ᠤᠨ ᠶᠠᠪᠤᠳᠠᠯ ᠤᠨ ᠮᠡᠳᠡᠭᠡ ᠵᠠᠩᠬᠢ ᠶᠢ ᠢᠯᠡ ᠪᠤᠯᠭᠠᠬᠤ ᠨᠢᠭᠡᠳᠦᠯᠳᠡᠢ ᠳᠠᠪᠴᠠᠩ ᠪᠠᠶᠢᠭᠤᠯᠵᠤ ᠪᠤᠯᠤᠨ᠎ᠠ᠃
    ᠬᠤᠷᠢᠨ ᠬᠤᠶᠠᠳᠤᠭᠠᠷ ᠵᠦᠢᠯ   ᠨᠠᠮ ᠤᠨ ᠵᠤᠬᠢᠶᠠᠨ ᠪᠠᠶᠢᠭᠤᠯᠤᠯᠳᠠ ᠠᠴᠠ ᠨᠠᠮ ᠤᠨ ᠶᠠᠪᠤᠳᠠᠯ ᠢ ᠢᠯᠡ ᠪᠤᠯᠭᠠᠬᠤ ᠰᠢᠨ᠎ᠡ ᠬᠡᠯᠪᠡᠷᠢ ᠶᠢ ᠬᠦᠭᠵᠢᠬᠦᠯᠬᠦ ᠪᠠ ᠰᠠᠶᠢᠳᠤᠷ ᠬᠡᠷᠡᠭᠯᠡᠵᠤ᠂ ᠨᠠᠮ ᠤᠨ ᠭᠡᠰᠢᠭᠦᠨ ᠪᠤᠯᠤᠨ ᠤᠯᠠᠨ ᠨᠡᠶᠢᠳᠡ ᠶᠢᠨ ᠨᠠᠮ ᠤᠨ ᠶᠠᠪᠤᠳᠠᠯ ᠢ ᠢᠯᠡ ᠪᠤᠯᠭᠠᠬᠤ ᠳᠤ ᠤᠷᠤᠯᠴᠠᠬᠤ ᠦᠷᠭᠡᠴᠡ ᠪᠤᠯᠤᠨ ᠭᠦᠨᠴᠡ ᠶᠢ ᠦᠷᠭᠡᠳᠭᠡᠨ᠎ᠠ᠃ ᠨᠠᠮ ᠤᠨ ᠭᠡᠰᠢᠭᠦᠨ ᠨᠠᠮ ᠤᠨ ᠬᠤᠷᠢᠶᠠᠨ ᠤ ᠬᠤᠷᠠᠯ ᠢ ᠰᠤᠯᠠ ᠰᠤᠨᠤᠰᠬᠤ᠂ ᠨᠠᠮ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠠᠴᠠ ᠨᠠᠮ ᠤᠨ ᠬᠤᠷᠢᠶᠠᠨ ᠤ ᠬᠤᠷᠠᠯ ᠳᠤ ᠤᠷᠤᠯᠴᠠᠬᠤ ᠲᠦᠷᠢᠮ ᠢ ᠪᠠᠶᠢᠭᠤᠯᠤᠨ ᠳᠡᠭᠦᠯᠳᠡᠷᠵᠢᠭᠦᠯᠵᠤ᠂ ᠬᠤᠰᠢᠭᠤ ᠰᠢᠶᠡᠨ ᠠᠴᠠ ᠳᠡᠭᠡᠭᠰᠢᠬᠢ ᠨᠠᠮ ᠤᠨ ᠬᠤᠷᠢᠶ᠎ᠠ ᠠᠴᠠ ᠪᠦᠬᠦᠳᠡ ᠬᠤᠷᠠᠯ ᠬᠤᠷᠠᠯᠳᠤᠨ ᠨᠠᠮ ᠤᠨ ᠲᠦᠪ ᠬᠤᠷᠢᠶ᠎ᠠ ᠪᠠ ᠳᠡᠭᠡᠳᠦ ᠱᠠᠳᠤᠨ ᠤ ᠵᠤᠬᠢᠶᠠᠨ ᠪᠠᠶᠢᠭᠤᠯᠤᠯᠳᠠ ᠶᠢᠨ ᠰᠢᠢᠳᠪᠦᠷᠢ᠂ ᠳᠤᠬᠳᠠᠭᠠᠬᠰᠠᠨ ᠠᠷᠭ᠎ᠠ ᠠᠪᠴᠠᠯ ᠢ ᠰᠤᠳᠤᠯᠤᠨ ᠲᠤᠭᠤᠰᠢᠯᠠᠭᠤᠯᠤᠨ ᠬᠡᠷᠡᠭᠵᠢᠭᠦᠯᠵᠤ᠂ ᠰᠤᠳᠤᠯᠤᠨ ᠶᠠᠷᠢᠯᠴᠠᠬᠤ ᠨᠢ ᠲᠤᠬᠠᠢ ᠶᠢᠨ ᠭᠠᠵᠠᠷ ᠤᠨ ᠠᠵᠤ ᠠᠬᠤᠢ ᠶᠢᠨ ᠪᠦᠲᠦᠭᠡᠨ ᠪᠠᠶᠢᠭᠤᠯᠤᠯᠳᠠ᠂ ᠤᠯᠤᠰ ᠲᠦᠷᠦ ᠶᠢᠨ ᠪᠠᠶᠢᠭᠤᠯᠤᠯᠳᠠ᠂ ᠰᠤᠶᠤᠯ ᠤᠨ ᠪᠠᠶᠢᠭᠤᠯᠤᠯᠳᠠ᠂ ᠨᠡᠶᠢᠭᠡᠮ ᠤᠨ ᠪᠦᠲᠦᠭᠡᠨ ᠪᠠᠶᠢᠭᠤᠯᠤᠯᠳᠠ᠂ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠪᠠ ᠨᠠᠮ ᠤᠨ ᠪᠠᠶᠢᠭᠤᠯᠤᠯᠳᠠ ᠵᠢᠴᠢ ᠪᠤᠰᠤᠳ ᠪᠦᠬᠦ ᠲᠠᠯ᠎ᠠ ᠶᠢᠨ ᠴᠢᠨᠠᠷᠳᠠᠢ ᠴᠢᠬᠤᠯᠠ ᠶᠡᠭᠡ ᠠᠰᠠᠭᠤᠳᠠᠯ ᠢ ᠬᠠᠮᠤᠷᠴᠤ᠂ ᠨᠠᠮ ᠤᠨ ᠬᠤᠷᠢᠶᠠᠨ ᠤ ᠪᠠᠶᠢᠩᠭᠤ ᠶᠢᠨ ᠬᠤᠷᠢᠶᠠᠨ ᠤ ᠠᠵᠢᠯ ᠤᠨ ᠮᠡᠳᠡᠭᠦᠯᠦᠯᠳᠡ ᠶᠢ ᠰᠤᠨᠤᠰᠬᠤ ᠪᠠ ᠬᠢᠨᠠᠨ ᠵᠦᠪᠯᠡᠵᠤ᠂ ᠨᠠᠮ ᠤᠨ ᠬᠤᠷᠢᠶᠠᠨ ᠤ ᠪᠠᠶᠢᠩᠭᠤ ᠶᠢᠨ ᠬᠤᠷᠢᠶ᠎ᠠ ᠵᠢᠴᠢ ᠭᠡᠰᠢᠭᠦᠨ ᠤ ᠠᠵᠢᠯ ᠳᠤ ᠬᠢᠨᠠᠯᠳᠠ ᠳᠠᠯᠪᠢᠬᠤ ᠪᠠ ᠵᠦᠪᠯᠡᠯᠳᠡ ᠬᠢᠬᠦ ᠵᠡᠷᠭᠡ ᠳᠤ ᠨᠠᠮ ᠤᠨ ᠭᠡᠰᠢᠭᠦᠨ ᠢ ᠤᠷᠢᠨ ᠰᠤᠯᠠ ᠰᠤᠨᠤᠰᠬᠤ᠂ ᠨᠠᠮ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠤᠷᠤᠯᠴᠠᠵᠤ ᠪᠤᠯᠤᠨ᠎ᠠ᠃ ᠨᠠᠮ ᠤᠨ ᠳᠤᠳᠤᠭᠠᠳᠤ ᠶᠢᠨ ᠪᠠᠶᠢᠳᠠᠯ ᠢ ᠮᠡᠳᠡᠭᠳᠡᠨ ᠬᠠᠷᠢᠭᠤ ᠲᠤᠰᠬᠠᠬᠤ ᠲᠦᠷᠢᠮ ᠢ ᠪᠠᠶᠢᠭᠤᠯᠤᠨ ᠳᠡᠭᠦᠯᠳᠡᠷᠵᠢᠭᠦᠯᠵᠤ᠂ ᠨᠠᠮ ᠤᠨ ᠳᠤᠳᠤᠭᠠᠳᠤ ᠶᠢᠨ ᠪᠠᠶᠢᠳᠠᠯ ᠢ ᠲᠤᠬᠳᠠᠬᠰᠠᠨ ᠬᠤᠭᠤᠴᠠᠭ᠎ᠠ ᠲᠠᠢ ᠪᠠᠷ ᠮᠡᠳᠡᠭᠳᠡᠵᠤ᠂ ᠴᠢᠬᠤᠯᠠ ᠪᠠᠶᠢᠳᠠᠯ ᠢ ᠴᠠᠬ ᠳᠤᠬᠠᠢ ᠳᠤᠨᠢ ᠮᠡᠳᠡᠭᠳᠡᠨ᠎ᠡ᠃ ᠨᠠᠮ ᠤᠨ ᠭᠡᠰᠢᠭᠦᠨ ᠪᠠ ᠤᠯᠠᠨ ᠲᠦᠮᠡᠨ ᠤ ᠰᠠᠨᠠᠯ ᠰᠠᠨᠠᠭᠤᠯᠭ᠎ᠠ ᠪᠠᠨ ᠬᠠᠷᠢᠭᠤ ᠲᠤᠰᠬᠠᠬᠤ ᠠᠷᠭ᠎ᠠ ᠵᠠᠮ ᠢ ᠰᠢᠯᠤᠭᠤᠳᠬᠠᠵᠤ᠂ ᠰᠠᠨᠠᠯ ᠰᠠᠨᠠᠭᠤᠯᠭ᠎ᠠ ᠴᠤᠬᠯᠠᠭᠤᠯᠤᠨ ᠡᠮᠬᠢᠳᠭᠡᠬᠦ ᠠᠵᠢᠯ ᠢ ᠰᠠᠶᠢᠳᠤᠷ ᠬᠢᠵᠤ᠂ ᠴᠠᠭ ᠳᠤᠬᠠᠢ ᠳᠤᠨᠢ ᠰᠤᠳᠤᠯᠤᠨ ᠰᠢᠢᠳᠪᠦᠷᠢᠯᠡᠨ᠎ᠡ᠃ ᠨᠠᠮ ᠤᠨ ᠳᠤᠳᠤᠭᠠᠳᠤ ᠶᠢᠨ ᠶᠠᠪᠤᠳᠠᠯ ᠤᠨ ᠵᠦᠪᠯᠡᠯᠭᠡ᠂ ᠴᠢᠬᠤᠯᠠ ᠶᠡᠭᠡ ᠰᠢᠢᠳᠪᠦᠷᠢᠳᠦ ᠪᠤᠳᠤᠯᠭ᠎ᠠ ᠳᠤᠭᠳᠠᠭᠠᠬᠤ ᠰᠠᠨᠠᠯ ᠬᠤᠷᠢᠶᠠᠬᠤ᠂ ᠴᠢᠬᠤᠯᠠ ᠶᠡᠭᠡ ᠵᠦᠢᠯᠡᠰ ᠢ ᠨᠡᠶᠢᠬᠡᠮ ᠳᠤ ᠢᠯᠡ ᠵᠠᠷᠯᠠᠬᠤ ᠪᠠ ᠨᠡᠶᠢᠬᠡᠮ ᠤᠨ ᠡᠳᠡᠭᠡᠳ ᠤᠨ ᠰᠤᠨᠤᠰᠤᠨ ᠭᠡᠷᠡᠴᠢᠯᠡᠬᠦ ᠳᠦᠷᠢᠮ ᠢ ᠪᠠᠶᠢᠭᠤᠯᠤᠨ ᠪᠦᠷᠢᠨᠰᠢᠬᠦᠯᠦᠨ᠎ᠡ; ᠨᠠᠮ ᠤᠨ ᠬᠤᠷᠢᠶ᠎ᠠ (ᠨᠠᠮ ᠤᠨ ᠤᠳᠤᠷᠢᠳᠬᠤ ᠳᠤᠭᠤᠢᠢᠯᠠᠩ) ᠶ᠋ᠢᠨ ᠬᠤᠷᠠᠯ ᠠᠴᠠ ᠬᠢᠨᠠᠨ ᠵᠦᠪᠯᠡᠭᠰᠡᠨ ᠴᠢᠬᠤᠯᠠ ᠦᠬᠡᠷᠡᠴᠢᠯᠡᠯᠳᠡ ᠶᠢᠨ ᠳᠦᠰᠦᠯ ᠪᠠ ᠴᠢᠬᠤᠯᠠ ᠶᠡᠭᠡ ᠳᠦᠷᠦ ᠶᠢᠨ ᠪᠤᠳᠤᠯᠭ᠎ᠠ ᠶᠢᠨ ᠠᠷᠭ᠎ᠠ ᠠᠪᠴᠠᠯ ᠢ ᠳᠡᠪᠰᠢᠬᠦᠯᠬᠦ ᠳᠤ ᠬᠠᠤᠯᠢ ᠶᠤᠰᠤᠭᠠᠷ ᠨᠢᠭᠤᠴᠠ ᠶᠢ ᠬᠠᠮᠠᠭᠠᠯᠬᠠᠤ ᠠᠴᠠ ᠭᠠᠳᠠᠨ᠎ᠠ᠂ ᠰᠢᠢᠳᠪᠦᠷᠢᠳᠦ ᠪᠤᠳᠤᠯᠭ᠎ᠠ ᠲᠤᠭᠳᠠᠭᠠᠬᠤ ᠠᠴᠠ ᠡᠮᠦᠨ᠎ᠠ ᠨᠠᠮ ᠤᠨ ᠳᠤᠳᠤᠭᠠᠳᠤ ᠳᠤ ᠰᠢᠢᠳᠪᠦᠷᠢᠳᠤ ᠪᠤᠳᠤᠯᠭ᠎ᠠ ᠶᠢᠨ ᠳᠦᠰᠦᠯ᠂ ᠰᠢᠢᠳᠪᠦᠷᠢᠳᠤ ᠪᠤᠳᠤᠯᠭ᠎ᠠ ᠶᠢᠨ ᠦᠨᠳᠦᠰᠦᠯᠡᠯ ᠢ ᠢᠯᠡ ᠨᠡᠶᠢᠳᠡᠯᠡᠵᠦ᠂ ᠨᠠᠮ ᠤᠨ ᠭᠡᠰᠢᠬᠦᠳ ᠠᠴᠠ ᠦᠷᠬᠡᠨ ᠢᠶᠠᠷ ᠰᠠᠨᠠᠯ ᠬᠤᠷᠢᠶᠠᠨ᠎ᠠ; ᠤᠯᠠᠨ ᠨᠡᠶᠢᠳᠡ ᠶᠢᠨ ᠠᠰᠢᠬ ᠳᠤᠰᠠ ᠲᠠᠢ ᠬᠤᠯᠪᠤᠭᠳᠠᠭᠰᠠᠨ ᠴᠢᠬᠤᠯᠠ ᠶᠡᠭᠡ ᠰᠢᠢᠳᠪᠦᠷᠢᠳᠤ ᠪᠤᠳᠤᠯᠭ᠎ᠠ ᠶᠢ ᠭᠠᠷᠭᠠᠬᠤ ᠳᠤ᠂ ᠨᠠᠮ ᠤᠨ ᠳᠤᠳᠤᠭᠠᠳᠤ ᠶᠢᠨ ᠶᠠᠪᠤᠳᠠᠯ ᠤᠨ ᠵᠦᠪᠯᠡᠯᠭᠡ ᠂ ᠰᠤᠨᠤᠰᠤᠨ ᠭᠡᠷᠡᠴᠢᠯᠡᠬᠦ ᠶᠠᠷᠢᠯᠴᠠᠬᠤ ᠬᠤᠷᠠᠯ ᠬᠢᠬᠦ ᠪᠠᠷ ᠳᠡᠮᠵᠢᠨ ᠤᠯᠠᠨ ᠳᠦᠮᠡᠨ ᠤ ᠤᠷᠤᠯᠴᠠᠭ᠎ᠠ ᠶᠢ ᠦᠷᠭᠡᠳᠭᠡᠨ᠎ᠠ᠃
    ᠳᠦᠷᠪᠡᠳᠦᠭᠡᠷ ᠪᠦᠯᠦᠭ   ᠠᠵᠢᠯ ᠤᠨ ᠳᠤᠭᠳᠠᠴᠠ
    ᠬᠤᠷᠢᠨ ᠭᠤᠷᠪᠠᠳᠤᠭᠠᠷ ᠵᠦᠢᠯ   ᠨᠠᠮ ᠤᠨ ᠵᠤᠬᠢᠶᠠᠨ ᠪᠠᠶᠢᠭᠤᠯᠤᠯᠳᠠ ᠨᠠᠮ ᠤᠨ ᠶᠠᠪᠤᠳᠠᠯ ᠢ ᠢᠯᠡ ᠪᠤᠯᠭᠠᠬᠤ ᠠᠶᠦᠯ ᠳᠦᠭᠰᠢᠬᠦᠷᠢ ᠶᠢ ᠦᠨᠡᠯᠡᠨ ᠵᠢᠱᠢᠭᠦ ᠳᠤᠭᠳᠠᠴᠠ ᠶᠢ ᠪᠠᠶᠢᠭᠤᠯᠵᠤ᠂ ᠨᠠᠮ ᠤᠨ ᠶᠠᠪᠤᠳᠠᠯ ᠢ ᠢᠯᠡ ᠪᠤᠯᠭᠠᠭᠰᠠᠨ ᠠᠴᠠ ᠪᠤᠯᠵᠦ ᠡᠬᠦᠰᠴᠤ ᠮᠡᠳᠡᠬᠦ ᠤᠯᠤᠰ ᠳᠦᠷᠦ ᠶᠢᠨ ᠠᠮᠤᠷ ᠲᠦᠪᠰᠢᠨ ᠤ ᠠᠶᠤᠯ ᠳᠦᠭᠰᠢᠬᠦᠷᠢ᠂ ᠨᠡᠶᠢᠬᠡᠮ ᠤᠨ ᠳᠤᠭᠳᠠᠭᠤᠨ ᠤ ᠳᠦᠭᠰᠢᠬᠦᠷᠢ ᠶᠢ ᠰᠤᠳᠤᠯᠤᠨ ᠲᠦᠰᠦᠭᠡᠯᠡᠵᠤ ᠦᠨᠡᠯᠡᠨ ᠵᠢᠱᠢᠵᠦ᠂ ᠤᠷᠢᠳᠴᠢᠯᠠᠨ ᠰᠡᠷᠭᠡᠶᠢᠯᠡᠭᠦ ᠳᠦᠰᠦᠯ ᠭᠠᠷᠭᠠᠨ᠎ᠠ᠃
    ᠬᠤᠷᠢᠨ ᠳᠦᠷᠪᠡᠳᠦᠭᠡᠷ ᠵᠦᠢᠯ   ᠨᠠᠮ ᠤᠨ ᠵᠤᠬᠢᠶᠠᠨ ᠪᠠᠶᠢᠭᠤᠯᠤᠯᠳᠠ ᠨᠢ ᠨᠠᠮ ᠤᠨ ᠶᠠᠪᠤᠳᠠᠯ ᠢ ᠢᠯᠡ ᠪᠤᠯᠭᠠᠬᠤ ᠮᠡᠳᠡᠭᠡ ᠵᠠᠩᠬᠢ ᠶᠢ ᠨᠡᠶᠢᠳᠡᠯᠡᠭᠦ ᠳᠤᠭᠳᠠᠴᠠ ᠶᠢ ᠪᠠᠶᠢᠭᠤᠯᠵᠦ᠂ ᠰᠤᠨᠢᠨ ᠮᠡᠳᠡᠭᠡ ᠳᠡᠮᠵᠢᠭᠤᠯᠭ᠎ᠠ ᠶᠢᠨ ᠵᠢᠮ᠎ᠠ ᠶᠤᠰᠤ ᠶᠢ ᠵᠢᠷᠤᠮᠯᠠᠵᠦ᠂ ᠳᠤᠬᠢᠷᠠᠮᠵᠢᠳᠠᠢ ᠮᠡᠳᠡᠭᠡ ᠵᠠᠩᠬᠢ ᠨᠡᠶᠢᠳᠡᠯᠡᠬᠦ ᠠᠷᠭ᠎ᠠ ᠭᠡᠯᠪᠡᠷᠢ ᠪᠠ ᠵᠠᠭᠤᠴᠢᠯᠠᠭᠤᠷ ᠢ ᠰᠤᠩᠭᠤᠵᠦ᠂ ᠴᠠᠭ ᠳᠤᠬᠠᠢ ᠳᠤᠨᠢ᠂ ᠰᠠᠨᠠᠭᠠᠴᠢᠯᠠᠭ᠎ᠠ ᠲᠠᠢ ᠪᠠᠷ᠂ ᠪᠦᠬᠦ ᠲᠠᠯ᠎ᠠ ᠪᠠᠷ᠂ ᠤᠨᠤᠪᠴᠢᠳᠠᠢ ᠨᠡᠶᠢᠳᠡᠯᠡᠵᠦ᠂ ᠨᠠᠮ ᠤᠨ ᠶᠠᠪᠤᠳᠠᠯ ᠢ ᠢᠯᠡ ᠪᠤᠯᠭᠠᠬᠤ ᠴᠠᠭ ᠬᠡᠮᠵᠢᠶ᠎ᠠ ᠠᠰᠢᠬᠯᠠᠮᠵᠢ ᠶᠢ ᠰᠠᠶᠢᠳᠤᠷ ᠡᠵᠡᠮᠳᠡᠨ᠎ᠠ᠃
    ᠬᠤᠷᠢᠨ ᠳᠠᠪᠤᠳᠤᠭᠠᠷ ᠵᠦᠢᠯ   ᠨᠠᠮ ᠤᠨ ᠵᠤᠬᠢᠶᠠᠨ ᠪᠠᠶᠢᠭᠤᠯᠤᠯᠳᠠ ᠨᠢ ᠨᠠᠮ ᠤᠨ ᠶᠠᠪᠤᠳᠠᠯ ᠢ ᠢᠯᠡ ᠪᠤᠯᠭᠠᠬᠤ ᠳᠦᠷᠦ ᠶᠢᠨ ᠪᠤᠳᠤᠯᠭ᠎ᠠ ᠶᠢᠨ ᠲᠠᠶᠢᠯᠤᠮᠵᠢ ᠶᠢᠨ ᠳᠤᠭᠳᠠᠴᠠ ᠶᠢ ᠪᠠᠶᠢᠭᠤᠯᠵᠦ᠂ ᠬᠠᠮᠤᠷᠬᠤ ᠭᠡᠪᠴᠢᠶ᠎ᠠ ᠨᠢ ᠦᠷᠭᠡᠨ᠂ ᠨᠡᠶᠢᠬᠡᠮ ᠤᠨ ᠠᠩᠬᠠᠷᠤᠴᠠ ᠦᠨᠳᠦᠷ᠂ ᠳᠤᠰᠬᠠᠢ ᠮᠡᠷᠭᠡᠵᠢᠯ ᠤᠨ ᠴᠢᠨᠠᠷ ᠴᠢᠩᠭ᠎ᠠ ᠪᠠᠶᠢᠳᠠᠭ ᠨᠠᠮ ᠤᠨ ᠳᠤᠳᠤᠭᠠᠳᠤ ᠶᠢᠨ ᠬᠠᠦᠯᠢ ᠲᠤᠭᠳᠠᠭᠠᠯ ᠪᠠ ᠵᠢᠷᠤᠮᠵᠢᠭᠰᠠᠨ ᠪᠢᠴᠢᠭ᠌ ᠮᠠᠲ᠋ᠧᠷᠢᠶᠠᠯ᠂ ᠴᠢᠬᠤᠯᠠ ᠪᠦᠬᠦᠢ ᠳᠦᠷᠦ ᠶᠢᠨ ᠪᠤᠳᠤᠯᠭ᠎ᠠ᠂ ᠴᠢᠬᠤᠯᠠ ᠶᠡᠭᠡ ᠠᠷᠭ᠎ᠠ ᠪᠠᠷᠢᠯ ᠢ ᠰᠤᠨᠢᠨ ᠮᠡᠳᠡᠭᠡ ᠨᠡᠶᠢᠳᠡᠯᠡᠬᠦ ᠬᠤᠷᠠᠯ᠂ ᠰᠤᠷᠪᠤᠯᠵᠢᠯᠠᠭ᠎ᠠ ᠬᠦᠯᠢᠶᠡᠬᠦ᠂ ᠵᠤᠬᠢᠶᠠᠯ ᠨᠡᠶᠢᠳᠡᠯᠡᠬᠦ ᠵᠡᠷᠭᠡ ᠭᠡᠯᠪᠡᠷᠢ ᠪᠠᠷ ᠳᠡᠮᠵᠢᠭᠤᠯᠤᠨ ᠴᠢᠬᠤᠯᠠ ᠪᠦᠬᠦᠢ ᠢᠯᠡ ᠪᠤᠯᠭᠠᠬᠤ ᠬᠡᠷᠡᠭ ᠶᠠᠪᠤᠳᠠᠯ ᠳᠤ ᠲᠤᠳᠤᠷᠬᠠᠢ ᠲᠠᠶᠢᠯᠪᠤᠷᠢᠯᠡᠯᠳᠠ ᠪᠠ ᠲᠠᠶᠢᠯᠤᠮᠵᠢ ᠬᠢᠨ᠎ᠠ᠃
    ᠬᠤᠷᠢᠨ ᠵᠢᠷᠭᠤᠳᠤᠭᠠᠷ ᠵᠦᠢᠯ   ᠨᠠᠮ ᠤᠨ ᠵᠤᠬᠢᠶᠠᠨ ᠪᠠᠶᠢᠭᠤᠯᠤᠯᠳᠠ ᠨᠠᠮ ᠤᠨ ᠶᠠᠪᠤᠳᠠᠯ ᠢ ᠢᠯᠡ ᠪᠤᠯᠭᠠᠬᠤ ᠶᠠᠷᠢᠶ᠎ᠠ ᠬᠡᠯᠡᠯᠴᠡᠭᠡᠨ ᠤ ᠤᠳᠤᠷᠢᠳᠤᠮᠵᠢ ᠶᠢᠨ ᠳᠤᠭᠳᠠᠴᠠ ᠶᠢ ᠪᠠᠶᠢᠭᠤᠯᠵᠦ᠂ ᠨᠠᠮ ᠤᠨ ᠶᠠᠪᠤᠳᠠᠯ ᠢ ᠢᠯᠡ ᠪᠤᠯᠭᠠᠬᠤ ᠬᠠᠮᠢᠶ᠎ᠠ ᠪᠦᠬᠦᠢ ᠮᠡᠳᠡᠭᠡ ᠵᠠᠩᠬᠢ ᠳᠤ ᠬᠢᠨᠠᠨ ᠬᠡᠮᠵᠢᠯᠳᠡ ᠬᠢᠬᠦ ᠪᠠᠨ ᠴᠢᠩᠭᠠᠳᠬᠠᠵᠦ᠂ ᠬᠤᠳᠠᠯ ᠬᠠᠭᠤᠷᠮᠠᠭ᠂ ᠪᠦᠷᠢᠨ ᠬᠦᠢᠴᠡᠳ ᠪᠤᠰᠤ᠂ ᠤᠨᠤᠪᠴᠢ ᠦᠬᠡᠢ ᠮᠡᠳᠡᠭᠡ ᠵᠠᠩᠬᠢ ᠶᠢ ᠴᠠᠭ ᠳᠤᠬᠠᠢ ᠳᠤᠨᠢ ᠢᠯᠭᠠᠪᠤᠷᠢᠯᠠᠬᠤ ᠪᠤᠶᠤ ᠬᠦᠳᠦᠯᠦᠨ ᠵᠢᠯᠤᠭᠤᠳᠴᠤ᠂ ᠪᠤᠷᠤᠭᠤ ᠪᠠᠷ ᠤᠩᠰᠢᠵᠤ ᠪᠤᠷᠤᠭᠤ ᠲᠡᠶᠢᠰᠢ ᠬᠦᠳᠦᠯᠵᠦ᠂ ᠬᠤᠤᠷᠳᠤ ᠴᠤᠤᠷᠬᠠᠯ ᠳᠠᠷᠬᠠᠭᠠᠬᠤ ᠶᠢ ᠰᠡᠷᠭᠡᠶᠢᠯᠡᠨ ᠬᠤᠷᠢᠬᠯᠠᠨ᠎ᠠ᠃ ᠴᠢᠬᠤᠯᠠ ᠶᠡᠭᠡ ᠶᠡᠷᠢᠶ᠎ᠠ ᠬᠡᠯᠡᠯᠴᠡᠭᠡᠨ ᠤ ᠪᠠᠶᠢᠳᠠᠯ ᠢᠯᠡᠷᠡᠭᠰᠡᠨ ᠪᠤᠯ ᠴᠠᠭ ᠳᠤᠬᠠᠢ ᠳᠤᠨᠢ ᠮᠡᠳᠡᠬᠦᠯᠵᠦ ᠵᠤᠬᠢᠰᠳᠠᠢ ᠰᠢᠢᠳᠪᠦᠷᠢᠯᠡᠨ᠎ᠠ᠃
    ᠬᠤᠷᠢᠨ ᠳᠤᠯᠤᠳᠤᠭᠠᠷ ᠵᠦᠢᠯ   ᠨᠠᠮ ᠤᠨ ᠵᠤᠬᠢᠶᠠᠨ ᠪᠠᠶᠢᠭᠤᠯᠤᠯᠳᠠ ᠨᠠᠮ ᠤᠨ ᠶᠠᠪᠤᠳᠠᠯ ᠢ ᠢᠯᠡ ᠪᠤᠯᠭᠠᠬᠤ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠬᠦ ᠳᠤᠭᠳᠠᠴᠠ ᠶᠢ ᠪᠠᠶᠢᠭᠤᠯᠵᠦ᠂ ᠴᠠᠭ ᠳᠤᠬᠠᠢ ᠳᠤᠨᠢ ᠪᠠᠴᠢᠮ ᠪᠠᠶᠢᠳᠠᠯ ᠢ ᠠᠷᠭᠠᠴᠠᠵᠦ ᠰᠢᠢᠳᠪᠦᠷᠢᠯᠡᠬᠦ ᠠᠷᠭ᠎ᠠ ᠬᠡᠮᠵᠢᠶ᠎ᠠ ᠠᠪᠴᠤ᠂ ᠭᠡᠷᠡᠭ ᠶᠠᠪᠤᠳᠠᠯ ᠤᠨ ᠦᠨᠡᠨ ᠮᠦᠨ ᠢ ᠲᠤᠳᠤᠷᠬᠠᠢᠢᠯᠡᠵᠤ᠂ ᠶᠡᠷᠢᠶ᠎ᠠ ᠬᠡᠯᠡᠯᠴᠡᠭᠡ ᠶᠢ ᠬᠦᠳᠦᠯᠦᠨ ᠵᠢᠯᠤᠭᠤᠳᠴᠤ᠂ ᠠᠶᠤᠯ ᠳᠦᠭᠰᠢᠬᠦᠷᠢ ᠶᠢ ᠠᠷᠢᠯᠭᠠᠨ᠎ᠠ᠃
    ᠳᠠᠪᠤᠳᠤᠭᠠᠷ ᠪᠦᠯᠦᠭ   ᠬᠢᠨᠠᠯᠳᠠ ᠲᠠᠯᠪᠢᠬᠤ ᠪᠠ ᠬᠠᠷᠢᠭᠤᠴᠠᠯᠭ᠎ᠠ ᠨᠡᠭᠡᠮᠵᠢᠯᠡᠬᠦ
    ᠬᠤᠷᠢᠨ ᠨᠠᠶ᠋ᠮᠠᠳᠤᠭᠠᠷ ᠵᠦᠢᠯ   ᠨᠠᠮ ᠤᠨ ᠵᠤᠬᠢᠶᠠᠨ ᠪᠠᠶᠢᠭᠤᠯᠤᠯᠳᠠ ᠨᠠᠮ ᠤᠨ ᠶᠠᠪᠤᠳᠠᠯ ᠢ ᠢᠯᠡ ᠪᠤᠯᠭᠠᠬᠤ ᠠᠵᠢᠯ ᠤᠨ ᠪᠠᠶᠢᠳᠠᠯ ᠢ ᠳᠡᠭᠡᠳᠦ ᠨᠢᠬᠡ ᠱᠠᠳᠤᠨ ᠤ ᠵᠤᠬᠢᠶᠠᠨ ᠪᠠᠶᠢᠭᠤᠯᠤᠯᠳᠠ ᠳᠤ ᠮᠡᠳᠡᠬᠦᠯᠬᠦ ᠠᠵᠢᠯ ᠪᠤᠶᠤ ᠨᠠᠮ ᠤᠨ ᠪᠠᠶᠢᠭᠤᠯᠤᠯᠳᠠ ᠶᠢᠨ ᠠᠵᠢᠯ ᠤᠨ ᠳᠤᠰᠬᠠᠢ ᠰᠡᠳᠦᠪᠳᠦ ᠬᠠᠷᠢᠭᠤ ᠮᠡᠳᠡᠬᠦᠯᠦᠯᠳᠡ ᠶᠢ ᠠᠳᠬᠤᠬᠤ ᠴᠢᠬᠤᠯᠠ ᠠᠭᠤᠯᠭ᠎ᠠ ᠳᠤ ᠤᠷᠤᠭᠤᠯᠤᠨ᠎ᠠ᠃
    ᠬᠤᠷᠢ ᠶᠢᠰᠦᠳᠦᠭᠡᠷ ᠵᠦᠢᠯ   ᠨᠠᠮ ᠤᠨ ᠵᠤᠬᠢᠶᠠᠨ ᠪᠠᠶᠢᠭᠤᠯᠤᠯᠳᠠ ᠨᠠᠮ ᠤᠨ ᠶᠠᠪᠤᠳᠠᠯ ᠢ ᠢᠯᠡ ᠪᠤᠯᠭᠠᠬᠤ ᠠᠵᠢᠯ ᠤᠨ ᠪᠠᠶᠢᠳᠠᠯ ᠢ ᠳᠤᠤᠷᠠᠳᠦ ᠨᠢᠬᠡ ᠱᠠᠳᠤᠨ ᠤ ᠵᠤᠬᠢᠶᠠᠨ ᠪᠠᠶᠢᠭᠤᠯᠤᠯᠳᠠ ᠵᠢᠴᠢ ᠲᠡᠭᠦᠨ ᠤ ᠭᠤᠤᠯ ᠬᠠᠷᠢᠭᠤᠴᠠᠯᠭᠠᠳᠠᠨ ᠤ ᠤᠨ ᠤ ᠠᠵᠢᠯ ᠢ ᠬᠢᠨᠠᠨ ᠰᠢᠯᠭᠠᠬᠤ᠂ ᠨᠠᠮ ᠤᠨ ᠪᠠᠶᠢᠭᠤᠯᠤᠯᠳᠠ ᠶᠢᠨ ᠠᠵᠢᠯ ᠤᠨ ᠬᠠᠷᠢᠭᠤᠴᠠᠯᠭ᠎ᠠ ᠶᠢᠨ ᠳᠦᠷᠢᠮ ᠤᠨ ᠳᠤᠰᠢᠶᠠᠯ ᠤᠨ ᠲᠤᠭᠠᠴᠢᠯᠳᠠ ᠶᠢ ᠦᠨᠡᠯᠡᠬᠦ ᠴᠢᠬᠤᠯᠠ ᠪᠦᠬᠦᠢ ᠠᠭᠤᠯᠭ᠎ᠠ ᠪᠤᠯᠭᠠᠨ ᠤᠷᠤᠭᠤᠯᠤᠨ᠎ᠠ᠃ ᠨᠠᠮ ᠤᠨ ᠵᠤᠬᠢᠶᠠᠨ ᠪᠠᠶᠢᠭᠤᠯᠤᠯᠳᠠ ᠵᠢᠯ ᠪᠦᠷᠢ ᠬᠠᠮᠢᠶ᠎ᠠ ᠪᠦᠬᠦᠢ ᠨᠠᠮ ᠤᠨ ᠭᠡᠰᠢᠬᠦᠨ ᠪᠠ ᠤᠯᠠᠨ ᠳᠦᠮᠡᠨ ᠳᠤ ᠨᠠᠮ ᠤᠨ ᠶᠠᠪᠤᠳᠠᠯ ᠢ ᠢᠯᠡ ᠪᠤᠯᠭᠠᠬᠰᠡᠨ ᠪᠠᠶᠢᠳᠠᠯ ᠢ ᠢᠯᠠ ᠨᠡᠶᠢᠳᠠᠯᠠᠭᠦ ᠶᠢᠨ ᠬᠠᠮᠳᠤ ᠨᠠᠮ ᠤᠨ ᠭᠡᠰᠢᠬᠦᠨ ᠤ ᠠᠷᠠᠳᠴᠢᠯᠠᠯ ᠢᠶᠠᠷ ᠬᠢᠨᠠᠨ ᠵᠦᠪᠯᠡᠬᠦ ᠬᠦᠷᠢᠶ᠎ᠡ ᠬᠡᠪᠴᠢᠶ᠎ᠠ ᠳᠤ ᠤᠷᠤᠭᠤᠯᠵᠦ᠂ ᠰᠠᠨᠠᠭᠠᠴᠢᠯᠠᠭ᠎ᠠ ᠲᠠᠢ ᠪᠠᠷ ᠤᠯᠠᠨ ᠳᠦᠮᠡᠨ ᠤ ᠰᠠᠨᠠᠯ ᠢ ᠰᠤᠨᠤᠰᠤᠨ᠎ᠠ᠃
    ᠭᠤᠴᠢᠳᠤᠭᠠᠷ ᠵᠦᠢᠯ   ᠨᠠᠮ ᠤᠨ ᠵᠤᠬᠢᠶᠠᠨ ᠪᠠᠶᠢᠭᠤᠯᠤᠯᠳᠠ ᠨᠠᠮ ᠤᠨ ᠶᠠᠪᠤᠳᠠᠯ ᠢ ᠢᠯᠡ ᠪᠤᠯᠭᠠᠬᠤ ᠠᠵᠢᠯ ᠢ ᠱᠠᠯᠠᠪᠳᠠᠭᠤᠯᠤᠨ ᠪᠠᠶᠢᠴᠠᠭᠠᠬᠤ ᠳᠤᠭᠳᠠᠴᠠ ᠶᠢ ᠪᠠᠶᠢᠭᠤᠯᠤᠨ ᠪᠦᠷᠢᠨᠰᠢᠬᠦᠯᠵᠦ᠂ ᠳᠤᠭᠳᠠᠭᠰᠠᠨ ᠬᠤᠭᠤᠴᠠᠭ᠎ᠠ ᠲᠠᠢ ᠪᠠᠶᠢᠴᠠᠭᠠᠯᠳᠠ ᠬᠢᠬᠦ ᠪᠠ ᠳᠤᠰᠬᠠᠢ ᠲᠦᠷᠦᠯ ᠤᠨ ᠱᠠᠯᠠᠪᠳᠠᠭᠤᠯᠤᠨ ᠪᠠᠶᠢᠴᠠᠭᠠᠯᠳᠠ ᠦᠷᠨᠢᠬᠦᠯᠵᠦ᠂ ᠳᠤᠰᠬᠠᠢ ᠲᠦᠷᠦᠯ ᠤᠨ ᠱᠠᠯᠠᠪᠳᠠᠭᠤᠯᠤᠨ ᠪᠠᠶᠢᠴᠠᠭᠠᠯᠳᠠ ᠶᠢ ᠨᠠᠮ ᠤᠨ ᠰᠤᠷᠳᠠᠯ ᠴᠢᠭᠡᠴᠢ ᠵᠠᠰᠠᠭ ᠤᠨ ᠪᠠᠶᠢᠭᠤᠯᠤᠯᠳᠠ ᠶᠢᠨ ᠬᠠᠷᠢᠭᠤᠴᠠᠯᠭ᠎ᠠ ᠶᠢᠨ ᠳᠦᠷᠢᠮ ᠤᠨ ᠬᠢᠨᠠᠨ ᠰᠢᠯᠭᠠᠯᠳᠠ᠂ ᠨᠠᠮ ᠤᠨ ᠪᠠᠶᠢᠭᠤᠯᠤᠯᠳᠠ ᠶᠢᠨ ᠠᠵᠢᠯ ᠤᠨ ᠬᠢᠨᠠᠨ ᠰᠢᠯᠭᠠᠯᠳᠠ᠂ ᠲᠤᠭᠤᠷᠢᠨ ᠦᠵᠡᠵᠤ ᠲᠤᠭᠤᠷᠢᠨ ᠪᠠᠶᠢᠴᠠᠭᠠᠬᠤ ᠵᠡᠷᠭᠡ ᠲᠠᠢ ᠤᠶᠠᠯᠳᠤᠭᠤᠯᠵᠤ ᠪᠤᠯᠤᠨ᠎ᠠ᠃ ᠱᠠᠯᠠᠪᠳᠠᠭᠤᠯᠤᠨ ᠪᠠᠶᠢᠴᠠᠭᠠᠭᠰᠠᠨ ᠪᠠᠶᠢᠳᠠᠯ ᠢ ᠳᠤᠬᠢᠷᠠᠮᠵᠢᠳᠠᠢ ᠭᠡᠪᠴᠢᠶᠡᠨ ᠳᠤ ᠢᠯᠡ ᠨᠠᠶᠢᠳᠡᠯᠡᠨ᠎ᠠ᠃
    ᠭᠤᠴᠢᠨ ᠨᠢᠭᠡᠳᠦᠬᠡᠷ ᠵᠦᠢᠯ   ᠳᠤᠤᠷᠠᠬᠢ ᠪᠠᠶᠢᠳᠠᠯ ᠤᠨ ᠨᠢᠬᠡ ᠨᠢ ᠪᠠᠶᠢᠪᠠᠯ᠂ ᠳᠦᠷᠢᠮ ᠳᠤᠭᠳᠠᠭᠠᠯ ᠪᠠ ᠰᠠᠬᠢᠯᠭ᠎ᠠ ᠪᠠᠳᠤ ᠪᠠᠷ ᠬᠠᠮᠢᠶ᠎ᠠ ᠪᠦᠬᠦᠢ ᠨᠠᠮ ᠤᠨ ᠵᠤᠬᠢᠶᠠᠨ ᠪᠠᠶᠢᠭᠤᠯᠤᠯᠳᠠ᠂ ᠨᠠᠮ ᠤᠨ ᠭᠡᠰᠢᠭᠦᠨ ᠤᠳᠤᠷᠢᠳᠬᠤ ᠺᠠᠳ᠋ᠷ ᠪᠠ ᠠᠵᠢᠯᠳᠠᠨ ᠤ ᠬᠠᠷᠢᠭᠤᠴᠠᠯᠭ᠎ᠠ ᠶᠢ ᠨᠡᠬᠡᠮᠵᠢᠯᠡᠨ᠎ᠠ᠄
    (ᠨᠢᠬᠡ) ᠨᠠᠮ ᠤᠨ ᠳᠦᠪ ᠬᠤᠷᠢᠶ᠎ᠠ ᠪᠠ ᠲᠡᠭᠡᠳᠦ ᠱᠠᠳᠤᠨ ᠤ ᠵᠤᠬᠢᠶᠠᠨ ᠪᠠᠶᠢᠭᠤᠯᠤᠯᠳᠠ ᠶᠢᠨ ᠨᠠᠮ ᠤᠨ ᠶᠠᠪᠤᠳᠠᠯ ᠢ ᠢᠯᠡ ᠪᠤᠯᠭᠠᠬᠤ ᠪᠠᠶᠢᠷᠢᠯᠠᠭᠤᠯᠤᠯᠳᠠ ᠪᠠ ᠱᠠᠭᠠᠷᠳᠠᠯᠭ᠎ᠠ ᠶᠢ ᠲᠡᠪᠴᠢᠵᠤ ᠦᠯᠦ ᠭᠡᠷᠡᠭᠵᠢᠬᠦᠯᠦᠭᠰᠡᠨ;
    (ᠬᠤᠶᠠᠷ) ᠳᠤᠭᠳᠠᠭᠠᠯ ᠶᠤᠰᠤᠭᠠᠷ ᠨᠠᠮ ᠤᠨ ᠶᠠᠪᠤᠳᠠᠯ ᠢ ᠢᠯᠡ ᠪᠤᠯᠭᠠᠬᠤ ᠭᠠᠷᠴᠠᠭ ᠭᠠᠷᠭᠠᠭᠰᠠᠨ ᠦᠬᠡᠢ ᠪᠦᠭᠡᠳ ᠬᠦᠳᠡᠯᠦᠩᠬᠦᠢ ᠳᠤᠬᠢᠷᠠᠭᠤᠯᠤᠯᠳᠠ ᠬᠢᠵᠤ᠂ ᠠᠵᠢᠯ ᠢ ᠨᠠᠶᠢᠳᠠᠪᠤᠷᠢᠵᠢᠭᠤᠯᠤᠭᠰᠠᠨ ᠢᠶᠠᠷ ᠬᠦᠢᠴᠡᠳ ᠦᠬᠡᠢ;
    (ᠭᠤᠷᠪᠡ) ᠳᠤᠭᠳᠠᠭᠠᠯ ᠤᠨ ᠠᠭᠤᠯᠭ᠎ᠠ᠂ ᠬᠦᠷᠢᠶ᠎ᠡ ᠭᠡᠪᠴᠢᠶ ᠎ᠠ᠂ ᠳᠡᠰ ᠲᠠᠷᠠᠭᠠᠯᠠᠯ ᠪᠠ ᠠᠷᠭ᠎ᠠ ᠭᠡᠯᠪᠡᠷᠢ ᠶᠤᠰᠤᠭᠠᠷ ᠨᠠᠮ ᠤᠨ ᠶᠠᠪᠤᠳᠠᠯ ᠢ ᠢᠯᠡ ᠪᠤᠯᠭᠠᠬᠰᠡᠨ ᠦᠬᠡᠢ ᠠᠴᠠ ᠪᠤᠯᠵᠤ᠂ ᠮᠠᠭᠤ ᠦᠷ᠎ᠠ ᠨᠦᠯᠦᠬᠡ ᠭᠠᠷᠭᠠᠭᠰᠠᠨ;
    (ᠳᠦᠷᠪᠡ) ᠨᠠᠮ ᠤᠨ ᠶᠠᠪᠤᠳᠠᠯ ᠢ ᠢᠯᠡ ᠪᠤᠯᠭᠠᠬᠰᠡᠨ ᠠᠭᠤᠯᠭ᠎ᠠ ᠨᠢ ᠦᠨᠡᠨ ᠪᠤᠳᠠᠳᠠᠢ ᠲᠠᠢ ᠲᠤᠩ ᠨᠡᠶᠢᠴᠡᠭᠦ ᠦᠭᠡᠢ᠂ ᠳᠡᠭᠡᠷᠡᠬᠢ ᠪᠠᠨ ᠮᠡᠭᠡᠯᠡᠵᠦ ᠳᠤᠤᠷᠠᠬᠢ ᠠᠴᠠ ᠪᠠᠨ ᠨᠢᠭᠤᠵᠦ᠂ ᠬᠤᠳᠠᠯ ᠬᠡᠯᠡᠵᠦ ᠬᠤᠯᠤ ᠲᠠᠷᠢᠵᠤ᠂ ᠬᠦᠨᠳᠦ ᠨᠤᠴᠢᠳᠠᠢ ᠮᠠᠭᠤ ᠦᠷ᠎ᠡ ᠨᠦᠯᠦᠬᠡ ᠭᠠᠷᠭᠠᠭᠰᠠᠨ;
    (ᠳᠠᠪᠤ) ᠬᠠᠷᠢᠭᠤᠴᠠᠯᠭ᠎ᠠ ᠨᠡᠬᠡᠮᠵᠢᠯᠡᠬᠦ ᠵᠤᠬᠢᠰᠳᠠᠢ ᠬᠠᠷᠢᠭᠤᠴᠠᠯᠭ᠎ᠠ ᠪᠠᠨ ᠠᠯᠳᠠᠵᠦ ᠳᠤᠰᠢᠶᠠᠯ ᠢᠶᠠᠨ ᠭᠤᠳᠤᠭᠠᠬᠰᠡᠨ ᠪᠤᠰᠤᠳ ᠪᠠᠶᠢᠳᠠᠯ;
    ᠵᠢᠷᠭᠤᠳᠤᠭᠠᠷ ᠪᠦᠯᠦᠭ   ᠳᠠᠭᠠᠯᠳᠤᠭᠤᠯᠤᠯ ᠲᠦᠷᠢᠮ
    ᠭᠤᠴᠢᠨ ᠬᠤᠶᠠᠳᠤᠭᠠᠷ ᠵᠦᠢᠯ   ᠳᠤᠰ ᠨᠠᠷᠢᠨ ᠳᠦᠷᠢᠮ ᠤᠨ ᠲᠠᠶᠢᠯᠪᠤᠷᠢᠯᠠᠬᠤ ᠠᠵᠢᠯ ᠢ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠠᠯᠪᠠᠨ ᠲᠢᠩᠬᠢᠮ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠵᠤᠬᠢᠶᠠᠨ ᠪᠠᠶᠢᠭᠤᠯᠬᠤ ᠭᠡᠯᠳᠡᠰ ᠲᠠᠢ ᠬᠠᠮᠳᠤ ᠬᠠᠷᠢᠭᠤᠴᠠᠨ᠎ᠠ᠃
    ᠭᠤᠴᠢᠨ ᠭᠤᠷᠪᠠᠳᠤᠭᠠᠷ ᠵᠦᠢᠯ   ᠳᠤᠰ ᠨᠠᠷᠢᠨ ᠳᠦᠷᠢᠮ ᠢ 2018 ᠤᠨ ᠤ 11 ᠰᠠᠷ᠎ᠠ ᠶᠢᠨ 14 ᠠᠴᠠ ᠡᠬᠢᠯᠡᠨ ᠭᠡᠷᠡᠭᠵᠢᠬᠦᠯᠦᠨ᠎ᠠ᠃

ᠵᠣᠬᠢᠶᠠᠭᠴᠢ: ᠪᠣᠯᠣᠷᠴᠡᠴᠡᠭ᠌
ᠢᠷᠡᠯᠲᠡ: ᠦᠪᠦᠷ ᠮᠤᠩᠭ᠋ᠤᠯ ᠤᠨ ᠡᠳᠦᠷ ᠤᠨ ᠰᠤᠨᠢᠨ