ᠥᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠢᠤᠢ ᠬᠠᠢ ᠵᠢᠶᠦ᠋ᠨ ᠨᠦᠬᠦᠷ ᠠᠴᠠ ᠰᠤᠷᠤᠯᠴᠠᠬᠤ ᠲᠤᠬᠠᠢ ᠲᠤᠭᠳᠠᠭᠠᠯ
ᠢᠣᠢ ᠬᠠᠢ ᠵᠢᠶᠦ᠋ᠨ᠂ ᠡᠷᠡᠭᠳᠡᠢ᠂ ᠬᠢᠳᠡᠳ ᠦᠨᠳᠦᠰᠦᠳᠡᠨ᠂ ᠳᠤᠮᠳᠠᠳᠤ ᠤᠯᠤᠰ ᠤᠨ ᠡᠪ ᠬᠠᠮᠳᠦ ᠨᠠᠮ ᠤᠨ ᠭᠡᠰᠢᠬᠦᠨ᠂ 1963 ᠤᠨ ᠤ 11 ᠰᠠᠷ᠎ᠠ ᠳᠤ ᠲᠦᠷᠦᠵᠡᠢ᠂ 1986 ᠤᠨ ᠤ 4 ᠰᠠᠷ᠎ᠠ ᠳᠤ ᠳᠤᠮᠳᠠᠳᠤ ᠤᠯᠤᠰ ᠤᠨ ᠡᠪ ᠬᠠᠮᠳᠦ ᠨᠠᠮ ᠳᠤ ᠤᠷᠤᠵᠦ᠂ 1987 ᠤᠨ ᠤ 7 ᠰᠠᠷ᠎ᠠ ᠳᠤ ᠠᠵᠢᠯ ᠳᠤ ᠤᠷᠤᠵᠦ᠂ ᠥᠪᠦᠷ ᠮᠤᠩᠭᠤᠯ ᠤᠨ ᠶᠡᠭᠡ ᠬᠢᠩᠭᠠᠨ ᠲᠠᠪᠠᠭᠠᠨ ᠤ ᠤᠢ ᠰᠢᠭᠤᠢ ᠶᠢᠨ ᠪᠠᠶᠢᠴᠠᠭᠠᠨ ᠲᠦᠯᠦᠪᠵᠢᠬᠦᠯᠬᠦ ᠬᠦᠷᠢᠶᠡᠯᠡᠩ ᠤᠨ ᠲᠦᠯᠦᠪᠵᠢᠬᠦᠯᠦᠨ ᠲᠦᠯᠦᠪᠯᠡᠬᠦ ᠲᠠᠰᠤᠭ ᠤᠨ ᠳᠡᠳ᠋ ᠡᠷᠬᠢᠯᠡᠭᠴᠢ᠂ ᠡᠷᠬᠢᠯᠡᠭᠴᠢ᠂ ᠥᠪᠦᠷ ᠮᠤᠩᠭᠤᠯ ᠤᠨ ᠶᠡᠭᠡ ᠬᠢᠩᠭᠠᠨ ᠲᠠᠪᠠᠭᠠᠨ ᠤ ᠤᠢ ᠰᠢᠭᠤᠢ ᠶᠢᠨ ᠪᠠᠶᠢᠴᠠᠭᠠᠨ ᠲᠦᠯᠦᠪᠵᠢᠬᠦᠯᠬᠦ ᠬᠦᠷᠢᠶᠡᠯᠡᠩ ᠤᠨ ᠳᠡᠳ᠋ ᠶᠡᠷᠦᠩᠭᠡᠢ ᠢᠨᠵᠧᠨᠧᠷ᠂ ᠳᠡᠳ᠋ ᠳᠠᠷᠤᠭ᠎ᠠ ᠵᠡᠷᠭᠡ ᠲᠤᠰᠢᠶᠠᠯ ᠢ ᠡᠬᠦᠷᠭᠡᠯᠡᠵᠦ ᠦᠩᠭᠡᠷᠡᠪᠡ᠃ ᠠᠮᠢᠳᠤ ᠪᠠᠶᠢᠬᠤ ᠳᠠᠭᠠᠨ ᠥᠪᠦᠷ ᠮᠤᠩᠭᠤᠯ ᠤᠨ ᠶᠡᠭᠡ ᠬᠢᠩᠭᠠᠨ ᠲᠠᠪᠠᠭᠠᠨ ᠤ ᠭᠤᠤᠯᠳᠠᠯᠭ᠎ᠠ ᠲᠠᠢ ᠤᠯᠤᠰ ᠤᠨ ᠦᠮᠴᠢᠯᠡᠯᠳᠦ ᠤᠢ ᠰᠢᠭᠤᠢ ᠶᠢᠨ ᠬᠠᠮᠢᠶᠠᠷᠤᠯᠳᠠ ᠶᠢᠨ ᠲᠤᠪᠴᠢᠶᠠᠨ ᠤ ᠭᠡᠭᠡᠨ ᠭᠤᠤᠯ ᠤᠢ ᠰᠢᠭᠤᠢ ᠶᠢᠨ ᠲᠤᠪᠴᠢᠶᠠᠨ ᠤ ᠳᠠᠳ᠋ ᠳᠠᠷᠤᠭ᠎ᠠ᠂ ᠤᠢ ᠰᠢᠭᠤᠢ ᠶᠢᠨ ᠢᠨᠵᠧᠨᠧᠷᠢᠩ ᠤᠨ ᠳᠡᠭᠡᠳᠦ ᠵᠡᠷᠭᠡ ᠶᠢᠨ ᠢᠨᠵᠧᠨᠧᠷ ᠪᠠᠶᠢᠪᠠ᠃
2019 ᠤᠨ ᠤ 6 ᠰᠠᠷ᠎ᠠ ᠶᠢᠨ 20 ᠤ ᠡᠳᠦᠷ᠂ ᠢᠤᠢ ᠬᠠᠢ ᠵᠢᠶᠦ᠋ᠨ ᠨᠦᠬᠦᠷ ᠭᠡᠭᠡᠨ ᠭᠤᠤᠯ ᠤᠨ ᠳᠡᠭᠡᠳᠦ ᠶᠠᠩᠬᠢᠴᠢ ᠤᠢ ᠰᠢᠭᠤᠢ ᠶᠢᠨ ᠠᠶᠤᠩᠭ᠎ᠠ ᠶᠢᠨ ᠭᠠᠯ ᠤᠨ ᠲᠦᠢᠮᠡᠷ ᠢ ᠤᠨᠳᠠᠷᠠᠭᠠᠨ ᠭᠠᠮᠰᠢᠬ ᠠᠴᠠ ᠠᠪᠤᠷᠠᠬᠤ ᠠᠵᠢᠯ ᠢ ᠵᠢᠯᠤᠭᠤᠳᠴᠦ ᠪᠠᠶᠢᠬᠤ ᠳᠠᠭᠠᠨ ᠪᠡᠶ᠎ᠠ ᠦᠷᠡᠭᠳᠡᠵᠦ᠂ ᠪᠤᠳᠠᠳᠦ ᠠᠵᠢᠯᠯᠠᠭ᠎ᠠ ᠪᠠ ᠡᠷᠬᠢᠮ ᠨᠠᠨᠳᠢᠨ ᠠᠮᠢ ᠨᠠᠰᠤ ᠪᠠᠷ ᠢᠶᠠᠨ ᠡᠪ ᠬᠠᠮᠳᠦ ᠨᠠᠮ ᠤᠨ ᠭᠡᠰᠢᠬᠦᠨ ᠤ ᠨᠠᠮ ᠳᠠᠭᠠᠨ ᠰᠢᠳᠤᠷᠭᠤ᠂ ᠭᠤᠶᠠᠴᠢ ᠦᠭᠡᠢ ᠡᠷᠬᠦᠬᠦ ᠰᠢᠯᠢᠳᠡᠭ ᠬᠡᠪ ᠰᠤᠷᠳᠠᠯ ᠢ ᠲᠠᠶᠢᠯᠪᠤᠷᠢᠯᠡᠵᠦ᠂ ᠠᠷᠠᠳ ᠤᠨ ᠠᠯᠪᠡᠨ ᠵᠠᠷᠤᠴᠠ ᠶᠢᠨ ᠡᠬᠦᠷᠭᠡ ᠲᠤᠰᠢᠶᠠᠯ ᠢᠶᠠᠨ ᠬᠢᠴᠢᠶᠡᠩᠬᠦ᠋ᠢᠯᠡᠨ ᠬᠦᠢᠴᠡᠳᠭᠡᠵᠦ᠂ ᠵᠤᠷᠢᠬᠳᠠᠢ ᠬᠠᠷᠢᠭᠤᠴᠠᠯᠭ᠎ᠠ ᠡᠬᠦᠷᠭᠡᠯᠡᠬᠦ ᠡᠷᠬᠢᠮ ᠳᠡᠭᠡᠳᠦ ᠵᠤᠷᠢᠭ ᠰᠠᠨᠠᠭ᠎ᠠ ᠶᠢ ᠬᠠᠷᠠᠭᠤᠯᠵᠦ᠂ ᠰᠢᠨ᠎ᠠ ᠴᠠᠭ ᠦᠶ᠎ᠠ ᠶᠢᠨ ᠰᠠᠶᠢᠨ ᠺᠠᠳ᠋ᠷ ᠤᠨ ᠰᠢᠳᠤᠷᠭᠤ᠂ ᠠᠷᠢᠭᠤᠨ ᠴᠢᠭᠡᠴᠢ᠂ ᠬᠠᠷᠢᠭᠤᠴᠠᠯᠭ᠎ᠠ ᠡᠬᠦᠷᠭᠡᠯᠡᠬᠦ ᠳᠠᠭᠤᠷᠢᠶᠠᠯ ᠢ ᠪᠤᠢ ᠪᠤᠯᠭᠠᠪᠠ᠃ ᠤᠢᠢᠷ᠎ᠠ ᠶᠢᠨ ᠡᠳᠦᠷ᠂ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠠᠴᠠ ᠢᠤᠢ ᠬᠠᠢ ᠵᠢᠶᠦ᠋ᠨ ᠨᠦᠬᠦᠷ ᠲᠤ 《ᠥᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠰᠢᠯᠢᠳᠡᠭ ᠡᠪ ᠬᠠᠮᠳᠦ ᠨᠠᠮ ᠤᠨ ᠭᠡᠰᠢᠬᠦᠨ》ᠤ ᠴᠤᠯᠠ ᠶᠢ ᠨᠡᠭᠡᠮᠵᠢᠯᠡᠨ ᠤᠯᠭᠤᠪᠠ᠃ ᠢᠤᠢ ᠬᠠᠢ ᠵᠢᠶᠦ᠋ᠨ ᠨᠦᠬᠦᠷ ᠤᠨ ᠲᠡᠷᠢᠬᠦᠨ ᠤ ᠦᠢᠯᠡ ᠠᠵᠢᠯᠯᠠᠭ᠎ᠠ᠂ ᠰᠢᠯᠢᠳᠡᠭ ᠭᠡᠪ ᠰᠤᠷᠳᠠᠯ ᠪᠠ ᠡᠷᠬᠢᠮ ᠨᠠᠨᠳᠢᠨ ᠵᠤᠷᠢᠭ ᠰᠠᠨᠠᠭ᠎ᠠ ᠶᠢ ᠶᠡᠭᠡ ᠪᠠᠷ ᠪᠠᠳᠠᠷᠠᠭᠤᠯᠵᠦ᠂ ᠦᠷᠭᠡᠨ ᠤᠯᠠᠨ ᠨᠠᠮ ᠤᠨ ᠭᠡᠰᠢᠬᠦᠨ ᠤ ᠬᠡᠬᠦᠳᠡᠭ ᠴᠡᠭᠡᠵᠢᠨ ᠳᠡᠭᠡᠨ ᠬᠦᠰᠡᠯᠡᠩ ᠲᠠᠢ᠂ ᠡᠷᠡᠰ ᠪᠠᠳᠤ ᠢᠳᠡᠭᠡᠯ ᠪᠢᠰᠢᠷᠡᠯ ᠲᠠᠢ᠂ ᠡᠬᠦᠷᠭᠡ ᠲᠤᠰᠢᠶᠠᠯ ᠢᠶᠠᠨ ᠬᠢᠴᠢᠶᠡᠩᠬᠦ᠋ᠢᠯᠡᠨ ᠬᠦᠢᠴᠡᠳᠭᠡᠭᠰᠡᠨ᠂ ᠭᠤᠶᠠᠴᠢ ᠦᠭᠡᠢ ᠵᠢᠳᠬᠦᠯ ᠢ ᠵᠤᠷᠢᠬᠵᠢᠭᠤᠯᠬᠤ ᠶᠢᠨ ᠲᠦᠯᠦᠭᠡ᠂ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠠᠴᠠ᠂ ᠪᠦᠬᠦ ᠤᠷᠤᠨ ᠤ ᠡᠯ᠎ᠠ ᠱᠠᠳᠤᠨ ᠤ ᠨᠠᠮ ᠤᠨ ᠵᠤᠬᠢᠶᠠᠨ ᠪᠠᠶᠢᠭᠤᠯᠤᠯᠳᠠ ᠪᠠ ᠦᠷᠭᠡᠨ ᠤᠯᠠᠨ ᠨᠠᠮ ᠤᠨ ᠭᠡᠰᠢᠬᠦᠨ ᠺᠠᠳ᠋ᠷ ᠤᠨ ᠳᠤᠮᠳᠠ ᠢᠤᠢ ᠬᠠᠢ ᠵᠢᠶᠦ᠋ᠨ ᠨᠦᠬᠦᠷ ᠠᠴᠠ ᠰᠤᠷᠤᠯᠴᠠᠬᠤ ᠠᠵᠢᠯᠯᠠᠭ᠎ᠠ ᠦᠷᠨᠢᠬᠦᠯᠬᠦ ᠪᠠᠷ ᠲᠤᠭᠳᠠᠵᠠᠢ᠃
ᠨᠢᠭᠡ᠂ ᠢᠤᠢ ᠬᠠᠢ ᠵᠢᠶᠦ᠋ᠨ ᠨᠦᠬᠦᠷ ᠠᠴᠠ ᠰᠤᠷᠤᠯᠴᠠᠬᠤ ᠳᠤ᠂ ᠲᠡᠬᠦᠨ ᠤ ᠨᠠᠮ ᠳᠠᠭᠠᠨ ᠰᠢᠳᠤᠷᠭᠤ᠂ ᠡᠷᠡᠰ ᠪᠠᠳᠤ ᠢᠳᠡᠭᠡᠯ ᠪᠢᠰᠢᠷᠡᠯ ᠲᠠᠢ ᠪᠠᠶᠢᠬᠤ ᠤᠯᠤᠰ ᠲᠦᠷᠦ ᠶᠢᠨ ᠬᠡᠪ ᠰᠤᠷᠳᠠᠯ ᠢ ᠰᠤᠷᠤᠯᠴᠠᠬᠤ ᠭᠡᠷᠡᠭᠲᠡᠢ᠃ ᠭᠡᠬᠦᠳᠡᠭ ᠴᠡᠭᠡᠵᠢᠨ ᠳᠡᠭᠡᠨ ᠬᠦᠰᠡᠯᠡᠩ ᠲᠠᠢ᠂ ᠨᠠᠮ ᠳᠠᠭᠠᠨ ᠰᠢᠳᠤᠷᠭᠤ ᠪᠠᠶᠢᠬᠤ ᠪᠤᠯ ᠢᠤᠢ ᠬᠠᠢ ᠵᠢᠶᠦ᠋ᠨ ᠨᠦᠬᠦᠷ ᠤᠨ ᠨᠠᠰᠤᠨ ᠲᠤᠷᠰᠢᠳᠠ ᠶᠢᠨ ᠰᠠᠬᠢᠶ᠎ᠠ ᠪᠠᠷᠢᠮᠳᠠᠯᠠᠯ ᠮᠦᠨ᠃ ᠨᠠᠮ ᠳᠤ ᠤᠷᠤᠬᠰᠠᠨ 33 ᠵᠢᠯ ᠤᠨ ᠲᠤᠷᠰᠢ᠂ ᠲᠡᠷᠡ ᠬᠦᠰᠡᠯᠡᠩ ᠤᠨ ᠬᠦᠭᠡᠭᠡᠴᠡᠯᠳᠦᠯ ᠢᠶᠠᠨ ᠠᠭᠤᠤ ᠶᠡᠭᠡ ᠦᠢᠯᠡᠰ ᠲᠤ ᠠᠭᠤᠰᠤᠯᠴᠠᠭᠤᠯᠵᠦ᠂ ᠢᠮᠠᠬᠳᠠ ᠡᠪ ᠬᠠᠮᠳᠦ ᠨᠠᠮ ᠤᠨ ᠭᠡᠰᠢᠬᠦᠨ ᠤ ᠪᠠᠷᠢᠮᠵᠢᠶ᠎ᠠ ᠪᠠᠷ ᠪᠡᠶ᠎ᠠ ᠪᠠᠨ ᠴᠢᠩᠭ᠎ᠠ ᠱᠠᠭᠠᠷᠳᠠᠵᠦ᠂ ᠵᠤᠬᠢᠶᠠᠨ ᠪᠠᠶᠢᠭᠤᠯᠤᠯᠳᠠ ᠶᠢᠨ ᠬᠦᠨᠳᠦ ᠨᠠᠶᠢᠳᠠᠯᠭ᠎ᠠ ᠪᠠ ᠤᠯᠠᠨ ᠲᠦᠮᠡᠨ ᠤ ᠢᠳᠡᠭᠡᠯ ᠢᠶᠠᠷ ᠴᠠᠭ ᠢᠮᠠᠬᠳᠠ ᠶᠠᠪᠤᠳᠠᠯ ᠪᠦᠷᠢ ᠳᠤ ᠦᠪᠡᠷ ᠢ ᠪᠠᠨ ᠱᠠᠭᠠᠷᠳᠠᠵᠦ᠂ ᠤᠠᠬᠮᠰᠠᠷ ᠠᠴᠠ ᠪᠠᠨ ᠠᠯᠪᠡᠨ ᠤ ᠲᠦᠯᠦᠭᠡ ᠦᠷᠯᠦᠭᠡ ᠦᠳᠡᠰᠢ ᠶᠢ ᠲᠡᠮᠡᠴᠡᠨ᠂ ᠠᠷᠠᠳ ᠤᠨ ᠲᠦᠯᠦᠭᠡ ᠰᠢᠷᠭᠠᠭᠤ ᠬᠠᠳᠠᠭᠤᠵᠢᠯᠳᠠᠢ ᠠᠵᠢᠯᠯᠠᠬᠤ ᠶᠢ ᠪᠡᠶᠡᠯᠡᠬᠦᠯᠪᠡ᠃ ᠡᠬᠡ ᠤᠯᠤᠰ ᠤᠨ ᠬᠠᠮᠤᠭ ᠤᠨ ᠬᠠᠬᠢᠷ ᠬᠦᠢᠳᠡᠨ ᠭᠠᠵᠠᠷ ᠲᠤ᠂ ᠲᠡᠷᠡ 32 ᠵᠢᠯ ᠤᠨ ᠴᠠᠭ ᠮᠦᠴᠡ ᠪᠠᠷ ᠳᠠᠮᠵᠢᠵᠤ ᠨᠠᠮ ᠳᠠᠭᠠᠨ ᠭᠡᠰᠡᠨ ᠦᠨᠡᠨᠴᠢ ᠰᠢᠳᠤᠷᠭᠤ ᠰᠡᠳᠭᠢᠯᠭᠡ ᠶᠢ ᠦᠨᠳᠦᠷ ᠲᠤ ᠡᠯᠭᠦᠨ᠂ ᠪᠤᠳᠠᠳᠠᠢ ᠳᠤ ᠦᠢᠯᠡᠳᠦᠯᠭᠡᠵᠢᠭᠦᠯᠵᠤ᠂ ᠡᠷᠬᠢᠮ ᠨᠠᠨᠳᠢᠨ ᠠᠮᠢ ᠨᠠᠰᠤ ᠪᠠᠷ ᠢᠶᠠᠨ ᠡᠪ ᠬᠠᠮᠳᠤ ᠨᠠᠮ ᠤᠨ ᠭᠡᠰᠢᠭᠦᠨ ᠤ 《ᠨᠠᠮ ᠪᠠ ᠠᠷᠠᠳ ᠲᠦᠮᠡᠨ ᠤ ᠲᠦᠯᠦᠭᠡ ᠠᠯᠢᠪᠠ ᠪᠠᠨ ᠵᠤᠷᠢᠭᠤᠯᠬᠤ ᠪᠠᠷ ᠴᠠᠭ ᠢᠮᠠᠭᠳᠠ ᠪᠡᠯᠡᠬᠡᠨ ᠪᠠᠶᠢᠬᠤ》 ᠤᠭ ᠰᠠᠨᠠᠭ᠎ᠠ ᠪᠠ ᠲᠠᠩᠭᠠᠷᠢᠭ ᠢ ᠦᠢᠯᠡᠳᠦᠯᠭᠡᠵᠢᠭᠦᠯᠵᠤ᠂ ᠠᠮᠢ ᠪᠡᠶ᠎ᠠ ᠪᠠᠨ ᠨᠠᠮ ᠳᠠᠭᠠᠨ ᠡᠷᠭᠦᠬᠦ᠂ ᠡᠬᠡ ᠤᠯᠤᠰ ᠲᠠᠭᠠᠨ ᠵᠤᠷᠢᠭᠤᠯᠬᠤ ᠶᠢ ᠦᠨᠡᠨ ᠬᠦ ᠪᠡᠶᠡᠯᠡᠭᠦᠯᠪᠡ᠃ ᠪᠦᠬᠦ ᠤᠷᠤᠨ ᠤ ᠡᠯ᠎ᠠ ᠱᠠᠳᠤᠨ ᠤ ᠨᠠᠮ ᠤᠨ ᠵᠤᠬᠢᠶᠠᠨ ᠪᠠᠶᠢᠭᠤᠯᠤᠯᠳᠠ ᠪᠤᠯᠤᠨ ᠦᠷᠭᠡᠨ ᠤᠯᠠᠨ ᠨᠠᠮ ᠤᠨ ᠭᠡᠰᠢᠭᠦᠨ ᠺᠠᠳ᠋ᠷ ᠢᠤᠢ ᠬᠠᠢ ᠵᠢᠶᠦ᠋ᠨ ᠨᠦᠬᠦᠷ ᠠᠴᠠ ᠲᠠᠭᠠᠨ ᠰᠤᠷᠤᠯᠴᠠᠵᠤ᠂ ᠲᠡᠭᠦᠨ ᠤ ᠡᠪ ᠬᠠᠮᠳᠤ ᠶᠤᠰᠤᠨ ᠤ ᠠᠯᠤᠰ ᠬᠡᠳᠦ ᠶᠢᠨ ᠬᠦᠰᠡᠯᠡᠩ ᠪᠤᠯᠤᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠬᠠᠮᠳᠦ ᠶᠢᠨ ᠬᠦᠰᠡᠯᠡᠩ ᠢ ᠢᠮᠠᠭᠳᠠ ᠪᠠᠷᠢᠮᠳᠠᠯᠠᠵᠤ᠂ ᠬᠦᠰᠡᠯᠡᠩ ᠢᠳᠡᠭᠡᠯ ᠪᠢᠰᠢᠷᠡᠯ ᠢ ᠰᠡᠳᠭᠢᠯ ᠤᠨ ᠴᠠᠮᠬᠠᠭ ᠢᠶᠠᠨ ᠪᠤᠯᠭᠠᠵᠤ᠂ ᠤᠠᠬᠮᠰᠠᠷ ᠠᠴᠠ ᠪᠠᠨ ᠰᠢ ᠶᠢᠨ ᠫᠢᠩ ᠤᠨ ᠰᠢᠨ᠎ᠠ ᠴᠠᠭ ᠦᠶ᠎ᠠ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠲᠡᠷᠢᠬᠢ ᠲᠤᠯᠤᠭᠠᠢ ᠪᠠᠨ ᠵᠡᠪᠰᠡᠭᠯᠡᠵᠤ᠂ 《ᠳᠦᠷᠪᠡᠨ ᠤᠬᠠᠮᠰᠠᠷ》 ᠢ ᠪᠠᠳᠤ ᠪᠤᠢ ᠪᠤᠯᠭᠠᠵᠤ᠂ 《ᠳᠦᠷᠪᠡᠨ ᠢᠳᠡᠭᠡᠯ》 ᠢ ᠪᠠᠳᠤᠳᠬᠠᠵᠤ᠂ 《ᠬᠤᠶᠠᠷ ᠢ ᠬᠠᠮᠠᠭᠠᠯᠠᠬᠤ》 ᠶᠢ ᠡᠷᠡᠰ ᠪᠡᠶᠡᠯᠡᠭᠦᠯᠵᠤ᠂ ᠲᠤᠭ ᠳᠡᠮᠳᠡᠭ ᠳᠤᠳᠤᠷᠬᠠᠢ ᠪᠠᠷ ᠤᠯᠤᠰ ᠲᠦᠷᠦ ᠶᠢ ᠡᠷᠬᠢᠮᠯᠡᠵᠤ᠂ ᠡᠷᠡᠰ ᠰᠢᠭᠤᠷᠬᠠᠢ ᠪᠠᠷ ᠨᠠᠮ ᠤᠨ ᠦᠭᠡ ᠶᠢ ᠰᠤᠨᠤᠰᠴᠤ᠂ ᠨᠠᠮ ᠢᠶᠠᠨ ᠳᠠᠭᠠᠵᠤ᠂ ᠨᠠᠮ ᠳᠠᠭᠠᠨ ᠦᠨᠡᠨᠴᠢ ᠰᠢᠳᠤᠷᠭᠤ ᠪᠠᠶᠢᠵᠤ᠂ ᠨᠠᠮ ᠤᠨ ᠳᠠᠷᠤᠭᠠᠰᠤ ᠶᠢ ᠬᠤᠪᠢᠶᠠᠯᠴᠠᠵᠤ᠂ ᠨᠠᠮ ᠤᠨ ᠲᠦᠯᠦᠭᠡ ᠬᠠᠷᠢᠭᠤᠴᠠᠯᠭ᠎ᠠ ᠡᠭᠦᠷᠭᠡᠯᠡᠵᠤ᠂ ᠨᠠᠮ ᠤᠨ ᠲᠦᠯᠦᠭᠡ ᠬᠠᠷᠢᠭᠤᠴᠠᠯᠭ᠎ᠠ ᠪᠠᠨ ᠭᠦᠢᠴᠡᠳᠭᠡᠵᠤ᠂ ᠬᠡᠵᠢᠶᠡᠳᠡ ᠤᠭ ᠰᠠᠨᠠᠭ᠎ᠠ ᠡᠭᠦᠷᠬᠡ ᠬᠠᠷᠢᠭᠤᠴᠠᠯᠭ᠎ᠠ ᠳᠠᠭᠠᠨ ᠤᠰᠤᠯᠳᠠᠬᠤ ᠦᠭᠡᠢ ᠡᠪ ᠬᠠᠮᠳᠤ ᠨᠠᠮ ᠤᠨ ᠭᠡᠰᠢᠭᠦᠨ ᠪᠤᠯᠤᠭᠰᠠᠨ ᠢ ᠰᠤᠷᠤᠯᠴᠠᠬᠤ ᠬᠡᠷᠡᠭᠳᠠᠢ᠃
ᠬᠤᠶᠠᠷ᠂ ᠢᠤᠢ ᠬᠠᠢ ᠵᠢᠶᠦ᠋ᠨ ᠨᠦᠬᠦᠷ ᠠᠴᠠ ᠲᠠᠭᠠᠨ ᠰᠤᠷᠤᠯᠴᠠᠬᠤ ᠳᠤ᠂ ᠲᠡᠭᠦᠨ ᠤ ᠬᠠᠷᠢᠭᠤᠴᠠᠯᠭ᠎ᠠ ᠪᠠᠨ ᠰᠠᠶᠢᠳᠤᠷ ᠭᠦᠢᠴᠡᠳᠭᠡᠬᠦ᠂ ᠡᠭᠦᠷᠭᠡ ᠪᠠᠨ ᠡᠭᠦᠷᠭᠡᠯᠡᠨ ᠵᠢᠳᠭᠦᠯ ᠴᠢᠷᠮᠠᠶᠢᠯᠭ᠎ᠠ ᠭᠠᠷᠭᠠᠬᠤ ᠵᠤᠷᠢᠭ ᠰᠠᠨᠠᠭᠠᠨ ᠤ ᠳᠦᠷᠢ ᠪᠠᠶᠢᠳᠠᠯ ᠢ ᠰᠤᠷᠤᠯᠴᠠᠬᠤ ᠬᠡᠷᠡᠭᠳᠠᠢ᠃ ᠢᠤᠢ ᠬᠠᠢ ᠵᠢᠶᠦ᠋ᠨ ᠨᠦᠬᠦᠷ ᠰᠢᠷᠭᠠᠭᠤ ᠰᠤᠷᠤᠯᠴᠠᠨ ᠬᠠᠳᠠᠭᠤᠵᠢᠯᠳᠠᠢ ᠠᠵᠢᠯᠯᠠᠵᠤ᠂ ᠦᠢᠯᠡᠰ ᠢᠶᠠᠨ ᠳᠡᠭᠡᠳᠦᠯᠡᠨ ᠪᠤᠳᠠᠳᠠᠢ ᠠᠵᠢᠯᠯᠠᠵᠤ᠂ ᠴᠠᠭ ᠦᠶ᠎ᠠ ᠲᠠᠢ ᠵᠡᠷᠭᠡ ᠪᠠᠷ ᠤᠷᠤᠭᠰᠢᠯᠠᠨ ᠵᠤᠷᠢᠭᠳᠠᠢ ᠪᠠᠷ ᠰᠢᠨ᠎ᠠ ᠶᠢ ᠡᠭᠦᠳᠴᠤ᠂ ᠬᠦᠴᠢᠷ ᠢ ᠲᠤᠭᠤᠯᠤᠨ ᠪᠡᠷᠬᠡ ᠶᠢ ᠳᠠᠪᠠᠵᠤ᠂ ᠰᠤᠳᠤᠨ ᠰᠢᠯᠢᠳᠡᠭ ᠢ ᠬᠦᠭᠡᠭᠡᠴᠡᠯᠳᠦᠵᠤ᠂ ᠤᠢ ᠰᠢᠭᠤᠢ ᠶᠢᠨ ᠰᠢᠰᠲ᠋ᠧᠮ ᠤᠨ ᠨᠡᠷᠡᠳᠤ ᠮᠡᠷᠭᠡᠵᠢᠯᠳᠡᠨ᠂ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢ ᠦᠢᠯᠡᠳᠦᠯᠭᠡᠵᠢᠭᠦᠯᠦᠭᠰᠡᠨ ᠦᠯᠢᠭᠡᠷ ᠵᠢᠱᠢᠶ᠎ᠠ ᠪᠤᠯᠵᠠᠢ᠃ ᠤᠢ ᠰᠢᠭᠤᠢ ᠶᠢᠨ ᠡᠬᠢ ᠪᠠᠶᠠᠯᠢᠭ ᠢ ᠪᠠᠶᠢᠴᠠᠭᠠᠨ ᠲᠦᠯᠦᠪᠵᠢᠭᠦᠯᠬᠦ᠂ ᠠᠮᠢ ᠠᠬᠤᠢ ᠤᠷᠴᠢᠨ ᠲᠤᠭᠤᠷᠢᠨ ᠢ ᠬᠠᠮᠠᠭᠠᠯᠠᠨ ᠪᠠᠶᠢᠭᠤᠯᠬᠤ᠂ ᠤᠯᠤᠰ ᠤᠨ ᠦᠮᠴᠢᠯᠡᠯ ᠤᠨ ᠰᠢᠭᠤᠢᠢᠳᠤ ᠤᠷᠤᠨ ᠢ ᠦᠭᠡᠷᠡᠴᠢᠯᠡᠨ ᠬᠡᠯᠪᠡᠷᠢ ᠶᠢ ᠨᠢ ᠬᠤᠪᠢᠷᠠᠭᠤᠯᠬᠤ᠂ ᠤᠢ ᠰᠢᠭᠤᠢ ᠶᠢᠨ ᠠᠵᠤ ᠠᠬᠤᠢᠢᠯᠠᠯ ᠤᠨ ᠡᠵᠡᠩᠨᠡᠯᠳᠡ ᠬᠠᠮᠢᠶᠠᠷᠤᠯᠳᠠ᠂ ᠤᠢ ᠰᠢᠭᠤᠢ ᠶᠢᠨ ᠡᠬᠢ ᠪᠠᠶᠠᠯᠢᠭ ᠤᠨ ᠨᠡᠭᠦᠷᠡᠰᠦᠳᠦ᠋ᠷᠦᠭᠴᠢ ᠰᠢᠩᠭᠡᠭᠡᠬᠦ ᠠᠷᠠᠯᠵᠢᠶ᠎ᠠ ᠵᠡᠷᠭᠡ ᠴᠢᠬᠤᠯᠠ ᠶᠡᠭᠡ ᠲᠦᠷᠦᠯ ᠵᠦᠢᠯ ᠳᠤᠮᠳᠠ᠂ ᠲᠡᠷᠡ ᠲᠤᠬᠠᠢᠢᠯᠠᠭᠰᠠᠨ ᠠᠵᠢᠯ ᠳᠠᠭᠠᠨ ᠰᠠᠭᠤᠷᠢᠯᠠᠵᠤ᠂ ᠪᠤᠳᠠᠳᠠᠢ ᠠᠵᠢᠯ ᠬᠢᠵᠤ᠂ ᠰᠠᠨᠠᠭᠠᠴᠢᠯᠠᠭ᠎ᠠ ᠠᠴᠠ ᠪᠠᠨ ᠡᠭᠦᠷᠭᠡ ᠡᠭᠦᠷᠭᠡᠯᠡᠨ᠂ ᠪᠦᠬᠦ ᠬᠦᠴᠦ ᠪᠠᠷ ᠢᠶᠠᠨ ᠬᠠᠷᠢᠭᠤᠴᠠᠯᠭ᠎ᠠ ᠪᠠᠨ ᠭᠦᠢᠴᠡᠳᠭᠡᠵᠤ᠂ ᠤᠳᠤ ᠦᠶ᠎ᠠ ᠶᠢᠨ ᠤᠢ ᠰᠢᠭᠤᠢ ᠶᠢ ᠬᠦᠭᠵᠢᠭᠦᠯᠬᠦ᠂ ᠦᠵᠡᠰᠭᠦᠯᠡᠩᠳᠤ ᠰᠠᠶᠢᠬᠠᠨ ᠰᠢᠭᠤᠢᠢᠳᠤ ᠤᠷᠤᠨ ᠢ ᠪᠦᠲᠦᠭᠡᠨ ᠪᠠᠶᠢᠭᠤᠯᠬᠤ ᠪᠠᠷ ᠭᠠᠪᠰᠢᠭᠠᠢᠢᠯᠠᠨ ᠴᠢᠷᠮᠠᠶᠢᠵᠠᠢ᠃ ᠲᠡᠷᠡ ᠰᠢᠨᠵᠢᠯᠡᠬᠦ ᠤᠬᠠᠭᠠᠨ ᠤ ᠰᠤᠳᠤᠯᠭᠠᠨ ᠤ ᠪᠦᠯᠬᠦᠮ ᠳᠠᠭᠠᠭᠤᠯᠤᠨ ᠨᠡᠶᠢᠳᠡ 100 ᠰᠢᠬᠠᠮ ᠴᠢᠬᠤᠯᠠ ᠶᠡᠭᠡ ᠤᠢ ᠰᠢᠭᠤᠢ ᠶᠢᠨ ᠢᠨᠵᠧᠨᠧᠷᠢᠩ ᠢ ᠪᠡᠶᠡᠯᠡᠭᠦᠯᠵᠤ᠂ 4 ᠵᠦᠢᠯ ᠤᠨ ᠤᠯᠤᠰ ᠤᠨ ᠤᠢ ᠰᠢᠭᠤᠢ ᠶᠢᠨ ᠢᠨᠵᠧᠨᠧᠷᠢᠩ ᠤᠨ ᠪᠠᠷᠢᠮᠵᠢᠶ᠎ᠠ ᠶᠢ ᠨᠠᠶᠢᠷᠠᠭᠤᠯᠤᠨ ᠲᠤᠭᠳᠠᠭᠠᠬᠤ ᠳᠤ ᠤᠷᠤᠯᠴᠠᠵᠤ᠂ 10 ᠰᠢᠬᠠᠮ ᠰᠢᠨᠵᠢᠯᠡᠬᠦ ᠤᠬᠠᠭᠠᠨ ᠤ ᠰᠤᠳᠤᠯᠭᠠᠨ ᠤ ᠰᠡᠳᠦᠪ ᠢ ᠪᠡᠶᠡᠯᠡᠭᠦᠯᠵᠤ᠂ 20 ᠰᠢᠬᠠᠮ ᠡᠷᠳᠡᠮ ᠰᠢᠨᠵᠢᠯᠡᠭᠡᠨ ᠤ ᠦᠭᠦᠯᠡᠯ ᠢ ᠲᠤᠭᠤᠷᠪᠢᠨ ᠪᠢᠴᠢᠵᠤ᠂ ᠢᠮᠠᠭᠳᠠ ᠡᠭᠦᠷᠭᠡ ᠬᠠᠷᠢᠭᠤᠴᠠᠯᠭ᠎ᠠ ᠪᠠᠨ ᠪᠦᠬᠦ ᠬᠦᠴᠦ ᠪᠠᠷ ᠢᠶᠠᠨ ᠪᠡᠶᠡᠯᠡᠭᠦᠯᠵᠤ᠂ ᠪᠤᠳᠠᠳᠠᠢ ᠬᠦᠳᠡᠯᠮᠦᠷᠢ ᠪᠠᠷ ᠢᠶᠠᠨ ᠪᠤᠳᠠᠳᠠᠢ ᠠᠮᠵᠢᠯᠳᠠ ᠭᠠᠷᠭᠠᠵᠤ᠂ 《ᠬᠦᠬᠡᠮᠳᠦᠭ ᠨᠤᠭᠤᠭᠠᠨ ᠠᠭᠤᠯᠠ ᠤᠰᠤ ᠪᠤᠯ ᠲᠠᠷᠤᠢ ᠠᠯᠳᠠᠨ ᠮᠦᠩᠭᠦᠨ ᠠᠭᠤᠯᠠ ᠪᠤᠯᠬᠤ》 ᠤᠢᠢᠯᠠᠭᠠᠭᠳᠠᠬᠤᠨ ᠢ ᠤᠢ ᠰᠢᠭᠤᠢ ᠶᠢᠨ ᠦᠭᠡᠷᠡᠴᠢᠯᠡᠯᠳᠡ᠂ ᠰᠢᠭᠤᠢᠢᠳᠤ ᠤᠷᠤᠨ ᠤ ᠬᠦᠭᠵᠢᠯᠳᠡ ᠶᠢ ᠠᠬᠢᠭᠤᠯᠬᠤ ᠪᠤᠳᠠᠳᠠᠢ ᠠᠵᠢᠯᠯᠠᠭ᠎ᠠ ᠪᠤᠯᠭᠠᠵᠤ᠂ ᠡᠬᠡ ᠤᠯᠤᠰ ᠤᠨ ᠤᠮᠠᠷᠠᠳᠤ ᠶᠢᠨ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠠᠳᠤ ᠴᠤᠭᠴᠠᠯᠠᠬᠤ ᠳᠤ ᠳᠤᠪᠤᠶᠢᠮ᠎ᠠ ᠬᠤᠪᠢ ᠨᠡᠮᠡᠷᠢ ᠦᠵᠡᠭᠦᠯᠪᠡ᠃ ᠪᠦᠬᠦ ᠤᠷᠤᠨ ᠤ ᠡᠯ᠎ᠠ ᠱᠠᠳᠤᠨ ᠤ ᠨᠠᠮ ᠤᠨ ᠵᠤᠬᠢᠶᠠᠨ ᠪᠠᠶᠢᠭᠤᠯᠤᠯᠳᠠ ᠪᠤᠯᠤᠨ ᠦᠷᠬᠡᠨ ᠤᠯᠠᠨ ᠨᠠᠮ ᠬᠡᠰᠢᠬᠦᠨ ᠺᠠᠳ᠋ᠷᠴᠤᠳ ᠡᠷᠬᠡᠪᠰᠢ ᠢᠤᠢ ᠬᠠᠢ ᠵᠢᠶᠦ᠋ᠨ ᠨᠦᠬᠦᠷ ᠠᠴᠠ ᠰᠤᠷᠤᠯᠴᠠᠵᠦ᠂ ᠳᠡᠬᠦᠨ ᠤ ᠳᠤᠰᠢᠶᠠᠯ ᠬᠠᠷᠢᠭᠤᠴᠠᠯᠭ᠎ᠠ ᠪᠠᠨ ᠬᠢᠨᠠᠮᠠᠭᠠᠢ ᠬᠦᠢᠴᠡᠳᠬᠡᠵᠦ᠂ ᠬᠠᠷᠢᠭᠤᠴᠠᠯᠭ᠎ᠠ ᠡᠬᠦᠷᠭᠡᠯᠡᠨ ᠵᠢᠳᠬᠦᠯ ᠴᠢᠷᠮᠠᠶᠢᠯᠭ᠎ᠠ ᠭᠠᠷᠭᠠᠵᠦ᠂ ᠬᠠᠮᠤᠬ ᠤᠨ ᠬᠦᠨᠳᠦ ᠡᠬᠦᠷᠬᠡ ᠶᠢ ᠵᠤᠷᠢᠬᠳᠠᠢ ᠡᠬᠦᠷᠬᠡᠯᠡᠵᠦ᠂ ᠬᠠᠮᠤᠬ ᠤᠨ ᠬᠠᠳᠠᠭᠤ ᠠᠵᠢᠯ ᠢ ᠵᠤᠷᠢᠬᠳᠠᠢ ᠬᠢᠵᠦ᠂ ᠢᠮᠠᠬᠳᠠ ᠵᠤᠷᠢᠬ ᠢᠶᠠᠨ ᠬᠦᠪᠴᠢᠯᠡᠨ ᠵᠢᠳᠬᠦᠯ ᠴᠢᠷᠮᠠᠶᠢᠯᠭ᠎ᠠ ᠭᠠᠷᠭᠠᠵᠦ᠂ ᠠᠵᠢᠯ ᠬᠢᠵᠦ ᠦᠢᠯᠡᠰ ᠪᠦᠳᠦᠬᠡᠬᠦ ᠴᠤᠬ ᠪᠠᠳᠠᠷᠠᠩᠭᠤᠢ ᠳᠡᠮᠡᠴᠡᠯ ᠢ ᠪᠠᠳᠤᠯᠠᠵᠦ᠂ ᠢᠮᠠᠬᠳᠠ ᠦᠨᠡᠨ ᠢ ᠡᠷᠢᠯᠬᠢᠯᠡᠨ ᠪᠤᠳᠠᠳᠠᠢ ᠶᠢ ᠡᠷᠬᠢᠮᠯᠡᠵᠦ᠂ ᠦᠨᠡᠨ ᠬᠦ ᠠᠳᠬᠤᠵᠦ ᠪᠤᠳᠠᠳᠠᠢ ᠬᠢᠬᠦ ᠰᠠᠶᠢᠨ ᠰᠠᠶᠢᠬᠠᠨ ᠬᠡᠪ ᠰᠤᠷᠳᠠᠯ ᠢ ᠬᠠᠳᠠᠭᠠᠯᠠᠵᠦ᠂ ᠴᠢᠨᠠᠷ ᠰᠠᠶᠢᠳᠠᠢ ᠬᠦᠭᠵᠢᠯᠳᠡ ᠶᠢ ᠠᠬᠢᠭᠤᠯᠬᠤ ᠳᠤ ᠵᠤᠷᠢᠬᠳᠠᠢ ᠪᠠᠷ ᠳᠦᠷᠦᠬᠦᠴᠢ ᠭᠠᠯᠠᠭᠤ ᠪᠤᠯᠵᠦ᠂ ᠵᠤᠷᠢᠬᠳᠡᠢ ᠪᠠᠷ ᠬᠤᠰᠢᠭᠤᠴᠢ ᠳᠠᠭᠠᠭᠤᠯᠤᠬᠴᠢ ᠪᠤᠯᠵᠦ᠂ ᠨᠠᠮ ᠪᠤᠯᠤᠨ ᠠᠷᠠᠳ ᠳᠦᠮᠡᠨ ᠳᠡᠭᠡᠨ ᠤᠰᠤᠯᠳᠠᠯ ᠦᠬᠡᠢ ᠪᠠᠷ ᠴᠠᠬ ᠦᠶ᠎ᠠ ᠶᠢᠨ ᠭᠠᠪᠢᠶ᠎ᠠ ᠵᠢᠳᠬᠦᠯ ᠢ ᠴᠢᠷᠮᠠᠶᠢᠨ ᠡᠬᠦᠳᠳᠡᠭ ᠠᠵᠢᠯ ᠤᠨ ᠤᠪᠤᠷ ᠠᠴᠠ ᠨᠢ ᠲᠠᠭᠠᠨ ᠰᠤᠷᠤᠯᠴᠠᠬᠤ ᠬᠡᠷᠡᠭᠳᠡᠢ᠃
ᠭᠤᠷᠪᠠ ᠳᠤ᠂ ᠢᠤᠢ ᠬᠠᠢ ᠵᠢᠶᠦ᠋ᠨ ᠨᠦᠬᠦᠷ ᠠᠴᠠ ᠰᠤᠷᠤᠯᠴᠠᠬᠤ ᠳᠤ ᠡᠷᠬᠡᠪᠰᠢ ᠳᠡᠬᠦᠨ ᠤ ᠳᠤᠷᠠᠳᠠᠶ᠎ᠠ ᠬᠤᠪᠢ ᠨᠠᠮᠠᠷᠢ ᠦᠵᠡᠬᠦᠯᠬᠦ᠂ ᠵᠤᠷᠢᠬᠳᠠᠢ ᠪᠠᠷ ᠦᠷᠡᠭᠳᠡᠬᠦ ᠡᠷᠬᠢᠮ ᠳᠡᠬᠡᠳᠦ ᠵᠠᠩ ᠰᠤᠷᠳᠠᠯ ᠢ ᠨᠢ ᠰᠤᠷᠤᠯᠴᠠᠬᠤ ᠬᠡᠷᠡᠭᠳᠡᠢ᠃ ᠢᠤᠢ ᠬᠠᠢ ᠵᠢᠶᠦ᠋ᠨ ᠨᠦᠬᠦᠷ 32 ᠵᠢᠯ ᠢ ᠨᠢᠬᠡ ᠡᠳᠦᠷ ᠮᠡᠳᠦ ᠦᠩᠬᠡᠷᠡᠬᠡᠵᠦ᠂ ᠤᠯᠤᠰ ᠤᠷᠤᠨ ᠤ ᠪᠠᠨ ᠲᠦᠯᠦᠭᠡ ᠠᠷᠤ ᠭᠡᠷ᠂ ᠠᠪᠤ ᠡᠵᠢ ᠠᠬᠠᠮᠠᠳ ᠨᠠᠰᠤᠳᠠᠨ ᠢᠶᠠᠨ ᠠᠴᠢᠯᠠᠨ ᠰᠤᠪᠢᠯᠠᠬᠤ ᠶᠢ ᠳᠠᠶᠠᠬᠳᠠᠨ᠂ ᠪᠦᠬᠦ ᠰᠡᠳᠬᠢᠯ ᠪᠦᠬᠦ ᠵᠤᠷᠢᠬ ᠢᠶᠠᠨ ᠤᠢ ᠰᠢᠭᠤᠢ ᠶᠢᠨ ᠦᠢᠯᠡᠰ ᠲᠤ ᠵᠤᠷᠢᠭᠤᠯᠵᠦ᠂ ᠠᠮᠢ ᠨᠠᠰᠤᠨ ᠤ ᠪᠠᠨ ᠬᠠᠮᠤᠬ ᠰᠡᠬᠦᠯᠴᠢ ᠶᠢᠨ ᠨᠢᠬᠡ ᠮᠦᠴᠡ ᠬᠦᠷᠳᠡᠯ᠎ᠠ ᠪᠠᠨ ᠡᠷᠡᠮᠡᠬᠡᠶᠢᠯᠡᠨ ᠳᠡᠮᠡᠴᠡᠵᠡᠢ᠃ ᠳᠡᠷᠡ ᠤᠢ ᠰᠢᠭᠤᠢ ᠶᠢᠨ ᠡᠬᠢ ᠪᠠᠶᠠᠯᠢᠬ ᠶᠢ ᠠᠮᠢ ᠨᠠᠰᠤ ᠪᠠᠨ ᠮᠡᠳᠦ ᠨᠨᠨᠳᠢᠩᠨᠡᠨ᠂ ᠤᠢ ᠰᠢᠭᠤᠢ ᠶᠢᠨ ᠳᠦᠢᠮᠡᠷ ᠭᠠᠷᠬᠤ ᠪᠦᠷᠢ ᠳᠤ ᠰᠠᠨᠠᠭᠠᠴᠢᠯᠠᠭ᠎ᠠ ᠠᠴᠠ ᠪᠠᠨ ᠭᠤᠶᠤᠴᠢᠯᠠᠨ ᠳᠦᠢᠮᠡᠷ ᠤᠨᠳᠠᠷᠠᠭᠠᠬᠤ ᠡᠮᠤᠨ᠎ᠠ ᠹᠷᠤᠨᠲ ᠲᠤ ᠭᠠᠪᠰᠢᠭᠠᠢᠢᠯᠠᠨ ᠪᠠᠶᠢᠯᠳᠤᠵᠦ᠂ ᠵᠢᠭᠠᠨ ᠵᠢᠯᠤᠭᠤᠳᠤᠬᠴᠢ ᠪᠤᠯᠬᠤ ᠶᠢᠨ ᠬᠠᠮᠳᠤ᠂ ᠪᠠᠰᠠ ᠳᠠᠶᠢᠴᠢᠨ ᠪᠠᠶᠢᠯᠳᠤᠬᠴᠢ ᠪᠤᠯᠵᠦ ᠶᠠᠪᠤᠳᠠᠬ᠃ ᠬᠡᠬᠡᠨ ᠭᠤᠤᠯ ᠤᠨ ᠤᠢ ᠰᠢᠭᠤᠢ ᠶᠢᠨ ᠳᠤᠪᠴᠢᠶᠠᠨ ᠳᠤ ᠠᠵᠢᠯᠯᠠᠬᠰᠠᠨ 8 ᠵᠢᠯ ᠭᠠᠷᠤᠢ ᠶᠢᠨ ᠬᠤᠭᠤᠴᠠᠭᠠᠨ ᠳᠤ᠂ ᠳᠡᠷᠡ 12 ᠤᠳᠠᠭ᠎ᠠ ᠪᠠᠶ᠎ᠠ ᠪᠠᠷ ᠢᠶᠠᠨ ᠠᠩᠬᠢ ᠳᠠᠭᠠᠭᠤᠯᠤᠨ ᠲᠦᠢᠮᠠᠷ ᠤᠨᠳᠠᠷᠠᠭᠠᠬᠤ ᠡᠮᠤᠨ᠎ᠠ ᠹᠷᠤᠨᠲ ᠲᠤ ᠪᠠᠶᠢᠯᠳᠤᠵᠦ ᠶᠠᠪᠤᠬᠰᠠᠨ ᠶᠤᠮ᠃ ᠳᠡᠷᠡ ᠶᠡᠷᠦ ᠶᠢᠨ ᠦᠶ᠎ᠡ ᠳᠤ ᠠᠵᠢᠬᠯᠠᠨ ᠮᠡᠳᠡᠵᠦ᠂ ᠵᠠᠩᠬᠢᠯᠠᠭ᠎ᠠ ᠶᠢᠨ ᠦᠶ᠎ᠠ ᠳᠤ ᠪᠤᠰᠴᠤ ᠵᠤᠬᠰᠤᠨ᠂ ᠠᠶᠤᠯ ᠳᠦᠭᠰᠢᠬᠦᠷᠢ ᠲᠠᠢ ᠦᠶ᠎ᠠ ᠳᠤ ᠠᠮᠢ ᠪᠠᠨ ᠴᠦᠯᠡᠵᠦ᠂ ᠤᠯᠤᠰ ᠤᠨ ᠤᠢ ᠰᠢᠭᠤᠢ ᠶᠢᠨ ᠡᠬᠢ ᠪᠠᠶᠠᠯᠢᠬ ᠤᠨ ᠳᠦᠯᠦᠬᠡ ᠪᠠᠭᠠᠳᠤᠷᠯᠢᠬ ᠢᠶᠠᠷ ᠪᠠᠶ᠎ᠠ ᠦᠷᠡᠭᠳᠡᠵᠦ᠂ ᠦᠷᠬᠡᠨ ᠤᠯᠠᠨ ᠨᠠᠮ ᠤᠨ ᠬᠡᠰᠢᠬᠦᠨ ᠺᠠᠳ᠋ᠷᠴᠤᠳ ᠲᠤ ᠡᠬᠡᠯ ᠵᠢᠷ ᠤᠨ ᠪᠦᠬᠡᠳ ᠠᠭᠤᠤ ᠶᠡᠭᠡ ᠰᠤᠷᠤᠯᠴᠠᠬᠤ ᠬᠡᠪ ᠳᠠᠭᠤᠷᠢᠶᠠᠯ ᠢ ᠪᠤᠢ ᠪᠤᠯᠭᠠᠵᠠᠢ᠃ ᠪᠦᠬᠦ ᠤᠷᠤᠨ ᠤ ᠡᠯ᠎ᠠ ᠱᠠᠳᠤᠨ ᠤ ᠨᠠᠮ ᠤᠨ ᠵᠤᠬᠢᠶᠠᠨ ᠪᠠᠶᠢᠭᠤᠯᠤᠯᠳᠠ ᠪᠤᠯᠤᠨ ᠦᠷᠬᠡᠨ ᠤᠯᠠᠨ ᠨᠠᠮ ᠤᠨ ᠬᠡᠰᠢᠬᠦᠨ ᠺᠠᠳ᠋ᠷᠴᠤᠳ ᠡᠷᠬᠡᠪᠰᠢ ᠢᠤᠢ ᠬᠠᠢ ᠵᠢᠶᠦ᠋ᠨ ᠨᠦᠬᠦᠷ ᠠᠴᠠ ᠲᠠᠭᠠᠨ ᠰᠤᠷᠤᠯᠴᠠᠵᠦ᠂ ᠳᠡᠬᠦᠨ ᠤ ᠡᠬᠡ ᠤᠯᠤᠰ ᠤᠨ ᠬᠠᠮᠤᠬ ᠤᠨ ᠬᠡᠷᠡᠭᠴᠡᠭᠡ ᠲᠠᠢ ᠭᠠᠵᠠᠷ ᠲᠤ ᠬᠠᠳᠠᠭᠤᠵᠢᠯᠳᠡᠢ ᠪᠠᠷ ᠳᠡᠮᠡᠴᠡᠵᠦ᠂ ᠭᠠᠪᠢᠶ᠎ᠠ ᠵᠢᠳᠬᠦᠯ ᠪᠠᠶᠢᠭᠤᠯᠤᠨ᠂ ᠵᠠᠩᠬᠢᠯᠠᠭ᠎ᠠ ᠶᠢᠨ ᠦᠶ᠎ᠠ ᠪᠤᠯᠤᠨ ᠠᠶᠤᠯ ᠳᠦᠭᠰᠢᠬᠦᠷᠢ ᠲᠠᠢ ᠦᠶ᠎ᠠ ᠳᠤ ᠠᠮᠢ ᠪᠠᠨ ᠴᠦᠯᠡᠵᠦ᠂ ᠨᠢᠬᠡ ᠠᠵᠢᠯ ᠳᠦᠷᠦᠯ ᠢ ᠬᠢᠪᠡᠯ ᠨᠢᠬᠡ ᠠᠵᠢᠯ ᠳᠦᠷᠦᠯ ᠶᠢ ᠬᠠᠶᠢᠷᠠᠯᠠᠨ᠂ ᠨᠢᠬᠡ ᠠᠵᠢᠯ ᠳᠦᠷᠦᠯ ᠳᠤ ᠰᠢᠮᠳᠠᠪᠠᠯ ᠨᠢᠬᠡ ᠠᠵᠢᠯ ᠳᠦᠷᠤᠯ ᠳᠤ ᠮᠡᠷᠬᠡᠰᠢᠵᠦ᠂ ᠡᠬᠡᠯ ᠵᠢᠷ ᠤᠨ ᠠᠵᠢᠯ ᠤᠨ ᠪᠠᠶᠢᠷᠢᠨ ᠳᠠᠭᠠᠨ ᠶᠡᠷᠦ ᠪᠤᠰᠤ ᠶᠢᠨ ᠭᠠᠪᠢᠶ᠎ᠠ ᠵᠢᠳᠬᠦᠯ ᠭᠠᠷᠭᠠᠵᠦ᠂ ᠶᠡᠷᠦ ᠪᠤᠰᠤ ᠶᠢᠨ ᠠᠮᠢᠳᠤᠷᠠᠯ ᠤᠨ ᠢᠷᠠᠭᠤ ᠳᠤᠤᠯᠢᠰ ᠢ ᠪᠢᠴᠢᠭᠯᠡᠵᠦ᠂ ᠠᠮᠢ ᠪᠠᠨ ᠴᠦᠯᠡᠨ ᠪᠤᠳᠠᠳᠠᠢ ᠠᠵᠢᠯᠯᠠᠬᠤ᠂ ᠠᠵᠢᠯ ᠦᠢᠯᠡᠰ ᠢᠶᠠᠨ ᠬᠦᠨᠳᠤᠳᠬᠡᠨ ᠬᠤᠪᠢ ᠨᠠᠮᠠᠷᠢ ᠦᠵᠡᠬᠦᠯᠬᠦ ᠰᠢᠨ᠎ᠠ ᠴᠠᠬ ᠦᠶ᠎ᠠ ᠶᠢᠨ ᠡᠷᠡᠮᠡᠬᠡᠶᠢᠯᠡᠨ ᠳᠡᠮᠡᠴᠡᠭᠴᠢ ᠪᠤᠯᠤᠬᠰᠠᠨ ᠢ ᠨᠢ ᠰᠤᠷᠤᠯᠴᠠᠬᠤ ᠬᠡᠷᠡᠭᠳᠡᠢ᠃
ᠳᠦᠷᠪᠡ᠂ ᠢᠤᠢ ᠬᠠᠢ ᠵᠢᠶᠦ᠋ᠨ ᠨᠦᠬᠦᠷ ᠠᠴᠠ ᠲᠠᠭᠠᠨ ᠰᠤᠷᠤᠯᠴᠠᠬᠤ ᠳᠤ ᠲᠡᠭᠦᠨ ᠤ ᠰᠢᠯᠤᠭᠤᠨ ᠰᠢᠳᠤᠷᠭᠤ ᠡᠭᠡᠯ ᠪᠤᠷᠤᠬᠵᠢᠭᠤᠨ᠂ ᠬᠤᠪᠢ ᠶᠢᠨ ᠠᠰᠢᠬ ᠢᠶᠠᠨ ᠲᠡᠪᠴᠢᠵᠦ ᠨᠡᠶᠢᠲᠡ ᠶᠢᠨ ᠲᠦᠯᠦᠭᠡ ᠵᠢᠳᠬᠦᠬᠦ ᠡᠷᠬᠢᠮ ᠳᠡᠭᠡᠳᠦ ᠵᠠᠩ ᠰᠤᠷᠳᠠᠯ ᠠᠴᠠ ᠨᠢ ᠲᠠᠭᠠᠨ ᠰᠤᠷᠤᠯᠴᠠᠬᠤ ᠬᠡᠷᠡᠭᠲᠡᠢ᠃ ᠬᠦᠳᠡᠭᠡ ᠲᠤᠰᠬᠤᠨ ᠳᠤ ᠲᠦᠷᠦᠵᠦ᠂ ᠤᠢᠢᠲᠤ ᠤᠷᠤᠨ ᠳᠤ ᠦᠰᠦᠨ ᠪᠤᠶᠢᠵᠢᠬᠰᠠᠨ ᠢᠤᠢ ᠬᠠᠢ ᠵᠢᠶᠦ᠋ᠨ ᠨᠦᠬᠦᠷ ᠨᠠᠰᠤᠨ ᠲᠤᠷᠰᠢᠳᠠ ᠬᠦᠯᠢᠴᠡᠩᠭᠦᠢ ᠪᠤᠷᠤᠬᠵᠢᠭᠤᠨ᠂ ᠴᠢᠷᠮᠠᠶᠢᠨ ᠵᠤᠷᠢᠭᠤᠯᠵᠤ᠂ ᠵᠤᠪᠠᠭᠤᠷᠢ ᠵᠦᠳᠡᠭᠦᠷᠢ ᠶᠢ ᠬᠦᠯᠢᠴᠡᠨ ᠲᠡᠰᠪᠦᠷᠢᠯᠡᠵᠦ᠂ ᠶᠠᠳᠠᠷᠠᠨ ᠵᠦᠳᠡᠷᠡᠵᠦ ᠪᠠᠶᠢᠬᠰᠠᠨ ᠴᠤ ᠠᠵᠢᠯ ᠢᠶᠠᠨ ᠦᠷᠢᠳᠦᠬᠦᠯᠬᠦ ᠦᠭᠡᠢ ᠪᠠᠶᠢᠬᠤ ᠶᠢ ᠨᠠᠰᠤᠨ ᠲᠤᠷᠰᠢᠳᠠ ᠶᠢᠨ ᠪᠠᠷᠢᠮᠲᠠᠯᠠᠬᠤ ᠵᠠᠷᠴᠢᠮ ᠪᠤᠯᠭᠠᠵᠤ᠂ ᠠᠮᠠᠷᠠᠯᠲᠠ ᠶᠢᠨ ᠡᠳᠦᠷ ᠪᠦᠷᠢ ᠶᠢ ᠠᠵᠢᠯᠯᠠᠬᠤ ᠡᠳᠦᠷ ᠪᠤᠯᠭᠠᠵᠤ᠂ ᠠᠵᠢᠯ ᠦᠢᠯᠡᠰ ᠤᠨ ᠢᠶᠠᠨ ᠲᠦᠯᠦᠭᠡ ᠯᠤᠲᠤ ᠶᠡᠭᠡ ᠦᠷᠡᠭᠳᠡᠯ ᠭᠠᠷᠭᠠᠪᠠ᠃ ᠲᠡᠷᠡ ᠤᠬᠠᠮᠰᠠᠷ ᠠᠴᠠ ᠪᠠᠨ ᠦᠵᠡᠯ ᠰᠠᠨᠠᠭ᠎ᠠ ᠶᠤᠰᠤ ᠰᠤᠷᠲᠠᠬᠤᠨ ᠤ ᠬᠤᠷᠢᠭ᠎ᠠ ᠱᠤᠭᠤᠮ ᠢ ᠡᠷᠡᠰ ᠰᠠᠬᠢᠵᠤ᠂ ᠠᠷᠢᠭᠤᠨ ᠴᠢᠭᠡᠴᠢ ᠪᠠᠷ ᠦᠪᠡᠷ ᠢ ᠪᠠᠨ ᠱᠠᠭᠠᠷᠳᠠᠬᠤ ᠰᠡᠷᠭᠡᠶᠢᠯᠡᠯᠲᠡ ᠶᠢᠨ ᠱᠤᠭᠤᠮ ᠢ ᠪᠠᠲᠤ ᠪᠤᠢ ᠪᠤᠯᠭᠠᠵᠤ᠂ ᠰᠠᠶᠢᠨ ᠰᠠᠨᠠᠭᠠᠲᠠᠢ᠂ ᠠᠵᠢᠯ ᠶᠠᠪᠤᠳᠠᠯ ᠰᠢᠢᠳᠪᠦᠷᠢᠯᠡᠬᠦ ᠳᠡᠭᠡᠨ ᠭᠤᠤᠯᠴᠢ᠂ ᠠᠰᠪᠤᠷ ᠰᠢᠯᠤᠭᠤᠨ᠂ ᠤᠢᠢᠲᠤ ᠤᠷᠤᠨ ᠤ ᠺᠠᠳ᠋ᠷ ᠠᠵᠢᠯᠲᠠᠨ ᠠᠵᠢᠯᠴᠢᠨ ᠤ ᠲᠤᠳᠤᠨᠤ ᠳᠠᠶᠢᠴᠢᠨ ᠨᠦᠬᠦᠷ ᠪᠤᠯᠵᠦ᠂ ᠤᠯᠠᠨ ᠲᠦᠮᠡᠨ ᠤ ᠬᠠᠶᠢᠷ᠎ᠠ ᠬᠦᠨᠳᠦᠳᠬᠡᠯ ᠢ ᠤᠯᠵᠠᠢ᠃ ᠪᠦᠬᠦ ᠤᠷᠤᠨ ᠤ ᠡᠯ᠎ᠡ ᠱᠠᠲᠤᠨ ᠤ ᠨᠠᠮ ᠤᠨ ᠵᠤᠬᠢᠶᠠᠨ ᠪᠠᠶᠢᠭᠤᠯᠤᠯᠲᠠ ᠪᠤᠯᠤᠨ ᠦᠷᠭᠡᠨ ᠤᠯᠠᠨ ᠨᠠᠮ ᠤᠨ ᠭᠡᠰᠢᠭᠦᠨ ᠺᠠᠳ᠋ᠷ ᠢᠤᠢ ᠬᠠᠢ ᠵᠢᠶᠦ᠋ᠨ ᠨᠦᠬᠦᠷ ᠠᠴᠠ ᠲᠠᠭᠠᠨ ᠰᠤᠷᠤᠯᠴᠠᠵᠤ᠂ ᠲᠡᠭᠦᠨ ᠤ ᠪᠡᠶ᠎ᠡ ᠪᠠᠨ ᠴᠢᠩᠭ᠎ᠠ ᠱᠠᠭᠠᠷᠳᠠᠵᠤ᠂ ᠨᠡᠷ᠎ᠡ ᠠᠰᠢᠬ ᠲᠤ ᠰᠢᠨᠤᠯ ᠦᠭᠡᠢ᠂ ᠶᠤᠰᠤ ᠮᠤᠷᠠᠯ ᠲᠠᠢ ᠪᠦᠭᠡᠳ ᠪᠡᠶ᠎ᠡ ᠪᠠᠨ ᠬᠢᠴᠢᠶᠡᠵᠦ᠂ ᠦᠩᠭᠡᠪᠴᠢ ᠵᠦᠢᠯ ᠢ ᠪᠠᠭ᠋ᠠᠷᠬᠠᠬᠤ ᠦᠭᠡᠢ᠂ ᠨᠡᠷ᠎ᠡ ᠶᠢᠨ ᠲᠡᠳᠦᠢ ᠵᠦᠢᠯ ᠳᠤ ᠰᠢᠨᠤᠬᠤ ᠦᠭᠡᠢ᠂ ᠬᠤᠪᠢ ᠶᠢᠨ ᠠᠰᠢᠬ ᠢ ᠬᠦᠭᠡᠭᠡᠴᠡᠯᠳᠦᠬᠦ ᠦᠭᠡᠢ᠂ ᠤᠶᠤᠨ ᠰᠠᠨᠠᠭ᠎ᠠ ᠪᠠᠨ ᠲᠤᠬᠲᠠᠪᠤᠷᠢᠵᠢᠭᠤᠯᠤᠨ ᠠᠵᠢᠯ ᠢᠶᠠᠨ ᠬᠠᠮᠢᠶᠠᠷᠴᠤ᠂ ᠠᠷᠢᠭᠤᠨ ᠴᠢᠭᠡᠴᠢ ᠶᠢ ᠰᠠᠬᠢᠵᠦ ᠳᠡᠶᠢᠯᠬᠦ ᠪᠦᠭᠡᠳ ᠢᠮᠠᠬᠲᠠ ᠪᠤᠷᠤᠬᠵᠢᠭᠤᠨ ᠰᠤᠷᠲᠠᠯ᠂ ᠶᠡᠷᠦᠮᠳᠡᠭ ᠰᠡᠳᠬᠢᠯ᠂ ᠵᠤᠷᠢᠭᠤᠯᠬᠤ ᠵᠤᠷᠢᠬ ᠶᠢ ᠪᠠᠲᠤᠯᠠᠵᠤ᠂ ᠠᠷᠠᠳ ᠲᠦᠮᠡᠨ ᠤ ᠠᠯᠪᠠᠨ ᠵᠠᠷᠤᠴᠠ ᠶᠢᠨ ᠠᠷᠢᠭᠤᠨ ᠴᠢᠭᠡᠴᠢ ᠮᠦᠨ ᠴᠢᠨᠠᠷ ᠢ ᠪᠠᠲᠤᠯᠠᠵᠤ᠂ ᠡᠪ ᠬᠠᠮᠲᠤᠴᠤᠳ ᠤᠨ ᠦᠷᠲᠡᠭ ᠤᠨ ᠬᠦᠭᠡᠭᠡᠴᠡᠯᠳᠦᠯ ᠪᠠ ᠡᠷᠬᠢᠮ ᠳᠡᠭᠡᠳᠦ ᠶᠤᠰᠤ ᠰᠤᠷᠲᠠᠬᠤᠨ ᠢ ᠡᠭᠦᠷᠢᠲᠡ ᠬᠢᠴᠢᠶᠡᠩᠭᠦ᠋ᠢᠯᠡᠨ ᠵᠢᠷᠤᠮᠯᠠᠬᠤ ᠬᠡᠷᠡᠭᠲᠡᠢ᠃
ᠤᠳᠤᠬᠠᠨ ᠳᠤ᠂ ᠦᠪᠡᠷᠲᠡᠭᠡᠨ ᠵᠠᠰᠠᠬᠤ ᠤᠷᠤᠨ ᠶᠠᠬ ᠰᠢ ᠶᠢᠨ ᠫᠢᠩ ᠤᠨ ᠰᠢᠨ᠎ᠡ ᠴᠠᠬ ᠦᠶ᠎ᠡ ᠶᠢᠨ ᠳᠤᠮᠳᠠᠳᠤ ᠤᠯᠤᠰ ᠤᠨ ᠤᠨᠴᠠᠯᠢᠬ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠪᠠ ᠨᠠᠮ ᠤᠨ ᠠᠷᠪᠠ ᠶᠢᠰᠦᠳᠦᠭᠡᠷ ᠬᠤᠭᠤᠴᠠᠭᠠᠨ ᠤ ᠲᠦᠪ ᠬᠤᠷᠢᠶᠠᠨ ᠤ ᠬᠤᠶᠠᠳᠤᠭᠠᠷ ᠪᠦᠭᠦᠳᠡ ᠬᠤᠷᠠᠯ᠂ ᠭᠤᠷᠪᠠᠳᠤᠭᠠᠷ ᠪᠦᠭᠦᠳᠡ ᠬᠤᠷᠠᠯ ᠤᠨ ᠵᠤᠷᠢᠬ ᠰᠠᠨᠠᠭ᠎ᠠ ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠶᠡᠷᠦᠩᠬᠡᠢ ᠱᠦᠵᠢ ᠰᠢ ᠶᠢᠨ ᠫᠢᠩ ᠤᠨ ᠦᠪᠦᠷ ᠮᠤᠩᠭᠤᠯ ᠤᠨ ᠲᠤᠬᠠᠢ ᠴᠢᠬᠤᠯᠠ ᠶᠠᠷᠢᠶ᠎ᠠ ᠴᠢᠬᠤᠯᠠ ᠵᠢᠭᠠᠪᠤᠷᠢ ᠴᠤᠬᠤᠯᠠᠪᠤᠷᠢ ᠶᠢᠨ ᠵᠤᠷᠢᠬ ᠰᠠᠨᠠᠭ᠎ᠠ ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠦᠪᠦᠷ ᠮᠤᠩᠭᠤᠯ ᠤᠨ ᠴᠢᠨᠠᠷ ᠰᠠᠶᠢᠲᠠᠢ ᠬᠦᠭᠵᠢᠯᠲᠡ ᠶᠢᠨ ᠰᠢᠨ᠎ᠡ ᠬᠠᠭᠤᠳᠠᠰᠤ ᠶᠢ ᠬᠦᠴᠦᠯᠡᠨ ᠪᠢᠴᠢᠭᠯᠡᠬᠦ ᠵᠠᠩᠬᠢᠯᠠᠭ᠎ᠠ ᠶᠢᠨ ᠴᠠᠬ ᠲᠤ ᠪᠤᠢ᠃ ᠪᠦᠬᠦ ᠤᠷᠤᠨ ᠤ ᠡᠯ᠎ᠡ ᠱᠠᠲᠤᠨ ᠤ ᠨᠠᠮ ᠤᠨ ᠵᠤᠬᠢᠶᠠᠨ ᠪᠠᠶᠢᠭᠤᠯᠤᠯᠲᠠ ᠲᠤᠰ ᠭᠠᠵᠠᠷ ᠤᠷᠤᠨ ᠲᠤᠰ ᠰᠠᠯᠠᠭ᠎ᠠ ᠮᠦᠴᠢᠷ ᠲᠤᠰ ᠪᠠᠶᠢᠭᠤᠯᠭ᠎ᠠ ᠶᠢᠨ ᠢᠶᠠᠨ ᠪᠤᠲᠠᠲᠠᠢ ᠪᠠᠶᠢᠳᠠᠯ ᠲᠠᠢ ᠤᠶᠠᠯᠳᠤᠭᠤᠯᠵᠤ᠂ 《ᠤᠬ ᠰᠠᠨᠠᠭ᠎ᠠ ᠪᠠᠨ ᠦᠯᠦ ᠮᠠᠷᠲᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ》 ᠭᠤᠤᠯ ᠰᠡᠳᠦᠪᠲᠤ ᠬᠦᠮᠦᠵᠢᠯ ᠳᠤᠮᠳᠠ᠂ ᠢᠤᠢ ᠬᠠᠢ ᠵᠢᠶᠦ᠋ᠨ ᠨᠦᠬᠦᠷ ᠠᠴᠠ ᠲᠠᠭᠠᠨ ᠰᠤᠷᠤᠯᠴᠠᠬᠤ ᠠᠵᠢᠯᠯᠠᠭ᠎ᠠ ᠶᠢ ᠦᠷᠭᠡᠨ ᠦᠷᠨᠢᠭᠦᠯᠵᠦ᠂ ᠦᠷᠭᠡᠨ ᠤᠯᠠᠨ ᠨᠠᠮ ᠤᠨ ᠭᠡᠰᠢᠭᠦᠨ ᠺᠠᠳ᠋ᠷ ᠤᠨ ᠤᠬ ᠰᠠᠨᠠᠭ᠎ᠠ ᠪᠠᠨ ᠦᠯᠦ ᠮᠠᠷᠲᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠭᠰᠡᠨ ᠡᠷᠬᠢᠮ ᠲᠡᠭᠡᠳᠤ ᠵᠤᠷᠢᠬ ᠰᠠᠨᠠᠭ᠎ᠠ ᠶᠢ ᠵᠤᠷᠢᠬᠵᠢᠭᠤᠯᠵᠤ᠂ ᠬᠦᠰᠡᠯᠡᠩ ᠢᠲᠡᠭᠡᠯ ᠪᠢᠰᠢᠷᠡᠯ ᠢᠶᠠᠨ ᠪᠠᠲᠤᠳᠬᠠᠵᠦ᠂ ᠵᠠᠮ ᠨᠡᠭᠡᠭᠡᠨ ᠤᠷᠤᠬᠰᠢᠯᠠᠨ ᠳᠠᠪᠰᠢᠵᠤ᠂ ᠵᠤᠷᠢᠬ ᠰᠢᠢᠳᠦᠨ ᠲᠡᠮᠡᠴᠡᠵᠦ᠂ ᠰᠤᠷᠤᠯᠴᠠᠯᠭ᠎ᠠ ᠳᠤᠮᠳᠠ ᠬᠤᠷᠠᠮᠳᠤᠭᠤᠯᠤᠭᠰᠠᠨ ᠤᠶᠤᠨ ᠰᠠᠨᠠᠭᠠᠨ ᠤ ᠬᠦᠴᠦᠨ ᠢ 《ᠦᠵᠡᠰᠬᠦᠯᠡᠩᠲᠤ ᠰᠠᠶᠢᠬᠠᠨ ᠦᠪᠦᠷ ᠮᠤᠩᠭᠤᠯ ᠢᠶᠠᠨ ᠪᠦᠲᠦᠭᠡᠨ ᠪᠠᠶᠢᠭᠤᠯᠵᠤ᠂ ᠠᠭᠤᠤ ᠶᠡᠭᠡ ᠳᠤᠮᠳᠠᠳᠤ ᠶᠢᠨ ᠵᠡᠭᠦᠳᠦ ᠪᠠᠨ ᠬᠠᠮᠲᠤ ᠪᠠᠷ ᠲᠡᠷᠭᠡᠯᠰᠢᠭᠦᠯᠬᠦ》 ᠠᠤᠭ᠎ᠠ ᠶᠡᠭᠡ ᠬᠦᠴᠦᠨ ᠪᠤᠯᠭᠠᠨ ᠤᠯᠠᠷᠢᠭᠤᠯᠵᠤ᠂ ᠰᠢᠯᠢᠳᠡᠭ ᠬᠢᠷᠢ ᠪᠦᠲᠦᠮᠵᠢ ᠪᠠᠷ ᠰᠢᠨ᠎ᠡ ᠳᠤᠮᠳᠠᠳᠤ ᠤᠯᠤᠰ ᠪᠠᠶᠢᠭᠤᠯᠤᠬᠳᠠᠬᠰᠠᠨ 70 ᠵᠢᠯ ᠤᠨ ᠤᠢ ᠶᠢ ᠪᠡᠯᠭᠡᠯᠡᠬᠦ ᠬᠡᠷᠡᠭᠲᠡᠢ᠃