ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠲᠣᠭᠲᠠᠭᠠᠬᠤ ᠳᠦᠷᠢᠮ
ᠨᠢᠭᠡᠳᠦᠭᠡᠷ ᠪᠦᠯᠦᠭ ᠶᠡᠷᠦᠩᠬᠡᠶ ᠲᠤᠢᠷᠢᠮ
ᠨᠢᠭᠡᠳᠦᠭᠡᠷ ᠵᠦᠢᠯ ᠥᠪᠡᠷᠲᠡᠭᠡᠨ
ᠵᠠᠰᠠᠬᠤ ᠣᠷᠣᠨ ᠤ ᠨᠠᠮ ᠤᠨ ᠬᠣᠷᠢᠶᠠᠨ ᠤ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ
ᠲᠣᠭᠲᠠᠭᠠᠬᠤ ᠠᠵᠢᠯ ᠢ ᠤᠯᠠᠮ ᠨᠢᠭᠡ ᠠᠯᠬᠤᠮ ᠵᠢᠷᠥᠮᠵᠢᠭᠦᠯᠭᠦ ᠶ᠋ᠢᠨ ᠲᠥᠯᠥᠭᠡ ᠂ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠲᠦᠷᠢᠮ ᠦᠨ ᠪᠠᠶᠢᠭᠤᠯᠤᠯᠲᠠ ᠶ᠋ᠢ ᠴᠢᠩᠭᠠᠳᠬᠠᠵᠤ᠂
ᠨᠠᠮ ᠤᠨ ᠪᠠᠶᠢᠭᠤᠯᠤᠯᠲᠠ ᠶ᠋ᠢᠨ ᠰᠢᠨᠵᠢᠯᠡᠬᠦ ᠤᠬᠠᠭᠠᠨᠴᠢᠯᠠᠯᠲᠠ ᠶ᠋ᠢᠨ ᠬᠢᠷᠢ ᠲᠦᠪᠰᠢᠨ ᠶ᠋ᠢ
ᠳᠡᠭᠡᠭᠰᠢᠯᠡᠭᠦᠯᠵᠦ᠂ 《
ᠳᠤᠮᠳᠠᠳᠤ ᠤᠯᠤᠰ ᠤ ᠡᠪ ᠬᠠᠮᠲᠤ ᠨᠠᠮ ᠤᠨ ᠳᠦᠷᠢᠮ 》 ᠪᠣᠯᠤᠨ 《 ᠳᠤᠮᠳᠠᠳᠤ ᠤᠯᠤᠰ ᠤᠨ ᠡᠪ
ᠬᠠᠮᠲᠤ ᠨᠠᠮ ᠤᠨ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠲᠣᠭᠲᠠᠭᠠᠬᠤ ᠳᠦᠷᠢᠮ 》 ᠢ
ᠦᠨᠳᠦᠰᠦᠯᠡᠵᠦ ᠂ ᠲᠣᠰ ᠲᠦᠷᠢᠮ ᠢ ᠲᠣᠭᠲᠠᠭᠠᠪᠠ ᠃
ᠬᠣᠶᠠᠳᠤᠭᠠᠷ ᠵᠦᠢᠯ ᠲᠤᠰ
ᠲᠦᠷᠢᠮ ᠳᠦ ᠵᠢᠭᠠᠵᠤ ᠪᠠᠶᠢᠭ᠎ᠠ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠂ ᠥᠪᠡᠷᠲᠡᠭᠡᠨ
ᠵᠠᠰᠠᠬᠤ ᠣᠷᠣᠨ ᠦ ᠨᠠᠮ ᠤᠨ ᠬᠣᠷᠢᠶ᠎ᠠ ᠡᠷᠬᠡ ᠲᠤᠰᠢᠶᠠᠯ ᠢᠶᠡᠨ ᠦᠨᠳᠦᠰᠦᠯᠡᠨ ᠡᠯ᠎ᠡ ᠱᠠᠲᠤᠨ ᠤ
ᠨᠠᠮ ᠤᠨ ᠵᠣᠬᠢᠶᠠᠨ ᠪᠠᠶᠢᠭᠤᠯᠤᠯᠲᠠ ᠶ᠋ᠢᠨ ᠠᠵᠢᠯ᠂ ᠠᠵᠢᠯᠯᠠᠭ᠎ᠠ ᠪᠠ ᠨᠠᠮ ᠤᠨ ᠭᠡᠰᠢᠭᠦᠨ ᠤ
ᠠᠵᠢᠯᠯᠠᠭ᠎ᠠ ᠶ᠋ᠢᠨ ᠶᠠᠮᠠᠷ ᠨᠢᠭᠡᠨ ᠲᠠᠯ᠎ᠠ ᠶ᠋ᠢᠨ ᠴᠢᠬᠤᠯᠠ ᠠᠵᠢᠯ ᠪᠤᠶᠤ ᠬᠡᠷᠡᠭ ᠶᠠᠪᠤᠳᠠᠯ ᠤᠨ
ᠲᠤᠬᠠᠶ ᠪᠣᠳᠠᠲᠠᠶ ᠲᠣᠭᠲᠠᠭᠠᠯ ᠤᠨ ᠨᠠᠮ ᠤᠨ ᠳᠣᠲᠣᠭᠠᠳᠤ ᠶ᠋ᠢᠨ ᠲᠦᠷᠢᠮ ᠲᠣᠭᠲᠠᠭᠠᠯ ᠤᠨ
ᠶᠡᠷᠦᠩᠬᠡᠶ ᠨᠡᠷᠡᠶᠢᠳᠦᠯ ᠪᠣᠯᠤᠨ᠎ᠠ ᠃ ᠨᠠᠮ ᠤᠨ ᠳᠦᠷᠢᠮ ᠪᠣᠯ ᠨᠠᠮ ᠤᠨ ᠳᠣᠲᠣᠭᠠᠳᠤ ᠶ᠋ᠢᠨ
ᠬᠠᠮᠤᠭ ᠤᠨ ᠦᠨᠳᠦᠰᠦᠨ ᠬᠠᠤᠯᠢ ᠲᠣᠭᠲᠠᠭᠠᠯ ᠂ ᠥᠪᠡᠷᠲᠡᠭᠡᠨ ᠵᠠᠰᠠᠬᠤ ᠣᠷᠣᠨ ᠤ ᠨᠠᠮ ᠤᠨ
ᠬᠣᠷᠢᠶᠠᠨ ᠤ ᠨᠠᠮ ᠳᠣᠲᠣᠭᠠᠳᠤ ᠶ᠋ᠢᠨ ᠬᠠᠤᠯᠢ ᠲᠣᠭᠲᠠᠭᠠᠯ ᠢ ᠲᠣᠭᠲᠠᠭᠠᠬᠤ ᠰᠠᠭᠤᠷᠢ ᠪᠣᠯᠤᠨ
ᠦᠨᠳᠦᠰᠦᠯᠡᠯ ᠪᠣᠯᠤᠨ᠎ᠠ ᠃ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠨᠢ ᠡᠷᠬᠡᠪᠰᠢ ᠲᠥᠪ ᠬᠣᠷᠢᠶᠠᠨ ᠤ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠲᠣᠭᠲᠠᠭᠠᠬᠤ ᠪᠠ ᠲᠥᠪ ᠤᠨ ᠰᠠᠬᠢᠯᠭ᠎ᠠ ᠪᠠᠲᠤ
ᠪᠠᠶᠢᠴᠠᠭᠠᠬᠤ ᠬᠣᠷᠢᠶ᠎ᠠ ᠂ ᠲᠥᠪ ᠤᠨ ᠡᠯ᠎ᠡ ᠰᠠᠯᠠᠭ᠎ᠠ ᠮᠥᠴᠢᠷ ᠤᠨ ᠲᠣᠭᠲᠠᠭᠠᠭᠰᠠᠨ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠲᠠᠶ ᠨᠢᠭᠡᠳᠦᠯᠲᠡᠶ ᠪᠠᠶᠢᠬᠤ ᠬᠡᠷᠡᠭᠲᠡᠶ ᠃
ᠭᠤᠷᠪᠠᠳᠤᠭᠠᠷ ᠵᠦᠢᠯ
ᠥᠪᠡᠷᠲᠡᠭᠡᠨ ᠵᠠᠰᠠᠬᠤ ᠣᠷᠣᠨ ᠦ ᠨᠠᠮ ᠤᠨ ᠬᠣᠷᠢᠶᠠᠨ ᠤ ᠲᠣᠭᠲᠠᠭᠠᠭᠰᠠᠨ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠤᠨ ᠨᠡᠷᠡᠶᠢᠳᠦᠯ ᠨᠢ ᠳᠦᠷᠢᠮ᠂ ᠲᠣᠭᠲᠠᠭᠠᠯ ᠂ ᠠᠷᠭ᠎ᠠ ᠂
ᠵᠢᠷᠤᠮᠯᠠᠯ ᠪᠣᠯᠣᠨ᠎ᠠ ᠃
ᠳᠥᠷᠪᠡᠳᠦᠭᠡᠷ ᠵᠦᠢᠯ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶᠠᠨ ᠤ ᠲᠣᠭᠲᠠᠭᠠᠭᠰᠠᠨ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠤᠨ ᠠᠭᠤᠯᠭ᠎ᠠ ᠨᠢ ᠵᠦᠢᠯ ᠵᠤᠷᠪᠤᠰ ᠤᠨ ᠬᠡᠯᠪᠡᠷᠢ ᠪᠡᠷ
ᠢᠯᠡᠳᠬᠡᠨ᠎ᠡ ᠂ ᠡᠩ ᠤᠨ ᠵᠦᠢᠯ ᠵᠤᠷᠪᠤᠰ ᠤᠨ ᠬᠡᠯᠪᠡᠷᠢ ᠭᠡᠷᠡᠭᠯᠡᠬᠦ ᠦᠭᠡᠢ ᠲᠣᠭᠠᠴᠢᠳᠠᠭ
ᠰᠢᠶᠳᠪᠦᠷᠢ ᠂ ᠲᠣᠭᠲᠠᠭᠠᠯ ᠂ ᠰᠠᠨᠠᠯ ᠂ ᠮᠡᠳᠡᠭᠳᠡᠯ ᠵᠡᠷᠭᠡ ᠵᠢᠷᠤᠮᠵᠢᠯ ᠤᠨ ᠴᠢᠨᠠᠷᠲᠠᠶ
ᠪᠢᠴᠢᠭ ᠮᠠᠲ᠋ᠧᠷᠢᠶᠠᠯ ᠲᠠᠢ ᠠᠳᠠᠯᠢ ᠦᠭᠡᠢ ᠃
ᠲᠠᠪᠤᠳᠤᠭᠠᠷ ᠵᠦᠢᠯ ᠥᠪᠡᠷᠲᠡᠭᠡᠨ
ᠵᠠᠰᠠᠬᠤ ᠣᠷᠣᠨ ᠤ ᠨᠠᠮ ᠤᠨ ᠬᠣᠷᠢᠢ᠎ᠠ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠢ
ᠲᠣᠭᠲᠠᠭᠠᠬᠤ ᠳ᠋ᠦ ᠳᠣᠣᠷᠠᠬᠢ ᠵᠠᠷᠴᠢᠮ ᠢ ᠵᠢᠷᠤᠮᠯᠠᠬᠤ ᠬᠡᠷᠡᠭᠲᠡᠶ ᠄
( ᠨᠢᠭᠡ ) ᠨᠠᠮ ᠤᠨ ᠠᠵᠢᠯ ᠦᠢᠯᠡᠰ ᠤᠨ ᠬᠥᠭᠵᠢᠯᠲᠡ ᠶ᠋ᠢᠨ ᠬᠡᠷᠡᠭᠴᠡᠭᠡ ᠪᠠ ᠨᠠᠮ ᠶ᠋ᠢᠨ ᠪᠠᠶᠢᠭᠤᠯᠤᠯᠲᠠ ᠶ᠋ᠢᠨ ᠪᠣᠳᠠᠲᠤ ᠪᠠᠶᠢᠳᠠᠯ ᠢ ᠦᠨᠳᠦᠰᠦᠯᠡᠬᠦ ︔
(
ᠬᠣᠶᠠᠷ ) ᠨᠠᠮ ᠤᠨ ᠳᠦᠷᠢᠮ ᠢᠶᠠᠷ ᠦᠨᠳᠦᠰᠦᠨ ᠦᠨᠳᠦᠰᠦᠯᠡᠯ ᠪᠣᠯᠭᠠᠵᠤ ᠂ ᠨᠠᠮ ᠤᠨ ᠤᠨᠦᠯ
ᠪᠣᠯᠤᠨ ᠱᠤᠭᠤᠮ ᠂ ᠴᠢᠭᠯᠡᠯᠲᠡ ᠂ ᠲᠦᠷᠦ ᠶ᠋ᠢᠨ ᠪᠤᠳᠤᠯᠭ᠎ᠠ ᠶ᠋ᠢ ᠲᠤᠱᠯᠠᠭᠤᠯᠤᠨᠠ ᠃
(
ᠭᠤᠷᠪᠠ ) ᠨᠠᠮ ᠤᠨ ᠡᠷᠬᠡᠪᠰᠢ ᠵᠢᠷᠤᠮᠯᠠᠬᠤ ᠬᠡᠷᠡᠭᠲᠡᠶ ᠦᠨᠳᠦᠰᠦᠨ ᠬᠠᠤᠯᠢ ᠪᠠ ᠬᠠᠤᠯᠢ
ᠴᠠᠭᠠᠵᠠ ᠶ᠋ᠢᠨ ᠬᠡᠪᠴᠢᠶᠡᠨ ᠳᠣᠲᠣᠷ᠎ᠠ ᠠᠵᠢᠯᠯᠠᠭ᠎ᠠ ᠬᠢᠬᠦ ᠲᠤᠬᠠᠶ ᠲᠣᠭᠲᠠᠭᠠᠯ ;
( ᠲᠦᠷᠪᠡ ) ᠰᠢᠨᠵᠢᠯᠡᠬᠦ ᠤᠬᠠᠭᠠᠨᠴᠢ ᠪᠠᠷ ᠲᠦᠷᠦ ᠪᠠᠷᠢᠬᠤ ᠂ ᠠᠷᠠᠳᠴᠢᠯᠠᠯ ᠢᠶ᠋ᠡᠷ
ᠲᠦᠷᠦ ᠪᠠᠷᠢᠬᠤ ᠂ ᠬᠠᠤᠯᠢ ᠶᠣᠰᠣᠭᠠᠷ ᠲᠦᠷᠦ ᠪᠠᠷᠢᠬᠤ ᠱᠠᠭᠠᠷᠳᠠᠯᠭ᠎ᠠ ᠳ᠋ᠤ ᠨᠡᠶᠢᠴᠡᠨ᠎ᠡ ︔
( ᠲᠠᠪᠤ )ᠨᠠᠮ ᠤᠨ ᠪᠠᠶᠢᠭᠤᠯᠤᠯᠲᠠ ᠶ᠋ᠢ ᠳᠦᠷᠢᠮᠵᠢᠭᠦᠯᠬᠦ ᠂ ᠳᠦᠷᠢᠮᠵᠢᠭᠦᠯᠦᠯ ᠂ ᠵᠢᠷᠤᠮᠵᠢᠭᠤᠯᠬᠤ ᠶ᠋ᠢ ᠲᠦᠯᠬᠢᠨ ᠠᠬᠢᠭᠤᠯᠤᠨ᠎ᠠ ︔
(
ᠵᠢᠷᠭᠤᠭ᠎ᠠ ) ᠠᠷᠠᠳᠴᠢᠯᠠᠯ ᠲᠥᠪᠯᠡᠷᠡᠯ ᠤᠨ ᠶᠣᠰᠣ ᠶ᠋ᠢ ᠪᠠᠷᠢᠮᠲᠠᠯᠠᠵᠤ ᠂ ᠨᠠᠮ ᠤᠨ
ᠳᠣᠲᠣᠭᠠᠳᠤ ᠶ᠋ᠢᠨ ᠠᠷᠠᠳᠴᠢᠯᠠᠯ ᠢ ᠭᠦᠢᠴᠡᠳ ᠪᠠᠳᠠᠷᠠᠭᠤᠯᠤᠨ ᠂ ᠨᠠᠮ ᠤᠨ ᠲᠥᠪᠯᠡᠷᠡᠯ
ᠨᠢᠭᠡᠳᠦᠯ ᠢ ᠬᠠᠮᠠᠭᠠᠯᠠᠬᠤ ;
( ᠲᠤᠯᠤᠭ᠎ᠠ ) ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠤᠨ ᠲᠦᠷᠢᠮ ᠤᠨ ᠰᠢᠰᠲ᠋ᠧᠮ ᠤᠨ ᠨᠢᠭᠡᠳᠦᠯᠲᠡᠶ ᠴᠢᠨᠠᠷ ᠪᠠ ᠡᠷᠬᠡ ᠰᠦᠷᠲᠦ
ᠴᠢᠨᠠᠷ ᠢ ᠬᠠᠮᠠᠭᠠᠯᠠᠨ᠎ᠠ ᠃
( ᠨᠠᠢᠮᠠ ) ᠲᠣᠪᠴᠢ ᠬᠡᠷᠡᠭᠴᠡᠭᠡᠲᠡᠶ ᠢ ᠴᠢᠬᠤᠯᠠᠴᠢᠯᠠᠵᠤ ᠂ ᠶᠠᠷᠰᠢᠭ ᠲᠦᠪᠡᠭᠲᠡᠶ ᠪᠠᠶᠢᠬᠤ ᠶ᠋ᠢ ᠰᠡᠷᠭᠡᠶᠢᠯᠡᠬᠦ ᠬᠡᠷᠡᠭᠲᠡᠶ ᠃
ᠵᠢᠷᠭᠤᠳᠤᠭᠠᠷ ᠵᠦᠢᠯ
ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠢ ᠲᠣᠭᠲᠠᠭᠠᠬᠤ ᠠᠵᠢᠯ ᠨᠢ ᠥᠪᠡᠷᠲᠡᠭᠡᠨ
ᠵᠠᠰᠠᠬᠤ ᠣᠷᠣᠨ ᠤ ᠨᠠᠮ ᠤᠨ ᠬᠣᠷᠢᠶᠠᠨ ᠤ ᠨᠢᠭᠡᠳᠦᠯᠲᠡᠶ ᠤᠳᠤᠷᠢᠳᠤᠯᠭ᠎ᠠ ᠳᠣᠣᠷ᠎ᠠ ᠬᠢᠬᠦ
ᠬᠡᠷᠡᠭᠲᠡᠶ ᠂ ᠥᠪᠡᠷᠲᠡᠭᠡᠨ ᠵᠠᠰᠠᠬᠤ ᠣᠷᠣᠨ ᠤ ᠰᠠᠬᠢᠯᠭ᠎ᠠ ᠪᠠᠲᠤ ᠪᠠᠶᠢᠴᠠᠭᠠᠬᠤ ᠬᠣᠷᠢᠶ᠎ᠠ ᠂
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶ᠎ᠠ ᠶ᠋ᠢᠨ ᠡᠯ᠎ᠡ ᠰᠠᠯᠠᠭ᠎ᠠ ᠮᠥᠴᠢᠷ ᠠᠵᠢᠯ ᠤᠨ
ᠡᠭᠦᠷᠭᠡ ᠬᠠᠷᠢᠭᠤᠴᠠᠯᠭ᠎ᠠ ᠪᠠᠨ ᠦᠨᠳᠦᠰᠦᠯᠡᠨ ᠬᠣᠯᠪᠣᠭᠳᠠᠯ ᠪᠦᠬᠦᠢ ᠠᠵᠢᠯ ᠢ ᠡᠭᠦᠷᠭᠡᠯᠡᠨ᠎ᠡ ᠂
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠶ᠋ᠢᠨ ᠠᠯᠪᠠᠨ ᠲᠢᠩᠬᠢᠮ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠲᠣᠭᠲᠠᠭᠠᠬᠤ ᠶ᠋ᠢ ᠨᠢᠭᠡᠳᠦᠯᠲᠡᠶ ᠲᠥᠯᠥᠪᠯᠡᠨ
ᠵᠣᠬᠢᠴᠠᠭᠤᠯᠬᠤ ᠠᠵᠢᠯ ᠢ ᠡᠭᠦᠷᠭᠡᠯᠡᠨ᠎ᠡ ᠂ ᠪᠣᠳᠠᠲᠠᠶ ᠬᠡᠷᠡᠭ ᠶᠠᠪᠤᠳᠠᠯ ᠢᠥᠪᠡᠷᠲᠡᠭᠡᠨ
ᠵᠠᠰᠠᠬᠤ ᠣᠷᠣᠨ ᠤ ᠨᠠᠮ ᠤᠨ ᠬᠣᠷᠢᠢ᠎ᠠ ᠶ᠋ᠢᠨ ᠠᠯᠪᠠᠨ ᠲᠢᠩᠬᠢᠮ ᠤᠨ ᠪᠠᠶᠢᠭᠤᠯᠤᠮᠵᠢ ᠡᠴᠠ
ᠳᠠᠭᠠᠭᠠᠨ ᠬᠢᠨ᠎ᠡ ᠃
ᠬᠣᠶᠠᠳᠤᠭᠠᠷ ᠪᠦᠯᠦᠭ ᠲᠥᠯᠥᠪᠵᠢᠭᠦᠯᠭᠡ ᠪᠠ ᠲᠥᠯᠥᠪᠯᠡᠭᠡ
ᠳᠣᠯᠣᠳᠤᠭᠠᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠨᠢ ᠲᠥᠪ ᠬᠣᠷᠢᠶᠠᠨ ᠦ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ
ᠲᠣᠭᠲᠠᠭᠠᠬᠤ ᠲᠥᠯᠥᠪᠵᠢᠭᠦᠯᠭᠡ ᠲᠡᠶ ᠵᠣᠯᠭᠠᠯᠳᠤᠭᠤᠯᠬᠤ ᠂ ᠨᠠᠮ ᠤᠨ ᠲᠥᠪ ᠬᠣᠷᠢᠶᠠᠨ ᠤ
ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠶ᠋ᠢ ᠬᠡᠷᠡᠭᠵᠢᠭᠦᠯᠬᠦ ᠶ᠋ᠢ ᠤᠶᠠᠯᠳᠤᠭᠤᠯᠵᠤ
ᠨᠠᠷᠢᠯᠢᠭᠵᠢᠭᠤᠯᠤᠯᠲᠠ ᠪᠣᠯᠣᠨ ᠥᠪᠡᠷᠲᠡᠭᠡᠨ ᠵᠠᠰᠠᠬᠤ ᠣᠷᠣᠨ ᠤ ᠨᠠᠮ ᠤᠨ
ᠪᠠᠶᠢᠭᠤᠯᠤᠯᠲᠠ ᠶ᠋ᠢᠨ ᠪᠣᠳᠠᠲᠤ ᠪᠠᠶᠢᠳᠠᠯ ᠶ᠋ᠢ ᠡᠭᠦᠳᠦᠨ ᠲᠣᠭᠲᠠᠭᠠᠬᠤ ᠲᠠᠢ ᠤᠶᠠᠯᠳᠤᠭᠤᠯᠤᠨ ᠂
ᠰᠢᠨᠵᠢᠯᠡᠬᠦ ᠤᠬᠠᠭᠠᠨᠴᠢ ᠪᠠᠷ ᠂ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠲᠣᠭᠲᠠᠭᠠᠬᠤ
ᠠᠵᠢᠯ ᠤᠨ ᠲᠠᠪᠤᠨ ᠵᠢᠯ ᠤᠨ ᠲᠥᠯᠥᠪᠵᠢᠭᠦᠯᠭᠡ ᠪᠠ ᠣᠨ ᠤ ᠲᠥᠯᠥᠪᠯᠡᠭᠡ ᠶ᠋ᠢ ᠨᠠᠶᠢᠷᠠᠭᠤᠯᠤᠨ
ᠵᠣᠬᠢᠶᠠᠬᠤ ᠬᠡᠷᠡᠭᠲᠡᠶ ᠃
ᠨᠠᠢᠮᠠᠳᠤᠭᠠᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶᠠᠨ ᠤ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠲᠣᠭᠲᠠᠭᠠᠬᠤ ᠠᠵᠢᠯ ᠤᠨ ᠲᠠᠪᠤᠨ ᠵᠢᠯ ᠤᠨ ᠲᠥᠯᠥᠪᠵᠢᠭᠦᠯᠭᠡ ᠂ ᠥᠪᠡᠷᠲᠡᠭᠡᠨ
ᠵᠠᠰᠠᠬᠤ ᠣᠷᠣᠨ ᠤ ᠨᠠᠮ ᠤᠨ ᠬᠣᠷᠢᠶ᠎ᠠ ᠶ᠋ᠢᠨ ᠠᠯᠪᠠᠨ ᠲᠢᠩᠬᠢᠮ ᠡᠴᠡ ᠥᠪᠡᠷᠲᠡᠭᠡᠨ ᠵᠠᠰᠠᠬᠤ
ᠣᠷᠣᠨ ᠤ ᠰᠠᠬᠢᠯᠭ᠎ᠠ ᠪᠠᠲᠤ ᠪᠠᠶᠢᠴᠠᠭᠠᠬᠤ ᠬᠣᠷᠢᠶ᠎ᠠ ᠂ ᠥᠪᠡᠷᠲᠡᠭᠡᠨ ᠵᠠᠰᠠᠬᠤ ᠣᠷᠣᠨ ᠤ
ᠨᠠᠮ ᠤᠨ ᠬᠣᠷᠢᠶ᠎ᠠ ᠶ᠋ᠢᠨ ᠡᠯ᠎ᠡ ᠰᠠᠯᠠᠭ᠎ᠠ ᠮᠥᠴᠢᠷ ᠪᠣᠯᠤᠨ ᠠᠶᠢᠮᠠᠭ ᠬᠣᠲᠠ ᠶ᠋ᠢᠨ ᠨᠠᠮ ᠤᠨ
ᠬᠣᠷᠢᠶ᠎ᠠ ᠶ᠋ᠢᠨ ᠳᠤᠷᠠᠳᠤᠭᠰᠠᠨ ᠰᠠᠨᠠᠭᠤᠯᠭ᠎ᠠ ᠶ᠋ᠢ ᠬᠤᠷᠢᠶᠠᠩᠭᠤᠶᠢᠯᠠᠨ ᠲᠣᠭᠲᠠᠭᠠᠬᠤ ᠂
ᠲᠡᠷᠡᠴᠢᠯᠡᠨ ᠥᠷᠭᠡᠨ ᠢᠶᠠᠷ ᠰᠠᠨᠠᠯ ᠬᠤᠷᠢᠶᠠᠭᠰᠠᠨ ᠤ ᠲᠠᠷᠠᠭ᠎ᠠ ᠲᠣᠭᠲᠠᠭᠠᠵᠤ ᠂ ᠥᠪᠡᠷᠲᠡᠭᠡᠨ
ᠵᠠᠰᠠᠬᠤ ᠣᠷᠣᠨ ᠤ ᠨᠠᠮ ᠤᠨ ᠬᠣᠷᠢᠢ᠎ᠠ ᠶ᠋ᠢᠨ ᠰᠣᠨᠢᠨ ᠬᠢᠨᠠᠨ ᠲᠣᠭᠲᠠᠭᠠᠬᠤ ᠬᠡᠷᠡᠭᠲᠡᠶ ᠃
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶᠠᠨ ᠤ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠲᠣᠭᠲᠠᠭᠠᠬᠤ ᠠᠵᠢᠯ ᠤᠨ ᠣᠨ ᠤ ᠲᠥᠯᠥᠪᠯᠡᠭᠡ ᠂ ᠥᠪᠡᠷᠲᠡᠭᠡᠨ ᠵᠠᠰᠠᠬᠤ ᠣᠷᠣᠨ ᠤ
ᠨᠠᠮ ᠤᠨ ᠬᠣᠷᠢᠶ᠎ᠠ ᠶ᠋ᠢᠨ ᠠᠯᠪᠠᠨ ᠲᠢᠩᠬᠢᠮ ᠡᠴᠡ ᠥᠪᠡᠷᠲᠡᠭᠡᠨ ᠵᠠᠰᠠᠬᠤ ᠣᠷᠣᠨ ᠤ ᠰᠠᠬᠢᠯᠭ᠎ᠠ
ᠪᠠᠲᠤ ᠪᠠᠶᠢᠴᠠᠭᠠᠬᠤ ᠬᠣᠷᠢᠶ᠎ᠠ ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠶ᠋ᠢᠨ
ᠡᠯ᠎ᠡ ᠰᠠᠯᠠᠭ᠎ᠠ ᠮᠥᠴᠢᠷ ᠵᠢᠯ ᠪᠦᠷᠢ ᠶ᠋ᠢᠨ ᠡᠴᠦᠰ ᠡᠴᠡ ᠡᠮᠦᠨ᠎ᠡ ᠲᠠᠷᠠᠭᠠᠴᠢ ᠶ᠋ᠢᠨ ᠨᠢᠭᠡ
ᠵᠢᠯ ᠤᠨ ᠲᠣᠭᠲᠠᠭᠠᠬᠤ ᠰᠠᠨᠠᠭᠤᠯᠭ᠎ᠠ ᠶ᠋ᠢ ᠬᠤᠷᠢᠶᠠᠩᠭᠤᠶᠢᠯᠠᠨ ᠳᠠᠷᠠᠭ᠎ᠠ ᠨᠢ ᠲᠤᠭᠤᠷᠪᠢᠨ
ᠲᠣᠭᠲᠠᠭᠠᠵᠤ ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠶ᠋ᠢᠨ ᠰᠣᠨᠢᠨ ᠬᠢᠨᠠᠨ
ᠵᠥᠪᠰᠢᠶᠡᠷᠡᠭᠦᠯᠬᠦ ᠬᠡᠷᠡᠭᠲᠡᠶ ᠃
ᠶᠢᠰᠦᠳᠦᠭᠡᠷ ᠵᠦᠢᠯ
ᠥᠪᠡᠷᠲᠡᠭᠡᠨ ᠵᠠᠰᠠᠬᠤ ᠣᠷᠣᠨ ᠦ ᠰᠠᠬᠢᠯᠭ᠎ᠠ ᠪᠠᠲᠤ ᠪᠠᠶᠢᠴᠠᠭᠠᠬᠤ ᠬᠣᠷᠢᠶ᠎ᠠ ᠂ ᠥᠪᠡᠷᠲᠡᠭᠡᠨ
ᠵᠠᠰᠠᠬᠤ ᠣᠷᠣᠨ ᠤ ᠨᠠᠮ ᠤᠨ ᠬᠣᠷᠢᠶ᠎ᠠ ᠶ᠋ᠢᠨ ᠡᠯ᠎ᠡ ᠰᠠᠯᠠᠭ᠎ᠠ ᠮᠥᠴᠢᠷ ᠪᠣᠯᠤᠨ ᠠᠶᠢᠮᠠᠭ
ᠬᠣᠲᠠ ᠶ᠋ᠢᠨ ᠨᠠᠮ ᠤᠨ ᠬᠣᠷᠢᠢ᠎ᠠ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠲᠣᠭᠲᠠᠭᠠᠬᠤ
ᠰᠠᠨᠠᠭᠤᠯᠭ᠎ᠠ ᠳᠤᠷᠠᠳᠴᠤ ᠂ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠤᠨ ᠨᠡᠷᠡᠶᠢᠳᠦᠯ ᠂
ᠲᠣᠭᠲᠠᠭᠠᠬᠤ ᠴᠢᠬᠤᠯᠠ ᠴᠢᠨᠠᠷ ᠂ ᠳᠡᠪᠰᠢᠭᠦᠯᠬᠦ ᠴᠠᠭ ᠂ ᠲᠤᠭᠤᠷᠪᠢᠨ ᠪᠢᠴᠢᠬᠦ ᠨᠢᠭᠡᠴᠡ
ᠵᠡᠷᠭᠡ ᠶ᠋ᠢ ᠪᠠᠭᠲᠠᠭᠠᠭᠰᠠᠨ ᠪᠠᠶᠢᠬᠤ ᠬᠡᠷᠡᠭᠲᠡᠶ ᠃ ᠥᠪᠡᠷᠲᠡᠭᠡᠨ ᠵᠠᠰᠠᠬᠤ ᠣᠷᠣᠨ ᠤ
ᠰᠠᠬᠢᠯᠭ᠎ᠠ ᠪᠠᠲᠤ ᠪᠠᠶᠢᠴᠠᠭᠠᠬᠤ ᠬᠣᠷᠢᠶ᠎ᠠ ᠂ ᠥᠪᠡᠷᠲᠡᠭᠡᠨ ᠵᠠᠰᠠᠬᠤ ᠣᠷᠣᠨ ᠤ ᠨᠠᠮ ᠤᠨ
ᠬᠣᠷᠢᠶ᠎ᠠ ᠶ᠋ᠢᠨ ᠡᠯ᠎ᠡ ᠰᠠᠯᠠᠭ᠎ᠠ ᠮᠥᠴᠢᠷ ᠪᠣᠯᠤᠨ ᠠᠶᠢᠮᠠᠭ ᠬᠣᠲᠠ ᠶ᠋ᠢᠨ ᠨᠠᠮ ᠤᠨ ᠬᠣᠷᠢᠶᠠᠨ ᠤ
ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠲᠣᠭᠲᠠᠭᠠᠬᠤ ᠰᠠᠨᠠᠭᠤᠯᠭ᠎ᠠ ᠶ᠋ᠢ ᠰᠤᠳᠤᠯᠤᠨ
ᠳᠤᠷᠠᠳᠴᠤ ᠂ ᠴᠢᠬᠤᠯᠠ ᠲᠠᠶ ᠦᠶ᠎ᠡ ᠳ᠋ᠤ ᠥᠪᠡᠷᠲᠡᠭᠡᠨ ᠵᠠᠰᠠᠬᠤ ᠣᠷᠣᠨ ᠤ ᠡᠯ᠎ᠡ ᠱᠠᠲᠤᠨ ᠤ
ᠨᠠᠮ ᠤᠨ ᠵᠣᠬᠢᠶᠠᠨ ᠪᠠᠶᠢᠭᠤᠯᠤᠯᠲᠠ ᠪᠣᠯᠤᠨ ᠥᠷᠭᠡᠨ ᠤᠯᠠᠨ ᠨᠠᠮ ᠤᠨ ᠭᠡᠰᠢᠭᠦᠨ ᠤ ᠰᠠᠨᠠᠯ ᠢ
ᠬᠤᠷᠢᠶᠠᠵᠤ ᠪᠣᠯᠣᠨ᠎ᠠ ᠃
ᠠᠷᠪᠠᠳᠤᠭᠠᠷ ᠵᠦᠢᠯ ᠥᠪᠡᠷᠲᠡᠭᠡᠨ
ᠵᠠᠰᠠᠬᠤ ᠣᠷᠣᠨ ᠤ ᠨᠠᠮ ᠤᠨ ᠬᠣᠷᠢᠶᠠᠨ ᠤ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ
ᠲᠣᠭᠲᠠᠭᠠᠬᠤ ᠠᠵᠢᠯ ᠤᠨ ᠲᠥᠯᠥᠪᠵᠢᠭᠦᠯᠭᠡ ᠪᠣᠯᠤᠨ ᠲᠥᠯᠥᠪᠯᠡᠭᠡ ᠶ᠋ᠢ ᠭᠦᠢᠴᠡᠳᠬᠡᠬᠦ
ᠶᠠᠪᠤᠴᠠ ᠳ᠋ᠦ ᠂ ᠪᠣᠳᠠᠲᠤ ᠪᠠᠶᠢᠳᠠᠯ ᠢᠶᠡᠨ ᠦᠨᠳᠦᠰᠦᠯᠡᠨ ᠲᠣᠬᠢᠷᠠᠭᠤᠯᠵᠤ ᠪᠣᠯᠤᠨ᠎ᠠ ᠃
ᠭᠤᠷᠪᠠᠳᠤᠭᠠᠷ ᠪᠦᠯᠦᠭ ᠲᠤᠭᠤᠷᠪᠢᠨ ᠪᠢᠴᠢᠬᠦ
ᠠᠷᠪᠠᠨ ᠨᠢᠭᠡᠳᠦᠭᠡᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠤᠨ ᠠᠭᠤᠯᠭ᠎ᠠ ᠪᠠᠷ ᠨᠢ ᠶᠡᠷᠦ ᠳᠡᠭᠡᠨ ᠥᠪᠡᠷᠲᠡᠭᠡᠨ ᠵᠠᠰᠠᠬᠤ ᠣᠷᠣᠨ ᠤ ᠰᠠᠬᠢᠯᠭ᠎ᠠ
ᠪᠠᠲᠤ ᠪᠠᠶᠢᠴᠠᠭᠠᠬᠤ ᠬᠣᠷᠢᠶ᠎ᠠ ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠶ᠋ᠢᠨ
ᠡᠯ᠎ᠡ ᠰᠠᠯᠠᠭ᠎ᠠ ᠮᠥᠴᠢᠷ ᠡᠴᠡ ᠲᠤᠭᠤᠷᠪᠢᠨ ᠪᠢᠴᠢᠬᠦ ᠂ ᠶᠡᠷᠦᠩᠬᠡᠶᠢᠯᠡᠭᠰᠡᠨ ᠴᠢᠨᠠᠷᠲᠠᠶ
ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠢ᠂ ᠥᠪᠡᠷᠲᠡᠭᠡᠨ ᠵᠠᠰᠠᠬᠤ ᠣᠷᠣᠨ ᠤ ᠨᠠᠮ ᠤᠨ
ᠬᠣᠷᠢᠶ᠎ᠠ ᠶ᠋ᠢᠨ ᠠᠯᠪᠠᠨ ᠲᠢᠩᠬᠢᠮ ᠡᠴᠡ ᠥᠪᠡᠷᠲᠡᠭᠡᠨ ᠵᠠᠰᠠᠬᠤ ᠣᠷᠣᠨ ᠤ ᠰᠠᠬᠢᠯᠭ᠎ᠠ ᠪᠠᠲᠤ
ᠪᠠᠶᠢᠴᠠᠭᠠᠬᠤ ᠬᠣᠷᠢᠶ᠎ᠠ ᠵᠣᠬᠢᠴᠠᠭᠤᠯᠵᠤ ᠂ ᠥᠪᠡᠷᠲᠡᠭᠡᠨ ᠵᠠᠰᠠᠬᠤ ᠣᠷᠣᠨ ᠤ ᠨᠠᠮ ᠤᠨ
ᠬᠣᠷᠢᠶ᠎ᠠ ᠶ᠋ᠢᠨ ᠬᠣᠯᠪᠣᠭᠳᠠᠯ ᠪᠦᠬᠦᠢ ᠰᠠᠯᠠᠭ᠎ᠠ ᠮᠥᠴᠢᠷ ᠡᠴᠡ ᠲᠣᠭᠣᠷᠪᠢᠨ ᠪᠢᠴᠢᠬᠦ ᠪᠤᠶᠤ
ᠲᠤᠭᠤᠷᠪᠢᠨ ᠪᠢᠴᠢᠬᠦ ᠳᠤᠭᠤᠶᠢᠯᠠᠩ ᠡᠴᠡ ᠲᠤᠭᠤᠷᠪᠢᠨ ᠪᠢᠴᠢᠵᠦ ᠪᠠᠶᠢᠨ᠎ᠠ ᠃
ᠠᠷᠪᠠᠨ ᠬᠣᠶᠠᠳᠤᠭᠠᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠤᠨ ᠡᠭᠡ ᠨᠤᠤᠷᠡᠬ ᠢ ᠡᠩ ᠤᠨ ᠪᠠᠶᠢᠳᠠᠯ ᠳ᠋ᠦ ᠳᠣᠣᠷ᠎ᠠ ᠵᠢᠭᠰᠠᠭᠠᠭᠰᠠᠨ
ᠠᠭᠤᠯᠭ᠎ᠠ ᠶ᠋ᠢ ᠪᠠᠭᠲᠠᠭᠠᠭᠰᠠᠨ ᠪᠠᠶᠢᠬᠤ ᠬᠡᠷᠡᠭᠲᠡᠶ ᠄
( ᠨᠢᠭᠡ ) ᠨᠡᠷᠡᠶᠢᠳᠦᠯ ;
( ᠬᠣᠶᠠᠷ ) ᠲᠣᠭᠲᠠᠭᠠᠭᠰᠠᠨ ᠵᠣᠷᠢᠯᠭ᠎ᠠ ᠪᠠ ᠦᠨᠳᠦᠰᠦ ᠪᠠᠷᠢᠮᠲᠠ ;
( ᠭᠤᠷᠪᠠ ) ᠬᠡᠷᠡᠭᠯᠡᠬᠦ ᠬᠦᠷᠢᠶ᠎ᠡ ᠬᠡᠪᠴᠢᠶ᠎ᠡ ;
( ᠲᠥᠷᠪᠡ ) ᠪᠣᠳᠠᠲᠠᠶ ᠵᠢᠷᠤᠮᠵᠢᠭᠤᠯᠬᠤ;
( ᠲᠠᠪᠤ ) ᠲᠠᠶᠢᠯᠪᠤᠷᠢᠯᠠᠬᠤ ᠪᠠᠶᠢᠭᠤᠯᠭ᠎ᠠ ;
( ᠵᠢᠷᠭᠤᠭ᠎ᠠ ) ᠬᠡᠷᠡᠭᠵᠢᠭᠦᠯᠬᠦ ᠡᠳᠦᠷ ᠬᠤᠭᠤᠴᠠᠭ᠎ᠠ ᠃
ᠠᠷᠪᠠᠨ ᠭᠤᠷᠪᠠᠳᠤᠭᠠᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠤᠨ ᠴᠢᠭᠯᠡᠯ ᠨᠢ ᠵᠥᠪ ᠂ ᠠᠭᠤᠯᠭ᠎ᠠ ᠨᠢ ᠲᠣᠳᠣᠷᠬᠠᠶ ᠂ ᠯᠣᠭᠢᠭ ᠴᠢᠩᠭ᠎ᠠ ᠨᠢᠭᠲᠠ ᠂
ᠲᠣᠭᠠᠴᠢᠯᠲᠠ ᠣᠨᠣᠪᠴᠢᠲᠠᠶ ᠪᠠᠶᠢᠬᠤ ᠂ ᠳᠦᠷᠢᠮᠵᠢᠭᠦᠨ ᠂ ᠠᠪᠰᠠᠷᠬᠠᠨ ᠂
ᠬᠡᠷᠡᠭᠵᠢᠭᠦᠯᠦᠭᠦᠰᠢᠲᠡᠶ ᠪᠠᠶᠢᠬᠤ ᠬᠡᠷᠡᠭᠳᠡᠢ ᠃
ᠠᠷᠪᠠᠨ ᠳᠥᠷᠪᠡᠳᠦᠭᠡᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠢ ᠲᠤᠭᠤᠷᠪᠢᠨ ᠪᠢᠴᠢᠬᠦ ᠳ᠋ᠦ ᠂ ᠭᠦᠨᠵᠡᠭᠡᠶ ᠪᠠᠶᠢᠴᠠᠭᠠᠨ ᠰᠤᠳᠤᠯᠤᠯᠲᠠ ᠬᠢᠵᠦ ᠂
ᠪᠣᠳᠠᠲᠤ ᠪᠠᠶᠢᠳᠠᠯ ᠢ ᠪᠦᠬᠦ ᠲᠠᠯ᠎ᠠ ᠪᠠᠷ ᠡᠵᠡᠮᠰᠢᠵᠦ ᠂ ᠲᠡᠦᠬᠡᠨ ᠲᠤᠷᠰᠢᠯᠭ᠎ᠠ ᠪᠠ
ᠦᠢᠯᠡᠳᠦᠯᠭᠡ ᠶ᠋ᠢᠨ ᠰᠢᠨ᠎ᠡ ᠲᠤᠷᠰᠢᠯᠭ᠎ᠠ ᠶ᠋ᠢ ᠨᠠᠷᠢᠨ ᠬᠢᠨᠠᠮᠠᠭᠠᠶ ᠳ᠋ᠦᠩᠨᠡᠵᠦ ᠂ ᠡᠯ᠎ᠡ
ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠪᠠ ᠥᠷᠭᠡᠨ ᠤᠯᠠᠨ ᠨᠠᠮ ᠤᠨ ᠭᠡᠰᠢᠭᠦᠳ ᠤᠨ
ᠰᠠᠨᠠᠯ ᠪᠠ ᠰᠠᠨᠠᠭᠤᠯᠭ᠎ᠠ ᠶ᠋ᠢ ᠭᠦᠢᠴᠡᠳ ᠣᠶᠢᠯᠠᠭᠠᠵᠤ ᠂ ᠴᠢᠬᠤᠯᠠ ᠲᠠᠶ ᠦᠶ᠎ᠡ ᠳ᠋ᠦ᠂
ᠪᠠᠶᠢᠴᠠᠭᠠᠨ ᠰᠤᠳᠤᠯᠤᠯᠲᠠ ᠬᠢᠵᠦ ᠂ ᠬᠠᠮᠢᠶ᠎ᠠ ᠪᠥᠬᠥᠢ ᠲᠤᠰᠬᠠᠢ ᠮᠡᠷᠭᠡᠵᠢᠯᠲᠡᠨ ᠡᠷᠳᠡᠮᠲᠡᠳ
ᠣᠷᠣᠯᠴᠠᠵᠤ ᠪᠣᠯᠬᠤ ᠪᠤᠶᠤ ᠲᠤᠰᠬᠠᠶ ᠪᠠᠶᠢᠭᠤᠯᠤᠮᠵᠢ ᠶ᠋ᠢ ᠨᠠᠶᠢᠳᠠᠵᠤ ᠪᠠᠶᠢᠭᠠᠳ ᠥᠷᠨᠢᠭᠦᠯᠵᠦ
ᠪᠣᠯᠣᠨ᠎ᠠ᠃
ᠠᠷᠪᠠᠨ ᠲᠠᠪᠤᠳᠤᠭᠠᠷ ᠵᠦᠢᠯ ᠥᠪᠡᠷᠲᠡᠭᠡᠨ
ᠵᠠᠰᠠᠬᠤ ᠣᠷᠣᠨ ᠤ ᠨᠠᠮ ᠤᠨ ᠬᠣᠷᠢᠢ᠎ᠠ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠶ᠋ᠢ
ᠲᠤᠭᠤᠷᠪᠢᠨ ᠪᠢᠴᠢᠬᠦ ᠰᠠᠯᠠᠭ᠎ᠠ ᠮᠥᠴᠢᠷ ᠪᠠ ᠨᠢᠭᠡᠴᠢ ᠂ ᠪᠤᠰᠤᠳ ᠰᠠᠯᠠᠭ᠎ᠠ ᠮᠥᠴᠢᠷ ᠪᠠ
ᠨᠢᠭᠡᠴᠢ ᠶ᠋ᠢᠨ ᠠᠵᠢᠯ ᠤᠨ ᠬᠦᠷᠢᠶᠡᠨ ᠳᠦ ᠲᠣᠭᠠᠴᠠᠭᠳᠠᠪᠠᠯ ᠂ ᠬᠣᠯᠪᠣᠭᠳᠠᠯ ᠪᠦᠬᠦᠢ ᠰᠠᠯᠠᠭ᠎ᠠ
ᠮᠥᠴᠢᠷ ᠪᠣᠯᠤᠨ ᠨᠢᠭᠡᠴᠡ ᠶ᠋ᠢ ᠵᠥᠪᠳᠡᠯᠴᠡᠨ ᠨᠢᠭᠡᠳᠦᠭᠦᠯᠬᠦ ᠬᠡᠷᠡᠭᠲᠡᠶ ᠃ ᠵᠥᠪᠳᠡᠯᠴᠡᠭᠡᠳ
ᠰᠠᠨᠠᠯ ᠨᠢᠭᠡᠳᠴᠦ ᠴᠢᠳᠠᠭᠰᠠᠨ ᠦᠭᠡᠢ ᠨᠢ᠂ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠤᠨ
ᠲᠥᠰᠦᠯ ᠢ ᠮᠡᠳᠡᠭᠦᠯᠦᠨ ᠬᠦᠷᠭᠡᠬᠦ ᠳ᠋ᠤ ᠬᠣᠯᠪᠣᠭᠳᠠᠯ ᠪᠦᠬᠦᠢ ᠪᠠᠶᠢᠳᠠᠯ ᠤᠨ ᠲᠤᠬᠠᠢ
ᠲᠣᠳᠣᠷᠬᠠᠶᠢᠯᠠᠯᠲᠠ ᠬᠢᠬᠦ ᠬᠡᠷᠡᠭᠲᠡᠢ ᠃
ᠠᠷᠪᠠᠨ ᠵᠢᠷᠭᠤᠳᠤᠭᠠᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠢ ᠲᠤᠭᠤᠷᠪᠢᠨ ᠪᠢᠴᠢᠬᠦ ᠂ ᠲᠥᠪ ᠬᠣᠷᠢᠶᠠᠨ ᠤ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠪᠣᠯᠤᠨ ᠲᠥᠪ ᠤᠨ ᠰᠠᠬᠢᠯᠭ᠎ᠠ ᠪᠠᠲᠤ ᠪᠠᠶᠢᠴᠠᠭᠠᠬᠤ ᠬᠣᠷᠢᠶ᠎ᠠ ᠂ ᠲᠥᠪ ᠦᠨ ᠡᠯ᠎ᠡ
ᠰᠠᠯᠠᠭ᠎ᠠ ᠮᠥᠴᠢᠷ ᠲᠣᠭᠲᠠᠭᠠᠭᠰᠠᠨ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠲᠠᠶ
ᠨᠡᠶᠢᠴᠡᠵᠦ ᠪᠠᠶᠢᠬᠤ ᠪᠠ ᠥᠪᠡᠷᠲᠡᠭᠡᠨ ᠵᠠᠰᠠᠬᠤ ᠣᠷᠣᠨ ᠦ ᠨᠠᠮ ᠤᠨ ᠬᠣᠷᠢᠶ᠎ᠠ ᠶ᠋ᠢᠨ ᠤᠳᠤ ᠶ᠋ᠢᠨ
ᠬᠡᠷᠡᠭᠵᠢᠭᠦᠯᠵᠦ ᠪᠠᠶᠢᠭ᠎ᠠ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠲᠠᠢ
ᠠᠪᠴᠠᠯᠳᠤᠭᠰᠠᠨ ᠪᠠᠶᠢᠬᠤ ᠬᠡᠷᠡᠭᠲᠡᠶ ᠃ ᠠᠳᠠᠯᠢ ᠨᠢᠭᠡᠨ ᠬᠡᠷᠡᠭ ᠶᠠᠪᠤᠳᠠᠯ ᠤᠨ ᠲᠤᠬᠠᠶ ᠂
ᠴᠢᠬᠤᠯᠠ ᠲᠠᠶ ᠪᠣᠯ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠤᠳᠤ ᠶ᠋ᠢᠨ
ᠬᠡᠷᠡᠭᠵᠢᠭᠦᠯᠵᠦ ᠪᠠᠶᠢᠭ᠎ᠠ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠲᠠᠢ ᠠᠳᠠᠯᠢ ᠦᠭᠡᠢ
ᠲᠣᠭᠲᠠᠭᠠᠯ ᠢ ᠭᠠᠷᠭᠠᠵᠤ ᠪᠣᠯᠣᠨ᠎ᠠ᠂ ᠲᠥᠰᠦᠯ ᠳᠦ ᠂ ᠬᠦᠴᠦᠨ ᠥᠬᠡᠶ ᠪᠣᠯᠭᠠᠬᠤ ᠪᠤᠶᠤ ᠬᠡᠷᠬᠢᠨ
ᠤᠳᠤ ᠶ᠋ᠢᠨ ᠬᠡᠷᠡᠭᠵᠢᠭᠦᠯᠵᠦ ᠪᠠᠶᠢᠭ᠎ᠠ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠤᠨ
ᠲᠣᠭᠲᠠᠭᠠᠯ ᠢ ᠬᠡᠷᠡᠭᠯᠡᠬᠦ ᠪᠥᠭᠡᠳ ᠲᠥᠰᠥᠯ ᠦᠨ ᠪᠠᠶᠢᠳᠠᠯ ᠢ ᠬᠡᠯᠡᠵᠦ ᠲᠣᠳᠣᠷᠬᠠᠶᠢᠯᠠᠬᠤ ᠪᠠ
ᠤᠴᠢᠷ ᠰᠢᠯᠲᠠᠭᠠᠨ ᠢ ᠲᠣᠳᠤᠷᠬᠠᠶ ᠢᠯᠠᠬᠤ ᠬᠡᠷᠡᠭᠲᠡᠶ ᠃
ᠠᠷᠪᠠᠨ ᠳᠣᠯᠣᠳᠤᠭᠠᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠤᠨ ᠲᠥᠰᠦᠯ ᠢ ᠲᠣᠭᠲᠠᠭᠠᠭᠰᠠᠨ ᠤ ᠲᠠᠷᠠᠭ᠎ᠠ ᠂ ᠰᠠᠨᠠᠯ ᠢ ᠥᠷᠭᠡᠨ ᠢᠶᠠᠷ
ᠬᠤᠷᠢᠶᠠᠬᠤ ᠬᠡᠷᠡᠭᠲᠡᠶ ᠃ ᠰᠠᠨᠠᠯ ᠬᠤᠷᠢᠶᠠᠬᠤ ᠬᠡᠪᠴᠢᠶ᠎ᠡ ᠨᠢ ᠨᠠᠮ ᠤᠨ ᠳᠣᠲᠣᠭᠠᠳᠤ ᠶ᠋ᠢᠨ
ᠬᠠᠤᠯᠢ ᠲᠣᠭᠲᠠᠭᠠᠯ ᠤᠨ ᠲᠥᠰᠦᠯ ᠢ ᠦᠨᠳᠦᠰᠦᠯᠡᠨ ᠪᠣᠳᠠᠲᠠᠶ ᠠᠭᠤᠯᠭ᠎ᠠ ᠶ᠋ᠢ ᠲᠣᠭᠲᠠᠭᠠᠭᠰᠠᠨ ᠂
ᠴᠢᠬᠤᠯᠠᠲᠠᠶ ᠦᠶ᠎ᠡ ᠳ᠋ᠤ ᠪᠦᠬᠦ ᠣᠷᠣᠨ ᠤ ᠡᠯ᠎ᠡ ᠱᠠᠲᠤᠨ ᠤ ᠨᠠᠮ ᠤᠨ ᠵᠣᠬᠢᠶᠠᠨ
ᠪᠠᠶᠢᠭᠤᠯᠤᠯᠲᠠ ᠶ᠋ᠢᠨ ᠬᠡᠪᠴᠢᠶᠡᠨ ᠳᠣᠲᠣᠷ᠎ᠠ ᠰᠠᠨᠠᠯ ᠬᠤᠷᠢᠶᠠᠭᠰᠠᠨ ᠪᠠᠶᠢᠨ᠎ᠠ ᠃ ᠰᠠᠨᠠᠯ
ᠬᠤᠷᠢᠶᠠᠬᠤ ᠦᠶ᠎ᠡ ᠳ᠋ᠤ ᠨᠠᠮ ᠤᠨ ᠲᠥᠯᠥᠭᠡᠯᠡᠭᠴᠢᠳ ᠤᠨ ᠶᠡᠬᠡ ᠬᠤᠷᠠᠯ ᠤᠨ ᠲᠥᠯᠥᠭᠡᠯᠡᠭᠴᠢ
ᠪᠣᠯᠤᠨ ᠬᠣᠯᠪᠣᠭᠳᠠᠯ ᠪᠦᠬᠦᠢ ᠲᠤᠰᠬᠠᠶ ᠮᠡᠷᠭᠡᠵᠢᠯᠲᠡᠨ ᠡᠷᠳᠡᠮᠲᠡᠳ ᠤᠨ ᠰᠠᠨᠠᠯ ᠢ ᠠᠩᠬᠠᠷᠤᠨ
ᠰᠣᠨᠣᠰᠬᠤ ᠬᠡᠷᠡᠭᠲᠡᠶ ᠃ ᠣᠯᠠᠨ ᠲᠦᠮᠡᠨ ᠤ ᠲᠣᠰ ᠪᠡᠶ᠎ᠡ ᠶ᠋ᠢᠨ ᠠᠰᠢᠭ ᠲᠤᠰᠠ ᠲᠠᠶ ᠨᠢᠭᠲᠠ
ᠬᠣᠯᠪᠣᠭ᠎ᠠ ᠲᠠᠶ ᠂ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠤᠨ ᠲᠥᠰᠦᠯ ᠢ ᠂ ᠤᠯᠠᠨ
ᠲᠦᠮᠡᠨ ᠤ ᠰᠠᠨᠠᠯ ᠢ ᠭᠦᠢᠴᠡᠳ ᠰᠣᠨᠣᠰᠬᠤ ᠬᠡᠷᠡᠭᠲᠡᠶ ᠃
ᠪᠢᠴᠢᠭ ᠤᠨ ᠬᠡᠯᠪᠡᠷᠢ ᠪᠡᠷ
ᠰᠠᠨᠠᠯ ᠬᠤᠷᠢᠶᠠᠵᠤ ᠪᠣᠯᠤᠨ᠎ᠠ ᠂ ᠶᠠᠷᠢᠯᠴᠠᠬᠤ ᠬᠤᠷᠠᠯ ᠠᠪᠤᠭᠰᠠᠨ ᠴᠤ ᠪᠣᠯᠤᠨ᠎ᠠ ᠂
ᠨᠤᠲᠠᠯᠠᠯᠲᠠ ᠶ᠋ᠢᠨ ᠬᠤᠷᠠᠯ ᠂ ᠰᠦᠯᠵᠢᠶᠡᠨ ᠳᠡᠭᠡᠷ᠎ᠡ ᠰᠠᠨᠠᠯ ᠬᠤᠷᠢᠶᠠᠬᠤ ᠵᠡᠷᠭᠡ ᠬᠡᠯᠪᠡᠷᠢ
ᠪᠠᠰᠠ ᠪᠣᠯᠣᠨ᠎ᠠ ᠃
ᠠᠷᠪᠠᠨ ᠨᠠᠢᠮᠠᠳᠤᠭᠠᠷ ᠵᠦᠢᠯ ᠲᠤᠭᠤᠷᠪᠢᠨ
ᠪᠢᠴᠢᠬᠦ ᠰᠠᠯᠠᠭ᠎ᠠ ᠮᠥᠴᠢᠷ ᠪᠣᠯᠤᠨ ᠨᠢᠭᠡᠴᠡ ᠨᠢ ᠥᠪᠡᠷᠲᠡᠭᠡᠨ ᠵᠠᠰᠠᠬᠤ ᠣᠷᠣᠨ ᠤ ᠨᠠᠮ ᠤᠨ
ᠬᠣᠷᠢᠢ᠎ᠠ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠤᠨ ᠲᠥᠰᠦᠯ ᠢ ᠮᠡᠳᠡᠭᠦᠯᠦᠨ
ᠬᠦᠷᠭᠡᠵᠦ ᠂ ᠲᠣᠭᠲᠠᠭᠠᠬᠤ ᠲᠣᠳᠣᠷᠬᠠᠶᠢᠯᠠᠯ ᠤᠨ ᠲᠥᠰᠦᠯ ᠢ ᠬᠠᠮᠲᠤ ᠳᠤᠨᠢ ᠮᠡᠳᠡᠭᠦᠯᠦᠨ
ᠬᠦᠷᠭᠡᠬᠦ ᠬᠡᠷᠡᠭᠲᠡᠶ ᠃ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠢ ᠲᠣᠭᠲᠠᠭᠠᠬᠤ
ᠲᠣᠳᠣᠷᠬᠠᠶᠢᠯᠠᠯ ᠨᠢ ᠂ ᠭᠣᠣᠯ ᠰᠠᠨᠠᠭ᠎ᠠ ᠂ ᠰᠠᠨᠠᠯ ᠬᠤᠷᠢᠶᠠᠭᠰᠠᠨ ᠪᠠᠶᠢᠳᠠᠯ ᠂ ᠬᠣᠯᠪᠣᠭᠳᠠᠯ
ᠪᠦᠬᠦᠢ ᠰᠠᠯᠠᠭ᠎ᠠ ᠮᠥᠴᠢᠷ ᠪᠣᠯᠤᠨ ᠨᠢᠭᠡᠴᠡ ᠶ᠋ᠢᠨ ᠵᠥᠪᠳᠡᠯᠴᠡᠨ ᠦ ᠪᠠᠶᠢᠳᠠᠯ ᠵᠡᠷᠭᠡ ᠶ᠋ᠢ
ᠪᠠᠭᠲᠠᠭᠠᠭᠰᠠᠨ ᠪᠠᠶᠢᠬᠤ ᠬᠡᠷᠡᠭᠳᠡᠢ ᠃
ᠳᠥᠷᠪᠡᠳᠦᠭᠡᠷ ᠪᠦᠯᠦᠭ ᠬᠢᠨᠠᠨ ᠵᠥᠪᠰᠢᠶᠡᠷᠡᠬᠦ ᠪᠠ ᠨᠡᠶᠢᠲᠡᠯᠡᠬᠦ
ᠠᠷᠪᠠ ᠶᠢᠰᠦᠳᠦᠭᠡᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠤᠨ ᠲᠥᠰᠦᠯ ᠢ ᠪᠠᠲᠤᠯᠠᠭᠰᠠᠨ ᠤ ᠲᠠᠷᠠᠭ᠎ᠠ ᠣᠯᠤᠭᠰᠠᠨ ᠪᠠᠶᠢᠪᠠᠯ ᠂ ᠤᠷᠢᠳᠠᠪᠠᠷ
ᠬᠠᠷᠢᠶ᠎ᠠ ᠬᠠᠤᠯᠢ ᠳᠦᠷᠢᠮ ᠤᠨ ᠠᠵᠢᠯ ᠢ ᠥᠪᠡᠷᠲᠡᠭᠡᠨ ᠵᠠᠰᠠᠬᠤ ᠣᠷᠣᠨ ᠤ ᠨᠠᠮ ᠤᠨ
ᠬᠣᠷᠢᠢ᠎ᠠ ᠶ᠋ᠢᠨ ᠠᠯᠪᠠᠨ ᠲᠢᠩᠬᠢᠮ ᠪᠠᠶᠢᠭᠤᠯᠤᠮᠵᠢ ᠡᠴᠡ ᠬᠢᠨᠠᠨ ᠬᠠᠷᠭᠤᠭᠤᠯᠬᠤ ᠬᠡᠷᠡᠭᠲᠡᠶ ᠃
ᠭᠣᠣᠯᠳᠠᠭᠤ ᠳᠣᠣᠷᠠᠬᠢ ᠠᠭᠤᠯᠭ᠎ᠠ ᠶ᠋ᠢ ᠬᠢᠨᠠᠨ ᠬᠠᠷᠭᠤᠭᠤᠯᠬᠤ ᠬᠡᠷᠡᠭᠲᠡᠶ ᠄
( ᠨᠢᠭᠡ ) ᠨᠠᠮ ᠤᠨ ᠲᠦᠷᠢᠮ ᠪᠣᠯᠤᠨ ᠨᠠᠮ ᠤᠨ ᠤᠨᠤᠯ ᠂ ᠱᠤᠭᠤᠮ ᠂ ᠴᠢᠭᠯᠡᠯᠲᠡ ᠂ ᠲᠦ᠋ᠷᠦ ᠶ᠋ᠢᠨ ᠪᠤᠳ᠋ᠤᠯᠭ᠎ᠠ ᠲᠠᠶ ᠬᠠᠷᠰᠢᠯᠳᠤᠭᠰᠠᠨ ᠡᠰᠡᠬᠦ ;
( ᠬᠣᠶᠠᠷ ) ᠦᠨᠳᠦᠰᠦᠨ ᠬᠠᠤᠯᠢ ᠪᠠ ᠬᠠᠤᠯᠢ ᠴᠠᠭᠠᠵᠠ ᠲᠠᠶ ᠨᠢᠭᠡᠳᠦᠯ ᠦᠬᠡᠢ ᠪᠠᠶᠢᠬᠤ ᠡᠰᠡᠬᠦ ;
( ᠭᠤᠷᠪᠠ ) ᠳᠡᠭᠡᠷᠡᠬᠢ ᠣᠷᠣᠨ ᠤ ᠨᠠᠮ ᠤᠨ ᠳᠣᠲᠣᠭᠠᠳᠤ ᠶ᠋ᠢᠨ ᠬᠠᠤᠯᠢ ᠳᠦᠷᠢᠮ ᠯᠦᠭᠡ ᠬᠠᠷᠰᠢᠯᠳᠤᠭᠤᠯᠬᠤ ᠤᠢᠭᠡᠢ ᠪᠠᠶᠢᠬᠤ ᠡᠰᠡᠬᠦ ;
(
ᠲᠦᠷᠪᠡ ) ᠪᠤᠰᠤᠳ ᠵᠡᠷᠭᠡᠴᠡᠭᠡ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠨᠢ ᠠᠳᠠᠯᠢ
ᠨᠢᠭᠡᠨ ᠬᠡᠷᠡᠭ ᠶᠠᠪᠤᠳᠠᠯ ᠤᠨ ᠲᠤᠬᠠᠶ ᠲᠣᠭᠲᠠᠭᠠᠯ ᠲᠠᠶ ᠮᠥᠷᠭᠥᠯᠳᠦᠭᠡᠨ ᠲᠠᠢ ᠪᠠᠶᠢᠬᠤ ᠡᠰᠡᠬᠦ ;
( ᠲᠠᠪᠤ ) ᠬᠣᠯᠪᠣᠭᠳᠠᠬᠤ ᠴᠢᠬᠤᠯᠠ ᠶᠡᠬᠡ ᠲᠥᠷᠥ ᠶ᠋ᠢᠨ ᠪᠣᠳᠣᠯᠭ᠎ᠠ ᠠᠷᠭ᠎ᠠ
ᠬᠡᠮᠵᠢᠶ᠎ᠡ ᠨᠢ ᠬᠣᠯᠪᠣᠭᠳᠠᠯ ᠪᠦᠬᠦᠢ ᠰᠠᠯᠠᠭ᠎ᠠ ᠮᠥᠴᠢᠷ ᠪᠠ ᠨᠢᠭᠡᠴᠢ ᠵᠥᠪ ᠳᠡᠯᠴᠡᠵᠦ ᠪᠠᠶᠢᠭᠠᠳ
ᠲᠣᠭᠲᠠᠭᠰᠠᠨ ᠡᠰᠡᠬᠦ ;
( ᠵᠢᠷᠭᠤᠭ᠎ᠠ ) ᠡᠷᠬᠡ ᠶ᠋ᠢᠨ ᠬᠢᠵᠠᠭᠠᠷ ᠪᠠ ᠵᠢᠷᠤᠮ ᠤᠨ ᠦᠨᠳᠦᠰᠦᠯᠡᠯ ᠳ᠋ᠦ ᠨᠡᠶᠢᠴᠡᠬᠦ ᠡᠰᠡᠬᠦ ᠶ᠋ᠢ ᠲᠣᠭᠲᠠᠭᠠᠬᠤ ᠬᠡᠷᠡᠭᠲᠡᠶ ᠃
ᠠᠰᠠᠭᠤᠳᠠᠯ
ᠣᠷᠣᠰᠢᠵᠤ ᠪᠠᠶᠢᠭ᠎ᠠ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠤᠨ ᠲᠥᠰᠦᠯ ᠢ ᠂
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠶ᠋ᠢᠨ ᠠᠯᠪᠠᠨ ᠲᠢᠩᠬᠢᠮ
ᠬᠠᠷᠢᠶᠠᠯᠠᠭᠳᠠᠬᠤ ᠬᠠᠤᠯᠢ ᠳᠦᠷᠢᠮ ᠤᠨ ᠠᠵᠢᠯ ᠤᠨ ᠪᠠᠶᠢᠭᠤᠯᠤᠮᠵᠢ ᠵᠥᠪᠰᠢᠶᠡᠷᠡᠯ ᠢᠶᠠᠷ
ᠵᠠᠰᠠᠪᠤᠷᠢ ᠣᠷᠣᠭᠤᠯᠬᠤ ᠰᠠᠨᠠᠯ ᠲᠤᠭᠤᠷᠪᠢᠨ ᠪᠢᠴᠢᠬᠦ ᠰᠠᠯᠠᠭ᠎ᠠ ᠮᠥᠴᠢᠷ ᠪᠣᠯᠤᠨ ᠨᠢᠭᠡᠴᠢ ᠳᠦ
ᠰᠠᠨᠠᠯ ᠢᠶᠡᠨ ᠳᠤᠷᠠᠳᠴᠤ ᠪᠣᠯᠤᠨ᠎ᠠ ᠃ ᠵᠢᠱᠢᠶᠡᠯᠡᠪᠡᠯ ᠂ ᠲᠤᠭᠤᠷᠪᠢᠬᠤ ᠰᠠᠯᠠᠭ᠎ᠠ ᠮᠥᠴᠢᠷ ᠪᠠ
ᠨᠢᠭᠡᠴᠢ ᠵᠠᠰᠠᠪᠤᠷᠢ ᠣᠷᠣᠭᠤᠯᠬᠤ ᠰᠠᠨᠠᠯ ᠨᠢ ᠬᠦᠯᠢᠶᠡᠵᠦ ᠠᠪᠬᠤ ᠦᠭᠡᠢ ᠪᠣᠯ ᠂ ᠥᠪᠡᠷᠲᠡᠭᠡᠨ
ᠵᠠᠰᠠᠬᠤ ᠣᠷᠣᠨ ᠤ ᠨᠠᠮ ᠤᠨ ᠬᠣᠷᠢᠶ᠎ᠠ ᠶ᠋ᠢᠨ ᠠᠯᠪᠠᠨ ᠲᠢᠩᠬᠢᠮ ᠥᠪᠡᠷᠲᠡᠭᠡᠨ ᠵᠠᠰᠠᠬᠤ
ᠣᠷᠣᠨ ᠦ ᠨᠠᠮ ᠤᠨ ᠬᠣᠷᠢᠶ᠎ᠠ ᠡᠴᠠ ᠵᠠᠰᠠᠪᠤᠷᠢ ᠣᠷᠣᠭᠤᠯᠬᠤ ᠪᠣᠯᠤᠨ᠎ᠠ ᠂ ᠠᠯᠭᠤᠷ ᠬᠢᠵᠦ
ᠥᠭᠬᠦ ᠪᠤᠶᠤ ᠪᠤᠴᠠᠭᠠᠭᠰᠠᠨ ᠠᠪᠬᠤ ᠰᠠᠨᠠᠭᠤᠯᠭ᠎ᠠ ᠃
ᠬᠣᠷᠢᠳᠤᠭᠠᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶ᠎ᠠ ᠶ᠋ᠢᠨ ᠲᠣᠭᠲᠠᠭᠠᠭᠰᠠᠨ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠪᠠᠶᠢᠪᠠᠯ ᠂ ᠥᠪᠡᠷᠲᠡᠭᠡᠨ ᠵᠠᠰᠠᠬᠤ ᠣᠷᠣᠨ ᠦ ᠨᠠᠮ ᠤᠨ
ᠬᠣᠷᠢᠢ᠎ᠠ ᠶ᠋ᠢᠨ ᠬᠢᠨᠠᠨ ᠶᠠᠷᠢᠯᠴᠠᠵᠤ ᠵᠥᠪᠰᠢᠶᠡᠷᠡᠨ᠂ ᠡᠰᠡᠬᠦᠯ᠎ᠡ ᠲᠣᠭᠲᠠᠭᠠᠭᠰᠠᠨ ᠵᠢᠷᠤᠮ
ᠶᠣᠰᠣᠭᠠᠷ ᠮᠡᠳᠡᠭᠦᠯᠦᠨ ᠬᠦᠷᠭᠡᠵᠦ ᠵᠥᠪᠰᠢᠶᠡᠷᠡᠭᠦᠯᠬᠦ ᠬᠡᠷᠡᠭᠲᠡᠶ ᠃ ᠥᠪᠡᠷᠲᠡᠭᠡᠨ ᠵᠠᠰᠠᠬᠤ
ᠣᠷᠣᠨ ᠦ ᠨᠠᠮ ᠤᠨ ᠬᠣᠷᠢᠶ᠎ᠠ ᠪᠢᠴᠢᠭ ᠮᠠᠲ᠋ᠧᠷᠢᠶᠠᠯ ᠨᠡᠶᠢᠲᠡᠯᠡᠵᠦ ᠂ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠢ ᠦᠨᠳᠦᠰᠦᠯᠡᠨ ᠪᠣᠳᠠᠲᠠᠶ ᠠᠭᠤᠯᠭ᠎ᠠ ᠶ᠋ᠢ ᠥᠪᠡᠷᠲᠡᠭᠡᠨ
ᠵᠠᠰᠠᠬᠤ ᠣᠷᠣᠨ ᠤ ᠨᠠᠮ ᠤᠨ ᠬᠣᠷᠢᠶᠠᠨ ᠤ ᠪᠦᠭᠦ ᠭᠡᠰᠢᠭᠦᠳ ᠤᠨ ᠬᠤᠷᠠᠯ ᠪᠤᠶᠤ ᠨᠠᠮ ᠤᠨ
ᠬᠣᠷᠢᠶᠠᠨ ᠤ ᠪᠠᠶᠢᠩᠭᠤ ᠶ᠋ᠢᠨ ᠬᠣᠷᠢᠶ᠎ᠠ ᠬᠢᠨᠠᠨ ᠶᠠᠷᠢᠯᠴᠠᠵᠤ ᠵᠥᠪᠰᠢᠶᠡᠷᠡᠨ᠎ᠡ ; ᠥᠪᠡᠷᠲᠡᠭᠡᠨ
ᠵᠠᠰᠠᠬᠤ ᠣᠷᠣᠨ ᠦ ᠨᠠᠮ ᠤᠨ ᠬᠣᠷᠢᠶ᠎ᠠ ᠶ᠋ᠢᠨ ᠠᠯᠪᠠᠨ ᠲᠢᠩᠬᠢᠮ ᠪᠢᠴᠢᠭ ᠮᠠᠲ᠋ᠧᠷᠢᠶᠠᠯ
ᠨᠡᠶᠢᠲᠡᠯᠡᠵᠦ ᠂ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠤᠨ ᠲᠣᠭᠲᠠᠭᠠᠭᠰᠠᠨ ᠵᠢᠷᠤᠮ
ᠶᠣᠰᠣᠭᠠᠷ ᠮᠡᠳᠡᠭᠦᠯᠦᠨ ᠬᠦᠷᠭᠡᠵᠦ ᠭᠠᠷ ᠤᠨ ᠥᠰᠥᠭ ᠵᠢᠷᠤᠵᠤ ᠵᠥᠪᠰᠢᠶᠡᠷᠡᠭᠡᠳ ᠂ ᠥᠪᠡᠷᠲᠡᠭᠡᠨ
ᠵᠠᠰᠠᠬᠤ ᠣᠷᠣᠨ ᠤ ᠨᠠᠮ ᠤᠨ ᠬᠣᠷᠢᠶᠠᠨ ᠤ ᠭᠣᠣᠯ ᠤᠳᠤᠷᠢᠳᠬᠤ ᠨᠥᠬᠥᠳ ᠢᠶᠠᠷ ᠵᠥᠪᠰᠢᠶᠡᠷᠡᠭᠦᠯᠬᠦ
ᠬᠡᠷᠡᠭᠲᠡᠶ ᠃
ᠬᠣᠷᠢᠨ ᠨᠢᠭᠡᠳᠦᠭᠡᠷ ᠵᠦᠢᠯ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠤᠨ ᠲᠥᠰᠦᠯ ᠢ ᠬᠢᠨᠠᠨ ᠶᠠᠷᠢᠯᠴᠠᠭᠠᠳ ᠵᠥᠪᠰᠢᠶᠡᠷᠡᠭᠡᠳ᠂
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶᠠᠨ ᠤ ᠠᠯᠪᠠᠨ ᠲᠢᠩᠬᠢᠮ ᠤᠨ
ᠬᠠᠷᠢᠶᠠᠯᠠᠭᠳᠠᠬᠤ ᠬᠠᠤᠯᠢ ᠳᠦᠷᠢᠮ ᠤᠨ ᠠᠵᠢᠯ ᠤᠨ ᠪᠠᠶᠢᠭᠤᠯᠤᠮᠵᠢ ᠶ᠋ᠢᠨ ᠬᠢᠨᠠᠨ
ᠲᠣᠭᠲᠠᠭᠰᠠᠨ ᠦ ᠳᠠᠷᠠᠭ᠎ᠠ ᠲᠠᠰ ᠳᠠᠷᠠᠭᠠᠯᠠᠯ ᠢᠶᠠᠷ ᠮᠡᠳᠡᠭᠦᠯᠦᠨ ᠨᠡᠶᠢᠲᠡᠯᠡᠬᠦ ᠬᠡᠷᠡᠭᠲᠡᠶ ᠃
ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠨᠢ ᠵᠥᠪᠰᠢᠶᠡᠷᠡᠭᠳᠡᠭᠰᠡᠨ ᠦ ᠲᠡᠷᠡᠭ᠎ᠠ ᠂
ᠡ᠊ᠩ ᠤᠨ ᠪᠠᠶᠢᠳᠠᠯ ᠳᠤ ᠢᠯᠡ ᠪᠡᠷ ᠨᠡᠶᠢᠲᠡᠯᠡᠬᠦ ᠬᠡᠷᠡᠭᠲᠡᠶ ᠃ ᠨᠢᠭᠤᠴᠠ ᠳᠤ ᠬᠣᠯᠪᠣᠭᠳᠠᠬᠤ ᠂
ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠢ ᠨᠡᠶᠢᠲᠡᠯᠡᠬᠦ ᠡᠴᠡ ᠡᠮᠦᠨ᠎ᠡ ᠨᠢᠭᠤᠴᠠ
ᠲᠠᠶᠢᠯᠬᠤ ᠭᠠᠷ ᠭᠦᠢᠴᠡᠳᠬᠡᠯ ᠢ ᠡᠷᠬᠡᠪᠰᠢ ᠭᠦᠢᠴᠡᠳᠬᠡᠬᠦ ᠬᠡᠷᠡᠭᠲᠡᠶ ᠃
ᠬᠣᠷᠢᠨ ᠬᠣᠶᠠᠳᠤᠭᠠᠷ ᠵᠦᠢᠯ
ᠪᠣᠳᠠᠲᠠᠶ ᠠᠵᠢᠯ ᠤᠨ ᠲᠤᠯᠭᠠᠮ ᠬᠡᠷᠡᠭᠴᠡᠭᠡᠨ ᠡᠴᠡ ᠭᠡᠪᠡᠴᠦ ᠬᠠᠷᠠᠬᠠᠨ ᠪᠣᠯᠪᠠᠰᠤᠷᠠᠵᠤ
ᠬᠦᠢᠢᠴᠡᠭᠡᠳᠦᠢ ᠨᠠᠮ ᠤᠨ ᠳᠣᠲᠣᠭᠠᠳᠤ ᠤᠨ ᠬᠠᠸᠯᠢ ᠲᠣᠭᠲᠠᠭᠠᠯ ᠢ᠂ ᠤᠷᠢᠳ ᠢᠶᠠᠷ ᠲᠤᠷᠰᠢᠨ
ᠬᠡᠷᠡᠭᠵᠢᠭᠦᠯᠵᠦ ᠂ ᠦᠢᠯᠡᠳᠦᠯᠭᠡ ᠶ᠋ᠢᠨ ᠳᠤᠮᠳᠠ ᠲᠡᠭᠦᠯᠳᠡᠷᠵᠢᠭᠦᠯᠦᠨ ᠲᠠᠷᠠᠭ᠎ᠠ ᠨᠢ ᠲᠠᠬᠢᠨ
ᠨᠡᠶᠢᠲᠡᠯᠡᠨ᠎ᠡ ᠃
ᠲᠠᠪᠤᠳᠤᠭᠠᠷ ᠪᠦᠯᠦᠭ ᠬᠡᠷᠡᠭᠯᠡᠬᠦ ᠪᠠ ᠲᠠᠶᠢᠯᠪᠤᠷᠢᠯᠠᠬᠤ
ᠬᠣᠷᠢᠨ ᠭᠤᠷᠪᠠᠳᠤᠭᠠᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶᠠᠨ ᠤ ᠲᠣᠭᠲᠠᠭᠠᠭᠰᠠᠨ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠂ ᠡᠩ ᠤᠨ ᠲᠣᠭᠲᠠᠭᠠᠯ ᠨᠢ ᠣᠨᠴᠠᠭᠠᠶ ᠲᠣᠭᠲᠠᠭᠠᠯ ᠲᠠᠶ
ᠨᠢᠭᠡᠳᠦᠯ ᠤᠢᠭᠡᠢ ᠪᠠᠶᠢᠪᠠᠯ ᠂ ᠣᠨᠴᠠᠭᠠᠶ ᠲᠣᠭᠲᠠᠭᠠᠯ ᠢ ᠬᠡᠷᠡᠭᠯᠡᠨ᠎ᠡ ; ᠬᠠᠭᠤᠴᠢᠨ
ᠲᠣᠭᠲᠠᠭᠠᠯ ᠨᠢ ᠰᠢᠨ᠎ᠡ ᠲᠣᠭᠲᠠᠭᠠᠯ ᠲᠠᠢ ᠨᠢᠭᠡᠳᠦᠯ ᠤᠢᠭᠡᠢ ᠪᠠᠶᠢᠪᠠᠯ ᠂ ᠰᠢᠨ᠎ᠡ ᠲᠣᠭᠲᠠᠭᠠᠯ ᠢ
ᠬᠡᠷᠡᠭᠯᠡᠨ᠎ᠡ ᠃
ᠬᠣᠷᠢᠨ ᠳᠥᠷᠪᠡᠳᠦᠭᠡᠷ ᠵᠦᠢᠯ ᠥᠪᠡᠷᠲᠡᠭᠡᠨ ᠵᠠᠰᠠᠬᠤ ᠣᠷᠣᠨ ᠤ
ᠨᠠᠮ ᠤᠨ ᠬᠣᠷᠢᠶᠠᠨ ᠤ ᠲᠣᠭᠲᠠᠭᠠᠭᠰᠠᠨ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠢᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶ᠎ᠠ ᠲᠠᠶᠢᠯᠪᠤᠷᠢᠯᠠᠵᠤ ᠥᠭᠬᠦ
ᠬᠡᠷᠡᠭᠲᠡᠶ ᠃ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠨᠠᠮ ᠤᠨ ᠳᠣᠲᠣᠭᠠᠳᠤ ᠶ᠋ᠢᠨ
ᠬᠠᠤᠯᠢ ᠲᠣᠭᠲᠠᠭᠠᠯ ᠢ ᠲᠠᠶᠢᠯᠪᠤᠷᠢᠯᠠᠬᠤ ᠨᠢ ᠶᠡᠷᠦ ᠳᠡᠭᠡᠨ ᠥᠪᠡᠷᠲᠡᠭᠡᠨ ᠵᠠᠰᠠᠬᠤ ᠣᠷᠣᠨ ᠤ
ᠰᠠᠬᠢᠯᠭ᠎ᠠ ᠪᠠᠲᠤ ᠪᠠᠶᠢᠴᠠᠭᠠᠬᠤ ᠬᠣᠷᠢᠶ᠎ᠠ ᠂ ᠥᠪᠡᠷᠲᠡᠭᠡᠨ ᠵᠠᠰᠠᠬᠤ ᠣᠷᠣᠨ ᠤ ᠨᠠᠮ ᠤᠨ
ᠬᠣᠷᠢᠶ᠎ᠠ ᠶ᠋ᠢᠨ ᠬᠣᠯᠪᠣᠭᠳᠠᠯ ᠪᠦᠬᠦᠢ ᠰᠠᠯᠠᠭ᠎ᠠ ᠮᠥᠴᠢᠷ ᠲᠠᠶᠢᠯᠪᠤᠷᠢᠯᠠᠯᠲᠠ ᠶ᠋ᠢᠨ ᠰᠠᠨᠠᠯ
ᠳᠤᠷᠠᠳᠤᠨ᠎ᠠ ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶᠠᠨ ᠤ ᠠᠯᠪᠠᠨ ᠲᠢᠩᠬᠢᠮ ᠤᠨ
ᠬᠠᠷᠢᠶᠠᠯᠠᠭᠳᠠᠬᠤ ᠬᠠᠤᠯᠢ ᠳᠦᠷᠢᠮ ᠤᠨ ᠠᠵᠢᠯ ᠤᠨ ᠪᠠᠶᠢᠭᠤᠯᠤᠮᠵᠢ ᠶ᠋ᠢᠨ ᠲᠣᠭᠲᠠᠭᠠᠭᠰᠠᠨ ᠵᠢᠷᠤᠮ
ᠶᠣᠰᠣᠭᠠᠷ ᠮᠡᠳᠡᠭᠦᠯᠦᠨ ᠬᠦᠷᠭᠡᠵᠦ ᠭᠠᠷ ᠤᠨ ᠥᠰᠥᠭ ᠵᠢᠷᠤᠵᠤ ᠵᠥᠪᠰᠢᠶᠡᠷᠡᠭᠡᠳ ᠂ ᠥᠪᠡᠷᠲᠡᠭᠡᠨ
ᠵᠠᠰᠠᠬᠤ ᠣᠷᠣᠨ ᠤ ᠨᠠᠮ ᠤᠨ ᠬᠣᠷᠢᠶᠠᠨ ᠤ ᠭᠣᠣᠯ ᠤᠳᠤᠷᠢᠳᠬᠤ ᠨᠥᠬᠥᠳ ᠡᠴᠠ ᠵᠥᠪᠰᠢᠶᠡᠷᠡᠭᠦᠯᠬᠦ
ᠬᠡᠷᠡᠭᠲᠡᠶ ᠃ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠤᠨ ᠲᠠᠶᠢᠯᠪᠤᠷᠢᠯᠠᠯᠲᠠ ᠨᠢ
ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠲᠠᠢ ᠠᠳᠠᠯᠢ ᠬᠦᠴᠦᠨ ᠲᠡᠶ ᠃
ᠵᠢᠷᠭᠤᠳᠤᠭᠠᠷ ᠪᠦᠯᠦᠭ ᠳᠠᠩᠰᠠᠯᠠᠭᠤᠯᠬᠤ᠂ ᠢᠯᠭᠠᠷᠠᠭᠤᠯᠬᠤ ᠪᠠ ᠦᠨᠡᠯᠡᠨ ᠵᠢᠱᠢᠬᠦ
ᠬᠣᠷᠢᠨ ᠲᠠᠪᠤᠳᠤᠭᠠᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶᠠᠨ ᠤ ᠲᠣᠭᠲᠠᠭᠠᠭᠰᠠᠨ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠨᠢ ᠨᠡᠶᠢᠲᠡᠯᠡᠭᠰᠡᠨ ᠡᠳᠦᠷ ᠡᠴᠡ ᠡᠬᠢᠯᠡᠨ 30 ᠡᠳᠦᠷ ᠤᠨ
ᠳᠣᠲᠣᠷ᠎ᠠ ᠨᠠᠮ ᠤᠨ ᠲᠥᠪ ᠬᠣᠷᠢᠶ᠎ᠠ ᠳ᠋ᠤ ᠳᠡᠪᠰᠢᠭᠦᠯᠦᠨ ᠮᠡᠳᠡᠭᠦᠯᠵᠦ ᠳᠠᠩᠰᠠᠯᠠᠭᠤᠯᠬᠤ
ᠬᠡᠷᠡᠭᠲᠡᠶ ᠂ ᠳᠡᠭᠡᠭᠰᠢ ᠮᠡᠳᠡᠭᠦᠯᠵᠦ ᠳᠠᠩᠰᠠᠯᠠᠭᠤᠯᠬᠤ ᠠᠵᠢᠯ ᠢ ᠥᠪᠡᠷᠲᠡᠭᠡᠨ ᠵᠠᠰᠠᠬᠤ
ᠣᠷᠣᠨ ᠤ ᠨᠠᠮ ᠤᠨ ᠬᠣᠷᠢᠢ᠎ᠠ ᠶ᠋ᠢᠨ ᠠᠯᠪᠠᠨ ᠲᠢᠩᠬᠢᠮ ᠬᠠᠷᠢᠶᠠᠯᠠᠭᠳᠠᠬᠤ ᠬᠠᠤᠯᠢ ᠳᠦᠷᠢᠮ ᠤᠨ
ᠠᠵᠢᠯ ᠤᠨ ᠪᠠᠶᠢᠭᠤᠯᠤᠮᠵᠢ ᠳᠠᠭᠠᠭᠠᠨ ᠠᠪᠴᠤ ᠭᠦᠢᠴᠡᠳᠬᠡᠨ᠎ᠡ ᠃
ᠬᠣᠷᠢᠨ ᠵᠢᠷᠭᠤᠳᠤᠭᠠᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶ᠎ᠠ 5 ᠵᠢᠯ ᠳᠦ ᠥᠪᠡᠷᠲᠡᠭᠡᠨ ᠵᠠᠰᠠᠬᠤ
ᠣᠷᠣᠨ ᠤ ᠰᠠᠬᠢᠯᠭ᠎ᠠ ᠪᠠᠲᠤ ᠪᠠᠶᠢᠴᠠᠭᠠᠬᠤ ᠬᠣᠷᠢᠶ᠎ᠠ ᠂ ᠥᠪᠡᠷᠲᠡᠭᠡᠨ ᠵᠠᠰᠠᠬᠤ ᠣᠷᠣᠨ ᠤ
ᠨᠠᠮ ᠤᠨ ᠬᠣᠷᠢᠢ᠎ᠠ ᠶ᠋ᠢᠨ ᠡᠯ᠎ᠡ ᠰᠠᠯᠠᠭ᠎ᠠ ᠮᠥᠴᠢᠷ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠲᠤ ᠨᠢᠭᠡ ᠤᠳᠠᠭ᠎ᠠ ᠲᠥᠪᠯᠡᠷᠡᠭᠦᠯᠦᠨ ᠴᠡᠪᠡᠷᠯᠡᠵᠦ ᠂ ᠢᠯᠭᠠᠷᠠᠭᠤᠯᠤᠭᠰᠠᠨ
ᠪᠠᠶᠢᠳᠠᠯ ᠢ ᠦᠨᠳᠦᠰᠦᠯᠡᠨ ᠴᠠᠭ ᠲᠤᠬᠠᠶ ᠳᠤᠨᠢ ᠬᠣᠯᠪᠣᠭᠳᠠᠯ ᠪᠦᠬᠦᠢ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠳᠤ ᠵᠠᠰᠠᠪᠤᠷᠢ ᠣᠷᠣᠭᠤᠯᠵᠤ ᠂ ᠬᠦᠴᠦᠨ ᠦᠭᠡᠢ ᠪᠣᠯᠭᠠᠬᠤ
ᠵᠡᠷᠭᠡ ᠵᠣᠬᠢᠬᠤ ᠰᠢᠶᠳᠪᠦᠷᠢᠯᠡᠯᠲᠡ ᠬᠢᠬᠦ ᠬᠡᠷᠡᠭᠲᠡᠶ ᠃ ᠥᠪᠡᠷᠲᠡᠭᠡᠨ ᠵᠠᠰᠠᠬᠤ ᠣᠷᠣᠨ ᠦ
ᠨᠠᠮ ᠤᠨ ᠬᠣᠷᠢᠢ᠎ᠠ ᠶ᠋ᠢᠨ ᠰᠢᠨ᠎ᠡ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠢ
ᠲᠣᠭᠲᠠᠭᠠᠬᠤ ᠪᠤᠶᠤ ᠲᠡᠭᠦᠨ ᠳᠦ ᠵᠠᠰᠠᠪᠤᠷᠢ ᠣᠷᠣᠭᠤᠯᠬᠤ ᠳᠠᠭᠠᠨ ᠂ ᠪᠤᠰᠤᠳ ᠤᠳ᠋ᠦ ᠶ᠋ᠢᠨ
ᠬᠡᠷᠡᠭᠵᠢᠭᠦᠯᠵᠦ ᠪᠠᠶᠢᠭ᠎ᠠ ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠤᠨ ᠬᠣᠯᠪᠣᠭᠳᠠᠯ
ᠪᠦᠬᠦᠢ ᠲᠣᠭᠲᠠᠭᠠᠯ ᠶᠣᠰᠣᠭᠠᠷ ᠰᠢᠨ᠎ᠡ ᠲᠣᠭᠲᠠᠭᠠᠯ ᠪᠠᠶᠢᠬᠤ ᠡᠰᠡᠬᠦ ᠂ ᠠᠮᠠ ᠰᠡᠭᠡᠷ ᠵᠣᠯᠭᠠᠬᠤ
ᠦᠭᠡᠢ ᠂ ᠨᠢᠭᠡᠳᠦᠯ ᠦᠭᠡᠢ ᠠᠰᠠᠭᠤᠳᠠᠯ ᠢ ᠵᠡᠷᠭᠡ ᠪᠡᠷ ᠰᠤᠳᠤᠯᠵᠤ ᠂ ᠡᠭᠦᠨ ᠦ ᠵᠡᠷᠭᠡ ᠪᠡᠷ
ᠰᠢᠶᠳᠪᠦᠷᠢᠯᠡᠬᠦ ᠬᠡᠷᠡᠭᠲᠡᠶ ᠃
ᠬᠣᠷᠢᠨ ᠳᠣᠯᠣᠳᠤᠭᠠᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠶ᠋ᠢᠨ ᠵᠥᠪᠰᠢᠶᠡᠷᠡᠯ ᠢᠶ᠋ᠡᠷ ᠂ ᠨᠠᠮ ᠤᠨ
ᠳᠣᠲᠣᠭᠠᠳᠤ ᠶ᠋ᠢᠨ ᠬᠠᠤᠯᠢ ᠲᠣᠭᠲᠠᠭᠠᠯ ᠤᠨ ᠲᠥᠰᠦᠯ ᠢ ᠲᠤᠭᠤᠷᠪᠢᠨ ᠪᠢᠴᠢᠬᠦ ᠰᠠᠯᠠᠭ᠎ᠠ ᠮᠥᠴᠢᠷ
ᠨᠠᠮ ᠤᠨ ᠳᠣᠲᠣᠭᠠᠳᠤ ᠶ᠋ᠢᠨ ᠬᠠᠤᠯᠢ ᠲᠣᠭᠲᠠᠭᠠᠯ ᠢ ᠬᠡᠷᠡᠭᠵᠢᠭᠦᠯᠵᠦ ᠪᠠᠶᠢᠭ᠎ᠠ ᠪᠠᠶᠢᠳᠠᠯ ᠢ
ᠴᠠᠭ ᠲᠤᠬᠠᠢ ᠳ᠋ᠦ᠋ᠨᠢ ᠲᠣᠬᠢᠷᠠᠭᠤᠯᠤᠨ ᠂ ᠬᠡᠷᠡᠭᠵᠢᠭᠦᠯᠦᠭᠰᠡᠨ ᠦᠷ᠎ᠡ ᠪᠦᠲᠦᠮᠵᠢ ᠶ᠋ᠢ ᠦᠨᠡᠯᠡᠨ
ᠵᠢᠱᠢᠬᠦ ᠠᠵᠢᠯ ᠢ ᠥᠷᠨᠢᠭᠦᠯᠵᠦ ᠪᠣᠯᠣᠨ᠎ᠠ ᠃
ᠳᠣᠯᠣᠳᠤᠭᠠᠷ ᠪᠦᠯᠦᠭ ᠳᠠᠭᠠᠯᠳᠤᠭᠤᠯᠤᠭᠰᠠᠨ ᠳᠦᠷᠢᠮ
ᠬᠣᠷᠢᠨ ᠨᠠᠢᠮᠠᠳᠤᠭᠠᠷ ᠵᠦᠢᠯ
ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠨᠠᠮ ᠤᠨ ᠳᠣᠲᠣᠭᠠᠳᠤ ᠶ᠋ᠢᠨ ᠬᠠᠤᠯᠢ
ᠲᠣᠭᠲᠠᠭᠠᠯ ᠤᠨ ᠵᠠᠰᠠᠯᠲᠠ ᠂ ᠲᠠᠶᠠᠭᠳᠠᠬᠤ ᠳ᠋ᠤ ᠲᠤᠰ ᠲᠤᠢᠷᠢᠮ ᠢ ᠬᠡᠷᠡᠭᠯᠡᠨ᠎ᠡ ᠃
ᠬᠣᠷᠢ ᠶᠢᠰᠦᠳᠦᠭᠡᠷ ᠵᠦᠢᠯ ᠲᠤᠰ ᠲᠦᠷᠢᠮ ᠢ ᠨᠡᠶᠢᠲᠡᠯᠡᠭᠰᠡᠨ ᠡᠳᠦᠷ ᠡᠴᠡ ᠡᠬᠢᠯᠡᠵᠦ ᠬᠡᠷᠡᠭᠵᠢᠭᠦᠯᠦᠨ᠎ᠡ ᠃