《ᠳᠥᠷᠪᠡ ᠶᠢ ᠡᠷᠬᠢᠮᠯᠡᠵᠦ ᠳᠥᠷᠪᠡ ᠲᠡᠶ ᠪᠠᠶᠢᠬᠤ 》᠂ ᠨᠠᠮ ᠤᠨ ᠭᠡᠰᠢᠭᠦᠨ ᠦ ᠡᠩᠨᠡᠭᠡ ᠶ᠋ᠢ ᠪᠠᠶᠢᠭᠤᠯᠵᠠᠢ

  2018-12-27

    ᠨᠠᠮ ᠤᠨ ᠭᠡᠰᠢᠭᠦᠨ ᠦ ᠡᠩᠨᠡᠭᠡ ᠶᠢᠨ ᠶᠠᠪᠤᠳᠠᠯ ᠪᠣᠯ ᠲᠦᠷᠤ ᠪᠠᠷᠢᠬᠤ ᠦᠨᠳᠦᠰᠦ ᠰᠠᠭᠤᠷᠢ ᠲᠠᠢ ᠬᠣᠯᠪᠤᠭᠳᠠᠬᠤ ᠶᠤᠮ᠃ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ 70 ᠵᠢᠯ ᠦᠨ ᠲᠤᠷᠰᠢ᠂ ᠡᠯ᠎ᠡ ᠱᠠᠲᠤᠨ ᠤ ᠨᠠᠮ ᠤᠨ ᠬᠣᠷᠢᠶ᠎ᠠ ᠪᠣᠯᠤᠨ ᠵᠣᠬᠢᠶᠠᠨ ᠪᠠᠶᠢᠭᠤᠯᠤᠯᠲᠠ ᠶᠢᠨ ᠡᠯ᠎ᠡ ᠰᠠᠯᠠᠭ᠎ᠠ ᠮᠥᠴᠢᠷ ᠪᠦᠬᠦ ᠲᠠᠯ᠎ᠠ ᠪᠠᠷ ᠂ ᠨᠠᠮ ᠤᠨ ᠭᠡᠰᠢᠭᠦᠨ ᠦ ᠡᠩᠨᠡᠭᠡᠨ ᠦ ᠪᠠᠶᠢᠭᠤᠯᠤᠯᠲᠠ ᠲᠦᠯᠬᠢᠨ ᠠᠬᠢᠭᠤᠯᠵᠤ᠂ ᠨᠠᠮ ᠤᠨ ᠭᠡᠰᠢᠭᠦᠨ ᠦ ᠡᠩᠨᠡᠭᠡᠨ ᠦ ᠪᠠᠶᠢᠭᠤᠯᠤᠯᠲᠠ ᠶᠢᠨ ᠡᠨᠡ ᠬᠦ ᠰᠠᠭᠤᠷᠢ ᠢᠨᠵᠧᠨᠧᠷᠢᠩ ᠢ ᠲᠤᠪᠤᠢᠢᠮ᠎ᠠ ᠰᠠᠶᠢᠲᠤᠷ ᠠᠳᠬᠤᠵᠤ᠂ ᠰᠤᠷᠭᠠᠨ ᠬᠥᠮᠦᠵᠢᠯ᠂ ᠬᠠᠮᠢᠶᠠᠷᠤᠯᠲᠠ ᠂ ᠦᠢᠯᠡᠴᠢᠯᠡᠬᠦ ᠨᠠᠮ ᠤᠨ ᠭᠡᠰᠢᠭᠦᠨ  ᠤ ᠤᠷᠳᠤ ᠬᠤᠭᠤᠴᠠᠭᠠᠨ ᠤ ᠬᠦᠴᠦᠨ ᠪᠦᠬᠦᠢ ᠲᠣᠭᠲᠠᠴᠠ ᠶᠢ ᠪᠦᠷᠢᠯᠳᠦᠭᠦᠯᠵᠦ᠂ ᠨᠠᠮ ᠤᠨ ᠭᠡᠰᠢᠭᠦᠨ ᠦ ᠪᠡᠶᠡᠴᠢ ᠴᠣᠭᠴᠠ ᠶᠢᠨ ᠦᠢᠯᠡᠳᠦᠯ ᠢ ᠭᠦᠢᠴᠡᠳ ᠪᠠᠳᠠᠷᠠᠭᠤᠯᠵᠤ ᠂ ᠨᠠᠮ ᠤᠨ ᠭᠡᠰᠢᠭᠦᠨ ᠦ ᠲᠡᠷᠢᠭᠦᠨ ᠦ ᠴᠢᠨᠠᠷ ᠪᠣᠯᠤᠨ ᠴᠡᠪᠡᠷ ᠴᠢᠨᠠᠷ ᠤᠨ ᠳᠣᠲᠣᠭᠠᠳᠤ ᠬᠥᠳᠡᠯᠭᠡᠬᠦ ᠬᠦᠴᠦᠨ ᠢ ᠭᠥᠭᠵᠢᠭᠡᠵᠦ᠂ ᠨᠠᠮ ᠤᠨ ᠭᠡᠰᠢᠭᠦᠨ ᠦ ᠡᠩᠨᠡᠭᠡ ᠶᠢᠨ ᠪᠠᠶᠢᠭᠤᠯᠤᠯᠲᠠ ᠶᠢᠨ ᠲᠠᠯ᠎ᠠ ᠪᠠᠷ ᠡᠯᠪᠡᠭ ᠪᠠᠶᠠᠯᠢᠭ ᠦᠷ᠎ᠡ ᠪᠦᠲᠦᠭᠡᠯ ᠣᠯᠵᠠᠢ ᠃
    ( ᠨᠢᠭᠡ ) ᠨᠠᠮ ᠤᠨ ᠭᠡᠰᠢᠭᠦᠨ ᠦ ᠡᠩᠨᠡᠭᠡ ᠲᠡᠰᠦᠷᠡᠯᠳᠠ ᠤᠢᠭᠡᠢ ᠪᠤᠵᠠᠭᠠᠶᠢᠷᠠᠵᠤ᠂ ᠪᠦᠲᠦᠴᠡ ᠲᠠᠰᠤᠷᠠᠯᠲᠠ ᠥᠬᠡᠶ ᠰᠢᠯᠢᠳᠡᠭᠵᠢᠵᠡᠢ 70 ᠵᠢᠯ ᠦᠨ ᠬᠥᠭᠵᠢᠯᠲᠡ ᠪᠡᠷ ᠳᠠᠮᠵᠢᠭᠠᠳ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠨᠢ  ᠯᠤᠲᠤ ᠶᠡᠬᠡ ᠨᠠᠮ ᠤᠨ ᠭᠡᠰᠢᠭᠦᠨ ᠦ ᠡᠩᠨᠡᠭᠡ ᠶ᠋ᠢ ᠪᠦᠷᠢᠯᠳᠦᠭᠦᠯᠦᠭᠰᠡᠨ ᠪᠠᠶᠢᠨ᠎ᠠ᠃ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠬᠤ ᠠᠴᠠ ᠡᠮᠦᠨ᠎ᠡ ᠂ ᠪᠥᠬᠥ ᠣᠷᠣᠨ ᠨᠢ ᠵᠥᠪᠬᠡᠨ 2 ᠲᠦᠮᠡ ᠭᠠᠷᠤᠶ ᠨᠠᠮ ᠤᠨ ᠭᠡᠰᠢᠭᠦᠨ ᠲᠠᠢ ᠪᠠᠶᠢᠪᠠ᠃ 70 ᠵᠢᠯ ᠦᠨ ᠬᠥᠭᠵᠢᠯᠲᠡ ᠪᠠᠷ ᠳᠠᠮᠵᠢᠨ᠂ 2015 ᠣᠨ ᠤ ᠰᠡᠭᠦᠯᠴᠢ ᠪᠣᠯᠲᠠᠯ᠎ᠠ᠂ ᠥᠪᠡᠷᠲᠡᠭᠡᠨ ᠵᠠᠰᠠᠬᠤ ᠣᠷᠣᠨ ᠤ ᠨᠠᠮ ᠤᠨ ᠭᠡᠰᠢᠭᠦᠨ 156.4 ᠲᠦᠮᠡ ᠪᠣᠯᠵᠤ ᠂ 70 ᠵᠢᠯ ᠦᠨ ᠡᠮᠦᠨᠡᠬᠢ ᠶ᠋ᠢ ᠪᠣᠳᠤᠪᠠᠯ᠂ ᠨᠠᠮ ᠤᠨ ᠭᠡᠰᠢᠭᠦᠨ ᠦ ᠲᠣᠭ᠎ᠠ ᠨᠢ 80 ᠳᠠᠬᠢᠨ ᠨᠡᠮᠡᠭᠳᠡᠪᠡ᠃ ᠨᠠᠮ ᠤᠨ ᠭᠡᠰᠢᠭᠦᠨ ᠦ ᠲᠣᠭ᠎ᠠ ᠬᠡᠮᠵᠢᠶ᠎ᠡ ᠲᠠᠰᠤᠷᠠᠯᠲᠠ ᠦᠭᠡᠢ ᠨᠡᠮᠡᠭᠳᠡᠬᠦ ᠶ᠋ᠢᠨ ᠬᠠᠮᠲᠤ᠂ ᠨᠠᠮ ᠤᠨ ᠭᠡᠰᠢᠭᠦᠨ ᠦ ᠡᠩᠨᠡᠭᠡ ᠶᠢᠨ ᠴᠢᠨᠠᠷ ᠴᠢᠨᠰᠠᠭ᠎ᠠ ᠨᠢ ᠴᠦ ᠳᠠᠰᠤᠷᠠᠯᠳᠠ ᠦᠭᠡᠢ ᠳᠡᠭᠡᠭᠰᠢᠯᠡᠵᠦ᠂ ᠨᠠᠮ ᠤᠨ ᠭᠡᠰᠢᠭᠦᠨ ᠦ ᠡᠩᠨᠡᠭᠡᠨ ᠦ ᠪᠦᠲᠦᠴᠡ ᠴᠦ ᠲᠠᠰᠤᠷᠠᠯᠲᠠ ᠦᠭᠡᠢ ᠰᠢᠯᠢᠳᠡᠭᠵᠢᠨ᠂ ᠭᠣᠣᠯᠳᠠᠭᠤ ᠨᠠᠮ ᠤᠨ ᠭᠡᠰᠢᠭᠦᠨ ᠦ ᠠᠵᠢᠯ ᠮᠡᠷᠭᠡᠵᠢᠯ ᠦᠨ ᠪᠦᠲᠦᠴᠡ᠂ ᠦᠨᠳᠦᠰᠦᠲᠡᠨ ᠤ ᠪᠦᠲᠦᠴᠡ ᠨᠢ ᠤᠯᠠᠨ ᠶᠠᠩᠵᠤ ᠪᠠᠷ ᠢᠯᠡᠷᠡᠵᠦ᠂ ᠬᠦᠢᠰᠦ ᠶ᠋ᠢᠨ ᠬᠠᠷᠢᠴᠠᠯ ᠨᠢ ᠨᠡᠩ ᠵᠦᠢ ᠵᠣᠬᠢᠰᠲᠠᠶ ᠂ ᠨᠠᠮ ᠤᠨ ᠭᠡᠰᠢᠭᠦᠨ ᠨᠠᠰᠤᠨ ᠤ ᠪᠦᠲᠦᠴᠡ ᠨᠢ ᠤᠯᠠᠮ ᠵᠠᠯᠠᠭᠤᠵᠢᠨ᠂ ᠳᠡᠭᠡᠳᠦ ᠰᠤᠷᠤᠯᠭ᠎ᠠ ᠶᠢᠨ ᠨᠠᠮᠲᠠᠷ ᠲᠠᠶ ᠨᠠᠮ ᠤᠨ ᠭᠡᠰᠢᠭᠦᠨ ᠲᠠᠰᠤᠷᠠᠯᠲᠠ ᠦᠭᠡᠢ ᠨᠡᠮᠡᠭᠳᠡᠵᠦ ᠪᠤᠢ᠃ ᠪᠦᠷᠢᠳᠬᠡᠯ ᠢ ᠦᠨᠳᠦᠰᠦᠯᠡᠪᠡᠯ ᠂ 2015 ᠣᠨ ᠤ ᠡᠴᠦᠰ ᠪᠣᠯᠲᠠᠯ᠎ᠠ ᠂ ᠥᠪᠡᠷᠲᠡᠭᠡᠨ ᠵᠠᠰᠠᠬᠤ ᠣᠷᠣᠨ ᠤ ᠡᠮᠡᠭᠲᠡᠶ ᠨᠠᠮ ᠤᠨ ᠭᠡᠰᠢᠭᠦᠨ 44.44 ᠲᠦᠮᠡᠨ ᠨᠡᠷ᠎ᠡ ᠂ ᠨᠠᠮ ᠤᠨ ᠭᠡᠰᠢᠭᠦᠨ ᠦ ᠶᠡᠷᠦᠩᠬᠡᠶ ᠲᠣᠭᠠᠨ ᠤ 28.4% ᠶ᠋ᠢ ᠡᠵᠡᠯᠡᠵᠦ᠃ ᠴᠥᠭᠡᠨ ᠲᠣᠭᠠᠲᠤ ᠦᠨᠳᠦᠰᠦᠲᠡᠨ ᠦ ᠨᠠᠮ ᠤᠨ ᠭᠡᠰᠢᠭᠦᠨ ᠨᠢ 36.44 ᠲᠦᠮᠡᠨ ᠨᠡᠷ᠎ᠡ᠂ ᠨᠠᠮ ᠤᠨ ᠭᠡᠰᠢᠭᠦᠨ ᠦ ᠪᠦᠬᠦ ᠲᠣᠭᠠᠨ ᠤ 23.3% ᠶᠢ ᠡᠵᠡᠯᠡᠪᠡ ᠂ ᠡᠭᠦᠨ ᠳᠦ ᠮᠣᠩᠭᠣᠯ ᠦᠨᠳᠦᠰᠦᠲᠡᠨ ᠦ ᠨᠠᠮ ᠤᠨ ᠭᠡᠰᠢᠭᠦᠨ 30.98 ᠨᠡᠷ᠎ᠡ ᠂ ᠨᠠᠮ ᠤᠨ ᠭᠡᠰᠢᠭᠦᠨ ᠦ ᠶᠡᠷᠦᠩᠬᠡᠶ ᠲᠣᠭᠠᠨ ᠤ 19.3% ᠶ᠋ᠢ ᠡᠵᠡᠯᠡᠵᠦ᠃ 35 ᠨᠠᠰᠤ ᠵᠢᠴᠢ ᠡᠭᠦᠨ ᠠᠴᠠ ᠳᠣᠷᠣᠭᠰᠢᠬᠢ ᠨᠠᠮ ᠤᠨ ᠭᠡᠰᠢᠭᠦᠨ 35.78 ᠨᠡᠷ᠎ᠡ ᠂ ᠨᠠᠮ ᠤᠨ ᠭᠡᠰᠢᠭᠦᠨ ᠦ ᠪᠦᠬᠦ ᠲᠣᠭᠠᠨ ᠤ 22.9% ᠶ᠋ᠢ ᠡᠵᠡᠯᠡᠵᠦ᠃ ᠳᠡᠭᠡᠳᠦ ᠵᠡᠷᠭᠡ ᠶᠢᠨ ᠲᠤᠰᠬᠠᠶ ᠮᠡᠷᠭᠡᠵᠢᠯ ᠵᠢᠴᠢ ᠲᠡᠭᠦᠨ ᠡᠴᠡ ᠳᠡᠭᠡᠭᠰᠢᠬᠢ ᠰᠤᠷᠤᠯᠭ᠎ᠠ ᠶᠢᠨ ᠨᠠᠮᠲᠠᠷ ᠲᠠᠶ ᠨᠠᠮ ᠤᠨ ᠭᠡᠰᠢᠭᠦᠨ 7818 ᠨᠡᠷ᠎ᠡ᠂ ᠨᠠᠮ ᠤᠨ ᠭᠡᠰᠢᠭᠦᠨ ᠦ ᠶᠡᠷᠦᠩᠬᠡᠶ ᠲᠣᠭᠠᠨ ᠤ 50.0% ᠡᠵᠡᠯᠡᠵᠦ ᠪᠠᠶᠢᠨ᠎ᠠ᠃ ᠨᠠᠮ ᠤᠨ ᠭᠡᠰᠢᠭᠦᠨ ᠤ ᠠᠵᠢᠯ ᠮᠡᠷᠭᠡᠵᠢᠯ ᠦᠨ ᠲᠠᠷᠬᠠᠯᠲᠠ ᠡᠴᠠ ᠦᠵᠡᠪᠡᠯ᠂ ᠠᠵᠢᠯ ᠤᠨ ᠪᠠᠶᠢᠷᠢ ᠳᠤ ᠪᠠᠶᠢᠭ᠎ᠠ ᠨᠠᠮ ᠤᠨ ᠭᠡᠰᠢᠭᠦᠨ 75.02 ᠲᠦᠮᠡᠨ ᠬᠥᠮᠦᠨ᠂ ᠲᠠᠷᠢᠶᠠᠴᠢᠨ ᠮᠠᠯᠴᠢᠨ ᠵᠢᠭᠠᠰᠤᠴᠢᠨ ᠨᠠᠮ ᠤᠨ ᠭᠡᠰᠢᠭᠦᠨ 39.03 ᠲᠦᠮᠡᠨ ᠬᠥᠮᠦᠨ᠂ ᠰᠤᠷᠤᠭᠴᠢ ᠤᠨ ᠨᠠᠮ ᠤᠨ ᠭᠡᠰᠢᠭᠦᠨ 2.32 ᠲᠦᠮᠡᠨ ᠬᠥᠮᠦᠨ᠂ ᠠᠵᠢᠯ ᠠᠴᠠ ᠪᠠᠨ ᠳᠠᠷᠬᠠᠯᠠᠬᠳᠠᠵᠤ ᠠᠵᠢᠯ ᠠᠴᠠ ᠪᠠᠨ ᠠᠮᠠᠷᠠᠭᠰᠠᠨ ᠨᠠᠮ ᠤᠨ ᠭᠡᠰᠢᠭᠦᠨ 2730 ᠲᠦᠮᠡᠨ ᠬᠥᠮᠦᠨ᠂ ᠪᠤᠰᠤᠳ ᠨᠠᠮ ᠤᠨ ᠭᠡᠰᠢᠭᠦᠨ ( ᠴᠡᠷᠢᠭ᠂ ᠵᠡᠪᠰᠡᠭᠲᠦ ᠴᠠᠭᠳᠠᠭ᠎ᠠ ) 12.77 ᠲᠦᠮᠡᠨ ᠬᠥᠮᠦᠨ᠃ 2015 ᠣᠨ ᠤ ᠪᠥᠬᠥ ᠵᠢᠯ ᠳᠦ᠂ ᠥᠪᠡᠷᠲᠡᠭᠡᠨ ᠵᠠᠰᠠᠬᠤ ᠣᠷᠣᠨ ᠦ ᠨᠠᠮ ᠤᠨ ᠭᠡᠰᠢᠭᠦᠨ ᠡᠯᠰᠡᠬᠦ 3.23 ᠲᠦᠮᠡᠨ ᠨᠡᠷ᠎ᠡ᠂ ᠨᠠᠮ ᠤᠨ ᠭᠡᠰᠢᠭᠦᠨ ᠦ ᠨᠡᠮᠡᠭᠳᠡᠯ ᠦᠨ ᠬᠤᠷᠳᠤᠴᠠ ᠨᠢ 1.5% ᠣᠷᠴᠢᠮ ᠪᠠᠶᠢᠯᠭᠠᠵᠤ᠂ 35 ᠵᠢᠴᠢ ᠡᠭᠦᠨ ᠠᠴᠠ ᠳᠣᠷᠣᠭᠰᠢᠬᠢ ᠨᠠᠮ ᠤᠨ ᠭᠡᠰᠢᠭᠦᠨ 2.56 ᠲᠦᠮᠡᠨ ᠨᠡᠷ᠎ᠡ ᠬᠥᠭᠵᠢᠭᠦᠯᠵᠦ᠂ ᠨᠠᠮ ᠤᠨ ᠭᠡᠰᠢᠭᠦᠨ ᠡᠯᠰᠡᠬᠦ ᠪᠦᠬᠦ ᠲᠣᠭᠠᠨ ᠤ 79.3% ᠶ᠋ᠢ ᠡᠵᠡᠯᠡᠵᠦ ᠪᠠᠶᠢᠨ᠎ᠠ᠃ ᠳᠡᠭᠡᠳᠦ ᠵᠡᠷᠭᠡ ᠶᠢᠨ ᠲᠤᠰᠬᠠᠶ ᠮᠡᠷᠭᠡᠵᠢᠯ ᠵᠢᠴᠢ ᠡᠭᠦᠨ ᠡᠴᠡ ᠳᠡᠭᠡᠭᠰᠢᠬᠢ ᠰᠤᠷᠤᠯᠭ᠎ᠠ ᠶᠢᠨ ᠨᠠᠮᠲᠠᠷ ᠲᠠᠢ ᠨᠠᠮ ᠤᠨ ᠭᠡᠰᠢᠭᠦᠨ ᠢ 1.66 ᠲᠦᠮᠡᠨ ᠨᠡᠷ᠎ᠡ ᠬᠥᠭᠵᠢᠭᠦᠯᠵᠦ᠂ ᠨᠠᠮ ᠤᠨ ᠭᠡᠰᠢᠭᠦᠨ ᠡᠯᠰᠡᠬᠦ ᠶᠡᠷᠦᠩᠬᠡᠶ ᠲᠣᠭ᠎ᠠ ᠶᠢᠨ 51.4% ᠵᠢ ᠡᠵᠡᠯᠡᠵᠡᠶ᠃ ᠦᠢᠯᠡᠳᠪᠦᠷᠢᠯᠡᠯ᠂ ᠡᠮᠦᠨ᠎ᠡ ᠹᠷᠣᠨᠲ᠋ ᠲᠤ ᠠᠵᠢᠯᠯᠠᠵᠤ ᠪᠠᠶᠢᠭ᠎ᠠ ᠨᠠᠮ ᠤᠨ ᠭᠡᠰᠢᠭᠦᠨ 1.85 ᠲᠦᠮᠡᠨ ᠨᠡᠷ᠎ᠡ᠂ ᠨᠠᠮ ᠤᠨ ᠭᠡᠰᠢᠭᠦᠨ ᠡᠯᠰᠡᠬᠦ ᠶᠡᠷᠦᠩᠬᠡᠶ ᠲᠣᠭᠠᠨ ᠤ 57. 3% ᠪᠡᠷ ᠡᠵᠡᠯᠡᠵᠦ ᠪᠠᠶᠢᠨ᠎ᠠ ᠃
    ( ᠬᠣᠶᠠᠷ ) ᠨᠠᠮ ᠤᠨ ᠭᠡᠰᠢᠭᠦᠨ ᠦ ᠬᠡᠪ ᠴᠢᠨᠠᠷ ᠢ ᠲᠠᠰᠤᠷᠠᠯᠲᠠ ᠦᠭᠡᠢ ᠳᠡᠭᠡᠭᠰᠢᠯᠡᠭᠦᠯᠵᠦ᠂ ᠰᠤᠷᠭᠠᠨ ᠬᠥᠮᠦᠵᠢᠯ ᠦᠨ ᠬᠠᠮᠢᠶᠠᠷᠤᠯᠲᠠ ᠶᠢᠨ ᠠᠷᠭ᠎ᠠ ᠬᠡᠯᠪᠡᠷᠢ ᠪᠡᠨ ᠲᠠᠰᠤᠷᠠᠯᠲᠠ ᠦᠭᠡᠢ ᠰᠢᠨᠡᠳᠬᠡᠵᠡᠢ
    ᠨᠠᠮ ᠤᠨ ᠭᠡᠰᠢᠭᠦᠨ ᠦ ᠡᠩᠨᠡᠭᠡ ᠶᠢᠨ ᠪᠠᠶᠢᠳᠠᠯ ᠨᠢ᠂ ᠨᠠᠮ ᠤᠨ ᠭᠡᠰᠢᠭᠦᠨ ᠦ ᠬᠡᠪ ᠴᠢᠨᠠᠷ ᠤᠨ ᠥᠨᠳᠥᠷ ᠲᠤᠤᠷ᠎ᠠ ᠪᠠᠷ ᠰᠢᠶᠳᠪᠦᠷᠢᠯᠡᠭᠳᠡᠳᠡᠭ᠃ ᠭᠡᠲᠡᠯ᠎ᠡ ᠨᠠᠮ ᠤᠨ ᠭᠡᠰᠢᠭᠦᠨ ᠦ ᠬᠡᠪ ᠴᠢᠨᠠᠷ ᠤᠨ ᠳᠡᠭᠡᠭᠰᠢᠯᠡᠯᠲᠡ ᠨᠢ᠂ ᠶᠡᠬᠡᠬᠡᠨ ᠬᠡᠮᠵᠢᠶᠡᠨ ᠳᠡᠭᠡᠷ᠎ᠡ ᠨᠠᠮ ᠤᠨ ᠵᠣᠬᠢᠶᠠᠨ ᠪᠠᠶᠢᠭᠤᠯᠤᠯᠲᠠ ᠶᠢᠨ ᠬᠥᠮᠦᠵᠢᠯ ᠪᠠ ᠬᠠᠮᠢᠶᠠᠷᠤᠯᠲᠠ ᠳ᠋ᠤ ᠰᠢᠢᠳᠪᠦᠷᠢᠯᠡᠭᠳᠡᠨ᠎ᠡ᠃ ᠨᠠᠮ ᠤᠨ ᠭᠡᠰᠢᠭᠦᠨ ᠡᠯᠰᠡᠬᠦ ᠲᠣᠭ᠎ᠠ᠂ ᠨᠠᠮ ᠤᠨ ᠭᠡᠰᠢᠭᠦᠨ ᠦ ᠪᠦᠲᠦᠴᠡ ᠶᠢ ᠰᠢᠯᠢᠳᠡᠭᠵᠢᠭᠦᠯᠬᠦ ᠶ᠋ᠢᠨ ᠬᠠᠮᠲᠤ ᠂ ᠥᠪᠡᠷᠲᠡᠭᠡᠨ ᠵᠠᠰᠠᠬᠤ ᠣᠷᠣᠨ ᠨᠢ ᠨᠠᠮ ᠤᠨ ᠭᠡᠰᠢᠭᠦᠨ ᠢ ᠬᠥᠮᠦᠵᠢᠭᠦᠯᠬᠦ  ᠪᠠ ᠬᠠᠮᠢᠶᠠᠷᠬᠤ ᠠᠵᠢᠯ ᠢ ᠲᠤᠶᠢᠯ ᠢᠶᠠᠷ ᠴᠢᠬᠤᠯᠠᠴᠢᠯᠠᠨ ᠦᠵᠡᠵᠦ ᠪᠠᠶᠢᠨ᠎ᠠ ᠃ 70 ᠵᠢᠯ ᠦᠨ ᠲᠤᠷᠰᠢ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠢ᠎ᠠ ᠢᠮᠠᠭᠲᠠ ᠨᠠᠮ ᠤᠨ ᠳᠣᠲᠣᠭᠠᠳᠤ ᠶᠢᠨ ᠰᠤᠷᠤᠯᠴᠠᠯᠭ᠎ᠠ ᠶᠢ ᠰᠠᠶᠢᠲᠤᠷ ᠬᠢᠬᠦ ᠂ ᠰᠤᠷᠭᠠᠨ ᠬᠥᠮᠦᠵᠢᠯ ᠦᠨ ᠬᠠᠮᠢᠶᠠᠷᠤᠯᠲᠠ  ᠶ᠋ᠢ ᠨᠠᠮ ᠢ ᠴᠢᠩᠭ᠎ᠠ ᠬᠠᠮᠢᠶᠠᠷᠴᠤ ᠴᠢᠩᠭ᠎ᠠ ᠵᠠᠰᠠᠬᠤ ᠴᠢᠬᠤᠯᠠ ᠭᠠᠷᠳᠠᠴᠠ ᠪᠣᠯᠭᠠᠨ ᠪᠠᠷᠢᠮᠲᠠᠯᠠᠵᠤ ᠂ ᠨᠠᠮ ᠤᠨ ᠭᠡᠰᠢᠭᠦᠨ ᠦ ᠬᠥᠮᠦᠵᠢᠯ ᠂ ᠬᠠᠮᠢᠶᠠᠷᠤᠯᠲᠠ ᠶᠢᠨ ᠲᠠᠯ᠎ᠠ ᠪᠠᠷ ᠢᠯᠡᠳᠲᠡ ᠦᠷ᠎ᠡ ᠪᠦᠲᠦᠮᠵᠢ ᠣᠯᠵᠤ ᠂ ᠪᠥᠬᠥ ᠣᠷᠣᠨ ᠤ ᠠᠵᠤ ᠠᠬᠤᠶ ᠨᠡᠶᠢᠭᠡᠮ ᠦᠨ ᠦᠷᠭᠦᠯᠵᠢᠯᠡᠨ ᠡᠷᠡᠭᠦᠯ ᠢᠶᠡᠷ ᠬᠥᠭᠵᠢᠬᠦ  ᠳ᠋ᠤ ᠬᠦᠴᠦᠷᠬᠡᠭ ᠶᠡᠬᠡ ᠬᠥᠳᠡᠯᠭᠡᠬᠦ ᠬᠦᠴᠦᠨ ᠨᠡᠮᠡᠷᠢᠯᠡᠵᠡᠢ ᠃     ᠨᠠᠮ ᠤᠨ ᠭᠡᠰᠢᠭᠦᠨ ᠦ ᠬᠠᠮᠢᠶᠠᠷᠤᠯᠲᠠ ᠶᠢᠨ ᠠᠷᠭ᠎ᠠ ᠮᠠᠶ᠋ᠢᠭ ᠢ ᠨᠡᠩ ᠰᠢᠨᠵᠢᠯᠡᠬᠦ ᠤᠬᠠᠭᠠᠨᠴᠢᠯᠠᠵᠤ᠃ ᠠᠷᠪᠠᠨ ᠨᠠᠢᠮᠠᠳᠤᠭᠠᠷ ᠶᠡᠬᠡ ᠬᠤᠷᠠᠯ ᠠᠴᠠ ᠨᠠᠰᠢ ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠨᠢ ᠲᠥᠪ ᠴᠢᠩᠭ᠎ᠠ ᠪᠡᠷ 《 ᠶᠡᠷᠦᠩᠬᠡᠶ ᠲᠣᠭ᠎ᠠ  ᠶᠢ ᠬᠢᠵᠠᠭᠠᠷᠯᠠᠵᠤ᠂ ᠪᠦᠲᠦᠴᠡ ᠶᠢ ᠰᠢᠯᠢᠳᠡᠭᠵᠢᠭᠦᠯᠬᠦ ᠂ ᠴᠢᠨᠠᠷ ᠢ ᠳᠡᠭᠡᠭᠰᠢᠯᠡᠭᠦᠯᠬᠦ ᠂ ᠦᠢᠯᠡᠳᠦᠯ  ᠢ ᠪᠠᠳᠠᠷᠠᠭᠤᠯᠬᠤ 》 ᠱᠠᠭᠠᠷᠳᠠᠯᠭ᠎ᠠ ᠨᠠᠶᠢᠳᠠᠪᠤᠷᠢᠵᠢᠭᠤᠯᠵᠤ᠂ ᠨᠠᠮ ᠤᠨ ᠭᠡᠰᠢᠭᠦᠨ ᠡᠯᠰᠡᠬᠦ ᠪᠣᠭᠣᠮᠲᠠ ᠶᠢ ᠴᠢᠩᠭ᠎ᠠ ᠠᠳᠬᠤᠵᠤ ᠂ ᠨᠠᠮ ᠤᠨ ᠭᠡᠰᠢᠭᠦᠨ ᠡᠯᠰᠡᠬᠦ ᠠᠵᠢᠯ ᠤᠨ ᠬᠠᠷᠠᠯᠲᠠ ᠵᠢ ᠭᠤᠯᠤᠭᠰᠠᠨ ᠬᠠᠮᠢᠶᠠᠷᠤᠯᠲᠠ ᠶ᠋ᠢ ᠪᠠᠷᠢᠮᠲᠠᠯᠠᠵᠤ ᠂ ᠨᠠᠮ ᠤᠨ ᠭᠡᠰᠢᠭᠦᠨ ᠡᠯᠰᠡᠬᠦ ᠳ᠋ᠦ ᠨᠡᠢᠢᠳᠡ ᠳ᠋ᠦ ᠵᠠᠷᠯᠠᠬᠤ ᠲᠥᠷᠢᠮ ᠂ ᠮᠥᠷᠳᠡᠨ ᠪᠠᠶᠢᠴᠠᠭᠠᠬᠤ ᠲᠦᠷᠢᠮ ᠶ᠋ᠢ ᠬᠡᠷᠡᠭᠵᠢᠭᠦᠯᠬᠦ ᠶ᠋ᠢ ᠪᠠᠷᠢᠮᠲᠠᠯᠠᠵᠤ᠂ ᠬᠥᠳᠡᠭᠡ ᠲᠣᠰᠬᠣᠨ ᠮᠠᠯᠵᠢᠬᠤ ᠣᠷᠣᠨ ᠂ ᠦᠢᠯᠡᠳᠪᠦᠷᠢᠯᠡᠯ ᠦᠨ ᠨᠢᠭᠡᠳᠦᠭᠡᠷ ᠹᠷᠣᠨᠲ᠋ ᠂ ᠴᠥᠭᠡᠨ ᠲᠣᠭᠠᠲᠤ ᠦᠨᠳᠦᠰᠦᠲᠡᠨ ᠪᠠ ᠡᠮᠡᠭᠲᠡᠶᠢᠴᠦᠳ ᠦᠨ ᠳᠤᠮᠳᠠ ᠵᠠᠯᠠᠭᠤ ᠨᠠᠮ ᠤᠨ ᠭᠡᠰᠢᠭᠦᠨ ᠡᠯᠰᠡᠬᠦ ᠶ᠋ᠢ ᠴᠢᠩᠭᠠᠳᠬᠠᠵᠤ ᠂ ᠨᠠᠮ ᠤᠨ ᠭᠡᠰᠢᠭᠦᠨ ᠦ ᠡᠩᠨᠡᠭᠡᠨ ᠳ᠋ᠦ ᠲᠠᠰᠤᠷᠠᠯᠲᠠ ᠦᠭᠡᠢ ᠰᠢᠨ᠎ᠡ ᠠᠮᠢᠵᠢᠷᠠᠯ ᠤᠨ ᠬᠦᠴᠦᠨ ᠨᠡᠮᠡᠷᠢᠯᠡᠨ᠎ᠡ᠃ ᠪᠤᠭᠤᠲᠤ ᠬᠣᠲᠠ ᠳᠡᠭᠡᠳᠦ ᠰᠢᠨ᠎ᠡ ᠮᠡᠷᠭᠡᠵᠢᠯ ᠦᠨ ᠨᠡᠭᠡᠭᠡᠨ ᠬᠥᠭᠵᠢᠭᠦᠯᠬᠦ ᠣᠷᠣᠨ᠂ ᠣᠷᠳᠣᠰ ᠬᠣᠲᠠ ᠪᠥᠬᠥ ᠤᠯᠤᠰ ᠤᠨ ᠲᠤᠷᠰᠢᠯᠲᠠ ᠬᠢᠭᠰᠡᠨ ᠨᠢᠭᠡᠴᠡ ᠪᠣᠯᠤᠭᠰᠠᠨ ᠤ ᠬᠤᠪᠢ ᠳᠤ ᠂ ᠲᠥᠪ ᠬᠣᠷᠢᠶᠠᠨ ᠤ ᠵᠣᠬᠢᠶᠠᠨ ᠪᠠᠶᠢᠭᠤᠯᠬᠤ ᠬᠡᠯᠲᠡᠰ ᠦᠨ ᠱᠠᠭᠠᠷᠳᠠᠯᠭ᠎ᠠ ᠶᠣᠰᠣᠭᠠᠷ ᠂ ᠨᠡᠶᠢᠭᠡᠮ ᠦᠨ ᠰᠢᠨ᠎ᠡ ᠳᠠᠪᠬᠤᠷᠭᠠᠨ ᠤ ᠳᠣᠲᠣᠷ᠎ᠠ ᠠᠴᠠ ᠨᠠᠮ ᠤᠨ ᠭᠡᠰᠢᠭᠦᠨ ᠡᠯᠰᠡᠬᠦ ᠲᠤᠷᠰᠢᠯᠲᠠ ᠶᠢᠨ ᠴᠡᠭ ᠦᠨ ᠠᠵᠢᠯ ᠢ ᠬᠢᠨᠠᠮᠠᠭᠠᠢ ᠥᠷᠨᠢᠭᠦᠯᠵᠦ᠂ ᠡᠳᠦᠶ ᠲᠡᠳᠦᠶ ᠠᠰᠢᠭᠲᠠᠶ ᠲᠤᠷᠰᠢᠯᠭ᠎ᠠ ᠶᠢ ᠬᠤᠷᠠᠮᠳᠤᠭᠤᠯᠤᠭᠰᠠᠨ ᠪᠠᠶᠢᠨ᠎ᠠ ᠃
    ᠨᠠᠮ ᠤᠨ ᠭᠡᠰᠢᠭᠦᠨ ᠦ ᠬᠥᠮᠦᠵᠢᠯ ᠦᠨ ᠠᠷᠭ᠎ᠠ ᠪᠠᠷᠢᠯ ᠢ ᠲᠠᠰᠤᠷᠠᠯᠳᠠ ᠦᠭᠡᠢ ᠰᠢᠨ᠎ᠡ ᠶᠢ ᠡᠭᠦᠳᠪᠡ᠃ ᠠᠷᠪᠠᠨ ᠨᠠᠢᠮᠠᠳᠤᠭᠠᠷ ᠶᠡᠬᠡ ᠬᠤᠷᠠᠯ ᠠᠴᠠ ᠨᠠᠰᠢ ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶ᠎ᠠ ᠨᠢ ᠨᠠᠮ ᠤᠨ ᠭᠡᠰᠢᠭᠦᠨ ᠺᠠᠳ᠋ᠷᠴᠤᠳ ᠢ ᠨᠡᠩ ᠰᠠᠶᠢᠲᠤᠷ ᠶᠡᠷᠦᠩᠬᠡᠢ ᠱᠦᠵᠢ ᠰᠢ ᠶᠢᠨ ᠫᠢᠩ ᠦᠨ ᠰᠢᠷᠢᠰ ᠶᠠᠷᠢᠶᠠᠨ ᠤ ᠵᠣᠷᠢᠭ ᠰᠠᠨᠠᠭ᠎ᠠ ᠶ᠋ᠢ ᠰᠤᠷᠤᠯᠴᠠᠨ ᠣᠶᠢᠯᠠᠭᠠᠭᠤᠯᠬᠤ ᠶ᠋ᠢᠨ ᠲᠥᠯᠥᠭᠡ ᠂ ᠪᠠᠶᠢᠩᠭᠤ ᠶᠢᠨ ᠴᠢᠨᠠᠷᠲᠠᠶ ᠬᠥᠮᠦᠵᠢᠯ ᠪᠣᠯᠤᠨ ᠲᠥᠪᠯᠡᠷᠡᠭᠦᠯᠦᠨ ᠬᠢᠬᠦ ᠰᠤᠷᠭᠠᠨ ᠬᠥᠮᠦᠵᠢᠯ ᠢ ᠤᠶᠠᠯᠳᠤᠭᠤᠯᠤᠨ᠂ ᠴᠢᠩᠭ᠎ᠠ ᠬᠠᠮᠢᠶᠠᠷᠬᠤ ᠪᠠ ᠲᠦᠷᠢᠮ ᠦᠨ ᠰᠢᠨ᠎ᠡ ᠶᠢ ᠡᠭᠦᠳᠬᠦ  ᠶ᠋ᠢ ᠤᠶᠠᠯᠳᠤᠭᠤᠯᠵᠤ᠂ ᠰᠤᠷᠭᠠᠨ ᠬᠥᠮᠦᠵᠢᠯ ᠦᠨ ᠬᠠᠨᠳᠤᠯᠭᠠᠲᠤ ᠴᠢᠨᠠᠷ ᠪᠠ ᠪᠣᠳᠠᠲᠤ ᠦᠷ᠎ᠡ ᠪᠦᠳᠦᠮᠵᠢᠳᠦ ᠴᠢᠨᠠᠷ ᠢ ᠴᠢᠩᠭᠠᠳᠬᠠᠵᠤ᠂ ᠨᠠᠮ ᠤᠨ ᠭᠡᠰᠢᠭᠦᠨ ᠦ ᠬᠥᠮᠦᠵᠢᠯ ᠬᠠᠮᠢᠶᠠᠷᠤᠯᠲᠠ ᠶ᠋ᠢᠨ ᠰᠢᠨ᠎ᠡ ᠪᠠᠶᠢᠳᠠᠯ ᠢ ᠨᠡᠭᠡᠭᠡᠭᠰᠡᠨ ᠪᠠᠶᠢᠨ᠎ᠠ᠃ ᠶᠡᠷᠦᠩᠬᠡᠢ ᠱᠦᠵᠢ ᠰᠢ ᠶᠢᠨ ᠫᠢᠩ ᠦᠨ ᠰᠢᠷᠢᠰ ᠶᠠᠷᠢᠶᠠᠨ ᠤ ᠵᠣᠷᠢᠭ ᠰᠠᠨᠠᠭ᠎ᠠ ᠶᠢ ᠰᠤᠷᠤᠯᠴᠠᠨ ᠲᠤᠤᠱᠯᠠᠭᠤᠯᠬᠤ ᠶᠠᠪᠤᠴᠠ ᠳᠤ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶ᠎ᠠ ᠨᠢ᠂ ᠦᠨᠳᠦᠰᠦᠨ ᠱᠠᠲᠤᠨ ᠤ ᠲᠣᠮᠣ ᠬᠢᠴᠢᠶᠡᠯᠯᠡᠬᠦ ᠲᠢᠩᠬᠢᠮ ᠨᠠᠮ ᠤᠨ ᠤᠨᠤᠯ ᠤᠨ ᠬᠥᠮᠦᠵᠢᠯ ᠢ ᠤᠬᠠᠭᠤᠯᠬᠤ᠂ ᠨᠠᠮ ᠤᠨ ᠭᠡᠰᠢᠭᠦᠨ ᠦ ᠳᠤᠮᠳᠠᠬᠢ ᠴᠢᠬᠤᠯᠠ ᠦᠢᠯᠡᠳᠦᠯ ᠢ ᠪᠦᠬᠦ ᠣᠷᠣᠨ ᠳ᠋ᠤ ᠪᠠᠶᠢᠭ᠎ᠠ ᠦᠨᠳᠦᠰᠦᠨ ᠱᠠᠲᠤᠨ ᠤ ᠲᠣᠮᠣ ᠬᠢᠴᠢᠶᠡᠯᠯᠡᠬᠦ ᠲᠢᠩᠬᠢᠮ ᠢ 11000 ᠪᠠᠶᠢᠭᠤᠯᠬᠤ ᠶ᠋ᠢ ᠴᠢᠬᠤᠯᠠᠴᠢᠯᠠᠵᠤ᠂ ᠤᠬᠠᠭᠤᠯᠤᠨ ᠲᠠᠶᠢᠯᠪᠤᠷᠢᠯᠠᠬᠤ ᠂ ᠵᠣᠬᠢᠴᠠᠩᠭᠤᠶ ᠪᠦᠷᠢᠨ ᠲᠥᠬᠦᠷ ᠬᠤᠲᠠ ᠬᠥᠳᠡᠭᠡ ᠶ᠋ᠢᠨ ᠬᠠᠮᠤᠷᠤᠭᠰᠠᠨ ᠤᠬᠠᠭᠤᠯᠬᠤ ᠰᠠᠭᠤᠷᠢᠨ ᠢ ᠪᠠᠶᠢᠭᠤᠯᠵᠤ᠂ ᠬᠦᠯᠢᠶᠡᠨ ᠠᠪᠤᠭᠴᠢᠳ ᠤᠨ ᠳᠡᠭᠡᠷ᠎ᠡ ᠪᠦᠷᠬᠦᠴᠡ ᠶᠢ ᠥᠷᠭᠡᠳᠬᠡᠨ᠎ᠡ᠃ ᠨᠠᠮ ᠤᠨ ᠲᠥᠪ ᠬᠣᠷᠢᠶᠠᠨ ᠤ ᠵᠣᠷᠢᠭ ᠰᠠᠨᠠᠭᠠᠨ ᠤ ᠵᠢᠯᠤᠭᠤᠳᠤᠯᠭ᠎ᠠ ᠳᠣᠣᠷ᠎ᠠ᠂ ᠪᠥᠬᠥ ᠨᠠᠮ ᠤᠨ ᠭᠡᠰᠢᠭᠦᠳ ᠦᠨ ᠳᠤᠮᠳᠠ 《 ᠣᠯᠠᠨ ᠲᠦᠮᠡᠨᠴᠢ ᠱᠤᠭᠤᠮ ᠤᠨ ᠬᠥᠮᠦᠵᠢᠯ ᠦᠢᠯᠡᠳᠦᠯᠭᠡ  ᠶᠢᠨ ᠠᠵᠢᠯᠯᠠᠭ᠎ᠠ 》 ᠂ 《 ᠬᠣᠶᠠᠷ ᠢ ᠰᠤᠷᠤᠯᠴᠠᠵᠦ ᠨᠢᠭᠡ ᠳᠦ ᠲᠡᠩᠴᠡᠭᠦᠯᠬᠦ 》 ᠰᠤᠷᠤᠯᠴᠠᠯᠭ᠎ᠠ ᠬᠥᠮᠦᠵᠢᠯ ᠦᠨ ᠠᠵᠢᠯᠯᠠᠭ᠎ᠠ ᠶ᠋ᠢ ᠦᠷᠨᠢᠭᠦᠯᠵᠦ᠂ ᠰᠢᠶᠠᠨ ᠭᠠᠵᠠᠷ ᠤᠨ ᠱᠠᠲᠤ  ᠠᠴᠠ ᠳᠡᠭᠡᠭᠰᠢᠬᠢ ᠤᠳᠤᠷᠢᠳᠬᠤ ᠺᠠᠳ᠋ᠷᠴᠤᠳ ᠤᠨ ᠳᠣᠲᠣᠷ᠎ᠠ 《 ᠭᠤᠷᠪᠠᠨ ᠴᠢᠩᠭ᠎ᠠ ᠭᠤᠷᠪᠠᠨ ᠪᠣᠳᠠᠲᠠᠶ 》 ᠶᠢᠨ ᠲᠤᠰᠬᠠᠶ ᠰᠡᠳᠦᠪᠲᠦ ᠬᠥᠮᠦᠵᠢᠯ ᠦᠨ ᠠᠵᠢᠯᠯᠠᠭ᠎ᠠ ᠶᠢ ᠥᠷᠨᠢᠭᠦᠯᠦᠭᠰᠡᠨ ᠪᠠᠶᠢᠨ᠎ᠠ ᠃
    ᠳᠤᠮᠳᠠᠳᠤ ᠤᠯᠤᠰ ᠤᠨ ᠥᠭᠡᠷᠡᠴᠢᠯᠡᠯᠲᠡ ᠨᠡᠭᠡᠭᠡᠯᠲᠡ ᠬᠢᠭᠰᠡᠨ 40 ᠰᠢᠬᠠᠮ ᠵᠢᠯ ᠦᠨ ᠬᠤᠭᠤᠴᠠᠭᠠᠨ ᠳᠤ᠂ ᠥᠪᠡᠷᠲᠡᠭᠡᠨ ᠵᠠᠰᠠᠬᠤ ᠣᠷᠣᠨ ᠳ᠋ᠤ ᠮᠠᠰᠢ ᠤᠯᠠᠨ ᠰᠢᠯᠢᠳᠡᠭ ᠨᠠᠮ ᠤᠨ ᠭᠡᠰᠢᠭᠦᠨ ᠴᠤᠯᠭᠤᠷᠠᠨ ᠭᠠᠷᠴᠤ᠂ ᠲᠡᠳᠡ ᠲᠤᠰ ᠲᠤᠰ ᠤᠨ ᠢᠶᠠᠨ ᠡᠭᠡᠯ ᠵᠢᠷ ᠦᠨ ᠠᠵᠢᠯ ᠤᠨ ᠪᠠᠶᠢᠷᠢ ᠳᠡᠭᠡᠷ᠎ᠡ᠂ ᠴᠢᠰᠤ ᠬᠥᠯᠥᠰᠦ ᠪᠡᠨ ᠤᠷᠤᠰᠬᠠᠵᠤ᠂ ᠡᠪ ᠬᠠᠮᠲᠤ ᠨᠠᠮ ᠤᠨ ᠭᠡᠰᠢᠭᠦᠨ ᠦ ᠢᠲᠡᠭᠡᠯ ᠪᠢᠰᠢᠷᠡᠯ ᠪᠠ ᠵᠣᠷᠢᠯᠲᠠ ᠶᠢ ᠦᠢᠯᠡᠳᠦᠯᠭᠡᠵᠢᠭᠦᠯᠵᠦ᠂ ᠨᠠᠮ ᠤᠨ ᠲᠡᠷᠢᠭᠦᠨ ᠦ ᠴᠢᠨᠠᠷ ᠢ ᠢᠯᠡᠷᠡᠭᠦᠯᠵᠦ᠂ ᠠᠷᠠᠳ ᠲᠦᠮᠡᠨ ᠦ ᠬᠦᠨᠳᠦᠳᠬᠡᠯ ᠢ ᠣᠯᠵᠤ᠂ ᠤᠯᠠᠨ ᠲᠦᠮᠡᠨ ᠦ ᠰᠡᠳᠬᠢᠯ ᠳᠣᠲᠣᠷ᠎ᠠ ᠳᠤᠮᠳᠠᠳᠤ ᠤᠯᠤᠰ ᠤᠨ ᠡᠪ ᠬᠠᠮᠲᠤᠴᠤᠳ ᠤᠨ ᠤᠶᠤᠨ ᠰᠠᠨᠠᠭᠠᠨ ᠤ ᠪᠠᠶᠢᠳᠠᠯ ᠪᠣᠯᠤᠨ ᠡᠷᠬᠢᠮ ᠳᠡᠭᠡᠳᠦ ᠬᠡᠪ ᠰᠤᠷᠲᠠᠯ ᠤᠨ ᠮᠥᠩᠬᠡ ᠶᠢᠨ ᠬᠥᠰᠢᠢ᠎ᠡ ᠶᠢ ᠪᠠᠶᠢᠭᠤᠯᠵᠠᠢ᠂ ᠪᠦᠬᠦ ᠣᠷᠣᠨ ᠤ ᠳᠡᠭᠡᠷ᠎ᠡ ᠳᠣᠣᠷ᠎ᠠ ᠱᠠᠲᠤᠨ ᠳᠤ ᠠᠵᠢᠯ ᠬᠢᠵᠦ ᠦᠢᠯᠡᠰ ᠪᠤᠰᠬᠠᠬᠤ᠂ ᠥᠭᠡᠷᠡᠴᠢᠯᠡᠯᠲᠡ ᠬᠢᠵᠦ ᠰᠢᠨ᠎ᠡ ᠶᠢ ᠡᠭᠦᠳᠬᠦ ᠂ ᠲᠡᠷᠢᠭᠦᠯᠡᠬᠦ ᠪᠡᠷ ᠴᠢᠷᠮᠠᠶᠢᠵᠤ ᠰᠢᠯᠢᠳᠡᠭ ᠢ ᠪᠦᠲᠦᠭᠡᠬᠦ ᠠᠭᠤᠷ ᠠᠮᠢᠰᠬᠤᠯ ᠢ ᠪᠣᠢ ᠪᠣᠯᠭᠠᠵᠠᠶ ᠃
    ᠳᠤᠮᠳᠠᠳᠤ ᠤᠯᠤᠰ ᠤᠨ ᠡᠪ ᠬᠠᠮᠲᠤ ᠨᠠᠮ ᠪᠠᠶᠢᠭᠤᠯᠤᠭᠳᠠᠭᠰᠠᠨ 95 ᠵᠢᠯ ᠦᠨ ᠤᠢ ᠪᠣᠯᠬᠤ ᠲᠠᠰᠢᠷᠠᠮ ᠳᠤ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢᠶ᠎ᠠ ᠨᠢ ᠪᠦᠬᠦ ᠣᠷᠣᠨ ᠤ 50 ᠨᠡᠷᠡᠰ ᠰᠢᠯᠢᠳᠡᠭ ᠡᠪ ᠬᠠᠮᠲᠤ ᠨᠠᠮ ᠤᠨ ᠭᠡᠰᠢᠭᠦᠨ᠂ 50 ᠨᠡᠷᠡᠰ ᠰᠢᠯᠢᠳᠡᠭ ᠨᠠᠮ ᠤᠨ ᠠᠵᠢᠯᠳᠠᠨ᠂ 50 ᠨᠡᠷᠡᠰ ᠰᠢᠯᠢᠳᠡᠭ ᠭᠠᠴᠠᠭ᠎ᠠ ᠲᠣᠰᠬᠣᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠱᠦᠵᠢ᠂ 10 ᠨᠡᠷᠡᠰ ᠰᠢᠯᠢᠳᠡᠭ ᠰᠤᠮᠤ ᠰᠢᠶᠠᠩ ᠪᠠᠯᠭᠠᠰᠤ ᠶᠢᠨ ᠨᠠᠮ ᠤᠨ ᠬᠣᠷᠢᠢ᠎ᠠ ᠶᠢᠨ ᠱᠦᠵᠢ᠂ 100 ᠲᠡᠷᠢᠭᠦᠨ ᠦ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢ ᠰᠠᠶᠢᠰᠢᠶᠠᠨ ᠬᠥᠬᠢᠭᠦᠯᠵᠦ᠂ ᠲᠡᠳᠡᠨ ᠢ ᠦᠷᠭᠦᠯᠵᠢᠯᠡᠨ ᠳᠠᠷᠤᠤ ᠬᠢᠴᠢᠶᠡᠩᠭᠦᠶ ᠬᠡᠷᠰᠡᠦ ᠪᠣᠯᠭᠣᠮᠵᠢᠲᠠᠶ ᠪᠠᠶᠢᠵᠤ᠂ ᠪᠠᠷᠳᠠᠮᠨᠠᠬᠤ ᠦᠭᠡᠢ ᠪᠠᠴᠢᠮᠳᠠᠬᠤ ᠦᠭᠡᠢ ᠪᠠᠶᠢᠬᠤ ᠰᠢᠯᠢᠳᠡᠭ ᠰᠠᠶᠢᠨ ᠰᠤᠷᠲᠠᠯ ᠢ ᠪᠠᠷᠢᠮᠲᠠᠯᠠᠬᠤ ᠶ᠋ᠢ ᠬᠦᠰᠡᠵᠦ᠂ ᠬᠦᠴᠦᠷᠬᠡᠭᠵᠢᠬᠦ ᠪᠡᠷ ᠬᠦᠴᠦᠯᠡᠨ ᠴᠢᠷᠮᠠᠶᠢᠬᠤ ᠤᠶᠤᠨ ᠰᠠᠨᠠᠭᠠᠨ ᠤ ᠳᠦᠷᠰᠦ ᠪᠠᠶᠢᠳᠠᠯ ᠢ ᠪᠠᠲᠤᠯᠠᠵᠤ᠂ ᠪᠣᠳᠠᠲᠤ ᠠᠵᠢᠯᠯᠠᠭ᠎ᠠ ᠶᠢ ᠡᠷᠬᠢᠮᠯᠡᠨ ᠰᠢᠨ᠎ᠡ ᠶᠢ ᠡᠭᠦᠳᠴᠦ᠂ ᠬᠣᠰᠢᠭᠤᠴᠢ ᠵᠢᠱᠢᠶᠡᠴᠢ ᠶᠢᠨ ᠳᠦᠷᠢ ᠲᠥᠷᠬᠦ ᠶᠢ ᠡᠭᠦᠷᠢᠳᠡ ᠬᠠᠳᠠᠭᠠᠯᠠᠵᠤ᠂ ᠬᠣᠰᠢᠭᠤᠴᠢ ᠦᠢᠯᠡᠳᠦᠯ ᠦᠵᠡᠭᠦᠯᠵᠦ᠂ ᠲᠤᠰ ᠠᠵᠢᠯ ᠤᠨ ᠪᠠᠶᠢᠷᠢ ᠳᠠᠭᠠᠨ ᠰᠠᠭᠤᠷᠢᠯᠠᠨ᠂ ᠲᠡᠷᠢᠭᠦᠨ ᠦ ᠠᠵᠢᠯ ᠤᠨ ᠪᠦᠲᠦᠮᠵᠢ ᠭᠠᠷᠭᠠᠬᠤ ᠪᠠᠷ ᠴᠢᠷᠮᠠᠶᠢᠵᠤ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠤᠨ ᠪᠦᠲᠦᠭᠡᠬᠦ ᠰᠢᠨ᠎ᠡ ᠢᠯᠠᠯᠲᠠ ᠶᠢ ᠲᠡᠮᠡᠴᠡᠨ ᠤᠯᠬᠤ ᠶᠢᠨ ᠲᠥᠯᠥᠭᠡ ᠨᠡᠩ ᠶᠡᠬᠡ ᠰᠢᠨ᠎ᠡ ᠬᠤᠪᠢ ᠨᠡᠮᠡᠷᠢ ᠦᠵᠡᠭᠦᠯᠬᠦ ᠬᠡᠷᠡᠭᠲᠡᠶ ᠃

ᠵᠣᠬᠢᠶᠠᠭᠴᠢ:
ᠢᠷᠡᠯᠲᠡ: