ᠶᠣᠨᠳᠦ᠋ᠸᠠᠩᠴᠤᠭ

ᠶᠣᠨᠳᠦ᠋ᠸᠠᠩᠴᠤᠭ ︵1870 ︱1938︶᠂ ᠮᠣᠩᠭᠣᠯ ᠦᠨᠳᠦᠰᠦᠲᠡᠨ ᠂ ᠴᠠᠭᠠᠨ ᠪᠦᠷᠢᠮᠡ ᠰᠠᠷ᠎ᠠ ᠶ᠋ᠢᠨ 6 ᠦ ᠡᠳᠦᠷ ᠳᠠᠷᠬᠠᠨ ᠪᠦᠢᠯᠡ ᠬᠤᠰᠢᠭᠤᠨ ᠳ᠋ᠤ ᠲᠦᠷᠦᠵᠦ ᠂ ᠬᠠᠯᠠᠬ᠎ᠠ ᠪᠠᠷᠠᠭᠤᠨ ᠭᠠᠷᠤᠨ ᠤᠨ ᠵᠠᠰᠠᠭᠲᠦ ᠳᠠᠷᠬᠠᠨ ᠭᠦᠩᠰᠡᠩ ᠲᠠᠶᠢᠵᠢ ᠶ᠋ᠢᠨ ᠬᠣᠶᠠᠳᠤᠭᠠᠷ ᠬᠦᠦ ᠪᠤᠯᠤᠨ ᠵᠠᠶᠠᠭᠠᠵᠠᠢ᠃ 1891 ᠣᠨ ( ᠪᠠᠳᠠᠷᠠᠭᠤᠯᠲᠤ ᠲᠥᠷᠥ ᠶ᠋ᠢᠨ ᠠᠷᠪᠠ ᠶᠢᠰᠦᠳᠦᠭᠡᠷ ᠣᠨ ) ᠳ᠋ᠦ᠂ ᠳᠠᠷᠬᠠᠨ ᠪᠤᠶᠢᠯᠠ ᠶ᠋ᠢᠨ ᠬᠡᠷᠭᠡᠮ ᠵᠠᠯᠭᠠᠮᠵᠢᠯᠠᠵᠠᠶ ᠃
ᠶᠣᠨᠳᠦ᠋ᠸᠠᠩᠴᠤᠭ ᠪᠠᠭ᠎ᠠ ᠡᠴᠠ ᠪᠠᠨ ᠪᠢᠴᠢᠭ ᠰᠤᠷᠬᠤ ᠳ᠋ᠤ ᠪᠠᠬᠠᠲᠠᠢ᠂ 8 ᠨᠠᠰᠤᠲᠠᠶ ᠳᠠᠭᠠᠨ ᠤᠯᠠᠭᠠᠨᠴᠠᠪ ᠠᠶᠢᠮᠠᠭ ᠤᠨ ᠠᠶᠢᠮᠠᠭ ᠤᠨ ᠳᠠᠷᠤᠭ᠎ᠠ ᠨᠠᠮᠤᠬᠠᠶᠢᠳᠤᠷᠵᠢ ᠭᠤᠸᠠᠶ ᠲᠡᠭᠦᠨ ᠳ᠋ᠤ 《 ᠰᠡᠴᠡᠨ ᠵᠦᠩᠨᠡᠩᠴᠢ 》 ᠨᠡᠷᠡᠮᠵᠢᠲᠦ (ᠰᠡᠷᠭᠦᠯᠡᠩ ᠂ ᠤᠬᠠᠭᠠᠯᠢᠭ) ᠃ 9 ᠨᠠᠰᠤᠲᠠᠶ ᠳᠠᠭᠠᠨ ᠬᠣᠰᠢᠭᠤ ᠶᠠᠮᠤᠨ ᠤ ᠰᠤᠷᠭᠠᠭᠤᠯᠢ ᠳ᠋ᠤ ᠪᠢᠴᠢᠭ ᠦᠵᠡᠵᠦ ᠂ ᠬᠡᠷᠭᠡᠮ ᠵᠠᠯᠭᠠᠮᠵᠢᠯᠠᠲᠠᠯᠠ ᠰᠤᠷᠤᠯᠴᠠᠪᠠ ᠃
1896 ᠣᠨ ( ᠪᠠᠳᠠᠷᠠᠭᠤᠯᠲᠤ ᠲᠥᠷᠥ ᠶᠢᠨ ᠬᠣᠷᠢᠨ ᠬᠣᠶᠠᠳᠤᠭᠠᠷ ᠣᠨ ) ᠳ᠋ᠤ ᠂ ᠤᠯᠠᠭᠠᠨᠴᠠᠪ ᠠᠶᠢᠮᠠᠭ ᠤᠨ ᠳᠡᠳ᠋ ᠠᠶᠢᠮᠠᠭ ᠤᠨ ᠳᠠᠷᠤᠭ᠎ᠠ ᠪᠣᠯᠵᠦ ᠠᠶᠢᠮᠠᠭ ᠤᠨ ᠠᠵᠢᠯ ᠳᠤ ᠬᠠᠮᠵᠢᠯᠴᠠᠨ ᠬᠠᠮᠢᠶᠠᠷᠤᠨ᠎ᠠ ᠃
1912 ᠣᠨ ( ᠢᠷᠭᠡᠨ ᠤᠯᠤᠰ ᠤᠨ ᠲᠡᠷᠢᠭᠦᠨ ᠣᠨ ) ᠳ᠋ᠦ ᠳᠤᠮᠳᠠᠳᠤ ᠢᠷᠭᠡᠨ ᠤᠯᠤᠰ ᠤᠨ ᠵᠠᠰᠠᠭ ᠤᠨ ᠣᠷᠳᠣᠨ ᠡᠴᠠ ᠲᠡᠭᠦᠨ ᠢ ᠵᠢᠶᠦ᠋ᠨ ᠸᠠᠩ ᠡᠷᠭᠦᠮᠵᠢᠯᠡᠪᠡ ᠃ ᠭᠤᠷᠪᠠᠨ ᠵᠢᠯ ᠤᠨ ᠲᠠᠷᠠᠭ᠎ᠠ ᠪᠠᠰᠠ ᠴᠢᠨ ᠸᠠᠩ ᠴᠣᠯᠠ ᠡᠷᠭᠦᠮᠵᠢᠯᠡᠪᠡ ᠃ 1914 — 1926 ᠣᠨ ᠳ᠋ᠦ ( ᠢᠷᠭᠡᠨ ᠤᠯᠤᠰ ᠤᠨ 3 — 15 ᠵᠢᠯ ᠦᠨ ᠳᠠᠷᠠᠭ᠎ᠠ ) ᠂ ᠲᠡᠷᠡ ᠤᠷᠢᠳ ᠬᠣᠵᠢᠳ ᠪᠡᠯᠡ ᠭᠠᠷᠭᠠᠭᠰᠠᠨ ᠪᠤᠶᠤ ᠪᠡᠯᠡ ᠴᠤᠭᠯᠠᠭᠤᠯᠵᠤ ᠲᠠᠢᠢᠨ ᠳ᠋ᠤ ᠡᠪᠳᠡᠭᠳᠡᠭᠰᠡᠨ ᠪᠠᠲᠤᠬᠠᠭᠠᠯᠭ᠎ᠠ ᠵᠡᠷᠭᠡ ᠲᠠᠪᠤᠨ ᠭᠣᠣᠯ ᠳᠤᠭᠠᠩ ᠢ ᠰᠡᠯᠪᠢᠨ ᠵᠠᠰᠠᠵᠤ ᠂ ᠭᠤᠤᠯ ᠣᠷᠳᠤᠨ《 ᠴᠤᠭᠴᠢᠨ 》 ᠲᠤᠭᠠᠩ ᠢ ᠦᠷᠭᠡᠳᠬᠡᠨ ᠪᠠᠶᠢᠭᠤᠯᠤᠭᠰᠠᠨ ᠪᠠᠶᠢᠨ᠎ᠠ ᠃
1920 ᠣᠨ (ᠢᠷᠭᠡᠨ ᠤᠯᠤᠰ ᠤᠨ 9 ᠵᠢᠯ ) ᠲᠦ᠂ ᠤᠯᠠᠭᠠᠨᠴᠠᠪ ᠠᠶᠢᠮᠠᠭ ᠤᠨ ᠳᠠᠷᠤᠭ᠎ᠠ ᠪᠥᠭᠡᠳ ᠰᠡᠷᠭᠡᠶᠢᠯᠡᠨ ᠬᠠᠮᠠᠭᠠᠯᠠᠬᠤ ᠴᠡᠷᠢᠭ ᠴᠠᠭᠳᠠᠭ᠎ᠠ ᠦ ᠶᠠᠪᠤᠳᠠᠯ ᠤᠨ ᠰᠠᠶᠢᠳ ᠤᠨ ᠲᠤᠰᠢᠶᠠᠯ ᠢ ᠬᠠᠪᠰᠤᠷᠭᠠᠨ ᠬᠠᠷᠢᠴᠠᠭᠤᠯᠪᠠ᠃ 1929 ᠣᠨ ( ᠢᠷᠭᠡᠨ ᠤᠯᠤᠰ ᠤᠨ 18 ᠵᠢᠯ ) ᠳ᠋ᠤ᠂ ᠭᠣᠮᠢᠨᠳᠠᠩ ᠤᠨ ᠰᠦᠢᠶᠤᠸᠠᠨ ᠮᠣᠵᠢ ᠶ᠋ᠢᠨ ᠵᠠᠰᠠᠭ ᠤᠨ ᠣᠷᠳᠣᠨ ᠤ ᠪᠦᠷᠢᠯᠳᠦᠬᠦᠨ ᠤ ᠲᠤᠰᠢᠶᠠᠯ ᠢ ᠡᠭᠦᠷᠭᠡᠯᠡᠪᠡ ᠃ 1930 ᠣᠨ ᠳ᠋ᠦ ( ᠢᠷᠭᠡᠨ ᠤᠯᠤᠰ ᠤᠨ 19 ᠣᠨ ) ᠂ ᠤᠯᠠᠭᠠᠨᠴᠠᠪ ᠠᠶᠢᠮᠠᠭ ᠤᠨ ᠠᠮᠤᠷ ᠢ ᠬᠠᠮᠠᠭᠠᠯᠠᠬᠤ ᠠᠩᠭᠢ ᠶ᠋ᠢᠨ ᠨᠣᠶᠠᠨ ᠪᠠᠶᠢᠵᠠᠶ ᠃ ᠮᠥᠨ ᠵᠢᠯ ᠳᠤ ᠂ ᠨᠠᠰᠤ ᠥᠨᠳᠥᠷ ᠪᠣᠯᠵᠤ ᠂ ᠲᠤᠰᠢᠶᠠᠯ ᠬᠠᠪᠰᠤᠷᠭᠠᠭᠰᠠᠨ ᠠᠷᠪᠢᠨ ᠵᠡᠷᠭᠡ ᠤᠴᠢᠷ ᠰᠢᠯᠲᠠᠭᠠᠨ ᠢᠶ᠋ᠡᠷ ᠳᠠᠷᠬᠠᠨ ᠪᠣᠶᠢᠯᠠ ᠬᠣᠰᠢᠭᠤ ᠤ ᠵᠠᠰᠠᠭ ᠤᠨ ᠲᠠᠮᠠᠭ᠎ᠠ ᠪᠣᠯᠤᠨ ᠲᠤᠰᠢᠶᠠᠯ ᠢᠶᠠᠨ ᠲᠦᠷᠦᠭᠰᠡᠨ ᠳᠡᠭᠦᠦ ᠭᠡᠨᠳᠡᠶᠢᠵᠡᠪ ᠲᠦ ᠪᠠᠨ ᠪᠠᠶᠢᠷᠢ ᠰᠢᠯᠵᠢᠬᠦᠯᠦᠨ ᠦᠭᠭᠦᠭᠰᠡᠨ ᠪᠠᠶᠢᠨ᠎ᠠ ᠃
ᠬᠣᠷᠢᠳᠤᠭᠠᠷ ᠣᠨ ᠤ ᠳᠤᠮᠳᠠᠴᠢ ᠡᠴᠠ ᠭᠤᠴᠢᠭᠠᠳ ᠣᠨ ᠳ᠋ᠤ ᠂ ᠶᠣᠨᠳᠦ᠋ᠸᠠᠩᠴᠤᠭ ᠡᠴᠠ ᠦᠶ᠎ᠡ ᠦᠶ᠎ᠡ ᠶᠢᠨ ᠵᠠᠰᠠᠭ ᠭᠡᠷᠬᠢᠮ ᠨᠡᠭᠦᠳᠡᠯᠡᠨ ᠰᠠᠭᠤᠬᠤ ᠳᠠᠳᠬᠠᠯ ᠢ ᠬᠦᠴᠦᠨ ᠦᠭᠡᠢ ᠪᠤᠯᠭᠠᠵᠤ ᠂ ᠪᠠᠲᠤᠬᠠᠭᠠᠯᠭ᠎ᠠ ᠡᠴᠠ ᠵᠡᠭᠦᠨ ᠬᠣᠶᠢᠲᠤ 30 ᠺᠢᠯᠣᠮᠧᠲ᠋ᠷ ᠵᠠᠶᠢᠲᠠᠶ ᠪᠠᠶᠢᠭ᠎ᠠ ᠴᠠᠭᠠᠨ ᠬᠦᠪ ᠲᠦ ᠸᠠᠩ ᠤᠨ ᠬᠣᠷᠣᠭ᠎ᠠ ᠪᠠᠶᠢᠭᠤᠯᠵᠤ ᠂ ᠶᠠᠮᠤᠨ ᠂ ᠴᠡᠷᠢᠭ ᠤᠨ ᠬᠤᠸᠠᠷᠠᠨ ᠂ ᠰᠤᠷᠭᠠᠭᠤᠯᠢ ᠵᠡᠷᠭᠡ ᠶᠢ ᠡᠷᠬᠢᠯᠡᠨ ᠪᠠᠶᠢᠭᠤᠯᠵᠤ᠂ ᠮᠣᠩᠭᠣᠯ ᠬᠢᠲᠠᠳ ᠬᠡᠯᠡ ᠤ ᠪᠠᠭᠰᠢ ᠠᠪᠤᠭᠠᠶ ᠶ᠋ᠢ ᠵᠠᠯᠠᠵᠦ ᠂ ᠬᠣᠰᠢᠭᠤ ᠵᠠᠰᠠᠭ ᠤᠨ ᠣᠷᠳᠣᠨ ᠪᠡᠯᠡ ᠬᠠᠷᠭᠠᠵᠦ ᠰᠦᠢᠳᠬᠡᠯ ᠬᠤᠷᠢᠶᠠᠬᠤ ᠦᠭᠡᠶ ᠪᠡᠷ 30 ᠭᠠᠷᠤᠶ ᠮᠠᠯᠴᠢᠳ ᠤᠨ ᠦᠷ᠎ᠡ ᠬᠡᠦᠬᠡᠳ ᠢ ᠡᠯᠰᠡᠵᠦ ᠂ ᠡᠨᠡ ᠨᠢ ᠳᠠᠷᠬᠠᠨ ᠬᠣᠰᠢᠭᠤ ᠡᠭᠦᠳᠦᠨ ᠪᠠᠶᠢᠭᠤᠯᠤᠵᠦ ᠪᠤᠢ ᠪᠣᠯᠤᠭᠰᠠᠨ ᠡᠴᠡ ᠨᠠᠭᠠᠰᠢᠬᠢ ᠠᠩᠬᠠᠨ ᠤ ᠰᠢᠨ᠎ᠡ ᠮᠠᠶ᠋ᠢᠭ ᠤᠨ ᠰᠤᠷᠭᠠᠭᠤᠯᠢ ᠳ᠋ᠤ ᠪᠢᠴᠢᠭ ᠦᠵᠡᠭᠦᠯᠦᠨ ᠰᠤᠷᠤᠯᠴᠠᠭᠤᠯᠵᠦ ᠂ ᠤᠷᠢᠳ ᠬᠣᠵᠢᠳ ᠭᠤᠴᠢᠨ ᠬᠦᠮᠦᠨ ᠢ ᠰᠦᠢᠶᠤᠸᠠᠨ ᠤ ᠲᠠᠪᠤᠨ ᠬᠣᠰᠢᠭᠤ ᠰᠢᠶᠠᠨ ᠤ ᠳᠡᠭᠡᠳᠦ ᠰᠤᠷᠭᠠᠭᠤᠯᠢ ᠳᠤ ᠬᠦᠷᠭᠡᠭᠰᠡᠨ ᠪᠠᠶᠢᠨ᠎ᠠ᠃ ᠡᠭᠦᠨ ᠦ ᠵᠡᠷᠭᠡᠴᠡᠭᠡᠪᠡᠷ ᠂ ᠣᠷᠣᠨ ᠨᠤᠲᠤᠭ ᠤᠨ ᠵᠡᠪᠰᠡᠭᠲᠦ ᠬᠦᠴᠦᠨ ᠢ ᠢᠳᠡᠪᠬᠢᠲᠠᠢ ᠪᠠᠷ ᠵᠤᠬᠢᠶᠠᠨ ᠪᠠᠶᠢᠭᠤᠯᠵᠤ ᠂ ᠤᠷᠢᠳ ᠬᠣᠵᠢᠳ ᠬᠡᠳᠦᠨ ᠵᠠᠭᠤᠨ ᠬᠥᠮᠦᠨ ᠤ 《 ᠠᠮᠤᠷ ᠢ ᠬᠠᠮᠠᠭᠠᠯᠠᠬᠤ ᠴᠡᠷᠢᠭ 》 ᠂ 《 ᠬᠤᠳᠠᠯᠳᠤᠭ᠎ᠠ ᠶᠢ ᠬᠠᠮᠠᠭᠠᠯᠠᠬᠤ ᠬᠣᠷᠢᠶ᠎ᠠ 》 ᠂ 《 ᠥᠪᠡᠷ ᠢ ᠪᠡᠨ ᠬᠠᠮᠠᠭᠠᠯᠠᠬᠤ ᠠᠩᠭᠢ 》 ᠵᠡᠷᠭᠡ ᠶ᠋ᠢ ᠪᠠᠶᠢᠭᠤᠯᠵᠤ ᠂ ᠵᠠᠬ᠎ᠠ ᠬᠢᠵᠠᠭᠠᠷ ᠣᠷᠣᠨ ᠢ ᠰᠠᠬᠢᠨ ᠰᠠᠭᠤᠵᠤ ᠂ ᠬᠠᠤᠯᠢ ᠪᠤᠰᠤ ᠡᠲᠡᠭᠡᠳ ᠢ ᠵᠠᠯᠬᠠᠭᠠᠨ ᠰᠢᠳᠬᠡᠵᠦ ᠂ ᠪᠣᠭᠣᠮᠲᠠ ᠶ᠋ᠢᠨ ᠭᠠᠳᠠᠨᠠᠬᠢ ᠲᠠᠯ᠎ᠠ ᠨᠤᠲᠤᠭ ᠤᠨ ᠠᠮᠤᠷ ᠲᠦᠪᠰᠢᠨ ᠪᠠᠶᠢᠬᠤ ᠢ ᠪᠠᠲᠤᠯᠠᠭᠰᠠᠨ ᠪᠠᠶᠢᠨ᠎ᠠ ᠃
1934 ᠣᠨ ᠳ᠋ᠦ ( ᠢᠷᠭᠡᠨ ᠤᠯᠤᠰ ᠤᠨ ᠬᠣᠷᠢᠨ ᠭᠤᠷᠪᠠᠨ ᠵᠢᠯ ) ᠂ ᠪᠠᠲᠤᠬᠠᠭᠠᠯᠭ᠎ᠠ ᠳ᠋ᠦ 《 ᠮᠣᠩᠭᠣᠯ ᠤᠨ ᠣᠷᠣᠨ ᠨᠤᠲᠤᠭ ᠤᠨ ᠥᠪᠡᠷᠲᠡᠭᠡᠨ ᠵᠠᠰᠠᠬᠤ ᠵᠠᠰᠠᠭ ᠤᠨ ᠶᠠᠪᠤᠳᠠᠯ ᠤᠨ ᠵᠥᠪᠯᠡᠯ 》 ᠪᠠᠶᠢᠭᠤᠯᠤᠭᠳᠠᠬᠤ ᠦᠢ᠎ᠡ ᠳ᠋ᠤ ᠂ ᠶᠣᠨᠳᠦ᠋ᠸᠠᠩᠴᠤᠭ ᠬᠤᠷᠢᠶᠠᠨ ᠳᠠᠷᠤᠭ᠎ᠠ ᠪᠣᠯᠤᠭᠰᠠᠨ ᠪᠠᠶᠢᠨ᠎ᠠ ᠃ 1936 ᠣᠨ ᠳᠤ( ᠢᠷᠭᠡᠨ ᠤᠯᠤᠰ ᠤᠨ 25 ᠵᠢᠯ ) ᠂ ᠳᠤᠮᠳᠠᠳᠤ ᠢᠷᠭᠡᠨ ᠤᠯᠤᠰ ᠤᠨ ᠵᠠᠰᠠᠭ ᠤᠨ ᠣᠷᠳᠣᠨ ᠤ ᠤᠷᠢᠯᠭ᠎ᠠ ᠪᠠᠷ ᠲᠡᠭᠦᠨ ᠢ ᠢᠷᠭᠡᠨ ᠤᠯᠤᠰ ᠤᠨ ᠵᠠᠰᠠᠭ ᠤᠨ ᠭᠠᠵᠠᠷ ᠤᠨ ᠭᠡᠰᠢᠭᠦᠨ ᠪᠣᠯᠭᠠᠭᠰᠠᠨ ᠪᠣᠯᠪᠠᠴᠤ ᠲᠤᠰᠢᠶᠠᠯ ᠳᠠᠭᠠᠨ ᠣᠷᠣᠭ᠎ᠠ ᠦᠭᠡᠢ᠃ 1937 ᠣᠨ ( ᠢᠷᠭᠡᠨ ᠤᠯᠤᠰ ᠤᠨ 26 ᠵᠢᠯ ) ᠳ᠋ᠦ ᠂ ᠬᠠᠭᠤᠷᠮᠠᠭ ᠮᠣᠩᠭᠣᠯ ᠤᠨ ᠬᠣᠯᠪᠣᠭᠠᠨ ᠤ ᠥᠪᠡᠷᠲᠡᠭᠡᠨ ᠵᠠᠰᠠᠬᠤ ᠵᠠᠰᠠᠭ ᠤᠨ ᠣᠷᠳᠣᠨ ᠤ ᠲᠡᠷᠢᠭᠦᠯᠡᠭᠴᠢ ᠪᠣᠯᠪᠠ ᠃ 1938 ᠣᠨ ᠤ ( ᠢᠷᠭᠡᠨ ᠤᠯᠤᠰ ᠤᠨ 27 ᠵᠢᠯ ) 3 ᠰᠠᠷ᠎ᠠ ᠶ᠋ᠢᠨ 24 ᠦ ᠡᠳᠦᠷ ᠂ ᠲᠡᠷᠡ ᠳᠠᠷᠬᠠᠨ ᠪᠣᠶᠢᠯᠠ ᠬᠤᠰᠢᠭᠤᠨ ᠤ ᠴᠠᠭᠠᠨ ᠬᠦᠪ ᠳᠡᠬᠢ ᠦᠪᠡᠷ ᠦᠨ ᠭᠡᠷ ᠣᠷᠳᠤᠨ ᠳ᠋ᠠᠭᠠᠨ ᠡᠪᠡᠳᠴᠢᠨ ᠢᠶᠠᠷ ᠨᠠᠰᠤ ᠪᠠᠷᠠᠪᠠ ᠂ ᠨᠠᠰᠤᠨ ᠰᠡᠭᠦᠳᠡᠷ 69 ᠪᠠᠶᠢᠪᠠ ᠃