ᠰᠢᠨᠡᠯᠠᠮ᠎ᠠ

ᠰᠢᠨᠡᠯᠠᠮ᠎ᠠ (1866 ︱1929 ) ᠂ ᠤᠤᠯ ᠨᠡᠷ᠎ᠡ ᠨᠢ ᠥᠯᠵᠡᠶᠢᠵᠢᠷᠭᠠᠯ᠂ 1866 ᠣᠨ ᠤ ᠳᠤ ᠶᠡᠬᠡ ᠵᠤᠤ ᠠᠶᠢᠮᠠᠭ ᠤᠨ ᠦᠦᠰᠢᠨ ᠬᠤᠰᠢᠭᠤ ᠶ᠋ᠢᠨ ᠨᠢᠭᠡ ᠶᠠᠳᠠᠭᠤ ᠮᠠᠯᠴᠢᠨ ᠤ ᠭᠡᠷ ᠲᠦ ᠲᠦᠷᠦᠵᠡᠢ ᠂ ᠠᠪᠤ ᠨᠢ ᠬᠠᠮᠵᠢᠯᠭ᠎ᠠ ᠂ ᠲᠡᠷᠡ ᠬᠠᠷᠠᠬᠠᠨ ᠪᠠᠭ᠎ᠠ ᠡᠴᠡ ᠪᠠᠨ ᠮᠠᠯ ᠤᠨ ᠡᠵᠡᠨ ᠳᠦ ᠮᠠᠯ ᠬᠠᠷᠢᠭᠤᠯᠵᠤ ᠥᠭᠴᠦ ᠪᠠᠶᠢᠭᠰᠠᠨ ᠶᠤᠮ ᠃ ᠲᠤᠬᠠᠢ ᠶ᠋ᠢᠨ ᠦᠶ᠎ᠡ ᠳ᠋ᠦ ᠴᠢᠩ ᠤᠯᠤᠰ ᠤᠨ ᠵᠠᠰᠠᠭ ᠤᠨ ᠣᠷᠳᠣᠨ ᠥᠪᠥᠷ ᠮᠣᠩᠭᠤᠯ ᠢ ᠠᠯᠪᠠᠲᠠᠨ ᠭᠠᠵᠠᠷ ᠬᠠᠭᠠᠯᠪᠤᠷᠢᠯᠠᠬᠤ ᠲᠥᠷᠦ ᠶ᠋ᠢᠨ ᠪᠣᠳᠤᠯᠭ᠎ᠠ ᠶ᠋ᠢ ᠬᠡᠷᠡᠭᠵᠢᠭᠦᠯᠵᠦ ᠂ ᠮᠠᠯᠴᠢᠳ ᠶᠡᠬᠡ ᠬᠡᠮᠵᠢᠶᠡᠨ ᠤ ᠮᠠᠯᠵᠢᠯ ᠤᠨ ᠲᠠᠯᠠᠪᠠᠢ ᠪᠠᠨ ᠠᠯᠳᠠᠭᠰᠠᠨ ᠪᠠᠶᠢᠨ᠎ᠠ ᠃ 1879 ᠣᠨ ᠳ᠋ᠤ ᠦᠦᠰᠢᠨ ᠬᠣᠰᠢᠭᠤᠨ ᠤ ᠬᠢᠨ ᠠᠲᠠᠷ ᠬᠠᠭᠠᠯᠪᠤᠷᠢᠯᠠᠬᠤ ᠶᠢ ᠡᠰᠡᠷᠭᠦᠴᠡᠬᠦ ᠪᠠᠷ ᠭᠣᠣᠯ ᠪᠣᠯᠭᠠᠭᠰᠠᠨ《ᠳᠤᠭᠤᠶᠢᠯᠠᠩ》 ᠤᠨ ᠬᠥᠳᠡᠯᠭᠡᠭᠡᠨ ᠢ ᠥᠷᠨᠢᠭᠦᠯᠵᠦ ᠂ ᠵᠥᠪᠬᠡᠨ 13 ᠨᠠᠰᠤᠲᠠᠶ ᠥᠯᠵᠡᠶᠢᠵᠢᠷᠭᠠᠯ ᠳ᠋ᠤ ᠭᠦᠨᠵᠡᠭᠡᠶ ᠰᠠᠭᠤᠭᠳᠠᠯ ᠦᠯᠡᠳᠡᠭᠡᠭᠰᠡᠨ ᠪᠠᠶᠢᠨ᠎ᠠ ᠃ 1881 ᠣᠨ ᠳᠦ ᠂ 15 ᠨᠠᠰᠤᠲᠠᠶ ᠥᠯᠵᠡᠶᠢᠵᠢᠷᠭᠠᠯ ᠬᠣᠰᠢᠭᠤ ᠸᠠᠩ ᠤᠨ ᠬᠣᠷᠣᠭ᠎ᠠ ᠳᠦ ᠪᠠᠷᠢᠭᠳᠠᠵᠤ ᠠᠯᠪᠠ ᠬᠠᠭᠠᠵᠠᠢ᠃ ᠲᠡᠷᠡ ᠸᠠᠩ ᠤᠨ ᠬᠣᠷᠣᠭ᠎ᠠ ᠳᠦ ᠰᠣᠶᠣᠯ ᠪᠣᠯᠪᠠᠰᠤᠷᠠᠯ ᠲᠠᠶ ᠵᠠᠯᠠᠭᠤ ᠬᠥᠮᠦᠨ ᠂ ᠵᠢᠱᠢᠶᠡᠯᠡᠪᠡᠯ 《 ᠪᠢᠴᠢᠭᠡᠴᠢ ᠮᠠᠶᠢᠭ 》 ( ᠪᠢᠴᠢᠭ ᠬᠠᠷ᠎ᠠ ᠶᠢᠨ ᠠᠵᠢᠯ ᠢ ᠬᠠᠷᠢᠭᠤᠴᠠᠬᠤ ᠲᠦᠰᠢᠮᠡᠯ ᠪᠠᠶᠢᠴᠠᠭᠠᠭᠴᠢ ) ᠡᠴᠡ ᠮᠣᠩᠭᠣᠯ ᠬᠡᠯᠡ ᠰᠤᠷᠴᠠᠢ ᠃ ᠲᠡᠷᠡ ᠰᠢᠷᠭᠠᠭᠤ ᠰᠤᠷᠤᠯᠴᠠᠨ ᠂ 1889 ᠣᠨ ᠳ᠋ᠤ ᠸᠠᠩ ᠤᠨ ᠬᠣᠷᠤᠭ᠎ᠠ ᠶ᠋ᠢᠨ 《 ᠪᠢᠴᠢᠭᠡᠴᠢ ᠮᠠᠶᠢᠭ 》 ᠪᠣᠯᠤᠭᠰᠠᠨ ᠪᠠᠶᠢᠨ᠎ᠠ ᠃ ᠥᠯᠵᠡᠶᠢᠵᠢᠷᠭᠠᠯ ᠲᠥᠪ ᠭᠣᠣᠯᠴᠢ ᠮᠥᠷᠲᠡᠭᠡᠨ ᠡᠷᠳᠡᠮ ᠴᠢᠳᠠᠪᠤᠷᠢᠲᠠᠶ ᠂ ᠳᠡᠮᠡᠶ ᠤᠳᠠᠭᠰᠠᠨ ᠦᠭᠡᠢ ᠲᠠᠬᠢᠭᠠᠳ《 ᠵᠢᠩᠬᠢᠨᠢ ᠪᠢᠴᠢᠭᠡᠴᠢ 》 ᠪᠣᠯᠵᠠᠢ ᠂ ᠡᠨᠡ ᠨᠢ ᠲᠡᠭᠦᠨ ᠳ᠋ᠦ ᠵᠠᠰᠠᠭ ᠲᠥᠷᠥ ᠶᠢᠨ ᠶᠠᠪᠤᠳᠠᠯ ᠳ᠋ᠤ ᠣᠷᠣᠯᠴᠠᠬᠤ ᠲᠣᠬᠢᠶᠠᠯ ᠣᠯᠭᠤᠵᠠᠢ ᠃
1901 ᠣᠨ ᠳ᠋ᠦ ᠂ 《 ᠴᠠᠭᠠᠭᠴᠢᠨ ᠦᠬᠡᠷ ᠵᠢᠯ ᠦᠨ ᠭᠡᠷ᠎ᠡ》 ᠶ᠋ᠢ ᠲᠣᠭᠲᠠᠭᠰᠠᠨ ᠤ ᠳᠠᠷᠠᠭ᠎ᠠ ᠂ ᠰᠢ ᠠᠨ ᠳ᠋ᠤ ᠳᠤᠲᠠᠭᠠᠵᠤ ᠣᠴᠢᠭᠠᠳ ᠼᠢ ᠱᠢ ᠪᠠᠳᠠᠷᠠᠭᠤᠯᠲᠤ ᠲᠥᠷᠦ ᠶᠢ ᠳᠠᠭᠠᠭᠤᠯᠤᠨ ᠪᠡᠭᠡᠵᠢᠩ ᠳ᠋ᠦ ᠪᠤᠴᠠᠵᠤ ᠂ ᠦᠦᠰᠢᠨ ᠬᠣᠰᠢᠭᠤ ᠸᠠᠩ ᠤᠨ ᠬᠣᠷᠣᠭ᠎ᠠ ᠶ᠋ᠢᠨ ᠥᠯᠵᠡᠶᠢᠵᠢᠷᠭᠠᠯ ᠳᠠᠭᠠᠭᠰᠠᠳ ᠬᠥᠮᠦᠨ ᠪᠤᠯᠵᠤ ᠶᠠᠪᠤᠵᠠᠶ ᠂ ᠬᠠᠭᠠᠨ ᠤ ᠲᠡᠷᠭᠡ ᠬᠥᠯᠭᠡ ᠶᠢ ᠬᠠᠮᠠᠭᠠᠯᠠᠨ ᠨᠡᠶᠢᠰᠡᠯᠡᠯ ᠳᠦ ᠬᠦᠷᠭᠡᠵᠡᠢ ᠃ ᠪᠡᠭᠡᠵᠢᠩ ᠳ᠋ᠤ ᠪᠠᠶᠢᠭᠰᠠᠨ 4 ᠵᠢᠯ ᠤᠨ ᠬᠤᠭᠤᠴᠠᠭᠠᠨ ᠳᠤ ᠪᠠᠨ᠂ ᠥᠯᠵᠡᠶᠢᠵᠢᠷᠭᠠᠯ ᠮᠡᠳᠡᠯᠭᠡ ᠪᠡᠨ ᠳᠡᠭᠡᠭᠰᠢᠯᠡᠭᠦᠯᠦᠨ ᠬᠠᠷᠠᠭ᠎ᠠ ᠨᠡᠭᠡᠭᠡᠵᠦ ᠂ ᠲᠡᠷᠡ ᠨᠢᠳᠦ ᠪᠡᠷ ᠢᠶᠡᠨ ᠡᠵᠡᠷᠬᠡᠭ ᠲᠦᠷᠢᠮᠡᠭᠡᠢᠢᠳᠡᠨ ᠤ ᠳᠤᠮᠳᠠᠳᠤ ᠤᠯᠤᠰ ᠲᠠᠬᠢ ᠪᠠᠯᠠᠮᠠᠳ ᠠᠵᠢᠯᠯᠠᠭ᠎ᠠ ᠶᠢ ᠦᠵᠡᠵᠦ ᠂ ᠴᠢᠩ ᠤᠯᠤᠰ ᠤᠨ ᠵᠠᠰᠠᠭ ᠤᠨ ᠣᠷᠳᠣᠨ ᠤ ᠵᠢᠭᠰᠢᠭᠦᠷᠢᠲᠦ ᠳᠥᠷᠢ ᠶᠢ ᠵᠢᠪᠡᠭᠦᠴᠡᠵᠦ᠂ ᠴᠢᠩ ᠤᠯᠤᠰ ᠦᠨ ᠲᠥᠷᠦ ᠶ᠋ᠢ ᠲᠦᠯᠬᠢᠨ ᠤᠨᠠᠭᠠᠬᠤ ᠬᠤᠪᠢᠰᠬᠠᠯᠲᠤ ᠨᠠᠮᠳᠠᠨ ᠤ ᠬᠣᠶᠢᠨᠠ ᠡᠴᠡ ᠬᠥᠭᠡᠭᠡᠴᠡᠯᠳᠦᠭᠰᠡᠨ ᠪᠠᠶᠢᠨ᠎ᠠ ᠂ ᠡᠨᠡ ᠨᠢ ᠲᠡᠭᠦᠨ ᠤ ᠴᠢᠩ ᠤᠨ ᠲᠥᠷᠦ ᠶᠢ ᠡᠰᠡᠷᠭᠦᠴᠡᠬᠦ ᠳᠦ ᠢᠲᠡᠭᠡᠯ ᠵᠣᠷᠢᠭ ᠣᠯᠭᠤᠭᠰᠠᠨ ᠪᠠᠶᠢᠨ᠎ᠠ ᠃
1905 ᠣᠨ ᠳ᠋ᠤ ᠂ ᠥᠯᠵᠡᠶᠢᠵᠢᠷᠭᠠᠯ ᠪᠡᠭᠡᠵᠢᠩ ᠡᠴᠡ ᠥᠪᠥᠷ ᠮᠣᠩᠭᠣᠯ ᠳ᠋ᠤ ᠬᠠᠷᠢᠵᠠᠶ ᠃ ᠲᠤᠬᠠᠢ ᠶ᠋ᠢᠨ ᠦᠶ᠎ᠡ ᠳ᠋ᠤ ᠦᠦᠰᠢᠨ ᠬᠣᠰᠢᠭᠤ ᠳᠤ ᠡᠭᠦᠰᠦᠭᠰᠡᠨ ᠨᠢᠭᠡᠨ ᠤᠳᠠᠭᠠᠨ ᠤ《 ᠳᠤᠭᠤᠶᠢᠯᠠᠩ》 ᠤᠨ ᠬᠥᠳᠡᠯᠭᠡᠭᠡᠨ ᠰᠦᠷ ᠳᠠᠯᠠᠶᠢᠴᠠᠲᠠᠶ ᠶᠠᠪᠤᠭᠳᠠᠵᠤ᠂ ᠬᠥᠳᠡᠯᠭᠡᠭᠡᠨ ᠳ᠋ᠤ 2000 ᠭᠠᠷᠤᠶ ᠬᠥᠮᠦᠨ ᠣᠷᠤᠯᠴᠠᠵᠤ᠂ ᠡᠨᠡ ᠨᠢ ᠠᠷᠠᠳ ᠲᠦᠮᠡᠨ ᠦ ᠢᠲᠡᠭᠡᠯ ᠵᠣᠷᠢᠭ ᠢ ᠲᠤᠶᠢᠯ ᠤᠨ ᠶᠡᠬᠡ ᠪᠡᠷ ᠬᠥᠭᠵᠢᠭᠦᠯᠦᠨ ᠵᠣᠷᠢᠭᠵᠢᠭᠤᠯᠵᠤ ᠂ ᠥᠯᠵᠡᠶᠢᠵᠢᠷᠭᠠᠯ ᠢ ᠲᠠᠲᠠᠵᠤ ᠂ ᠲᠡᠭᠦᠨ ᠢ《 ᠪᠢᠴᠢᠭᠡᠴᠢ ᠮᠠᠶᠢᠭ 》 ᠤᠨ ᠲᠤᠰᠢᠶᠠᠯ ᠢ ᠡᠷᠡᠰ ᠬᠠᠶᠠᠵᠤ᠂ ᠡᠨᠡ ᠤᠳᠠᠭᠠᠨ ᠤ ᠬᠥᠳᠡᠯᠭᠡᠭᠡᠨ ᠳ᠋ᠤ ᠣᠷᠣᠯᠴᠠᠭᠰᠠᠨ ᠪᠠᠶᠢᠨ᠎ᠠ ᠃ ᠲᠤᠬᠠᠢ ᠶ᠋ᠢᠨ ᠦᠶ᠎ᠡ ᠶ᠋ᠢᠨ ᠦᠦᠰᠢᠨ ᠬᠣᠰᠢᠭᠤ ᠸᠠᠩ ᠰᠣᠨᠣᠰᠤᠭᠠᠳ《 ᠳᠤᠭᠤᠶᠢᠯᠠᠩ ᠤᠨ ᠬᠥᠳᠡᠯᠭᠡᠭᠡᠨ ᠡᠴᠠ ᠶᠡᠬᠡ ᠯᠡ ᠰᠣᠴᠢᠨ ᠭᠡᠯᠮᠡᠭᠳᠡᠵᠦ ᠂ ᠡᠷᠭᠡ ᠪᠡᠨ ᠠᠰᠢᠭᠯᠠᠵᠦ ᠪᠠᠶᠢᠭᠠᠳ ᠰᠦᠷᠳᠡᠭᠦᠯᠬᠦ ᠠᠷᠭ᠎ᠠ ᠪᠠᠷᠢᠯ ᠠᠪᠤᠭᠰᠠᠨ ᠪᠣᠯᠪᠠᠴᠤ ᠬᠥᠳᠡᠯᠭᠡᠭᠡᠨ ᠢ ᠵᠣᠭᠰᠤᠭᠠᠵᠤ ᠳᠡᠢᠯᠦᠭᠰᠡᠨ ᠦᠭᠡᠢ ᠃ ᠪᠡᠶ᠎ᠡ ᠬᠡᠮ ᠢᠶᠠᠨ ᠬᠠᠯᠬᠠᠯᠠᠬᠤ ᠶ᠋ᠢᠨ ᠲᠥᠯᠥᠭᠡ ᠂ ᠥᠯᠵᠡᠶᠢᠵᠢᠷᠭᠠᠯ 1907 ᠣᠨ ᠳ᠋ᠤ ᠯᠠᠮᠠ ᠪᠣᠯᠵᠤ ᠂ ᠡᠭᠦᠨ ᠡᠴᠡ ᠡᠬᠢᠯᠡᠨ ᠲᠡᠷᠡ ᠶ᠋ᠢ ᠰᠢᠨᠡᠯᠠᠮ᠎ᠠ ᠭᠡᠵᠦ ᠨᠡᠷᠡᠯᠡᠬᠦ ᠪᠣᠯᠵᠠᠢ ᠂《 ᠰᠢᠨ᠎ᠡ》 ᠪᠣᠯ ᠰᠢᠨ᠎ᠡ ᠭᠡᠬᠦ ᠤᠳᠬ᠎ᠠ ᠲᠠᠶ ᠦᠭᠡ ᠮᠥᠨ ᠃
1912 ᠣᠨ ᠳ᠋ᠦ ᠂ ᠴᠢᠩ ᠤᠯᠤᠰ ᠮᠥᠬᠦᠵᠡᠢ᠃ ᠵᠠᠰᠠᠭ ᠪᠡᠶᠢᠰᠡ ( ᠰᠡᠭᠦᠯᠡᠷ ᠨᠢ ᠪᠠᠰᠠ ᠮᠥᠬᠦᠭᠰᠡᠨ ᠴᠢᠩ ᠤᠯᠤᠰ ᠡᠴᠡ ᠴᠠᠭᠠᠨ ᠪᠦᠷᠢᠮᠡ ᠡᠷᠭᠦᠮᠵᠢᠯᠡᠭᠳᠡᠵᠦ )ᠦᠦᠰᠢᠨ ᠬᠤᠰᠢᠭᠤᠨ ᠤ ᠠᠷᠠᠳ ᠲᠦᠮᠡᠨ ᠢ ᠨᠡᠩ ᠢᠯᠡᠭᠦᠦ ᠳᠠᠷᠤᠯᠠᠭᠰᠠᠨ ᠪᠠᠶᠢᠨ᠎ᠠ ᠃ ᠰᠢᠨᠡᠯᠠᠮ᠎ᠠ 60 ᠭᠠᠷᠤᠶ ᠬᠦᠮᠦᠰ ᠪᠡᠷ ᠭᠣᠣᠯ ᠪᠣᠯᠭᠠᠵᠤ ᠂ ᠦᠦᠰᠢᠨ ᠬᠤᠰᠢᠭᠤᠨ ᠳ᠋ᠤ 11 ᠳᠤᠭᠤᠶᠢᠯᠠᠩ ᠵᠣᠬᠢᠶᠠᠨ ᠪᠠᠶᠢᠭᠤᠯᠵᠤ ᠂ ᠭᠣᠣᠯᠳᠠᠭᠤ ᠲᠤᠰ ᠬᠣᠰᠢᠭᠤ ᠵᠠᠰᠠᠭ ᠤᠨ ᠬᠣᠰᠢᠭᠤᠨ ᠤ ᠭᠠᠵᠠᠷ ᠬᠤᠳᠠᠯᠳᠤᠵᠤ ᠂ ᠨᠣᠶᠠᠳ ᠲᠦᠰᠢᠮᠡᠳ ᠦᠨ ᠬᠦᠴᠦᠨ ᠤ ᠠᠯᠪᠠ ᠪᠣᠯᠤᠨ ᠭᠠᠶᠢᠯᠢ ᠭᠣᠪᠴᠢᠭᠤᠷ ᠢ ᠡᠰᠡᠷᠭᠦᠴᠡᠵᠦ ᠪᠠᠶᠢᠵᠠᠢ᠃ ᠰᠢᠨᠡᠯᠠᠮ᠎ᠠ ᠵᠡᠷᠭᠡ ᠬᠥᠮᠦᠰ ᠳᠤᠷᠠᠳᠤᠨ ᠭᠠᠷᠭᠠᠭᠰᠠᠨ ᠨᠢ ᠄ ᠭᠠᠵᠠᠷ ᠰᠢᠷᠣᠶ ᠪᠡᠯᠴᠢᠭᠡᠷ ᠬᠤᠳᠠᠯᠳᠤᠬᠤ ᠶ᠋ᠢ ᠡᠰᠡᠷᠭᠦᠴᠡᠵᠦ ᠂ ᠬᠣᠰᠢᠭᠤᠨ ᠤ ᠳᠣᠲᠣᠷᠠᠬᠢ ᠥᠷᠢᠲᠦᠵᠦ ᠪᠠᠶᠢᠭ᠎ᠠ ᠰᠢᠨ᠎ᠡ ᠬᠠᠭᠤᠴᠢᠨ ᠥᠷᠢ ᠶ᠋ᠢ ᠲᠦᠯᠦᠬᠦ ᠬᠡᠷᠡᠭᠲᠡᠶ ᠂ ᠮᠣᠩᠭᠣᠯ ᠠᠷᠠᠳ ᠤᠨ ᠣᠷᠣᠰᠢᠨ ᠲᠣᠭᠲᠠᠨᠢᠬᠤ ᠶ᠋ᠢᠨ ᠴᠣᠷ ᠤᠨ ᠭᠠᠭᠴᠠ ᠭᠠᠵᠠᠷ ᠰᠢᠷᠣᠶ ᠶᠢᠨ ᠬᠣᠷᠣᠭᠳᠠᠯ ᠢᠶᠠᠷ ᠲᠦᠯᠤᠬᠦ ᠪᠣᠯᠤᠨ᠎ᠠ ᠃ ᠬᠣᠰᠢᠭᠤ ᠵᠠᠰᠠᠭ ᠢ ᠴᠢᠩᠭ᠎ᠠ ᠴᠡᠭᠴᠡᠯᠡᠵᠦ ᠂ ᠰᠢᠨᠤᠬᠠᠶ ᠨᠣᠶᠠᠨ ᠬᠤᠪᠳᠤᠭ ᠲᠦᠰᠢᠮᠡᠯ ᠢ ᠰᠢᠢᠳᠬᠡᠬᠦ ᠬᠡᠷᠡᠭᠲᠡᠶ ᠃ ᠭᠠᠴᠢᠭ ᠵᠢᠯ ᠥᠯᠥᠰᠬᠥᠯᠡᠩ ᠭᠠᠴᠢᠭ ᠪᠣᠯᠪᠠᠯ ᠭᠠᠶᠢᠯᠢ ᠲᠠᠲᠠᠪᠦᠷᠢ ᠶ᠋ᠢ ᠬᠠᠰᠤᠵᠤ ᠬᠡᠯᠲᠦᠷᠢᠭᠦᠯᠬᠦ ᠬᠡᠷᠡᠭᠲᠡᠶ ᠂ ᠢᠯᠡᠭᠦᠦ ᠨᠡᠮᠡᠵᠦ ᠪᠣᠯᠬᠤ ᠦᠭᠡᠢ ᠃ ᠶᠡᠬᠡ ᠬᠠᠷ᠎ᠠ ᠳᠦᠨ ᠢ ᠴᠢᠩᠭ᠎ᠠ ᠰᠢᠳᠬᠡᠬᠦ ( ᠵᠠᠰᠠᠭ ᠤᠨ ᠬᠠᠳᠦᠠ ᠨᠠᠷᠠᠨᠭᠡᠷᠡᠯ ) ᠵᠡᠷᠭᠡ ᠰᠠᠳᠤᠷ ᠰᠠᠮᠠᠭᠤᠨ ᠂ ᠱᠠᠮᠰᠢᠵᠤ ᠢᠯᠵᠠᠷᠠᠨ ᠬᠦᠴᠦᠷᠬᠡᠭᠯᠡᠯ ᠢᠶᠠᠷ ᠠᠷᠠᠳ ᠲᠦᠮᠡᠨ ᠢ ᠳᠠᠷᠤᠯᠠᠳᠠᠭ ᠬᠥᠮᠦᠰ ᠢ ᠴᠢᠩᠭ᠎ᠠ ᠰᠢᠢᠳᠬᠡᠨ᠎ᠡ ᠃
ᠰᠢᠨᠡᠯᠠᠮ᠎ᠠ ᠡᠷᠳᠡᠮ ᠮᠡᠳᠡᠯᠭᠡ ᠲᠡᠭᠦᠰ ᠮᠥᠷᠲᠡᠭᠡᠨ ᠳᠡᠭᠡᠳᠦ ᠲᠤᠤᠷᠠᠳᠤ ᠱᠠᠲᠤᠨ ᠤ ᠬᠥᠮᠦᠰ ᠲᠠᠢ ᠰᠠᠢᠬᠠᠨ ᠶᠠᠪᠤᠯᠴᠠᠵᠤ᠂ ᠠᠭᠤᠳᠠᠮᠴᠢ ᠪᠠᠭᠲᠠᠭᠠᠮᠵᠢ ᠲᠠᠢ ᠂ 《ᠳᠤᠭᠤᠶᠢᠯᠠᠩ ᠤᠨ ᠬᠥᠳᠡᠯᠭᠡᠭᠡᠨ ᠤ ᠲᠡᠮᠡᠴᠡᠯ ᠦᠨ ᠬᠠᠷᠠᠯᠲᠠ ᠨᠡᠩ ᠲᠣᠳᠣᠷᠬᠠᠶ ᠂ ᠵᠣᠬᠢᠶᠠᠨ ᠪᠠᠶᠢᠭᠤᠯᠤᠯᠲᠠ ᠶ᠋ᠢᠨ ᠬᠡᠯᠪᠡᠷᠢ ᠨᠢ ᠨᠡᠩ ᠨᠠᠷᠢᠨ ᠨᠢᠭᠲᠠ ᠂ ᠦᠵᠡᠯ ᠤᠬᠠᠮᠰᠠᠷ ᠪᠠ ᠲᠡᠮᠡᠴᠡᠯ ᠦᠨ ᠠᠷᠭ᠎ᠠ ᠬᠡᠯᠪᠡᠷᠢ ᠨᠢ ᠴᠦ ᠨᠡᠩ ᠪᠠᠲᠤ ᠴᠢᠩᠭ᠎ᠠ ᠪᠣᠯᠵᠤ ᠂ ᠤᠬᠠᠮᠰᠠᠷ ᠡᠴᠡ ᠪᠠᠨ ᠬᠤᠷᠴᠠ ᠰᠢᠷᠦᠭᠦᠨ ᠶᠠᠪᠤᠭᠳᠠᠭᠤᠯᠤᠭᠰᠠᠨ ᠪᠠᠶᠢᠨ᠎ᠠ ᠃ 1915 ᠣᠨ ᠳ᠋ᠦ ᠂ ᠰᠢᠨᠡᠯᠠᠮ᠎ᠠ ᠶ᠋ᠢᠨ ᠤᠳᠤᠷᠢᠳᠤᠭᠰᠠᠨ 《ᠳᠤᠭᠤᠶᠢᠯᠠᠩ》 ᠤᠨ ᠬᠥᠳᠡᠯᠭᠡᠭᠡᠨ ᠨᠢ ᠤᠷᠬᠢᠯ ᠳᠠᠭᠠᠨ ᠲᠤᠯᠵᠠᠶ ᠃ ᠲᠡᠷᠡ ᠨᠢᠭᠡᠳᠦᠯᠲᠡᠶ ᠤᠳᠤᠷᠢᠳᠤᠯᠭ᠎ᠠ ᠪᠠᠨ ᠴᠢᠩᠭᠠᠳᠬᠠᠬᠤ ᠶ᠋ᠢᠨ ᠲᠥᠯᠦᠭᠡ ᠬᠠᠯᠢᠭᠤᠲᠤ ᠰᠦᠮ᠎ᠡ ᠪᠠᠶᠢᠭᠤᠯᠵᠤ ᠂ 《 ᠳᠤᠭᠤᠶᠢᠯᠠᠩ》 ᠤᠨ ᠶᠡᠷᠦᠩᠬᠡᠶ ᠬᠡᠯᠲᠡᠰ ᠪᠣᠯᠭᠠᠵᠤ ᠂ ᠠᠯᠢᠪᠠ ᠨᠣᠶᠠᠳ ᠲᠦᠰᠢᠮᠡᠳ ᠦᠨ ᠠᠯᠪᠠ ᠲᠡᠰᠬᠡᠨ ᠲᠠᠲᠠᠪᠤᠷᠢᠯᠠᠬᠤ ᠪᠠ ᠴᠡᠷᠢᠭ ᠵᠠᠰᠠᠭ ᠤᠨ ᠠᠯᠪᠠ ᠵᠣᠭᠰᠣᠨ᠎ᠠ ᠭᠡᠵᠦ ᠨᠡᠶᠢᠲᠡᠯᠡᠨ ᠂ ᠸᠠᠩ ᠤᠨ ᠡᠷᠬᠡ ᠶ᠋ᠢ ᠲᠠᠮᠫᠤᠷᠠᠬᠤ ᠳᠤ ᠬᠦᠷᠭᠡᠭᠰᠡᠨ ᠪᠠᠶᠢᠨ᠎ᠠ᠃ ᠦᠦᠰᠢᠨ ᠬᠣᠰᠢᠭᠤ 《 ᠳᠤᠭᠤᠶᠢᠯᠠᠩ》 ᠤᠨ ᠬᠥᠳᠡᠯᠭᠡᠭᠡᠨ ᠤ ᠬᠥᠭᠵᠢᠯᠲᠡ ᠨᠢ ᠲᠤᠬᠠᠢ ᠶ᠋ᠢᠨ ᠦᠶ᠎ᠡ ᠶ᠋ᠢᠨ ᠪᠡᠭᠡᠵᠢᠩ ᠤᠨ ᠶᠤᠸᠠᠨ ᠱᠢ ᠺᠠᠶ ᠶᠢᠨ ᠵᠠᠰᠠᠭ ᠤᠨ ᠣᠷᠳᠣᠨ ᠢ ᠰᠣᠴᠢᠭᠠᠭᠰᠠᠨ ᠪᠠᠶᠢᠨ᠎ᠠ᠃ ᠮᠥᠨ ᠵᠢᠯ ᠶᠤᠸᠠᠨ ᠱᠢ ᠺᠠᠶ ᠪᠡᠭᠡᠵᠢᠩ ᠦᠨ ᠮᠣᠩᠭᠣᠯ ᠲᠥᠪᠡᠳ ᠦᠨ ᠬᠣᠷᠢᠶ᠎ᠠ ᠶ᠋ᠢ ᠪᠠᠶᠢᠭᠤᠯᠬᠤ ᠵᠠᠷᠯᠢᠭ ᠪᠠᠭᠤᠯᠭᠠᠨ ᠵᠢᠭᠠᠨ ᠲᠤᠬᠢᠵᠦ ᠪᠠᠶᠢᠭᠠᠳ ᠦᠦᠰᠢᠨ ᠬᠣᠰᠢᠭᠤ ᠶ᠋ᠢᠨ ᠬᠠᠭᠤᠴᠢᠨ ᠸᠠᠩ ᠢ ᠠᠯᠪᠠᠨ ᠲᠤᠰᠢᠶᠠᠯ ᠡᠴᠡ ᠨᠢ ᠪᠠᠭᠤᠯᠭᠠᠵᠤ ᠂ ᠰᠢᠨ᠎ᠡ ᠨᠣᠶᠠᠷᠬᠠᠭᠴᠢ ᠲᠣᠮᠢᠯᠠᠭᠰᠠᠨ ᠪᠠᠶᠢᠨ᠎ᠠ ᠃
1916 ᠣᠨ ᠳ᠋ᠦ ᠂ ᠦᠦᠰᠢᠨ ᠬᠣᠰᠢᠭᠤ ᠵᠠᠬᠢᠷᠤᠭᠴᠢ ᠵᠠᠩᠭᠢ ᠮᠣᠩᠭᠤᠯ ᠤᠨ ᠹᠸᠤᠳᠠᠯ ᠤᠨ ᠬᠦᠴᠦᠨ ᠢ ᠴᠤᠭᠯᠠᠭᠤᠯᠵᠤ ᠤᠮᠠᠷᠠᠲᠤ ᠶ᠋ᠢᠨ ᠴᠡᠷᠢᠭ ᠦᠨ ᠡᠷᠬᠡᠲᠡᠨ ᠤ ᠵᠠᠰᠠᠭ ᠤᠨ ᠣᠷᠳᠣᠨ ᠤ ᠮᠣᠩᠭᠣᠯ ᠲᠥᠪᠡᠳ ᠦᠨ ᠬᠣᠷᠢᠶ᠎ᠠ ᠵᠢᠴᠢ ᠶᠡᠬᠡ ᠵᠤᠤ ᠠᠶᠢᠮᠠᠭ ᠤᠨ ᠠᠶᠢᠮᠠᠭ ᠤᠨ ᠳᠠᠷᠤᠭ᠎ᠠ ᠳ᠋ᠤ ᠵᠠᠭᠠᠯᠳᠤᠯᠭ᠎ᠠ ᠳᠤᠷᠠᠳᠤᠭᠰᠠᠨ ᠪᠠᠶᠢᠨ᠎ᠠ ᠄ ᠰᠢᠨᠡᠯᠠᠮ᠎ᠠ ᠨᠠᠮ ᠰᠦᠯᠪᠡᠭᠡ ᠪᠠᠶᠢᠭᠤᠯᠬᠤ ᠂ ᠵᠣᠬᠢᠶᠠᠨ ᠪᠠᠶᠢᠭᠤᠯᠤᠯᠲᠠ ᠶᠢ ᠡᠪᠳᠡᠵᠦ《 ᠳᠤᠭᠤᠢᠯᠠᠩ》 ᠤᠨ ᠬᠥᠳᠡᠯᠭᠡᠭᠡᠨ ᠢ ᠥᠷᠨᠢᠭᠦᠯᠵᠦ ᠂ ᠬᠠᠤᠯᠢ ᠲᠣᠭᠲᠠᠭᠠᠯ ᠢ ᠡᠪᠳᠡᠨ ᠂ ᠸᠠᠩ ᠤᠨ ᠬᠠᠲᠤᠨ ᠢ ᠭᠦᠳᠬᠡᠵᠦ᠂ ᠨᠣᠶᠠᠳ ᠲᠦᠰᠢᠮᠡᠳ ᠦᠨ ᠠᠯᠪᠠ ᠲᠤᠰᠢᠶᠠᠬᠤ ᠶᠢ ᠡᠰᠡᠷᠭᠦᠴᠡᠵᠦ ᠂ ᠵᠠᠰᠠᠭ ᠨᠣᠶᠠᠨ ᠢ ᠠᠯᠪᠠᠳᠠᠵᠤ ᠵᠠᠰᠠᠭ ᠢᠶᠠᠨ ᠬᠠᠶᠠᠵᠤ ᠤᠷᠭᠤᠨ ᠳᠤᠲᠠᠭᠠᠬᠤ ᠳᠤ ᠬᠦᠷᠭᠡᠭᠰᠡᠨ ᠪᠠᠶᠢᠨ᠎ᠠ᠃ ᠲᠡᠭᠡᠭᠡᠦᠠ ᠤᠮᠠᠷᠠᠲᠤ ᠶ᠋ᠢᠨ ᠴᠡᠷᠢᠭ ᠦᠨ ᠡᠷᠬᠡᠲᠡᠨ ᠤ ᠵᠠᠰᠠᠭ ᠤᠨ ᠣᠷᠳᠣᠨ ᠨᠢᠩᠰᠢᠶᠠ ᠶ᠋ᠢᠨ ᠴᠡᠷᠢᠭ ᠶᠢ ᠵᠠᠬᠢᠷᠤᠭᠴᠢ ᠮᠠ ᠹᠦ᠋ ᠰᠢᠶᠠᠩ ᠪᠣᠯᠤᠨ ᠶᠡᠬᠡ ᠵᠤᠤ ᠠᠶᠢᠮᠠᠭ ᠤᠨ ᠠᠶᠢᠮᠠᠭ ᠤᠨ ᠳᠠᠷᠤᠭ᠎ᠠ ᠬᠣᠯᠪᠤᠭᠠᠯᠠᠵᠤ ᠴᠡᠷᠢᠭ ᠲᠣᠮᠢᠯᠠᠨ ᠰᠢᠨᠡᠯᠠᠮ᠎ᠠ ᠶ᠋ᠢ ᠪᠠᠷᠢᠪᠴᠢᠯᠠᠨ ᠠᠪᠴᠢᠷᠠᠬᠤ ᠶ᠋ᠢᠨ ᠬᠠᠮᠲᠤ ᠴᠡᠷᠢᠭ ᠲᠣᠮᠢᠯᠠᠨ《 ᠳᠤᠭᠤᠶᠢᠯᠠᠩ》 ᠤᠨ ᠬᠥᠳᠡᠯᠭᠡᠭᠡᠨ ᠢ ᠳᠠᠷᠤᠩᠭᠤᠶᠢᠯᠠᠭᠰᠠᠨ ᠪᠠᠶᠢᠨ᠎ᠠ ᠃
1917 ᠣᠨ ᠳ᠋ᠤ ᠂ ᠶᠡᠬᠡ ᠵᠤᠤ ᠠᠶᠢᠮᠠᠭ ᠤᠨ ᠠᠶᠢᠮᠠᠭ ᠤᠨ ᠳᠠᠷᠤᠭ᠎ᠠ ᠳᠠᠬᠢᠨᠲᠠ ᠴᠡᠷᠢᠭ ᠲᠣᠮᠢᠯᠠᠵᠤ ᠦᠦᠰᠢᠨ ᠬᠤᠰᠢᠭᠤᠨ ᠤ《 ᠳᠤᠭᠤᠶᠢᠯᠠᠩ》 ᠤᠨ ᠬᠥᠳᠡᠯᠭᠡᠭᠡᠨ ᠢ ᠲᠠᠷᠤᠩᠭᠤᠶᠢᠯᠠᠵᠦ ᠂ ᠰᠢᠨᠡᠯᠠᠮᠠᠶᠢ ᠪᠠᠷᠢᠪᠴᠢᠯᠠᠬᠤ ᠭᠡᠵᠦ ᠣᠷᠤᠯᠳᠤᠪᠠ᠃ ᠤᠯᠠᠨ ᠲᠦᠮᠡᠨ ᠢ ᠬᠠᠮᠠᠭᠠᠯᠠᠬᠤ ᠶ᠋ᠢᠨ ᠲᠥᠯᠥᠭᠡ ᠰᠢᠨᠡᠯᠠᠮ᠎ᠠ ᠮᠠᠰᠢ ᠤᠯᠠᠨ ᠪᠠᠴᠢᠮ ᠪᠠᠶᠢᠳᠠᠯ ᠢ ᠠᠷᠭᠠᠴᠠᠬᠤ ᠠᠷᠭ᠎ᠠ ᠬᠡᠮᠵᠢᠶ᠎ᠡ ᠠᠪᠴᠤ ᠂ ᠢᠳᠡᠪᠬᠢᠲᠡᠶ ᠡᠰᠡᠷᠭᠦᠴᠡᠵᠦ᠂ ᠬᠦᠴᠦᠲᠡᠶ ᠲᠡᠮᠡᠴᠡᠭᠰᠡᠨ ᠪᠠᠶᠢᠨ᠎ᠠ ᠃ ᠲᠤᠰ ᠵᠢᠯ ᠦᠨ 5 ᠰᠠᠷ᠎ᠠ ᠳ᠋ᠦ ᠂ 《 ᠳᠤᠭᠤᠶᠢᠯᠠᠩ》 ᠤᠨ ᠭᠡᠰᠢᠭᠦᠨ ᠳᠦ ᠠᠶᠤᠯ ᠢ ᠠᠷᠢᠯᠭᠠᠬᠤ ᠶᠢᠨ ᠲᠥᠯᠦᠭᠡ ᠸᠠᠩ ᠤᠨ ᠬᠠᠲᠤᠨ ᠨᠠᠷᠠᠨᠭᠡᠷᠡᠯ ᠢ ᠠᠯᠠᠵᠡᠢ᠂ ᠡᠨᠡ ᠪᠣᠯ 《 ᠳᠤᠭᠤᠶᠢᠯᠠᠩ》 ᠤᠨ ᠬᠥᠳᠡᠯᠭᠡᠭᠡᠨ ᠦ ᠣᠯᠤᠭᠰᠠᠨ ᠪᠠᠰᠠ ᠨᠢᠭᠡ ᠤᠳᠠᠭᠠᠨ ᠤ ᠢᠯᠠᠯᠲᠠ ᠮᠥᠨ ᠃
ᠦᠦᠰᠢᠨ ᠬᠤᠰᠢᠭᠤᠨ ᠤ《 ᠳᠤᠭᠤᠶᠢᠯᠠᠩ ᠤᠨ ᠬᠥᠳᠡᠯᠭᠡᠭᠡᠨ ᠨᠢ ᠰᠢᠨᠡᠯᠠᠮ᠎ᠠ ᠶ᠋ᠢᠨ ᠤᠳᠤᠷᠢᠳᠤᠯᠭ᠎ᠠ ᠳᠣᠣᠷ᠎ᠠ ᠂ ᠵᠣᠬᠢᠶᠠᠨ ᠪᠠᠶᠢᠭᠤᠯᠤᠯᠲᠠ ᠦᠳᠲᠡᠷ ᠲᠦᠷᠭᠡᠨ ᠥᠷᠭᠡᠳᠴᠦ ᠂ ᠴᠥᠭᠡᠨ ᠲᠣᠭᠠᠨ ᠤ ᠳᠡᠭᠡᠳᠦ ᠳᠠᠪᠬᠤᠷᠭ᠎ᠠ ᠶ᠋ᠢᠨ ᠢᠵᠠᠭᠤᠷᠲᠠᠨ ᠨᠣᠶᠠᠨᠲᠠᠨ ᠡᠴᠡ ᠭᠠᠳᠠᠨ᠎ᠠ ᠂ ᠪᠦᠭᠦ ᠬᠣᠰᠢᠭᠤᠨ ᠤ ᠯᠠᠮᠠ ᠬᠠᠷ᠎ᠠ ᠠᠷᠠᠳ ᠤᠯᠠᠨ ᠪᠠ ᠳᠤᠮᠳᠠ ᠳᠣᠣᠷ᠎ᠠ ᠱᠠᠲᠤᠨ ᠤ ᠨᠣᠶᠠᠳ ᠪᠠᠷᠤᠭ ᠪᠦᠷ ᠣᠷᠣᠯᠴᠠᠭᠰᠠᠨ ᠪᠠᠶᠢᠪᠠ᠃《 ᠳᠤᠭᠤᠶᠢᠯᠠᠩ》 ᠤᠨ ᠭᠡᠰᠢᠭᠦᠨ ᠨᠤᠭᠦᠳ ᠳᠠᠩᠰᠠᠯᠠᠭᠤᠯᠬᠤ ᠦᠶᠡᠰ ᠨᠡᠷᠡᠰ ᠦᠨ ᠳᠠᠩᠰᠠ ᠶ᠋ᠢ ᠴᠢᠩᠭ᠎ᠠ ᠵᠢᠷᠤᠮᠯᠠᠨ ᠵᠢᠷᠤᠭ ᠵᠢᠭᠰᠠᠭᠠᠬᠤ ᠂ ᠡᠮᠦᠨ᠎ᠡ ᠬᠣᠶᠢᠨᠠ ᠢᠯᠭᠠᠯ ᠤᠢᠭᠡᠢ ᠂ ᠣᠯᠠᠨ ᠢ ᠤᠳᠤᠷᠢᠳᠬᠤ ᠬᠥᠮᠦᠰ ᠢ ᠬᠠᠮᠠᠭᠠᠯᠠᠬᠤ ᠮᠥᠷᠲᠡᠭᠡᠨ ᠬᠥᠮᠦᠨ ᠪᠣᠯᠭᠠᠨ ᠬᠠᠷᠢᠯᠴᠠᠨ ᠡᠷᠬᠡ ᠲᠡᠭᠰᠢ ᠪᠠᠶᠢᠵᠤ ᠂ ᠥᠪᠡᠷ ᠢᠶᠠᠨ ᠪᠡᠯᠡᠳᠬᠡᠬᠦ ᠪᠤᠶᠤ ᠪᠤᠯᠢᠶᠠᠨ ᠠᠪᠬᠤ ᠵᠡᠪᠰᠡᠭᠲᠦ ᠲᠡᠮᠡᠴᠡᠯ ᠢᠶ᠋ᠡᠷ ᠡᠰᠡᠷᠭᠦᠴᠡᠬᠦ ᠪᠠᠢᠯᠳᠤᠬᠤ ᠪᠣᠳᠤᠯᠭ᠎ᠠ ᠶᠢ ᠲᠣᠭᠲᠠᠭᠠᠵᠤ᠂ ᠶᠡᠬᠡ ᠪᠠᠭ᠎ᠠ ᠬᠡᠷᠡᠭ ᠤᠴᠢᠷ ᠴᠥᠮ ᠡᠭᠦᠨ ᠢ ᠪᠡᠨ 《 ᠳᠤᠭᠤᠶᠢᠯᠠᠩ》 ᠤᠨ ᠬᠤᠷᠠᠯ ᠢᠶᠠᠷ ᠬᠠᠮᠲᠤ ᠪᠠᠷ ᠶᠠᠷᠢᠯᠴᠠᠭᠤᠯᠤᠨ ᠂ ᠭᠤᠷᠪᠠᠨ ᠤ ᠬᠣᠶᠠᠷ ᠬᠤᠪᠢ ᠡᠴᠠ ᠳᠡᠭᠡᠭᠰᠢ ᠬᠥᠮᠦᠨ ᠵᠥᠪᠰᠢᠶᠡᠷᠡᠪᠡᠯ ᠰᠠᠶ᠋ᠢ ᠰᠢᠶᠳᠪᠦᠷᠢ ᠭᠠᠷᠭᠠᠬᠤ ᠬᠡᠷᠡᠭᠲᠡᠶ ᠃《 ᠳᠤᠭᠤᠶᠢᠯᠠᠩ》 ᠤᠨ ᠬᠥᠳᠡᠯᠭᠡᠭᠡᠨ ᠤ ᠰᠥᠷᠦ ᠬᠦᠴᠦᠨ ᠪᠠᠷᠤᠭ ᠪᠥᠬᠦ ᠬᠤᠰᠢᠭᠤ ᠶᠢ ᠬᠠᠮᠤᠷᠴᠤ᠂ ᠹᠸᠤᠳᠠᠯ ᠨᠣᠶᠠᠷᠬᠠᠯ ᠨᠢ ᠲᠠᠮᠫᠤᠷᠠᠪᠠ ᠃
1918 ᠣᠨ ᠳ᠋ᠤ ᠂ ᠦᠦᠰᠢᠨ ᠬᠤᠰᠢᠭᠤᠨ ᠤ ᠰᠢᠨ᠎ᠡ ᠵᠠᠰᠠᠭ ᠨᠣᠶᠠᠨ ᠲᠡᠭᠦᠰ ᠠᠮᠤᠭᠤᠯᠠᠩ ᠨᠠᠷᠠᠨᠭᠡᠷᠡᠯ ᠤᠨ ᠥᠰᠢᠶ᠎ᠡ ᠶᠢ ᠠᠪᠬᠤ ᠶᠢᠨ ᠲᠥᠯᠦᠭᠡ᠂ ᠲᠤᠰ ᠬᠣᠰᠢᠭᠤ ᠵᠠᠩᠭᠢ ᠸᠠᠩᠴᠤᠭᠯᠠᠪᠳᠠᠨ ᠂ ᠨᠠᠸᠠᠩᠯᠢᠪᠤ᠂ ᠪᠣᠶ᠋ᠢᠨᠴᠣᠭ ᠲᠠᠢ ᠠᠨᠳᠠᠭᠠᠶᠢᠯᠠᠨ ᠲᠠᠩᠭᠠᠷᠢᠭᠯᠠᠵᠤ ᠂ ᠠᠬ᠎ᠠ ᠳᠡᠭᠦᠦ ᠪᠣᠯᠤᠭᠰᠠᠨ ᠪᠠᠶᠢᠨ᠎ᠠ ᠃ ᠲᠠᠷᠠᠭ᠎ᠠ ᠨᠢ ᠰᠢᠨ᠎ᠡ ᠠᠶᠢᠮᠠᠭ ᠤᠨ ᠳᠠᠷᠤᠭ᠎ᠠ ᠂ ᠳᠠᠯᠠᠳ ᠬᠣᠰᠢᠭᠤ ᠶᠢᠨ ᠵᠠᠰᠠᠭ ᠶᠠᠮᠤᠨ ᠰᠥᠮᠪᠦᠷᠪᠠᠲᠤ ᠳᠤ ᠰᠢᠨᠡᠯᠠᠮ᠎ᠠ ᠶ᠋ᠢ ᠪᠣᠰᠤᠯᠭ᠎ᠠ ᠭᠠᠷᠭᠠᠬᠤ ᠭᠡᠵᠦ ᠪᠠᠶᠢᠨ᠎ᠠ ᠬᠡᠮᠡᠨ ᠵᠠᠭᠠᠯᠳᠤᠵᠠᠢ ᠃ ᠲᠤᠬᠠᠢ ᠶ᠋ᠢᠨ ᠦᠶ᠎ᠡ ᠳ᠋ᠦ ᠨᠢᠭᠡᠨ 《 ᠳᠤᠭᠤᠶᠢᠯᠠᠩ》 ᠤᠨ ᠬᠥᠳᠡᠯᠭᠡᠭᠡᠨ ᠦ ᠳᠤᠮᠳᠠ ᠪᠠᠶᠢᠭᠰᠠᠨ ᠴᠣᠭ᠍ᠲᠤᠰᠡᠯᠡᠩ ᠭᠡᠳᠡᠭ ᠬᠥᠮᠦᠨ ᠸᠠᠩ ᠤᠨ ᠬᠣᠷᠣᠭ᠎ᠠ ᠳᠦ ᠨᠢᠭᠤᠴᠠ ᠪᠠᠷ ᠵᠠᠭᠠᠯᠳᠤᠬᠤ ᠵᠠᠮ ᠳᠠᠭᠠᠨ《 ᠳᠤᠭᠤᠶᠢᠯᠠᠩ》 ᠤᠨ ᠬᠥᠮᠦᠰ ᠲᠦ ᠫᠤᠤᠳᠠᠭᠳᠠᠨ ᠠᠯᠠᠭᠳᠠᠵᠠᠶ ᠃
ᠲᠤᠰ ᠵᠢᠯ ᠦᠨ12 ᠰᠠᠷ᠎ᠠ ᠶᠢᠨ 7 ᠤ ᠡᠳᠦᠷ ᠂ ᠮᠠᠰᠢ ᠣᠯᠠᠨ ᠠᠨᠳᠠ ᠪᠠᠷ ᠪᠦᠷᠢᠯᠳᠦᠭᠰᠡᠨ 《 ᠳᠤᠭᠤᠶᠢᠯᠠᠩ 》ᠳᠠᠬᠢᠨᠲᠠ ᠦᠦᠰᠢᠨ ᠬᠣᠰᠢᠭᠤ ᠪᠣᠯᠤᠨ ᠶᠡᠬᠡ ᠵᠤᠤ ᠠᠶᠢᠮᠠᠭ ᠤᠨ ᠶᠠᠮᠤᠨ ᠳᠤ ᠵᠠᠷᠭᠤ ᠶ᠋ᠢᠨ ᠪᠢᠴᠢᠭ ᠦᠨ ᠵᠠᠭᠠᠯᠳᠤᠯᠭ᠎ᠠ ᠡᠷᠭᠦᠵᠦ᠂ ᠦᠦᠰᠢᠨ ᠬᠤᠰᠢᠭᠤᠨ ᠤ ᠵᠠᠷᠢᠮ ᠮᠠᠭᠤ ᠬᠥᠮᠦᠨ ᠠᠶᠢᠮᠠᠭᠯᠠᠨ ᠪᠦᠯᠦᠭᠯᠡᠵᠦ ᠂ ᠴᠡᠷᠢᠭ ᠮᠣᠷᠢ ᠡᠯᠰᠡᠬᠦ ᠂ ᠪᠦᠷᠢᠯᠭᠡᠨ ᠰᠦᠢᠳᠬᠡᠬᠦ ᠂ ᠲᠤᠰ ᠬᠣᠰᠢᠭᠤᠨ ᠤ ᠮᠠᠯᠴᠢᠨ ᠠᠷᠠᠳ ᠢᠷᠭᠡᠳ ᠢ ᠳᠣᠷᠤᠮᠵᠢᠯᠠᠵᠤ᠂ ᠲᠡᠳᠡᠨ ᠢ ᠰᠢᠢᠳᠬᠡᠬᠦ ᠦᠭᠡᠢ ᠪᠣᠯ᠂ ᠲᠡᠷᠡ ᠪᠣᠰᠤᠳ ᠢ ᠶᠠᠭᠠᠬᠢᠳᠠᠭ ᠪᠣᠯ ᠲᠡᠭᠦᠨ ᠢ ᠴᠦ ᠶᠠᠭᠠᠬᠢᠨ᠎ᠠ᠂ ᠥᠭᠡᠷ᠎ᠡ ᠠᠷᠭ᠎ᠠ ᠪᠠᠶᠢᠬᠤ ᠦᠭᠡᠢ ᠭᠡᠪᠡ ᠃ ᠭᠡᠪᠡᠴᠦ ᠶᠡᠬᠡ ᠵᠤᠤ ᠠᠶᠢᠮᠠᠭ ᠤᠨ ᠠᠶᠢᠮᠠᠭ ᠤᠨ ᠳᠠᠷᠤᠭ᠎ᠠ ᠂ ᠳᠠᠯᠠᠳ ᠬᠣᠰᠢᠭᠤ ᠵᠠᠰᠠᠭ ᠰᠥᠮᠪᠦᠷᠪᠠᠲᠤ ᠡᠨᠡ ᠬᠦ ᠵᠠᠷᠭᠤ ᠶ᠋ᠢᠨ ᠪᠢᠴᠢᠭ ᠢ ᠬᠠᠶᠠᠨ ᠳᠤᠨᠢ ᠬᠠᠶᠠᠭᠠᠳ ᠦᠦᠰᠢᠨ ᠬᠤᠰᠢᠭᠤᠨ ᠤ ᠡᠳᠡᠭᠡᠷ ᠬᠥᠮᠦᠰ ᠢ ᠠᠷᠢᠯᠭᠠᠵᠤ᠂ ᠬᠤᠳᠠᠯ ᠬᠠᠭᠤᠮᠠᠭᠠᠶ ᠬᠠᠴᠢᠨ ᠬᠡᠷᠡᠭ ᠪᠠ ᠣᠪ ᠮᠡᠬᠡ ᠶ᠋ᠢ ᠬᠣᠷᠢᠭᠯᠠᠬᠤ ᠬᠡᠷᠡᠭᠲᠡᠢ ᠭᠡᠪᠡ ᠃
1919 ᠣᠨ ᠤ 6 ᠰᠠᠷ᠎ᠠ ᠳ᠋ᠤ ᠬᠣᠰᠢᠭᠤᠨ ᠤ ᠲᠤᠰᠠᠯᠠᠭᠴᠢ ᠳᠡᠯᠭᠡᠷ ᠢᠶ᠋ᠡᠷ ᠲᠣᠯᠣᠭᠠᠶᠢᠯᠠᠭᠤᠯᠤᠭᠰᠠᠨ ᠠᠶᠢᠮᠠᠭ ᠤᠨ ᠨᠣᠶᠠᠳ ᠲᠦᠰᠢᠮᠡᠳ 100 ᠭᠠᠷᠤᠶ ᠬᠣᠰᠢᠭᠤ ᠴᠡᠷᠢᠭ ᠬᠠᠮᠠᠭᠠᠯᠠᠨ ᠬᠦᠷᠭᠡᠵᠦ ᠦᠦᠰᠢᠨ ᠬᠣᠰᠢᠭᠤᠨ ᠳ᠋ᠤ ᠢᠷᠡᠵᠦ ᠂ ᠭᠠᠯᠠᠭᠤᠲᠤ ᠰᠥᠮ᠎ᠡ ᠳᠦ ᠴᠤᠭᠯᠠᠭᠠᠨ ᠪᠣᠯᠤᠭᠠᠳ ᠂ ᠳᠠᠬᠢᠨ ᠨᠠᠷᠠᠨᠭᠡᠷᠡᠯ ᠤᠨ ᠬᠣᠣᠷᠯᠠᠭᠳᠠᠭᠰᠠᠨ ᠬᠡᠷᠡᠭ ᠢ ᠰᠢᠭᠦᠨ᠎ᠡ ᠭᠡᠪᠡ ᠃ ᠡᠭᠦᠨ ᠢᠶ᠋ᠡᠷ ᠬᠡᠷᠡᠭ ᠦᠨ ᠰᠢᠯᠲᠠᠭ ᠪᠣᠯᠭᠠᠵᠤ ᠂ ᠤᠪᠦᠬ ᠨᠡᠷ᠎ᠡ ᠶᠢ ᠨᠢ ᠵᠢᠭᠠᠵᠤ《 ᠳᠤᠭᠤᠶᠢᠯᠠᠩ》 ᠤᠨ ᠬᠥᠮᠦᠰ ᠢ ᠬᠤᠭᠤᠴᠠᠭ᠎ᠠ ᠲᠣᠭᠲᠠᠭᠠᠨ ᠢᠷᠡᠵᠦ ᠨᠡᠷ᠎ᠡ ᠪᠡᠨ ᠮᠡᠳᠡᠭᠦᠯᠵᠦ ᠂ ᠰᠢᠨᠡᠯᠠᠮ᠎ᠠ ᠲᠦᠷᠦᠭᠦᠲᠡᠶ ᠤᠳᠤᠷᠢᠳᠤᠭᠴᠢ ᠶᠢ ᠨᠢᠭᠡ ᠯᠡ ᠳᠡᠭᠡᠷ᠎ᠡ ᠪᠦᠷᠢᠮᠦᠰᠦᠨ ᠤᠰᠠᠳᠬᠠᠬᠤ ᠪᠡᠷ ᠣᠷᠤᠯᠳᠤᠪᠠ ᠃ ᠭᠡᠪᠡᠴᠦ ᠰᠢᠨᠡᠯᠠᠮ᠎ᠠ ᠵᠡᠷᠭᠡ 《 ᠳᠤᠭᠤᠶᠢᠯᠠᠩ》 ᠤᠨ ᠤᠳᠤᠷᠢᠳᠬᠤ ᠬᠥᠮᠦᠰ ᠬᠤᠪᠢ ᠶ᠋ᠢᠨ ᠠᠶᠤᠯ ᠲᠥᠭᠰᠢᠭᠦᠷᠢ ᠶ᠋ᠢ ᠬᠠᠶᠢᠬᠤᠷᠤᠯ ᠦᠭᠡᠢ ᠪᠡᠷ ᠪᠤᠴᠠᠨ ᠢᠷᠡᠵᠦ ᠂ ᠪᠡᠯᠡᠳᠬᠡᠯ ᠬᠢᠭᠡᠳ ᠂ ᠳᠡᠯᠭᠡᠷ ᠵᠡᠷᠭᠡ ᠨᠢᠭᠡ ᠨᠢᠭᠤᠷᠲᠠᠨ ᠲᠠᠢ ᠶᠣᠰᠣ ᠶᠠᠷᠢᠬᠤ ᠲᠡᠮᠡᠴᠡᠯ ᠶᠠᠪᠤᠭᠤᠯᠵᠠᠶ ᠃ ᠬᠤᠯᠵᠢᠨ ᠳᠡᠯᠭᠡᠷ ᠂ ᠳᠠᠯᠠᠳ ᠬᠤᠰᠢᠭᠤᠨ ᠤ ᠰᠥᠮ᠎ᠡ ᠶ᠋ᠢᠨ ᠵᠢᠮᠪᠠ ᠯᠠᠮᠠ ᠶᠢ ᠲᠣᠮᠢᠯᠠᠵᠤ ᠬᠣᠯᠪᠣᠭᠠᠴᠢᠨ ᠪᠣᠯᠭᠠᠵᠤ ᠂ ᠳᠠᠯᠳᠠᠭᠤᠷ ᠴᠡᠷᠢᠭ ᠪᠠᠶᠢᠷᠢᠯᠠᠭᠤᠯᠵᠤ ᠂ ᠭᠡᠨᠡᠳᠲᠡ ᠴᠡᠷᠢᠭ ᠳᠠᠭᠠᠷᠢᠨ ᠣᠷᠣᠵᠤ ᠂ ᠰᠢᠨᠡᠯᠠᠮ᠎ᠠ ᠵᠡᠷᠭᠡ ᠬᠥᠮᠦᠰ ᠢ ᠮᠠᠶᠢᠬᠠᠨ ᠳᠦ ᠪᠠᠷᠢᠪᠴᠢᠯᠠᠵᠤ ᠂ ᠰᠢᠭᠦᠯᠲᠡ ᠬᠢᠵᠦ ᠠᠰᠠᠭᠤᠵᠤ ᠂ ᠲᠡᠳᠡᠨ ᠡᠴᠡ ᠨᠠᠷᠠᠨᠭᠡᠷᠡᠯ ᠢ ᠬᠡᠨ ᠠᠯᠠᠭᠰᠠᠨ ᠢ ᠠᠰᠠᠭᠤᠭᠰᠠᠨ ᠪᠠᠶᠢᠨ᠎ᠠ ᠃ 2 ᠰᠠᠷ᠎ᠠ ᠭᠠᠷᠤᠢ ᠶ᠋ᠢᠨ ᠰᠢᠭᠦᠬᠦ ᠶᠠᠪᠤᠴᠠ ᠳᠤ ᠂ ᠰᠢᠨᠡᠯᠠᠮ᠎ᠠ ᠵᠡᠷᠭᠡ ᠬᠥᠮᠦᠰ ᠡᠴᠦᠰ ᠲᠡᠬᠡᠨ ᠨᠢᠭᠡ ᠦᠭᠡ ᠬᠡᠯᠡᠭᠰᠡᠨ ᠦᠭᠡᠢ᠃ ᠡᠴᠦᠰ ᠲᠦ ᠳᠡᠯᠭᠡᠷ ᠬᠠᠲᠠᠭᠤ ᠵᠥᠭᠡᠯᠡᠨ ᠢ ᠬᠠᠪᠰᠤᠷᠭᠠᠨ ᠬᠡᠷᠡᠭᠯᠡᠬᠦ ᠂ ᠵᠠᠳᠠᠷᠠᠭᠤᠯᠤᠨ ᠰᠠᠷᠨᠢᠭᠤᠯᠬᠤ ᠳ᠋ᠦ ᠪᠦᠷ ᠨᠢᠭᠡ ᠯᠡ ᠠᠳᠠᠯᠢ ᠶᠠᠮᠠᠷ ᠴᠤ ᠲᠤᠰᠠ ᠪᠣᠯᠤᠭᠰᠠᠨ ᠦᠭᠡᠢ ᠂ ᠠᠷᠭ᠎ᠠ ᠪᠤᠰᠤ ᠣᠯᠠᠩᠬᠢ《 ᠳᠤᠭᠤᠶᠢᠯᠠᠩ》 ᠤᠨ ᠬᠥᠮᠦᠰ ᠢ ᠶᠠᠯ᠎ᠠ ᠦᠭᠡᠶ ᠰᠤᠯᠠᠯᠠᠭᠰᠠᠨ ᠪᠠᠶᠢᠨ᠎ᠠ ᠂ ᠰᠢᠨᠡᠯᠠᠮ᠎ᠠ ᠂ ᠮᠢᠩᠴᠤᠭᠯᠠᠪ᠂ ᠦᠯᠵᠡᠢ ᠪᠠᠲᠤ ᠂ ᠷᠠᠳᠨᠠᠰᠢᠳ ᠵᠡᠷᠭᠡ ᠴᠥᠭᠡᠨ ᠲᠣᠭᠠᠨ ᠤ ᠬᠡᠳᠦᠨ ᠬᠥᠮᠦᠨ ᠢ ᠲᠦᠷᠦᠭᠦᠦ ᠶᠠᠯᠠᠲᠠᠨ ᠪᠣᠯᠭᠠᠵᠤ ᠂ ᠬᠣᠯᠪᠣᠭᠠᠲᠠᠨ ᠤ ᠣᠷᠳᠣᠨ ᠪᠠᠶᠢᠭ᠎ᠠ ᠭᠠᠵᠠᠷ ᠬᠣᠷᠢᠬᠤ ᠪᠠᠷ ᠰᠢᠳᠬᠡᠨ᠎ᠡ ᠃ 9 ᠰᠠᠷ᠎ᠠ ᠶ᠋ᠢᠨ ᠰᠡᠭᠦᠯᠴᠢ ᠪᠡᠷ ᠂ ᠰᠢᠨᠡᠯᠠᠮ᠎ᠠ ᠮᠦᠨ《 ᠳᠤᠭᠤᠶᠢᠯᠠᠩ》 ᠤᠨ ᠲᠦᠷᠦᠭᠦᠦ ᠶᠠᠯᠠᠲᠠᠨ ᠢᠶᠠᠷ ᠰᠢᠢᠳᠬᠡᠭᠳᠡᠵᠦ ᠂ ᠪᠤᠰᠤᠳ ᠬᠥᠮᠦᠨ ᠰᠤᠯᠠᠯᠠᠭᠳᠠᠵᠠᠶ ᠃ 1920 ᠣᠨ ᠤ ᠡᠪᠦᠯ ᠂ ᠰᠢᠨᠡᠯᠠᠮ᠎ᠠ ᠠᠪᠣᠷᠠᠭᠳᠠᠨ ᠭᠢᠨᠳᠠᠨ ᠡᠴᠡ ᠭᠠᠷᠴᠠᠶ ᠃
ᠭᠢᠨᠳᠠᠨ ᠡᠴᠡ ᠭᠠᠷᠤᠭᠰᠠᠨ ᠤ ᠳᠠᠷᠠᠭ᠎ᠠ ᠂ ᠰᠢᠨᠡᠯᠠᠮ᠎ᠠ ᠨᠡᠬᠡᠮᠵᠢᠯᠡᠨ ᠪᠠᠷᠢᠪᠴᠢᠯᠠᠬᠤ ᠡᠴᠡ ᠵᠠᠶᠢᠯᠠᠬᠤ ᠶ᠋ᠢᠨ ᠲᠥᠯᠥᠭᠡ ᠂ ᠪᠡᠭᠡᠵᠢᠩ ᠳ᠋ᠦ ᠬᠦᠷᠦᠭᠰᠡᠨ ᠪᠠᠶᠢᠨ᠎ᠠ ᠃ ᠲᠡᠨᠳᠡ ᠲᠡᠷᠡ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠭᠰᠠᠨ ᠬᠤᠪᠢᠰᠬᠠᠯᠲᠤ ᠬᠥᠳᠡᠯᠭᠡᠭᠡᠨ ᠦ ᠨᠥᠯᠦᠭᠡ ᠶᠢ ᠬᠦᠷᠲᠡᠭᠰᠡᠨ ᠪᠥᠭᠡᠳ ᠯᠢ ᠳ᠋ᠡ ᠵᠤᠤ ᠨᠥᠬᠥᠷ ᠲᠠᠶ ᠲᠠᠨᠢᠯᠴᠠᠵᠤ ᠂ 《 ᠰᠢᠨ᠎ᠡ ᠵᠠᠯᠠᠭᠤᠴᠤᠳ 》 ᠵᠡᠷᠭᠡ ᠳᠠᠪᠰᠢᠩᠭᠤᠶ ᠰᠣᠨᠢᠨ ᠰᠡᠳᠬᠦᠯ ᠢ ᠤᠷᠦᠯᠳᠦᠵᠦ ᠡᠬᠢᠯᠡᠵᠡᠢ᠃ ᠲᠤᠬᠠᠢ ᠶ᠋ᠢᠨ ᠦᠢ᠎ᠡ ᠳ᠋ᠦ ᠶᠠᠭ ᠰᠦᠨ ᠵᠦ᠋ᠩ ᠱᠠᠨ ᠤ ᠠᠷᠠᠳᠴᠢᠯᠠᠭᠰᠠᠨ ᠬᠤᠪᠢᠰᠬᠠᠯ ᠤᠨ ᠦᠵᠡᠯ ᠰᠠᠨᠠᠭ᠎ᠠ ᠤᠯᠠᠮ ᠨᠢᠭᠡ ᠠᠯᠬᠤᠮ ᠳᠡᠯᠭᠡᠷᠡᠵᠦ ᠂ ᠪᠡᠭᠡᠵᠢᠩ ᠳ᠋ᠦ ᠪᠠᠶᠢᠭ᠎ᠠ ᠶᠡᠬᠡ ᠵᠤᠤ ᠠᠶᠢᠮᠠᠭ ᠤᠨ《 ᠳᠤᠭᠤᠶᠢᠯᠠᠩ》 ᠤᠨ ᠬᠥᠳᠡᠯᠭᠡᠭᠡᠨ ᠤ ᠤᠳᠤᠷᠢᠳᠤᠭᠴᠢ ᠰᠢᠨᠡᠯᠠᠮ᠎ᠠ ᠮᠡᠲᠦ ᠶᠢᠨ ᠬᠥᠮᠦᠰ ᠪᠣᠯ ᠲᠡᠷᠡ ᠦᠶ᠎ᠡ ᠶᠢᠨ ᠮᠣᠩᠭᠣᠯ ᠦᠨᠳᠦᠰᠦᠲᠡᠨ ᠤ ᠲᠡᠷᠢᠭᠦᠨ ᠤ ᠬᠥᠮᠦᠰ ᠮᠥᠨ ᠂ ᠴᠥᠮ ᠤᠷᠢᠳ ᠬᠣᠵᠢᠳ ᠰᠦᠨ ᠵᠦᠩ ᠱᠠᠨ ᠠᠪᠤᠭᠠᠶ ᠶᠢᠨ ᠠᠷᠠᠳᠴᠢᠯᠠᠭᠰᠠᠨ ᠬᠤᠪᠢᠰᠬᠠᠯ ᠤᠨ ᠦᠵᠡᠯ ᠰᠠᠨᠠᠭ᠎ᠠ ᠶᠢ ᠬᠦᠯᠢᠶᠡᠨ ᠠᠪᠴᠤ ᠂ ᠡᠯ᠎ᠡ ᠵᠦᠢᠯ ᠦᠨ ᠤᠬᠠᠭᠤᠯᠭ᠎ᠠ ᠪᠠ ᠵᠣᠬᠢᠶᠠᠨ ᠪᠠᠶᠢᠭᠤᠯᠵᠤ ᠳᠠᠶᠢᠴᠢᠯᠠᠬᠤ ᠠᠵᠢᠯ ᠢ ᠰᠠᠶᠢᠲᠤᠷ ᠬᠢᠭᠰᠡᠨ ᠪᠠᠶᠢᠨ᠎ᠠ᠃ ᠡᠨᠡ ᠬᠤᠭᠤᠴᠠᠭᠠᠨ ᠳ᠋ᠦ ᠣᠷᠤᠰ ᠤᠨ ᠠᠷᠪᠠᠨ ᠰᠠᠷ᠎ᠠ ᠶ᠋ᠢᠨ ᠬᠤᠪᠢᠰᠬᠠᠯ ᠢᠯᠠᠯᠲᠠ ᠣᠯᠵᠠᠶ ᠂ ᠮᠠᠷᠺᠰ ᠤᠨ ᠦᠵᠡᠯ ᠦᠨ ᠬᠥᠳᠡᠯᠭᠡᠭᠡᠨ ᠳᠤᠮᠳᠠᠳᠤ ᠤᠯᠤᠰ ᠲᠤ ᠥᠷᠨᠢᠨ ᠬᠥᠭᠵᠢᠵᠦ ᠂ ᠳᠤᠮᠳᠠᠳᠤ ᠤᠯᠤᠰ ᠤᠨ ᠡᠪ ᠬᠠᠮᠲᠤ ᠨᠠᠮ ᠢ ᠡᠭᠦᠳᠦᠨ ᠪᠠᠶᠢᠭᠤᠯᠤᠭᠰᠠᠨ ᠶᠤᠮ ᠃ ᠰᠢᠨᠡᠯᠠᠮ᠎ᠠ ᠵᠠᠷᠢᠮ ᠥᠪᠥᠷ ᠮᠣᠩᠭᠤᠯ ᠤᠨ ᠬᠤᠪᠢᠰᠬᠠᠯ ᠤᠨ ᠬᠥᠮᠦᠰ ᠪᠠ ᠳᠠᠪᠰᠢᠩᠭᠤᠶ ᠵᠠᠯᠠᠭᠤ ᠲᠠᠶ ᠲᠠᠨᠢᠯᠴᠠᠵᠤ ᠂ ᠬᠤᠪᠢᠰᠬᠠᠯ ᠤᠨ ᠦᠵᠡᠯ ᠰᠠᠨᠠᠭ᠎ᠠ ᠨᠢ ᠶᠡᠬᠡᠬᠡᠨ ᠬᠥᠭᠵᠢᠯᠲᠡ ᠲᠠᠢ ᠪᠣᠯᠵᠠᠢ ᠃
1924 ᠣᠨ ᠤ ᠨᠠᠮᠤᠷ ᠂ ᠰᠢᠨᠡᠯᠠᠮ᠎ᠠ ᠪᠥᠬᠥᠳᠡ ᠨᠠᠶᠢᠷᠠᠮᠳᠠᠬᠤ ᠮᠣᠩᠭᠣᠯ ᠠᠷᠠᠳ ᠤᠯᠤᠰ ᠲᠤ ᠣᠴᠢᠵᠤ ( ᠤᠳᠦ ᠶᠢᠨ ᠮᠣᠩᠭᠣᠯ ᠤᠯᠤᠰ ) ᠰᠣᠷᠣᠯᠴᠠᠯᠭ᠎ᠠ ᠪᠠ ᠰᠢᠨᠵᠢᠯᠡᠨ ᠪᠠᠶᠢᠴᠠᠭᠠᠯᠲᠠ ᠬᠢᠪᠡ ᠃ ᠮᠣᠩᠭᠣᠯ ᠤᠯᠤᠰ ᠲᠤ ᠲᠡᠷᠡ ᠮᠠᠷᠺᠰ ᠯᠧᠨᠢᠨ ᠤ ᠦᠵᠡᠯ ᠦᠨ ᠨᠣᠮ ᠳᠡᠪᠲᠡᠷ ᠢ ᠤᠩᠰᠢᠵᠤ ᠂《 ᠳᠤᠭᠤᠶᠢᠯᠠᠩ》 ᠤᠨ ᠬᠥᠳᠡᠯᠭᠡᠭᠡᠨ ᠤ ᠲᠤᠷᠰᠢᠯᠭ᠎ᠠ ᠰᠤᠷᠭᠠᠮᠵᠢ ᠶ᠋ᠢ ᠳ᠋ᠦᠩᠨᠡᠭᠡᠳ ᠂ ᠤᠯᠤᠰ ᠲᠠᠭᠠᠨ ᠪᠤᠴᠠᠵᠤ ᠢᠷᠡᠭᠡᠳ ᠲᠠᠬᠢᠵᠤ 《ᠳᠤᠭᠤᠶᠢᠯᠠᠩ》 ᠤᠨ ᠬᠥᠳᠡᠯᠭᠡᠭᠡᠨ ᠤ ᠦᠵᠡᠯ ᠰᠠᠨᠠᠭᠠᠨ ᠤ ᠲᠠᠯ᠎ᠠ ᠪᠠᠷ ᠪᠠ ᠤᠯᠤᠰ ᠲᠥᠷᠦ ᠶ᠋ᠢᠨ ᠲᠠᠯ᠎ᠠ ᠶ᠋ᠢᠨ ᠪᠡᠯᠡᠳᠬᠡᠯ ᠬᠢᠭᠰᠡᠨ ᠪᠠᠶᠢᠨ᠎ᠠ ᠃
1925 ᠣᠨ ᠤ 10 ᠰᠠᠷ᠎ᠠ ᠳ᠋ᠤ ᠂ ᠡᠪ ᠬᠠᠮᠲᠤ ᠶᠢᠨ ᠢᠨᠲ᠋ᠧᠷᠨᠠᠼᠢᠣᠨᠠᠯ ᠪᠣᠯᠤᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠳᠡᠮᠵᠢᠯᠭᠡ ᠳᠣᠣᠷ᠎ᠠ ᠂ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠴᠢᠭᠤᠯᠤᠯᠲᠤ ᠬᠠᠭᠠᠯᠭ᠎ᠠ ᠬᠣᠲᠠᠨ᠎ᠠ ᠪᠠᠢ᠌ᠭᠤᠯᠤᠭᠳᠠᠪᠠ ᠂ ᠰᠢᠨᠡᠯᠠᠮ᠎ᠠ ᠶᠡᠬᠡ ᠬᠤᠷᠠᠯ ᠳ᠋ᠦ ᠣᠷᠣᠯᠴᠠᠵᠤ ᠂ ᠲᠥᠪ ᠬᠣᠷᠢᠶᠠᠨ ᠤ ᠣᠷᠤᠯᠴᠠᠨ ᠭᠦᠢᠴᠡᠳᠬᠡᠬᠦ ᠭᠡᠰᠢᠭᠦᠨ ᠢᠶ᠋ᠡᠷ ᠰᠣᠩᠭᠣᠭᠳᠠᠵᠠᠶ ᠃ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠤᠳᠤᠷᠢᠳᠤᠯᠭ᠎ᠠ ᠳᠣᠣᠷ᠎ᠠ ᠂ ᠰᠢᠨᠡᠯᠠᠮ᠎ᠠ ᠶᠢᠨ ᠤᠳᠤᠷᠢᠳᠤᠭᠰᠠᠨ ᠦᠦᠰᠢᠨ ᠬᠣᠰᠢᠭᠤᠨ ᠤ ᠮᠠᠯᠴᠢᠳ ᠤᠨ ᠬᠤᠪᠢᠰᠬᠠᠯᠲᠤ ᠬᠥᠳᠡᠯᠭᠡᠭᠡᠨ ᠨᠢᠭᠡ ᠦᠶ᠎ᠡ ᠮᠠᠰᠢ ᠶᠡᠬᠡ ᠠᠮᠵᠢᠯᠲᠠ ᠣᠯᠤᠭᠰᠠᠨ ᠪᠠᠶᠢᠨ᠎ᠠ ᠃
1926 ᠣᠨ ᠳ᠋ᠤ ᠂ ᠰᠢᠨᠡᠯᠠᠮ᠎ᠠ ᠦᠦᠰᠢᠨ ᠬᠣᠰᠢᠭᠤ ᠳ᠋ᠦ《 ᠳᠤᠭᠤᠶᠢᠯᠠᠩ》 ᠤᠨ ᠬᠥᠳᠡᠯᠭᠡᠭᠡᠨ ᠢ ᠳᠠᠬᠢᠨ ᠵᠣᠬᠢᠶᠠᠨ ᠪᠠᠶᠢᠭᠤᠯᠵᠤ ᠂ ᠮᠠᠯᠴᠢᠨ ᠲᠠᠷᠢᠶᠠᠴᠢᠨ ᠣᠯᠠᠨ ᠲᠦᠮᠡᠨ ᠢ ᠤᠬᠠᠭᠤᠯᠵᠤ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠡᠵᠡᠷᠬᠡᠭ ᠲᠦᠷᠢᠮᠡᠭᠡᠢᠢᠲᠡᠨ ᠪᠠ ᠹᠸᠤᠳᠠᠯ ᠢ ᠡᠰᠡᠷᠭᠦᠴᠡᠭᠰᠡᠨ ᠦᠨᠳᠦᠰᠦᠲᠡᠨ ᠤ ᠳᠠᠷᠤᠯᠠᠯ ᠢ ᠡᠰᠡᠷᠭᠦᠴᠡᠬᠦ ᠤᠯᠤᠰ ᠲᠥᠷᠦ ᠶ᠋ᠢᠨ ᠵᠣᠷᠢᠯᠲᠠ ᠶᠢ ᠤᠬᠠᠭᠤᠯᠵᠤ᠂ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠭᠠᠵᠠᠷ ᠣᠷᠣᠨ ᠤ ᠵᠣᠬᠢᠶᠠᠨ ᠪᠠᠶᠢᠭᠤᠯᠤᠯᠲᠠ ᠪᠣᠯᠤᠨ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠴᠡᠷᠢᠭ ᠦᠨ ᠠᠷᠪᠠᠨ ᠬᠣᠶᠠᠳᠤᠭᠠᠷ ᠬᠣᠷᠢᠶ᠎ᠠ ᠶᠢᠨ ᠬᠤᠷᠢᠶᠠᠨ ᠳᠠᠷᠤᠭ᠎ᠠ ᠪᠠᠷ ᠰᠤᠩᠭᠤᠭᠳᠠᠵᠤ ᠂ ᠨᠠᠮ ᠤᠨ ᠡᠭᠦᠷ ᠪᠠᠶᠢᠭᠤᠯᠵᠤ ᠂ ᠬᠣᠵᠢᠮ ᠬᠥᠭᠵᠢᠭᠡᠳ 17 ᠨᠠᠮ ᠤᠨ ᠡᠭᠦᠷ ᠂ ᠨᠠᠮ ᠤᠨ ᠭᠡᠰᠢᠭᠦᠨ 570 ᠭᠠᠷᠤᠶ ᠪᠣᠯᠤᠭᠰᠠᠨ ᠪᠠᠶᠢᠨ᠎ᠠ ᠃ ᠡᠭᠦᠨ ᠡᠴᠡ ᠦᠦᠰᠢᠨ ᠬᠤᠰᠢᠭᠤᠨ ᠤ 《 ᠳᠤᠭᠤᠶᠢᠯᠠᠩ 》 ᠤᠨ ᠬᠥᠳᠡᠯᠭᠡᠭᠡᠨ ᠵᠡᠪᠰᠡᠭᠲᠦ ᠲᠡᠮᠡᠴᠡᠯ ᠦᠨ ᠰᠢᠨ᠎ᠡ ᠴᠠᠭ ᠦᠢ᠎ᠡ ᠳ᠋ᠦ ᠤᠷᠤᠭᠰᠠᠨ ᠪᠠᠶᠢᠨ᠎ᠠ ᠃
1927 ᠣᠨ ᠤ 8 ᠰᠠᠷ᠎ᠠ ᠳ᠋ᠤ ᠂ ᠰᠢᠨᠡᠯᠠᠮ᠎ᠠ ᠠᠷᠪᠠᠨ ᠬᠣᠶᠠᠳᠤᠭᠠᠷ ᠬᠣᠷᠢᠶ᠎ᠠ ᠶᠢ ᠳᠠᠭᠠᠭᠤᠯᠤᠨ ᠵᠠᠰᠠᠭᠴᠢ ᠨᠣᠶᠠᠨ ᠲᠡᠭᠦᠰ ᠠᠮᠤᠭᠤᠯᠠᠩ ᠵᠡᠷᠭᠡ ᠦᠦᠰᠢᠨ ᠬᠤᠰᠢᠭᠤᠨ ᠤ ᠬᠣᠰᠢᠭᠤ ᠵᠠᠰᠠᠭ ᠤᠨ ᠣᠷᠳᠣᠨ ᠪᠠ ᠨᠣᠶᠠᠳ ᠲᠦᠰᠢᠮᠡᠳ ᠢ ᠬᠥᠭᠡᠭᠡᠵᠦ ᠶᠠᠪᠤᠭᠤᠯᠪᠠ᠃ ᠲᠡᠦᠬᠡᠨ ᠡᠴᠡ ᠨᠠᠭᠠᠰᠢᠬᠢ ᠶᠡᠬᠡ ᠵᠤᠤ ᠠᠶᠢᠮᠠᠭ ᠤᠨ ᠠᠩᠬᠠᠳᠠᠭᠴᠢ ᠮᠣᠩᠭᠣᠯ ᠦᠨᠳᠦᠰᠦᠲᠡᠨ ᠤ ᠠᠷᠠᠳ ᠲᠦᠮᠡᠨ ᠡᠵᠡᠨ ᠰᠠᠭᠤᠵᠤ ᠡᠷᠬᠡ ᠮᠡᠳᠡᠭᠰᠡᠨ ᠵᠠᠰᠠᠭ ᠤᠨ ᠡᠷᠬᠡ — ᠤᠯᠠᠨ ᠨᠡᠶᠢᠲᠡ ᠶᠢᠨ ᠺᠣᠮᠢᠰ ᠢ ᠪᠠᠶᠢᠭᠣᠯᠵᠦ ᠂ ᠡᠪᠯᠡᠯ ᠭᠡᠵᠦ ᠲᠣᠪᠴᠢᠯᠠᠨ᠎ᠠ ᠃ ᠡᠪᠯᠡᠯ ᠠᠴᠠ ᠨᠡᠶᠢᠲᠡᠯᠡᠭᠰᠡᠨ ᠨᠢ ᠠᠷᠠᠳ ᠲᠦᠮᠡᠨ ᠤ ᠠᠰᠢᠭ ᠲᠤᠰᠠ ᠪᠠ ᠡᠯ᠎ᠡ ᠵᠦᠢᠯ ᠦᠨ ᠡᠷᠬᠡ ᠶᠢ ᠪᠠᠲᠤᠯᠠᠵᠤ ᠂ ᠡᠯ᠎ᠡ ᠵᠦᠢᠯ ᠦᠨ ᠬᠦᠨᠳᠦ ᠲᠠᠲᠠᠪᠤᠷᠢ ᠲᠠᠲᠠᠪᠤᠷᠢᠯᠠᠬᠤ ᠪᠠ ᠵᠠᠯᠢᠬᠠᠶ ᠬᠤᠳᠠᠯᠳᠤᠭᠠᠴᠢᠨ ᠢ ᠴᠢᠩᠭ᠎ᠠ ᠰᠢᠢᠳᠬᠡᠨ᠎ᠡ᠃ ᠰᠤᠷᠭᠠᠭᠤᠯᠢ ᠶᠢ ᠡᠭᠦᠰᠬᠡᠨ ᠪᠠᠶᠢᠭᠣᠯᠵᠦ ᠂ ᠮᠣᠩᠭᠣᠯ ᠬᠢᠲᠠᠳ ᠥᠰᠥᠭ ᠰᠤᠷᠤᠯᠴᠠᠵᠤ ᠂ ᠴᠡᠷᠢᠭ ᠪᠣᠯᠪᠠᠰᠤᠷᠠᠭᠤᠯᠬᠤ ᠺᠠᠳ᠋ᠷ ᠲᠣᠮᠢᠯᠠᠨ ᠣᠷᠤᠯᠴᠠᠭᠤᠯᠪᠠ ᠃ ᠡᠷᠡᠭᠲᠡᠶ ᠡᠮᠡᠭᠲᠡᠶ ᠡᠷᠬᠡ ᠲᠡᠭᠰᠢ ᠪᠠᠶᠢᠬᠤ ᠂ ᠡᠮᠡᠭᠲᠡᠶᠢᠴᠦᠳ ᠨᠠᠮ ᠳ᠋ᠤ ᠣᠷᠣᠬᠤ ᠡᠷᠬᠡ ᠲᠡᠶ ᠂ ᠤᠷᠤᠭ ᠤᠨ ᠶᠠᠪᠤᠳᠠᠯ ᠳ᠋ᠤ ᠡᠷᠬᠡ ᠴᠢᠯᠥᠭᠡ ᠲᠡᠶ᠂ ᠯᠠᠮᠠ ᠨᠠᠷ ᠬᠠᠷ᠎ᠠ ᠬᠥᠮᠦᠨ ᠪᠣᠯᠵᠤ ᠪᠣᠯᠤᠨ᠎ᠠ ᠃ ᠡᠳᠡᠭᠡᠷ ᠬᠤᠪᠢᠰᠬᠠᠯᠲᠤ ᠵᠣᠷᠢᠯᠲᠠ ᠮᠠᠯᠴᠢᠨ ᠲᠠᠷᠢᠶᠠᠴᠢᠨ ᠤ ᠬᠠᠯᠠᠭᠤᠨ ᠬᠦᠷᠢᠶᠡᠯᠡᠯ ᠢ ᠣᠯᠵᠠᠶ ᠃
ᠭᠤᠷᠪᠠᠨ ᠵᠢᠯ ᠦᠨ ᠳᠣᠲᠣᠷ᠎ᠠ ᠂ ᠰᠢᠨᠡᠯᠠᠮ᠎ᠠ ᠬᠤᠪᠢᠰᠬᠠᠯ ᠤᠨ ᠵᠡᠪᠰᠡᠭᠲᠦ ᠬᠦᠴᠦᠨ ᠪᠠ ᠠᠷᠠᠳ ᠣᠯᠠᠨ ᠤ ᠹᠸᠤᠳᠠᠯ ᠤᠨ ᠬᠦᠴᠦᠨ ᠤ ᠡᠰᠡᠷᠭᠦ ᠵᠦᠭ ᠪᠠᠭᠠᠲᠤᠷᠯᠢᠭ ᠢᠶᠠᠷ ᠲᠡᠮᠡᠴᠡᠵᠦ ᠢᠷᠡᠵᠠᠢ ᠂ ᠱᠠᠨᠰᠢ ᠶ᠋ᠢᠨ ᠬᠣᠶᠢᠲᠤ ᠬᠡᠰᠡᠭ ᠦᠨ ᠴᠡᠷᠢᠭ ᠦᠨ ᠡᠷᠬᠡᠲᠡᠨ ᠤ ᠬᠤᠪᠢᠰᠬᠠᠯᠲᠤ ᠴᠡᠷᠢᠭ ᠢ ᠪᠣᠳᠠ ᠨᠢᠷᠭᠡᠵᠦ ᠂ ᠠᠷᠠᠳ ᠲᠦᠮᠡᠨ ᠤ ᠢᠯᠠᠯᠲᠠ ᠶ᠋ᠢᠨ ᠦᠷ᠎ᠡ ᠪᠥᠲᠦᠭᠡᠯ ᠢ ᠬᠠᠮᠠᠭᠠᠯᠠᠭᠰᠠᠨ ᠪᠠᠶᠢᠨ᠎ᠠ ᠃
ᠳᠠᠶᠢᠰᠤᠨ ᠤ ᠴᠡᠷᠢᠭ ᠦᠨ ᠶᠠᠪᠤᠳᠠᠯ ᠤᠨ ᠲᠠᠯ᠎ᠠ ᠪᠠᠷ ᠢᠯᠠᠯᠲᠠ ᠣᠯᠵᠤ ᠴᠢᠳᠠᠬᠤ ᠦᠭᠡᠢ ᠂ ᠳᠠᠷᠤᠶ ᠨᠢᠭᠤᠴᠠ ᠪᠠᠷ ᠬᠣᠣᠷᠯᠠᠬᠤ ᠠᠷᠭ᠎ᠠ ᠢ ᠠᠪᠤᠭᠰᠠᠨ ᠪᠠᠶᠢᠨ᠎ᠠ ᠃ 1929 ᠣᠨ ᠤ 2 ᠰᠠᠷ᠎ᠠ ᠶᠢᠨ 19 ᠦ ᠣᠷᠤᠢ ᠂ ᠸᠠᠩ ᠨᠣᠶᠠᠨ ᠲᠡᠭᠦᠰ ᠠᠮᠤᠭᠤᠯᠠᠩ ᠤᠨ ᠬᠤᠳᠠᠯᠳᠤᠨ ᠠᠪᠤᠭᠰᠠᠨ ᠰᠢᠶᠠᠨ ᠤ ᠰᠠᠯᠠᠭᠠᠨ ᠳᠠᠷᠤᠭ᠎ᠠ ᠪᠦᠷᠢᠨ ᠵᠢᠷᠭᠠᠯᠠᠩᠲᠤ ᠰᠢᠨᠡᠯᠠᠮ᠎ᠠ ᠶᠢᠨ ᠭᠡᠷ ᠲᠦ ᠣᠷᠤᠵᠤ᠂ ᠲᠡᠷᠡ ᠱᠠᠯᠠ ᠳᠡᠭᠡᠷ᠎ᠡ ᠵᠣᠭᠰᠣᠨ ᠶᠠᠩᠭᠤᠴᠢ ᠲᠠᠯᠪᠢᠭᠤᠷ ᠴᠠᠭ ᠢ ᠦᠵᠡᠵᠦ ᠪᠠᠶᠢᠬᠤ ᠪᠠᠷ ᠣᠪᠯᠠᠪᠠ ᠃ ᠬᠠᠷᠠᠭᠤᠯ ᠮᠠᠨᠠᠵᠤ ᠪᠠᠶᠢᠭᠰᠠᠨ ᠡᠷᠳᠡᠨᠢᠳᠠᠯᠠᠢ ᠭᠡᠨᠡᠳᠲᠡ ᠭᠡᠷ ᠲᠦ ᠣᠷᠣᠵᠤ ᠂ ᠤᠨᠲᠠᠵᠤ ᠪᠠᠶᠢᠭᠰᠠᠨ ᠰᠢᠨᠡᠯᠠᠮ᠎ᠠ ᠤᠷᠤᠭᠤ ᠫᠤᠤᠳᠠᠭᠰᠠᠨ ᠪᠠᠶᠢᠨ᠎ᠠ ᠂ ᠬᠣᠶᠠᠷ ᠬᠥᠮᠦᠨ ᠭᠠᠷ ᠳ᠋ᠧᠩ ᠢᠶᠠᠨ ᠤᠨᠲᠠᠷᠠᠭᠠᠵᠤ ᠲᠦᠷᠭᠡᠨ ᠲᠤᠲᠠᠭᠠᠪᠠ᠃ ᠰᠢᠨᠡᠯᠠᠮ᠎ᠠ ᠢᠩᠭᠢᠵᠦ ᠨᠢᠭᠤᠴᠠ ᠪᠠᠷ ᠬᠣᠣᠷᠯᠠᠭᠳᠠᠵᠤ᠂ ᠲᠤᠬᠠᠶ ᠶᠢᠨ ᠵᠢᠯ ᠳ᠋ᠤ 63 ᠨᠠᠰᠤᠲᠠᠶ ᠪᠠᠶᠢᠪᠠ ᠃