ᠹᠸᠩ ᠢᠦᠢ ᠰᠢᠶᠠᠩ

ᠹᠸᠩ ᠢᠦᠢ ᠰᠢᠶᠠᠩ᠂ ᠨᠡᠷ᠎ᠡ ᠬᠤᠸᠠᠨ ᠵᠠᠩ ᠂ ᠤᠤᠯ ᠤᠨ ᠨᠡᠷ᠎ᠡ ᠨᠢ ᠹᠸᠩ ᠵᠢᠶ ᠱᠠᠨ᠂ ᠪᠠᠭ᠎ᠠ ᠢᠢᠨ ᠨᠡᠷ᠎ᠡ ᠨᠢ ᠺᠸᠩ ᠪᠦᠦ ᠂ ᠬᠢᠲᠠᠳ ᠦᠨᠳᠦᠰᠦᠲᠡᠨ ᠂ ᠤᠭ ᠨᠤᠲᠤᠭ ᠨᠢ ᠠᠨᠾᠦᠢᠢ ᠮᠤᠵᠢ ᠢᠢᠨ ᠴᠤᠤ ᠰᠢᠶᠠᠨ ᠤ ᠵᠦ ᠾᠧ ᠲᠣᠰᠬᠣᠨ ᠃ 1882 ᠣᠨ ᠳᠤ ︵ ᠴᠢᠩ ᠤᠯᠤᠰ ᠤᠨ ᠪᠠᠳᠠᠷᠠᠭᠤᠯᠲᠤ ᠲᠦᠷᠦ ᠬᠠᠭᠠᠨ ᠤ ᠳᠣᠯᠣᠳᠤᠭᠠᠷ ᠣᠨ ︶᠂ ᠾᠸᠪᠸᠢ ᠮᠤᠵᠢ ᠢᠢᠨ ᠪᠤᠤᠳᠢᠩ ᠹᠦ᠋ ᠶᠢᠨ ᠴᠢᠩ ᠰᠢᠶᠠᠨ ᠳᠦ ︵ ᠣᠳᠣ ᠢᠢᠨ ᠾᠸᠪᠸᠢ ᠮᠤᠵᠢ ᠢᠢᠨ ᠼᠠᠩᠵᠸᠦ ᠬᠣᠲᠠ ᠢᠢᠨ ᠴᠢᠩ ᠰᠢᠶᠠᠨ ︶ ᠲᠦᠷᠦᠵᠡᠢ ᠃
1894 ᠣᠨ ︵ ᠴᠢᠩ ᠤᠯᠤᠰ ᠤᠨ ᠪᠠᠳᠠᠷᠠᠭᠤᠯᠲᠤ ᠲᠦᠷᠦ ᠬᠠᠭᠠᠨ ᠤ ᠬᠣᠷᠢᠨ ᠵᠢᠯ ) ᠳᠤ ᠹᠸᠩ ᠢᠦᠢ ᠰᠢᠶᠠᠩ ᠴᠡᠷᠢᠭ ᠤᠨ ᠬᠤᠸᠠᠷᠠᠨ ᠣᠷᠣᠵᠤ ᠪᠣᠯᠪᠠᠰᠤᠷᠠᠯ ᠭᠥᠷᠳᠡᠪᠡ ᠃ 1896 ᠣᠨ ᠳᠤ ︵ ᠴᠢᠩ ᠤᠯᠤᠰ ᠤᠨ ᠪᠠᠳᠠᠷᠠᠭᠤᠯᠲᠤ ᠲᠦᠷᠦ ᠬᠠᠭᠠᠨ ᠤ ᠬᠣᠷᠢᠨ ᠬᠣᠶᠠᠳᠤᠭᠠᠷ ᠵᠢᠯ ) ᠳᠤ ᠵᠢᠩᠬᠢᠨᠢ ᠪᠡᠷ ᠠᠨᠾᠦᠢᠢ ᠶᠢᠨ ᠴᠡᠷᠢᠭ ᠳᠤ ᠣᠷᠣᠪᠠ ᠃ 1900 ᠣᠨ ᠳᠤ ︵ ᠴᠢᠩ ᠤᠯᠤᠰ ᠤᠨ ᠪᠠᠳᠠᠷᠠᠭᠤᠯᠲᠤ ᠲᠦᠷᠦ ᠬᠠᠭᠠᠨ ᠤ ᠬᠣᠷᠢᠨ ᠵᠢᠷᠭᠤᠳᠤᠭᠠᠷ ᠵᠢᠯ ) ᠂ ᠹᠸᠩ ᠢᠦᠢ ᠰᠢᠶᠠᠩ ᠪᠦᠬᠦ ᠰᠤᠮᠤᠨ ᠤ ᠰᠤᠷᠭᠠᠭᠴᠢ ᠪᠣᠯᠵᠡᠢ ᠃ 1902 ᠣᠨ ︵ ᠴᠢᠩ ᠤᠯᠤᠰ ᠤᠨ ᠪᠠᠳᠠᠷᠠᠭᠤᠯᠲᠤ ᠲᠦᠷᠦ ᠬᠠᠭᠠᠨ ᠤ ᠬᠣᠷᠢᠨ ᠨᠠᠶᠮᠠᠳᠤᠭᠠᠷ ᠵᠢᠯ) ᠦᠨ 3 ᠳ᠋ᠤᠭᠠᠷ ᠰᠠᠷ᠎ᠠ ᠳᠤ ᠂ ᠲᠡᠷᠡ ᠰᠢᠯᠲᠠᠭ ᠢᠶᠡᠷ ᠠᠨᠾᠦᠢᠢ ᠶᠢᠨ ᠴᠡᠷᠢᠭ ᠡᠴᠡ ᠰᠠᠯᠵᠤ ᠂ ᠶᠤᠸᠠᠨ ᠱᠢ ᠺᠠᠶ ᠢᠢᠨ ᠰᠢᠨ᠎ᠡ ᠴᠡᠷᠢᠭ ᠲᠦ ᠣᠴᠢᠵᠦ ᠂ ᠶᠤᠸᠠᠨ ᠱᠢ ᠺᠠᠶ ᠢᠢᠨ ᠰᠡᠷᠭᠡᠶᠢᠯᠡᠨ ᠬᠠᠮᠠᠭᠠᠯᠠᠬᠤ ᠭᠤᠷᠪᠠᠳᠤᠭᠠᠷ ᠪᠠᠲ᠋ᠯᠢᠶᠣᠨ ᠤ ᠴᠡᠷᠢᠭ ᠲᠤ ᠠᠯᠬᠤᠮ ᠠᠯᠬᠤᠮ ᠢᠢᠡᠷ ᠲᠠᠰᠤᠬ ᠤᠨ ᠳᠡᠳ᠋ ᠳᠠᠷᠤᠭ᠎ᠠ ᠂ ᠲᠠᠰᠤᠭ ᠤᠨ ᠳᠠᠷᠤᠭ᠎ᠠ ᠂ ᠰᠠᠯᠠᠭᠠᠨ ᠳᠠᠷᠤᠭ᠎ᠠ ᠂ ᠰᠤᠮᠤᠨ ᠳᠠᠷᠤᠭ᠎ᠠ ᠪᠣᠯᠵᠡᠢ᠃ ᠡᠨᠡᠬᠦ ᠬᠤᠭᠤᠴᠠᠭᠠᠨ ᠳᠤ ᠂ ᠲᠡᠷᠡ ᠴᠡᠷᠢᠭ ᠵᠡᠪᠰᠡᠭ ᠤᠨ ᠰᠤᠳᠤᠯᠭᠠᠨ ᠤ ᠬᠤᠷᠠᠯ ᠵᠣᠬᠢᠶᠠᠨ ᠪᠠᠶᠢᠭᠤᠯᠬᠤ ᠳᠤᠷᠠᠳᠤᠯᠭ᠎ᠠ ᠭᠠᠷᠭᠠᠭᠰᠠᠨ ᠪᠥᠭᠡᠳ ᠳᠠᠷᠤᠭ᠎ᠠ ᠢᠢᠨ ᠲᠤᠰᠢᠶᠠᠯ ᠢ ᠬᠠᠷᠢᠭᠤᠴᠠᠪᠠ ᠃ 1907 ᠣᠨ ᠳᠤ ︵ ᠴᠢᠩ ᠤᠯᠤᠰ ᠤᠨ ᠪᠠᠳᠠᠷᠠᠭᠤᠯᠲᠤ ᠲᠥᠷᠥ ᠢᠢᠨ ᠭᠤᠴᠢᠨ ᠭᠤᠷᠪᠠᠳᠤᠭᠠᠷ ᠵᠢᠯ ) ᠳᠤ ᠲᠡᠭᠦᠨ ᠦ ᠴᠡᠷᠢᠭ ᠨᠢ ᠹᠸᠨᠭᠲ᠋ᠢᠶᠠᠨ ︵ ᠤᠳᠤ ᠶᠢᠨ ᠯᠢᠶᠣᠤᠨᠢᠩ ᠮᠤᠵᠢ ) ᠢᠢᠨ ᠰᠢᠨ ᠮᠢᠨ ᠹᠦ᠋ ᠳᠦ ᠰᠠᠭᠤᠪᠠ ᠃ 1910 ᠣᠨ ᠳᠤ ︵ ᠴᠢᠩ ᠤᠯᠤᠰ ᠤᠨ ᠬᠡᠪᠲᠦ ᠶᠣᠰᠣᠲᠤ ᠶᠢᠨ ᠬᠣᠶᠠᠷ ᠵᠢᠯ ) ᠤ 9 ᠰᠠᠷ᠎ᠠ ᠳᠤ ᠂ ᠹᠸᠩ ᠢᠦᠢ ᠰᠢᠶᠠᠩ ᠬᠣᠷᠢᠨ ᠳᠦᠷᠪᠡᠳᠦᠭᠡᠷ ᠳ᠋ᠢᠸᠢᠽᠢ ᠶᠢᠨ ᠳᠦᠷᠪᠡᠳᠦᠭᠡᠷ ᠪᠠᠷᠢᠭᠠᠳᠠ ᠶᠢᠨ ᠨᠠᠶᠠᠳᠤᠭᠠᠷ ᠬᠣᠷᠢᠶ᠎ᠠ ᠶᠢᠨ ᠭᠤᠷᠪᠠᠳᠤᠭᠠᠷ ᠪᠠᠲ᠋ᠠᠯᠢᠶᠤᠨ ᠤ ᠳᠠᠷᠤᠭ᠎ᠠ ᠪᠠᠷ ᠡᠷᠭᠦᠭᠳᠡᠭᠰᠡᠨ ᠪᠠᠶᠢᠨ᠎ᠠ ᠃
1911 ᠣᠨ ︵ ᠴᠢᠩ ᠤᠯᠤᠰ ᠤᠨ ᠬᠡᠪᠲᠦ ᠶᠣᠰᠣᠲᠤ ᠢᠢᠨ ᠭᠤᠷᠪᠠᠳᠤᠭᠠᠷ ᠣᠨ ) ᠳᠤ ᠂ ᠴᠠᠭᠠᠭᠴᠢᠨ ᠭᠠᠬᠠᠶ ᠵᠢᠯ ᠤᠨ ᠬᠤᠪᠢᠰᠬᠠᠯ ᠡᠭᠦᠰᠦᠭᠰᠡᠨ ᠤ ᠲᠠᠷᠠᠭ᠎ᠠ ᠂ ᠹᠸᠩ ᠢᠦᠢ ᠰᠢᠶᠠᠩ ᠨᠡᠶᠢᠰᠯᠡᠯ ᠤᠨ ᠲᠡᠬᠦᠷᠭᠡ ᠴᠢᠬᠤᠯᠠ ᠭᠠᠵᠠᠷ ᠯᠤᠸᠠᠨᠵᠸᠤ ᠳᠦ ᠵᠢᠷᠤᠮ ᠤᠨ ᠲᠤᠭ ᠢ ᠡᠷᠭᠦᠵᠦ ᠪᠣᠰᠤᠯᠭ᠎ᠠ ᠭᠠᠷᠭᠠᠪᠠ᠃ ᠯᠤᠸᠠᠨᠵᠸᠤ ᠢᠢᠨ ᠪᠣᠰᠣᠯᠭ᠎ᠠ ᠨᠢ ᠬᠡᠳᠦᠶᠢᠪᠡᠷ ᠢᠯᠠᠭᠳᠠᠭᠰᠠᠨ ᠪᠣᠯᠪᠠᠴᠤ ᠂ ᠬᠠᠷᠢᠨ ᠴᠢᠩ ᠤᠯᠤᠰ ᠦᠨ ᠴᠡᠷᠢᠭ ᠤᠨ ᠤᠷᠮ᠎ᠠ ᠵᠣᠷᠢᠭ ᠢ ᠭᠣᠶᠢᠪᠢᠯᠵᠠᠭᠤᠯᠵᠦ ᠂ ᠴᠢᠩ ᠤᠯᠤᠰ ᠤᠨ ᠬᠠᠭᠠᠨᠲᠤ ᠳᠦᠷᠦ ᠢᠢᠨ ᠨᠣᠶᠠᠷᠬᠠᠯ ᠢ ᠭᠣᠶᠢᠪᠢᠯᠵᠢᠭᠤᠯᠤᠭᠰᠠᠨ ᠪᠠᠶᠢᠨ᠎ᠠ ᠃ 1915 ᠣᠨ ︵ ᠢᠷᠭᠡᠨ ᠤᠯᠤᠰ ᠤᠨ 4 ᠵᠢᠯ ) ᠳᠤ ᠂ ᠠᠷᠪᠠᠨ ᠵᠢᠷᠭᠤᠳᠤᠭᠠᠷ ᠬᠣᠯᠢᠯᠳᠠᠭᠰᠠᠨ ᠪᠠᠷᠢᠭᠠᠳᠠ ᠤᠨ ᠳᠠᠷᠤᠭ᠎ᠠ ᠪᠣᠯᠵᠦ᠂ ᠲᠤᠰ ᠵᠢᠯ ᠤᠨ 12 ᠰᠠᠷ᠎ᠠ ᠳᠤ ᠂ ᠶᠤᠸᠠᠨ ᠱᠢ ᠺᠠᠶ ᠬᠠᠭᠠᠨ ᠰᠠᠭᠤᠭᠰᠠᠨ ᠤ ᠳᠠᠷᠠᠭ᠎ᠠ ᠂ ᠲᠡᠷᠡ ᠶᠤᠸᠠᠨ ᠱᠢ ᠺᠠᠶ ᠢᠢ ᠳᠠᠶᠢᠯᠠᠵᠦ ᠤᠯᠤᠰ ᠢᠢᠡᠨ ᠬᠠᠮᠠᠭᠠᠯᠠᠬᠤ ᠴᠡᠷᠢᠭ ᠢᠢᠡᠷ ᠂ ᠬᠠᠭᠠᠨᠲᠤ ᠶᠣᠰᠣ ᠢᠢ ᠡᠰᠡᠷᠭᠦᠴᠡᠬᠦ ᠳᠠᠶᠢᠨ ᠳᠤ ᠣᠷᠤᠯᠴᠠᠭᠰᠠᠨ ᠪᠠᠶᠢᠨ᠎ᠠ ᠃ 1917 ᠣᠨ ᠳᠤ ︵ ᠢᠷᠭᠡᠨ ᠤᠯᠤᠰ ᠤᠨ 6 ᠵᠢᠯ ) ᠂ ᠵᠠᠩ ᠰᠢᠶᠦ᠋ᠨ ᠤ ᠬᠠᠭᠤᠴᠢᠨ ᠲᠦᠷᠢᠮ ᠢᠢ ᠰᠡᠷᠭᠦᠭᠡᠬᠦ ᠳᠤ ᠲᠡᠷᠡ ᠴᠡᠷᠢᠭ ᠳᠠᠶᠢᠴᠢᠯᠠᠨ ᠪᠡᠭᠡᠵᠢᠩ ᠳᠤ ᠣᠷᠤᠵᠦ ᠨᠢᠭᠡᠨ ᠴᠠᠭ ᠲᠤ ᠰᠡᠷᠭᠦᠯᠲᠡ ᠬᠢᠭᠰᠡᠨ ᠰᠢᠪᠰᠢᠭᠲᠦ ᠵᠦᠴᠦᠭᠡ ᠢᠢ ᠨᠢᠴᠤᠭᠡᠵᠡᠢ ᠃ 1922 ᠣᠨ ᠤ ︵ ᠢᠷᠭᠡᠨ ᠤᠯᠤᠰ ᠤᠨ 11 ᠵᠢᠯ ) ᠂ ᠹᠸᠩ ᠢᠦᠢ ᠰᠢᠶᠠᠩ ᠱᠠᠨᠰᠢ ᠮᠤᠵᠢ ᠢᠢᠨ ᠴᠡᠷᠢᠭ ᠤᠨ ᠵᠠᠬᠢᠷᠤᠭᠴᠢ ᠪᠥᠭᠡᠳ ᠠᠷᠪᠠᠨ ᠨᠢᠭᠡᠳᠦᠭᠡᠷ ᠳ᠋ᠢᠸᠢᠽᠢ ᠢᠢᠨ ᠳᠠᠷᠤᠭ᠎ᠠ ᠪᠡᠷ ᠲᠣᠮᠢᠯᠠᠭᠳᠠᠵᠦ ᠂ ᠬᠠᠭᠤᠷᠠᠶ ᠵᠠᠮ ᠤᠨ ᠴᠡᠷᠢᠭ ᠤᠨ ᠬᠤᠷᠠᠩᠳᠠ ᠭᠸ᠋ᠨ᠋ᠸ᠋ᠷᠡᠯ ᠴᠡᠷᠢᠭ ᠤᠨ ᠴᠣᠯᠠ ᠬᠦᠷᠳᠡᠪᠡ ᠃ ᠮᠥᠨ ᠵᠢᠯ ᠳᠤ ᠂ ᠲᠤᠰᠢᠶᠠᠯ ᠰᠤᠯᠢᠨ ᠲᠣᠮᠢᠯᠠᠭᠳᠠᠵᠦ ᠾᠧᠨᠠᠨ ᠤ ᠴᠡᠷᠢᠭ ᠦᠨ ᠵᠠᠬᠢᠷᠠᠭᠴᠢ ᠪᠤᠯᠵᠤ ᠺᠠᠢ ᠹᠸ᠋ᠩ ᠳᠦ ᠰᠠᠭᠤᠵᠡᠢ᠃ 1923 ᠣᠨ ᠤ ︵ ᠢᠷᠭᠡᠨ ᠤᠯᠤᠰ ᠤᠨ 12 ᠣᠨ ) ᠲᠡᠷᠡ ᠬᠠᠭᠤᠷᠠᠶ ᠵᠠᠮ ᠤᠨ ᠴᠡᠷᠢᠭ ᠤᠨ ᠬᠤᠷᠠᠩᠳᠠ ᠭᠸᠨᠧᠷᠡᠯ ᠴᠡᠷᠢᠭ ᠰᠢᠯᠭᠠᠭᠴᠢ ᠨᠣᠶᠠᠨ ᠪᠣᠯᠵᠡᠢ ᠃
1924 ᠣᠨ ᠤ ︵ ᠢᠷᠭᠡᠨ ᠤᠯᠤᠰ ᠤᠨ ᠠᠷᠪᠠᠨ ᠭᠤᠷᠪᠠᠨ ᠵᠢᠯ ) 10 ᠰᠠᠷ᠎ᠠ ᠢᠢᠨ 22 ᠤ ᠡᠳᠦᠷ ᠂ ᡁᠢᠯᠢ ᠶᠢᠨ ᠴᠡᠷᠢᠭ ᠦᠨ ᠡᠷᠬᠢᠲᠡᠨ ᠪᠣᠯᠤᠨ ᠮᠦᠭᠳᠡᠨ ᠤ ᠪᠦᠯᠦᠭ ᠤᠨ ᠴᠡᠷᠢᠭ ᠤᠨ ᠡᠷᠬᠡᠲᠡᠨ ᠤ ᠬᠣᠶᠠᠳᠤᠭᠠᠷ ᠤᠳᠠᠭ᠎ᠠ ᠶᠢᠨ ᠳᠠᠶᠢᠨ ᠤ ᠳᠤᠮᠳᠠ ᠂ ᠹᠸᠩ ᠢᠦᠢ ᠰᠢᠶᠠᠩ ᠡᠮᠦᠨ᠎ᠡ ᠹᠷᠣᠨᠲ᠋ ᠳᠤ ᠣᠴᠢᠵᠤ ᠂ ᠷᠸᠾᠸ ᠵᠦᠭ ᠶᠠᠪᠤᠬᠤ ᠵᠠᠮ ᠵᠠᠭᠤᠷ᠎ᠠ ᠂ ᠴᠡᠷᠢᠭ ᠢᠶᠠᠨ ᠡᠭᠡᠭᠦᠯᠦᠨ ᠪᠡᠭᠡᠵᠢᠩ ᠳᠦ ᠣᠷᠤᠵᠦ ᠂ ᠪᠡᠭᠡᠵᠢᠩ ᠤᠨ ᠬᠡᠷᠡᠭ ᠬᠤᠪᠢᠰᠤᠯ ᠢ ᠡᠭᠦᠰᠭᠡᠨ ᠂ ᠽᠣᠤ ᠺᠦᠨ ᠤ ᠬᠠᠬᠤᠤᠯᠢᠲᠦ ᠰᠣᠩᠭᠣᠭᠤᠯᠢ ᠪᠠᠷ ᠭᠠᠷᠤᠭᠰᠠᠨ ᠵᠠᠰᠠᠭ ᠢ ᠲᠦᠯᠬᠢᠨ ᠤᠨᠠᠭᠠᠵᠤ ᠂ ᠵᠠᠰᠠᠭ ᠤᠨ ᠣᠷᠳᠣᠨ ᠂ ᡁᠢᠯᠢ ᠵᠢᠨ ᠪᠦᠯᠦᠭ ᠤᠨ ᠴᠡᠷᠢᠭ ᠤᠨ ᠡᠷᠬᠡᠲᠡᠨ ᠤ ᠰᠢᠰᠲ᠋ᠧᠮ ᠡᠴᠡ ᠰᠠᠯᠠᠬᠤ ᠪᠠᠷ ᠲᠤᠩᠬᠠᠭᠯᠠᠵᠤ ᠂ ᠴᠡᠷᠢᠭ ᠢᠶᠠᠨ ᠳᠤᠮᠳᠠᠳᠤ ᠢᠷᠭᠡᠨ ᠤᠯᠤᠰ ᠤᠨ ᠤᠯᠤᠰ ᠢᠷᠭᠡᠨ ᠤ ᠴᠡᠷᠢᠭ ᠪᠣᠯᠭᠠᠨ ᠦᠭᠡᠷᠡᠴᠢᠯᠡᠵᠦ ᠶᠡᠷᠦᠩᠬᠡᠶ ᠰᠧᠯᠢᠩ ᠪᠥᠭᠡᠳ ᠨᠢᠭᠡᠳᠦᠭᠡᠷ ᠠᠷᠮᠠᠢ ᠶᠢᠨ ᠳᠠᠷᠤᠭ᠎ᠠ ᠪᠤᠯᠵᠤ ᠂ ᠪᠦᠬᠦ ᠤᠯᠤᠰ ᠳᠤ ᠴᠠᠬᠢᠯᠭᠠᠨ ᠮᠡᠳᠡᠭᠳᠡᠯ ᠭᠠᠷᠭᠠᠪᠠ᠃ ᠲᠡᠷᠡ ᠪᠠᠰᠠ ᠤᠯᠠᠨ ᠤᠳᠠᠭ᠎ᠠ ᠴᠠᠬᠢᠯᠭᠠᠨ ᠮᠡᠳᠡᠭᠡ ᠪᠡᠷ ᠰᠦᠨ ᠵᠦᠩ ᠱᠠᠨ ᠢ ᠤᠷᠢᠵᠦ ᠂ ᠲᠦᠷᠦ ᠢᠢᠨ ᠬᠡᠷᠡᠭ ᠢ ᠵᠦᠪᠳᠡᠬᠦ ᠭᠡᠵᠡᠢ᠃ ᠰᠦᠨ ᠵᠦᠭ ᠱᠠᠨ ᠪᠠᠰᠠ10 ᠰᠠᠷ᠎ᠠ ᠢᠢᠨ 27 ᠤ ᠡᠳᠦᠷ ᠴᠠᠬᠢᠯᠭᠠᠨ ᠮᠡᠳᠡᠭᠡ ᠶᠠᠪᠤᠭᠤᠯᠵᠤ ᠂ ᠲᠡᠭᠦᠨ ᠳᠤ ᠪᠠᠶᠠᠷ ᠬᠦᠷᠭᠡᠭᠰᠡᠨ ᠪᠥᠭᠡᠳ 《 ᠤᠮᠠᠷᠠᠰᠢ ᠮᠣᠷᠳᠠᠬᠤ ᠲᠤᠬᠠᠶ ᠲᠤᠩᠬᠠᠭ 》 ᠨᠡᠶᠢᠲᠡᠯᠡᠵᠡᠢ ᠃ 11 ᠰᠠᠷ᠎ᠠ ᠶᠢᠨ5 ᠦ ᠡᠳᠦᠷ᠂ ᠹᠸᠩ ᠢᠦᠢ ᠰᠢᠶᠠᠩ ᠵᠠᠩᠵᠤᠨ ᠴᠢᠩ ᠤᠯᠤᠰ ᠤᠨ ᠣᠷᠤᠨ ᠡᠴᠡ ᠪᠠᠭᠤᠭᠰᠠᠨ ᠬᠠᠭᠠᠨ ᠠᠶᠢᠰᠢᠨ ᠬᠢᠤᠷᠤ ᠫᠦ ᠢ ᠶᠢ ᠬᠠᠭᠠᠨ ᠤ ᠣᠷᠳᠤᠨ ᠡᠴᠡ ᠬᠥᠭᠡᠭᠡᠵᠦ ᠭᠠᠷᠭᠠᠪᠠ᠃ ᠪᠡᠭᠡᠵᠢᠩ ᠳᠤ ᠲᠦ᠋ᠷᠦ ᠢᠢᠨ ᠬᠤᠪᠢᠰᠤᠯ ᠭᠠᠷᠭᠠᠭᠰᠠᠨ ᠤ ᠳᠠᠷᠠᠭ᠎ᠠ ᠂ ᠲᠡᠷᠡ ᠪᠠᠰᠠ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠣᠷᠣᠨ ᠤ ᠭᠦᠢᠴᠡᠳᠬᠡᠬᠦ ᠬᠣᠷᠢᠶ᠎ᠠ ᠲᠠᠢᠨᠢᠭᠲᠠ ᠬᠠᠷᠢᠯᠴᠠᠵᠤ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠢᠢᠨ ᠬᠣᠷᠢᠶ᠎ᠠ ᠢᠢᠨ ᠶᠡᠷᠦᠩᠬᠡᠶ ᠬᠠᠷᠢᠭᠤᠴᠠᠯᠭᠠᠲᠠᠨ ᠯᠢ ᠳ᠋ᠡ ᠵᠤᠤ ᠪᠡᠶ᠎ᠡ ᠪᠡᠷ ᠢᠢᠡᠨ ᠲᠡᠭᠦᠨ ᠲᠡᠶ ᠣᠯᠠᠨ ᠤᠳᠠᠭ᠎ᠠ ᠶᠠᠷᠢᠯᠴᠠᠵᠤ ᠂ ᠪᠠᠶᠢᠭᠠᠳ ᠡᠷᠭᠢᠴᠡᠨ ᠲᠠᠲᠠᠭᠠᠯᠵᠠᠵᠦ ᠪᠠᠶᠢᠭᠰᠠᠨ ᠲᠡᠭᠦᠨ ᠢ ᠲᠠᠬᠢᠨ ᠰᠡᠷᠭᠦᠭᠰᠡᠨ ᠪᠠᠶᠢᠨ᠎ᠠ ᠂ ᠲᠠᠷᠡ ᠰᠦᠨ ᠵᠦᠩ ᠱᠠᠨ ᠤ ᠤᠷᠤᠰ ᠲᠠᠶ ᠬᠣᠯᠪᠣᠭᠠᠯᠠᠬᠤ ᠂ ᠡᠪ ᠬᠠᠮᠲᠤ ᠨᠠᠮ ᠲᠠᠶ ᠬᠣᠯᠪᠣᠭᠠᠯᠠᠬᠤ ᠂ ᠲᠠᠷᠢᠶᠠᠴᠢᠨ ᠠᠵᠢᠯᠴᠢᠨ ᠢ ᠲᠡᠳᠬᠦᠬᠦ ᠭᠤᠷᠪᠠᠨ ᠶᠡᠬᠡ ᠲᠦ᠋ᠷᠦ ᠢᠢᠨ ᠪᠤᠳ᠋ᠤᠯᠭ᠎ᠠ ᠢᠢ ᠬᠡᠷᠡᠭᠵᠢᠭᠦᠯᠬᠦ ᠪᠡᠷ ᠵᠣᠷᠢᠭ ᠰᠢᠢᠳᠪᠡ ᠃
1925 ᠣᠨ ᠤ ︵ ᠢᠷᠭᠡᠨ ᠤᠯᠤᠰ ᠤᠨ 14 ᠵᠢᠯ ) 1 ᠳ᠋ᠦᠭᠡᠷ ᠰᠠᠷ᠎ᠠ ᠂ ᠹᠸᠩ ᠢᠦᠢ ᠰᠢᠶᠠᠩ ᠪᠠᠷᠠᠭᠤᠨ ᠬᠣᠶᠢᠲᠤ ᠣᠷᠣᠨ ᠤ ᠬᠢᠯᠢ ᠢᠢᠨ ᠵᠠᠬᠢᠷᠤᠯ ᠢᠢᠡᠷ ᠲᠣᠮᠢᠯᠠᠭᠳᠠᠵᠠᠶ ᠃ 2 ᠰᠠᠷ᠎ᠠ ᠢᠢᠨ ᠡᠬᠢ ᠪᠡᠷ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠢᠢᠨ ᠬᠣᠷᠢᠶ᠎ᠠ ᠢᠢᠨ ᠶᠡᠷᠦᠩᠬᠡᠶ ᠬᠠᠷᠢᠭᠤᠴᠠᠯᠭᠠᠲᠠᠨ ᠯᠢ ᠳ᠋ᠡ ᠵᠤᠤ ᠪᠣᠯᠤᠨ ᠵᠦᠪᠯᠡᠯᠳᠦ ᠬᠣᠯᠪᠣᠭᠠᠲᠤ ᠤᠯᠤᠰ ᠤᠨ ᠡᠯᠴᠢᠨ ᠰᠠᠶᠢᠳ ᠺᠠᠯᠠᠬᠠᠨ ᠤ ᠰᠠᠨᠠᠭᠤᠯᠭ᠎ᠠ ᠳᠣᠣᠷ᠎ᠠ ᠂ ᠲᠡᠷᠡ ᠴᠢᠭᠤᠯᠤᠯᠲᠤ ᠬᠠᠭᠠᠯᠭ᠎ᠠ ᠳᠤ ᠬᠦᠷᠴᠦ ᠲᠤᠰᠢᠶᠠᠯ ᠳᠠᠭᠠᠨ ᠭᠠᠷᠪᠠ ᠃ 2 ᠰᠠᠷ᠎ᠠ ᠢᠢᠨ ᠰᠡᠭᠦᠯᠴᠢ ᠪᠡᠷ ᠂ ᠲᠡᠷᠡ ᠬᠥᠮᠦᠨ ᠲᠣᠮᠢᠯᠠᠨ ᠪᠡᠭᠡᠵᠢᠩ ᠳᠤ ᠣᠴᠢᠵᠦ ᠯᠢ ᠳ᠋ᠡ ᠵᠣᠣ ᠂ ᠰᠢᠦᠢ ᠴᠢᠶᠠᠨ ᠵᠡᠷᠭᠡ ᠬᠥᠮᠦᠰ ᠢ ᠴᠢᠭᠤᠯᠤᠯᠲᠤ ᠬᠠᠭᠠᠯᠭ᠎ᠠ ᠳᠦ ᠤᠷᠢᠵᠦ ᠵᠦᠪᠯᠡᠯᠳᠦ ᠬᠣᠯᠪᠣᠭᠠᠲᠤ ᠤᠯᠤᠰ ᠤᠨ ᠲᠤᠰᠠᠯᠠᠮᠵᠢ ᠢᠢᠨ ᠠᠰᠠᠭᠤᠳᠠᠯ ᠤᠨ ᠲᠤᠬᠠᠶ ᠬᠡᠯᠡᠯᠴᠡᠭᠡ ᠬᠢᠭᠰᠡᠨ ᠪᠠᠶᠢᠨ᠎ᠠ᠂ 3 ᠰᠠᠷ᠎ᠠ ᠢᠢᠨ ᠰᠡᠭᠦᠯᠴᠢ ᠪᠡᠷ ᠂ ᠭᠤᠸᠠᠩᠳᠦ᠋ᠩ ᠤᠨ ᠬᠤᠪᠢᠰᠬᠠᠯᠲᠤ ᠵᠠᠰᠠᠭ ᠤᠨ ᠣᠷᠳᠣᠨ ᠰᠠᠭᠤᠭ᠎ᠠ ᠵᠦᠪᠯᠡᠯᠳᠦ ᠬᠣᠯᠪᠣᠭᠠᠲᠤ ᠤᠯᠤᠰ ᠤᠨ ᠳᠡᠭᠡᠳᠦ ᠵᠡᠷᠭᠡ ᠢᠢᠨ ᠵᠥᠪᠯᠡᠭᠴᠢ ᠪᠤᠷᠤᠳ᠋ᠢᠨ ᠤ ᠲᠤᠰᠬᠠᠶᠢᠯᠠᠨ ᠭᠤᠸᠠᠩᠵᠧᠦ ᠡᠴᠡ ᠴᠢᠭᠤᠯᠤᠯᠳᠦ ᠬᠠᠭᠠᠯᠭ᠎ᠠ ᠳᠤ ᠢᠷᠡᠵᠦ ᠲᠡᠭᠦᠨ ᠲᠡᠶ ᠲᠤᠰᠠᠯᠠᠮᠵᠢ ᠦᠵᠡᠭᠦᠯᠬᠦ ᠵᠥᠪᠯᠡᠯᠴᠡᠭᠡᠷ ᠢ ᠲᠣᠭᠲᠠᠭᠠᠭᠰᠠᠨ ᠪᠠᠶᠢᠨ᠎ᠠ ᠃ 5 ᠰᠠᠷ᠎ᠠ ᠢᠢᠨ ᠰᠡᠭᠦᠯᠴᠢ ᠪᠡᠷ ᠂ ᠵᠦᠪᠯᠡᠯᠳᠦ ᠬᠣᠯᠪᠣᠭᠠᠲᠤ ᠤᠯᠤᠰ ᠡᠴᠡ ᠷᠸᠨ ᠵᠢᠶᠠᠩ ︵ ᠵᠦᠪᠯᠡᠯᠳᠤ ᠬᠣᠯᠪᠣᠭᠠᠲᠤ ᠤᠯᠤᠰ ᠤᠨ ᠬᠤᠪᠢᠰᠬᠠᠯᠲᠤ ᠳᠠᠶᠢᠨ ᠤ ᠦᠢ᠎ᠡ ᠳᠤ ᠠᠯᠤᠰ ᠳᠣᠷᠣᠨᠠᠲᠤ ᠢᠢᠨ ᠣᠷᠣᠨ ᠤ ᠶᠡᠷᠦᠩᠬᠡᠶ ᠰᠧᠯᠢᠩ ᠪᠠᠶᠢᠵᠠᠶ ) ᠵᠢᠡᠷ ᠲᠣᠯᠣᠭᠠᠶᠢᠯᠠᠭᠤᠯᠤᠭᠰᠠᠨ ᠵᠥᠪᠯᠡᠭᠴᠢᠳ ᠤᠨ ᠪᠦᠯᠬᠦᠮ ᠦᠨ 30 ᠭᠠᠷᠤᠶ ᠬᠥᠮᠦᠨ ᠢ ᠲᠣᠮᠢᠯᠠᠵᠦ ᠂ ᠴᠢᠭᠤᠯᠤᠯᠳᠦ ᠬᠠᠭᠠᠯᠭ᠎ᠠ ᠳᠤ ᠬᠦᠷᠴᠦ ᠢᠷᠭᠡᠨ ᠤ ᠴᠡᠷᠢᠭ ᠢ ᠬᠠᠪᠰᠤᠷᠴᠤ ᠴᠡᠷᠢᠭ ᠤᠨ ᠪᠣᠯᠪᠠᠰᠤᠷᠠᠯ ᠬᠢᠭᠰᠡᠨ ᠪᠠᠶᠢᠨ᠎ᠠ ᠃ 10 ᠰᠠᠷ᠎ᠠ ᠢᠢᠨ 7 ᠤ ᠡᠳᠦᠷ ᠂ ᠹᠸᠩ ᠢᠦᠢ ᠰᠢᠶᠠᠩ ᠴᠢᠭᠤᠯᠤᠯᠲᠤ ᠬᠠᠭᠠᠯᠭ᠎ᠠ ᠡᠴᠡ ᠰᠠᠯᠠᠵᠦ ᠪᠤᠭᠤᠲᠤ ᠳᠤ ᠬᠦᠷᠴᠦ ᠪᠠᠷᠠᠭᠤᠨ ᠬᠣᠶᠢᠲᠤ ᠬᠢᠯᠢ ᠶᠢᠨ ᠵᠠᠬᠢᠷᠭᠠᠶᠢᠨ ᠭᠠᠵᠠᠷ ᠢ ᠪᠠᠶᠢᠭᠤᠯᠵᠤ ᠂ ᠪᠤᠭᠤᠲᠤ ᠶᠢᠨ ︵ ᠣᠳᠣ ᠢᠢᠨ ᠪᠤᠭᠤᠲᠤ ᠬᠤᠳᠠ ᠢᠢᠨ ᠳ᠋ᠦᠩ ᠡᡁᠸ ᠲᠣᠭᠣᠷᠢᠭ ) ᠵᠡᠭᠦᠨ ᠡᠭᠦᠳᠡᠨ ᠤ ᠭᠠᠳᠠᠷ 1600 ᠲᠥᠭᠥᠷᠢᠭ ᠬᠡᠷᠡᠭᠯᠡᠵᠦ ᠭᠡᠷ ᠪᠠᠶᠢᠰᠢᠩ ᠬᠤᠳᠠᠯᠳᠤᠨ ᠠᠪᠴᠤ᠂ ᠬᠠᠭᠠᠯᠪᠤᠷᠢᠯᠠᠨ ᠲᠠᠷᠢᠬᠤ ᠪᠠ ᠴᠡᠭᠴᠡᠯᠡᠨ ᠪᠣᠯᠪᠠᠰᠤᠷᠠᠭᠤᠯᠬᠤ ᠠᠵᠢᠯ ᠢ ᠦᠨᠡᠨᠴᠢ ᠪᠡᠷ ᠬᠢᠬᠦ ᠪᠡᠷ ᠵᠣᠷᠢᠭ ᠰᠢᠭᠤᠳᠪᠠ ᠃ ᠲᠡᠷᠡ ᠪᠤᠭᠤᠲᠤ ᠬᠦᠷᠦᠭᠰᠡᠨ ᠦ ᠲᠠᠷᠠᠭ᠎ᠠ ᠂ 1 ᠪᠠᠷᠢᠭᠠᠳᠠ ᠢᠢᠨ ᠴᠡᠷᠢᠭ ᠤᠨ ᠬᠦᠴᠦᠨ ᠢ ᠲᠣᠮᠢᠯᠠᠨ ᠂ ᠪᠤᠭᠤᠲᠤ ᠡᠴᠡ ᠨᠢᠩᠰᠢᠶᠠ ᠳᠤ ᠬᠦᠷᠴᠦ ᠮᠠᠰᠢᠨ ᠲᠡᠷᠭᠡᠨ ᠤ ᠵᠠᠮ ᠢ ᠵᠠᠰᠠᠵᠤ ᠨᠡᠪᠲᠡᠷᠡᠭᠦᠯᠵᠦ᠂ ᠪᠠᠷᠠᠭᠤᠨ ᠬᠣᠶᠢᠲᠤ ᠣᠷᠣᠨ ᠳᠤ ᠨᠡᠪᠲᠡᠷᠡᠬᠦ ᠵᠠᠮ ᠬᠠᠷᠢᠯᠴᠠᠭᠠᠨ ᠤ ᠴᠢᠬᠤᠯᠠ ᠵᠠᠮ ᠢ ᠨᠡᠪᠲᠡᠷᠡᠭᠦᠯᠦᠭᠰᠡᠨ ᠪᠠᠶᠢᠨ᠎ᠠ ᠃ ᠲᠡᠷᠡ ᠪᠠᠰᠠ ᠠᠷᠠᠳ ᠤᠯᠠᠨ ᠢ ᠳᠠᠭᠠᠭᠤᠯᠵᠤ ᠮᠣᠳᠣ ᠲᠠᠷᠢᠵᠦ᠂ 《 ᠪᠠᠷᠠᠭᠤᠨ ᠬᠣᠶᠢᠲᠤ ᠢᠢᠨ ᠢᠷᠭᠡᠨ ᠤ ᠰᠣᠨᠢᠨ 》 ᠢ ᠡᠷᠬᠢᠯᠡᠵᠦ ᠂ ᠡᠭᠡᠯ ᠠᠷᠠᠳ ᠤᠨ ᠰᠤᠷᠭᠠᠨ ᠬᠥᠮᠦᠵᠢᠯ ᠢ ᠥᠷᠨᠢᠭᠦᠯᠬᠦ ᠵᠡᠷᠭᠡ ᠠᠵᠢᠯ ᠬᠢᠵᠡᠢ ᠃ ᠲᠡᠷᠡ ᠪᠠᠰᠠ ᠬᠦᠢᠰᠦ᠋ᠢ ᠳᠦ ︵ ᠣᠳᠣ ᠢᠢᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠣᠲᠠ ) 3 ᠲᠦᠮᠡᠨ ᠲᠤᠰᠠᠯᠠᠮᠵᠢ ᠶᠢᠨ ᠮᠥᠩᠭᠥ ᠭᠠᠷᠭᠠᠵᠦ ᠡᠭᠡᠯ ᠠᠷᠠᠳ ᠤᠨ ᠡᠮᠨᠡᠯᠭᠡ ᠢ ᠡᠭᠦᠳᠦᠨ ᠂ ᠵᠢᠶ ᠯᠢᠶᠠᠩ ᠂ ᠨᠢᠯᠬᠠᠰ ᠤᠨ ᠬᠦᠷᠢᠶᠡᠯᠡᠩ ᠂ ᠥᠨᠥᠴᠢᠨ ᠬᠡᠦᠬᠡᠳ ᠢ ᠠᠪᠤᠷᠠᠨ ᠲᠤᠰᠠᠯᠠᠬᠤ ᠭᠠᠵᠠᠷ ᠂ ᠬᠦᠭᠰᠢᠨ ᠢ ᠠᠰᠠᠷᠠᠬᠤ ᠭᠠᠵᠠᠷ ᠂ ᠠᠰᠢᠭ ᠪᠠᠲᠤᠯᠠᠬᠤ ᠲᠣᠪᠴᠢᠶ᠎ᠠ ᠂ ᠬᠠᠷ᠎ᠠ ᠲᠠᠮᠠᠬᠢ ᠵᠣᠭᠰᠣᠭᠠᠬᠤ ᠲᠣᠪᠴᠢᠶ᠎ᠠ ᠵᠡᠷᠭᠡ 7 ᠲᠤᠰᠠᠯᠠᠮᠵᠢ ᠶᠢᠨ ᠪᠠᠶᠢᠭᠤᠯᠤᠮᠵᠢ ᠢ ᠪᠠᠶᠢᠭᠤᠯᠪᠠ ᠃
1926 ᠣᠨ ᠤ ︵ ᠢᠷᠭᠡᠨ ᠤᠯᠤᠰ ᠤᠨ 15 ᠵᠢᠯ ) 1 ᠰᠠᠷ᠎ᠠ ᠢᠢᠨ 1 ᠤ ᠡᠳᠦᠷ ᠂ ᠹᠸᠩ ᠢᠦᠢ ᠰᠢᠶᠠᠩ ᠪᠣᠰᠤᠳ ᠤᠨ ᠳᠠᠭᠠᠷᠢᠯᠲᠠ ᠡᠴᠡ ᠵᠠᠶᠢᠯᠠᠰᠬᠢᠬᠦ ᠢᠢᠨ ᠲᠥᠯᠥᠭᠡ ᠂ ᠲᠤᠰᠢᠶᠠᠯ ᠠᠴᠠ ᠪᠡᠨ ᠪᠠᠭᠤᠬᠤ ᠪᠠᠷ ᠴᠠᠬᠢᠯᠭᠠᠨ ᠨᠡᠪᠲᠡᠷᠡᠭᠦᠯᠭᠡ ᠨᠡᠶᠢᠲᠡᠯᠡᠪᠡ ᠃ ᠲᠤᠰ ᠵᠢᠯ ᠤᠨ 3 ᠰᠠᠷ᠎ᠠ ᠳᠤ ᠂ ᠲᠡᠷᠡ ᠰᠤᠯᠠ ᠲᠤᠰᠢᠶᠠᠯᠲᠠᠨ ᠂ ᠬᠠᠮᠠᠭᠠᠯᠠᠭᠴᠢ ᠲᠠᠢ ᠪᠡᠨ ᠹᠸᠩ ᠳ᠋ᠢ ᠴᠢᠤᠸ᠋ᠨ ᠳᠤ ︵ ᠣᠳᠣ ᠢᠢᠨ ᠤᠯᠠᠭᠠᠨᠴᠠᠪ ᠬᠤᠳᠠ ᠢᠢᠨ ᠵᠢᠨᠢᠩ ᠲᠣᠭᠣᠷᠢᠭ ) ᠬᠦᠷᠴᠦ ᠪᠠᠶᠢᠴᠠᠭᠠᠨ ᠦᠵᠡᠵᠡᠢ᠃ 3 ᠰᠠᠷ᠎ᠠ ᠢᠢᠨ 12 ᠤ ᠡᠳᠦᠷ ᠂ ᠹᠸᠩ ᠳ᠋ᠢ ᠴᠢᠤᠸ᠋ᠨ ᠡᠴᠡ ᠵᠦᠪᠯᠡᠯᠳᠤ ᠬᠣᠯᠪᠣᠭᠠᠲᠤ ᠤᠯᠤᠰ ᠲᠤ ᠣᠴᠢᠵᠤ ᠪᠠᠶᠢᠴᠠᠭᠠᠯᠲᠠ ᠬᠢᠵᠡᠢ ᠃ ᠵᠥᠪᠯᠡᠯᠲᠦ ᠳᠤ ᠪᠠᠶᠢᠬᠤ ᠳᠠᠭᠠᠨ ᠂ ᠲᠡᠷᠡ ᠳᠤᠮᠳᠠᠳᠤ ᠤᠯᠤᠰ ᠤᠨ ᠭᠣᠮᠢᠨᠳᠠᠩ ᠤᠨ ᠲᠥᠪ ᠬᠣᠷᠢᠶ᠎ᠠ ᠲᠠᠢ ᠬᠠᠷᠢᠴᠠᠭ᠎ᠠ ᠬᠣᠯᠪᠣᠭ᠎ᠠ ᠠᠪᠴᠤ ᠂ ᠳᠤᠮᠳᠠᠳᠤ ᠤᠯᠤᠰ ᠤᠨ ᠭᠣᠮᠢᠨᠳᠠᠩ ᠳᠤ ᠣᠷᠤᠭᠰᠠᠨ ᠤ ᠬᠠᠮᠲᠤ᠂ ᠢᠷᠭᠡᠨ ᠤ ᠵᠠᠰᠠᠭ ᠤᠨ ᠣᠷᠳᠣᠨ ᠤ ᠭᠡᠰᠢᠭᠦᠨ ᠪᠠ ᠴᠡᠷᠢᠭ ᠤᠨ ᠶᠠᠪᠤᠳᠠᠯ ᠤᠨ ᠬᠣᠷᠢᠶᠠᠨ ᠤ ᠭᠡᠰᠢᠭᠦᠨ ᠢᠶᠠᠷ ᠲᠣᠮᠢᠯᠠᠭᠳᠠᠵᠡᠢ ᠃ ᠲᠤᠰ ᠵᠢᠯ ᠤᠨ 9 ᠰᠠᠷ᠎ᠠ ᠳᠤ ᠂ ᠤᠯᠤᠰ ᠲᠠᠭᠠᠨ ᠪᠤᠴᠠᠵᠤ ᠂ 9 ᠰᠠᠷ᠎ᠠ ᠢᠢᠨ 16 ᠤ ᠡᠳᠦᠷ ᠂ ᠰᠦᠢᠶᠤᠸᠠᠨ ᠮᠤᠵᠢ ᠢᠢᠨ ᠵᠠᠰᠠᠭ ᠵᠠᠬᠢᠷᠭᠠᠨ ᠤ ᠣᠨᠴᠣᠭᠣᠶ ᠣᠷᠣᠨ ᠤ ᠦᠶᠤᠸᠠᠨ ᠰᠢᠶᠠᠨ ᠳᠤ ᠬᠦᠷᠴᠦ ᠃ 9 ᠰᠠᠷ᠎ᠠ ᠢᠢᠨ 17 ᠤ ᠡᠳᠦᠷ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠯᠢᠦ ᠪᠦᠸ᠋ᠸᠢ ᠵᠢᠶᠠᠨ ᠂ ᠳ᠋ᠧᠩ ᠰᠢᠶᠤᠤ ᠫᠢᠩ ᠵᠡᠷᠭᠡ ᠬᠥᠮᠦᠰ ᠤᠨ ᠬᠠᠮᠵᠢᠯᠭ᠎ᠠ ᠪᠠᠷ ᠂ ᠲᠡᠭᠦᠨ ᠤ ᠳᠠᠭᠠᠭᠤᠯᠤᠭᠰᠠᠨ ᠢᠷᠭᠡᠨ ᠤ ᠴᠡᠷᠢᠭ ᠦᠶᠤᠸᠠᠨ ᠰᠢᠶᠠᠨ ᠤ ᠬᠤᠳᠠ ᠳᠤ ᠲᠤᠭ ᠣᠯᠭᠣᠵᠤ ᠲᠠᠩᠭᠠᠷᠢᠭᠯᠠᠬᠤ ᠶᠣᠰᠣᠯᠠᠯ ᠬᠢᠵᠦ ᠂ ᠢᠷᠭᠡᠨ ᠤ ᠬᠤᠪᠢᠰᠬᠠᠯ ᠳᠤ ᠣᠷᠤᠯᠴᠠᠬᠤ ᠪᠠᠷ ᠲᠤᠩᠬᠠᠯᠠᠵᠦ ᠂ ᠴᠡᠷᠢᠭ ᠢᠶᠡᠨ ᠢᠷᠭᠡᠨ ᠤ ᠴᠡᠷᠢᠭ ᠪᠣᠯᠭᠠᠨ ᠥᠭᠡᠷᠡᠴᠢᠯᠡᠵᠦ ᠂ ᠢᠷᠭᠡᠨ ᠤ ᠬᠣᠯᠪᠣᠭᠠᠲᠤ ᠴᠡᠷᠢᠭ ᠢ ᠪᠠᠶᠢᠭᠤᠯᠵᠤ ᠂ ᠪᠡᠶ᠎ᠡ ᠪᠠᠷ ᠢᠶᠠᠨᠢᠷᠭᠡᠨ ᠤ ᠬᠣᠯᠪᠣᠭᠠᠲᠤ ᠴᠡᠷᠢᠭ ᠤᠨ ᠶᠡᠷᠦᠩᠬᠡᠶ ᠰᠧᠯᠢᠩ ᠪᠣᠯᠵᠦ ᠂ ᠭᠤᠸᠠᠩᠳᠦ᠋ᠩ ᠤᠨ ᠬᠤᠪᠢᠰᠬᠠᠯᠲᠤ ᠴᠡᠷᠢᠭ ᠤᠨ ᠤᠮᠠᠷᠠᠰᠢ ᠳᠠᠶᠢᠯᠠᠬᠤ ᠳᠠᠢᠢᠨ ᠳᠤ ᠬᠠᠮᠵᠢᠯᠴᠠᠨ ᠂ ᠲᠡᠷᠡ ᠳᠠᠷᠤᠢ ᠳᠤ ᠭᠠᠨᠰᠦ ᠱᠠᠨᠰᠢ ᠵᠡᠷᠭᠡ ᠮᠤᠵᠢ ᠳᠤ ᠴᠡᠷᠢᠭ ᠭᠠᠷᠭᠠᠪᠠ ᠃
1929 ᠣᠨ ᠡᠴᠡ1930 ᠣᠨ︵ ᠢᠷᠭᠡᠨ ᠤᠯᠤᠰ ᠤᠨ 18 ᠣᠨ ᠡᠴᠡ ᠢᠷᠭᠡᠨ ᠤᠯᠤᠰ ᠤᠨ 19 ᠣᠨ ) ᠂ ᠹᠸᠩ ᠢᠦᠢ ᠰᠢᠶᠠᠩ ᠵᠢᠶᠠᠩ ᠵᠢᠶᠸ ᠱᠢ ᠢᠢ ᠡᠰᠡᠷᠭᠦᠴᠡᠬᠦ ᠴᠡᠷᠢᠭ ᠳᠠᠶᠢᠴᠢᠯᠠᠬᠤ ᠂ ᠤᠷᠢᠳ ᠬᠣᠵᠢᠳ ᠵᠢᠶᠸ ᠱᠢ ᠢᠢᠨ ᠪᠦᠯᠦᠭ ᠪᠣᠯᠤᠨ ᠹᠸᠩ ᠢᠦᠢ ᠰᠢᠶᠠᠩ ᠤᠨ ᠪᠦᠯᠦᠭ ᠦᠨ ᠳᠠᠶᠢᠨ ᠪᠠ ᠵᠢᠶᠠᠩ ᠵᠢᠶᠸ ᠱᠢ ᠂ ᠹᠸᠡᠭ ᠢᠦᠢ ᠰᠢᠶᠠᠩ ᠂ ᠶᠠᠨ ᠰᠢ ᠱᠠᠨ ᠭᠤᠷᠪᠠᠨ ᠪᠦᠯᠦᠭ ᠵᠦᠩᠶᠤᠸᠠᠨ ᠤ ᠶᠡᠬᠡ ᠳᠠᠶᠢᠨ ᠢ ᠳᠡᠭᠳᠡᠭᠡᠵᠡᠢ ᠃ ᠵᠢᠶᠠᠩ ᠵᠢᠶᠸ ᠱᠢ ᠢᠢ ᠡᠰᠡᠷᠭᠦᠴᠡᠬᠦ ᠳᠠᠶᠢᠨ ᠢᠯᠠᠭᠳᠠᠭᠰᠠᠨ ᠤ ᠳᠠᠷᠠᠭ᠎ᠠ ᠂ ᠱᠠᠨ ᠰᠢ ᠮᠤᠵᠢ ᠢᠢᠨ ᠹᠸᠠᠨ ᠶᠠᠩ ᠳᠤ ᠬᠦᠷᠴᠦ ᠳᠠᠯᠳᠠ ᠰᠠᠭᠤᠵᠦ ᠠᠮᠢᠳᠦᠷᠠᠪᠠ ᠃
1931 ᠣᠨ ᠤ ︵ ᠢᠷᠭᠡᠨ ᠤᠯᠤᠰ ᠤᠨ 20 ᠳ᠋ᠤᠭᠠᠷ ᠣᠨ ) ᠂ 《 ᠶᠢᠰᠦᠨ ᠰᠠᠷ᠎ᠠ ᠢᠢᠨ ᠠᠷᠪᠠᠨ ᠨᠠᠶᠮᠠᠨ 》 ᠤ ᠬᠡᠷᠡᠭ ᠬᠤᠪᠢᠰᠤᠯ ᠡᠭᠦᠰᠦᠭᠰᠡᠨ ᠤ ᠳᠠᠷᠠᠭ᠎ᠠ ᠂ ᠹᠸᠩ ᠢᠦᠢ ᠰᠢᠶᠠᠩ ᠳᠤᠮᠳᠠᠳᠤ ᠤᠯᠤᠰ ᠤᠨ ᠡᠪ ᠬᠠᠮᠲᠤ ᠨᠠᠮ ᠤᠨ ᠠᠬᠢᠭᠤᠯᠤᠯ ᠪᠠ ᠨᠥᠯᠥᠭᠡ ᠪᠡᠷ ᠂ 《 ᠪᠦᠬᠦ ᠤᠯᠤᠰ ᠤᠨ ᠠᠷᠠᠳ ᠤᠯᠠᠨ ᠤ ᠬᠦᠴᠦᠨ ᠢᠶᠠᠨ ᠨᠢᠭᠳᠭᠡᠵᠦ ᠂ ᠭᠠᠳᠠᠭᠠᠳᠤ ᠢᠢᠨ ᠳᠠᠶᠢᠰᠤᠨ ᠢ ᠬᠠᠮᠲᠤ ᠪᠠᠷ ᠡᠰᠡᠷᠭᠦᠴᠡᠶ᠎ᠡ 》 ᠂ 《 ᠶᠠᠫᠣᠨ ᠤ ᠡᠵᠡᠷᠬᠡᠭ ᠳᠦᠷᠢᠮᠡᠬᠡᠢᠢᠳᠡᠨ ᠤ ᠲᠦᠷᠢᠮᠡᠬᠡᠶᠢᠯᠡᠯ ᠢ ᠡᠰᠡᠷᠭᠦᠴᠡᠬᠦ 》 ᠪᠡᠷ ᠢᠳᠡᠪᠬᠢᠲᠡᠶ ᠵᠣᠷᠢᠪᠠ ᠃
1932 ᠣᠨ ᠤ ︵ ᠢᠷᠭᠡᠨ ᠤᠯᠤᠰ ᠤᠨ 21 ᠣᠨ ) 10 ᠰᠠᠷ᠎ᠠ ᠢᠢᠨ 9 ᠤ ᠡᠳᠦᠷ ᠂ ᠹᠸᠩ ᠢᠦᠢ ᠰᠢᠶᠠᠩ ᠥᠪᠡᠷ ᠤᠨ ᠲᠠᠶᠢᠱᠠᠨ ᠠᠭᠤᠯᠠ ᠡᠴᠡ ᠴᠢᠭᠤᠯᠤᠯᠲᠤ ᠬᠠᠭᠠᠯᠭ᠎ᠠ ᠳᠦ ᠬᠦᠷᠴᠦ ᠶᠠᠫᠣᠨ ᠢ ᠡᠰᠡᠷᠭᠦᠴᠡᠬᠦ ᠠᠵᠢᠯᠯᠠᠭ᠎ᠠ ᠬᠢᠭᠰᠡᠨ ᠪᠠᠶᠢᠨ᠎ᠠ᠃ ᠲᠤᠰ ᠰᠠᠷ᠎ᠠ ᠳᠤ ᠂ ᠴᠠᠬᠠᠷ ᠲᠤ ᠰᠠᠭᠤᠭ᠎ᠠ ᠬᠣᠷᠢ ᠶᠢᠰᠦᠳᠦᠭᠡᠷ ᠠᠷᠮᠢ ᠢᠢᠨ ᠵᠡᠭᠦᠨᠰᠢ ᠮᠣᠷᠳᠠᠨ ᠴᠠᠭᠠᠨ ᠬᠡᠷᠡᠮ ᠣᠷᠴᠢᠮ ᠤᠨ ᠳᠠᠢᠢᠨ ᠤ ᠹᠷᠣᠨᠲ᠋ ᠢ ᠨᠡᠭᠡᠭᠡᠭᠰᠡᠨ ᠳᠦ ᠲᠡᠷᠡ ᠬᠥᠮᠦᠨ ᠲᠣᠮᠢᠯᠠᠨ ᠶᠠᠫᠣᠨ ᠢ ᠡᠰᠡᠷᠭᠦᠴᠡᠬᠦ ᠬᠦᠴᠦᠨ ᠲᠡᠶ ᠬᠣᠯᠪᠣᠭᠠᠯᠠᠵᠤ ᠡᠯ᠎ᠡ ᠡᠲᠡᠭᠡᠳ ᠤᠨ ᠳᠡᠮᠵᠢᠯᠭᠡ ᠦᠵᠡᠭᠦᠯᠬᠦ ᠶᠢ ᠵᠣᠷᠢᠵᠡᠢ ᠃ ᠡᠭᠦᠨ ᠳᠤ᠂ ᠵᠢᠶᠠᠩ ᠵᠢᠶᠸ ᠱᠢ ᠤᠳᠠᠭ᠎ᠠ ᠳᠠᠷᠠᠭᠠᠯᠠᠨ ᠴᠠᠬᠢᠯᠭᠠᠨ ᠢᠷᠡᠭᠦᠯᠵᠦ ᠲᠡᠭᠦᠨ ᠢ ᠨᠠᠨᠵᠢᠩ ᠳᠤ ᠣᠴᠢᠵᠤ ᠂ ᠶᠠᠫᠣᠨ ᠢ ᠡᠰᠡᠷᠭᠦᠴᠡᠬᠦ ᠠᠵᠢᠯᠯᠠᠭ᠎ᠠ ᠪᠡᠨ ᠵᠣᠭᠰᠤᠭᠠᠷᠠᠢ ᠭᠡᠵᠡᠢ᠃ ᠪᠠᠰᠠᠬᠥᠮᠦᠨ ᠲᠣᠮᠢᠯᠠᠨ ᠴᠢᠭᠤᠯᠤᠯᠲᠤ ᠬᠠᠭᠠᠯᠭ᠎ᠠ ᠳᠤ ᠣᠴᠢᠵᠦ ᠲᠡᠭᠦᠨ ᠳᠤ ᠬᠢᠨᠠᠨ ᠪᠠᠶᠢᠴᠠᠭᠠᠬᠤ ᠬᠣᠷᠢᠶ᠎ᠠ ᠢᠢᠨ ᠳᠠᠷᠤᠭ᠎ᠠ ᠂ ᠬᠠᠳᠤᠨ ᠭᠣᠣᠯ ᠤᠨ ᠤᠰᠤᠨ ᠠᠰᠢᠭᠯᠠᠯᠲᠠ ᠢᠢᠨ ᠺᠣᠮᠢᠰ ᠤᠨ ᠳᠠᠷᠤᠭ᠎ᠠ ᠵᠡᠷᠭᠡ ᠲᠤᠰᠢᠶᠠᠯ ᠢ ᠬᠠᠷᠢᠭᠤᠴᠠᠭᠤᠯᠬᠤ ᠭᠡᠭᠰᠡᠨ ᠢ ᠲᠡᠷᠡ ᠪᠦᠷ ᠵᠥᠪᠰᠢᠶᠡᠷᠡᠭᠰᠡᠨ ᠦᠭᠡᠢ ᠃
1933 ᠣᠨ ᠤ ︵ ᠢᠷᠭᠡᠨ ᠤᠯᠤᠰ ᠤᠨ 22 ᠣᠨ ) ᠤ ᠡᠬᠢ ᠪᠡᠷ ᠂ ᠶᠠᠫᠣᠨ ᠴᠡᠷᠢᠭ ᠵᠠᠯᠭᠠᠭᠠᠪᠡᠷ ᠳᠣᠯᠣᠨ ᠨᠠᠭᠤᠷ ᠂ ᠭᠦ᠋ ᠶᠤᠸᠠᠨ ᠢ ᠲᠦᠷᠢᠮᠡᠬᠡᠶᠢᠯᠡᠨ ᠡᠵᠡᠯᠡᠵᠦ ᠂ ᠴᠠᠬᠠᠷ ᠮᠤᠵᠢ ᠶᠢᠨ ᠪᠠᠶᠢᠳᠠᠯ ᠡᠳᠦᠷ ᠢᠷᠡᠬᠦᠶ᠎ᠡ ᠲᠦᠭᠰᠢᠭᠦᠷᠢᠲᠡᠶ ᠪᠣᠯᠤᠭᠰᠠᠨ ᠳᠤ ᠂ ᠹᠸᠩ ᠢᠦᠢ ᠰᠢᠶᠠᠩ ᠬᠠᠭᠤᠴᠢᠨ ᠪᠦᠯᠦᠭ ᠢᠶᠠᠨ ᠴᠤᠭᠯᠠᠷᠠᠭᠤᠯᠵᠦ᠂ ᠲᠤᠰ ᠵᠢᠯ ᠤᠨ 5 ᠰᠠᠷ᠎ᠠ ᠢᠢᠨ 26 ᠤ ᠡᠳᠦᠷ ᠴᠠᠬᠠᠷ ᠤᠨ ᠠᠷᠠᠳ ᠤᠯᠠᠨ ᠤ ᠶᠠᠫᠣᠨ ᠢ ᠡᠰᠡᠷᠭᠦᠴᠡᠬᠦ ᠬᠣᠯᠪᠣᠭᠠᠲᠤ ᠴᠡᠷᠢᠭ ᠢ ᠪᠠᠶᠢᠭᠤᠯᠵᠦ ᠶᠡᠷᠦᠩᠬᠡᠶ ᠰᠧᠯᠢᠩ ᠪᠣᠯᠵᠡᠢ ᠃ ᠴᠢᠩᠬᠢᠭᠡᠳᠨᠢᠭᠡ ᠯᠡ ᠬᠦᠴᠦᠨ ᠢᠶᠡᠷ ᠴᠠᠬᠠᠷ ᠤᠨ ᠵᠡᠭᠦᠨ ᠬᠡᠰᠡᠭ ᠦᠨ ᠠᠯᠳᠠᠭᠰᠠᠨ ᠭᠠᠵᠠᠷ ᠢᠢᠡᠨ ᠪᠤᠴᠠᠭᠠᠨ ᠠᠪᠴᠤ ᠂ ᠤᠷᠢᠳ ᠬᠣᠵᠢᠳ ᠺᠠᠩ ᠪᠦᠦ ᠂ ᠰᠠᠢ ᠴᠠᠩ ᠂ ᠭᠦ᠋ ᠶᠤᠸᠠᠨ ᠵᠡᠷᠭᠡ ᠰᠢᠶᠠᠨ ᠤ ᠲᠥᠪ ᠢ ᠡᠵᠡᠯᠡᠵᠡᠶ ᠃ ᠡᠨᠡ ᠦᠢ᠎ᠡ ᠂ ᠵᠢᠶᠠᠩ ᠵᠢᠶᠸ ᠱᠢ ᠸᠠᠩ ᠵᠢᠩ ᠸᠧᠶ ᠳᠤ ᠨᠢᠭᠤᠴᠠ ᠴᠠᠬᠢᠯᠭᠠᠨ ᠮᠡᠳᠡᠭᠡ ᠶᠠᠪᠤᠭᠤᠯᠵᠦ᠂ ᠶᠠᠫᠣᠨ ᠢ ᠡᠰᠡᠷᠭᠦᠴᠡᠬᠦ ᠬᠣᠯᠪᠣᠭᠠᠲᠤ ᠴᠡᠷᠢᠭ ᠢ ᠪᠦᠰᠡᠯᠡᠨ ᠤᠰᠠᠳᠬᠠᠬᠤ ᠪᠠᠷ ᠪᠠᠶᠢᠷᠢᠯᠠᠭᠤᠯᠵᠦ᠂ ᠹᠸᠩ ᠢᠦᠢ ᠰᠢᠶᠠᠩ ᠳᠤ ᠶᠠᠫᠣᠨ ᠢ ᠡᠰᠡᠷᠭᠦᠴᠡᠬᠦ ᠬᠣᠯᠪᠣᠭᠠᠲᠤ ᠴᠡᠷᠢᠭ ᠤᠨ ᠨᠡᠷ᠎ᠡ ᠶᠢ ᠬᠦᠴᠦᠨ ᠦᠭᠡᠶ ᠪᠣᠯᠭᠠᠬᠤ ᠭᠡᠵᠦ ᠵᠠᠷᠯᠢᠭ ᠦᠭᠬᠦᠭᠰᠡᠨ ᠳᠦ ᠂ ᠲᠡᠷᠡ ᠴᠢᠩᠭ᠎ᠠ ᠲᠡᠪᠴᠢᠪᠡ ᠃ ᠭᠣᠮᠢᠨᠳᠠᠩ ᠤᠨ ᠴᠡᠷᠢᠭ ᠪᠠ ᠶᠠᠫᠣᠨ ᠴᠡᠷᠢᠭ ᠤᠨ ᠬᠠᠮᠲᠤᠷᠠᠨ ᠬᠠᠪᠴᠢᠨ ᠴᠣᠬᠢᠬᠤ ᠳᠦ ᠂ ᠠᠷᠤ ᠥᠪᠥᠷ ᠡᠴᠡ ᠪᠡᠨ ᠬᠠᠪᠴᠢᠭᠳᠠᠭᠰᠠᠨ ᠪᠠ ᠳᠣᠲᠣᠭᠠᠳᠤ ᠭᠠᠳᠠᠭᠠᠳᠤ ᠢᠢᠨ ᠬᠦᠴᠢᠷᠳᠡᠯ ᠲᠤᠯᠭᠠᠷᠠᠭᠰᠠᠨ ᠪᠠᠶᠢᠳᠠᠯ ᠳᠣᠣᠷ᠎ᠠ ᠂ ᠹᠸᠩ ᠢᠦᠢ ᠰᠢᠶᠠᠩ 8 ᠰᠠᠷ᠎ᠠ ᠢᠢᠨ 5 ᠤ ᠴᠠᠬᠢᠯᠭᠠᠨ ᠮᠡᠳᠡᠭᠳᠡᠯ ᠭᠠᠷᠭᠠᠨ ᠂ ᠠᠯᠪᠠᠨ ᠶᠣᠰᠣᠭᠠᠷ ᠲᠤᠰᠢᠶᠠᠯ ᠡᠴᠡ ᠪᠡᠨ ᠪᠠᠭᠤᠬᠤ ᠪᠠᠷ ᠨᠡᠶᠢᠲᠡᠯᠡᠵᠦ ᠪᠠᠭᠤᠯᠭᠠᠬᠤ ᠂ ᠶᠠᠫᠣᠨ ᠢ ᠡᠰᠡᠷᠭᠦᠴᠡᠬᠦ ᠬᠣᠯᠪᠣᠭᠠᠲᠤ ᠴᠡᠷᠢᠭ ᠢᠯᠠᠭᠳᠠᠯ ᠳᠤ ᠤᠴᠠᠷᠠᠭᠰᠠᠨ ᠪᠠᠶᠢᠨ᠎ᠠ᠃ 11 ᠰᠠᠷ᠎ᠠ ᠳᠤ ᠂ ᠭᠣᠮᠢᠨᠳᠠᠩ ᠤᠨ ᠳᠣᠲᠣᠷᠠᠬᠢ ᠠᠯᠳᠠᠷᠲᠤ ᠬᠥᠮᠦᠰ ᠯᠢ ᠵᠢᠶ ᠱᠸᠨ ᠵᠡᠷᠭᠡ ᠠᠷᠪᠠ ᠶᠢᠰᠦᠳᠦᠭᠡᠷ ᠵᠠᠮ ᠤᠨ ᠴᠡᠷᠢᠭ ᠤᠨ ᠵᠠᠩᠵᠤᠨ ᠲᠠᠢ ᠬᠠᠮᠲᠤᠷᠠᠨ ᠹᠦᠵᠢᠶᠠᠨ ᠤ ᠬᠡᠷᠡᠭ ᠬᠤᠪᠢᠰᠤᠯ ᠢ ᠳᠠᠶᠢᠴᠢᠯᠠᠨ ᠡᠭᠦᠰᠭᠡᠵᠦ ᠂ ᠪᠠᠶᠢᠭᠤᠯᠵᠤ ᠂ ᠶᠠᠫᠣᠨ ᠢ ᠡᠰᠡᠷᠭᠦᠴᠡᠨ ᠵᠢᠶᠠᠩ ᠵᠢᠶᠸ ᠱᠢ ᠢᠢ ᠡᠰᠡᠷᠭᠦᠴᠡᠬᠦ 《 ᠪᠥᠬᠥᠳᠡ ᠨᠠᠶᠢᠷᠠᠮᠳᠠᠬᠤ ᠳᠤᠮᠳᠠᠳᠤ ᠤᠯᠤᠰ ᠤᠨ ᠠᠷᠠᠳ ᠤᠨ ᠬᠤᠪᠢᠰᠬᠠᠯᠲᠤ ᠵᠠᠰᠠᠭ ᠤᠨ ᠭᠠᠵᠠᠷ 》 ᠢ ᠪᠠᠶᠢᠭᠤᠯᠤᠭᠰᠠᠨ ᠳᠤ ᠲᠡᠷᠡ ᠳᠠᠷᠤᠢ ᠲᠦᠷᠭᠡᠨ ᠲᠥᠯᠥᠭᠡᠯᠡᠭᠴᠢ ᠲᠣᠮᠢᠯᠠᠨ ᠣᠷᠤᠯᠴᠠᠭᠤᠯᠤᠭᠰᠠᠨ ᠪᠠᠶᠢᠨ᠎ᠠ ᠃
1935 ᠣᠨ ᠤ ︵ ᠢᠷᠭᠡᠨ ᠤᠯᠤᠰ ᠤᠨ 24 ᠣᠨ ) 11 ᠰᠠᠷ᠎ᠠ ᠳᠤ᠂ ᠹᠸᠩ ᠢᠦᠢ ᠰᠢᠶᠠᠩ ᠰᠦᠩ ᠴᠢᠩ ᠯᠢᠩ ᠂ ᠾᠧ ᠰᠢᠶᠠᠩ ᠨᠢᠩ ᠵᠡᠷᠭᠡ 13 ᠬᠥᠮᠦᠨ ᠭᠤᠮᠢᠨᠳᠠᠩ ᠤᠨ ᠵᠠᠰᠠᠭ ᠤᠨ ᠡᠲᠡᠭᠡᠳ ᠲᠦ ᠰᠦᠨ ᠵᠦᠩ ᠱᠠᠨ 《 ᠣᠷᠣᠰ ᠲᠠᠢ ᠬᠣᠯᠪᠤᠭᠠᠯᠠᠬᠤ ᠂ ᠡᠪ ᠬᠠᠮᠲᠤ ᠨᠠᠮ ᠲᠠᠶ ᠬᠣᠯᠪᠣᠭᠠᠯᠠᠬᠤ ᠂ ᠲᠠᠷᠢᠶᠠᠴᠢᠨ ᠠᠵᠢᠯᠴᠢᠨ ᠢ ᠲᠡᠳᠬᠦᠬᠦ 》 ᠭᠤᠷᠪᠠᠨ ᠶᠡᠬᠡ ᠲᠦᠷᠦ ᠢᠢᠨ ᠪᠤᠳᠤᠯᠭ᠎ᠠ ᠶᠢ ᠰᠡᠷᠭᠦᠭᠡᠨ ᠬᠡᠷᠡᠭᠵᠢᠭᠦᠯᠬᠦ ᠵᠣᠷᠢᠯᠲᠠ ᠲᠤᠷᠠᠳᠤᠭᠰᠠᠨ ᠪᠠᠶᠢᠨ᠎ᠠ ᠃
1936 ᠣᠨ ᠳᠤ ︵ ᠢᠷᠭᠡᠨ ᠤᠯᠤᠰ ᠤᠨ 25 ᠣᠨ ) ᠂ ᠹᠸᠩ ᠢᠦᠢ ᠰᠢᠶᠠᠩ ᠵᠢᠶᠠᠩ ᠵᠢᠶᠸ ᠱᠢ ᠶᠠᠫᠣᠨ ᠢ ᠡᠰᠡᠷᠭᠦᠴᠡᠬᠦ ᠨᠥᠬᠥᠴᠡᠯ ᠪᠠᠷ ᠪᠣᠯᠭᠠᠵᠤ ᠂ ᠢᠷᠭᠡᠨ ᠤ ᠵᠠᠰᠠᠭ ᠤᠨ ᠣᠷᠳᠣᠨ ᠤ ᠴᠡᠷᠢᠭ ᠤᠨ ᠶᠠᠪᠤᠳᠠᠯ ᠤᠨ ᠬᠣᠷᠢᠶᠠᠨ ᠤ ᠳᠡᠳ᠋ ᠳᠠᠷᠤᠭ᠎ᠠ ᠪᠤᠯᠵᠦ ᠪᠠᠰᠠ ᠭᠤᠷᠪᠠᠳᠤᠭᠠᠷ ᠪᠠᠶᠢᠯᠳᠤᠭᠠᠨ ᠤ ᠲᠣᠭᠣᠷᠢᠭ ᠤᠨ ᠰᠧᠯᠢᠩ ᠨᠣᠶᠠᠨ ᠤ ᠲᠤᠰᠢᠶᠠᠯ ᠢ ᠬᠠᠪᠰᠤᠷᠭᠠᠨ ᠬᠠᠷᠢᠭᠤᠴᠠᠵᠡᠢ ᠃
1937 ᠣᠨ ︵ ᠢᠷᠭᠡᠨ ᠤᠯᠤᠰ ᠤᠨ 26 ᠵᠢᠯ ) ᠳᠤ ᠂ ᠶᠠᠫᠣᠨ ᠢ ᠡᠰᠡᠷᠭᠦᠴᠡᠬᠦ ᠳᠠᠢᠢᠨ ᠪᠦᠬᠦ ᠲᠠᠯ᠎ᠠ ᠪᠠᠷ ᠡᠭᠦᠰᠦᠭᠰᠡᠨ ᠤ ᠳᠠᠷᠠᠭ᠎ᠠ ᠹᠸᠩ ᠢᠦᠢ ᠰᠢᠶᠠᠩ ᠵᠢᠷᠭᠤᠳᠤᠭᠠᠷ ᠪᠠᠶᠢᠯᠳᠤᠭᠠᠨ ᠤ ᠲᠣᠭᠣᠷᠢᠭ ᠤᠨ ᠰᠧᠯᠢᠩ ᠨᠣᠶᠠᠨ ᠪᠣᠯᠤᠨ ᠰᠢᠯᠵᠢᠵᠦ᠂ ᠠᠷᠠᠳ ᠤᠯᠠᠨ ᠤ ᠶᠠᠫᠣᠨ ᠢ ᠡᠰᠡᠷᠭᠦᠴᠡᠬᠦ ᠳᠠᠶᠢᠨ ᠢ ᠡᠴᠦᠰ ᠲᠦᠨᠢ ᠲᠤᠯᠲᠠᠯ᠎ᠠ ᠬᠢᠶ᠎ᠡ᠂ ᠦᠬᠦᠪᠡᠴᠦ ᠬᠠᠷᠢ ᠢᠢᠨ ᠪᠤᠭᠤᠯ ᠪᠣᠯᠬᠤ ᠦᠭᠡᠢ ᠭᠡᠵᠦ ᠤᠷᠢᠶᠠᠯᠠᠵᠡᠢ ᠃ ᠹᠸᠩ ᠢᠦᠢ ᠰᠢᠶᠠᠩ ᠭᠣᠮᠢᠨᠳᠠᠩ ᠡᠪ ᠬᠠᠮᠲᠤ ᠨᠠᠮ ᠬᠣᠶᠠᠷ ᠤᠨ ᠬᠠᠮᠲᠤᠷᠠᠨ ᠠᠵᠢᠯᠯᠠᠬᠤ ᠶᠢ ᠪᠠᠷᠢᠮᠲᠠᠯᠠᠵᠦ ᠃ ᠪᠦᠯᠬᠦᠮᠳᠡᠵᠦ ᠪᠠᠶᠢᠭᠠᠳ ᠶᠠᠫᠣᠨ ᠢ ᠡᠰᠡᠷᠭᠦᠴᠡᠬᠦ ᠂ ᠡᠰᠡᠷᠭᠦᠴᠡᠬᠦ ᠬᠡᠷᠡᠭᠲᠡᠢ ᠭᠡᠵᠦ ᠭᠣᠮᠢᠨᠳᠠᠩ ᠤᠨ ᠡᠷᠬᠡ ᠪᠠᠷᠢᠭᠴᠢᠳ ᠤᠨ ᠣᠯᠠᠨᠲᠠ ᠳᠡᠭᠳᠡᠭᠡᠭᠰᠡᠨ ᠡᠪ ᠬᠠᠮᠲᠤ ᠨᠠᠮ ᠢ ᠡᠰᠡᠷᠭᠦᠴᠡᠬᠦ ᠥᠷᠨᠢᠯᠲᠡ ᠶᠢ ᠡᠰᠡᠷᠭᠦᠴᠡᠨ ᠂ ᠤᠷᠢᠳ ᠬᠣᠵᠢᠳ ᠬᠠᠪᠰᠤᠷᠤᠨ ᠠᠪᠤᠷᠠᠬᠤ ᠭᠣᠮᠢᠨᠳᠠᠩ ᠳᠤ ᠪᠠᠷᠢᠪᠴᠢᠯᠠᠭᠳᠠᠭᠰᠠᠨ ᠡᠪ ᠬᠠᠮᠲᠤ ᠨᠠᠮ ᠤᠨ ᠭᠡᠰᠢᠭᠦᠨ ᠪᠠ ᠳᠠᠪᠰᠢᠯᠲᠤ ᠬᠥᠮᠦᠰ ᠢ ᠬᠠᠪᠰᠤᠷᠠᠨ ᠠᠪᠤᠷᠠᠭᠰᠠᠨ ᠪᠠᠶᠢᠨ᠎ᠠ ᠃
ᠶᠠᠫᠣᠨ ᠢ ᠡᠰᠡᠷᠭᠦᠴᠡᠬᠦ ᠳᠠᠶᠢᠨ ᠢᠯᠠᠯᠲᠠ ᠣᠯᠤᠭᠰᠠᠨ ᠤ ᠳᠠᠷᠠᠭ᠎ᠠ ᠂ ᠹᠸᠩ ᠢᠦᠢ ᠰᠢᠶᠠᠩ ᠳᠤᠮᠳᠠᠳᠤ ᠤᠯᠤᠰ ᠤᠨ ᠡᠪ ᠬᠠᠮᠲᠤ ᠨᠠᠮ ᠲᠠᠶ ᠦᠷᠭᠦᠯᠵᠢᠯᠡᠨ ᠬᠠᠮᠲᠤᠷᠠᠨ ᠠᠵᠢᠯᠯᠠᠵᠤ ᠂ ᠵᠢᠶᠠᠩ ᠵᠢᠶᠸ ᠱᠢ ᠢᠢᠨ ᠭᠠᠭᠴᠠᠭᠠᠷ ᠡᠵᠡᠷᠬᠡᠬᠦ ᠂ ᠳᠣᠲᠣᠭᠠᠳᠤ ᠢᠢᠨ ᠳᠠᠶᠢᠨ ᠪᠠ ᠤᠯᠤᠰ ᠢᠢᠡᠨ ᠬᠤᠳᠠᠯᠳᠤᠭᠰᠠᠨ ᠲᠦᠷᠦ ᠢᠢᠨ ᠪᠣᠳᠤᠯᠭ᠎ᠠ ᠢᠢ ᠡᠰᠡᠷᠭᠦᠴᠡᠵᠦ ᠂ ᠰᠡᠭᠦᠯᠡᠷ ᠨᠢ ᠡᠳᠦᠷ ᠢᠷᠡᠬᠦᠶ᠎ᠡ ᠬᠦᠨᠳᠦ ᠨᠣᠴᠢᠲᠠᠶ ᠥᠨᠳᠥᠷ ᠳᠠᠷᠤᠯᠲᠠ ᠢᠢᠨ ᠳᠣᠣᠷ᠎ᠠ ᠂ ᠤᠯᠤᠰ ᠤᠨ ᠳᠣᠲᠣᠭᠠᠳᠤ ᠳᠤ ᠲᠣᠭᠲᠠᠬᠤ ᠳᠤ ᠪᠡᠷᠬᠡ ᠪᠣᠯᠵᠠᠶ ᠂ 1946 ᠣᠨ ᠤ ︵ ᠢᠷᠭᠡᠨ ᠤᠯᠤᠰ ᠤᠨ 35 ᠵᠢᠯ ) 9 ᠰᠠᠷ᠎ᠠ ᠳᠤ 《 ᠤᠰᠤᠨ ᠠᠰᠢᠭᠯᠠᠯᠲᠠ ᠶᠢ ᠪᠠᠶᠢᠴᠠᠭᠠᠨ ᠰᠢᠨᠵᠢᠯᠡᠬᠦ ᠲᠤᠰᠬᠠᠶ ᠡᠯᠴᠢ 》 ᠭᠡᠰᠡᠨ ᠨᠡᠷ᠎ᠡ ᠪᠡᠷ ᠠᠮᠧᠷᠢᠺᠠ ᠳᠤ ᠠᠶᠢᠯᠴᠢᠯᠠᠵᠡᠢ ᠃ ᠠᠮᠧᠷᠢᠺᠠ ᠳᠤ ᠣᠴᠢᠭᠰᠠᠨ ᠤ ᠲᠠᠷᠠᠭ᠎ᠠ ᠂ ᠳᠣᠲᠣᠭᠠᠳᠤ ᠢᠢᠨ ᠳᠠᠶᠢᠨ ᠢ ᠡᠰᠡᠷᠭᠦᠴᠡᠬᠦ᠂ ᠭᠠᠭᠴᠠᠭᠠᠷ ᠡᠵᠡᠷᠬᠦ ᠶᠢ ᠡᠰᠡᠷᠭᠦᠴᠡᠬᠦ᠂ ᠳᠤᠮᠳᠠᠳᠤ ᠤᠯᠤᠰ ᠤᠨ ᠠᠷᠠᠳ ᠲᠦᠮᠡᠨ ᠤ ᠡᠬᠡ ᠣᠷᠤᠨᠴᠢ ᠲᠡᠮᠡᠴᠡᠯ ᠳᠦ ᠦᠷᠭᠦᠯᠵᠢᠯᠡᠨ ᠳᠡᠮᠵᠢᠯᠭᠡ ᠦᠵᠡᠭᠦᠯᠵᠦ ᠪᠠᠶᠢᠪᠠ ᠃ 1947 ᠣᠨ ᠤ ︵ ᠢᠷᠭᠡᠨ ᠤᠯᠤᠰ ᠤᠨ 36 ᠣᠨ ) 11 ᠰᠠᠷ᠎ᠠ ᠳᠤ ᠂ ᠹᠸᠩ ᠢᠦᠢ ᠰᠢᠶᠠᠩ ᠨᠢᠦ᠋ ᠶᠣᠷᠺ ᠲᠤ ᠠᠮᠧᠷᠢᠺᠠ ᠳᠤ ᠰᠠᠭᠤᠭᠰᠠᠳ ᠤᠨ ᠳᠤᠮᠳᠠᠳᠤ ᠤᠯᠤᠰ ᠤᠨ ᠡᠩᠭᠡ ᠲᠠᠶᠢᠪᠤᠩ ᠠᠷᠠᠳᠴᠢᠯᠠᠯ ᠤᠨ ᠬᠣᠯᠪᠣᠭ᠎ᠠ ᠶᠢ ᠵᠣᠬᠢᠶᠠᠨ ᠪᠠᠶᠢᠭᠤᠯᠤᠭᠰᠠᠨ ᠪᠠᠶᠢᠨ᠎ᠠ ᠂ ᠠᠮᠧᠷᠢᠺᠠ ᠢᠢᠨ ᠵᠢᠶᠠᠩ ᠵᠢᠶᠸ ᠱᠢ ᠶᠢ ᠲᠤᠰᠠᠯᠠᠵᠦ ᠢᠢ ᠳᠣᠲᠣᠭᠠᠳᠤ ᠢᠢᠨ ᠳᠠᠶᠢᠨ ᠬᠢᠬᠦ ᠶᠢ ᠡᠰᠡᠷᠭᠦᠴᠡᠵᠡᠢ ᠃ ᠠᠵᠢᠭᠯᠠᠭ᠎ᠠ ᠨᠢ ᠦᠯᠡᠮᠵᠢ ᠠᠮᠵᠢᠯᠲᠠ ᠪᠦᠲᠦᠮᠵᠢ ᠤᠯᠪᠠ ᠃
1948 ᠣᠨ ᠤ ︵ ᠢᠷᠭᠡᠨ ᠤᠯᠤᠰ ᠤᠨ ᠭᠤᠴᠢᠨ ᠳᠣᠯᠣᠳᠤᠭᠠᠷ ᠣᠨ ) ᠤ 1 ᠰᠠᠷ᠎ᠠ ᠢᠢᠨ 1 ᠤ ᠡᠳᠦᠷ ᠂ ᠳᠤᠮᠳᠠᠳᠤ ᠤᠯᠤᠰ ᠤᠨ ᠭᠣᠮᠢᠨᠳᠠᠩ ᠨᠠᠮ ᠤᠨ ᠬᠤᠪᠢᠰᠬᠠᠯᠲᠤ ᠬᠣᠷᠢᠶ᠎ᠠ ᠰᠢᠶᠠᠩᠭᠠᠩ ᠳᠤ ᠪᠠᠶᠢᠭᠤᠯᠤᠭᠳᠠᠪᠠ ᠂ ᠠᠯᠤᠰ ᠬᠤᠯᠠ ᠠᠮᠧᠷᠢᠺᠠ ᠳᠤ ᠪᠠᠶᠢᠭ᠎ᠠ ᠹᠸᠩ ᠢᠦᠢ ᠰᠢᠶᠠᠩ ᠲᠥᠪ ᠬᠣᠷᠢᠶᠠᠨ ᠤ ᠪᠠᠶᠢᠩᠭᠤ ᠢᠢᠨ ᠭᠡᠰᠢᠭᠦᠨ ᠪᠠ ᠤᠯᠤᠰ ᠲᠦᠷᠤ ᠢᠢᠨ ᠺᠣᠮᠢᠰ ᠤᠨ ᠲᠡᠷᠢᠭᠦᠯᠡᠭᠴᠢ ᠪᠠᠷ ᠰᠤᠩᠭᠤᠭᠳᠠᠪᠠ ᠃ ᠹᠸᠩ ᠢᠦᠢ ᠰᠢᠶᠠᠩ ᠤᠨ ᠠᠮᠧᠷᠢᠺᠠ ᠳᠤ ᠬᠢᠭᠰᠡᠨ ᠡᠳᠡᠭᠡᠷ ᠠᠵᠢᠯᠯᠠᠭ᠎ᠠ ᠳᠦ ᠵᠢᠶᠠᠩ ᠵᠢᠶᠸ ᠱᠢ ᠢᠢᠨ ᠶᠠᠰᠤᠨ ᠳᠤᠨᠢ ᠣᠷᠣᠳᠠᠯ᠎ᠠ ᠬᠣᠷᠣᠰᠴᠤ ᠂ ᠡᠬᠢᠨ ᠳ᠋ᠦ᠋ᠨᠢ ᠵᠠᠷᠯᠢᠭ ᠪᠠᠭᠤᠯᠭᠠᠨ ᠤᠯᠤᠰ ᠲᠠᠭᠠᠨ ᠪᠤᠴᠠᠵᠤ ᠢᠷᠡᠭᠡ ᠭᠡᠬᠦ ᠲᠡᠷᠡ ᠲᠡᠪᠴᠢᠪᠠ ᠃ ᠵᠠᠯᠭᠠᠭᠠᠳ ᠂ ᠲᠡᠭᠦᠨ ᠢ ᠠᠯᠪᠠᠨ ᠲᠤᠰᠢᠶᠠᠯ ᠡᠴᠡ ᠨᠢ ᠤᠭᠴᠠᠷᠠᠭᠤᠯᠵᠦ ᠂ ᠫᠠᠰᠫᠣᠷᠲ ᠢ ᠨᠢ ᠬᠤᠷᠢᠶᠠᠨ ᠠᠪᠴᠤ ᠬᠦᠴᠦᠨ ᠦᠬᠡᠢ ᠪᠣᠯᠭᠠᠭᠰᠠᠨ ᠂ ᠴᠢᠨᠠᠭᠰᠢᠯᠠᠪᠠᠯ ᠪᠠᠰᠠ ᠭᠣᠮᠢᠨᠳᠠᠩ ᠤᠨ ᠨᠠᠮ ᠡᠴᠡ ᠨᠢ ᠭᠦᠭᠡᠭᠡᠨ ᠭᠠᠷᠭᠠᠵᠡᠢ ᠃ ᠲᠠᠷᠡ ᠂ ᠡᠳᠡᠭᠡᠷ ᠤᠯᠤᠰ ᠲᠦᠷᠤ ᠢᠢᠨ ᠬᠣᠣᠷᠯᠠᠯ ᠤᠨ ᠡᠮᠦᠨ᠎ᠡ ᠂ ᠪᠠᠭᠤᠵᠤ ᠥᠭᠬᠦ ᠦᠭᠡᠶ ᠮᠦᠷᠲᠡᠭᠡᠨ ᠨᠡᠩ ᠡᠷᠡᠰ ᠢᠢᠡᠷ ᠲᠡᠮᠡᠴᠡᠯ ᠬᠢᠵᠦ᠂ ᠲᠡᠷᠡ 《 ᠨᠠᠮ ᠡᠴᠡ ᠬᠦᠭᠡᠭᠡᠭᠳᠡᠭᠰᠡᠨ ᠲᠤᠬᠠᠢ ᠢᠯᠡᠷᠬᠡᠶᠢᠯᠡᠯᠲᠡ 》 ᠨᠡᠶᠢᠲᠡᠯᠡᠵᠦ 《 ᠭᠣᠮᠢᠨᠳᠠᠩ ᠤᠨ ᠳᠣᠲᠣᠷᠠᠬᠢ ᠠᠷᠠᠳᠴᠢᠯᠠᠭᠰᠠᠨ ᠪᠦᠯᠦᠭ ᠤᠨ ᠨᠥᠬᠥᠳ ᠲᠡᠶ ᠬᠠᠮᠲᠤ ᠂ ᠵᠢᠶᠠᠩ ᠵᠢᠶᠸ ᠱᠢ ᠡᠵᠡᠷᠬᠡᠭ ᠪᠠᠶᠢᠭᠤᠯᠤᠯ ᠢ ᠲᠦᠯᠬᠢᠨ ᠤᠨᠠᠭᠠᠵᠦ ᠂ ᠳᠤᠮᠳᠠᠳᠤ ᠤᠯᠤᠰ ᠳᠤ ᠡᠨᠭᠭᠡ ᠲᠠᠶᠢᠪᠤᠩ ᠪᠠ ᠠᠷᠠᠳᠴᠢᠯᠠᠯ ᠤᠨ ᠲᠥᠯᠥᠭᠡ ᠲᠡᠮᠡᠴᠡᠨ᠎ᠡ 》 ᠭᠡᠵᠡᠢ ᠃ ᠭᠣᠮᠢᠨᠳᠠᠩ ᠤᠨ ᠲᠠᠨᠭᠨᠠᠭᠤᠯ ᠳᠤ ᠨᠢᠭᠤᠴᠠ ᠪᠠᠷ ᠬᠣᠣᠷᠯᠠᠬᠤ ᠡᠴᠡ ᠰᠡᠷᠭᠡᠶᠢᠯᠡᠬᠦ ᠢᠢᠨ ᠲᠤᠯᠠᠳᠠ ᠂ ᠲᠡᠷᠡ ᠪᠠᠰᠠ ᠤᠷᠢᠳᠴᠢᠯᠠᠨ ᠭᠡᠷᠢᠶᠡᠰ ᠦᠯᠡᠳᠡᠭᠡᠵᠦ ᠂ ᠬᠡᠯᠡᠭᠰᠡᠨ ᠨᠢ 《 ᠵᠣᠷᠢᠭᠲᠠᠶ ᠪᠡᠷ ᠬᠡᠯᠡᠵᠦ ᠂ ᠵᠣᠷᠢᠭᠲᠠᠶ ᠪᠡᠷ ᠬᠢᠨ᠎ᠡ ᠂ ᠠᠷᠠᠳ ᠲᠦᠮᠡᠨ ᠤ ᠲᠥᠯᠥᠭᠡ ᠵᠣᠪᠠᠯᠠᠩ ᠠᠮᠰᠠᠵᠤ ᠂ ᠠᠷᠠᠳ ᠲᠦᠮᠡᠨ ᠤ ᠲᠥᠯᠥᠭᠡ ᠦᠬᠦᠨ᠎ᠡ ᠭᠡᠵᠡᠢ 》 ᠶᠤᠮ ᠃ 7 ᠰᠠᠷ᠎ᠠ ᠳᠤ ᠂ ᠹᠸᠩ ᠢᠦᠢ ᠰᠢᠶᠠᠩ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠷᠢᠯᠭ᠎ᠠ ᠶᠢ ᠴᠤᠤᠷᠢᠶᠠᠲᠤᠨ ᠳᠠᠭᠠᠵᠤ ᠂ ᠲᠣᠭᠣᠷᠢᠤ ᠵᠠᠮ ᠢᠢᠡᠷ ᠵᠦᠪᠯᠡᠯᠳᠤ ᠬᠣᠯᠪᠣᠭᠠᠲᠤ ᠤᠯᠤᠰ ᠢ ᠳᠠᠭᠠᠷᠢᠵᠦ ᠤᠯᠤᠰ ᠲᠠᠭᠠᠨ ᠪᠤᠴᠠᠵᠤ ᠰᠢᠨ᠎ᠡ ᠤᠯᠤᠰ ᠲᠦᠷᠦ ᠢᠢᠨ ᠵᠥᠪᠯᠡᠯᠭᠡᠨ ᠤ ᠬᠤᠷᠠᠯ ᠤᠨ ᠪᠡᠯᠡᠳᠬᠡᠯ ᠠᠵᠢᠯ ᠳᠤ ᠣᠷᠤᠯᠴᠠᠬᠤ ᠭᠡᠵᠦ ᠪᠠᠶᠢᠵᠡᠢ ᠃ 9 ᠰᠠᠷ᠎ᠠ ᠢᠢᠨ 1 ᠤ ᠡᠳᠦᠷ ᠂ ᠹᠸᠡᠭ ᠢᠦᠶ ᠰᠢᠶᠠᠩ ᠤᠨ ᠰᠠᠭᠤᠭᠰᠠᠨ ᠤᠨ ᠬᠥᠯᠭᠡ ᠣᠩᠭᠣᠴᠠ ᠨᠢ ᠬᠠᠷ᠎ᠠ ᠲᠠᠩᠭᠢᠰ ᠬᠦᠷᠬᠦ ᠳᠦ ᠭᠡᠨᠡᠳᠲᠡ ᠭᠠᠯ ᠠᠯᠳᠠᠭᠰᠠᠨ ᠡᠴᠡ ᠂ ᠠᠵᠠ ᠪᠤᠰᠤ ᠪᠠᠷ ᠡᠨᠳᠡᠭᠳᠡᠵᠡᠶ ᠃
ᠨᠠᠮ ᠤᠨ ᠲᠥᠪ ᠬᠣᠷᠢᠶᠠᠨ ᠤ ᠲᠡᠷᠢᠭᠦᠯᠡᠭᠴᠢ ᠮᠠᠤ ᠽᠸ ᠳ᠋ᠦᠩ ᠂ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠤᠨ ᠶᠡᠷᠦᠩᠬᠡᠶ ᠰᠧᠯᠢᠩ ᠵᠦ ᠳ᠋ᠸ ᠵᠡᠷᠭᠡ ᠬᠥᠮᠦᠰ ᠡᠨᠡᠬᠦ ᠴᠢᠮᠡᠭᠡ ᠢᠢ ᠰᠣᠨᠣᠰᠤᠭᠠᠳ ᠴᠠᠬᠢᠯᠭᠠᠨ ᠮᠡᠳᠡᠭᠡ ᠶᠠᠪᠤᠭᠤᠯᠵᠤ ᠡᠮᠭᠡᠨᠢᠨ ᠭᠠᠰᠢᠭᠤᠳᠠᠵᠤ ᠂ ᠲᠡᠭᠦᠨ ᠢ 《 ᠪᠡᠶ᠎ᠡ ᠪᠡᠷ ᠢᠢᠡᠨ ᠠᠷᠠᠳᠴᠢᠯᠠᠯ ᠳᠤ ᠣᠷᠣᠯᠴᠠᠵᠤ ᠂ ᠤᠯᠤᠰ ᠳᠤ ᠭᠠᠪᠢᠶ᠎ᠠ ᠪᠠᠶᠢᠭᠤᠯᠤᠭᠰᠠᠨ ᠪᠠᠶᠢᠨ᠎ᠠ 》 ᠭᠡᠵᠦ ᠮᠠᠭᠲᠠᠨ ᠰᠠᠶᠢᠰᠢᠶᠠᠭᠰᠠᠨ ᠪᠠᠶᠢᠨ᠎ᠠ ᠃ 1949 ᠣᠨ ︵ ᠢᠷᠭᠡᠨ ᠤᠯᠤᠰ ᠤᠨ 38 ᠵᠢᠯ ) 9 ᠰᠠᠷ᠎ᠠ ᠢᠢᠨ 1 ᠤ ᠡᠳᠦᠷ ᠂ ᠹᠸᠩ ᠢᠦᠢ ᠰᠢᠶᠠᠩ ᠡᠨᠳᠡᠭᠳᠡᠭᠰᠡᠨ 1 ᠵᠢᠯ ᠤᠨ ᠣᠶ ᠪᠣᠯᠵᠤ ᠪᠠᠶᠢᠭ᠎ᠠ ᠦᠶ᠎ᠡ ᠳᠤ ᠂ ᠨᠠᠮ ᠤᠨ ᠲᠥᠪ ᠬᠣᠷᠢᠶ᠎ᠠ ᠲᠡᠭᠦᠨ ᠤ ᠭᠠᠰᠢᠭᠤᠳᠠᠯ ᠤᠨ ᠬᠤᠷᠠᠯ ᠢ ᠬᠤᠷᠠᠯᠳᠤᠭᠤᠯᠵᠤ ᠂ ᠨᠠᠮ ᠤᠨ ᠲᠥᠪ ᠬᠣᠷᠢᠶᠠᠨ ᠤ ᠳᠡᠳ᠋ ᠲᠡᠷᠢᠭᠦᠯᠡᠭᠴᠢ ᠵᠧᠦ ᠡᠸ᠋ᠨ ᠯᠠᠶ ᠡᠴᠡ ᠭᠠᠰᠢᠭᠤᠳᠠᠯ ᠤᠨ ᠦᠭᠡ ᠬᠡᠯᠡᠵᠦ ᠂ ᠲᠡᠭᠦᠨ ᠢ ᠮᠠᠭᠲᠠᠨ ᠰᠠᠶᠢᠰᠢᠶᠠᠵᠤ ᠂ ᠨᠢᠭᠡ ᠨᠡᠶᠢᠲᠡᠯᠢᠭ ᠬᠠᠭᠤᠴᠢᠨ ᠴᠡᠷᠢᠭ ᠤᠨ ᠬᠥᠮᠦᠨ ᠪᠠᠶᠢᠭᠰᠠᠨ ᠡᠴᠡ ᠠᠷᠠᠳᠴᠢᠯᠠᠭᠰᠠᠨ ᠴᠡᠷᠢᠭ ᠤᠨ ᠬᠥᠮᠦᠨ ᠪᠣᠯᠤᠭᠰᠠᠨ ᠪᠠᠶᠢᠨ᠎ᠠ ᠃ ᠲᠡᠷᠡ ᠤ ᠮᠤᠷᠤᠶ ᠰᠠᠷᠤᠶ ᠵᠠᠮ ᠢ ᠲᠤᠭᠤᠯᠵᠦ ᠂ ᠡᠴᠦᠰ ᠲᠡᠬᠡᠨ ᠰᠢᠨ᠎ᠡ ᠠᠷᠠᠳᠴᠢᠯᠠᠭᠰᠠᠨ ᠳᠤᠮᠳᠠᠳᠤ ᠤᠯᠤᠰ ᠵᠦᠭ ᠶᠠᠪᠤᠭᠰᠠᠨ ᠪᠠᠶᠢᠨ᠎ᠠ ᠃ ᠡᠯ᠎ᠡ ᠡᠲᠡᠭᠡᠳ ᠤᠨ ᠬᠥᠮᠦᠰ ᠭᠠᠰᠢᠭᠤᠳᠠᠯ ᠤᠨ ᠤᠶᠠᠩᠭ᠎ᠠ ᠂ ᠴᠠᠭᠠᠷᠢᠭᠲᠤ ᠴᠡᠴᠡᠭ ᠬᠦᠷᠭᠡᠵᠡᠶ᠃ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ ᠤ ᠳᠠᠷᠠᠭ᠎ᠠ ᠂ 1953 ᠣᠨ ᠳᠤ᠂ ᠠᠷᠠᠳ ᠤᠨ ᠲᠥᠪ ᠤᠨ ᠵᠠᠰᠠᠭ ᠤᠨ ᠣᠷᠳᠣᠨ ᠡᠴᠡ ᠲᠠᠶᠢᠱᠠᠨ ᠠᠭᠤᠯᠠ ᠳᠦ ᠦᠪᠡᠳᠡᠭᠰᠢ ᠶᠡᠬᠡ ᠴᠢᠨᠳᠠᠷ ᠲᠠᠯᠪᠢᠬᠤ ᠶᠣᠰᠣᠯᠠᠯ ᠶᠠᠪᠤᠭᠤᠯᠪᠠ ᠃