ᠸᠠᠩ ᠷᠦᠸᠧ ᠹᠸᠢ

  2019-05-26



ᠸᠠᠩ ᠷᠦᠸᠧ ᠹᠸᠢ ︵1896-1946 ︶ ᠂ ᠤᠤᠯ ᠨᠡᠷ᠎ᠡ ᠨᠢ ᠶᠢᠨ ᠱᠧᠩ ᠂ ᠡᠷᠭᠦᠭᠰᠡᠨ ᠨᠡᠷ᠎ᠡ ᠵᠢᠶ ᠷᠧᠨ ᠂ ᠰᠡᠭᠦᠯᠡᠷ ᠨᠢ ᠸᠠᠩ ᠷᠦᠸᠧ ᠹᠸᠢ ᠭᠡᠵᠦ ᠂ ᠬᠤᠸᠠᠩ ᠵᠢᠩ ᠵᠠᠶ ᠴᠦ ᠭᠡᠳᠡᠭ ᠂ ᠬᠢᠲᠠᠳ ᠦᠨᠳᠦᠰᠦᠲᠡᠨ᠂ ᠭᠦᠢᠵᠧᠦ ᠮᠤᠵᠢ ᠶ᠋ᠢᠨ ᠠᠨᠰᠤᠨ ᠰᠢᠶᠠᠨ ᠤ ᠬᠥᠮᠦᠨ ᠃

ᠸᠠᠩ ᠷᠦᠸᠧ ᠹᠸᠢ ᠪᠠᠭ᠎ᠠ ᠳ᠋ᠠᠭᠠᠨ ᠡᠬᠡ ᠪᠡᠨ ᠳᠠᠭᠠᠵᠤ ᠭᠦᠢᠶᠠᠩ ᠳ᠋ᠤ ᠰᠠᠭᠤᠷᠢᠰᠢᠵᠤ ᠪᠠᠶᠢᠵᠠᠢ ᠃ 1905 ᠣᠨ ᠳ᠋ᠤ  ᠴᠢᠩ ᠦᠨ ᠪᠠᠳᠠᠷᠠᠭᠤᠯᠲᠤ ᠲᠥᠷᠥ ᠶ᠋ᠢᠨ ᠭᠤᠴᠢᠨ ᠨᠢᠭᠡᠳᠦᠭᠡᠷ ᠣᠨ  ᠂ ᠭᠦᠢᠶᠠᠩ ᠣᠷᠣᠵᠤ ᠳ᠋ᠠ ᠳ᠋ᠧ ᠰᠤᠷᠭᠠᠭᠤᠯᠢ ᠳ᠋ᠤ ᠪᠢᠴᠢᠭ ᠦᠵᠡᠵᠦ ᠄ ᠳ᠋ᠠ ᠳ᠋ᠧ ᠰᠤᠷᠭᠠᠭᠤᠯᠢ ᠡᠴᠡ ᠲᠡᠭᠦᠰᠴᠠᠢ ᠃ 1912 ᠣᠨ  ᠢᠷᠭᠡᠨ ᠤᠯᠤᠰ ᠤᠨ ᠲᠡᠷᠢᠭᠦᠨ ᠣᠨ  ᠂ ᠭᠦᠢᠶᠠᠩ  ᠤᠨ ᠴᠢᠶᠦ᠋ᠨ ᠸᠠᠩ ᠱᠧ ᠨᠣᠮ ᠤᠨ ᠳᠡᠯᠭᠡᠭᠦᠷ ᠲᠤ ᠬᠤᠳᠠᠯᠳᠤᠭᠠᠨ ᠤ ᠦᠢᠯᠡᠴᠢᠯᠡᠭᠴᠢ ᠬᠢᠵᠠᠢ ᠃ 1916 ᠣᠨ ᠤ  ᠢᠷᠭᠡᠨ ᠤᠯᠤᠰ ᠤᠨ ᠲᠠᠪᠤᠨ ᠣᠨ  ᠂ ᠲᠡᠭᠦᠨ  ᠤ ᠬᠣᠶᠠᠳᠤᠭᠠᠷ ᠨᠠᠭᠠᠴᠤ  ᠬᠤᠸᠠᠩ ᠴᠢ ᠱᠧᠩ  ᠲᠤᠬᠠᠶ ᠶ᠋ᠢᠨ ᠦᠶ᠎ᠡ ᠳ᠋ᠤ ᠭᠦᠢᠵᠧᠦ ᠮᠤᠵᠢ ᠶ᠋ᠢᠨ ᠵᠠᠰᠠᠭ ᠤᠨ ᠣᠷᠳᠣᠨ ᠤ ᠭᠠᠳᠠᠭᠰᠢ ᠭᠠᠷᠴᠤ ᠬᠣᠯᠪᠣᠭ᠎ᠠ ᠠᠪᠬᠤ ᠲᠥᠯᠥᠭᠡᠯᠡᠭᠴᠢ   ᠢ ᠳᠠᠭᠠᠵᠤ ᠵᠢᠶᠠᠩᠰᠦ ᠂ ᠱᠠᠨᠳᠦ᠋ᠩ ᠂ ᠾᠧᠨᠠᠨ ᠂ ᠱᠠᠨ ᠰᠢ ᠵᠡᠷᠭᠡ ᠮᠤᠵᠢ ᠳ᠋ᠦ ᠶᠤᠸᠠᠨ ᠱᠢ ᠺᠠᠶ ᠶ᠋ᠢᠨ ᠬᠠᠭᠠᠨᠲᠤ ᠶᠣᠰᠣᠨ  ᠢ ᠡᠰᠡᠷᠭᠦᠴᠡᠬᠦ ᠤᠬᠠᠭᠤᠯᠭ᠎ᠠ ᠶ᠋ᠢᠨ ᠠᠵᠢᠯᠯᠠᠭ᠎ᠠ ᠶ᠋ᠢ ᠬᠢᠵᠡᠢ᠃ 1917 ᠣᠨ ᠤ  ᠢᠷᠭᠡᠨ ᠤᠯᠤᠰ ᠤᠨ ᠲᠠᠪᠤᠨ ᠣᠨ  ᠂ ᠭᠦᠢᠶᠠᠩ  ᠶ᠋ᠢᠨ ᠳ᠋ᠠ ᠳ᠋ᠧ ᠰᠤᠷᠭᠠᠭᠤᠯᠢ ᠳ᠋ᠦ  ᠪᠠᠭ᠎ᠠ ᠰᠤᠷᠭᠠᠭᠤᠯᠢ ᠶ᠋ᠢᠨ ᠪᠠᠭᠰᠢ  ᠪᠣᠯᠵᠤ ᠤᠯᠤᠰ ᠢᠶᠡᠨ ᠬᠠᠶᠢᠷᠠᠯᠠᠬᠤ ᠬᠥᠳᠡᠯᠭᠡᠭᠡᠨ ᠳ᠋ᠤ ᠢᠳᠡᠪᠬᠢᠲᠡᠶ  ᠣᠷᠣᠯᠴᠠᠵᠠᠢ ᠃ ᠲᠤᠰ ᠵᠢᠯ ᠤᠨ 12 ᠰᠠᠷ᠎ᠠ ᠳ᠋ᠤ ᠂ ᠭᠦᠢᠵᠧᠦ ᠮᠤᠵᠢ ᠶ᠋ᠢᠨ  ᠴᠢᠶᠠᠨ ᠵᠦᠩ ᠳ᠋ᠣᠣ ᠡᠴᠡ ᠶᠠᠫᠣᠨ ᠳ᠋ᠤ ᠰᠢᠯᠭᠠᠨ ᠰᠤᠷᠤᠯᠴᠠᠬᠤ ᠠᠯᠪᠠᠨ ᠵᠠᠷᠤᠳᠠᠯ ᠤᠨ ᠰᠤᠷᠤᠭᠴᠢ ᠪᠠᠷ ᠣᠷᠤᠵᠡᠢ᠃ ᠶᠠᠫᠣᠨ ᠳ᠋ᠤ ᠪᠠᠶᠢᠭ᠎ᠠ ᠬᠤᠭᠤᠴᠠᠭᠠᠨ ᠳ᠋ᠤ ᠮᠠᠷᠺᠰ ᠤᠨ ᠦᠵᠡᠯ ᠤᠨ ᠦᠵᠡᠯ ᠰᠠᠨᠠᠭ᠎ᠠ ᠶ᠋ᠢ ᠠᠩᠬ᠎ᠠ ᠠᠯᠬᠤᠮ ᠰᠤᠷᠤᠯᠴᠠᠵᠠᠢ ᠃ 1919 ᠣᠨ ᠤ  ᠢᠷᠭᠡᠨ ᠤᠯᠤᠰ ᠤᠨ 8  ᠣᠨ  5 ᠰᠠᠷ᠎ᠠ ᠳ᠋ᠤ ᠂ ᠶᠠᠫᠣᠨ ᠡᠴᠠ ᠤᠯᠤᠰ ᠲᠠᠭᠠᠨ ᠪᠤᠴᠠᠵᠤ ᠂ ᠬᠤᠪᠢᠰᠬᠠᠯ ᠤᠨ ᠦᠨᠡᠨ ᠶᠣᠰᠣ ᠶ᠋ᠢ ᠦᠷᠭᠦᠯᠵᠢᠯᠡᠨ ᠰᠤᠷᠤᠯᠴᠠᠬᠤ ᠪᠠ ᠡᠷᠢᠯᠬᠢᠯᠡᠪᠡ ᠃ ᠲᠤᠰ   ᠵᠢᠨ ᠤᠨ 10 ᠰᠠᠷ᠎ᠠ ᠳ᠋ᠤ ᠂ ᠱᠠᠩᠬᠠᠶ ᠡᠴᠡ ᠹᠷᠠᠨᠼᠢ ᠳ᠋ᠤ ᠬᠦᠷᠴᠦ ᠠᠵᠢᠯᠴᠢ ᠠᠷᠪᠢᠴᠢ ᠪᠠᠷ ᠰᠤᠷᠤᠯᠴᠠᠵᠤ ᠪᠠᠶᠢᠵᠡᠢ ᠃

1921 ᠣᠨ ᠤ  ᠢᠷᠭᠡᠨ ᠤᠯᠤᠰ ᠤᠨ 10  ᠣᠨ  ᠤ ᠡᠪᠦᠯ ᠂ ᠸᠠᠩ ᠷᠦᠸᠧ ᠹᠸᠢ ᠪᠣᠯᠤᠨ ᠵᠧᠦ ᠡᠧᠨ ᠯᠠᠶ ᠂ ᠵᠤᠤ ᠱᠢ ᠶᠠᠨ ᠵᠡᠷᠭᠡ ᠬᠥᠮᠦᠰ ᠲᠠᠢ ᠫᠠᠷᠢᠰ ᠲᠤ ᠳᠤᠮᠳᠠᠳᠤ ᠤᠯᠤᠰ ᠤᠨ ᠪᠠᠭᠠᠴᠤᠳ ᠤᠨ ᠡᠪ ᠬᠠᠮᠲᠤ ᠨᠠᠮ ᠢ ᠡᠭᠦᠳᠦᠨ ᠪᠠᠶᠢᠭᠤᠯᠵᠠᠢ ᠃ 1922 ᠣᠨ ᠤ  ᠢᠷᠭᠡᠨ ᠤᠯᠤᠰ ᠤᠨ 11 ᠣᠨ  ᠤ ᠵᠤᠨ ᠂ ᠨᠠᠮᠤᠷ ᠤᠨ ᠦᠶᠡᠰ ᠂ ᠷᠤᠸᠠᠨ ᠠᠢ ᠭᠦᠧᠧ  ᠬᠡᠦ ᡁᠢ ᠮᠢᠩ  ᠶᠢᠨ ᠲᠠᠨᠢᠯᠴᠠᠭᠤᠯᠭ᠎ᠠ ᠪᠠᠷ ᠹᠷᠠᠨᠼᠢ ᠶ᠋ᠢᠨ ᠡᠪ ᠬᠠᠮᠲᠤ ᠨᠠᠮ ᠳ᠋ᠤ  ᠣᠷᠤᠪᠠ᠃ ᠡᠭᠦᠨ ᠤ ᠬᠠᠮᠲᠤ ᠤᠯᠤᠰ ᠤᠨ ᠳᠣᠲᠣᠭᠠᠳᠤ ᠳ᠋ᠤ ᠨᠠᠮ ᠤᠨ ᠲᠥᠪ ᠬᠣᠷᠢᠶᠠᠨ ᠳ᠋ᠦ ᠨᠠᠮ ᠳ᠋ᠤ ᠣᠷᠣᠬᠤ ᠪᠠᠷ ᠡᠷᠭᠦᠳᠡᠯ  ᠭᠠᠷᠭᠠᠵᠠᠢ ᠃ ᠲᠤᠰ ᠵᠢᠯ ᠤᠨ 10 ᠰᠠᠷ᠎ᠠ ᠳ᠋ᠤ ᠂ ᠨᠠᠮ ᠤᠨ ᠲᠥᠪ ᠬᠣᠷᠢᠶ᠎ᠠ ᠧᠦ᠋ᠷᠣᠫᠠ ᠳ᠋ᠤ ᠰᠠᠭᠤᠭ᠎ᠠ ᠳᠤᠮᠳᠠᠳᠤ ᠤᠯᠤᠰ ᠤᠨ ᠪᠠᠭᠠᠴᠤᠳ ᠤᠨ ᠡᠪ ᠬᠠᠮᠲᠤ ᠨᠠᠮ ᠢ ᠳᠤᠮᠳᠠᠳᠦ ᠤᠯᠤᠰ ᠤᠨ ᠡᠪ ᠬᠠᠮᠲᠦ ᠵᠠᠯᠠᠭᠤᠴᠤᠳ ᠤᠨ ᠡᠪᠯᠡᠯ ᠦᠨ  ᠧᠦ᠋ᠷᠣᠫᠠ ᠳ᠋ᠠᠬᠢ ᠡᠭᠦᠷ ᠭᠡᠵᠦ ᠬᠠᠯᠠᠭᠠᠳ ᠂ ᠸᠠᠩ ᠷᠦᠸᠧ ᠹᠸᠢ ᠶ᠋ᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠪᠣᠯᠣᠭᠰᠠᠨ ᠢ ᠪᠠᠲᠤᠯᠠᠭᠰᠠᠨ ᠪᠡᠨ ᠮᠡᠳᠡᠭᠳᠡᠵᠡᠵᠢ ᠃ ᠸᠠᠩ ᠷᠦᠸᠧ ᠹᠸᠢ ᠲᠡᠷᠡ ᠳᠣᠣᠷ᠎ᠠ ᠨᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠧᠦ᠋ᠷᠣᠫᠠ ᠳ᠋ᠠᠬᠢ ᠶᠡᠷᠦᠩᠬᠡᠶ ᠨᠠᠮ ᠤᠨ ᠡᠭᠦᠷ ᠦᠨ ᠠᠵᠢᠯ ᠳ᠋ᠦ ᠣᠷᠤᠯᠴᠠᠵᠤ ᠂ ᠵᠠᠯᠠᠭᠤᠴᠤᠳ ᠤᠨ ᠡᠪᠯᠡᠯ ᠤᠨ ᠧᠦ᠋ᠷᠣᠫᠠ ᠳ᠋ᠠᠬᠢ ᠡᠭᠦᠷ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠧᠦ᠋ᠷᠣᠫᠠ ᠳ᠋ᠠᠬᠢ ᠨᠠᠮ ᠤᠨ ᠡᠭᠦᠷ  ᠦᠨ ᠤᠳᠤᠷᠢᠳᠤᠭᠴᠢ ᠶ᠋ᠢᠨ ᠨᠢᠭᠡ ᠪᠣᠯᠵᠠᠢ ᠃

    1923 ᠣᠨ ᠤ  ᠢᠷᠭᠡᠨ ᠤᠯᠤᠰ ᠤᠨ 12 ᠣᠨ  ᠤ 4 ᠳ᠋ᠦᠭᠡᠷ ᠰᠠᠷ᠎ᠠ ᠳ᠋ᠤ ᠂ ᠸᠠᠩ ᠷᠦᠸᠧ ᠹᠸᠢ ᠮᠣᠰᠺᠸᠠ ᠳ᠋ᠤ ᠣᠴᠢᠵᠤ ᠳᠣᠷᠣᠨᠠᠳᠠᠬᠢᠨ ᠤ ᠬᠥᠳᠡᠯᠮᠦᠷᠢ ᠶ᠋ᠢᠨ ᠶᠡᠬᠡ ᠰᠤᠷᠭᠠᠭᠤᠯᠢ ᠳ᠋ᠤ ᠰᠤᠷᠤᠯᠴᠠᠨ ᠂ ᠲᠤᠰ ᠰᠤᠷᠭᠠᠭᠤᠯᠢ ᠶ᠋ᠢᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠡᠭᠦᠷ ᠤᠨ ᠬᠠᠷᠢᠭᠤᠴᠠᠯᠭᠠᠲᠠᠨ ᠪᠣᠯᠵᠤ ᠂ ᠡᠭᠦᠨ ᠡᠴᠠ ᠡᠬᠢᠯᠡᠨ ᠮᠠᠷᠺᠰ ᠤᠨ ᠦᠵᠡᠯ ᠪᠠ ᠳᠤᠮᠳᠠᠳᠤ ᠤᠯᠤᠰ ᠤᠨ ᠬᠤᠪᠢᠰᠬᠠᠯ ᠤᠨ ᠲᠤᠬᠠᠶ ᠠᠰᠠᠭᠤᠳᠠᠯ ᠢ ᠭᠦ᠋ᠨᠵᠡᠭᠡᠶ  ᠰᠣᠳᠤᠯᠵᠠᠢ ᠃ 1925 ᠣᠨ ᠤ  ᠢᠷᠭᠡᠨ ᠤᠯᠤᠰ ᠤᠨ 14 ᠣᠨ  ᠤ 4 ᠰᠠᠷ᠎ᠠ ᠳ᠋ᠤ ᠂ ᠸᠠᠩ ᠷᠦᠸᠧ ᠹᠸᠢ ᠵᠦᠪᠯᠠᠯᠳᠤ ᠬᠣᠯᠪᠣᠭᠠᠲᠤ ᠤᠯᠤᠰ ᠡᠴᠠ ᠤᠯᠤᠰ ᠲᠠᠭᠠᠨ ᠪᠤᠴᠠᠵᠤ ᠤᠷᠢᠳᠠᠪᠠᠷ ᠱᠠᠩᠬᠠᠶ ᠳ᠋ᠤ ᠡᠪ ᠬᠠᠮᠲᠤ ᠨᠠᠮ ᠤᠨ ᠲᠥᠪ ᠬᠣᠷᠢᠶᠠᠨ ᠤ ᠪᠠᠶ᠋ᠢᠭᠤᠯᠭ᠎ᠠ  ᠳ᠋ᠤ ᠠᠵᠢᠯᠯᠠᠵᠤ ᠂ ᠰᠡᠭᠦᠯᠡᠷ ᠨᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠡᠾᠧᠨᠠᠨ ᠱᠠᠨᠰᠢ ᠣᠷᠣᠨ ᠤ ᠨᠠᠮ ᠤᠨ ᠬᠣᠷᠢᠶᠠᠨ ᠤ ᠱᠦᠵᠢ ᠪᠠᠶ᠋ᠢᠪᠠ ᠃ 1926 ᠣᠨ ᠤ  ᠢᠷᠭᠡᠨ ᠤᠯᠤᠰ ᠤᠨ 15 ᠣᠨ  2 ᠰᠠᠷ᠎ᠠ ᠳ᠋ᠤ ᠂ ᠱᠠᠩᠬᠠᠶ ᠳ᠋ᠦ ᠰᠢᠯᠵᠢᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠦᠪ ᠬᠣᠷᠢᠶᠠᠨ ᠤ ᠨᠠᠷᠢᠨ ᠪᠢᠴᠢᠭ ᠤᠨ ᠳᠠᠷᠤᠭ᠎ᠠ ᠢᠶ᠋ᠡᠷ ᠠᠵᠢᠯᠯᠠᠵᠤ ᠂ ᠱᠠᠩᠬᠠᠶ ᠶ᠋ᠢᠨ ᠠᠵᠢᠯᠴᠢᠨ ᠤ ᠭᠤᠷᠪᠠᠳᠤᠭᠠᠷ ᠤᠳᠠᠭᠠᠨ ᠤ ᠵᠡᠪᠰᠡᠭᠲᠦ ᠪᠣᠰᠣᠯᠭ᠎ᠠ ᠳ᠋ᠦ ᠣᠷᠣᠯᠴᠠᠭᠰᠠᠨ ᠪᠥᠭᠡᠳ ᠤᠳᠤᠷᠢᠳᠤᠪᠠ ᠃ 1927 ᠣᠨ ᠤ  ᠢᠷᠭᠡᠨ ᠤᠯᠤᠰ ᠤᠨ   16  ᠣᠨ ᠢ ᠪᠠᠭᠲᠠᠭᠠᠵᠤ ᠪᠠᠶᠢᠨ᠎ᠠ  4 -5 ᠰᠠᠷ᠎ᠠ ᠳ᠋ᠤ ᠂ ᠸᠠᠩ ᠷᠦᠸᠧ ᠹᠸᠢ ᠨᠠᠷ ᠦᠬᠠᠨ ᠳ᠋ᠦ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠠᠪᠤᠳᠤᠭᠠᠷ ᠤᠳᠠᠭᠠᠨ ᠤ ᠪᠦᠬᠦ ᠤᠯᠤᠰ ᠤᠨ ᠲᠥᠯᠥᠭᠡᠯᠡᠭᠴᠢᠳ ᠤᠨ ᠶᠡᠬᠡ ᠬᠤᠷᠠᠯ ᠳ᠋ᠤ ᠣᠷᠣᠯᠴᠠᠨ ᠂ ᠨᠠᠮ ᠤᠨ ᠲᠥᠪ ᠬᠣᠷᠢᠶᠠᠨ ᠤ ᠭᠡᠰᠢᠭᠦᠳ ᠢᠶᠠᠷ ᠰᠤᠩᠭᠤᠭᠳᠠᠵᠠᠢ ᠃ ᠲᠤᠰ ᠵᠢᠯ ᠤᠨ 6 ᠰᠠᠷ᠎ᠠ ᠳ᠋ᠤ ᠨᠠᠮ ᠤᠨ ᠲᠥᠪ ᠬᠣᠷᠢᠶᠠᠨ ᠤ ᠲᠣᠮᠢᠯᠠᠯᠲᠠ ᠪᠠᠷ ᠱᠠᠩᠬᠠᠶ ᠳ᠋ᠤ ᠪᠤᠴᠠᠨ ᠢᠷᠡᠵᠦ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠵᠢᠶᠠᠩᠰᠦ ᠮᠤᠵᠢ ᠶ᠋ᠢᠨ ᠬᠣᠷᠢᠶᠠᠨ ᠤ ᠪᠠᠶᠢᠩᠭᠤ ᠶ᠋ᠢᠨ ᠭᠡᠰᠢᠭᠦᠨ ᠂ ᠮᠤᠵᠢ ᠶ᠋ᠢᠨ ᠲᠠᠷᠢᠶᠠᠴᠢᠨ ᠤ ᠬᠥᠳᠡᠯᠭᠡᠭᠡᠨ ᠤ ᠺᠣᠮᠢᠰ ᠤᠨ ᠱᠦᠵᠢ ᠪᠠᠷ ᠠᠵᠢᠯᠯᠠᠵᠠᠢ ᠃ 1928 ᠣᠨ ᠤ  ᠢᠷᠭᠡᠨ ᠤᠯᠤᠰ ᠤᠨ 17 ᠣᠨ  6 ᠰᠠᠷ᠎ᠠ ᠳ᠋ᠤ ᠂ ᠸᠠᠩ ᠷᠦᠸᠧ ᠹᠸᠢ ᠮᠣᠰᠺᠸᠠ ᠳ᠋ᠤ ᠬᠦᠷᠴᠦ ᠳᠤᠮᠳᠠᠳᠤ ᠤᠯᠤᠰ ᠤᠨ ᠡᠪ ᠬᠠᠮᠲᠤ ᠨᠠᠮ ᠤᠨ ᠵᠢᠷᠭᠤᠳᠤᠭᠠᠷ ᠤᠳᠠᠭᠠᠨ ᠤ ᠪᠦᠬᠦ ᠤᠯᠤᠰ ᠤᠨ ᠲᠥᠯᠥᠭᠡᠯᠡᠭᠴᠢᠳ ᠤᠨ ᠶᠡᠬᠡ ᠬᠤᠷᠠᠯ ᠳ᠋ᠤ ᠣᠷᠤᠯᠴᠠᠨ ᠂ ᠬᠤᠷᠠᠯ ᠤᠨ ᠳᠠᠷᠠᠭ᠎ᠠ ᠰᠠᠨᠠᠭᠠᠴᠢᠯᠠᠭ᠎ᠠ ᠡᠴᠠ ᠪᠠᠨ ᠵᠦᠪᠯᠡᠯᠳᠤ ᠳ᠋ᠤ ᠬᠣᠴᠣᠷᠴᠤ ᠂ ᠯᠧᠨᠢᠨ ᠤ ᠳᠡᠭᠡᠳᠦ ᠰᠤᠷᠭᠠᠭᠤᠯᠢ ᠳ᠋ᠤ ᠣᠷᠣᠵᠤ ᠰᠤᠷᠤᠯᠴᠠᠪᠠ ᠃ ᠲᠤᠰ ᠵᠢᠯ ᠤᠨ 7 ᠰᠠᠷ᠎ᠠ ᠳ᠋ᠤ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠡᠪ ᠬᠠᠮᠲᠤ ᠶ᠋ᠢᠨ ᠢᠨᠲ᠋ᠧᠷᠨᠠᠼᠢᠣᠨᠠᠯ ᠳ᠋ᠤ ᠰᠠᠭᠤᠭ᠎ᠠ ᠲᠥᠯᠥᠭᠡᠯᠡᠭᠴᠢ ᠢᠶ᠋ᠡᠷ ᠠᠵᠢᠯᠯᠠᠵᠤ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠡᠪ ᠬᠠᠮᠲᠤ ᠶ᠋ᠢᠨ ᠢᠨᠲ᠋ᠧᠷᠨᠠᠼᠢᠣᠨᠠᠯ ᠳ᠋ᠤ ᠰᠠᠭᠤᠭ᠎ᠠ ᠲᠥᠯᠥᠭᠡᠯᠡᠭᠴᠢᠳ ᠤᠨ ᠪᠦᠯᠬᠦᠮ ᠤᠨ ᠠᠵᠢᠯ ᠳ᠋ᠤ ᠣᠷᠤᠯᠴᠠᠪᠠ ᠃ 1929 ᠣᠨ ᠤ  ᠢᠷᠭᠡᠨ ᠤᠯᠤᠰ ᠤᠨ 18 ᠳ᠋ᠤᠭᠠᠷ ᠣᠨ  ᠤ 7 ᠰᠠᠷ᠎ᠠ ᠳ᠋ᠤ ᠂ ᠮᠣᠰᠺᠸᠠ ᠶ᠋ᠢᠨ ᠡᠪ ᠬᠠᠮᠲᠤ ᠶ᠋ᠢᠨ ᠢᠨᠲ᠋ᠧᠷᠨᠠᠼᠢᠣᠨᠠᠯ ᠤᠨ ᠭᠦᠢᠴᠡᠳᠬᠡᠬᠦ ᠬᠣᠷᠢᠶᠠᠨ ᠤ ᠠᠷᠪᠠᠳᠤᠭᠠᠷ ᠪᠥᠬᠥᠳᠡ ᠬᠤᠷᠠᠯ ᠤᠨ ᠠᠷᠪᠠᠨ ᠬᠣᠶᠠᠳᠤᠭᠠᠷ ᠬᠤᠷᠠᠯᠳᠤᠭᠠᠨ  ᠳ᠋ᠤ ᠣᠷᠤᠯᠴᠠᠵᠠᠢ ᠃ ᠲᠤᠰ ᠵᠢᠯ ᠤᠨ ᠡᠪᠦᠯ ᠂ ᠵᠥᠪᠯᠡᠯᠳᠤ ᠬᠣᠯᠪᠣᠭᠠᠲᠤ ᠤᠯᠤᠰ ᠤᠨ ᠡᠪ ᠬᠠᠮᠲᠤ ᠨᠠᠮ ᠤᠨ ᠨᠠᠮ ᠴᠡᠪᠡᠷᠯᠡᠬᠦ ᠦᠶ᠎ᠡ ᠳ᠋ᠤ ᠂ ᠵᠠᠩ ᠭᠦᠸᠧ ᠲᠤᠤ ᠡᠴᠡᠸᠠᠩ ᠷᠦᠸᠧ ᠹᠸᠢ ᠶ᠋ᠢ ᠴᠧᠨ ᠳ᠋ᠦ᠋ ᠰᠢᠤ ᠶᠢᠨ ᠬᠤᠪᠢᠰᠬᠠᠯ ᠤᠨ ᠡᠰᠡᠷᠭᠦᠦ ᠠᠵᠢᠯᠯᠠᠭ᠎ᠠ ᠳ᠋ᠦ ᠣᠷᠣᠯᠴᠠᠭᠰᠠᠨ ᠪᠠᠶᠢᠨ᠎ᠠ ᠭᠡᠵᠦ ᠲᠡᠭᠦᠨ ᠢ ᠨᠠᠮ ᠡᠴᠠ ᠬᠦᠭᠡᠭᠡᠬᠦ ᠰᠠᠨᠠᠭᠤᠯᠭ᠎ᠠ ᠭᠠᠷᠭᠠᠭᠰᠠᠨ ᠳ᠋ᠦ ᠡᠪ ᠬᠠᠮᠲᠤ ᠶ᠋ᠢᠨ ᠢᠨᠲ᠋ᠧᠷᠨᠠᠼᠢᠣᠨᠠᠯ ᠤᠨ ᠬᠢᠨᠠᠨ ᠪᠠᠶᠢᠴᠠᠭᠠᠬᠤ ᠺᠣᠮᠢᠰ ᠡᠴᠠ ᠬᠢᠨᠠᠨ ᠪᠠᠶᠢᠴᠠᠭᠠᠵᠤ ᠴᠧᠨ ᠳ᠋ᠦ᠋ ᠰᠢᠤ ᠶᠢᠨ ᠨᠠᠮ ᠤᠨ ᠡᠰᠡᠷᠭᠦᠦ ᠠᠵᠢᠯᠯᠠᠭ᠎ᠠ ᠳ᠋ᠦ ᠣᠷᠤᠯᠴᠠᠭᠰᠠᠨ ᠭᠡᠳᠡᠭ ᠨᠢ ᠦᠨᠳᠦᠰᠦ ᠪᠠᠷᠢᠮᠲᠠ ᠦᠭᠡᠢ᠂ ᠭᠡᠪᠡᠴᠦ ᠲᠡᠷᠡ ᠳᠤᠮᠳᠠᠳᠤ ᠤᠯᠤᠰ ᠤᠨ ᠡᠪ ᠬᠠᠮᠲᠤ ᠨᠠᠮ ᠤᠨ ᠵᠢᠷᠭᠤᠳᠤᠭᠠᠷ ᠶᠡᠬᠡ ᠬᠤᠷᠠᠯ ᠳᠡᠭᠡᠷ᠎ᠡ ᠴᠧᠨ ᠳ᠋ᠦ᠋ ᠰᠢᠤ ᠶᠢ ᠥᠮᠥᠭᠯᠡᠬᠦ ᠪᠣᠯ ᠪᠤᠷᠤᠭᠤ ᠭᠡᠵᠦ ᠦᠵᠡᠵᠦ ᠂ ᠲᠡᠭᠦᠨ ᠳ᠋ᠦ ᠴᠢᠩᠭ᠎ᠠ ᠳᠣᠩᠭᠣᠳᠬᠤ ᠰᠢᠢᠳᠬᠡᠯ ᠦᠭᠬᠦᠭᠰᠡᠨ ᠪᠥᠭᠡᠳ ᠨᠢᠭᠡ ᠵᠢᠯ ᠬᠦᠳᠡᠯᠮᠦᠷᠢᠯᠡᠬᠦ ᠪᠡᠷ ᠲᠤᠭᠲᠠᠭᠠᠵᠡᠢ᠃  1930 ᠣᠨ ᠤ ᠨᠠᠮᠤᠷ ᠡᠴᠠ 1931 ᠣᠨ ᠤ ᠵᠤᠨ  ᠢᠷᠭᠡᠨ ᠤᠯᠤᠰ ᠤᠨ 19 ᠣᠨ ᠤᠨ ᠨᠠᠮᠤᠷ ᠡᠴᠠ ᠢᠷᠭᠡᠨ ᠤᠯᠤᠰ ᠤᠨ 20 ᠳ᠋ᠤᠭᠠᠷ ᠣᠨ ᠤ ᠵᠣᠨ  ᠂ ᠸᠠᠩ ᠷᠦᠸᠧ ᠹᠸᠢ ᠨᠠᠷ ᠮᠣᠰᠺᠸᠠ ᠶ᠋ᠢᠨ ᠰᠦᠭᠡ ᠬᠠᠳᠤᠭᠤᠷ ᠦᠢᠯᠡᠳᠪᠦᠷᠢ ᠶ᠋ᠢᠨ ᠲᠡᠮᠦᠷ ᠤᠨ ᠲᠠᠷᠬᠠᠨ ᠤ ᠠᠵᠢᠯ ᠬᠢᠵᠠᠢ ᠃

    1931 ᠣᠨ ᠤ  ᠢᠷᠭᠡᠨ ᠤᠯᠤᠰ ᠤᠨ 20 ᠳ᠋ᠤᠭᠠᠷ ᠣᠨ  7 ᠰᠠᠷ᠎ᠠ ᠳ᠋ᠤ ᠂ ᠸᠠᠩ ᠷᠦᠸᠧ ᠹᠸᠢ ᠤᠯᠤᠰ ᠲᠠᠭᠠᠨ ᠬᠠᠷᠢᠵᠦ ᠢᠷᠡᠭᠡᠳ ᠃ ᠲᠤᠰ ᠵᠢᠯ ᠤᠨ 8 ᠰᠠᠷ᠎ᠠ ᠳ᠋ᠤ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠪᠠᠷᠠᠭᠤᠨ ᠬᠣᠶ᠋ᠢᠲᠤ ᠣᠷᠣᠨ ᠤ ᠲᠤᠰᠬᠠᠶ ᠺᠣᠮᠢᠰ ᠤᠨ ᠱᠦᠵᠢ ᠪᠡᠷ ᠠᠵᠢᠯᠯᠠᠵᠤ ᠂ ᠥᠪᠥᠷ ᠮᠣᠩᠭᠣᠯ ᠂ ᠱᠠᠨᠰᠢ ᠂ ᠭᠠᠨᠰᠦ ᠂ ᠨᠢᠩᠰᠢᠶᠠ ᠂ ᠰᠦᠶ ᠶᠤᠸᠠᠨ ᠵᠡᠷᠭᠡ ᠭᠠᠵᠠᠷ ᠲᠦ ᠬᠤᠪᠢᠰᠬᠠᠯ ᠤᠨ ᠠᠵᠢᠯ ᠢ  ᠥᠷᠨᠢᠭᠦᠯᠬᠦ ᠶᠢ ᠬᠠᠷᠢᠭᠤᠴᠠᠵᠠᠢ ᠃ 10 ᠰᠠᠷ᠎ᠠ ᠶ᠋ᠢᠨ 21 ᠤ ᠡᠳᠦᠷ ᠂ ᠤᠷᠪᠠᠭᠴᠢ ᠨᠢᠭᠤᠴᠠ ᠶ᠋ᠢ ᠵᠠᠳᠠᠷᠠᠭᠤᠯᠤᠭᠰᠠᠨ ᠡᠴᠡ ᠪᠤᠭᠤᠲᠤ ᠶ᠋ᠢᠨ ᠲᠠᠢ ᠠᠨ ᠵᠣᠴᠢᠳ ᠤᠨ ᠪᠠᠭᠤᠳᠠᠯ ᠡᠴᠡ ᠲᠤᠬᠠᠶ ᠶ᠋ᠢᠨ ᠭᠠᠵᠠᠷ ᠤᠨ ᠴᠠᠭᠳᠠᠭᠠᠨ ᠤ ᠲᠣᠪᠴᠢᠶᠠᠨ ᠤ  ᠪᠠᠷᠢᠪᠴᠢᠯᠠᠭᠳᠠᠵᠠᠢ ᠃ ᠴᠢᠭᠢᠭᠲᠡᠢ ᠬᠠᠷᠠᠩᠭᠤᠶ ᠱᠣᠷᠣᠩ ᠳᠣᠲᠣᠷ᠎ᠠ ᠂  ᠲᠡᠷᠡ ᠥᠪᠡᠰᠦᠪᠡᠨ ᠪᠡᠶ᠎ᠡ ᠴᠢᠭᠢᠷᠠᠭᠵᠢᠭᠤᠯᠬᠤ ᠲᠠᠮᠢᠷ ᠡᠭᠦᠳᠴᠦ ᠂ ᠭᠢᠨᠳᠠᠨ ᠤ  ᠨᠠᠶᠢᠵᠠ ᠳᠠᠭᠠᠨ ᠪᠡᠶ᠎ᠡ ᠮᠠᠬᠠᠪᠣᠳ ᠢᠶᠡᠨ ᠴᠢᠬᠢᠷᠠᠭᠵᠢᠭᠤᠯᠬᠤ ᠶᠢ ᠢᠳᠡᠪᠬᠢᠲᠡᠶ ᠪᠠᠷ ᠵᠣᠷᠢᠭᠵᠢᠭᠤᠯᠤᠨ ᠂ ᠱᠣᠷᠣᠩ ᠳᠣᠲᠣᠷᠠᠬᠢ ᠨᠢᠭᠤᠴᠠ ᠠᠵᠢᠯ ᠢ ᠥᠷᠨᠢᠭᠦᠯᠦᠨ ᠂ ᠤᠷᠳᠤ ᠬᠤᠭᠤᠴᠠᠭᠠᠨ ᠤ ᠬᠤᠪᠢᠰᠬᠠᠯᠲᠤ ᠲᠡᠮᠡᠴᠡᠯ ᠬᠢᠬᠦ ᠶ᠋ᠢ ᠪᠠᠷᠢᠮᠲᠠᠯᠠᠵᠤ ᠂ ᠮᠠᠨ ᠤ ᠡᠪ ᠬᠠᠮᠲᠤᠴᠤᠳ ᠨᠢᠭᠡᠨ ᠡᠳᠦᠷ ᠠᠮᠢᠳᠤ  ᠪᠠᠢᠢᠪᠠᠯ ᠂ ᠭᠣᠮᠢᠨᠳᠠᠩ ᠳᠠᠷᠤᠶ ᠨᠢᠭᠡ ᠡᠳᠦᠷ ᠠᠶᠤᠳᠠᠭ ᠃ ᠮᠢᠨᠦ ᠪᠡᠶ᠎ᠡ ᠮᠠᠬᠠᠪᠣᠳ ᠢᠶᠡᠨ ᠳᠠᠪᠲᠠᠨ ᠪᠣᠯᠪᠠᠰᠤᠷᠠᠭᠤᠯᠬᠤ ᠨᠢ ᠪᠣᠯ ᠬᠤᠪᠢᠰᠬᠠᠯ ᠤᠨ ᠪᠡᠯᠡ ᠮᠥᠩᠭᠥ ᠶᠢ ᠨᠡᠮᠡᠭᠳᠡᠭᠦᠯᠵᠦ ᠂ ᠠᠷᠠᠳ ᠲᠦᠮᠡᠨ ᠤ ᠦᠢᠯᠡᠰ ᠲᠤ ᠨᠡᠩ ᠰᠠᠶᠢᠨ ᠢᠶᠠᠷ ᠬᠦᠴᠦᠨ ᠴᠢᠳᠠᠯ ᠢᠶᠡᠨ ᠡᠷᠭᠦᠬᠦ ᠶᠢᠨ ᠲᠥᠯᠦᠭᠡ ᠶᠤᠮ ᠭᠡᠳᠡᠭ᠃ ᠸᠠᠩ ᠷᠦᠸᠧ ᠹᠸᠢ ᠶ᠋ᠢ ᠭᠢᠨᠳᠠᠨ ᠳ᠋ᠤ ᠤᠷᠤᠭᠰᠠᠨ ᠬᠤᠭᠤᠴᠠᠭᠠᠨ ᠳ᠋ᠤ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠨᠠᠮ ᠤᠨ ᠵᠣᠬᠢᠶᠠᠨ ᠪᠠᠶᠢᠭᠤᠯᠤᠯᠲᠠ ᠢᠳᠡᠪᠬᠢᠲᠡᠶ ᠠᠪᠤᠷᠠᠬᠤ ᠠᠵᠢᠯ  ᠢ ᠬᠢᠵᠠᠢ ᠃ 1934 ᠣᠨ ᠤ  ᠢᠷᠭᠡᠨ ᠤᠯᠤᠰ ᠤᠨ ᠬᠣᠷᠢᠨ ᠭᠤᠷᠪᠠᠨ ᠣᠨ  ᠤ 4 ᠰᠠᠷ᠎ᠠ ᠂ ᠰᠦᠢᠶᠤᠸᠠᠨ ᠮᠤᠵᠢ ᠶ᠋ᠢᠨ ᠳᠡᠭᠡᠳᠦ ᠵᠡᠷᠭᠡ ᠶ᠋ᠢᠨ ᠰᠢᠭᠦᠬᠦ ᠬᠣᠷᠢᠶ᠎ᠠ  ᠢᠷᠭᠡᠨ ᠤᠯᠤᠰ ᠲᠤ ᠬᠣᠣᠷ ᠬᠥᠨᠥᠭᠡᠯ ᠤᠴᠠᠷᠠᠭᠤᠯᠤᠭᠰᠠᠨ ᠶᠠᠯ᠎ᠠ ᠪᠠᠷ ᠸᠠᠩ ᠷᠦᠸᠧ ᠹᠸᠢ ᠶ᠋ᠢ 10 ᠵᠢᠯ ᠤᠨ ᠬᠤᠭᠤᠴᠠᠭ᠎ᠠ ᠲᠠᠢ ᠬᠣᠷᠢᠬᠤ ᠪᠠᠷ ᠰᠢᠢᠳᠬᠡᠵᠡᠢ ᠃ 1937 ᠣᠨ ᠤ  ᠢᠷᠭᠡᠨ ᠤᠯᠤᠰ ᠤᠨ 26 ᠣᠨ  ᠤ 4 ᠰᠠᠷ᠎ᠠ ᠳ᠋ᠤ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠨᠠᠮ ᠤᠨ ᠵᠣᠬᠢᠶᠠᠨ ᠪᠠᠶᠢᠭᠤᠯᠤᠯᠲᠠ ᠶ᠋ᠢᠨ ᠠᠪᠤᠷᠠᠯᠳᠠ ᠪᠠᠷ ᠸᠠᠩ ᠷᠦᠸᠧ ᠹᠸᠢ ᠶ᠋ᠢ ᠨᠥᠬᠥᠴᠡᠯ ᠦᠭᠡᠢ ᠪᠠᠷ ᠭᠢᠨᠳᠠᠨ ᠡᠴᠠ ᠭᠠᠷᠴᠠᠢ ᠃ ᠲᠤᠰ ᠵᠢᠯ ᠤᠨ 8 ᠰᠠᠷ᠎ᠠ ᠳ᠋ᠤ ᠂ ᠶᠠᠨ ᠠᠨ ᠳᠤ ᠬᠦᠷᠴᠦ ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠱᠠᠨ ᠭᠠᠨ ᠨᠢᠩ ᠬᠢᠵᠠᠭᠠᠷ ᠣᠷᠣᠨ ᠤ ᠬᠣᠷᠢᠶᠠᠨ ᠤ ᠤᠬᠠᠭᠤᠯᠬᠤ ᠬᠡᠯᠲᠡᠰ ᠤᠨ ᠳᠠᠷᠤᠭ᠎ᠠ ᠂ ᠢᠷᠭᠡᠨ ᠤ ᠬᠤᠪᠢᠰᠬᠠᠯᠲᠤ ᠴᠡᠷᠢᠭ ᠤᠨ ᠨᠠᠢ᠌ᠮᠠᠳᠤᠭᠠᠷ ᠵᠠᠮ ᠤᠨ ᠴᠡᠷᠢᠭ ᠤᠨ ᠳᠡᠳ᠋ ᠱᠲ᠋ᠠᠪ ᠤᠨ ᠳᠠᠷᠤᠭ᠎ᠠ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠣᠷᠣᠨ ᠂ ᠳᠣᠷᠣᠨᠠᠲᠤ ᠣᠷᠣᠨ ᠤ ᠠᠵᠢᠯ ᠤᠨ ᠺᠣᠮᠢᠰ ᠤᠨ ᠨᠠᠷᠢᠨ ᠪᠢᠴᠢᠭ ᠤᠨ ᠳᠠᠷᠤᠭ᠎ᠠ ᠵᠡᠷᠭᠡ ᠲᠤᠰᠢᠶᠠᠯ ᠢ ᠬᠠᠷᠢᠭᠤᠴᠠᠵᠤ ᠪᠠᠶᠢᠵᠡᠢ ᠃ 1940 ᠣᠨ ᠤ  ᠢᠷᠭᠡᠨ ᠤᠯᠤᠰ ᠤᠨ 29 ᠣᠨ  ᠳ᠋ᠤ ᠵᠤᠨ ᠂ ᠨᠠᠮ ᠤᠨ ᠲᠥᠪ ᠬᠣᠷᠢᠶᠠᠨ ᠤ ᠨᠠᠷᠢᠨ ᠪᠢᠴᠢᠭ ᠤᠨ ᠳᠠᠷᠤᠭ᠎ᠠ᠂ ᠨᠠᠮ ᠤᠨ ᠠᠵᠢᠯ ᠤᠨ ᠲᠤᠬᠠᠶ ᠰᠤᠳᠤᠯᠬᠤ ᠲᠠᠰᠤᠭ ᠤᠨ ᠡᠷᠬᠢᠯᠡᠭᠴᠢ ᠶᠢᠨ ᠲᠤᠰᠢᠶᠠᠯ ᠢ ᠬᠠᠷᠢᠭᠤᠴᠠᠵᠤ ᠂ ᠨᠠᠮ ᠤᠨ ᠲᠥᠪ ᠬᠣᠷᠢᠶᠠᠨ ᠤ ᠨᠠᠮᠴᠢ ᠴᠢᠨᠠᠷ ᠢ ᠴᠢᠩᠭᠠᠳᠬᠠᠬᠤ ᠲᠤᠬᠠᠶ ᠲᠣᠭᠲᠠᠭᠠᠯ ᠪᠠ ᠶᠠᠫᠣᠨ ᠢ ᠡᠰᠡᠷᠭᠦᠴᠡᠬᠦ ᠰᠠᠭᠤᠷᠢᠨ ᠭᠠᠵᠠᠷ ᠤᠨ ᠭᠠᠵᠠᠷ ᠲᠠᠷᠢᠶᠠᠨ ᠤ ᠲᠦᠷᠦ ᠶ᠋ᠢᠨ ᠪᠤᠳᠤᠯᠭ᠎ᠠ ᠶ᠋ᠢᠨ ᠲᠤᠬᠠᠶ ᠲᠣᠭᠲᠠᠭᠠᠯ  ᠢ ᠲᠤᠭᠤᠷᠪᠢᠨ ᠪᠢᠴᠢᠬᠦ ᠳ᠋ᠦ ᠣᠷᠤᠯᠴᠠᠭᠰᠠᠨ ᠪᠠᠢᠢᠨ᠎ᠠ ᠃ 1943 ᠣᠨ ᠤ  ᠢᠷᠭᠡᠨ ᠤᠯᠤᠰ ᠤᠨ 32 ᠣᠨ  ᠳ᠋ᠤ 12 ᠰᠠᠷ᠎ᠠ ᠳ᠋ᠤ ᠂ ᠸᠠᠩ ᠷᠦᠸᠧ ᠹᠸᠢ ᠶᠠᠨ ᠠᠨ ᠳ᠋ᠤ ᠪᠣᠯᠤᠭᠰᠠᠨ ᠳᠡᠭᠡᠳᠦ ᠵᠡᠷᠭᠡ ᠶ᠋ᠢᠨ ᠺᠠᠳ᠋ᠷ ᠨᠠᠷ ᠤᠨ ᠬᠤᠷᠠᠯᠳᠤᠭᠠᠨ ᠳᠡᠭᠡᠷ᠎ᠡ ᠶᠡᠬᠡ ᠬᠤᠪᠢᠰᠬᠠᠯ ᠤᠨ ᠦᠶ᠎ᠡ ᠶ᠋ᠢᠨ ᠳᠤᠮᠳᠠᠳᠤ ᠤᠯᠤᠰ ᠤᠨ ᠡᠪ ᠬᠠᠮᠲᠤ ᠨᠠᠮ  ᠤᠨ ᠲᠤᠬᠠᠶᠭᠡᠰᠡᠨ ᠢᠯᠡᠳᠬᠡᠯ ᠬᠢᠵᠦ ᠂ ᠳᠤᠮᠳᠠᠳᠤ ᠤᠯᠤᠰ ᠤᠨ ᠡᠪ ᠬᠠᠮᠲᠤ ᠨᠠᠮ ᠬᠤᠪᠢᠰᠬᠠᠯᠲᠤ ᠲᠡᠮᠡᠴᠡᠯ ᠬᠢᠬᠦ ᠲᠤᠷᠰᠢᠯᠭ᠎ᠠ ᠰᠤᠷᠭᠠᠮᠵᠢ ᠶ᠋ᠢ ᠰᠢᠰᠲ᠋ᠧᠮ ᠲᠠᠢ ᠪᠠᠷ ᠳ᠋ᠦᠩᠨᠡᠭᠡᠳ ᠂ ᠮᠠᠤ ᠽᠧ ᠳ᠋ᠦᠩ ᠤᠨ ᠲᠡᠦᠬᠡᠨ  ᠪᠠᠶᠢᠷᠢ ᠰᠠᠭᠤᠷᠢ ᠪᠠ ᠭᠣᠣᠯ ᠭᠠᠪᠢᠶ᠎ᠠ ᠵᠢᠳᠬᠦᠯ ᠢ ᠳᠡᠭᠡᠳᠦ ᠬᠡᠮᠵᠢᠶ᠎ᠡ ᠪᠠᠷ ᠦᠨᠡᠯᠡᠭᠰᠡᠨ ᠪᠠᠶᠢᠨ᠎ᠠ ᠃ 1944 ᠣᠨ ᠤ  ᠢᠷᠭᠡᠨ ᠤᠯᠤᠰ ᠤᠨ 33 ᠣᠨ  ᠤ 5 ᠰᠠᠷ᠎ᠠ ᠳ᠋ᠤ ᠂ ᠸᠠᠩ ᠷᠦᠸᠧ ᠹᠸᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠯᠥᠭᠡᠯᠡᠭᠴᠢ ᠪᠣᠯᠤᠭᠰᠠᠨ ᠤ ᠬᠤᠪᠢ ᠳ᠋ᠤ ᠂ ᠴᠦᠩᠴᠢᠩ ᠳ᠋ᠡᠭᠢ ᠢᠷᠭᠡᠨ ᠤ ᠬᠤᠪᠢᠰᠬᠠᠯᠲᠤ ᠴᠡᠷᠢᠭ ᠤᠨ ᠨᠠᠢ᠌ᠮᠠᠳᠤᠭᠠᠷ ᠵᠠᠮ ᠤᠨ ᠴᠡᠷᠢᠭ ᠤᠨ ᠬᠡᠷᠡᠭ ᠡᠷᠬᠢᠯᠡᠬᠦ ᠭᠠᠵᠠᠷ ᠤᠨ ᠠᠵᠢᠯ ᠢ ᠡᠷᠬᠢᠯᠡᠵᠡᠢ᠃ 1945 ᠣᠨ ᠤ  ᠢᠷᠭᠡᠨ ᠤᠯᠤᠰ ᠤᠨ 34 ᠣᠨ  4-6 ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠳᠣᠯᠣᠳᠤᠭᠠᠷ ᠤᠳᠠᠭᠠᠨ ᠤ ᠪᠦᠬᠦ ᠤᠯᠤᠰ ᠤᠨ ᠲᠥᠯᠥᠭᠡᠯᠡᠭᠴᠢᠳ ᠤᠨ ᠶᠡᠬᠡ ᠬᠤᠷᠠᠯ ᠳᠡᠭᠡᠷ᠎ᠡ ᠸᠠᠩ ᠷᠦᠸᠧ ᠹᠸᠢ ᠨᠠᠮ ᠤᠨ ᠲᠥᠪ ᠬᠣᠷᠢᠶᠠᠨ ᠤ ᠭᠡᠰᠢᠭᠦᠳ ᠢᠶᠡᠷ ᠰᠣᠩᠭᠣᠭᠳᠠᠵᠠᠢ ᠃ ᠲᠤᠰ ᠵᠢᠯ ᠤᠨ 8 ᠰᠠᠷ᠎ᠠ ᠶ᠋ᠢᠨ 13 ᠤ ᠡᠳᠦᠷ ᠂ ᠮᠠᠤ  ᠽᠧ ᠳ᠋ᠦᠩ ᠶᠠᠨ ᠠᠨ ᠳ᠋ᠤ ᠪᠣᠯᠤᠭᠰᠠᠨ ᠺᠠᠳ᠋ᠷ ᠤᠨ ᠬᠤᠷᠠᠯ ᠳᠡᠭᠡᠷ᠎ᠡ ᠬᠢᠭᠰᠡᠨ ᠶᠠᠫᠣᠨ ᠢ ᠡᠰᠡᠷᠭᠦᠴᠡᠬᠦ ᠲᠠᠢᠨ ᠢᠯᠠᠭᠰᠠᠨ ᠤ ᠳᠠᠷᠠᠭᠠᠬᠢ ᠴᠠᠭ ᠤᠨ ᠪᠠᠶᠢᠳᠠᠯ ᠪᠠ ᠮᠠᠨ ᠤ ᠴᠢᠭᠯᠡᠯᠲᠡ ᠭᠡᠰᠡᠨ ᠢᠯᠡᠳᠬᠡᠯ ᠬᠢᠵᠦ ᠂ ᠸᠠᠩ ᠷᠦᠸᠧ ᠹᠸᠢ ᠴᠠᠭ ᠤᠨ ᠪᠠᠶᠢᠳᠠᠯ ᠪᠠ  ᠬᠣᠶᠢᠰᠢᠳᠠ ᠶ᠋ᠢᠨ ᠲᠡᠮᠡᠴᠡᠯ ᠤᠨ ᠵᠠᠷᠢᠮ ᠦᠵᠡᠯᠲᠡ ᠶᠢ ᠬᠦᠯᠢᠶᠡᠨ ᠠᠪᠤᠭᠰᠠᠨ ᠪᠠᠢᠢᠨ᠎ᠠ ᠃ 8 ᠰᠠᠷ᠎ᠠ ᠶ᠋ᠢᠨ 28 ᠤ ᠡᠳᠦᠷ ᠂ ᠸᠠᠩ ᠷᠦᠸᠧ ᠹᠸᠢᠮᠠᠤ ᠽᠤ ᠳ᠋ᠦᠩ ᠂ ᠵᠧᠦ ᠡᠧᠨ ᠯᠠᠶ ᠵᠡᠷᠭᠡ ᠬᠥᠮᠦᠰ  ᠢ ᠳᠠᠭᠠᠵᠤ ᠶᠠᠨ ᠠᠨ ᠡᠴᠠ ᠴᠦᠩᠴᠢᠩ ᠳ᠋ᠤ ᠨᠢᠰᠴᠦ᠂ ᠢᠷᠭᠡᠨ ᠤ ᠵᠠᠰᠠᠭ ᠤᠨ ᠣᠷᠳᠣᠨ ᠤ ᠲᠥᠯᠥᠭᠡᠯᠡᠭᠴᠢ ᠵᠠᠩ ᠴᠢᠶᠦ᠋ᠨ ᠂ ᠵᠠᠩ ᡁᠢ ᠵᠦᠡᠭ ᠵᠡᠷᠭᠡ ᠬᠦᠮᠦᠰ ᠲᠠᠢ ᠬᠡᠯᠡᠯᠴᠡᠭᠡ ᠬᠢᠵᠠᠢ᠃ ᠬᠡᠯᠡᠯᠴᠡᠭᠡ ᠬᠢᠵᠦ ᠪᠠᠢᠢᠭ᠎ᠠ ᠬᠤᠭᠤᠴᠠᠭᠠᠨ ᠳ᠋ᠠᠬᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠴᠢᠭᠯᠡᠯᠲᠡ᠂ ᠲᠦᠷᠦ ᠶ᠋ᠢᠨ ᠪᠤᠳᠤᠯᠭ᠎ᠠ᠂ ᠡᠩᠬᠡ ᠲᠠᠶ᠋ᠢᠪᠤᠩ ᠂ ᠠᠷᠠᠳᠴᠢᠯᠠᠯ ᠂ ᠪᠦᠯᠬᠦᠮᠳᠡᠯ ᠢ ᠲᠤᠤᠰᠢᠯᠠᠭᠤᠯᠬᠤ ᠶ᠋ᠢᠨ ᠲᠥᠯᠥᠭᠡ ᠲᠡᠷᠡ ᠰᠢᠷᠭᠠᠭᠤ ᠬᠠᠲᠠᠭᠤᠵᠢᠯᠲᠠᠶ  ᠴᠢᠷᠮᠠᠶᠢᠯᠭ᠎ᠠ ᠭᠠᠷᠭᠠᠭᠰᠠᠨ ᠶᠤᠮ ᠃ 10 ᠰᠠᠷ᠎ᠠ ᠶ᠋ᠢᠨ 10 ᠤ ᠡᠳᠦᠷ ᠂ ᠭᠣᠮᠢᠨᠳᠠᠩ ᠡᠪ ᠬᠠᠮᠲᠤ ᠨᠠᠮ ᠬᠣᠶᠠᠷ ᠲᠠᠯ᠎ᠠ ᠶ᠋ᠢᠨ ᠲᠥᠯᠥᠭᠡᠯᠡᠭᠴᠢ ᠸᠠᠩ ᠱᠢ ᠵᠢᠶᠧ ᠂ ᠵᠠᠩ ᠴᠢᠶᠦ᠋ᠨ ᠂ ᠵᠠᠩ ᡁᠢ ᠵᠦᠩ ᠂ ᠱᠤᠤ ᠯᠢ ᠽᠢ ᠪᠣᠯᠤᠨᠵᠧᠦ ᠡᠧᠨ ᠯᠠᠶ ᠂ ᠸᠠᠩ ᠷᠦᠸᠧ ᠹᠸᠢ ᠬᠠᠮᠲᠤᠪᠠᠷ ᠵᠠᠰᠠᠭ ᠤᠨ ᠣᠷᠳᠣᠨ ᠪᠣᠯᠤᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠯᠥᠭᠡᠯᠡᠭᠴᠢᠳ ᠤᠨ ᠬᠡᠯᠡᠯᠴᠡᠭᠡᠨ ᠤ ᠲᠣᠪᠴᠢ ᠲᠡᠮᠳᠡᠭᠯᠡᠯ ︾ ︵ ᠳᠠᠷᠤᠶ ᠠᠷᠪᠠᠨ ᠰᠠᠷ᠎ᠠ ᠶ᠋ᠢᠨ ᠠᠷᠪᠠᠨ ᠤ ᠬᠡᠯᠡᠯᠴᠡᠭᠡᠷ ︾ ︶ ᠲᠤᠭᠠᠷ ᠤᠨ ᠦᠰᠦᠭ ᠵᠢᠷᠤᠵᠠᠢ᠃ 10 ᠰᠠᠷ᠎ᠠ ᠶ᠋ᠢᠨ 11 ᠤ ᠡᠳᠦᠷ ᠂ ᠮᠠᠤ ᠽᠧ ᠳ᠋ᠦᠩ ᠵᠠᠩ ᡁᠢ ᠵᠦᠩ  ᠲᠠᠢ ᠬᠠᠮᠲᠤ ᠪᠠᠷ ᠶᠠᠨ ᠠᠨ ᠳ᠋ᠤ  ᠪᠤᠴᠠᠵᠠᠢ ᠃ ᠵᠧᠦ ᠡᠳ ᠯᠠᠶ ᠂ ᠸᠠᠩ ᠷᠦᠸᠧ ᠹᠸᠢ ᠴᠦᠩᠴᠢᠩ ᠳ᠋ᠤ ᠭᠣᠮᠢᠨᠳᠠᠩ ᠲᠠᠢ ᠦᠷᠭᠦᠯᠵᠢᠯᠡᠨ ᠬᠠᠷᠠᠬᠠᠨ ᠬᠡᠯᠡᠯᠴᠡᠭᠡᠷ  ᠳᠣᠬᠢᠷᠠᠭᠠᠳᠤᠢ ᠠᠰᠠᠭᠤᠳᠠᠯ ᠦᠳ ᠤᠨ ᠲᠤᠬᠠᠶ ᠬᠡᠯᠡᠯᠴᠡᠭᠡ ᠬᠢᠵᠠᠢ ᠃ 1946 ᠣᠨ ᠤ  ᠢᠷᠭᠡᠨ ᠤᠯᠤᠰ ᠤᠨ ᠭᠤᠴᠢᠨ ᠲᠠᠪᠤᠳᠤᠭᠠᠷ ᠣᠨ  1 ᠳ᠋ᠦᠭᠡᠷ ᠰᠠᠷ᠎ᠠ ᠳ᠋ᠤ ᠂ ᠲᠡᠷᠡ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠯᠥᠭᠡᠯᠡᠭᠴᠢ ᠪᠠᠷ ᠢᠷᠭᠡᠨ ᠤ ᠵᠠᠰᠠᠭ ᠤᠨ ᠣᠷᠳᠣᠨ ᠤ ᠵᠣᠬᠢᠶᠠᠨ ᠪᠠᠢᠢᠭᠤᠯᠤᠭᠰᠠᠨ ᠤᠯᠤᠰ ᠲᠦᠷᠦ ᠶ᠋ᠢᠨ ᠵᠥᠪᠯᠡᠯᠭᠡᠨ ᠤ ᠬᠤᠷᠠᠯ  ᠳᠤ ᠣᠷᠤᠯᠴᠠᠵᠠᠢ᠃

    1946 ᠣᠨ ᠤ  ᠢᠷᠭᠡᠨ ᠤᠯᠤᠰ ᠤᠨ ᠭᠤᠴᠢᠨ ᠲᠠᠪᠤᠳᠤᠭᠠᠷ ᠣᠨ  4 ᠰᠠᠷ᠎ᠠ ᠶ᠋ᠢᠨ 8 ᠤ ᠡᠳᠦᠷ ᠂ ᠸᠠᠩ ᠷᠦᠸᠧ ᠹᠸᠢ ᠴᠦᠩᠴᠢᠩ ᠡᠴᠠ ᠨᠢᠰᠬᠡᠯ ᠳ᠋ᠤ ᠰᠠᠭᠤᠨ ᠶᠠᠨ ᠠᠨ ᠳ᠋ᠤ ᠪᠤᠴᠠᠵᠤ ᠨᠠᠮ ᠤᠨ ᠲᠥᠪ ᠬᠣᠷᠢᠶᠠᠨ ᠡᠴᠡ ᠵᠢᠭᠠᠪᠤᠷᠢ ᠠᠪᠬᠤ ᠪᠠ ᠠᠵᠢᠯ ᠢᠶᠡᠨ ᠬᠠᠷᠢᠭᠤ ᠮᠡᠳᠡᠭᠦᠯᠬᠦ ᠪᠠᠷ ᠪᠣᠴᠠᠬᠤ ᠵᠠᠮ ᠳ᠋ᠦ ᠂ ᠨᠢᠰᠬᠡᠯ  ᠨᠢ ᠱᠠᠨ ᠰᠢ ᠮᠤᠵᠢ ᠶ᠋ᠢᠨ ᠰᠢᠩ ᠰᠢᠶᠠᠨ ᠤ ᠠᠭᠤᠯᠠ ᠲᠠᠢ ᠮᠥᠷᠭᠦᠵᠦ ᠡᠨᠳᠡᠯ ᠭᠠᠷᠴᠤ ᠂ ᠵᠣᠯ ᠪᠤᠰᠤ ᠪᠠᠷ ᠨᠠᠰᠤ ᠪᠠᠷᠠᠪᠠ ᠂ ᠲᠤᠬᠠᠶ ᠶ᠋ᠢᠨ ᠵᠢᠯ 50 ᠨᠠᠰᠤᠲᠠᠶ ᠃ 4 ᠰᠠᠷ᠎ᠠ ᠶ᠋ᠢᠨ 19 ᠤ ᠡᠳᠦᠷ ᠂ ᠵᠧᠦ  ᠡᠧᠨ ᠯᠠᠶ ᠴᠦᠩᠴᠢᠩ ᠳ᠋ᠤ ᠬᠢᠭᠰᠡᠨ ᠸᠠᠩ ᠷᠦᠸᠧ ᠹᠸᠢ ᠶ᠋ᠢ ᠭᠠᠰᠢᠭᠤᠳᠠᠬᠤ ᠬᠤᠷᠠᠯ ᠳᠡᠭᠡᠷ᠎ᠡ ᠂ ᠸᠠᠩ ᠷᠦᠸᠧ ᠹᠸᠢ ᠶ᠋ᠢᠨ ᠭᠡᠷᠡᠯ ᠰᠠᠴᠤᠷᠠᠩᠭᠤᠶ ᠦᠵᠡᠯ ᠰᠠᠨᠠᠭ᠎ᠠ ᠪᠠ ᠬᠤᠪᠢᠰᠬᠠᠯ ᠤᠨ ᠦᠢᠯᠡᠳᠦᠯᠭᠡ ᠶᠢ ᠳᠤᠷᠠᠰᠤᠨ ᠡᠷᠭᠢᠴᠡᠭᠦᠯᠵᠦ ᠂ ᠲᠡᠭᠦᠨ ᠤ ᠠᠵᠠ ᠪᠤᠰᠤ ᠪᠠᠷ ᠨᠠᠰᠤ  ᠪᠠᠷᠠᠭᠰᠠᠨ ᠳᠤ ᠨᠢᠭᠡ ᠨᠢᠭᠡ ᠦᠭᠡ ᠪᠠᠷ ᠄ ᠲᠡᠭᠦᠨ ᠢ ᠠᠯᠳᠠᠭᠰᠠᠨ  ᠨᠢ ᠂ ᠶᠠᠭ ᠯᠠ ᠨᠢᠭᠡ ᠵᠦᠢᠯ ᠤᠨ ᠬᠦᠴᠦᠨ ᠢᠶᠠᠨ ᠠᠯᠳᠠᠭᠰᠠᠨ ᠂ ᠨᠢᠭᠡ ᠵᠦᠢᠯ ᠤᠨ  ᠵᠣᠷᠢᠭᠵᠢᠭᠤᠯᠤᠯ ᠢᠶᠠᠨ ᠠᠯᠳᠠᠭᠰᠠᠨ ᠂ ᠨᠢᠭᠡ ᠬᠠᠪᠰᠤᠷᠤᠭᠴᠢ ᠪᠠᠨ ᠠᠯᠳᠠᠭᠰᠠᠨ ᠲᠠᠢ ᠠᠳᠠᠯᠢ ᠶᠤᠮᠭᠡᠵᠡᠢ᠃ ᠮᠠᠤ ᠽᠧ ᠳ᠋ᠦᠩ ᠪᠠᠰᠠᠲᠦ᠋ᠷᠪᠡᠨ ᠰᠠᠷ᠎ᠠ ᠶ᠋ᠢᠨ ᠨᠠᠢᠮᠠᠨ ᠤ ᠪᠡᠶ᠎ᠡ ᠦᠷᠡᠭᠳᠡᠭᠰᠡᠨ ᠪᠠᠭᠠᠲᠤᠷ ᠲᠤ   ᠠᠷᠠᠳ ᠲᠦᠮᠡᠨ ᠤ ᠲᠥᠯᠥᠭᠡ ᠦᠬᠦᠬᠦ ᠨᠢᠢᠷᠠᠭᠤ ᠠᠯᠳᠠᠷ ᠲᠠᠢ ᠭᠡᠰᠡᠨ ᠪᠢᠴᠢᠭᠡᠰᠦ ᠪᠢᠴᠢᠵᠠᠢ᠃



ᠵᠣᠬᠢᠶᠠᠭᠴᠢ:
ᠢᠷᠡᠯᠲᠡ: