ᡀᠡᠸᠠᠩᠵᠡᠪ

  2019-05-24



    

ᡀᠡᠸᠠᠩᠵᠡᠪ (1900 ︱1960 ) ᠂ 1900 ᠣᠨ  ᠳ᠋ᠤ ᠳᠦᠷᠦᠵᠦ ᠂ ᠡᠵᠡᠨ᠎ᠡ ᠬᠣᠰᠢᠭᠤᠨ  ᠤ ᠬᠥᠮᠦᠨ ᠃ ᠲᠡᠷᠡ ᠬᠠᠷᠠᠬᠠᠨ ᠪᠠᠭ᠎ᠠ  ᠡᠴᠠ ᠪᠠᠨ ᠭᠡᠷ ᠡᠴᠡ ᠪᠠᠨ ᠭᠠᠷᠴᠤ ᠂  ᠬᠤᠰᠢᠭᠤᠨ ᠰᠦᠮ᠎ᠡ ᠳ᠋ᠤ ᠬᠤᠸᠠᠷᠠᠭ ᠪᠣᠯᠵᠠᠶ ᠃ ᠬᠡᠷᠭᠡᠮ ᠵᠠᠯᠭᠠᠮᠵᠢᠯᠠᠬᠤ ᠶ᠋ᠢᠨ ᠲᠦᠯᠦᠭᠡ ᠂ ᠬᠠᠷ᠎ᠠ ᠪᠤᠯᠵᠤ ᠵᠠᠰᠠᠭ ᠲᠤ ᠤᠷᠤᠯᠴᠠᠪᠠ᠃ 1938 ᠣᠨ  ᠤ 9 ᠰᠠᠷ᠎ᠠ  ᠳ᠋ᠤ ᠂ ᠳᠤᠮᠳᠠᠳᠤ ᠢᠷᠭᠡᠨ ᠤᠯᠤᠰ ᠤᠨ ᠵᠠᠰᠠᠭ ᠶᠠᠪᠤᠭᠤᠯᠬᠤ ᠬᠤᠷᠢᠶᠠᠨ ᠤ 379 ᠳ᠋ᠦᠭᠡᠷ ᠤᠳᠠᠭᠠᠨ ᠤᠬᠣᠷᠢᠶᠠᠨ ᠤ ᠶᠠᠪᠤᠳᠠᠯ ᠤᠨ ᠬᠤᠷᠠᠯ ᠡᠴᠠ ᠵᠥᠪᠯᠡᠨ ᠲᠤᠭᠲᠠᠵᠤ ᠂ ᠡᠵᠡᠨ᠎ᠡ ᠸᠠᠩ  ᠤᠨ ᠰᠠᠭᠤᠷᠢᠨ  ᠢ ᡀᠡᠸᠠᠩᠵᠡᠪ ᠵᠠᠯᠭᠠᠮᠵᠢᠯᠠᠬᠤ ᠂ ᠡᠵᠡᠨ᠎ᠡ ᠬᠤᠰᠢᠭᠤᠨ ᠠᠭᠤᠴᠢᠨ ᠲᠣᠷᠭᠤᠳ  ᠬᠤᠰᠢᠭᠤᠨ ᠤ ᠰᠡᠷᠭᠡᠶᠢᠯᠡᠬᠦ ᠰᠧᠯᠢᠩ ᠦᠨ ᠬᠡᠯᠲᠡᠰ  ᠤᠨ ᠬᠣᠰᠢᠭᠤᠴᠢ ᠭᠧᠨᠧᠷᠠᠯ ᠰᠧᠯᠢᠩ ᠪᠤᠯᠪᠠ ( ᠰᠡᠭᠦᠯᠡᠷ ᠨᠢ ᠲᠤᠰᠠᠯᠠᠭᠴᠢ ᠭᠧᠨᠧᠷᠠᠯ ᠰᠧᠯᠢᠩ  ᠪᠤᠯᠵᠤ ᠳᠡᠪᠰᠢᠭᠦᠯᠦᠭᠳᠡᠪᠡ) ᠃
    ᡀᠡᠸᠠᠩᠵᠡᠪ ᠬᠤᠰᠢᠭᠤᠨ ᠵᠠᠰᠠᠭ ᠪᠠᠷᠢᠭᠰᠠᠨ ᠤ ᠳᠠᠷᠠᠭ᠎ᠠ ᠂ ᠤᠤᠯ  ᠤᠨ ᠪᠠᠶᠢᠭᠤᠯᠤᠮᠵᠢ  ᠶ᠋ᠢ ᠴᠡᠭᠴᠡᠯᠡᠨ ᠲᠡᠭᠦᠯᠳᠡᠷᠵᠢᠭᠦᠯᠵᠦ ᠂ ᠪᠦᠭᠦ ᠬᠤᠰᠢᠭᠤ ᠶ᠋ᠢ ᠳᠥᠷᠪᠡᠨ ᠰᠤᠮᠤ ᠪᠣᠯᠭᠠᠨ ᠬᠤᠪᠢᠶᠠᠵᠤ ᠂ 16 ᠪᠠᠭ᠎ᠠ ᠪᠤᠯᠭᠠᠵᠠᠢ ᠃ ᠰᠦ ᠵᠢᠶᠠᠨ ᠰᠢᠶᠤᠤ ᠨᠢ ᠮᠠᠶᠢᠷᠠᠨ ᠤ ᠲᠤᠰᠢᠶᠠᠯ ᠡᠭᠦᠷᠭᠡᠯᠡᠵᠦ ᠂ ᠵᠧᠦ ᠷᠧᠨ ᠱᠠᠨ  ᠨᠢ ᠨᠠᠷᠢᠨ ᠪᠢᠴᠢᠭᠡᠴᠢ ᠶ᠋ᠢᠨ ᠲᠤᠰᠢᠶᠠᠯ  ᠢ ᠬᠠᠷᠢᠭᠤᠴᠠᠪᠠ ᠃ ᠡᠳᠡᠭᠡᠷ ᠬᠤᠪᠢᠰᠬᠠᠯᠲᠤ ᠠᠵᠢᠯᠯᠠᠭ᠎ᠠ  ᠬᠢᠳᠡᠭ ᠬᠦᠮᠦᠰ ᠨᠢ ᠡᠭᠦᠨ ᠳ᠋ᠦ ᠰᠢᠶᠳᠪᠦᠷᠢᠯᠡᠭᠴᠢ ᠴᠢᠨᠠᠷᠲᠠᠢ ᠨᠥᠯᠥᠭᠡ ᠦᠵᠡᠭᠦᠯᠦᠭᠰᠡᠨ ᠪᠠᠶᠢᠨ᠎ᠠ ᠃ ᠴᠡᠭᠴᠡᠯᠡᠯᠲᠡ ᠪᠡᠷ ᠳᠠᠮᠵᠢᠭᠠᠳ ᠂ ᠬᠣᠰᠢᠭᠤ ᠵᠠᠰᠠᠭ  ᠤᠨ ᠣᠷᠳᠣᠨ  ᠤ ᠵᠣᠬᠢᠶᠠᠨ ᠪᠠᠶᠢᠭᠤᠯᠤᠯᠲᠠ ᠴᠢᠩᠭᠠᠷᠠᠵᠤ᠂ ᠠᠵᠢᠯ  ᠤᠨ ᠦᠷ᠎ᠡ ᠪᠦᠲᠦᠮᠵᠢ  ᠨᠢ ᠳᠡᠭᠡᠭᠰᠢᠯᠡᠵᠦ ᠂ ᠠᠮᠤᠷ  ᠢ ᠬᠠᠮᠠᠭᠠᠯᠠᠬᠤ ᠠᠨᠭᠭᠢ ᠶ᠋ᠢᠨ ᠪᠤᠯᠪᠠᠰᠤᠷᠠᠯ ᠢ ᠴᠢᠩᠭᠠᠳᠬᠠᠵᠤ᠂ ᠬᠢᠯᠢ ᠬᠢᠵᠠᠭᠠᠷ  ᠤᠨ ᠲᠣᠭᠣᠷᠢᠨ ᠪᠠᠶᠢᠴᠠᠭᠠᠬᠤ ᠪᠠ ᠰᠡᠷᠭᠡᠶᠢᠯᠡᠬᠦ ᠠᠵᠢᠯ ᠢ ᠴᠢᠩᠭ᠎ᠠ ᠨᠢᠮᠪᠠᠢ ᠬᠢᠵᠦ ᠂ ᠬᠣᠰᠢᠭᠤᠨ  ᠤ ᠠᠷᠠᠳ ᠲᠦᠮᠡᠨ ᠢ ᠠᠮᠤᠷ ᠲᠠᠶᠢᠪᠤᠩ  ᠢᠶᠠᠷ ᠠᠵᠤ ᠲᠦᠷᠦᠭᠦᠯᠦᠭᠰᠡᠨ ᠪᠠᠶᠢᠨ᠎ᠠ ᠃
    ᡀᠡᠸᠠᠩᠵᠡᠪ ᠮᠣᠩᠭᠣᠯ ᠬᠡᠯᠡ ᠪᠠ ᠲᠥᠪᠡᠳ ᠬᠡᠯᠡᠨ ᠳ᠋ᠦ ᠴᠠᠭᠠᠷᠠᠭᠰᠠᠨ ᠪᠠᠶᠢᠳᠠᠭ ᠃ 1936 ᠣᠨ ᠳᠤ ᠥᠪᠡᠷ  ᠤᠨ ᠭᠠᠷ ᠢᠶᠠᠷ ᠢᠶᠡᠨ ᠠᠳᠠᠯ ᠦᠢᠯᠡᠰ ᠪᠤᠰᠬᠠᠵᠤ ᠂ ᠡᠵᠡᠨ᠎ᠡ ᠬᠣᠰᠢᠭᠤᠨ  ᠤ ᠪᠠᠭ᠎ᠠ ᠰᠤᠷᠭᠠᠭᠤᠯᠢ ᠶ᠋ᠢ ᠪᠠᠶᠢᠭᠤᠯᠤᠭᠰᠠᠨ ᠪᠦᠭᠡᠳᠥᠪᠡᠷ ᠢᠶ᠋ᠡᠨ ᠰᠤᠷᠭᠠᠭᠤᠯᠢ  ᠶ᠋ᠢᠨ ᠵᠠᠬᠢᠷᠤᠯ ᠶ᠋ᠢᠨ ᠲᠤᠰᠢᠶᠠᠯ ᠢ ᠬᠠᠷᠢᠭᠤᠴᠠᠵᠤ ᠂ ᠴᠢᠳᠠᠪᠤᠷᠢᠲᠠᠨ  ᠢ ᠬᠦᠮᠦᠵᠢᠬᠦᠯᠵᠦ ᠰᠤᠷᠭᠠᠨ ᠬᠥᠮᠦᠵᠢᠯ ᠢ ᠲᠦᠭᠡᠮᠡᠯᠵᠢᠬᠦᠯᠦᠨ᠂ ᠬᠣᠰᠢᠭᠤ ᠵᠠᠰᠠᠭ ᠤᠨ ᠣᠷᠳᠣᠨ ᠵᠢᠴᠢ ᠰᠠᠬᠢᠨ ᠬᠠᠮᠠᠭᠠᠯᠠᠬᠤ ᠰᠧᠯᠢᠩᠪᠦ᠋ ᠶᠢᠨ ᠭᠣᠣᠯ ᠬᠠᠷᠢᠭᠤᠴᠠᠯᠭᠠᠲᠠᠨ ᠨᠠᠷ ᠤᠨ ᠤᠯᠠᠩᠬᠢ ᠨᠢ ᠲᠤᠰ ᠰᠤᠷᠭᠠᠭᠤᠯᠢ  ᠶ᠋ᠢᠨ ᠲᠡᠭᠦᠰᠦᠭᠰᠡᠨ ᠰᠤᠷᠤᠭᠴᠢ ᠃ ᠪᠠᠰᠠ ᠵᠠᠯᠠᠭᠤᠴᠤᠳ  ᠤᠨ ᠳᠣᠲᠣᠷ᠎ᠠ ᠡᠴᠠ ᠬᠡᠰᠡᠭ ᠬᠦᠮᠦᠰ ᠢ ᠰᠣᠩᠭᠣᠵᠤ ᠬᠤᠸᠠᠡᠭ᠋ᠫᠦ᠋ ᠴᠡᠷᠢᠭ  ᠤᠨ ᠳᠠᠷᠤᠭ᠎ᠠ ᠶ᠋ᠢᠨ  ᠰᠤᠷᠭᠠᠭᠤᠯᠢ ᠶ᠋ᠢᠨ ᠰᠢ ᠠᠨ ᠬᠤᠪᠢᠶᠠᠷᠢ  ᠰᠤᠷᠭᠠᠭᠤᠯᠢ ᠳ᠋ᠦ ᠬᠦᠷᠭᠡᠵᠦ ᠳᠠᠪᠲᠠᠨ ᠪᠣᠯᠪᠠᠰᠤᠷᠠᠭᠤᠯᠵᠤ ᠂ ᠴᠡᠷᠢᠭ ᠵᠠᠰᠠᠭ  ᠤᠨ ᠬᠥᠮᠦᠰ  ᠤᠨ ᠬᠡᠪ ᠴᠢᠨᠠᠷ  ᠢ ᠰᠠᠶᠢᠵᠢᠷᠠᠭᠤᠯᠤᠭᠰᠠᠨ ᠪᠠᠶᠢᠨ᠎ᠠ ᠃
    ᡀᠡᠸᠠᠩᠵᠡᠪ ᠪᠣᠯ ᠤᠷᠤᠭᠰᠢ ᠲᠠᠪᠰᠢᠬᠦ ᠰᠦᠰᠦ ᠲᠠᠢ ᠂ ᠡᠷᠡᠯᠬᠡᠭ ᠪᠠᠭᠠᠲᠤᠷᠯᠢᠭ ᠪᠦᠭᠡᠳ ᠠᠷᠭ᠎ᠠ ᠰᠠᠨᠪᠠᠭ᠎ᠠ ᠲᠠᠢ ᠬᠦᠮᠦᠨ ᠪᠤᠯᠬᠤ ᠶᠤᠮ ᠃ ᠶᠠᠫᠣᠨ  ᠢ ᠡᠰᠡᠷᠭᠦᠴᠡᠬᠦ ᠳᠠᠢᠢᠨ  ᠤ ᠦᠶ᠎ᠡ  ᠳ᠋ᠤ ᠂ ᠵᠧᠦ ᠷᠧᠨ ᠱᠠᠨ ᠣᠯᠠᠨ ᠤᠳᠠᠭ᠎ᠠ ᡀᠡᠸᠠᠩᠵᠡᠪ ᠲᠤ ᠳᠤᠰᠬᠠᠢ ᠠᠵᠢᠯ ᠬᠢᠵᠦ ᠂ ᠬᠤᠪᠢᠰᠬᠠᠯ  ᠤᠨ ᠶᠣᠰᠣ ᠤᠴᠢᠷ ᠢ ᠶᠠᠷᠢᠵᠦ ᠂ ᠲᠡᠭᠦᠨ ᠢ ᠹᠸᠤᠳᠠᠯ ᠸᠠᠩ ᠨᠣᠶᠠᠨ ᠡᠴᠠ ᠨᠢᠭᠡᠨ ᠬᠣᠪᠢᠰᠬᠠᠯ ᠢ ᠲᠡᠮᠡᠴᠡᠬᠦ ᠦᠵᠡᠯ ᠰᠡᠳᠬᠢᠯᠭᠡ ᠲᠠᠢ ᠪᠣᠯᠭᠠᠨ ᠬᠤᠪᠢᠷᠠᠭᠤᠯᠵᠤᠭᠰᠠᠨ ᠪᠦᠭᠡᠳ ᠵᠧᠦ ᠷᠧᠨ ᠱᠠᠨ᠂ ᠰᠦ ᠵᠢᠶᠠᠨ ᠰᠢᠶᠤᠤ ᠤ ᠶᠠᠫᠣᠨ ᠢ ᠡᠰᠡᠷᠭᠦᠴᠡᠬᠦ ᠦᠨᠳᠦᠰᠦᠲᠡᠨ  ᠤ ᠨᠢᠭᠡᠳᠦᠮᠡᠯ ᠹᠷᠣᠨᠲ᠋  ᠤᠨ ᠲᠠᠯ᠎ᠠ  ᠶ᠋ᠢᠨ ᠠᠵᠢᠯ  ᠢ ᠢᠳᠡᠪᠬᠢᠲᠠᠢ ᠳᠡᠮᠵᠢᠭᠰᠡᠨ ᠪᠠᠶᠢᠨ᠎ᠠ᠃ ᠬᠣᠶᠠᠷ ᠬᠥᠮᠦᠨ ᠤᠡ ᠵᠡᠨ᠎ᠡ ᠬᠣᠰᠢᠭᠤᠨ ᠳ᠋ᠤ ᠨᠢᠭᠤᠴᠠ ᠠᠵᠢᠯᠯᠠᠭ᠎ᠠ  ᠦᠷᠨᠢᠬᠦᠯᠵᠦ ᠪᠠᠶᠢᠭ᠎ᠠ ᠨᠢ ᠮᠡᠳᠡᠭᠳᠡᠬᠦ ᠠᠶᠤᠯ ᠲᠦᠭᠰᠢᠭᠦᠷᠢ ᠲᠠᠢ ᠡᠴᠠ ᠪᠤᠯᠵᠤ ᠂ ᠲᠡᠳᠡ ᠬᠣᠶᠠᠭᠤᠯᠠ  ᠶ᠋ᠢᠨ ᠪᠡᠶ᠎ᠡ  ᠶ᠋ᠢᠨ ᠠᠮᠤᠷ ᠲᠦᠪᠰᠢᠨ  ᠢ ᠪᠠᠲᠤᠯᠠᠬᠤ  ᠶ᠋ᠢᠨ ᠲᠥᠯᠥᠭᠡ ᠂ ᠬᠤᠪᠢ ᠬᠥᠮᠦᠨ  ᠦ ᠠᠮᠤᠷ ᠲᠦᠪᠰᠢᠨ ᠢᠶᠡᠨ ᠦᠯᠦ ᠬᠠᠶᠢᠬᠤᠷᠠᠨ ᠬᠡᠳᠦᠨ ᠤᠳᠠᠭ᠎ᠠ ᠳᠠᠯᠳᠠᠭᠤᠷ ᠬᠠᠮᠠᠭᠠᠯᠠᠵᠤ ᠲᠡᠳᠡᠨ ᠢ ᠠᠶᠤᠯ ᠡᠴᠠ ᠮᠤᠯᠲᠤᠷᠠᠭᠤᠯᠵᠤ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠨᠠᠮ  ᠤᠨ ᠭᠡᠰᠢᠭᠦᠨ  ᠤ ᠡᠵᠡᠨ᠎ᠡ ᠬᠣᠰᠢᠭᠤᠨ  ᠳ᠋ᠠᠬᠢ ᠨᠢᠭᠤᠴᠠ ᠠᠵᠢᠯᠯᠠᠭ᠎ᠠ ᠶᠠᠮᠠᠷ ᠴᠤ ᠬᠣᠬᠢᠷᠠᠯ  ᠭᠠᠷᠤᠭᠰᠠᠨ ᠦᠭᠡᠢ ᠶᠤᠮ ᠃  ᡀᠡᠸᠠᠩᠵᠡᠪ ᠪᠣᠯ ᠠᠰᠪᠤᠷᠢ ᠰᠢᠭᠤᠳ ᠬᠥᠮᠦᠨ ᠂ ᠦᠨᠡᠨᠴᠢ ᠴᠠᠭᠠᠪᠤᠷ ᠂  ᠪᠤᠶᠠᠨ ᠨᠣᠮ ᠦᠢᠯᠡᠳᠴᠦ ᠨᠢᠭᠦᠯ ᠬᠢᠯᠢᠨᠴᠡ ᠶ᠋ᠢ ᠲᠡᠪᠴᠢᠵᠦ ᠂ ᠲᠤᠰᠢᠶᠠᠯᠲᠠᠨ  ᠪᠠ ᠡᠭᠡᠯ ᠠᠷᠠᠳ ᠢ ᠢᠯᠭᠠᠯ ᠦᠭᠡᠢ ᠠᠳᠠᠯᠢ ᠬᠠᠨᠳᠤᠵᠤ ᠂ ᠡᠶ᠎ᠡ ᠡᠪᠲᠡᠶ ᠶᠠᠪᠤᠯᠴᠠᠵᠤ ᠪᠠᠶᠢᠳᠠᠭ ᠃ ᠵᠠᠯᠠᠭᠤ ᠪᠠᠶᠢᠬᠤ ᠳ᠋ᠠᠭᠠᠨ᠂ ᠲᠡᠷᠡ ᠪᠠᠰᠠ  ᠳᠡᠮᠡᠭᠡ ᠬᠦᠲᠦᠯᠵᠦ ᠠᠮᠤ ᠪᠤᠳᠠᠭ᠎ᠠ ᠵᠦᠭᠡᠭᠡᠪᠦᠷᠢᠯᠡᠵᠦ ᠪᠠᠶᠢᠵᠠᠢ ᠃ ᠸᠠᠩ  ᠤᠨ ᠰᠠᠭᠤᠷᠢᠨ ᠳ᠋ᠦ ᠭᠠᠷᠤᠭᠰᠠᠨ ‍ᠤ ᠳᠠᠷᠠᠭ᠎ᠠ᠂ ᠦᠷᠭᠦᠯᠵᠢ ᠮᠠᠯᠴᠢᠳ ᠤᠨ ᠳᠤᠮᠳᠠ  ᠰᠤᠷᠪᠤᠯᠵᠢᠯᠠᠵᠤ᠂ ᠪᠠᠶᠠᠨ ᠶᠠᠳᠠᠭᠤ ᠶ᠋ᠢ ᠪᠤᠳᠤᠬᠤ ᠦᠭᠡᠢ ᠂ ᠠᠶᠢᠯ ᠭᠡᠷ  ᠲᠠᠭᠠᠷᠠᠯᠳᠤᠪᠠᠯ ᠲᠡᠷᠡ ᠭᠡᠷ ᠲᠦ  ᠬᠤᠨᠤᠭᠯᠠᠬᠤ ᠪᠦᠭᠡᠳ ᠳᠡᠲᠡᠨ ᠲᠠᠢ ᠲᠠᠪᠠᠲᠠᠢ ᠶᠠᠷᠢᠯᠴᠠᠳᠠᠭ ᠪᠠᠶᠢᠨ᠎ᠠ᠃ ᠲᠡᠷᠡ ᠠᠷᠠᠳ ᠢᠷᠭᠡᠳ ᠡᠴᠠ ᠭᠠᠶᠢᠯᠢ ᠭᠤᠪᠴᠢᠭᠤᠷ ᠲᠠᠲᠠᠪᠤᠷᠢᠯᠠᠬᠤ ᠦᠭᠡᠢ ᠂ ᠴᠤᠭᠤᠶᠤ ᠬᠡᠭᠡᠨᠴᠢᠷ ᠣᠷᠳᠣ ᠬᠠᠷᠰᠢ ᠪᠠᠶᠢᠭᠤᠯᠬᠤ ᠦᠭᠡᠢ ᠂ ᠠᠷᠠᠳ ᠤᠨ ᠠᠵᠤ ᠠᠬᠤᠶ ᠶ᠋ᠢᠨ ᠳᠠᠷᠤᠭᠠᠰᠤ ᠶ᠋ᠢ ᠬᠥᠩᠭᠡᠷᠡᠭᠦᠯᠦᠨ ᠂ ᠬᠠᠷᠢᠶᠠᠯᠠᠭᠳᠠᠭᠰᠠᠳ ᠪᠠ ᠠᠷᠠᠳ ᠢᠷᠭᠡᠳ ᠤᠨ ᠬᠦᠨᠳᠦᠳᠬᠡᠯ ᠬᠠᠶᠢᠷ᠎ᠠ ᠶ᠋ᠢ ᠶᠡᠬᠡᠳᠡ ᠤᠯᠤᠭᠰᠠᠨ ᠶᠤᠮ ᠃
    1940 ᠣᠨ  ᠳ᠋ᠤ ᠂ ᠵᠢᠶᠠᠩ ᠵᠢᠶᠸ ᠱᠢ ᠮᠡᠳᠡᠭᠳᠡᠯ ᠶᠠᠪᠤᠭᠤᠯᠵᠤ ᡀᠡᠸᠠᠩᠵᠡᠪ ᠲᠠᠢ ᠠᠭᠤᠯᠵᠠᠬᠤ ᠭᠡᠬᠦ ᠳ᠋ᠦ ᠂  ᠲᠡᠷᠡ ᠴᠦᠩᠴᠢᠩ ᠳᠦ ᠬᠦᠷᠴᠦ ᠂ ᠵᠢᠶᠠᠩ ᠵᠢᠶᠸ ᠱᠢ ᠾᠧ ᠢᠩ ᠴᠢᠨ ᠵᠡᠷᠭᠡ ᠬᠦᠮᠦᠨ ᠲᠠᠢ ᠵᠤᠯᠭᠠᠵᠦ ᠂ ᠡᠵᠡᠨ᠎ᠡ ᠬᠣᠰᠢᠭᠤᠨ ᠤ ᠰᠠᠬᠢᠨ ᠬᠠᠮᠠᠭᠠᠯᠠᠬᠤ ᠶᠠᠮᠤᠨ  ᠤ ᠠᠯᠪᠠᠨ ᠶᠠᠪᠤᠳᠠᠯ  ᠢᠶᠡᠨ ᠲᠤᠭᠠᠴᠢᠭᠰᠠᠨ ᠪᠠᠶᠢᠨ᠎ᠠ ᠃ ᠲᠡᠭᠦᠨ  ᠤ ᠳᠠᠷᠠᠭ᠎ᠠ ᠮᠣᠩᠭᠣᠯ ᠲᠥᠪᠡᠳ  ᠤᠨ ᠵᠦᠪᠯᠡᠯ ᠵᠢᠴᠢ ᠬᠣᠯᠪᠣᠭᠳᠠᠯ ᠪᠦᠬᠦᠢ ᠠᠯᠪᠠᠨ ᠲᠤᠰᠢᠶᠠᠯᠲᠠᠨ ᠲᠠᠢ ᠬᠠᠷᠢᠯᠴᠠᠵᠤ ᠠᠯᠪᠠᠨ ᠶᠠᠪᠤᠳᠠᠯ ᠢ ᠶᠠᠷᠢᠯᠴᠠᠭᠰᠠᠨ ᠪᠠᠶᠢᠨ᠎ᠠ᠃ 1945 ᠣᠨ ᠤ ᠨᠠᠮᠤᠷ ᠂ ᠳᠠᠬᠢᠨᠲᠠ ᠴᠦᠩᠴᠢᠩ ᠳᠦ ᠬᠦᠷᠴᠦ ᠂ ᠵᠢᠶᠠᠩ ᠵᠢᠶᠸ ᠱᠢ ᠲᠠᠢ ᠵᠤᠯᠭᠠᠪᠠ ᠃ ᠢᠷᠭᠡᠨ  ᠤ ᠵᠠᠰᠠᠭ  ᠤᠨ ᠣᠷᠳᠣᠨ ᠡᠴᠠ ᠡᠵᠡᠨ᠎ᠡ ᠬᠤᠰᠢᠭᠤᠨ ᠳ᠋ᠤ ᠰᠠᠨᠠᠭ᠎ᠠ ᠠᠮᠤᠷ ᠦᠭᠡᠢ ᠪᠡᠶᠢᠵᠦ ᠂ ᠰᠢᠤᠢ ᠬᠠᠨ ᠰᠢᠶᠠᠩ ᠢ ᠱᠠᠲ᠋ᠠᠪ ᠤᠨ ᠳᠠᠷᠤᠭ᠎ᠠ ᠪᠠᠷ ᠲᠤᠮᠢᠯᠠᠵᠦ ᠂ ᡀᠡᠸᠠᠩᠵᠡᠪ ᠢ ᠤᠯᠠᠮ ᠨᠢᠭᠡ ᠠᠯᠬᠤᠮ ᠬᠢᠨᠠᠨ ᠠᠵᠢᠭᠯᠠᠭᠰᠠᠨ ᠪᠠᠶᠢᠨ᠎ᠠ᠃ 1946 ᠣᠨ ᠳ᠋ᠤ ᠂ ᠭᠣᠮᠢᠨᠳᠠᠩ ᠡᠴᠠ ᠨᠠᠨᠵᠢᠩ  ᠳ᠋ᠤ ᠬᠠᠤᠯᠢ ᠲᠣᠭᠲᠠᠭᠠᠬᠤ ᠬᠤᠷᠠᠯ ᠬᠤᠷᠠᠯᠳᠤᠭᠤᠯᠵᠤ ᠂  ᡀᠡᠸᠠᠩᠵᠡᠪ ᠵᠢᠩᠬᠢᠨᠢ ᠲᠥᠯᠥᠭᠡᠯᠡᠭᠴᠢ ᠢᠶᠡᠷ ᠰᠤᠩᠭᠤᠭᠳᠠᠵᠤ᠂ ᠣᠷᠤᠯᠠᠬᠤ  ᠲᠦᠯᠦᠭᠡᠯᠡᠭᠴᠢ ᠲᠤᠮᠢᠯᠠᠨ ᠬᠤᠷᠠᠯ ᠳ᠋ᠤ ᠤᠷᠤᠯᠴᠠᠭᠤᠯᠤᠭᠰᠠᠨ ᠪᠠᠶᠢᠨ᠎ᠠ᠃ 1948 ᠣᠨ ᠳ᠋ᠤ ᠭᠣᠮᠢᠨᠳᠠᠩ  ᠡᠴᠠ ᠨᠠᠨᠵᠢᠩ ᠳ᠋ᠤ ᠪᠦᠬᠦ ᠤᠯᠤᠰ  ᠤᠨ ᠢᠷᠭᠡᠨ  ᠤ ᠲᠥᠯᠥᠭᠡᠯᠡᠭᠴᠢᠳ  ᠤᠨ ᠶᠡᠬᠡ ᠬᠤᠷᠠᠯ ᠢ ᠬᠤᠷᠠᠯᠳᠤᠭᠤᠯᠵᠤ ᠂ ᡀᠡᠸᠠᠩᠵᠡᠪ ᠲᠤ ᠬᠤᠷᠠᠯ ᠳ᠋ᠦ ᠤᠷᠤᠯᠴᠠᠬᠤ ᠶ᠋ᠢ ᠮᠡᠳᠡᠭᠳᠡᠭᠰᠡᠨ ᠳ᠋ᠦ ᠠᠯᠪᠠ ᠬᠠᠰᠢᠬᠤ ᠶ᠋ᠢᠨ ᠲᠦᠯᠦᠭᠡᠮᠥᠨ ᠯᠡ ᠣᠷᠣᠯᠠᠬᠤ ᠲᠥᠯᠥᠭᠡᠯᠡᠭᠴᠢ ᠲᠣᠮᠢᠯᠠᠨ ᠬᠤᠷᠠᠯ  ᠳ᠋ᠦ ᠤᠷᠤᠯᠴᠠᠭᠤᠯᠤᠭᠰᠠᠨ ᠪᠠᠶᠢᠨ᠎ᠠ᠃  ᡀᠡᠸᠠᠩᠵᠡᠪ ᠡᠴᠠ ᠭᠣᠮᠢᠨᠳᠠᠩ ᠤᠨ ᠲᠡᠷᠰᠯᠡᠭᠦᠦ ᠨᠣᠶᠠᠷᠬᠠᠯ ᠤᠨ ᠬᠠᠷᠠᠩᠭᠤᠶ ᠢᠯᠵᠠᠷᠠᠮᠠᠯ ᠦᠵᠡᠭᠳᠡᠯ ᠢ ᠨᠢᠳᠦ ᠪᠡᠷ  ᠪᠡᠨ ᠦᠵᠡᠵᠦ ᠴᠢᠬᠢ ᠪᠡᠷ  ᠢᠶ᠋ᠡᠨ ᠰᠣᠨᠣᠰᠤᠭᠰᠠᠨ ᠤᠴᠢᠷ ᠡᠴᠠ ᠳᠣᠲᠣᠷ᠎ᠠ ᠪᠠᠨ ᠭᠣᠮᠢᠨᠳᠠᠩ ᠬᠢᠭᠡᠳ ᠲᠡᠭᠦᠨ  ᠦ ᠨᠣᠶᠠᠷᠬᠠᠯ ᠢ ᠲᠦᠢᠯ ᠢᠶ᠋ᠡᠷ ᠵᠢᠭᠰᠢᠳᠡᠭ ᠪᠠᠶᠢᠨ᠎ᠠ ᠃ ᠃
    1949 ᠣᠨ ᠤ 9 ᠰᠠᠷ᠎ᠠ  ᠳ᠋ᠤ ᠂ ᡀᠡᠸᠠᠩᠵᠡᠪ ᠪᠡᠶ᠎ᠡ ᠪᠡᠷ  ᠢᠶᠡᠨ ᠣᠷᠣᠨ ᠨᠤᠲᠤᠭ  ᠤᠨ ᠴᠡᠷᠢᠭ ᠵᠠᠰᠠᠭ ᠤᠨ ᠴᠢᠬᠤᠯᠠ ᠲᠤᠰᠢᠶᠠᠯᠲᠠᠨ ᠤ ᠬᠤᠷᠠᠯ ᠬᠤᠷᠠᠯᠳᠤᠭᠤᠯᠵᠦ ᠂ ᠭᠤᠸᠠᠩᠵᠧᠦ ᠶ᠋ᠢᠨ ᠭᠣᠮᠢᠨᠳᠠᠩ  ᠤᠨ ᠵᠠᠰᠠᠭ  ᠤᠨ ᠣᠷᠳᠣᠨ ᠡᠴᠠ ᠰᠠᠯᠬᠤ ᠪᠠᠷ ᠳᠠᠮᠵᠢᠨ ᠳᠤᠮᠳᠠᠳᠤ ᠤᠯᠤᠰ  ᠤᠨ ᠡᠪ ᠬᠠᠮᠲᠤ ᠨᠠᠮ  ᠤᠨ ᠤᠳᠤᠷᠢᠳᠤᠯᠭ᠎ᠠ ᠶ᠋ᠢ ᠬᠦᠯᠢᠶᠡᠨ ᠠᠪᠬᠤ ᠰᠢᠶᠳᠪᠦᠷᠢ ᠭᠠᠷᠭᠠᠪᠠ ᠃ 9 ᠰᠠᠷ᠎ᠠ ᠶ᠋ᠢᠨ 27 ᠋ ᠦ ᠡᠳᠦᠷ ᠂ ᠠᠯᠠᠱᠠ ᠶ᠋ᠢᠨ ᠣᠨᠴᠠᠭᠠᠶ ᠬᠤᠰᠢᠭᠤᠨ ᠵᠠᠰᠠᠭ ᠤᠨ ᠣᠷᠳᠣᠨ ᠤ ᠵᠠᠰᠠᠭ ᠳ᠋ᠠᠨᠢᠽᠠᠨ᠎ᠠ ᠪᠠᠷ ᠳᠠᠮᠵᠢᠵᠦ ᠶᠢᠨᠴᠤᠸᠠᠨ ᠤ ᠴᠢᠯᠥᠭᠡᠯᠡᠬᠦ ᠴᠡᠷᠢᠭ  ᠤᠨ ᠠᠷᠪᠠ ᠶᠢᠰᠦᠳᠦᠭᠡᠷ ᠪᠢᠩᠲ᠋ᠤᠸᠠᠨ  ᠤ ᠰᠧᠯᠢᠩᠶᠤᠸᠠᠨ ᠶᠠᠩ ᠳᠸ ᡁᠢ  ᠳ᠋ᠦ ᠣᠨᠴᠠᠭᠠᠶ ᠴᠠᠬᠢᠯᠭᠠᠨ ᠶᠠᠪᠤᠭᠤᠯᠵᠤ᠂ ᠪᠣᠰᠣᠯᠭ᠎ᠠ ᠭᠠᠷᠭᠠᠬᠤ ᠪᠠᠷ ᠲᠤᠩᠬᠠᠭᠯᠠᠪᠠ᠃ ᠰᠢᠨ᠎ᠡ ᠵᠠᠰᠠᠭ  ᠤᠨ ᠭᠠᠵᠠᠷ ᠨᠢ ᠣᠷᠣᠨ ᠨᠤᠲᠤᠭ  ᠤᠨ ᠠᠮᠤᠷ  ᠢ ᠬᠠᠮᠠᠭᠠᠯᠠᠵᠤ᠂ ᠥᠰᠮᠡᠨ ᠳᠡᠭᠡᠷᠡᠮ ᠢ ᠭᠦᠬᠡᠬᠡᠵᠦ ᠂ ᠭᠣᠮᠢᠨᠳᠠᠩ ᠤᠨ ᠮᠠ ᠣᠪᠣᠭᠲᠤ ᠤᠨ ᠦᠯᠡᠳᠡᠭᠳᠡᠯ ᠴᠡᠷᠢᠭ ᠢ ᠬᠠᠰᠢᠵᠦ ᠂ ᠳ᠋ᠸ ᠸᠠᠩ ᠂ ᠯᠢ ᠱᠧᠤ ᠰᠢᠨ ᠤ ᠳᠡᠭᠡᠷᠡᠮ ᠳ᠋ᠤ ᠴᠤᠬᠢᠯᠲᠠ ᠦᠭᠴᠦ ᠂ ᠦᠢᠮᠡᠭᠡᠨ ᠢ ᠲᠦᠪᠰᠢᠳᠬᠡᠵᠦ ᠂ ᠡᠵᠡᠨ᠎ᠡ ᠬᠣᠰᠢᠭᠤᠨ  ᠤ ᠬᠢᠯᠢ ᠶ᠋ᠢᠨ ᠳᠣᠲᠣᠷ᠎ᠠ ᠨᠢᠭᠤᠭᠳᠠᠵᠤ ᠪᠠᠶᠢᠭ᠎ᠠ ᠬᠤᠪᠢᠰᠬᠠᠯ  ᠤᠨ ᠡᠰᠡᠷᠭᠦᠴᠦᠳ ᠢ ᠬᠠᠤᠯᠢ ᠶᠣᠰᠣᠭᠠᠷ ᠪᠠᠷᠢᠪᠴᠢᠯᠠᠵᠤ ᠂  ᠵᠢᠦᠴᠢᠦᠸᠠᠨ  ᠤ ᠳᠣᠲᠣᠭᠠᠳᠤ  ᠶ᠋ᠢ ᠬᠠᠮᠠᠭᠠᠯᠠᠬᠤ ᠪᠠᠶᠢᠭᠤᠯᠭ᠎ᠠ  ᠳ᠋ᠦ ᠬᠦᠷᠬᠡᠨ ᠰᠢᠢᠳᠪᠦᠷᠢᠯᠡᠬᠦᠯᠵᠦ ᠂ ᠠᠷᠠᠳ ᠤᠯᠠᠨ ᠤ ᠠᠮᠢ ᠨᠠᠰᠤ ᠡᠳ᠋ ᠬᠦᠷᠦᠨᠭᠭᠡ  ᠶ᠋ᠢᠨ ᠠᠮᠤᠷ ᠲᠦᠪᠰᠢᠨ ᠢ ᠬᠠᠮᠠᠭᠠᠯᠠᠭᠰᠠᠨ ᠪᠠᠶᠢᠨ᠎ᠠ ᠃
    ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ  ᠤ ᠳᠠᠷᠠᠭ᠎ᠠ ᠂ ᡀᠡᠸᠠᠩᠵᠡᠪ ᠳᠤᠮᠳᠠᠳᠤ ᠤᠯᠤᠰ  ᠤᠨ ᠡᠪ ᠬᠠᠮᠲᠤ ᠨᠠᠮ  ᠤᠨ ᠦᠨᠳᠦᠰᠦᠲᠡᠨ ᠤ ᠣᠷᠣᠨ  ᠤ ᠥᠪᠡᠷᠲᠡᠭᠡᠨ ᠵᠠᠰᠠᠬᠤ ᠲᠦᠷᠦ ᠶ᠋ᠢᠨ ᠪᠤᠳᠤᠯᠭ᠎ᠠ  ᠶ᠋ᠢ ᠨᠠᠷᠢᠨ ᠬᠢᠨᠠᠮᠠᠭᠠᠢ ᠪᠠᠷ ᠲᠤᠤᠱᠯᠠᠭᠤᠯᠤᠨ ᠬᠡᠷᠡᠭᠵᠢᠬᠦᠯᠵᠦ ᠂  ᠪᠠᠶᠠᠨᠨᠠᠭᠤᠷ ᠠᠶᠢᠮᠠᠭ ᠢ ᠪᠠᠶᠢᠭᠤᠯᠬᠤ ᠠᠵᠢᠯ ᠳ᠋ᠤ ᠤᠷᠤᠯᠴᠠᠵᠤ ᠂  ᠦᠪᠡᠷ ᠦᠨ ᠭᠡᠷ ᠪᠦᠯᠢ ᠶ᠋ᠢᠨ ᠬᠢᠨ ᠢᠶ᠋ᠡᠨ ᠳᠠᠶᠢᠴᠢᠯᠠᠨ ᠤᠯᠤᠰ ᠬᠤᠪᠢ ᠶ᠋ᠢᠨ ᠬᠤᠷᠰᠢᠨ ᠡᠵᠡᠩᠨᠡᠭᠰᠡᠨ ᠮᠠᠯᠵᠢᠯ ᠤᠨ ᠲᠠᠯᠠᠪᠠᠢ ᠳ᠋ᠤ ᠬᠤᠪᠢ ᠤᠷᠤᠵᠤ ᠂ ᠦᠨᠡᠨ ᠰᠡᠳᠬᠢᠯ ᠡᠴᠡ ᠪᠡᠨ ᠨᠡᠶᠢᠭᠡᠮ ᠵᠢᠷᠤᠮᠲᠤ ᠥᠭᠡᠷᠡᠴᠢᠯᠡᠯᠲᠡ ᠶ᠋ᠢ ᠬᠦᠯᠢᠶᠡᠨ ᠠᠪᠤᠭᠰᠠᠨ ᠪᠠᠶᠢᠨ᠎ᠠ ᠃ ᠤᠯᠤᠰ  ᠤᠨ ᠪᠠᠲᠤᠯᠠᠨ ᠬᠠᠮᠠᠭᠠᠯᠠᠯᠲᠠ ᠶ᠋ᠢᠨ ᠬᠡᠷᠡᠭᠴᠡᠭᠡ ᠶ᠋ᠢ ᠬᠠᠩᠭᠠᠬᠤ ᠶ᠋ᠢᠨ ᠲᠥᠯᠥᠭᠡ ᠂ ᠦᠨ᠎ᠡ ᠲᠥᠯᠥᠪᠦᠷᠢ ᠦᠭᠡᠢ ᠪᠡᠷ ᠡᠵᠡᠨ᠎ᠡ ᠬᠣᠰᠢᠭᠤᠨ ᠦ ᠨᠢᠭᠡ ᠬᠡᠰᠡᠭ ᠪᠡᠯᠴᠢᠭᠡᠷ ᠢ ᠰᠤᠯᠠᠯᠠᠨ ᠭᠠᠷᠭᠠᠵᠤ ᠂ ᠠᠷᠠᠳ  ᠤᠨ ᠴᠢᠯᠥᠭᠡᠯᠡᠬᠦ ᠴᠡᠷᠢᠭ ᠤᠨ ᠤᠯᠤᠰ  ᠤᠨ ᠪᠠᠲᠤᠯᠠᠨ ᠬᠠᠮᠠᠭᠠᠯᠠᠯᠲᠠ  ᠶ᠋ᠢᠨ ᠣᠳᠣᠬᠢᠴᠢᠯᠠᠬᠤ ᠪᠦᠲᠦᠭᠡᠨ ᠪᠠᠶᠢᠭᠤᠯᠤᠯᠲᠠ ᠳ᠋ᠤ ᠲᠤᠰᠠᠯᠠᠭᠰᠠᠨ ᠪᠠᠶᠢᠨ᠎ᠠ ᠃ ᠪᠡᠶ᠎ᠡ ᠪᠡᠷ ᠢᠶᠡᠨ ᠭᠠᠵᠠᠷ ᠰᠤᠩᠭᠤᠭᠰᠠᠨ ᠪᠥᠭᠡᠳ ᠬᠣᠰᠢᠭᠤ ᠵᠠᠰᠠᠭ ᠤᠨ ᠣᠷᠳᠣᠨ  ᠤ ᠲᠠᠯᠠᠶᠢᠬᠦᠪ ᠪᠠᠯᠭᠠᠰᠤᠨ ᠳ᠋ᠤ ᠰᠠᠭᠤᠷᠢᠰᠢᠨ ᠰᠠᠭᠤᠬᠤ  ᠪᠦᠲᠦᠭᠡᠨ ᠪᠠᠶᠢᠭᠤᠯᠤᠯᠲᠠ ᠶ᠋ᠢᠨ ᠲᠥᠰᠦᠯ ᠪᠠ ᠵᠢᠷᠤᠭ ᠲᠥᠯᠥᠪᠯᠡᠭᠡᠨ ᠦ ᠵᠢᠷᠤᠭᠲᠤ ᠲᠦᠰᠦᠯ ᠢ ᠬᠢᠨᠠᠨ ᠲᠤᠭᠲᠠᠭᠠᠵᠤ ᠂ ᠲᠤᠰ ᠪᠠᠯᠭᠠᠰᠤ ᠨᠢ ᠡᠳᠦᠭᠡ ᠨᠢᠭᠡᠨᠲᠡ ᠡᠵᠡᠨ᠎ᠡ ᠬᠤᠰᠢᠭᠤᠨ ᠤ ᠤᠯᠤᠰ ᠲᠤᠢᠷᠦ ᠂  ᠠᠵᠤ ᠠᠬᠤᠢ ᠂ ᠰᠣᠶᠣᠯ ᠰᠤᠷᠭᠠᠨ ᠬᠥᠮᠦᠵᠢᠯ  ᠤᠨ ᠲᠥᠪ ᠪᠣᠯᠤᠭᠰᠠᠨ ᠪᠠᠶᠢᠨ᠎ᠠ ᠃ 1960 ᠣᠨ ᠳ᠋ᠤ᠂ ᡀᠡᠸᠠᠩᠵᠡᠪ ᠨᠠᠰᠤ ᠪᠠᠷᠠᠪᠠ ᠂ ᠨᠠᠰᠤᠨ ᠰᠡᠭᠦᠳᠡᠷ ᠵᠢᠷᠠᠨ ᠨᠠᠰᠤᠲᠠᠶ ᠃

ᠵᠣᠬᠢᠶᠠᠭᠴᠢ:
ᠢᠷᠡᠯᠲᠡ: