ᠰᠦᠨ ᠯᠠᠨ ᠹᠸᠩ

  2019-05-23

   



    ᠰᠦᠨ ᠯᠠᠨ ᠹᠸᠩ ( 1896 ︱1987) ᠂ ᠡᠷᠭᠦᠭᠰᠡᠨ ᠨᠡᠷ᠎ᠡ ᠨᠢ ᠸᠠᠨ ᠵᠢᠦ ᠂ 1896 ᠣᠨ ᠳᠦ  ᠲᠦᠷᠦᠵᠦ᠂ ᠱᠠᠨᠳᠦ᠋ᠩ  ᠤᠨ ᠲᠸᠩ ᠰᠢᠶᠠᠨ  ᠤ ᠬᠥᠮᠦᠨ ᠃
    18 ᠨᠠᠰᠤᠨ  ᠡᠴᠠ ᠪᠠᠨ ᠴᠡᠷᠢᠭ   ᠤᠨ ᠠᠮᠢᠳᠤᠷᠠᠯ  ᠢᠶᠡᠨ ᠡᠬᠢᠯᠡᠬᠦᠯᠵᠦ ᠂  ᠰᠡᠭᠦᠯᠡᠷ ᠨᠢ ᠬᠤᠸᠠᠡᠭ᠋ᠫᠦ᠋ ᠶ᠋ᠢᠨ ᠴᠡᠷᠢᠭ  ᠤᠨ ᠳᠠᠷᠤᠭ᠎ᠠ ᠶ᠋ᠢᠨ ᠰᠤᠷᠭᠠᠭᠤᠯᠢ  ᠳ᠋ᠦ ᠰᠢᠯᠭᠠᠨ ᠤᠷᠤᠭᠰᠠᠨ ᠪᠠᠶᠢᠨ᠎ᠠ᠃ ᠤᠷᠢᠳ ᠬᠣᠵᠢᠳ ᠶᠠᠨ ᠰᠢ ᠱᠠᠨ ᠤ ᠴᠡᠷᠢᠭ  ᠤ ᠰᠤᠮᠤᠨ ᠳᠠᠷᠤᠭ᠎ᠠ ᠂ ᠪᠠᠲ᠋ᠯᠢᠶᠣᠨ ᠳᠠᠷᠤᠭ᠎ᠠ ᠂ ᠹᠦ᠋  ᠽᠦᠸᠸ ᠢ ᠶ᠋ᠢᠨ ᠴᠡᠷᠢᠭ ᠤᠨ ᠬᠣᠷᠢᠶᠠᠨ ᠳᠠᠷᠤᠭ᠎ᠠ ᠂ ᠪᠠᠷᠢᠭᠠᠳᠠ  ᠶ᠋ᠢᠨ ᠳᠠᠷᠤᠭ᠎ᠠ᠂ ᠳ᠋ᠢᠸᠢᠽᠢ ᠶᠢᠨ ᠳᠠᠷᠤᠭ᠎ᠠ᠂ ᠠᠷᠮᠢ  ᠶ᠋ᠢᠨ ᠳᠠᠷᠤᠭ᠎ᠠ᠂ ᠭᠣᠮᠢᠨᠳᠠᠩ ᠤᠨ 12 ᠳ᠋ᠤᠭᠠᠷ ᠪᠠᠶᠢᠯᠳᠤᠭᠠᠨ  ᠤ ᠲᠣᠭᠣᠷᠢᠭ  ᠤᠨ ᠮᠣᠷᠢᠲᠤ ᠴᠡᠷᠢᠭ  ᠤᠨ ᠶᠡᠷᠦᠩᠬᠡᠶ ᠵᠢᠯᠤᠭᠤᠳᠤᠭᠴᠢ ᠂ 11 ᠳ᠋ᠦᠭᠡᠷ ᠪᠢᠩᠲ᠋ᠤᠸᠠᠨ  ᠤ ᠰᠧᠯᠢᠩ ᠨᠣᠶᠠᠨ ᠂ ᠭᠣᠮᠢᠨᠳᠠᠩ ᠤᠨ ᠴᠠᠬᠠᠷ ᠮᠤᠵᠢ  ᠶ᠋ᠢᠨ ᠵᠠᠰᠠᠭ  ᠤᠨ ᠣᠷᠳᠣᠨ ᠤ ᠲᠡᠷᠢᠭᠦᠯᠡᠭᠴᠢ ᠂ ᠵᠠᠩ ᠶᠤᠸᠠᠨ ᠤ ᠰᠡᠷᠭᠡᠶᠢᠯᠡᠨ ᠬᠠᠮᠠᠭᠠᠯᠠᠬᠤ ᠰᠧᠯᠢᠩ ᠂ 9 ᠳ᠋ᠦᠭᠡᠷ ᠪᠢᠩᠲ᠋ᠤᠸᠠᠨ  ᠤ ᠰᠧᠯᠢᠩ ᠤᠨ ᠲᠤᠰᠢᠶᠠᠯ ᠳ᠋ᠤ ᠪᠠᠶᠢᠭᠰᠠᠨ ᠶᠤᠮ ᠃ ᠶᠠᠫᠣᠨ  ᠢ ᠡᠰᠡᠷᠭᠦᠴᠡᠬᠦ ᠳᠠᠢᠢᠨ  ᠤ ᠳᠤᠮᠳᠠ ᠂ ᠴᠡᠷᠢᠭ  ᠢᠶᠡᠨ ᠳᠠᠭᠠᠭᠤᠯᠤᠨ ᠠᠯᠳᠠᠷᠲᠤ ᠣᠷᠳᠣ ᠴᠠᠭᠠᠨ ᠬᠡᠷᠡᠮ  ᠤᠨ ᠶᠠᠫᠤᠨ ᠢ ᠡᠰᠡᠷᠭᠦᠴᠡᠬᠦ ᠳᠠᠶᠢᠨ ᠂ ᠰᠦᠢᠶᠤᠸᠠᠨ ᠤ ᠶᠠᠫᠣᠨ ᠢᠡᠰᠡᠷᠭᠦᠴᠡᠬᠦ ᠲᠡᠢᠢᠠ᠂ ᠦᠶᠤᠸᠠᠨ ᠤ ᠳᠠᠶᠢᠯᠠᠯᠳᠤᠭᠠᠨ  ᠳ᠋ᠦ ᠤᠷᠤᠯᠴᠠᠭᠰᠠᠨ ᠪᠠᠶᠢᠨ᠎ᠠ᠃ ᠶᠠᠫᠣᠨ  ᠢ ᠡᠰᠡᠷᠭᠦᠴᠡᠬᠦ ᠲᠠᠢᠢᠨ ᠢᠯᠠᠯᠲᠠ ᠣᠯᠤᠭᠰᠠᠨ  ᠤ ᠳᠠᠷᠠᠭ᠎ᠠ ᠂  ᠷᠸᠾᠸ ᠂  ᠰᠦᠢᠶᠤᠸᠠᠨ᠂ ᠴᠠᠬᠠᠷ ᠢ ᠲᠦᠷᠦᠭᠦᠨ  ᠤ ᠴᠡᠷᠢᠭ ᠠᠩᠬᠢ ᠶᠢᠨ ᠰᠸ᠋ᠯᠢᠩ ᠪᠠᠶᠢᠪᠠ ᠪᠠᠶᠢᠨ᠎ᠠ ᠃
    1949 ᠣᠨ  ᠤ 《9 ᠰᠠᠷ᠎ᠠ ᠶ᠋ᠢᠨ19 》 ᠳ᠋ᠦ ᠰᠦᠢᠶᠤᠸᠠᠨ ᠨᠠᠶᠢᠷᠠᠮᠳᠠᠯ  ᠢᠶᠠᠷ ᠪᠣᠰᠣᠯᠭ᠎ᠠ ᠭᠠᠷᠭᠠᠭᠰᠠᠨ ᠤ ᠳᠠᠷᠠᠭ᠎ᠠ ᠃ ᠰᠦᠢᠶᠤᠸᠠᠨ ᠮᠤᠵᠢ  ᠶ᠋ᠢᠨ ᠴᠡᠷᠢᠭ ᠵᠠᠰᠠᠭ  ᠤᠨ ᠺᠣᠮᠢᠰ  ᠤᠨ ᠳᠡᠳ᠋ ᠲᠡᠷᠢᠭᠦᠯᠡᠭᠴᠢ ᠂ ᠰᠦᠢᠶᠤᠸᠠᠨ ᠮᠤᠵᠢ  ᠶ᠋ᠢᠨ ᠴᠡᠷᠢᠭ  ᠤᠨ ᠲᠣᠭᠣᠷᠢᠭ  ᠤᠨ ᠳᠡᠳ᠋ ᠰᠧᠯᠢᠩᠶᠤᠸᠠᠨ ᠂ ᠰᠦᠢᠶᠤᠸᠠᠨ ᠮᠤᠵᠢ  ᠶ᠋ᠢᠨ ᠠᠷᠠᠳ  ᠤᠨ ᠵᠠᠰᠠᠭ  ᠤᠨ ᠣᠷᠳᠣᠨ  ᠤ ᠳᠡᠳ᠋ ᠲᠡᠷᠢᠭᠦᠯᠡᠭᠴᠢ ᠂ ᠰᠦᠢᠶᠤᠸᠠᠨ ᠮᠤᠵᠢ ᠶ᠋ᠢᠨ ᠤᠯᠤᠰ ᠲᠦᠷᠦ  ᠶ᠋ᠢᠨ ᠵᠥᠪᠯᠡᠯᠭᠡᠨ ᠦ ᠳᠡᠳ᠋ ᠲᠡᠷᠢᠭᠦᠯᠡᠭᠴᠢ ᠂ ᠥᠪᠥᠷ ᠮᠣᠩᠭᠣᠯ  ᠤᠨ ᠥᠪᠡᠷᠲᠡᠭᠡᠨ ᠵᠠᠰᠠᠬᠤ ᠣᠷᠣᠨ  ᠤ ᠠᠷᠠᠳ ᠤᠨ ᠵᠠᠰᠠᠭ ᠤᠨ ᠣᠷᠳᠣᠨ ᠤ ᠳᠡᠳ᠋ ᠲᠡᠷᠢᠭᠦᠯᠡᠭᠴᠢ ᠂ ᠥᠪᠥᠷ ᠮᠣᠩᠭᠣᠯ  ᠤᠨ ᠥᠪᠡᠷᠲᠡᠭᠡᠨ ᠵᠠᠰᠠᠬᠤ ᠣᠷᠣᠨ  ᠤ ᠨᠢᠭᠡᠳᠦᠭᠡᠷ ᠂ ᠬᠣᠶᠠᠳᠤᠭᠠᠷ᠂ ᠭᠤᠷᠪᠠᠳᠤᠭᠠᠷ ᠬᠤᠭᠤᠴᠠᠭᠠᠨ  ᠤ ᠠᠷᠠᠳ  ᠤᠨ ᠵᠥᠪᠯᠡᠯ  ᠤᠨ ᠳᠡᠳ᠋ ᠲᠡᠷᠢᠭᠦᠯᠡᠭᠴᠢ ᠂ ᠲᠠᠪᠤᠳᠤᠭᠠᠷ ᠂ ᠵᠢᠷᠭᠤᠳᠤᠭᠠᠷ ᠬᠤᠭᠤᠴᠠᠭᠠᠨ  ᠤ ᠠᠷᠠᠳ ᠤᠨ ᠲᠦᠯᠦᠭᠡᠯᠡᠭᠴᠢᠳ ᠦᠨ ᠶᠡᠬᠡ ᠬᠤᠷᠠᠯ ᠤᠨ ᠪᠠᠶᠢᠩᠭᠤ  ᠶ᠋ᠢᠨ ᠬᠤᠷᠢᠶᠠᠨ ᠤ ᠳᠡᠳ᠋ ᠡᠷᠬᠢᠯᠡᠭᠴᠢ ᠵᠡᠷᠭᠡ ᠲᠤᠰᠢᠶᠠᠯ  ᠢ ᠬᠠᠷᠢᠭᠤᠴᠠᠵᠤ ᠂ ᠳᠦᠷᠪᠡᠳᠦᠭᠡᠷ ᠂ ᠲᠠᠪᠤᠳᠤᠭᠠᠷ ᠬᠤᠭᠤᠴᠠᠭᠠᠨ  ᠤ ᠪᠦᠬᠦ ᠤᠯᠤᠰ  ᠤᠨ ᠠᠷᠠᠳ ᠤᠨ ᠲᠥᠯᠥᠭᠡᠯᠡᠭᠴᠢᠳ ᠤᠨ ᠶᠡᠬᠡ ᠬᠤᠷᠠᠯ  ᠤᠨ ᠲᠥᠯᠥᠭᠡᠯᠡᠭᠴᠢ ᠂ ᠨᠢᠭᠡᠳᠦᠭᠡᠷ᠂ ᠬᠤᠶᠠᠳᠤᠭᠠᠷ ᠂ ᠭᠤᠷᠪᠠᠳᠤᠭᠠᠷ ᠂ ᠳᠥᠷᠪᠡᠳᠦᠭᠡᠷ ᠬᠤᠭᠤᠴᠠᠭᠠᠨ ᠤ ᠪᠦᠬᠦ  ᠤᠨ ᠤᠯᠤᠰ ᠲᠦᠷᠦ  ᠶ᠋ᠢᠨ ᠵᠥᠪᠯᠡᠯᠭᠡᠨ  ᠦ ᠭᠡᠰᠢᠭᠦᠨ ᠂ ᠲᠠᠪᠤᠳᠤᠭᠠᠷ ᠂ ᠵᠢᠷᠭᠤᠳᠤᠭᠠᠷ ᠬᠤᠭᠤᠴᠠᠭᠠᠨ  ᠤ ᠪᠦᠬᠦ ᠤᠯᠤᠰ  ᠤᠨ ᠤᠯᠤᠰ ᠲᠦᠷᠦ  ᠶ᠋ᠢᠨ ᠵᠥᠪᠯᠡᠯᠭᠡᠨ  ᠦ ᠪᠠᠶᠢᠩᠭᠤ  ᠶ᠋ᠢᠨ ᠭᠡᠰᠢᠭᠦᠨ ᠮᠥᠨ ᠃
    1987 ᠤᠨ ᠤ 2 ᠰᠠᠷ᠎ᠠ ᠶ᠋ᠢᠨ 27 ᠦ  ᠡᠳᠦᠷ ᠬᠥᠬᠡᠬᠣᠲᠠ  ᠳ᠋ᠦ ᠨᠠᠰᠤ ᠪᠠᠷᠠᠵᠠᠶ ᠂ ᠨᠠᠰᠤᠨ ᠰᠡᠭᠦᠳᠡᠷ 91 ᠃

ᠵᠣᠬᠢᠶᠠᠭᠴᠢ:
ᠢᠷᠡᠯᠲᠡ: