ᠰᠦ ᠴᠢᠶᠠᠨ ᠢ

  2019-05-22



    ᠰᠦ ᠴᠢᠶᠠᠨ ᠢ (1913 ︱2007 ) ᠂ ᠤᠭ ᠨᠤᠲᠤᠭ ᠨᠢ ᠱᠠᠨ ᠰᠢ ᠮᠤᠵᠢ  ᠶ᠋ᠢᠨ ᠶᠤᠸᠠᠨ ᠫᠢᠩ ᠰᠢᠶᠠᠨ ᠂ 1913 ᠣᠨ ᠳ᠋ᠤ ᠦᠪᠦᠷ ᠮᠣᠩᠭᠣᠯ  ᠤᠨ ᠲᠣᠭᠲᠠᠬᠤ ᠰᠢᠶᠠᠨ  ᠤ ᠾᠸᠺᠸᠤ ᠪᠠᠯᠭᠠᠰᠤᠨ ᠳ᠋ᠤ ᠲᠦᠷᠦᠪᠠ ᠃
    1931 ᠤᠨ ᠡᠴᠠ 1932 ᠤᠨ ᠤ ᠬᠤᠭᠤᠷᠤᠨᠳᠤ ᠂ ᠰᠦᠢᠶᠤᠸᠠᠨ ᠮᠤᠵᠢ  ᠶ᠋ᠢᠨ ᠡᠷᠬᠢᠯᠡᠭᠰᠡᠨ ᠭᠤᠷᠪᠠᠳᠤᠭᠠᠷ ᠪᠠᠭ᠎ᠠ ᠰᠤᠷᠭᠠᠭᠤᠯᠢ ᠂ ᠰᠦᠢᠶᠤᠸᠠᠨ ᠮᠤᠵᠢ ᠶ᠋ᠢᠨ ᠵᠦᠩᠱᠠᠨ ᠳᠡᠭᠡᠳᠦ ᠰᠤᠷᠭᠠᠭᠤᠯᠢ  ᠶ᠋ᠢᠨ ᠬᠠᠷᠢᠶᠠᠲᠤ ᠪᠠᠭ᠎ᠠ ᠰᠤᠷᠭᠠᠭᠤᠯᠢ ᠳ᠋ᠦ  ᠪᠠᠭᠰᠢᠯᠠᠵᠦ ᠂ 1932 ᠣᠨ  ᠳ᠋ᠤ ᠳᠤᠮᠳᠠᠳᠤ ᠤᠯᠤᠰ ᠤᠨ ᠡᠪ ᠬᠠᠮᠲᠤ ᠨᠠᠮ  ᠳ᠋ᠤ ᠤᠷᠤᠭᠰᠠᠨ ᠪᠥᠭᠡᠳ ᠪᠠᠭ᠎ᠠ ᠰᠤᠷᠭᠠᠭᠤᠯᠢ  ᠶ᠋ᠢᠨ ᠪᠠᠭᠰᠢ  ᠶ᠋ᠢᠨ ᠠᠵᠢᠯ ᠢᠶ᠋ᠡᠷ ᠬᠠᠯᠬᠠᠪᠴᠢ ᠪᠣᠯᠭᠠᠨ ᠂ ᠨᠠᠮ ᠤᠨ ᠨᠢᠭᠤᠴᠠ ᠠᠵᠢᠯ  ᠢ ᠬᠢᠵᠦ ᠂ ᠳᠤᠮᠳᠠᠳᠤ ᠤᠯᠤᠰ  ᠤᠨ ᠡᠪ ᠬᠠᠮᠲᠤ ᠨᠠᠮ  ᠤᠨ ᠬᠦᠢᠰᠦ᠋ᠢ ᠭᠣᠣᠯ ᠰᠢᠶᠠᠨ  ᠤ ᠨᠠᠮ  ᠤᠨ ᠬᠣᠷᠢᠶᠠᠨ  ᠤ ᠤᠬᠠᠭᠤᠯᠬᠤ ᠭᠡᠰᠢᠭᠦᠨ ᠂ ᠰᠦᠢᠶᠤᠸᠠᠨ ᠮᠤᠵᠢ  ᠶ᠋ᠢᠨ ᠡᠵᠡᠷᠬᠡᠭ ᠳᠦᠷᠢᠮᠡᠬᠡᠶᠢᠲᠡᠨ  ᠢ ᠡᠰᠡᠷᠭᠦᠴᠡᠬᠦ ᠶᠡᠬᠡ ᠬᠣᠯᠪᠣᠭ᠎ᠠ ᠂ ᠮᠤᠵᠢ ᠶ᠋ᠢᠨ ᠨᠠᠮ  ᠤᠨ ᠬᠣᠷᠢᠶᠠᠨ ᠤ ᠤᠬᠠᠭᠤᠯᠬᠤ ᠭᠡᠰᠢᠭᠦᠨᠪᠠᠶᠢᠵᠡᠢ ᠃ 1933 ᠣᠨ ᠦ ᠡᠬᠢ ᠪᠡᠷ ᠪᠠᠷᠢᠭᠳᠠᠵᠤ ᠂ ᠭᠢᠨᠳᠠᠨ ᠳ᠋ᠦ ᠪᠠᠶᠢᠬᠤ ᠳ᠋ᠠᠭᠠᠨ ᠸᠠᠩ ᠷᠦᠸᠸ ᠹᠸᠢ ᠢᠶᠠᠷ ᠤᠳᠤᠷᠢᠳᠤᠭᠤᠯᠭ᠎ᠠ ᠲᠣᠣᠷ᠎ᠠ ᠲᠡᠷᠰᠯᠡᠭᠦᠦ ᠵᠠᠰᠠᠭ  ᠤᠨ ᠭᠠᠵᠠᠷ ᠲᠠᠶ ᠲᠡᠮᠡᠴᠡᠯ ᠶᠠᠪᠤᠭᠤᠯᠤᠭᠰᠠᠨ ᠪᠠᠶᠢᠨ᠎ᠠ᠃ 1936 ᠣᠨ  ᠳ᠋ᠤ ᠱᠠᠨ ᠰᠢ ᠶ᠋ᠢᠨ ᠲᠠᠶᠢᠶᠤᠸᠠᠨ ᠳ᠋ᠦ ᠬᠤᠷᠠᠯᠳᠤᠭᠰᠠᠨ《 ᠪᠡᠶ᠎ᠡ ᠪᠡᠨ ᠢᠶᠡᠨ ᠦᠷᠡᠭᠳᠡᠬᠦᠯᠵᠦ ᠂ ᠤᠯᠤᠰ  ᠢᠶᠡᠨ ᠠᠪᠤᠷᠠᠬᠤ ᠬᠣᠯᠪᠤᠭᠠᠲᠦ ᠬᠤᠷᠠᠯ 》 ᠳ᠋ᠤ ᠤᠷᠤᠯᠴᠠᠵᠤ ᠂ ᠤᠷᠢᠳ ᠬᠤᠵᠢᠳ ᠱᠠᠨ ᠶᠢᠨ ᠰᠢᠶᠠᠨ  ᠤ ᠲᠤᠰᠬᠠᠶ ᠲᠣᠮᠢᠯᠠᠭᠳᠠᠭᠰᠠᠳ ᠤᠨ ᠤ ᠲᠤᠰᠢᠶᠠᠯ  ᠢ ᠬᠠᠷᠢᠭᠤᠴᠠᠵᠤ ᠂ ᠯᠢᠨ ᠰᠢᠶᠠᠨ  ᠤ ᠲᠥᠪ ᠣᠷᠣᠨ  ᠤ ᠨᠠᠷᠢᠨ ᠪᠢᠴᠢᠭᠡᠴᠢ ᠂ ᠱᠠᠨ ᠰᠢ ᠶ᠋ᠢᠨ ᠪᠠᠷᠠᠭᠤᠨ ᠬᠣᠶᠢᠲᠤ ᠬᠡᠰᠡᠭ  ᠤᠨ ᠬᠡᠷᠡᠭ ᠡᠷᠬᠢᠯᠡᠬᠦ ᠭᠠᠵᠠᠷ  ᠤᠨ ᠵᠣᠬᠢᠶᠠᠨ ᠪᠠᠶᠢᠭᠤᠯᠬᠤ ᠬᠡᠯᠲᠡᠰ  ᠤᠨ ᠳᠠᠷᠤᠭ᠎ᠠ ᠂ ᠨᠠᠮ ᠤᠨ ᠡᠪᠯᠡᠯ  ᠤᠨ ᠱᠦᠵᠢ ᠶᠢᠨ ᠲᠤᠰᠢᠶᠠᠯ  ᠢ ᠬᠠᠷᠢᠭᠤᠴᠠᠵᠤ ᠪᠠᠶᠢᠵᠠᠢ ᠃ 1939 ᠣᠨ ᠳ᠋ᠤ ᠱᠠᠨ ᠰᠢ ︱ ᠰᠦᠢᠶᠤᠸᠠᠨ ᠣᠷᠣᠨ  ᠤ ᠵᠠᠬᠢᠷᠭ᠎ᠠ  ᠶ᠋ᠢᠨ ᠳᠥᠷᠪᠡᠳᠦᠭᠡᠷ ᠬᠤᠪᠢᠶᠠᠷᠢ ᠣᠷᠣᠨ  ᠦ ᠲᠤᠰᠬᠠᠶ ᠲᠤᠰᠢᠶᠠᠯᠲᠠᠨ ᠪᠠᠶᠢᠪᠠ ᠃ ᠳᠠᠯᠠᠨ ᠬᠠᠷ᠎ᠠ ᠠᠭᠤᠯᠠ ᠶ᠋ᠢᠨ ᠫᠠᠷᠲ᠋ᠢᠽᠠᠨ ᠰᠠᠭᠤᠷᠢᠨ ᠭᠠᠵᠠᠷ  ᠤᠨ ᠠᠵᠢᠯ  ᠢ ᠲᠤᠬᠢᠷᠠᠭᠤᠯᠵᠤ ᠂ ᠰᠦᠢᠶᠤᠸᠠᠨ ︱ ᠴᠠᠬᠠᠷ ᠵᠠᠬᠢᠷᠭ᠎ᠠ ᠶ᠋ᠢᠨ ᠳᠡᠳ᠋ ᠡᠷᠬᠢᠯᠡᠭᠴᠢ ᠂  ᠨᠠᠮ ᠡᠪᠯᠡᠯ  ᠤᠨ ᠱᠦᠵᠢ ᠂ ᠰᠦᠢᠶᠤᠸᠠᠨ ᠴᠠᠬᠠᠷ  ᠤᠨ ᠣᠷᠣᠨ ᠤ ᠨᠠᠮ  ᠤᠨ ᠬᠣᠷᠢᠶᠠᠨ ᠤ ᠱᠦᠵᠢ ᠂ ᠣᠮᠠᠷᠠᠲᠦ ᠬᠢᠵᠠᠭᠠᠷ ᠣᠷᠣᠨ  ᠤ ᠵᠠᠬᠢᠷᠭ᠎ᠠ  ᠶ᠋ᠢᠨ ᠳᠡᠳ᠋ ᠡᠷᠬᠢᠯᠡᠭᠴᠢ ᠂ ᠰᠦᠢᠶᠤᠸᠠᠨ ᠥᠪᠥᠷ  ᠮᠣᠩᠭᠤᠯ ᠤᠨ ᠥᠪᠡᠷᠲᠡᠭᠡᠨ ᠵᠠᠰᠠᠬᠤ ᠣᠷᠣᠨ  ᠤ ᠨᠠᠮ  ᠤᠨ ᠬᠣᠷᠢᠶᠠᠨ  ᠤ ᠳᠡᠳ᠋ ᠱᠦᠵᠢ ᠂ ᠳᠤᠮᠳᠠᠳᠤ ᠤᠯᠤᠰ  ᠤᠨ ᠡᠪ ᠬᠠᠮᠲᠤ ᠨᠠᠮ  ᠤᠨ ᠰᠦᠢᠶᠤᠸᠠᠨ ᠮᠤᠵᠢ  ᠶ᠋ᠢᠨ ᠨᠠᠮ ᠤᠨ ᠰᠤᠷᠭᠠᠭᠤᠯᠢ ᠶ᠋ᠢᠨ ᠳᠠᠷᠤᠭ᠎ᠠ ᠂ ᠰᠦᠢᠶᠤᠸᠠᠨ ᠥᠪᠥᠷ ᠮᠣᠩᠭᠣᠯ  ᠤᠨ ᠴᠡᠷᠢᠭ  ᠤᠨ ᠲᠣᠭᠣᠷᠢᠭ ᠤᠨ ᠳᠡᠳ᠋ ᠤᠯᠤᠰ ᠲᠦᠷᠦ  ᠶ᠋ᠢᠨ ᠭᠡᠰᠢᠭᠦᠨ ᠪᠠᠶᠢᠪᠠ ᠃
     ᠤᠯᠤᠰ ᠪᠠᠶᠢᠭᠤᠯᠤᠭᠳᠠᠭᠰᠠᠨ  ᠤ ᠳᠠᠷᠠᠭ᠎ᠠ ᠂ ᠰᠦᠢᠶᠤᠸᠠᠨ ᠮᠤᠵᠢ  ᠶ᠋ᠢᠨ ᠨᠠᠮ  ᠤᠨ ᠬᠣᠷᠢᠶᠠᠨ ᠤ ᠳᠡᠳ᠋ ᠱᠦᠵᠢ ᠂ ᠰᠦᠢᠶᠤᠸᠠᠨ ᠮᠤᠵᠢ ᠶ᠋ᠢᠨ ᠨᠠᠮ  ᠤᠨ ᠬᠣᠷᠢᠶᠠᠨ ᠤ ᠣᠷᠣᠯᠠᠭᠴᠢ ᠱᠦᠵᠢ ᠂ ᠨᠠᠮ  ᠤᠨ ᠲᠥᠪ ᠬᠣᠷᠢᠶᠠᠨ  ᠤ ᠥᠪᠥᠷ ᠮᠣᠩᠭᠣᠯ  ᠤᠨ ᠬᠤᠪᠢᠶᠠᠷᠢ ᠲᠣᠪᠴᠢᠶᠠᠨ  ᠤ ᠳᠡᠳ᠋ ᠱᠦᠵᠢ ᠂ ᠥᠪᠥᠷ ᠮᠣᠩᠭᠣᠯ  ᠤᠨ ᠨᠠᠮ  ᠤᠨ ᠬᠣᠷᠢᠶᠠᠨ  ᠤ ᠱᠦᠵᠢ ᠂ ᠥᠪᠥᠷ ᠮᠣᠩᠭᠣᠯ  ᠤᠨ ᠥᠪᠡᠷᠲᠡᠭᠡᠨ ᠵᠠᠰᠠᠬᠤ ᠣᠷᠣᠨ  ᠤ ᠠᠷᠠᠳ  ᠤᠨ ᠵᠠᠰᠠᠭ  ᠤᠨ ᠣᠷᠳᠣᠨ  ᠤ ᠳᠡᠳ᠋ ᠲᠡᠷᠢᠭᠦᠯᠡᠭᠴᠢ ᠂ ᠰᠦᠢᠶᠤᠸᠠᠨ ᠮᠤᠵᠢ  ᠶ᠋ᠢᠨ ᠴᠡᠷᠢᠭ ᠤᠨ ᠲᠣᠭᠣᠷᠢᠭ  ᠤᠨ ᠤᠯᠤᠰ ᠲᠦᠷᠦ  ᠶ᠋ᠢᠨ ᠳᠡᠳ᠋ ᠭᠡᠰᠢᠭᠦᠨ ᠂ ᠥᠪᠥᠷ ᠮᠣᠩᠭᠣᠯ ᠰᠦᠢᠶᠤᠸᠠᠨ ᠦ ᠴᠡᠷᠢᠭ  ᠤᠨ ᠲᠣᠭᠣᠷᠢᠭ ᠤᠨ ᠤᠯᠤᠰ ᠲᠦᠷᠦ  ᠶ᠋ᠢᠨ ᠳᠡᠳ᠋ ᠭᠡᠰᠢᠭᠦᠨ ᠂ ᠰᠦᠢᠶᠤᠸᠠᠨ ᠮᠤᠵᠢ  ᠶ᠋ᠢᠨ ᠡᠯ᠎ᠡ ᠡᠲᠡᠭᠡᠳ  ᠤᠨ ᠠᠷᠠᠳ  ᠤᠨ ᠲᠥᠯᠥᠭᠡᠯᠡᠭᠴᠢᠳ  ᠤᠨ ᠬᠤᠷᠠᠯ  ᠤᠨ ᠵᠥᠪᠯᠡᠯᠭᠡᠨ ᠤ ᠬᠣᠷᠢᠶᠠᠨ  ᠤ ᠲᠡᠷᠢᠭᠦᠯᠡᠭᠴᠢ ᠂ ᠥᠪᠥᠷ ᠮᠣᠩᠭᠣᠯ ᠤᠨ ᠴᠡᠷᠢᠭ  ᠤᠨ ᠲᠣᠭᠣᠷᠢᠭ  ᠤᠨ ᠨᠠᠮ  ᠤᠨ ᠬᠣᠷᠢᠶᠠᠨ  ᠤ ᠪᠠᠶᠢᠩᠭᠤ  ᠶ᠋ᠢᠨ ᠭᠡᠰᠢᠭᠦᠨ ᠂ ᠪᠤᠭᠤᠲᠤ ᠬᠤᠳᠠ  ᠶ᠋ᠢᠨ ᠨᠠᠮ  ᠤᠨ ᠬᠣᠷᠢᠶᠠᠨ ᠤ ᠨᠢᠭᠡᠳᠦᠭᠡᠷ ᠱᠦᠵᠢ ᠪᠠᠶᠢᠵᠠᠶ ᠃ 1960 ᠣᠨ ᠳ᠋ᠤ ᠲᠤᠮᠢᠯᠠᠯᠲᠠ ᠪᠠᠷ ᠨᠠᠮ ᠤᠨ ᠲᠥᠪ ᠬᠣᠷᠢᠶᠠᠨ ᠤᠤᠮᠠᠷᠠᠲᠤ ᠣᠷᠣᠨ ᠤ ᠲᠣᠪᠴᠢᠶᠠᠨ  ᠤ ᠱᠦᠵᠢ  ᠤᠨ ᠭᠠᠵᠠᠷ   ᠤᠨ ᠣᠷᠣᠯᠠᠭᠴᠢ ᠱᠦᠵᠢ ᠂ ᠱᠦᠵᠢ ᠂ ᠪᠡᠭᠡᠵᠢᠩ  ᠤᠨ ᠠᠵᠤ ᠦᠢᠯᠡᠳᠪᠦᠷᠢ  ᠶ᠋ᠢᠨ ᠳᠡᠭᠡᠳᠦ ᠰᠤᠷᠭᠠᠭᠤᠯᠢ  ᠶ᠋ᠢᠨ ᠳᠠᠷᠤᠭ᠎ᠠ ᠂ ᠨᠠᠮ  ᠤᠨ ᠬᠣᠷᠢᠶᠠᠨ  ᠤ ᠱᠦᠵᠢ ᠂ ᠪᠡᠭᠡᠵᠢᠩ  ᠤᠨ ᠠᠵᠤ ᠦᠢᠯᠡᠳᠪᠦᠷᠢ ᠶ᠋ᠢᠨ ᠳᠡᠭᠡᠳᠦ ᠰᠤᠷᠭᠠᠭᠤᠯᠢ  ᠶ᠋ᠢᠨ ᠵᠥᠪᠯᠡᠭᠴᠢ ᠪᠠᠶᠢᠵᠠᠶ ᠃ ᠳᠤᠮᠳᠠᠳᠤ ᠤᠯᠤᠰ  ᠤᠨ ᠡᠪ ᠬᠠᠮᠲᠤ ᠨᠠᠮ ᠤᠨ ᠨᠠᠶᠮᠠᠳᠤᠭᠠᠷ ᠤᠳᠠᠭᠠᠨ  ᠤ ᠪᠦᠬᠦ ᠤᠯᠤᠰ  ᠤᠨ ᠲᠥᠯᠥᠭᠡᠯᠡᠭᠴᠢᠳ ᠤᠨ ᠶᠡᠬᠡ ᠬᠤᠷᠠᠯ ᠤᠨ ᠲᠥᠯᠥᠭᠡᠯᠡᠭᠴᠢ ᠂ ᠨᠢᠭᠡᠳᠦᠭᠡᠷ᠂ ᠬᠣᠶᠠᠳᠤᠭᠠᠷ᠂  ᠭᠤᠷᠪᠠᠳᠤᠭᠠᠷ ᠬᠤᠭᠤᠴᠠᠭᠠᠨ  ᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ  ᠤᠨ ᠶᠡᠬᠡ ᠬᠤᠷᠠᠯ  ᠤᠨ ᠲᠥᠯᠥᠭᠡᠯᠡᠭᠴᠢ ᠂ ᠵᠢᠷᠭᠤᠳᠤᠭᠠᠷ ᠂ ᠳᠣᠯᠣᠳᠤᠭᠠᠷ ᠬᠤᠭᠤᠴᠠᠭᠠᠨ  ᠤ ᠪᠦᠬᠦ ᠤᠯᠤᠰ ᠤᠨ ᠤᠯᠤᠰ ᠲᠦᠷᠦ  ᠶ᠋ᠢᠨ ᠵᠥᠪᠯᠡᠯᠭᠡᠨ ᠦ ᠪᠠᠶᠢᠩᠭᠤ  ᠶ᠋ᠢᠨ ᠭᠡᠰᠢᠭᠦᠨ ᠮᠥᠨ ᠃

ᠵᠣᠬᠢᠶᠠᠭᠴᠢ:
ᠢᠷᠡᠯᠲᠡ: