ᠮᠠ ᠵᠠᠨ ᠱᠠᠨ

ᠮᠠ ᠵᠠᠨ ᠱᠠᠨ (1885 ︱1950 ) ᠂ ᠥᠭᠡᠷ᠎ᠡ ᠨᠡᠷ᠎ᠡ ᠰᠢᠸ ᠹᠠᠩ ᠂ 1885 ᠤᠨ ᠳ᠋ᠤ ᠬᠢᠷᠢᠨ ᠮᠤᠵᠢ ᠶ᠋ᠢᠨ ᠬᠤᠸᠠᠢᠢᠳ᠋ᠸ ᠳ᠋ᠦ ᠲᠦᠷᠦᠵᠦ ᠂ ᠤᠭ ᠨᠤᠲᠤᠭ ᠨᠢ ᠾᠸᠪᠸᠢ ᠮᠤᠵᠢ ᠶ᠋ᠢᠨ ᠹᠸᠩᠷᠦᠨ ᠪᠤᠯᠤᠨ᠎ᠠ ᠃ ᠬᠤᠯᠠᠭᠠᠢ ᠳᠡᠭᠡᠷᠡᠮᠴᠢᠨ ᠭᠠᠷᠤᠯᠲᠠᠶ ᠂ ᠮᠣᠷᠢ ᠤᠨᠤᠵᠤ᠂ ᠨᠤᠮᠤ ᠬᠠᠷᠪᠤᠬᠤ ᠳ᠋ᠠᠭᠠᠨ ᠴᠢᠳᠠᠮᠠᠭᠠᠶ ᠃ 1907 ᠣᠨ ᠳ᠋ᠤ ᠮᠦᠭᠳᠡᠨ ᠤ ᠵᠢᠷᠭᠤᠳᠤᠭᠠᠷ ᠮᠣᠷᠢᠲᠤ ᠴᠡᠷᠢᠭ ᠤᠨ ᠪᠠᠷᠢᠭᠠᠳᠠ ᠳ᠋ᠤ ᠤᠷᠤᠯᠴᠠᠵᠠᠢ ᠃ 1929 ᠣᠨ ᠳ᠋ᠤ ᠵᠠᠩ ᠰᠢᠤᠢ ᠯᠢᠶᠠᠩ ᠤᠨ ᠲᠤᠮᠢᠯᠠᠯᠲᠠ ᠪᠠᠷ ᠬᠠᠷᠠᠮᠥ᠋ᠷᠡᠨ ᠮᠤᠵᠢ ᠶ᠋ᠢᠨ ᠮᠣᠷᠢᠲᠤ ᠴᠡᠷᠢᠭ ᠤᠨ ᠶᠡᠷᠦᠩᠬᠡᠶ ᠵᠢᠯᠤᠭᠤᠳ᠋ᠤᠭᠴᠢ ᠪᠤᠯᠵᠠᠢ᠃ 1930 ᠣᠨ ᠳ᠋ᠦ ᠾᠸᠢ ᠾᠧ ᠳ᠋ᠡᠬᠢ ᠰᠡᠷᠭᠡᠶᠢᠯᠡᠨ ᠬᠠᠮᠠᠭᠠᠯᠠᠬᠤ ᠴᠡᠷᠢᠭ ᠤᠨ ᠰᠧᠯᠢᠩ ᠪᠤᠯᠤᠨ ᠬᠠᠷᠠᠮᠥ᠋ᠷᠡᠨ ᠮᠤᠵᠢ ᠶ᠋ᠢᠨ ᠬᠠᠭᠤᠷᠠᠶ ᠵᠠᠮ ᠤᠨ ᠴᠡᠷᠢᠭ ᠤᠨ ᠶᠠᠪᠠᠭᠠᠨ ᠴᠡᠷᠢᠭ ᠤᠨ ᠭᠤᠷᠪᠠᠳᠤᠭᠠᠷ ᠪᠠᠷᠢᠭᠠᠳᠠ ᠶ᠋ᠢᠨ ᠳᠠᠷᠤᠭ᠎ᠠ ᠪᠤᠯᠵᠠᠢ ᠃ 《 ᠶᠢᠰᠦᠨ ᠰᠠᠷ᠎ᠠ ᠶ᠋ᠢᠨ ᠠᠷᠪᠠᠨ ᠨᠠᠶᠮᠠᠨ 》 ᠦᠬᠡᠷᠡᠭ ᠬᠤᠪᠢᠰᠤᠯ ᠤᠨ ᠳᠠᠷᠠᠭ᠎ᠠ ᠂ ᠨᠠᠨᠵᠢᠩ ᠤᠨ ᠵᠠᠰᠠᠭ ᠤᠨ ᠣᠷᠳᠣᠨ ᠡᠴᠠ ᠶᠠᠫᠣᠨ ᠤ ᠲᠦᠷᠢᠮᠡᠬᠡᠶᠢᠯᠡᠯ ᠳ᠋ᠤ ᠨᠠᠵᠠᠭᠠᠶ ᠮᠦᠷᠲᠡᠭᠡᠨ ᠦᠯᠦ ᠡᠰᠡᠷᠭᠦᠴᠡᠬᠦ ᠲᠦᠷᠦ ᠶ᠋ᠢᠨ ᠪᠤᠳᠤᠯᠭ᠎ᠠ ᠶ᠋ᠢ ᠠᠪᠤᠭᠰᠠᠨ ᠡᠴᠠ ᠶᠡᠫᠤᠨ ᠴᠡᠷᠢᠭ ᠨᠢ ᠯᠢᠶᠤᠤᠨᠢᠩ᠂ ᠬᠢᠷᠢᠨ ᠬᠣᠶᠠᠷ ᠮᠣᠵᠢ ᠶ᠋ᠢ ᠠᠮᠷᠠᠬᠠᠨ ᠳᠠᠭᠠᠷᠢᠨ ᠡᠵᠡᠯᠡᠵᠦ ᠂ ᠪᠠᠰᠠ ᠬᠠᠷᠠᠮᠥ᠋ᠷᠡᠨ ᠮᠤᠵᠢ ᠶ᠋ᠢ ᠬᠠᠯᠳᠠᠨ ᠲᠤᠪᠲᠤᠯᠠᠵᠦ ᠡᠬᠢᠯᠡᠪᠡ ᠂ ᠪᠦᠬᠦᠶᠢᠯᠡ ᠵᠡᠭᠦᠨ ᠬᠣᠶᠢᠲᠤ ᠣᠷᠣᠨ ᠢ ᠵᠠᠯᠬᠢᠬᠤ ᠪᠠᠷ ᠪᠤᠳᠤᠭᠰᠠᠨ ᠪᠠᠶᠢᠨ᠎ᠠ᠃ 10 ᠰᠠᠷ᠎ᠠ ᠳ᠋ᠤ ᠂ ᠲᠤᠬᠠᠶ ᠶ᠋ᠢᠨ ᠦᠢ᠎ᠡ ᠳ᠋ᠦ ᠬᠠᠷᠠᠮᠥ᠋ᠷᠡᠨ ᠮᠤᠵᠢ ᠶ᠋ᠢᠨ ᠵᠠᠰᠠᠭ ᠤᠨ ᠣᠷᠳᠣᠨ ᠤ ᠣᠷᠣᠯᠠᠭᠴᠢ ᠲᠡᠷᠢᠭᠦᠯᠡᠭᠴᠢ ᠪᠥᠭᠡᠳ ᠴᠡᠷᠢᠭ ᠤᠨ ᠶᠡᠷᠦᠩᠬᠡᠶ ᠵᠢᠯᠤᠭᠤᠳᠤᠭᠴᠢ ᠪᠠᠶᠢᠭᠰᠠᠨ ᠮᠠ ᠵᠠᠨ ᠱᠠᠨ ᠡᠴᠠ ᠵᠢᠶᠠᠩ ᠵᠢᠶᠸ ᠱᠢ ᠤᠨ ᠦᠯᠦ ᠡᠰᠡᠷᠭᠦᠴᠡᠬᠦ ᠲᠦᠷᠦ ᠶ᠋ᠢᠨ ᠪᠤᠳᠤᠯᠭ᠎ᠠ ᠶᠠᠪᠤᠭᠤᠯᠤᠭᠰᠠᠨ ᠳ᠋ᠤ ᠳᠤᠷ᠎ᠠ ᠦᠭᠡᠶᠢᠴᠡᠨ ᠂ ᠶᠠᠫᠣᠨ ᠴᠡᠷᠢᠭ ᠲᠦ ᠡᠰᠡᠷᠭᠦᠴᠡᠯ ᠭᠠᠷᠭᠠᠬᠤ ᠪᠠᠷ ᠵᠤᠷᠢᠭ ᠰᠢᠭᠤᠳᠤᠭᠰᠠᠨ ᠪᠠᠶᠢᠨ᠎ᠠ ᠃ ᠳᠠᠶᠢᠰᠤᠨ ᠤ ᠴᠡᠷᠢᠭ ᠨᠤᠨ ᠮᠥᠷᠡᠨ ᠤ ᠶᠡᠬᠡ ᠬᠥᠭᠥᠷᠭᠡ ᠪᠠᠷ ᠳᠠᠮᠵᠢᠵᠦ ᠂ ᠤᠮᠠᠷᠠᠰᠢ ᠲᠤᠬᠠᠢ ᠶ᠋ᠢᠨ ᠦᠶ᠎ᠡ ᠶ᠋ᠢᠨ ᠬᠠᠷᠠᠮᠥ᠋ᠷᠡᠨ ᠮᠤᠵᠢ ᠶ᠋ᠢᠨ ᠲᠦᠪ ᠴᠢᠴᠢᠬᠠᠷ ᠲᠦ ᠬᠠᠯᠲᠠᠨ ᠲᠤᠪᠳᠤᠯᠵᠤ᠂ ᠪᠦᠬᠦ ᠮᠤᠵᠢ ᠶ᠋ᠢ ᠡᠵᠡᠯᠡᠬᠦ ᠬᠡᠮᠡᠵᠠᠢ ᠃ ᠳᠠᠶᠢᠰᠤᠨ ᠤ ᠴᠡᠷᠢᠭ ᠤᠨ ᠶᠡᠬᠡ ᠬᠥᠭᠥᠷᠭᠡ ᠶ᠋ᠢ ᠲᠤᠭᠤᠯᠤᠨ ᠭᠠᠲᠤᠯᠬᠤ ᠶ᠋ᠢ ᠰᠡᠷᠭᠡᠶᠢᠯᠡᠬᠦ ᠶ᠋ᠢᠨ ᠲᠥᠯᠥᠭᠡ ᠂ ᠮᠠ ᠵᠠᠨ ᠱᠠᠨ ᠡᠴᠡ ᠪᠠᠲᠤᠯᠠᠨ ᠬᠠᠮᠠᠭᠠᠯᠠᠵᠦ ᠰᠠᠭᠤᠵᠤ ᠪᠠᠶᠢᠭ᠎ᠠ ᠴᠡᠷᠢᠭ ᠢᠶ᠋ᠡᠷ ᠢᠶ᠋ᠡᠨ ᠨᠤᠨ ᠮᠦᠷᠡᠨ ᠦ ᠬᠦᠭᠦᠷᠭᠡ ᠶ᠋ᠢ ᠡᠪᠳᠡᠯᠡᠭᠰᠡᠨ ᠦ ᠳᠠᠭᠠᠤ 3 ᠭᠤᠯᠳᠤᠩ ᠬᠥᠭᠥᠷᠭᠡ ᠶ᠋ᠢ ᠡᠪᠳᠡᠭᠰᠡᠨ ᠪᠠᠶᠢᠨ᠎ᠠ ᠃ ᠶᠠᠫᠣᠨ ᠴᠡᠷᠢᠭ ᠤᠨ ᠣᠪ ᠮᠡᠬᠡ ᠨᠢ ᠢᠯᠠᠭᠳᠠᠭᠰᠠᠨ ᠤ ᠳᠠᠷᠠᠭ᠎ᠠ ᠂ ᠬᠦᠬᠦᠷᠭᠡ ᠵᠦᠭ ᠴᠡᠷᠢᠭ ᠲᠤᠮᠢᠯᠠᠨ ᠵᠠᠰᠠᠵᠤ ᠰᠡᠯᠪᠢᠬᠦ ᠪᠡᠷ ᠰᠢᠯᠲᠠᠭ ᠪᠣᠯᠭᠠᠵᠤ ᠂ ᠣᠯᠠᠨᠲᠠ ᠥᠳᠥᠭᠡᠯᠭᠡ ᠬᠢᠪᠡ ᠃ 11 ᠰᠠᠷ᠎ᠠ ᠶ᠋ᠢᠨ 4 ᠦ ᠡᠳᠦᠷ ᠂ ᠶᠠᠫᠣᠨ ᠴᠡᠷᠢᠭ ᠨᠢᠰᠬᠡᠯ ᠂ ᠶᠡᠬᠡ ᠫᠤᠤ ᠪᠠ ᠬᠤᠶᠠᠭᠲᠤ ᠲᠡᠷᠭᠡ ᠤᠨ ᠬᠠᠮᠠᠭᠠᠯᠠᠯ ᠳᠣᠣᠷ᠎ᠠ ᠂ 4000 ᠭᠠᠷᠤᠶ ᠬᠥᠮᠦᠨ ᠬᠥᠳᠡᠯᠭᠡᠵᠦ ᠂ ᠨᠤᠨ ᠮᠦᠷᠡᠨ ᠵᠦᠭ ᠳᠠᠭᠠᠷᠢᠯᠲᠠ ᠶᠠᠪᠤᠭᠤᠯᠤᠭᠰᠠᠨ ᠪᠠᠶᠢᠨ᠎ᠠ ᠃ ᠳᠤᠮᠳᠠᠳᠤ ᠤᠯᠤᠰ ᠤᠨ ᠴᠡᠷᠢᠭ ᠠᠩᠭᠢ ᠭᠡᠳᠡᠷᠭᠦ ᠳᠠᠭᠠᠷᠢᠯᠲᠠ ᠶᠠᠪᠤᠭᠤᠯᠵᠤ ᠨᠤᠨ ᠮᠥᠷᠡᠨ ᠵᠢᠴᠢ ᠲᠡᠭᠦᠨ ᠦ ᠤᠷᠴᠢᠮ ᠳ᠋ᠠ ᠰᠢᠩ ᠭᠠᠵᠠᠷ ᠣᠷᠣᠨ ᠳ᠋ᠤ ᠶᠠᠫᠣᠨ ᠴᠡᠷᠢᠭ ᠲᠡᠶ ᠨᠢᠭᠡᠨ ᠤᠳᠠᠭᠠᠨ ᠤ ᠰᠢᠷᠦᠭᠦᠨ ᠪᠠᠶᠢᠯᠳᠤᠭᠠᠳ ᠥᠷᠨᠢᠭᠦᠯᠦᠭᠰᠡᠨ ᠪᠠᠶᠢᠨ᠎ᠠ ᠃ ᠡᠨᠡ ᠤᠳᠠᠭᠠᠨ ᠤ ᠪᠠᠶᠢᠯᠳᠤᠭᠠᠨ ᠳ᠋ᠤ ᠂ ᠶᠠᠫᠣᠨ ᠴᠡᠷᠢᠭ ᠨᠡᠶᠢᠲᠡ 1000 ᠭᠠᠷᠤᠶ ᠴᠡᠷᠢᠭ ᠤᠨ ᠬᠦᠴᠦᠨ ᠢᠶᠡᠨ ᠰᠦᠢᠳᠬᠡᠭᠡᠳ ᠂ 《 ᠶᠢᠰᠦᠨ ᠰᠠᠷ᠎ᠠ ᠶ᠋ᠢᠨ ᠠᠷᠪᠠᠨ ᠨᠠᠶᠮᠠᠨ 》 ᠦ ᠬᠡᠷᠡᠭ ᠬᠤᠪᠢᠰᠤᠯ ᠡᠴᠡ ᠨᠠᠰᠢ ᠠᠩᠬ᠎ᠠ ᠤᠳᠠᠭ᠎ᠠ ᠬᠦᠨᠳᠦ ᠴᠤᠬᠢᠯᠲᠠ ᠳ᠋ᠤ ᠤᠴᠠᠷᠠᠵᠦ ᠃ ᠳᠤᠮᠳᠠᠳᠤ ᠤᠯᠤᠰ ᠤᠨ ᠴᠡᠷᠢᠭ ᠴᠦ ᠰᠦᠷᠡᠬᠡᠶ ᠦᠷᠡᠭᠳᠡᠯ ᠭᠠᠷᠭᠠᠵᠤ 600 ᠭᠠᠷᠤᠶ ᠬᠥᠮᠦᠨ ᠦᠷᠡᠭᠡᠳᠡᠵᠦ ᠰᠢᠷᠬᠠᠳᠠᠭᠰᠠᠨ ᠪᠠᠶᠢᠨ᠎ᠠ ᠃
ᠵᠢᠶᠠᠩ ᠴᠢᠶᠤᠤ ᠶ᠋ᠢᠨ ᠶᠠᠫᠣᠨ ᠢ ᠡᠰᠡᠷᠭᠦᠴᠡᠬᠦ ᠳᠠᠢᠢᠨ ᠨᠢ ᠵᠡᠪᠰᠡᠭᠲᠦ ᠬᠦᠴᠦ ᠪᠡᠷ ᠶᠠᠫᠣᠨ ᠤ ᠲᠦᠷᠢᠮᠡᠬᠡᠶᠢᠯᠡᠭᠴᠢᠳ ᠢ ᠡᠰᠡᠷᠭᠦᠴᠡᠬᠦᠠᠩᠬᠠᠨ ᠤ ᠫᠤᠤ ᠶ᠋ᠢ ᠲᠠᠯᠪᠢᠵᠦ᠂ ᠪᠦᠬᠦ ᠳᠤᠮᠳᠠᠳᠤ ᠤᠯᠤᠰ ᠤᠨ ᠠᠷᠠᠳ ᠲᠦᠮᠡᠨ ᠤ ᠳᠡᠭᠡᠳᠦ ᠬᠡᠮᠵᠢᠶᠡᠨ ᠦ ᠮᠠᠭᠲᠠᠨ ᠰᠠᠶᠢᠰᠢᠶᠠᠯ ᠪᠠ ᠳᠡᠮᠵᠢᠯᠭᠡ ᠶ᠋ᠢ ᠣᠯᠵᠤ ᠂ ᠳᠤᠮᠳᠠᠳᠤ ᠤᠯᠤᠰ ᠤᠨ ᠠᠷᠠᠳ ᠲᠦᠮᠡᠨ ᠤ ᠡᠬᠡ ᠣᠷᠣᠨᠴᠢ ᠬᠠᠯᠠᠭᠤᠨ ᠬᠠᠶᠢᠷ᠎ᠠ ᠰᠡᠳᠬᠢᠯᠭᠡ ᠶ᠋ᠢ ᠬᠦᠭᠵᠢᠭᠡᠭᠰᠡᠨ ᠪᠠᠶᠢᠨ᠎ᠠ ᠃ ᠮᠠ ᠵᠠᠨ ᠱᠠᠨ ᠵᠠᠩᠵᠤᠨ ᠦ 《 ᠤᠯᠤᠰ ᠣᠷᠣᠨ ᠤ ᠪᠠᠨ ᠲᠦᠯᠦᠭᠡ ᠤᠯᠤᠰ ᠤᠨ ᠨᠡᠷ᠎ᠡ ᠬᠦᠨᠳᠦ ᠪᠡᠨ ᠲᠡᠮᠡᠨᠴᠡᠨ ᠤᠯᠵᠤ ᠂ ᠦᠨᠳᠦᠰᠦᠲᠡᠨ ᠤ ᠪᠠᠨ ᠲᠦᠯᠦᠭᠡ ᠬᠦᠮᠦᠨ ᠦ ᠨᠡᠷ᠎ᠡ ᠬᠦᠨᠳᠦ ᠶ᠋ᠢ ᠲᠡᠮᠡᠴᠡᠨ ᠤᠯᠬᠤ》 ᠠᠭᠤᠤ ᠶᠡᠬᠡ ᠥᠪᠡᠷ ᠢ ᠪᠡᠨ ᠦᠷᠡᠭᠳᠡᠭᠦᠯᠬᠦ ᠵᠣᠷᠢᠭ ᠰᠠᠨᠠᠭ᠎ᠠ ᠨᠢ ᠶᠠᠫᠤᠨᠴᠤᠳ ᠢ ᠪᠠᠭᠠᠲᠤᠷᠯᠢᠭ ᠢᠶᠠᠷ ᠪᠣᠰᠣᠯᠴᠠᠨ ᠡᠰᠡᠷᠭᠦᠴᠡᠭᠡᠳ ᠬᠠᠯᠳᠠᠬᠤ ᠪᠠᠷ ᠢᠷᠡᠭᠰᠡᠨ ᠳᠠᠶᠢᠰᠤᠨ ᠳ᠋ᠦ ᠬᠦᠨᠳᠦ ᠴᠤᠬᠢᠯᠲᠠ ᠪᠤᠯᠵᠤ ᠂ ᠳᠤᠮᠳᠠᠳᠤ ᠤᠯᠤᠰ ᠤᠨ ᠶᠠᠫᠣᠨ ᠢ ᠡᠰᠡᠷᠭᠦᠴᠡᠬᠦ ᠬᠥᠳᠡᠯᠭᠡᠭᠡᠨ ᠤ ᠥᠷᠨᠢᠯᠲᠡ ᠶ᠋ᠢ ᠳᠡᠭᠡᠲᠦ ᠬᠡᠮᠵᠢᠶ᠎ᠡ ᠪᠡᠨ ᠠᠬᠢᠭᠤᠯᠤᠭᠰᠠᠨ ᠪᠠᠶᠢᠨ᠎ᠠ ᠃
1932 ᠣᠨ ᠤ 2 ᠰᠠᠷ᠎ᠠ ᠳ᠋ᠤ ᠂ ᠶᠠᠫᠣᠨ ᠴᠡᠷᠢᠭ ᠬᠠᠷᠪᠢᠨ ᠢ ᠳᠠᠭᠠᠷᠢᠨ ᠡᠵᠡᠯᠡᠭᠰᠡᠨ ᠦ ᠳᠠᠷᠠᠭ᠎ᠠ ᠂ ᠮᠠ ᠵᠠᠨ ᠱᠠᠨ ᠶᠡᠷᠦᠨᠢ ᠨᠢᠭᠡᠨ ᠦᠶ᠎ᠡ ᠶᠠᠫᠣᠨ ᠳ᠋ᠦ ᠪᠠᠭᠤᠵᠤ ᠦᠭᠭᠦᠨ ᠂ ᠬᠠᠭᠤᠷᠮᠠᠭ ᠬᠠᠷᠠᠮᠥ᠋ᠷᠡᠨ ᠮᠤᠵᠢ ᠶ᠋ᠢᠨ ᠮᠤᠵᠢ ᠶ᠋ᠢᠨ ᠳᠠᠷᠤᠭ᠎ᠠ ᠶᠢᠨ ᠲᠤᠰᠢᠶᠠᠯ ᠢ ᠬᠠᠷᠢᠭᠤᠴᠠᠵᠤ᠂ ᠰᠡᠭᠦᠯᠡᠷ ᠨᠢ ᠪᠠᠰᠠ ᠬᠠᠭᠤᠷᠮᠠᠭ ᠮᠠᠨᠵᠤ ᠤᠯᠤᠰ ᠤᠨ ᠴᠡᠷᠢᠭ ᠵᠠᠰᠠᠭ ᠤᠨ ᠬᠡᠯᠲᠡᠰ ᠤᠨ ᠳᠠᠷᠤᠭ᠎ᠠ ᠶ᠋ᠢᠨ ᠲᠤᠰᠢᠶᠠᠯ ᠶᠢ ᠬᠠᠷᠢᠭᠤᠴᠠᠭᠰᠠᠨ ᠪᠠᠶᠢᠨ᠎ᠠ ᠃ ᠲᠤᠰ ᠵᠢᠯ ᠤᠨ 4 ᠰᠠᠷ᠎ᠠ ᠳ᠋ᠤ ᠶᠠᠫᠣᠨ ᠴᠡᠷᠢᠭ ᠤᠨ ᠬᠢᠨᠠᠯᠲᠠ ᠲᠠᠯᠪᠢᠬᠤ ᠡᠴᠡ ᠠᠩᠭᠢᠵᠢᠷᠠᠵᠤ ᠂ ᠾᠸᠢ ᠾᠧ ᠳ᠋ᠦ ᠴᠡᠷᠢᠭ ᠳᠠᠶᠢᠴᠢᠯᠠᠵᠦ ᠤᠷᠪᠠᠯᠭ᠎ᠠ ᠡᠭᠦᠰᠭᠡᠨ᠂ ᠶᠠᠫᠣᠨ ᠢ ᠦᠷᠭᠦᠯᠵᠢᠯᠡᠨ ᠡᠰᠡᠷᠭᠦᠴᠡᠬᠦ ᠪᠡᠨ ᠴᠠᠬᠢᠯᠭᠠᠨ ᠢᠶᠠᠷ ᠮᠡᠳᠡᠭᠳᠡᠭᠰᠡᠨ ᠪᠦᠭᠡᠳ ᠬᠠᠭᠤᠷᠮᠠᠭ ᠮᠠᠨᠵᠤ ᠤᠯᠤᠰ ᠤᠨ ᠳᠣᠲᠣᠭᠠᠳᠤ ᠶ᠋ᠢᠨ ᠨᠢᠭᠤᠴᠠ ᠶ᠋ᠢ ᠢᠯᠡᠴᠢᠯᠡᠵᠦ᠂ ᠵᠡᠭᠦᠨ ᠬᠣᠶᠢᠲᠤ ᠶ᠋ᠢᠨ ᠤᠯᠤᠰ ᠢᠶ᠋ᠡᠨ ᠠᠪᠤᠷᠠᠵᠤ ᠶᠠᠫᠣᠨ ᠢ ᠡᠰᠡᠷᠭᠦᠴᠡᠬᠦ ᠬᠣᠯᠪᠣᠭᠠᠲᠤ ᠴᠡᠷᠢᠭ ᠤᠨ ᠶᠡᠷᠦᠩᠬᠡᠶ ᠰᠧᠯᠢᠩ ᠶ᠋ᠢᠨ ᠲᠤᠰᠢᠶᠠᠯ ᠢ ᠬᠠᠷᠢᠭᠤᠴᠠᠵᠠᠢ ᠃ ᠶᠠᠫᠣᠨ ᠮᠠᠨᠵᠤ ᠴᠡᠷᠢᠭ ᠤᠨ ᠪᠦᠰᠡᠯᠡᠨ ᠳᠣᠪᠲᠣᠯᠤᠯᠲᠠ ᠳ᠋ᠤ ᠤᠴᠠᠷᠠᠵᠤ ᠂ ᠵᠦ᠋ᠪᠯᠡᠯᠳ᠋ᠤ ᠶ᠋ᠢᠨ ᠬᠢᠵᠠᠭᠠᠷ ᠳᠣᠲᠣᠷ᠎ᠠ ᠤᠬᠤᠷᠢᠨ ᠣᠷᠣᠪᠠ ᠃ 1933 ᠣᠨ ᠳ᠋ᠦ ᠵᠠᠮ ᠲᠣᠭᠣᠷᠢᠨ ᠤᠯᠤᠰ ᠲᠠᠭᠠᠨ ᠪᠤᠴᠠᠵᠤ ᠂ ᠢᠷᠭᠡᠨ ᠤ ᠵᠠᠰᠠᠭ ᠤᠨ ᠣᠷᠳᠣᠨ ᠤ ᠴᠡᠷᠢᠭ ᠤᠨ ᠶᠠᠪᠤᠳᠠᠯ ᠤᠨ ᠬᠣᠷᠢᠶᠠᠨ ᠤ ᠭᠡᠰᠢᠭᠦᠨ ᠤ ᠲᠤᠰᠢᠶᠠᠯ ᠢ ᠬᠠᠷᠢᠭᠤᠴᠠᠪᠠ᠃ 1936 ᠣᠨ ᠳ᠋ᠤ ᠵᠠᠩ ᠰᠢᠤᠸᠠᠢ ᠯᠢᠶᠠᠩ ᠂ ᠶᠠᠩ ᠬᠤ ᠴᠧᠩ ᠤᠨ ᠡᠭᠦᠰᠭᠡᠭᠰᠡᠨ ᠰᠢ ᠠᠨ ᠤ ᠬᠡᠷᠡᠭ ᠬᠤᠪᠢᠰᠤᠯ ᠳ᠋ᠦ ᠤᠷᠤᠯᠴᠠᠵᠤ ᠂ ᠰᠡᠭᠦᠯᠡᠷ ᠨᠢ ᠵᠡᠭᠦᠨ ᠬᠣᠶᠢᠲᠤ ᠣᠷᠣᠨ ᠤ ᠳᠦᠷᠢᠨ ᠤᠷᠤᠭᠰᠢᠯᠠᠬᠤ ᠠᠷᠮᠢ ᠶ᠋ᠢᠨ ᠶᠡᠷᠦᠩᠬᠡᠶ ᠰᠧᠯᠢᠩ ᠪᠤᠯᠵᠠᠢ ᠃ 1940 ᠣᠨ ᠳᠦ ᠬᠠᠷᠠᠮᠥ᠋ᠷᠡᠨ ᠮᠤᠵᠢ ᠶ᠋ᠢᠨ ᠲᠡᠷᠢᠭᠦᠯᠡᠭᠴᠢ ᠶ᠋ᠢᠨ ᠲᠤᠰᠢᠶᠠᠯ ᠢ ᠬᠠᠷᠢᠭᠤᠴᠠᠵᠤ ᠂ ᠰᠡᠭᠦᠯᠡᠷ ᠨᠢ ᠭᠣᠮᠢᠨᠳᠠᠩ ᠤᠨ ᠲᠥᠪ ᠬᠣᠷᠢᠶᠠᠨ ᠤ ᠣᠷᠣᠯᠠᠭᠴᠢ ᠭᠦᠢᠴᠡᠳᠬᠡᠬᠦ ᠭᠡᠰᠢᠭᠦᠨ ᠢᠶᠠᠷ ᠰᠣᠩᠭᠣᠭᠳᠠᠪᠠ ᠃ 1946 ᠣᠨ ᠳ᠋ᠤ ᠵᠡᠭᠦᠨ ᠬᠣᠶᠢᠲᠤ ᠣᠷᠣᠨ ᠤ ᠠᠮᠤᠷ ᠢ ᠬᠠᠮᠠᠭᠠᠯᠠᠬᠤ ᠳᠡᠳ᠋ ᠰᠧᠯᠢᠩ ᠨᠣᠶᠠᠨ ᠪᠤᠯᠵᠠᠢ ᠃ 1949 ᠣᠨ ᠤ 1 ᠰᠠᠷ᠎ᠠ ᠳ᠋ᠤ ᠹᠦ᠋ ᠽᠦᠸᠸ ᠢ ᠂ ᠳ᠋ᠧᠩ ᠪᠦᠦ ᠱᠠᠨ ᠵᠡᠷᠭᠡ ᠬᠥᠮᠦᠰ ᠲᠠᠢ ᠬᠠᠮᠲᠤ ᠪᠠᠷ ᠳᠤᠮᠳᠠᠳᠤ ᠤᠯᠤᠰ ᠤᠨ ᠡᠪ ᠬᠠᠮᠲᠤ ᠨᠠᠮ ᠤᠨ ᠪᠸᠢᠢᠫᠢᠩ ᠢ ᠨᠠᠶᠢᠷᠠᠮᠳᠠᠯ ᠢᠶᠠᠷ ᠴᠢᠯᠥᠭᠡᠯᠡᠬᠦ ᠨᠥᠬᠥᠴᠡᠯ ᠢ ᠬᠦᠯᠢᠶᠡᠨ ᠠᠪᠴᠤ᠂ ᠪᠣᠰᠣᠯᠭ᠎ᠠ ᠭᠠᠷᠭᠠᠭᠰᠠᠨ ᠪᠠᠶᠢᠨ᠎ᠠ ᠃ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ ᠪᠡᠭᠡᠵᠢᠩ ᠳ᠋ᠤ ᠰᠠᠭᠤᠷᠢᠰᠢᠵᠠᠢ ᠃