ᠯᠢ ᠵᠢᠩ ᠴᠢᠤᠸᠠᠨ

  2019-05-20



    

    ᠯᠢ ᠵᠢᠩ ᠴᠢᠤᠸᠠᠨ ( 1909︱1989) ᠂ ᠬᠢᠲᠠᠳ ᠦᠨᠳᠦᠰᠦᠳᠡᠨ᠂ ᠵᠢᠶᠠᠩᠰᠢ ᠮᠤᠵᠢ ᠶ᠋ᠢᠨ ᠯᠢᠨᠴᠤᠸᠠᠨ ᠦ ᠬᠥᠮᠦᠨ ᠂ 1909 ᠣᠨ  ᠳ᠋ᠦ( ᠴᠢᠩ ᠤᠯᠤᠰ ᠤᠨ ᠬᠡᠪᠲᠦ ᠶᠣᠰᠣᠨ  ᠤ ᠠᠩᠬᠠᠳᠤᠭᠠᠷ ᠣᠨ ) ᠲᠦᠷᠦᠵᠠᠢ ᠃
    ᠯᠢ ᠵᠢᠩ ᠴᠢᠤᠸᠠᠨ ᠂ ᠨᠢᠭᠡ ᠴᠢᠩ ᠤᠯᠤᠰ  ᠤᠨ ᠦᠶ᠎ᠡ ᠶ᠋ᠢᠨ ᠰᠢᠦᠼᠠᠶ ᠂ ᠴᠠᠩ ᠺᠠᠶ ᠪᠠᠯᠭᠠᠰᠤᠨ  ᠦ ᠠᠯᠳᠠᠷᠲᠠᠶ ᠰᠡᠬᠡᠭᠡᠷᠡᠭᠰᠡᠨ ᠲᠣᠮᠣᠭᠠᠲᠠᠨ ᠯᠢ ᠴᠢᠩ ᠢᠤ ᠶ᠋ᠢᠨ ᠭᠡᠷ ᠲᠦ ᠲᠦᠷᠦᠵᠠᠢ ᠃ ᠲᠡᠭᠦᠨ  ᠤ ᠡᠴᠢᠭᠡ ᠯᠢ ᠴᠢᠩ ᠢᠤ ᠂ ᠪᠢᠴᠢᠭ ᠵᠢᠭᠠᠬᠤ ᠪᠠᠷ ᠦᠢᠯᠡᠰ ᠢᠶᠡᠨ ᠪᠣᠯᠭᠠᠵᠤ ᠂ ᠨᠡᠶᠢᠲᠡ 3 ᠬᠦᠦ 4 ᠬᠡᠦᠬᠡᠨ ᠲᠠᠢ ᠂ ᠯᠢ ᠵᠢᠩ ᠴᠢᠤᠸᠠᠨ ᠪᠣᠯ ᠬᠡᠦᠬᠡᠳ ᠤᠨ ᠳᠤᠮᠳᠠᠬᠢ ᠬᠣᠶᠠᠳᠤᠭᠠᠷ ᠨᠢ ᠪᠣᠯᠤᠨ᠎ᠠ ᠃ 1917 ᠣᠨ  ᠳ᠋ᠤ( ᠢᠷᠭᠡᠨ ᠤᠯᠤᠰ  ᠤᠨ 6 ᠵᠢᠯ ) ᠂ ᠯᠢ ᠵᠢᠩ ᠴᠢᠤᠸᠠᠨ ᠲᠤᠰ ᠨᠤᠲᠤᠭ ᠤᠨ ᠪᠠᠭ᠎ᠠ ᠰᠤᠷᠭᠠᠭᠤᠯᠢ ᠳ᠋ᠦ ᠣᠷᠣᠵᠤ᠂ ᠭᠡᠭᠡᠷᠡᠭᠦᠯᠦᠯ ᠤᠨ ᠰᠤᠷᠭᠠᠨ ᠬᠥᠮᠦᠵᠢᠯ  ᠢ  ᠬᠦᠯᠢᠶᠡᠭᠰᠡᠨ ᠪᠠᠶᠢᠨ᠎ᠠ ᠃ 1923 ᠣᠨ ᠳ᠋ᠤ( ᠢᠷᠭᠡᠨ ᠤᠯᠤᠰ  ᠤᠨ12 ᠣᠨ ) ᠂ ᠲᠠᠷᠡ ᠰᠢᠯᠢᠳᠡᠭ ᠬᠢᠷᠢ ᠪᠦᠲᠦᠮᠵᠢ ᠪᠡᠷ ᠵᠢᠶᠠᠩᠰᠢ ᠮᠤᠵᠢ  ᠶ᠋ᠢᠨ ᠭᠤᠷᠪᠠᠳᠤᠭᠠᠷ ᠪᠠᠭᠰᠢ ᠶ᠋ᠢᠨ ᠰᠤᠷᠭᠠᠭᠤᠯᠢ ( ᠣᠳᠣ ᠶ᠋ᠢᠨ ᠹᠦᠵᠧᠦ ᠶᠢᠨ ᠨᠢᠭᠡᠳᠦᠭᠡᠷ ᠰᠤᠷᠭᠠᠭᠤᠯᠢ ︶ ᠳ᠋ᠤ ᠰᠢᠯᠭᠠᠨ ᠤᠷᠤᠵᠠᠢ ᠃ ᠡᠨᠡ ᠰᠤᠷᠭᠠᠭᠤᠯᠢ  ᠳ᠋ᠤ ᠪᠠᠶᠢᠬᠤ ᠳᠠᠭᠠᠨ ᠲᠡᠷᠡ ᠬᠤᠪᠢᠰᠬᠠᠯᠲᠤ ᠦᠵᠡᠯ ᠰᠠᠨᠠᠭ᠎ᠠ  ᠶ᠋ᠢ ᠬᠦᠯᠢᠶᠡᠨ ᠠᠪᠤᠭᠰᠠᠨ ᠪᠠᠶᠢᠨ᠎ᠠ ᠃ ᠦᠷᠭᠦᠯᠵᠢ ᠨᠤᠲᠤᠭ ᠲᠠᠭᠠᠨ ᠪᠤᠴᠠᠵᠤ ᠲᠣᠰᠬᠣᠨ ᠤ ᠠᠷᠠᠳ  ᠲᠦᠮᠡᠨ ᠳ᠋ᠦ ᠠᠷᠠᠳᠴᠢᠯᠠᠭᠰᠠᠨ ᠬᠤᠪᠢᠰᠬᠠᠯ  ᠤᠨ ᠦᠵᠡᠯ ᠰᠠᠨᠠᠭ᠎ᠠ ᠶᠢ ᠤᠬᠠᠭᠤᠯᠵᠤ ᠂ ᠲᠠᠷᠢᠶᠠᠴᠢᠳ  ᠢ ᠵᠣᠬᠢᠶᠠᠨ ᠪᠠᠶᠢᠭᠤᠯᠵᠤ ᠡᠵᠡᠷᠬᠡᠬᠦ ᠳᠦᠷᠢᠮᠡᠬᠡᠶᠢᠲᠡᠨ ᠢ ᠡᠰᠡᠷᠭᠦᠴᠡᠬᠦ  ᠲᠡᠮᠡᠴᠡᠯ ᠬᠢᠳᠡᠭ ᠃ 1927 ᠣᠨ  ᠤ ( ᠢᠷᠭᠡᠨ ᠤᠯᠤᠰ  ᠤᠨ 16 ᠵᠢᠯ  ᠶ᠋ᠢ ᠪᠠᠭᠲᠠᠭᠠᠵᠤ ᠪᠠᠶᠢᠨ᠎ᠠ ) 8 ᠰᠠᠷ᠎ᠠ  ᠳ᠋ᠦ᠂ 18 ᠨᠠᠰᠤᠲᠠᠶ ᠯᠢ ᠵᠢᠩ ᠴᠢᠤᠸᠠᠨ ᠂ ᠨᠠᠢᠮᠠᠨ ᠰᠠᠷ᠎ᠠ  ᠶ᠋ᠢᠨ ᠨᠢᠭᠡᠨ  ᠦ ᠨᠠᠨᠴᠠᠩ  ᠤᠨ ᠪᠣᠰᠣᠯᠭ᠎ᠠ ᠶᠢᠨ ᠴᠡᠷᠢᠭ ᠠᠩᠭᠢ ᠶ᠋ᠢ ᠳᠠᠭᠠᠵᠤ ᠶ᠋ᠢᠨ ᠬᠤᠪᠢᠰᠬᠠᠯ  ᠤᠨ ᠵᠠᠮ ᠢᠶᠠᠷ ᠵᠠᠮᠨᠠᠭᠰᠠᠨ ᠪᠠᠶᠢᠨ᠎ᠠ ᠃
    1926 ᠣᠨ  ( ᠢᠷᠭᠡᠨ ᠤᠯᠤᠰ  ᠤᠨ 15 ᠵᠢᠯ ) ᠳ᠋ᠤ ᠂ ᠯᠢ ᠵᠢᠩ ᠴᠢᠤᠸᠠᠨ ᠳᠤᠮᠳᠠᠳᠤ ᠤᠯᠤᠰ ᠤᠨ ᠡᠪ ᠬᠠᠮᠲᠤ ᠤᠨ ᠵᠠᠯᠠᠭᠤᠴᠤᠳ  ᠤᠨ ᠡᠪᠯᠡᠯ ᠳ᠋ᠤ ᠤᠷᠤᠪᠠ᠃ 1930 ᠣᠨ ᠳ᠋ᠤ( ᠢᠷᠭᠡᠨ ᠤᠯᠤᠰ  ᠤᠨ 19 ᠣᠨ ) ᠂ ᠳᠤᠮᠳᠠᠳᠤ ᠤᠯᠤᠰ  ᠤᠨ ᠡᠪ ᠬᠠᠮᠲᠤ ᠨᠠᠮ  ᠤᠨ ᠭᠡᠰᠢᠭᠦᠨ ᠪᠤᠯᠵᠠᠢ᠃ ᠳᠤᠮᠳᠠᠳᠤ ᠤᠯᠤᠰ  ᠤᠨ ᠠᠵᠢᠯᠴᠢᠨ ᠲᠠᠷᠢᠶᠠᠴᠢᠨ  ᠤ ᠤᠯᠠᠭᠠᠨ ᠴᠡᠷᠢᠭ  ᠤᠨ ᠨᠢᠭᠡᠳᠦᠭᠡᠷ ᠲᠠᠯ᠎ᠠ ᠶᠢᠨ ᠴᠡᠷᠢᠭ  ᠤᠨ ᠶᠡᠷᠦᠩᠬᠡᠶ ᠰᠧᠯᠢᠩᠪᠦ᠋  ᠶ᠋ᠢᠨ ᠰᠢᠭᠤᠳ ᠬᠠᠷᠢᠶ᠎ᠠ ᠠᠨᠭᠭᠢ ᠶ᠋ᠢᠨ ᠠᠯᠪᠠᠨ ᠭᠡᠷ  ᠤᠨ ᠨᠠᠷᠢᠨ ᠪᠢᠴᠢᠭ ᠤᠨ ᠳᠠᠷᠤᠭ᠎ᠠ ᠂ ᠤᠯᠠᠭᠠᠨ35 ᠳ᠋ᠤᠭᠠᠷ ᠠᠷᠮᠠᠢ ᠶᠢᠨ ᠤᠯᠤᠰ ᠲᠦᠷᠦ ᠶᠢᠨ ᠭᠡᠰᠢᠭᠦᠨ ᠂ ᠵᠢᠶᠠᠩᠰᠢ ᠶ᠋ᠢᠨ ᠡᠮᠦᠨᠡᠲᠦ ᠬᠡᠰᠡᠭ ᠤᠨ ᠲᠤᠰᠠᠭᠠᠷ 3 ᠳ᠋ᠢᠸᠢᠽᠢ ᠶᠢᠨ ᠤᠯᠤᠰ ᠲᠦᠷᠦ ᠶᠢᠨ ᠭᠡᠰᠢᠬᠦᠨ ᠂ ᠤᠯᠠᠭᠠᠨ21 ᠠᠷᠮᠢ  ᠶ᠋ᠢᠨ ᠤᠯᠤᠰ ᠲᠥᠷᠥ ᠶ᠋ᠢᠨ ᠭᠡᠰᠢᠭᠦᠨ ᠂ ᠤᠯᠠᠭᠠᠨ 3 ᠳ᠋ᠤᠭᠠᠷ ᠵᠢᠶᠦ᠋ᠨᠲ᠋ᠤᠸᠠᠨ 4 ᠳ᠋ᠦᠭᠡᠷ ᠳ᠋ᠢᠸᠢᠽᠢ  ᠶ᠋ᠢᠨ ᠤᠯᠤᠰ ᠲᠦᠷᠦ  ᠶ᠋ᠢᠨ ᠬᠡᠯᠲᠡᠰ  ᠤᠨ ᠡᠷᠬᠢᠯᠡᠭᠴᠢ ᠵᠡᠷᠭᠡ ᠲᠤᠰᠢᠶᠠᠯ  ᠢ ᠡᠭᠦᠷᠭᠡᠯᠡᠵᠦ ᠪᠠᠶᠢᠵᠠᠶ ᠃
    1937 ᠣᠨ  ᠤ( ᠢᠷᠭᠡᠨ ᠤᠯᠤᠰ  ᠤᠨ 26 ᠵᠢᠯ ) 7 ᠰᠠᠷ᠎ᠠ  ᠶ᠋ᠢᠨ 7  ᠦ ᠡᠳᠦᠷ ᠶᠠᠫᠣᠨ ᠢ ᠡᠰᠡᠷᠭᠦᠴᠡᠬᠦ ᠳᠠᠶᠢᠨ ᠪᠦᠬᠦ ᠲᠠᠯ᠎ᠠ ᠪᠠᠷ ᠦᠷᠨᠢᠪᠡ ᠃ ᠤᠯᠠᠭᠠᠨ ᠴᠡᠷᠢᠭ ᠥᠭᠡᠷᠡᠴᠢᠯᠡᠨ ᠪᠠᠶᠢᠭᠤᠯᠬᠤ  ᠶ᠋ᠢ ᠬᠦᠯᠢᠶᠡᠵᠦ ᠂ ᠢᠷᠭᠡᠨ  ᠤ ᠬᠤᠪᠢᠰᠬᠠᠯᠲᠤ ᠴᠡᠷᠢᠭ  ᠤᠨ ᠨᠠᠢᠮᠠᠳᠤᠭᠠᠷ ᠵᠠᠮ  ᠤᠨ ᠴᠡᠷᠢᠭ  ᠪᠤᠯᠭᠠᠵᠤ ᠂  ᠯᠢ ᠴᠤᠸᠠᠨ ᠡᠴᠠ 120 ᠳ᠋ᠤᠭᠠᠷ ᠳ᠋ᠢᠸᠢᠽᠢ ᠶ᠋ᠢᠨ 358 ᠳ᠋ᠤᠭᠠᠷ ᠪᠠᠷᠢᠭᠠᠳᠠ ᠶ᠋ᠢᠨ ᠤᠯᠤᠰ ᠲᠦᠷᠦ ᠶ᠋ᠢᠨ ᠭᠡᠰᠢᠭᠦᠨ ᠦ ᠲᠤᠰᠢᠶᠠᠯ ᠢ ᠬᠠᠷᠢᠭᠤᠴᠠᠵᠤ ᠂ ᠴᠡᠷᠢᠭ ᠢᠶᠡᠨ ᠳᠠᠭᠠᠭᠤᠯᠤᠨ ᠤᠷᠤᠭᠰᠢᠯᠠᠨ ᠣᠷᠣᠵᠤ ᠂ ᠱᠠᠨ ᠰᠢ ᠶ᠋ᠢᠨ ᠪᠠᠷᠠᠭᠤᠨ ᠬᠣᠶᠢᠲᠤ ᠬᠡᠰᠡᠭ  ᠤᠨ ᠺᠸᠯᠠᠨ ᠂ ᠦ᠋ ᠵᠠᠶ ᠂ ᠡᠮᠦᠨ᠎ᠡ ᠹᠷᠣᠨᠲ᠋ ᠲᠤ ᠶᠠᠫᠣᠨ ᠢ ᠡᠰᠡᠷᠭᠦᠴᠡᠬᠦ ᠫᠠᠷᠲ᠋ᠢᠽᠠᠨ ᠳᠠᠢᠢᠨ ᠢ ᠥᠷᠨᠢᠭᠦᠯᠵᠦ ᠂ ᠱᠠᠨ ᠰᠢ  ᠶ᠋ᠢᠨ ᠪᠠᠷᠠᠭᠤᠨ ᠬᠣᠶᠢᠲᠤ ᠬᠡᠰᠡᠭ  ᠤᠨ ᠶᠠᠫᠣᠨ ᠢ ᠡᠰᠡᠷᠭᠦᠴᠡᠬᠦ ᠰᠠᠭᠤᠷᠢᠨ ᠭᠠᠵᠠᠷ  ᠢ ᠪᠠᠶᠢᠭᠤᠯᠤᠬᠤ ᠳᠤ ᠮᠠᠰᠢ ᠶᠡᠬᠡ ᠭᠠᠪᠢᠶ᠎ᠠ ᠪᠠᠶᠢᠭᠤᠯᠤᠭᠰᠠᠨ ᠪᠠᠶᠢᠨ᠎ᠠ ᠃ 1938 ᠣᠨ ᠤ ( ᠢᠷᠭᠡᠨ ᠤᠯᠤᠰ  ᠤᠨ 27 ᠣᠨ ) 8 ᠰᠠᠷ᠎ᠠ ᠳ᠋ᠤ ᠂ ᠶᠠᠫᠣᠨ ᠳᠡᠭᠡᠷᠡᠮᠴᠢᠳ ᠪᠠ ᠬᠠᠭᠤᠷᠮᠠᠭ ᠴᠡᠷᠢᠭ ᠤᠨ ᠱᠠᠨᠰᠢ ᠶ᠋ᠢᠨ ᠬᠤᠶᠢᠲᠤ ᠬᠡᠰᠡᠭ ᠦᠨ ᠬᠤᠪᠢᠰᠬᠠᠯ ᠤᠨ ᠰᠠᠭᠤᠷᠢᠨ ᠭᠠᠵᠠᠷ ᠢ ᠬᠠᠪᠴᠢᠨ ᠪᠦᠰᠡᠯᠡᠬᠦ ᠭᠡᠰᠡᠨ ᠬᠤᠤᠪᠢᠯᠳᠤᠯᠤᠭ᠎ᠠ ᠶ᠋ᠢ ᠪᠤᠳ᠋ᠠ ᠨᠢᠷᠭᠡᠬᠦ  ᠶ᠋ᠢᠨ ᠲᠥᠯᠥᠭᠡ ᠂ ᠾᠧ ᠯᠦ᠋ᠡᠭ ᠳ᠋ᠢᠸᠢᠽᠢ ᠶᠢᠨ ᠳᠠᠷᠤᠭ᠎ᠠ ᠂ ᠭᠤᠸᠠᠨ ᠰᠢᠶᠠᠩ ᠶᠢᠩ  ᠤᠯᠤᠰ ᠲᠦᠷᠦ ᠶ᠋ᠢᠨ ᠭᠡᠰᠢᠭᠦᠨ ᠳᠤᠮᠳᠠᠳᠤ ᠤᠯᠤᠰ ᠤᠨ ᠡᠪ ᠬᠠᠮᠲᠤ ᠨᠠᠮ  ᠤᠨ ᠲᠥᠪ ᠬᠣᠷᠢᠶᠠᠨ  ᠤ ᠵᠢᠭᠠᠪᠤᠷᠢ ᠶᠣᠰᠣᠭᠠᠷ ᠂  120 ᠳ᠋ᠤᠭᠠᠷ ᠳ᠋ᠢᠸᠢᠽᠢ ᠡᠴᠡ ᠭᠣᠣᠯᠯᠠᠭᠴᠢ ᠬᠦᠴᠦᠨ ᠢ ᠲᠠᠲᠠᠵᠤ ᠭᠠᠷᠭᠠᠭᠠᠳ ᠂ ᠨᠠᠢᠮᠠᠳᠤᠭᠠᠷ ᠵᠠᠮ  ᠤᠨ ᠴᠡᠷᠢᠭ ᠤᠨ ᠳᠠᠯᠠᠨ ᠬᠠᠷ᠎ᠠ ᠠᠭᠤᠯᠠ ᠶ᠋ᠢᠨ ᠰᠠᠯᠪᠤᠷᠢ ᠠᠩᠬᠢ ( ᠬᠣᠵᠢᠮ ᠨᠢ ᠳᠠᠯᠠᠨ ᠬᠠᠷ᠎ᠠ ᠠᠭᠤᠯᠠ ᠶᠢᠨ ᠮᠣᠷᠢᠲᠤ ᠴᠡᠷᠢᠭ  ᠤᠨ ᠰᠠᠯᠪᠤᠷᠢ ᠠᠩᠬᠢ ) ᠶ᠋ᠢ ᠵᠤᠬᠢᠶᠠᠨ ᠪᠠᠶᠢᠭᠤᠯᠵᠤ ᠂ ᠯᠢ ᠵᠢᠩ ᠴᠢᠤᠸᠠᠨ ᠲᠤᠰ ᠰᠠᠯᠪᠤᠷᠢ ᠠᠩᠭᠢ ᠶ᠋ᠢᠨ ᠰᠧᠯᠢᠩᠶᠤᠸᠠᠨ ᠪᠥᠭᠡᠳ ᠤᠯᠤᠰ ᠲᠦᠷᠦ  ᠶ᠋ᠢᠨ ᠭᠡᠰᠢᠭᠦᠨ ᠪᠤᠯᠵᠤ  (ᠰᠡᠭᠦᠯᠡᠷ ᠨᠢ ᠶᠣᠣ ᠵᠧ  ᠰᠧᠯᠢᠩᠶᠤᠸᠠᠨ  ᠪᠤᠯᠪᠠ ) ᠃ ᠳᠠᠯᠠᠨ ᠬᠠᠷ᠎ᠠ ᠠᠭᠤᠯᠠ  ᠶ᠋ᠢᠨ ᠰᠠᠯᠪᠤᠷᠢ ᠠᠩᠭᠢ ᠶ᠋ᠢᠨ ᠳᠣᠣᠷ᠎ᠠ ᠨᠢ ᠮᠣᠷᠢᠲᠤ ᠴᠡᠷᠢᠭ  ᠤᠨ 1 ᠳ᠋ᠦᠭᠡᠷ ᠬᠣᠷᠢᠶ᠎ᠠ ᠂ ᠮᠣᠷᠢᠲᠤ ᠴᠡᠷᠢᠭ  ᠤᠨ 2 ᠳ᠋ᠤᠭᠠᠷ ᠬᠣᠷᠢᠶ᠎ᠠ  ᠂ ᠳ᠋ᠢᠸᠢᠽᠢ  ᠶ᠋ᠢᠨ ᠵᠢᠭᠠᠨ ᠰᠤᠷᠭᠠᠬᠤ ᠬᠣᠷᠢᠶ᠎ᠠ ᠂ ᠪᠡᠶ᠎ᠡ ᠪᠡᠨ ᠳᠠᠭᠠᠭᠠᠭᠰᠠᠨ 1 ᠂  2 ᠂  3 ᠂ 4 ᠳ᠋ᠦᠭᠡᠷ ᠰᠠᠯᠪᠤᠷᠢ ᠠᠩᠭᠢ ᠲᠠᠢ ᠪᠠᠷᠤᠭ 2400 ᠬᠥᠮᠦᠨ ᠪᠠᠶᠢᠳᠠᠭ᠃
    ᠯᠢ ᠵᠢᠩ ᠴᠢᠤᠸᠠᠨ ᠳᠠᠯᠠᠨ ᠬᠠᠷ᠎ᠠ ᠠᠭᠤᠯᠠ ᠶ᠋ᠢᠨ ᠰᠠᠯᠪᠤᠷᠢ ᠠᠡᠭ᠋ᠬᠢ  ᠶ᠋ᠢ ᠳᠠᠭᠠᠭᠤᠯᠤᠨ ᠦ᠋ ᠵᠠᠶ ᠡᠴᠡ ᠶᠠᠨᠪᠸᠢ ᠲᠤᠰᠬᠠᠶ ᠣᠷᠣᠨ  ᠳ᠋ᠦ ᠪᠠᠶᠢᠯᠳᠤᠨ ᠣᠷᠣᠵᠤ ᠂ ᠶᠠᠫᠣᠨ ᠴᠡᠷᠢᠭ ᠪᠠ ᠬᠠᠭᠤᠷᠮᠠᠭ ᠴᠡᠷᠢᠭ ᠤᠨ ᠳᠠᠪᠬᠤᠷ ᠳᠠᠪᠬᠤᠷ ᠪᠦᠰᠡᠯᠡᠯᠲᠡ ᠢ ᠲᠤᠭᠤᠯᠵᠤ᠂ ᠡᠴᠦᠰ ᠲᠡᠬᠡᠨ 1938 ᠣᠨ ᠤ 9 ᠰᠠᠷ᠎ᠠ  ᠳ᠋ᠤ᠂ ᠳᠠᠯᠠᠨ ᠬᠠᠷ᠎ᠠ ᠠᠭᠤᠯᠠᠨ ᠳ᠋ᠤ ᠤᠷᠤᠭᠰᠢᠯᠠᠨ ᠤᠷᠤᠵᠠᠢ ᠃ ᠲᠡᠷᠡ ᠣᠯᠠᠨ ᠵᠢᠯ ᠤᠨ ᠲᠤᠷᠰᠢᠯᠭ᠎ᠠ ᠪᠡᠨ ᠦᠨᠳᠦᠰᠦᠯᠡᠵᠦ ᠲᠤᠬᠠᠶ  ᠶ᠋ᠢᠨ ᠭᠠᠵᠠᠷ  ᠤᠨ ᠮᠣᠩᠭᠣᠯ ᠂ ᠬᠢᠲᠠᠳ ᠠᠷᠠᠳ ᠲᠦᠮᠡᠨ ᠢ ᠳᠠᠶᠢᠴᠢᠯᠠᠨ᠂ ᠰᠦᠢᠶᠤᠸᠠᠨ ᠤ ᠡᠮᠦᠨᠡᠲᠦ ᠬᠡᠰᠡᠭ ᠂ ᠰᠦᠢᠶᠤᠸᠠᠨ ᠤ ᠳᠤᠮᠳᠠᠳᠦ ᠬᠡᠰᠡᠭ ᠂ ᠰᠦᠢᠶᠤᠸᠠᠨ  ᠤ ᠪᠠᠷᠠᠭᠤᠨᠳᠠᠬᠢ ᠭᠠᠵᠠᠷ  ᠢ ᠪᠠᠭᠲᠠᠭᠠᠭᠰᠠᠨ ᠲᠠᠯᠠᠨ ᠬᠠᠷ᠎ᠠ ᠠᠭᠤᠯᠠ  ᠶ᠋ᠢᠨ ᠶᠠᠫᠣᠨ ᠢ ᠡᠰᠡᠷᠭᠦᠴᠡᠬᠦ ᠰᠠᠭᠤᠷᠢᠨ ᠭᠠᠵᠠᠷ ᠢ ᠪᠠᠶᠢᠭᠤᠯᠵᠠᠶ ᠃ 1940 ᠣᠨ ᠤ ( ᠢᠷᠭᠡᠨ ᠤᠯᠤᠰ ᠤᠨ 29 ᠣᠨ ) 11 ᠰᠠᠷ᠎ᠠ ᠳ᠋ᠤ᠂ ᠱᠠᠨ ᠰᠢ ᠶᠢᠨ ᠪᠠᠷᠠᠭᠤᠨ ᠬᠣᠶᠢᠲᠤ ᠣᠷᠣᠨ ᠤ ᠴᠡᠷᠢᠭ  ᠤᠨ ᠲᠣᠭᠣᠷᠢᠭ ᠢ ᠪᠠᠶᠢᠭᠤᠯᠵᠤ ᠂ ᠰᠸᠯᠢᠩᠸᠶᠤᠸᠠᠨ ᠡᠾᠸ ᠯᠦᠩ ᠡᠴᠠ ᠯᠢ ᠵᠢᠩ ᠴᠤᠸᠠᠨ ᠢ ᠴᠡᠷᠢᠭ  ᠤᠨ ᠲᠣᠭᠣᠷᠢᠭ ᠤᠨ 3 ᠳ᠋ᠤᠭᠠᠷ ᠴᠡᠷᠢᠭ  ᠤᠨ ᠬᠤᠪᠢᠶᠠᠷᠢ ᠲᠣᠭᠣᠷᠢᠭ ᠤᠨ ᠤᠯᠤᠰ ᠲᠦᠷᠦ ᠶ᠋ᠢᠨ ᠭᠡᠰᠢᠭᠦᠨ ᠢᠶᠡᠷ ᠲᠤᠮᠢᠯᠠᠵᠤ ᠂ ᠴᠡᠷᠢᠭ ᠠᠩᠭᠢ ᠪᠠᠨ ᠳᠠᠭᠠᠭᠤᠯᠤᠨ ᠰᠦᠢ ᠰᠢ᠂ ᠰᠦᠢᠶᠤᠸᠠᠨ ᠤ ᠡᠮᠦᠨᠡᠲᠦ ᠬᠡᠰᠡᠭ ᠤᠨ ᠫᠠᠷᠲ᠋ᠢᠽᠠᠨ ᠲᠠᠢᠢᠨ ᠢᠶᠠᠷ ᠡᠰᠡᠷᠭᠦᠴᠡᠨ ᠪᠠᠶᠢᠯᠳᠤᠬᠤ ᠶ᠋ᠢ ᠪᠠᠷᠢᠮᠲᠠᠯᠠᠵᠤ ᠂ ᠪᠠᠰᠠ ᠱᠠᠨᠰᠢ ᠭᠠᠨᠰᠦ ᠨᠢᠩᠰᠢᠶᠠ ᠶ᠋ᠢᠨ ᠬᠢᠵᠠᠭᠠᠷ ᠣᠷᠣᠨ ᠢ ᠬᠠᠮᠠᠭᠠᠯᠠᠵᠦ᠂ ᠨᠠᠮ ᠤᠨ ᠲᠥᠪ ᠬᠣᠷᠢᠶ᠎ᠠ ᠶᠢ ᠬᠠᠮᠠᠭᠠᠯᠠᠵᠤ ᠬᠠᠲᠠᠭᠤᠵᠢᠯᠲᠠᠶ ᠡᠭᠦᠷᠭᠡ ᠶᠢ ᠡᠭᠦᠷᠭᠡᠯᠡᠵᠦ ᠪᠠᠶᠢᠭᠰᠠᠨ ᠃
    1947 ᠣᠨ ᠤ( ᠢᠷᠭᠡᠨ ᠤᠯᠤᠰ  ᠤᠨ 36 ᠣᠨ ) 12 ᠰᠠᠷ᠎ᠠ ᠶ᠋ᠢᠨ 25 ᠤ ᠡᠳᠦᠷ ᠂ ᠯᠢ ᠵᠢᠩ ᠴᠢᠤᠸᠠᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠣᠷᠢᠶᠠᠨ  ᠤ ᠱᠠᠨ ᠰᠢ ᠰᠦᠢᠶᠤᠸᠠᠨ ᠤ ᠬᠤᠪᠢᠶᠠᠷᠢ ᠲᠣᠪᠴᠢᠶᠠᠨ ᠤ ᠱᠦᠵᠢ ᠂ ᠱᠠᠨ ᠰᠢ ︱ ᠰᠦᠢᠶᠤᠸᠠᠨ  ᠤ ᠴᠡᠷᠢᠭ  ᠤᠨ ᠲᠣᠭᠣᠷᠢᠭ  ᠤᠨ ᠤᠯᠤᠰ ᠲᠦᠷᠦ  ᠶ᠋ᠢᠨ ᠭᠡᠰᠢᠭᠦᠨ ( ᠰᠧᠯᠢᠩᠶᠤᠸᠠᠨ ᠂ ᠾᠧ ᠯᠦ᠋ᠡᠭ ) ᠂ ᠨᠠᠮ ᠤᠨ ᠲᠥᠪ ᠬᠣᠷᠢᠶᠠᠨ  ᠤ ᠲᠤᠰᠬᠠᠢ ᠨᠢᠭᠡᠨ ᠲᠠᠯ᠎ᠠ ᠶᠢ ᠬᠠᠷᠢᠭᠤᠴᠠᠬᠤ ᠬᠤᠪᠢᠶᠠᠷᠢ ᠲᠣᠪᠴᠢᠶᠠᠨ ᠤ ᠤᠳᠤᠷᠢᠳᠤᠭᠴᠢ ᠶ᠋ᠢᠨ ᠲᠤᠰᠢᠶᠠᠯ ᠢ ᠬᠠᠷᠢᠭᠤᠴᠠᠭᠰᠠᠨ ᠪᠠᠶᠢᠨ᠎ᠠ᠃ ᠲᠡᠷᠡ ᠪᠡᠶ᠎ᠡ ᠪᠡᠷ ᠢᠶᠡᠨ ᠱᠠᠨ ᠰᠢ ︱  ᠰᠦᠢᠶᠤᠸᠠᠨ  ᠤ ᠴᠢᠯᠥᠭᠡᠯᠡᠭᠳᠡᠭᠰᠡᠨ ᠣᠷᠣᠨ ᠤ ᠭᠠᠵᠠᠷ ᠲᠠᠷᠢᠶᠠᠨ ᠤ ᠥᠭᠡᠷᠡᠴᠢᠯᠡᠯᠲᠡ ᠶ᠋ᠢᠨ ᠬᠥᠳᠡᠯᠭᠡᠭᠡᠨ ᠢ ᠤᠳᠤᠷᠢᠳᠴᠤ ᠂ ᠪᠠᠷᠠᠭᠤᠨ ᠬᠣᠶᠢᠲᠤ ᠣᠷᠣᠨ ᠤ ᠠᠷᠠᠳ ᠲᠦᠮᠡᠨ  ᠤ ᠴᠢᠯᠥᠭᠡᠯᠡᠬᠦ ᠲᠡᠮᠡᠴᠡᠯ  ᠢ ᠳᠡᠮᠵᠢᠬᠦ  ᠶ᠋ᠢᠨ ᠲᠥᠯᠥᠭᠡ ᠂ ᠪᠠᠷᠠᠭᠤᠨ ᠬᠣᠶᠢᠲᠤ ᠣᠷᠣᠨ  ᠦ ᠬᠣᠩᠭᠢᠯ ᠳᠦ ᠠᠵᠤ ᠠᠬᠤᠶ ᠶ᠋ᠢᠨ  ᠪᠠ ᠠᠷᠤ ᠲᠠᠯ᠎ᠠ  ᠶ᠋ᠢᠨ ᠦᠢᠯᠡᠴᠢᠯᠡᠭᠡᠨ  ᠦ ᠪᠠᠲᠤᠯᠠᠭ᠎ᠠ ᠬᠠᠩᠭᠠᠵᠠᠢ ᠃
    1949 ᠣᠨ ( ᠢᠷᠭᠡᠨ ᠤᠯᠤᠰ ᠤᠨ 1937 ᠣᠨ ) ᠤ 3 ᠰᠠᠷ᠎ᠠ  ᠶ᠋ᠢᠨ 9  ᠦ ᠡᠳᠦᠷ ᠂ ᠲᠡᠷᠢᠭᠦᠯᠡᠭᠴᠢ ᠮᠠᠤ ᠽᠸ ᠳ᠋ᠦᠩ ᠳᠤᠮᠳᠠᠳᠤ ᠤᠯᠤᠰ  ᠤᠨ ᠡᠪ ᠬᠠᠮᠲᠤ ᠨᠠᠮ  ᠤᠨ ᠳᠣᠯᠣᠳᠤᠭᠠᠷ ᠬᠤᠭᠤᠴᠠᠭᠠᠨ ᠤ ᠲᠥᠪ ᠬᠣᠷᠢᠶᠠᠨ ᠤ ᠬᠣᠶᠠᠳᠤᠭᠠᠷ ᠪᠥᠬᠥᠳᠡ ᠬᠤᠷᠠᠯ ᠳᠡᠭᠡᠷ᠎ᠡ ᠂ 《 ᠰᠦᠢᠶᠤᠸᠠᠨ  ᠤ ᠠᠷᠭ᠎ᠠ ︾ ᠪᠠᠷ ᠰᠦᠢᠶᠤᠸᠠᠨ ᠠᠰᠠᠭᠤᠳᠠᠯ  ᠢ ᠰᠢᠶᠳᠪᠦᠷᠢᠯᠡᠬᠦ ᠴᠢᠭᠯᠡᠯᠲᠡ ᠶ᠋ᠢ ᠳᠤᠷᠠᠳᠤᠭᠰᠠᠨ ᠪᠠᠶᠢᠨ᠎ᠠ ᠃ ᠡᠭᠦᠨ  ᠤ ᠳᠠᠷᠠᠭ᠎ᠠ ᠂ ᠨᠠᠮ  ᠤᠨ ᠲᠥᠪ ᠬᠣᠷᠢᠶᠠᠨ  ᠤ ᠤᠮᠠᠷᠠᠲᠤ ᠣᠷᠣᠨ  ᠤ ᠲᠣᠪᠴᠢᠶᠠᠨ  ᠤ ᠲᠤᠮᠢᠯᠠᠯᠲᠠ ᠪᠠᠷ ᠯᠢ ᠵᠢᠩ ᠴᠢᠤᠸᠠᠨ ᠳᠤᠮᠳᠠᠳᠤ ᠤᠯᠤᠰ  ᠤᠨ ᠡᠪ ᠬᠠᠮᠲᠤ ᠨᠠᠮ ᠤᠨ ᠨᠠᠶᠢᠷᠠᠮᠳᠠᠯ  ᠤᠨ ᠬᠡᠯᠡᠯᠴᠡᠭᠡ ᠬᠢᠬᠦ ᠲᠦᠷᠦᠭᠦᠦ ᠲᠥᠯᠥᠭᠡᠯᠡᠭᠴᠢ ᠪᠤᠯᠪᠠ᠃ 2 ᠰᠠᠷ᠎ᠠ  ᠶ᠋ᠢᠨ 25 ᠦ ᠡᠳᠦᠷ ᠂ ᠯᠢ ᠵᠢᠩ ᠴᠢᠤᠸᠠᠨ ᠨᠠᠶᠢᠷᠠᠮᠳᠠᠯ  ᠢᠶᠠᠷ ᠬᠡᠯᠡᠯᠴᠡᠭᠡ ᠬᠢᠬᠦ ᠲᠥᠯᠥᠭᠡᠯᠡᠭᠴᠢᠳ  ᠤᠨ ᠪᠦᠯᠬᠦᠮ  ᠢ ᠳᠠᠭᠠᠭᠤᠯᠤᠨ ᠪᠸᠢᠢᠫᠢᠩ ᠤᠨ ᠨᠠᠶᠢᠷᠠᠮᠳᠠᠯ ᠪᠠᠭᠤᠳᠠᠯ ᠳ᠋ᠤ ᠹᠦ᠋ ᠽᠦᠸᠸ ᠢ ᠲᠠᠢ ᠨᠠᠶᠢᠷᠠᠮᠳᠠᠯ ᠤᠨ ᠬᠡᠯᠡᠯᠴᠡᠭᠡᠷ ᠬᠡᠯᠡᠯᠴᠡᠪᠡ᠃ ᠬᠡᠳᠦᠨ ᠰᠠᠷ᠎ᠠ ᠶ᠋ᠢᠨ ᠬᠡᠯᠡᠯᠴᠡᠭᠡ ᠪᠣᠯᠤᠨ ᠴᠢᠷᠮᠠᠶᠢᠯᠭ᠎ᠠ ᠪᠠᠷ ᠳᠠᠮᠵᠢᠨ᠂ 6 ᠰᠠᠷ᠎ᠠ  ᠶ᠋ᠢᠨ 8 ᠦ ᠡᠳᠦᠷ ᠂ ᠰᠦᠢᠶᠤᠸᠠᠨ  ᠢ ᠨᠠᠶᠢᠷᠠᠮᠳᠠᠯ  ᠢᠶᠠᠷ ᠴᠢᠯᠥᠭᠡᠯᠡᠬᠦ ᠬᠡᠯᠡᠯᠴᠡᠭᠡᠷ ᠡᠴᠦᠰ ᠲᠡᠬᠡᠨ ᠲᠣᠬᠢᠷᠠᠯᠴᠠᠭᠰᠠᠨ ᠪᠠᠶᠢᠨ᠎ᠠ ᠃ ᠰᠦᠢᠶᠤᠸᠠᠨ ᠨᠠᠶᠢᠷᠠᠮᠳᠠᠯ  ᠢᠶᠠᠷ ᠴᠢᠯᠥᠭᠡᠯᠡᠭᠰᠡᠨ ᠤ ᠲᠠᠷᠠᠭ᠎ᠠ ᠂ ᠨᠠᠮ ᠤᠨ ᠲᠥᠪ ᠬᠣᠷᠢᠶᠠᠨ ᠡᠴᠠ ᠯᠢ ᠵᠢᠩ ᠴᠢᠤᠸᠠᠨ ᠢ ᠴᠡᠷᠢᠭ ᠤᠨ ᠶᠠᠪᠤᠳᠠᠯ ᠤᠨ ᠬᠣᠷᠢᠶᠠᠨ  ᠤ ᠰᠢᠭᠤᠳ ᠬᠠᠷᠢᠶ᠎ᠠ ᠪᠢᠩᠲ᠋ᠤᠸᠠᠨ  ᠤ ᠤᠯᠤᠰ ᠲᠦᠷᠦ ᠶ᠋ᠢᠨ ᠭᠡᠰᠢᠭᠦᠨ ( ᠰᠧᠯᠢᠩᠶᠤᠸᠠᠨ ᠶᠠᠩ ᠴᠧᠩ ᠦ᠋ ) ᠬᠢᠭᠡᠳ ᠱᠠᠨ ᠰᠢ ︱ ᠰᠦᠢᠶᠤᠸᠠᠨ ᠦ ᠴᠡᠷᠢᠭ  ᠤᠨ ᠲᠣᠭᠣᠷᠢᠭ ᠤᠨ ᠤᠯᠤᠰ ᠲᠦᠷᠦ ᠶ᠋ᠢᠨ ᠭᠡᠰᠢᠭᠦᠨ ( ᠰᠧᠯᠢᠩᠶᠤᠸᠠᠨ ᠂ ᠾᠧ ᠯᠦ᠋ᠡᠭ )  ᠂ ᠰᠧᠴᠤᠸᠠᠨ ᠮᠤᠵᠢ ᠶᠢᠨ ᠠᠵᠢᠯᠯᠠᠬᠤ ᠬᠣᠷᠢᠶᠠᠨ  ᠤ ᠱᠦᠵᠢ ᠪᠠᠷ ᠲᠤᠮᠢᠯᠠᠵᠤ᠂ ᠱᠠᠨᠰᠢ ︱ ᠰᠦᠢᠶᠤᠸᠠᠨ  ᠤ ᠬᠡᠭᠡᠷᠡᠯᠡᠨ ᠪᠠᠶᠢᠯᠳᠤᠬᠤ ᠴᠡᠷᠢᠭ  ᠤᠨ ᠰᠧᠴᠤᠸᠠᠨ ᠳᠤ ᠪᠠᠶᠢᠯᠳᠤᠨ ᠤᠷᠤᠵᠤ᠂ ᠪᠠᠷᠠᠭᠤᠨ ᠡᠮᠦᠨᠡᠲᠦ ᠣᠷᠣᠨ ᠤ ᠭᠣᠮᠢᠨᠳᠠᠩ ᠤᠨ ᠮᠤᠵᠢᠭᠤᠳᠠ  ᠴᠡᠷᠢᠭ ᠢ ᠲᠤᠶᠢᠯᠪᠦᠷᠢᠲᠠᠢ ᠤᠰᠠᠳᠬᠠᠬᠤ ᠳ᠋ᠤ ᠡᠮᠦᠨᠡᠬᠢ ᠪᠡᠯᠡᠳᠬᠡᠯ ᠠᠵᠢᠯ ᠢ ᠰᠠᠶᠢᠲᠤᠷ ᠬᠢᠭᠰᠡᠨ ᠪᠠᠶᠢᠨ᠎ᠠ᠃ ᠰᠧᠴᠤᠸᠠᠨ ᠮᠤᠵᠢ  ᠶ᠋ᠢᠨ ᠭᠣᠮᠢᠨᠳᠠᠩ  ᠤᠨ ᠨᠣᠶᠠᠷᠬᠠᠭᠴᠢ ᠬᠦᠴᠦᠨ ᠢ ᠴᠡᠪᠡᠷᠯᠡᠨ ᠤᠰᠠᠳᠬᠠᠵᠤ ᠂ ᠭᠣᠮᠢᠨᠳᠠᠩ  ᠤᠨ ᠳᠡᠶᠢᠯᠦᠭᠳᠡᠭᠰᠡᠨ ᠴᠡᠷᠢᠭ ᠤᠨ ᠳᠡᠭᠡᠷᠡᠮ ᠢ ᠤᠰᠠᠳᠬᠠᠵᠦ ᠂ ᠰᠧᠴᠤᠸᠠᠨ  ᠤ ᠪᠠᠷᠠᠭᠤᠨ ᠬᠡᠰᠡᠭ  ᠤᠨ ᠡᠯ᠎ᠡ ᠱᠠᠲᠤᠨ ᠤ ᠵᠠᠰᠠᠭ ᠪᠠᠶᠢᠭᠤᠯᠬᠤ ᠂ ᠰᠢᠨ᠎ᠡ ᠪᠡᠷ ᠮᠡᠨᠳᠦᠯᠡᠭᠰᠡᠨ ᠵᠠᠰᠠᠭ  ᠢ ᠪᠡᠬᠢᠵᠢᠭᠦᠯᠬᠦ ᠵᠡᠷᠭᠡ ᠲᠠᠯ᠎ᠠ ᠪᠠᠷ ᠂ ᠯᠢ ᠵᠢᠩ ᠴᠢᠤᠸᠠᠨ ᠂ ᠪᠠᠯᠠᠷᠠᠰᠢ ᠦᠭᠡᠶ ᠬᠤᠪᠢ ᠨᠡᠮᠡᠷᠢ ᠦᠵᠡᠭᠦᠯᠦᠭᠰᠡᠨ ᠪᠠᠶᠢᠨ᠎ᠠ ᠃
    1952 ᠣᠨ ᠡᠴᠡ ᠰᠡᠭᠦᠯᠡᠷ ᠂ ᠯᠢ ᠵᠢᠩ ᠴᠢᠤᠸᠠᠨ ᠰᠧᠴᠤᠸᠠᠨ ᠮᠤᠵᠢ  ᠶ᠋ᠢᠨ ᠨᠠᠮ  ᠤᠨ ᠬᠣᠷᠢᠶᠠᠨ  ᠤ ᠠᠩᠬᠠᠳᠠᠭᠴᠢ ᠱᠦᠵᠢ ᠂ ᠮᠤᠵᠢ  ᠶ᠋ᠢᠨ ᠵᠠᠰᠠᠭ  ᠤᠨ ᠣᠷᠳᠣᠨ ᠤ ᠲᠡᠷᠢᠭᠦᠯᠡᠭᠴᠢ ᠂ ᠮᠤᠵᠢ ᠶ᠋ᠢᠨ ᠴᠡᠷᠢᠭ  ᠤᠨ ᠲᠣᠭᠣᠷᠢᠭ  ᠤᠨ ᠤᠯᠤᠰ ᠲᠦᠷᠦ  ᠶ᠋ᠢᠨ ᠭᠡᠰᠢᠭᠦᠨ ᠂ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ  ᠤᠨ ᠶᠡᠬᠡ ᠬᠤᠷᠠᠯ ᠤᠨ ᠪᠠᠶᠢᠩᠭᠤ  ᠶ᠋ᠢᠨ ᠬᠣᠷᠢᠶᠠᠨ  ᠦ ᠭᠡᠰᠢᠭᠦᠨ ᠵᠡᠷᠭᠡ ᠲᠤᠰᠢᠶᠠᠯ  ᠢ ᠬᠠᠷᠢᠭᠤᠴᠠᠵᠤ ᠪᠠᠶᠢᠵᠠᠶ ᠃    
1985 ᠣᠨ ᠳ᠋ᠦ ᠂ ᠯᠢ ᠵᠢᠩ ᠴᠢᠤᠸᠠᠨ ᠪᠦᠬᠦ ᠲᠤᠰᠢᠶᠠᠯ  ᠡᠴᠡ 
ᠪᠠᠨ ᠪᠠᠭᠤᠵᠦ᠂ 1989 ᠣᠨ ᠤ 4 ᠰᠠᠷ᠎ᠠ ᠶᠢᠨ24 ᠦ ᠡᠳᠦᠷ ᠪᠡᠭᠡᠵᠢᠩ ᠳ᠋ᠦ ᠨᠠᠰᠤ ᠪᠠᠷᠠᠵᠠᠶ ᠂ ᠨᠠᠰᠤᠨ ᠰᠡᠭᠦᠳᠡᠷ 80 ᠨᠠᠰᠤᠲᠠᠶ ᠃

ᠵᠣᠬᠢᠶᠠᠭᠴᠢ:
ᠢᠷᠡᠯᠲᠡ: