ᠯᠢ ᠢᠦᠢ ᡁᠢ

  2019-05-19



    ᠯᠢ ᠢᠦᠢ ᡁᠢ (1901 ︱1927 ) ᠂ ᠡᠷᠭᠦᠭᠰᠡᠨ ᠨᠡᠷ᠎ᠡᠷᠦᠸ᠋ᠸ ᠢᠦᠢ ᠂ ᠮᠣᠩᠭᠣᠯ  ᠨᠡᠷ᠎ᠡ ᠨᠢ ᠪᠠᠭᠠᠲᠤᠷᠴᠢᠨ ᠂ ᠮᠣᠩᠭᠣᠯ ᠦᠨᠳᠦᠰᠦᠲᠡᠨ ᠂1901 ᠣᠨ ᠳ᠋ᠤ ᠥᠪᠥᠷ ᠮᠣᠩᠭᠣᠯ  ᠤᠨ ᠲᠦᠮᠡᠳ ᠬᠤᠰᠢᠭᠤᠨ ᠳ᠋ᠤ ᠲᠦᠷᠦᠵᠠᠢ ᠃
    1918 ᠤᠨ ᠡᠴᠠ 1923 ᠤᠨ ᠪᠤᠯᠲᠠᠯ᠎ᠠ ᠂ ᠤᠷᠢᠳ ᠬᠣᠵᠢᠳ ᠲᠦᠮᠡᠳ ᠤᠨ ᠥᠨᠳᠥᠷ ᠵᠡᠷᠭᠡ  ᠶ᠋ᠢᠨ ᠪᠠᠭ᠎ᠠ ᠰᠤᠷᠭᠠᠭᠤᠯᠢ ᠂ ᠬᠦᠢᠰᠦ᠋ᠢ ᠳᠤᠮᠳᠠᠳᠤ ᠰᠤᠷᠭᠠᠭᠤᠯᠢ ᠳ᠋ᠦ ᠰᠤᠷᠤᠯᠴᠠᠵᠤ ᠦᠩᠭᠡᠷᠡᠪᠡ ᠃  ᠲᠡᠷᠡ ᠪᠠᠰᠠ ᠬᠦᠢᠰᠦ᠋ᠢ ᠳᠤᠮᠳᠠᠳᠤ ᠰᠤᠷᠭᠠᠭᠤᠯᠢ ᠶ᠋ᠢᠨ  ᠰᠤᠷᠤᠭᠴᠢ ᠶ᠋ᠢᠨ ᠬᠤᠷᠠᠯ ᠂ ᠬᠦᠢᠰᠦ᠋ᠢ ᠶ᠋ᠢᠨ ᠰᠤᠷᠤᠭᠴᠢ ᠶ᠋ᠢᠨ ᠬᠣᠯᠪᠣᠭᠠᠲᠤ ᠬᠤᠷᠠᠯ  ᠤᠨ ᠭᠡᠰᠢᠭᠦᠨ ᠪᠠᠶᠢᠵᠦ᠂ ᠬᠦᠢᠰᠦ᠋ᠢ ᠶᠢᠨ ᠡᠷᠳᠡᠮ ᠰᠢᠨᠵᠢᠯᠡᠭᠡᠨ ᠦ ᠬᠢᠨ  ᠤ 1921 ᠣᠨ ᠳ᠋ᠦ ᠶᠠᠫᠣᠨ  ᠤ ᠴᠠᠬᠢᠯᠭᠠᠨ ᠳ᠋ᠧᠩ  ᠤᠨ ᠺᠣᠮᠫᠠᠨᠢ ᠢ ᠪᠠᠯᠪᠠᠴᠢᠬᠤ ᠪᠠ 1923 ᠣᠨ  ᠳ᠋ᠤ ᠶᠠᠫᠣᠨ  ᠤ ᠪᠠᠷᠠᠭ᠎ᠠ  ᠶ᠋ᠢ ᠬᠣᠷᠢᠭᠯᠠᠬᠤ ᠬᠥᠳᠡᠯᠭᠡᠭᠡᠨ ᠤ ᠭᠣᠣᠯ ᠵᠣᠬᠢᠶᠠᠨ ᠪᠠᠶᠢᠭᠤᠯᠤᠭᠴᠢ  ᠪᠤᠯᠤᠨ᠎ᠠ ᠃ 1923 ᠣᠨ ᠤ ᠨᠠᠮᠤᠷ ᠂ ᠪᠡᠭᠡᠵᠢᠩ ᠤᠨ ᠮᠣᠩᠭᠣᠯ ᠲᠥᠪᠡᠳ  ᠤᠨ ᠰᠤᠷᠭᠠᠭᠤᠯᠢ  ᠳ᠋ᠤ ᠰᠢᠯᠭᠠᠭᠤᠯᠤᠨ ᠣᠷᠣᠪᠠ ᠃ 1924 ᠣᠨ  ᠳ᠋ᠤ ᠳᠤᠮᠳᠠᠳᠤ ᠤᠯᠤᠰ ᠤᠨ ᠨᠡᠶᠢᠭᠡᠮ  ᠵᠢᠷᠤᠮ ᠤᠨ ᠵᠠᠯᠠᠭᠤᠴᠤᠳ  ᠤᠨ ᠡᠪᠯᠡᠯ  ᠳ᠋ᠤ ᠣᠷᠣᠵᠤ ᠂ ᠤᠳᠠᠯ ᠦᠭᠡᠶ ᠡᠪ ᠬᠠᠮᠲᠤ ᠨᠠᠮ  ᠳ᠋ᠤ ᠤᠷᠤᠭᠰᠠᠨ ᠪᠠᠶᠢᠳᠠᠭ᠃ 1925 ᠤᠨ ᠤ ᠡᠬᠢᠨ ᠢᠶ᠋ᠡᠷ᠂ ᠳᠤᠮᠳᠠᠳᠤ ᠤᠯᠤᠰ ᠦ᠋ᠨ ᠡᠪ ᠬᠠᠮᠲᠤ ᠨᠠᠮ  ᠤᠨ ᠤᠮᠠᠷᠠᠲᠤ ᠶ᠋ᠢᠨ ᠬᠤᠷᠢᠶᠠᠨ ᠤ ᠲᠤᠮᠢᠯᠠᠭ᠎ᠠ ᠪᠠᠷ ᠂ ᠪᠤᠭᠤᠲᠤ ᠳ᠋ᠤ ᠣᠴᠢᠵᠤ ᠠᠵᠢᠯᠯᠠᠭ᠎ᠠ ᠦᠷᠨᠢᠭᠦᠯᠦᠨ ᠂ ᠪᠤᠭᠤᠲᠤ ᠤᠨ ᠠᠵᠢᠯ ᠤᠨ ᠬᠣᠷᠢᠶᠠᠨ  ᠤ ᠱᠦᠵᠢ ᠶ᠋ᠢᠨ ᠲᠤᠰᠢᠶᠠᠯ ᠢ ᠬᠠᠷᠢᠭᠤᠴᠠᠭᠰᠠᠨ ᠪᠥᠭᠡᠳ ᠳᠤᠮᠳᠠᠳᠤ ᠤᠯᠤᠰ  ᠤᠨ ᠭᠣᠮᠢᠨᠳᠠᠩ  ᠤᠨ ᠥᠪᠥᠷ ᠮᠣᠩᠭᠣᠯ  ᠤᠨ ᠨᠠᠮ ᠤᠨ ᠵᠠᠬᠢᠷᠭ᠎ᠠ ᠶ᠋ᠢ ᠪᠤᠭᠤᠳᠤ ᠳ᠋ᠤ ᠵᠤᠬᠢᠶᠠᠨ ᠪᠠᠶᠢᠭᠤᠯᠵᠤ᠂ ᠨᠠᠮ  ᠤᠨ ᠵᠠᠬᠢᠷᠭ᠎ᠠ  ᠶ᠋ᠢᠨ ᠭᠦᠢᠴᠡᠳᠬᠡᠬᠦ ᠬᠣᠷᠢᠶᠠᠨ ᠦᠭᠡᠰᠢᠭᠦᠨ ᠤ ᠲᠤᠰᠢᠶᠠᠯ  ᠢ ᠬᠠᠷᠢᠭᠤᠴᠠᠪᠠ ᠃ 9 ᠰᠠᠷ᠎ᠠ  ᠳ᠋ᠦ᠂ ᠱᠢ ᠭᠤᠸᠠᠶ ᠭᠸᠦ ᠨᠡᠭᠦᠷᠡᠰᠦᠨ ᠠᠭᠤᠷᠬᠠᠶ ᠶ᠋ᠢᠨ ᠠᠵᠢᠯᠴᠢᠨ  ᠦ ᠠᠵᠢᠯ ᠬᠠᠶᠠᠯᠲᠠ ᠶ᠋ᠢ ᠡᠭᠦᠰᠭᠡᠪᠡ᠃ 10 ᠰᠠᠷ᠎ᠠ ᠳ᠋ᠦ ᠂ ᠴᠢᠭᠤᠯᠭᠠᠲᠤ ᠬᠠᠭᠠᠯᠭ᠎ᠠ ᠳ᠋ᠤ ᠬᠤᠷᠠᠯᠳᠤᠭᠰᠠᠨ ᠥᠪᠥᠷ ᠮᠣᠩᠭᠣᠯ  ᠤᠨ ᠠᠷᠠᠳ  ᠤᠨ ᠬᠤᠪᠢᠰᠬᠠᠯᠲᠤ ᠨᠠᠮ ᠤᠨ ᠠᠩᠬᠠᠳᠤᠭᠠᠷ ᠤᠳᠠᠭᠠᠨ ᠤ ᠲᠥᠯᠥᠭᠡᠯᠡᠭᠴᠢᠳ  ᠤᠨ ᠶᠡᠬᠡ ᠬᠤᠷᠠᠯ ᠳ᠋ᠤ ᠤᠷᠤᠯᠴᠠᠵᠤ ᠂ ᠲᠥᠪ ᠬᠣᠷᠢᠶᠠᠨ  ᠤ ᠣᠷᠣᠯᠠᠭᠴᠢ ᠬᠦᠢᠴᠡᠳᠬᠡᠭᠴᠢ ᠭᠡᠰᠢᠭᠦᠨ  ᠢᠶᠠᠷ ᠰᠣᠩᠭᠣᠭᠳᠠᠪᠠ ᠃ ᠮᠥᠨ ᠵᠢᠯ  ᠤᠨ ᠡᠪᠦᠯ ᠂ ᠴᠢᠭᠤᠯᠤᠯᠳᠦ ᠬᠠᠭᠠᠯᠭ᠎ᠠ  ᠳ᠋ᠤ ᠪᠤᠯᠤᠭᠰᠠᠨ ᠥᠪᠥᠷ ᠮᠣᠩᠭᠣᠯ  ᠤᠨ ᠲᠠᠷᠢᠶᠠᠴᠢᠨ ᠠᠵᠢᠯᠴᠢᠨ ᠴᠡᠷᠢᠭ  ᠤᠨ ᠶᠡᠬᠡ ᠬᠣᠯᠪᠣᠭ᠎ᠠ ᠪᠠᠶᠢᠭᠤᠯᠤᠭᠳᠠᠬᠤ ᠶᠡᠬᠡ ᠬᠤᠷᠠᠯ ᠳ᠋ᠤ ᠤᠷᠤᠯᠴᠠᠵᠤ᠂ ᠲᠥᠪ  ᠤᠨ ᠭᠦᠢᠴᠡᠳᠬᠡᠬᠦ ᠬᠣᠷᠢᠶᠠᠨ ᠤ ᠭᠡᠰᠢᠭᠦᠨ ᠢᠶᠠᠷ ᠰᠣᠩᠭᠣᠭᠳᠠᠵᠠᠶ ᠃ 1926 ᠣᠨ  ᠤ ᠡᠬᠢ ᠪᠡᠷ ᠂ ᠭᠤᠸᠠᠩᠵᠧᠦ  ᠳ᠋ᠤ ᠬᠦᠷᠴᠤ ᠳᠤᠮᠳᠠᠳᠤ ᠤᠯᠤᠰ  ᠤᠨ ᠭᠣᠮᠢᠨᠳᠠᠩ ᠤᠨ ᠬᠣᠶᠠᠳᠤᠭᠠᠷ ᠤᠳᠠᠭᠠᠨ ᠤ ᠲᠥᠯᠥᠭᠡᠯᠡᠭᠴᠢᠳ  ᠤᠨ ᠶᠡᠬᠡ ᠬᠤᠷᠠᠯ  ᠳ᠋ᠤ ᠤᠷᠤᠯᠴᠠᠵᠤ ᠂ ᠥᠪᠥᠷ ᠮᠣᠩᠭᠣᠯ ᠤᠨ ᠨᠠᠮ  ᠤᠨ ᠠᠵᠢᠯ  ᠤᠨ ᠲᠤᠬᠠᠢ ᠮᠡᠳᠡᠭᠦᠯᠦᠯᠲᠡ ᠬᠢᠭᠰᠡᠨ ᠪᠠᠶᠢᠨ᠎ᠠ ᠃ 9 ᠰᠠᠷ᠎ᠠ  ᠳ᠋ᠤ᠂ ᠥᠪᠥᠷ ᠮᠣᠩᠭᠣᠯ  ᠤᠨ ᠠᠷᠠᠳ ᠤᠨ ᠬᠤᠪᠢᠰᠬᠠᠯᠲᠤ ᠴᠡᠷᠢᠭ ᠪᠠᠶᠢᠭᠤᠯᠤᠭᠰᠠᠨ ᠤ ᠲᠠᠷᠠᠭ᠎ᠠ ᠂ ᠳᠡᠳ᠋ ᠶᠡᠷᠦᠩᠬᠡᠶ ᠵᠢᠯᠤᠭᠤᠳᠤᠭᠴᠢ ᠪᠤᠯᠵᠠᠢ ᠃ 11 ᠰᠠᠷ᠎ᠠ  ᠳ᠋ᠤ ᠂ ᠪᠤᠭᠤᠲᠤ ᠳ᠋ᠤ ᠬᠤᠷᠠᠯᠳᠤᠭᠰᠠᠨ ᠥᠪᠥᠷ ᠮᠣᠩᠭᠣᠯ  ᠤᠨ ᠠᠷᠠᠳ ᠤᠨ ᠬᠤᠪᠢᠰᠬᠠᠯᠲᠤ ᠨᠠᠮ  ᠤᠨ ᠶᠡᠬᠡ ᠵᠤᠦ ᠂ ᠤᠯᠠᠭᠠᠨᠴᠠᠪ ᠬᠣᠶᠠᠷ ᠠᠶᠢᠮᠠᠭ ᠤᠨ ᠲᠥᠯᠥᠭᠡᠯᠡᠭᠴᠢᠳ ᠤᠨ ᠬᠠᠮᠲᠤᠷᠠᠭᠰᠠᠨ ᠳ᠋ᠤ ᠬᠤᠷᠠᠯ ᠪᠠᠷᠠᠭᠤᠨ ᠬᠡᠰᠡᠭ  ᠭᠠᠵᠠᠷ ᠣᠷᠣᠨ ᠤ ᠮᠣᠩᠭᠣᠯ ᠦᠨᠳᠦᠰᠦᠲᠡᠨ  ᠤ ᠴᠢᠯᠥᠭᠡᠯᠡᠯᠲᠡ ᠶ᠋ᠢᠨ ᠬᠥᠳᠡᠯᠭᠡᠭᠡᠨ ᠢ ᠪᠠᠶᠢᠷᠢᠯᠠᠭᠤᠯᠤᠭᠰᠠᠨ ᠪᠠᠶᠢᠨ᠎ᠠ ᠃ 1927 ᠣᠨ  ᠤ 7 ᠰᠠᠷ᠎ᠠ  ᠳ᠋ᠤ᠂  ᠶᠢᠨᠴᠤᠸᠠᠨ ᠳ᠋ᠤ ᠪᠤᠯᠤᠭᠰᠠᠨ ᠥᠪᠥᠷ ᠮᠣᠩᠭᠣᠯ  ᠤᠨ ᠠᠷᠠᠳ  ᠤᠨ ᠬᠤᠪᠢᠰᠬᠠᠯᠲᠤ ᠨᠠᠮ  ᠤᠨ ᠲᠥᠪ ᠤᠨ ᠭᠦᠢᠴᠡᠳᠬᠡᠬᠦ ᠬᠣᠷᠢᠶᠠᠨ  ᠤ ᠭᠡᠰᠢᠭᠦᠨ ᠪᠠ ᠶᠡᠬᠡ ᠲᠠᠢ ᠂ ᠤᠯᠠᠭᠠᠨᠴᠠᠪ ᠬᠣᠶᠠᠷ ᠠᠶᠢᠮᠠᠭ ᠤᠨ ᠲᠥᠯᠥᠭᠡᠯᠡᠭᠴᠢᠳ  ᠤᠨ ᠣᠨᠴᠠ ᠬᠤᠷᠠᠯ ᠳ᠋ᠤ ᠤᠷᠤᠯᠴᠠᠪᠠ ᠃ 9 ᠰᠠᠷ᠎ᠠ  ᠳ᠋ᠤ ᠂ ᠥᠪᠥᠷ ᠮᠣᠩᠭᠣᠯ  ᠤᠨ ᠠᠷᠠᠳ  ᠤᠨ ᠬᠤᠪᠢᠰᠬᠠᠯᠲᠤ  ᠨᠠᠮ  ᠤᠨ ᠳᠤᠲᠤᠷᠠᠬᠢ  ᠪᠠᠢ ᠶᠦᠨ ᠳ᠋ᠢ ᠶ᠋ᠢᠨ ᠪᠠᠷᠠᠭᠤᠨ ᠤ ᠪᠦᠯᠦᠭᠲᠡᠨ ᠡᠴᠡ ᠨᠢᠩᠰᠢᠶᠠ  ᠳ᠋ᠦ《 ᠥᠪᠥᠷ ᠮᠣᠩᠭᠣᠯ ᠤᠨ ᠭᠣᠮᠢᠨᠳᠠᠩ  ᠤᠨ ᠡᠪ ᠬᠠᠮᠲᠤ ᠨᠠᠮ ᠢ ᠡᠰᠡᠷᠭᠦᠴᠡᠬᠦ ᠲᠤᠩᠬᠠᠭ 》 ᠢ ᠨᠡᠶᠢᠲᠡᠯᠡᠭᠰᠡᠨ ᠦ ᠳᠠᠷᠠᠭ᠎ᠠ ᠂ ᠯᠢ ᠢᠦᠢ ᡁᠢ ᠡᠴᠡ 10 ᠰᠠᠷ᠎ᠠ  ᠳ᠋ᠦ ᠶᠡᠬᠡ ᠵᠤᠤ ᠠᠶᠢᠮᠠᠭ  ᠤᠨ ᠦᠦᠰᠢᠨ  ᠬᠤᠰᠢᠭᠤᠨ ᠳ᠋ᠤ ᠬᠦᠷᠬᠦ ᠪᠡᠷ ᠶᠠᠪᠤᠵᠦ ᠪᠠᠶᠢᠭᠰᠠᠨ ᠵᠠᠮ ᠳ᠋ᠠᠭᠠᠨ ᠪᠠᠢ ᠶᠦᠨ ᠲᠠᠢ ᠶ᠋ᠢᠨ ᠢᠲᠡᠭᠡᠯᠲᠦ ᠬᠦᠮᠦᠨ ᠪᠣᠤ ᠽᠢ ᠴᠢᠩ ᠳ᠋ᠦ ᠬᠤᠤᠷᠯᠠᠭᠳᠠᠨ ᠠᠯᠠᠭᠳᠠᠭᠰᠠᠨ ᠪᠠᠶᠢᠨ᠎ᠠ ᠃ ᠲᠤᠰ ᠵᠢᠯ26 ᠨᠠᠰᠤᠲᠠᠶ ᠃

ᠵᠣᠬᠢᠶᠠᠭᠴᠢ:
ᠢᠷᠡᠯᠲᠡ: