ᠵᠢᠷᠭᠠᠯ

  2019-05-17



    ᠵᠢᠷᠭᠠᠯ ( 1907 ︱1941) ᠂ ᠬᠡᠷᠡᠭᠯᠡᠵᠦ ᠥᠩᠭᠡᠷᠡᠭᠰᠡᠨ ᠨᠡᠷ᠎ᠡ ᠺᠠᠩ ᠹᠦ᠋ ᠴᠸᠩ ᠂  ᠪᠠᠶᠠᠨ ᠪᠠᠲᠤᠵᠡᠷᠭᠡ ᠪᠣᠯᠤᠨ᠎ᠠ ᠃ ᠮᠣᠩᠭᠣᠯ ᠦᠨᠳᠦᠰᠦᠲᠡᠨ᠂ ᠬᠥᠬᠡᠬᠣᠲᠠ ᠶ᠋ᠢᠨ ᠲᠦᠮᠡᠳ ᠤᠨ ᠪᠠᠭᠰᠢ ᠶᠢᠨ ᠪᠠᠶᠢᠰᠢᠩ ᠲᠣᠰᠬᠣᠨ ( ᠣᠳᠣ  ᠶ᠋ᠢᠨ ᠬᠥᠬᠡᠬᠣᠲᠠ  ᠶ᠋ᠢᠨ ᠲᠦᠮᠡᠳ ᠵᠡᠭᠦᠨ ᠬᠤᠰᠢᠭᠤᠨ ᠤ ᠪᠠᠭᠰᠢ ᠶᠢᠨ ᠪᠠᠶᠢᠰᠢᠩ ᠰᠢᠶᠠᠩ )  ᠤ ᠬᠥᠮᠦᠨ ᠂ ᠥᠪᠥᠷ ᠮᠣᠩᠭᠣᠯ  ᠤᠨ ᠪᠠᠷᠠᠭᠤᠨ ᠬᠡᠰᠡᠭ ᠣᠷᠤᠨ ᠤ ᠠᠩᠬᠠᠨ ᠤ ᠦᠶ᠎ᠡ  ᠶ᠋ᠢᠨ ᠬᠤᠪᠢᠰᠬᠠᠯᠴᠢ ᠪᠠᠶᠢᠭᠰᠠᠨ ᠶᠤᠮ ᠃ 1941 ᠣᠨ ᠳᠤ( ᠢᠷᠭᠡᠨ ᠤᠯᠤᠰ  ᠤᠨ 30 ᠵᠢᠯ ) ᠪᠡᠶ᠎ᠡ ᠦᠷᠡᠭᠳᠡᠪᠡ ᠂ ᠲᠤᠬᠠᠶ ᠶ᠋ᠢᠨᠨ ᠵᠢᠯ 34 ᠨᠠᠰᠤᠲᠠᠶ ᠃
    1922 ᠣᠨ  ᠳ᠋ᠦ( ᠢᠷᠭᠡᠨ ᠤᠯᠤᠰ  ᠤᠨ 11 ᠵᠢᠯ ) ᠂ ᠵᠢᠷᠭᠠᠯ ᠬᠦᠢᠰᠦ᠋ᠢ ( ᠤᠳᠤ  ᠶ᠋ᠢᠨ ᠬᠥᠬᠡᠬᠣᠲᠠ ) ᠶᠢᠨ ᠲᠦᠮᠡᠳ  ᠤᠨ ᠥᠨᠳᠥᠷ ᠵᠡᠷᠭᠡ  ᠶ᠋ᠢᠨ ᠪᠠᠭ᠎ᠠ ᠰᠤᠷᠭᠠᠭᠤᠯ ᠳ᠋ᠦ ᠰᠤᠷᠤᠯᠴᠠᠪᠠ ᠃1925 ᠣᠨ ᠳ᠋ᠤ( ᠢᠷᠭᠡᠨ ᠤᠯᠤᠰ  ᠤᠨ14 ᠣᠨ ) ᠂ ᠪᠡᠭᠡᠵᠢᠩ  ᠤᠨ ᠮᠣᠩᠭᠣᠯ ᠲᠥᠪᠡᠳ  ᠤᠨ ᠰᠤᠷᠭᠠᠭᠤᠯᠢ  ᠳ᠋ᠤ ᠣᠷᠣᠵᠤ ᠰᠤᠷᠤᠯᠴᠠᠪᠠ ᠃ ᠮᠥᠨ ᠵᠢᠯ ᠂ ᠳᠤᠮᠳᠠᠳᠤ ᠤᠯᠤᠰ ᠤᠨ ᠨᠡᠶᠢᠭᠡᠮ ᠵᠢᠷᠤᠮᠲᠤ ᠵᠠᠯᠠᠭᠤᠴᠤᠳ ᠤᠨ ᠡᠪᠯᠡᠯ  ᠳ᠋ᠤ ᠣᠷᠣᠵᠤ ᠂ ᠤᠳᠠᠯ ᠦᠭᠡᠢ ᠡᠪ ᠬᠠᠮᠲᠤ ᠨᠠᠮ  ᠤᠨ ᠭᠡᠰᠢᠬᠦᠨ ᠪᠣᠯᠪᠠ ᠃ 1926 ᠣᠨ ᠳ᠋ᠦ( ᠢᠷᠭᠡᠨ ᠤᠯᠤᠰ ᠤᠨ 15 ᠵᠢᠯ ) ᠂  ᠪᠤᠰᠤᠳ ᠳᠤᠯᠤᠭᠠᠨ ᠬᠠᠮᠲᠤ ᠰᠤᠷᠤᠯᠭᠠᠲᠠᠨ ᠲᠠᠢ ᠪᠠᠨ ᠬᠠᠮᠲᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠣᠷᠣᠨ  ᠤ ᠨᠠᠮ  ᠤᠨ ᠬᠣᠷᠢᠶ᠎ᠠ ᠶ᠋ᠢᠨ  ᠲᠤᠮᠢᠯᠠᠯᠲᠠ ᠪᠠᠷ ᠭᠤᠸᠠᠩᠵᠸᠦ ᠳ᠋ᠤ ᠬᠦᠷᠴᠦ ᠂ ᠮᠠᠤ ᠽᠸ ᠳ᠋ᠦᠩ  ᠤᠨ ᠡᠷᠬᠢᠯᠡᠭᠰᠡᠨ ᠵᠢᠷᠭᠤᠳᠤᠭᠠᠷ ᠬᠤᠭᠤᠴᠠᠭᠠᠨ  ᠤ ᠲᠠᠷᠢᠶᠠᠴᠢᠨ  ᠤ ᠬᠥᠳᠡᠯᠭᠡᠭᠡᠨ ᠦ ᠵᠢᠭᠠᠨ ᠰᠤᠷᠭᠠᠬᠤ ᠭᠠᠵᠠᠷ ᠰᠤᠷᠤᠯᠴᠠᠪᠠ ᠃ ᠲᠡᠷᠡ ᠮᠠᠤ ᠽᠸ ᠳ᠋ᠦᠩ ᠂ ᠵᠧᠦ ᠡᠸ᠋ᠨ ᠯᠠᠢ᠂  ᠫᠸᠩ ᠫᠠᠢᠵᠡᠷᠭᠡ ᠮᠠᠰᠢ ᠤᠯᠠᠨ ᠦᠭᠡᠶᠢᠭᠦᠦ ᠠᠩᠬᠢ  ᠶ᠋ᠢᠨ ᠬᠤᠪᠢᠰᠬᠠᠯᠴᠢᠳ  ᠤᠨ ᠬᠢᠴᠢᠶᠡᠯ ᠢ ᠰᠤᠨᠤᠰᠴᠤ ᠂ ᠮᠠᠷᠺᠰ  ᠤᠨ ᠦᠵᠡᠯ  ᠤᠨ ᠤᠨᠦᠯ  ᠢ ᠰᠢᠰᠲ᠋ᠧᠮ ᠲᠡᠶ  ᠰᠤᠷᠤᠯᠴᠠᠭᠰᠠᠨ ᠪᠠᠶᠢᠨ᠎ᠠ ᠃ ᠰᠤᠷᠤᠯᠴᠠᠯᠭ᠎ᠠ ᠲᠡᠭᠦᠰᠦᠭᠰᠡᠨ  ᠤ ᠳᠠᠷᠠᠭ᠎ᠠ ᠬᠦᠢᠰᠦ᠋ᠢ ᠳᠤ ᠪᠤᠴᠠᠨ ᠢᠷᠡᠵᠦ ᠂  ᠳᠤᠮᠳᠠᠳᠤ ᠤᠯᠤᠰ ᠤᠨ ᠡᠪ ᠬᠠᠮᠲᠤ ᠨᠠᠮ  ᠤᠨ ᠰᠦᠢᠶᠤᠸᠠᠨ ᠮᠤᠵᠢ  ᠶ᠋ᠢᠨ ᠠᠵᠢᠯᠯᠠᠬᠤ ᠬᠣᠷᠢᠶ᠎ᠠ  ᠶ᠋ᠢᠨ ᠤᠳᠤᠷᠢᠳᠤᠯᠭ᠎ᠠ ᠶ᠋ᠢᠨ ᠳᠣᠣᠷ᠎ᠠ ᠂ ᠭᠣᠮᠢᠨᠳᠠᠩ  ᠤᠨ ᠰᠦᠢᠶᠤᠸᠠᠨ ᠤ ᠣᠨᠴᠣᠭᠣᠶ ᠨᠤᠲᠤᠭ  ᠤᠨ ᠨᠠᠮ  ᠤᠨ ᠬᠡᠯᠲᠡᠰ  ᠤᠨ ᠲᠠᠷᠢᠶᠠᠴᠢᠨ  ᠤ ᠬᠡᠯᠲᠡᠰ  ᠤᠨ ᠲᠠᠷᠢᠶᠠᠴᠢᠨ  ᠤ ᠬᠥᠳᠡᠯᠭᠡᠭᠡᠨ ᠤ ᠣᠨᠴᠠ ᠲᠣᠮᠢᠯᠠᠭᠳᠠᠭᠰᠠᠳ  ᠪᠡᠷ ᠂ ᠬᠥᠳᠡᠭᠡ ᠲᠣᠰᠬᠣᠨ ᠳᠤ ᠭᠦᠨᠵᠡᠭᠡᠶᠢᠷᠡᠨ ᠂ ᠲᠦᠮᠡᠳ ᠤᠨ ᠲᠠᠷᠢᠶᠠᠴᠢᠨ  ᠤ ᠬᠥᠳᠡᠯᠭᠡᠭᠡᠨ  ᠢ ᠥᠷᠨᠢᠭᠦᠯᠪᠡ ᠃ ᠲᠠᠷᠢᠶᠠᠴᠢᠨ ᠤ ᠡᠪᠯᠡᠯ ᠢ ᠪᠡᠯᠡᠳᠬᠡᠨ ᠪᠠᠶᠢᠭᠤᠯᠵᠤ ᠂ ᠡᠪ ᠬᠠᠮᠲᠤ ᠨᠠᠮ  ᠤᠨ ᠭᠡᠰᠢᠭᠦᠨ ᠡᠯᠰᠡᠵᠦ ᠂ ᠳᠤᠮᠳᠠᠳᠤ ᠤᠯᠤᠰ  ᠤᠨ ᠡᠪ ᠬᠠᠮᠲᠤ ᠨᠠᠮ  ᠤᠨ ᠨᠠᠮ  ᠤᠨ ᠵᠣᠬᠢᠶᠠᠨ ᠪᠠᠶᠢᠭᠤᠯᠤᠯᠲᠠ ᠶᠢ  ᠪᠠᠶᠢᠭᠤᠯᠵᠤ ᠂ ᠲᠦᠮᠡᠳ ᠤᠨ ᠭᠠᠵᠠᠷ ᠣᠷᠣᠨ ᠤ ᠲᠠᠷᠢᠶᠠᠴᠢᠨ  ᠤ ᠬᠥᠳᠡᠯᠭᠡᠭᠡᠨ ᠢ ᠴᠤᠭ ᠪᠠᠳᠠᠷᠠᠩᠭᠤᠶ ᠦᠷᠨᠢᠭᠦᠯᠦᠨ ᠡᠬᠢᠯᠡᠭᠰᠡᠨ ᠪᠠᠶᠢᠨ᠎ᠠ ᠃
    1927 ᠣᠨ  ᠤ ( ᠢᠷᠭᠡᠨ ᠤᠯᠤᠰ  ᠤᠨ 16 ᠵᠢᠯ ) ᠤ ᠬᠠᠪᠤᠷ ᠂ ᠵᠢᠷᠭᠠᠯ ᠳᠤᠮᠳᠠᠳᠤ ᠤᠯᠤᠰ ᠤᠨ ᠡᠪ ᠬᠠᠮᠲᠤ ᠨᠠᠮ ᠤᠨ ᠰᠦᠢᠶᠤᠸᠠᠨ ᠮᠤᠵᠢ ᠶ᠋ᠢᠨ ᠲᠤᠰᠬᠠᠶ ᠣᠷᠣᠨ  ᠦ ᠨᠠᠮ  ᠤᠨ ᠬᠣᠷᠢᠶᠠᠨ  ᠤ ᠤᠳᠤᠷᠢᠳᠤᠯᠭ᠎ᠠ  ᠶ᠋ᠢᠨ ᠳᠣᠣᠷ᠎ᠠ ᠂ ᠬᠦᠢᠰᠦ᠋ᠢ ︽ ‍ᠬᠦ᠋ ᠾᠦᠨ ᠲᠠᠨ  ᠦ ᠬᠡᠷᠡᠭ ︾ᠲᠤ ᠬᠠᠮᠵᠢᠯᠴᠠᠨ ᠂ ᠰᠦᠢᠶᠤᠸᠠᠨ  ᠤ ᠪᠠᠷᠠᠭᠤᠨ ᠬᠡᠰᠡᠭ ᠣᠷᠣᠨ ᠤ ᠪᠢᠴᠢᠭᠡᠴᠢ ᠳᠤ ᠂ ᠲᠠᠷᠢᠶᠠᠴᠢᠳ  ᠢ ᠲᠠᠢᠢᠴᠢᠯᠠᠨ ᠂ ᠰᠦᠢᠶᠤᠸᠠᠨ  ᠤ ᠵᠠᠬᠢᠷᠠᠭᠴᠢ ᠶᠢᠨ ︽ ᠭᠠᠵᠠᠷ ᠲᠠᠷᠢᠶᠠᠨ ᠶ᠋ᠢ ᠬᠡᠮᠵᠢᠭᠦᠯᠵᠦ ︾ ᠪᠠ ︽ᠲᠠᠮᠠᠬᠢ ᠴᠠᠭᠠᠵᠠᠯᠠᠬᠤ ᠶ᠋ᠢ ᠴᠢᠯᠦᠭᠡᠲᠠᠢ ᠪᠣᠯᠭᠠᠬᠤ ︾ ᠶᠢ ᠡᠰᠡᠷᠭᠦᠴᠡᠭᠰᠡᠨ ᠪᠠᠶᠢᠨ᠎ᠠ᠃  ᠲᠤᠬᠠᠢ ᠶ᠋ᠢᠨ ᠦᠶ᠎ᠡ ᠳ᠋ᠦ ᠂ ᠬᠦᠢᠰᠦ᠋ᠢ ᠶ᠋ᠢᠨ ᠡᠷᠬᠡ ᠪᠠᠷᠢᠭᠴᠢᠳ  ᠤᠨ ᠢᠯᠡᠭᠦᠴᠡ ᠠᠲᠡᠷ  ᠭᠠᠵᠠᠷ ᠢ ᠬᠠᠭᠠᠯᠪᠦᠷᠢᠯᠠᠬᠤ ᠪᠠᠷ ᠪᠤᠯᠭᠠᠵᠤ᠂  ᠭᠠᠵᠠᠷ ᠲᠠᠷᠢᠶ᠎ᠠ ᠬᠡᠮᠵᠢᠬᠦ ᠲᠣᠪᠴᠢᠶ᠎ᠠ ᠶ᠋ᠢ ᠪᠠᠶᠢᠭᠤᠯᠵᠤ᠂ ᠭᠠᠵᠠᠷ ᠰᠢᠷᠣᠶ ᠥᠮᠴᠢᠯᠡᠭᠴᠢ  ᠳ᠋ᠤ ᠬᠡᠮᠵᠢᠯᠲᠡ ᠶ᠋ᠢᠨ ᠵᠠᠷᠤᠳᠠᠯ ᠲᠤᠰᠢᠶᠠᠬᠤ ᠬᠡᠷᠡᠭᠲᠡᠢ ᠭᠡᠵᠦ ᠬᠠᠤᠯᠢ ᠲᠤᠭᠲᠠᠭᠠᠵᠤ ᠂ ᠪᠠᠰᠠ ᠢᠯᠡᠭᠦᠦ ᠬᠡᠮᠵᠢᠵᠦ ᠭᠠᠷᠭᠠᠭᠰᠠᠨ ᠂ ᠭᠠᠵᠠᠷ ᠰᠢᠷᠣᠶ ᠶ᠋ᠢᠨ ᠭᠠᠵᠠᠷ  ᠤᠨ ᠦᠨ᠎ᠡ ᠪᠡᠷ ᠭᠠᠶᠢᠯᠢ ᠲᠤᠰᠢᠶᠠᠬᠤ ᠬᠡᠷᠡᠭᠲᠡᠶ ᠭᠡᠵᠡᠢ ᠃ ᠡᠭᠦᠨ  ᠦ ᠬᠠᠮᠲᠤ ᠂ ᠬᠠᠷ᠎ᠠ ᠲᠠᠮᠠᠬᠢ  ᠲᠠᠷᠢᠬᠤ ᠶ᠋ᠢ ᠡᠷᠬᠢᠮᠯᠡᠵᠦ᠂ ᠡᠨᠡ ᠨᠢ ᠲᠤᠬᠠᠶ  ᠶ᠋ᠢᠨ ᠦᠶ᠎ᠡ  ᠳ᠋ᠡᠬᠡᠨ ᠲᠠᠷᠢᠶᠠᠴᠢᠳ ᠤᠨ ᠲᠤᠶᠢᠯ  ᠤᠨ ᠶᠡᠬᠡ ᠬᠢᠯᠢᠩ ᠬᠣᠷᠣᠰᠤᠯ ᠢ ᠲᠥᠷᠥᠭᠦᠯᠵᠦ ᠪᠠᠶᠢᠵᠠᠢ᠃ ᠵᠢᠷᠭᠠᠯ ᠲᠤᠬᠠᠶ ᠶ᠋ᠢᠨᠭᠠᠵᠠᠷ  ᠤᠨ ᠤᠯᠠᠨ ᠲᠦᠮᠡᠨ ᠪᠠ ᠨᠠᠮ  ᠤᠨ ᠭᠡᠰᠢᠭᠦᠳ  ᠲᠠᠢ ᠬᠠᠮᠵᠢᠯᠴᠠᠵᠤ ᠪᠠᠶᠢᠭᠠᠳ ᠭᠠᠵᠠᠷ ᠬᠡᠮᠵᠢᠬᠦ  ᠲᠤᠪᠴᠢᠶᠠᠨ ᠤ ᠲᠤᠰᠢᠶᠠᠯᠲᠠᠳ ᠬᠣᠶᠢᠬᠤᠷ ᠠᠷᠭ᠎ᠠ ᠪᠠᠷ ᠬᠣᠪᠢ ᠶᠢᠨ ᠠᠰᠢᠭ ᠬᠦᠭᠡᠭᠡᠯᠳᠦᠭᠰᠡᠨ ᠬᠡᠷᠡᠴᠢ ᠪᠠᠷᠢᠮᠲᠠ ᠢ ᠣᠯᠤᠭᠰᠠᠨ ᠤ ᠳᠠᠷᠠᠭ᠎ᠠ ᠂ ᠲᠡᠳᠡᠨ ᠢ ᠪᠢᠴᠢᠭᠡᠴᠢ ᠡᠴᠡ ᠬᠦᠭᠡᠭᠡᠨ ᠭᠠᠷᠭᠠᠭᠰᠠᠨ ᠪᠠᠶᠢᠨ᠎ᠠ᠃ ᠡᠷᠬᠡ ᠪᠠᠷᠢᠭᠴᠢᠳ ᠠᠷᠭ᠎ᠠ ᠦᠭᠡᠢ ᠭᠠᠵᠠᠷ ᠡᠵᠡᠯᠡᠬᠦ ᠪᠡᠨ ᠵᠣᠭᠰᠣᠭᠠᠵᠤ ᠂ ᠬᠠᠷ᠎ᠠ ᠲᠠᠮᠠᠬᠢ  ᠶ᠋ᠢᠨ ᠴᠠᠭᠠᠵᠠ ᠶᠢ ᠰᠤᠯᠠᠯᠠᠬᠤ ᠪᠡᠨ ᠬᠦᠴᠦᠨ ᠦᠭᠡᠶ ᠪᠣᠯᠭᠠᠬᠤ ᠲᠣᠭᠲᠠᠭᠠᠯ  ᠭᠠᠷᠭᠠᠵᠤ᠂ ᠠᠲᠠᠷ ᠬᠠᠭᠠᠯᠪᠤᠷᠢᠯᠠᠬᠤ  ᠶᠠᠪᠤᠳᠠᠯ ᠤᠨ ᠱᠠᠮᠰᠢᠭᠰᠠᠨ ᠨᠤᠶᠠᠳ ᠤᠨ ᠲᠤᠰᠢᠶᠠᠯ ᠢ ᠤᠭᠴᠠᠷᠠᠭᠤᠯᠵᠤ ᠂ ᠬᠦᠢᠰᠦ᠋ᠢ ᠰᠢᠶᠠᠨ ᠤ ᠬᠡᠷᠡᠭ ᠮᠡᠳᠡᠭᠴᠢ ᠵᠡᠷᠭᠡ ᠠᠪᠯᠢᠭᠠᠴᠢ ᠨᠣᠶᠠᠳ ᠤᠨ ᠲᠤᠰᠢᠶᠠᠯ ᠤᠭᠴᠠᠷᠠᠭᠤᠯᠵᠦ ᠂ ᠢᠩᠭᠢᠭᠡᠳ ᠲᠡᠮᠡᠴᠡᠯ ᠢᠯᠠᠯᠲᠠ ᠣᠯᠵᠠᠶ᠃
    1929 ᠣᠨ  ᠤ( ᠢᠷᠭᠡᠨ ᠤᠯᠤᠰ  ᠤᠨ 18 ᠳ᠋ᠤᠭᠠᠷ ᠣᠨ )  4 ᠰᠠᠷ᠎ᠠ ᠳ᠋ᠤ ᠂ ᠵᠢᠷᠭᠠᠯ ᠪᠥᠬᠥᠳᠡ ᠨᠠᠶᠢᠷᠠᠮᠳᠠᠬᠤ ᠮᠣᠩᠭᠣᠯ ᠠᠷᠠᠳ ᠤᠯᠤᠰ ᠲᠤ ᠲᠣᠮᠢᠯᠠᠭᠳᠠᠨ ᠣᠴᠢᠵᠤ ᠨᠠᠮ ᠤᠨ ᠰᠤᠷᠭᠠᠭᠤᠯᠢ  ᠳ᠋ᠦ ᠰᠤᠷᠤᠯᠴᠠᠪᠠ ᠃ 1932 ᠣᠨ ᠤ ( ᠢᠷᠭᠡᠨ ᠤᠯᠤᠰ ᠤᠨ 21 ᠣᠨ )  ᠳ᠋ᠤ᠂ ᠰᠤᠷᠤᠯᠭ᠎ᠠ ᠳᠠᠭᠤᠰᠤᠭᠰᠠᠨ  ᠤ ᠲᠠᠷᠠᠭ᠎ᠠ ᠂ ᠤᠯᠠᠭᠠᠨ ᠠᠵᠢᠯᠴᠢᠨ  ᠤ ᠢᠨᠲ᠋ᠧᠷᠨᠠᠼᠢᠣᠨᠠᠯ ᠤᠨ ᠳᠤᠮᠳᠠᠳᠤ ᠤᠯᠤᠰ  ᠤᠨ ᠠᠵᠢᠯᠴᠢᠨ  ᠤ ᠺᠯᠦ᠋ᠪ ᠤᠨ ᠠᠵᠢᠯᠯᠠᠭᠴᠢ ᠪᠥᠭᠡᠳ ᠨᠢᠭᠲᠠᠯᠠᠨ ᠪᠤᠲᠤᠭᠴᠢ ᠪᠤᠯᠵᠠᠢ᠃
    1937 ᠣᠨ  ᠤ ( ᠢᠷᠭᠡᠨ ᠤᠯᠤᠰ ᠤᠨ 26 ᠵᠢᠯ ) 8 ᠰᠠᠷ᠎ᠠ  ᠳ᠋ᠤ ᠂ ᠶᠠᠫᠣᠨ  ᠢ ᠡᠰᠡᠷᠭᠦᠴᠡᠬᠦ ᠳᠠᠶᠢᠨ ᠡᠭᠦᠰᠦᠭᠰᠡᠨ  ᠤ ᠳᠠᠷᠠᠭ᠎ᠠ ᠂ ᠵᠢᠷᠭᠠᠯ ᠵᠡᠷᠭᠡ ᠤᠯᠤᠰ ᠲᠠᠭᠠᠨ ᠪᠤᠴᠠᠵᠤ ᠂ ᠶᠠᠫᠣᠨ ᠢ ᠡᠰᠡᠷᠭᠦᠴᠡᠬᠦ ᠲᠡᠮᠡᠴᠡᠯ  ᠳ᠋ᠦ ᠤᠷᠤᠯᠴᠠᠪᠠ᠃ ᠡᠨᠡ ᠦᠢ᠎ᠡ ᠳ᠋ᠤ ᠂ ᠲᠡᠭᠦᠨ  ᠤ ᠡᠬᠡᠨᠡᠷ ᠪᠠ ᠬᠣᠶᠠᠷ ᠬᠦᠦ ᠨᠢ ᠨᠢᠭᠡᠨᠲᠡ 1929 ᠣᠨ ᠤ ( ᠢᠷᠭᠡᠨ ᠤᠯᠤᠰ ᠤᠨ 18 ᠵᠢᠯ ) ᠶᠡᠬᠡ ᠭᠠᠩ ᠭᠠᠴᠢᠭ ᠳᠤᠮᠳᠠ ᠣᠢᠭᠦᠵᠠᠢ ᠃  ᠲᠡᠷᠡ ᠬᠦᠢᠰᠦᠢ ᠳ᠋ᠦ ᠪᠤᠴᠠᠨ ᠢᠷᠡᠵᠦ ᠂ ᠪᠤᠭᠤᠲᠤ ᠂ ᠬᠦᠢᠰᠦ᠋ᠢ ᠂ ᠳ᠋ᠠᠲ᠋ᠦ᠋ᠩ ᠲᠠᠮᠦᠷ ᠵᠠᠮ ᠳᠠᠭᠠᠤ ᠨᠢᠭᠤᠴᠠ ᠠᠵᠢᠯ ᠢ ᠬᠢᠵᠦ ᠪᠠᠶᠢᠪᠠ ᠃ ᠶᠠᠩ ᡁᠢ ᠯᠢᠨ ᠂ ᠭᠤᠤ ᠹᠸᠩ ᠢᠩ ᠂  ᠯᠢᠦ ᠬᠤᠩᠰᠢᠶᠦ᠋ᠩ ᠵᠡᠷᠭᠡ ᠬᠥᠮᠦᠰ ᠲᠠᠢ ᠶᠠᠫᠣᠨ ᠢ ᠡᠰᠡᠷᠭᠦᠴᠡᠬᠦ ᠵᠡᠪᠰᠡᠭᠲᠦ ᠬᠦᠴᠦᠨ ᠨᠢ ᠵᠡᠪᠰᠡᠭᠲᠦ ᠬᠦᠴᠦᠨ ᠢ ᠵᠣᠬᠢᠶᠠᠨ ᠪᠠᠶᠢᠭᠤᠯᠵᠦ᠂ ᠵᠡᠪᠰᠡᠭᠲᠦ ᠬᠦᠴᠦᠨ ᠢᠶᠡᠷ ᠶᠠᠫᠣᠨ  ᠢ ᠡᠰᠡᠷᠭᠦᠴᠡᠬᠦ ᠲᠡᠮᠡᠴᠡᠯ  ᠢ ᠦᠷᠨᠢᠭᠦᠯᠵᠠᠢ ᠃ 1938  ᠤᠨ ᠤ( ᠢᠷᠭᠡᠨ ᠤᠯᠤᠰ ᠤᠨ 27 )ᠨᠠᠮᠤᠷ ᠂ ᠳ᠋ᠠᠲ᠋ᠦ᠋ᠩ ᠬᠤᠲᠠ ᠶ᠋ᠢᠨ ᠤᠮᠠᠷ᠎ᠠ ᠦᠸ᠋ᠸ ᠭᠦ᠋ ᠸᠠᠨ ᠳᠤ ᠶᠠᠫᠣᠨ ᠴᠡᠷᠢᠭ ᠦᠨ  ᠬᠦᠮᠦᠷᠭᠡ ᠪᠠᠶᠢᠬᠤ ᠶ᠋ᠢ ᠮᠡᠳᠡᠭᠰᠡᠨ ᠦ ᠬᠤᠶᠢᠨ᠎ᠠ  ᠂ ᠭᠤᠶᠢᠷᠠᠨᠴᠢ ᠪᠠᠷ ᠤᠪᠯᠠᠵᠦ ᠶᠠᠫᠣᠨ ᠴᠡᠷᠢᠭ ᠬᠥᠳᠡᠯᠮᠦᠷᠢᠴᠢᠨ ᠠᠵᠢᠯᠴᠢᠨ ᠢ ᠪᠠᠷᠢᠪᠴᠢᠯᠠᠵᠦ ᠪᠠᠶᠢᠬᠤ ᠶᠢ ᠳᠠᠯᠢᠮᠳᠠᠭᠤᠯᠤᠨ ᠬᠥᠮᠥᠷᠭᠡ ᠳᠣᠲᠣᠷ᠎ᠠ ᠬᠤᠳᠬᠤᠨ ᠣᠷᠣᠵᠤ ᠳᠡᠯᠪᠡᠴᠢᠪᠡ᠃ ᠬᠡᠳᠦᠨ ᠡᠳᠦᠷ ᠦᠨ ᠳᠠᠷᠠᠭ᠎ᠠ ᠡᠨᠡ ᠬᠦ ᠫᠤᠤ ᠵᠡᠪᠰᠡᠭ ᠦᠨ ᠬᠦᠮᠦᠷᠭᠡ ᠶᠢ ᠠᠮᠵᠢᠯᠲᠠ ᠲᠠᠶ ᠪᠠᠷ ᠳᠡᠯᠪᠡᠴᠢᠵᠦ ᠬᠠᠶᠠᠭᠰᠠᠨ ᠪᠠᠶᠢᠨ᠎ᠠ ᠃
    1939 ᠣᠨ ( ᠢᠷᠭᠡᠨ ᠤᠯᠤᠰ  ᠤᠨ 28 ᠳ᠋ᠤᠭᠠᠷ ᠣᠨ ) 9 ᠰᠠᠷ᠎ᠠ  ᠳ᠋ᠤ᠂ ᠳᠤᠮᠳᠠᠳᠤ ᠤᠯᠤᠰ  ᠤᠨ ᠡᠪ ᠬᠠᠮᠲᠤ ᠨᠠᠮ ᠤᠨ ᠰᠦᠢᠶᠤᠸᠠᠨ ᠮᠤᠵᠢ  ᠶ᠋ᠢᠨ ᠬᠣᠷᠢᠶ᠎ᠠ ᠡᠴᠡ ᠮᠣᠩᠭᠣᠯ ᠤᠨ ᠠᠵᠢᠯ  ᠤᠨ ᠬᠣᠷᠢᠶ᠎ᠠ ᠪᠠᠶᠢᠭᠤᠯᠵᠦ ᠂ ᠵᠢᠷᠭᠠᠯ ᠭᠣᠣᠯ ᠬᠠᠷᠢᠭᠤᠴᠠᠯᠭᠠᠲᠠᠨ  ᠤ ᠨᠢᠭᠡ ᠪᠣᠯᠵᠠᠶ ᠃ ᠲᠡᠷᠡ ᠯᠢ ᠰᠸᠨ ᠵᠡᠷᠭᠡ ᠬᠥᠮᠦᠰ ᠲᠠᠢ ᠬᠠᠮᠲᠤ ᠪᠠᠷ ᠮᠣᠩᠭᠣᠯ ᠤᠨ ᠶᠠᠫᠣᠨ ᠢ ᠡᠰᠡᠷᠭᠦᠴᠡᠬᠦ ᠫᠠᠷᠲ᠋ᠢᠽᠠᠨ ᠠᠡᠭᠬᠢ ᠶᠢ ᠡᠭᠦᠰᠭᠡᠨ ᠪᠠᠶᠢᠭᠤᠯᠵᠤ ᠂ ᠪᠠᠰᠠ ᠠᠩᠬᠠᠨ ᠤ ᠵᠢᠭᠠᠨ ᠵᠢᠯᠤᠭᠤᠳᠤᠭᠴᠢ ᠪᠠᠶᠢᠪᠠ ᠃ ᠲᠦᠮᠡᠳ ᠮᠣᠩᠭᠣᠯ ᠦᠨᠳᠦᠰᠦᠲᠡᠨ ᠤ ᠠᠵᠢᠯ ᠢ ᠦᠷᠨᠢᠭᠦᠯᠬᠦ ᠤᠨ ᠲᠥᠯᠥᠭᠡ ᠂ ᠬᠤᠳᠠᠯᠳᠤᠭᠠᠴᠢᠳ ᠤ ᠳᠠᠮᠨᠠᠭᠤᠷ ᠡᠭᠦᠷᠡᠵᠦ ᠂ ᠯᠢ ᠰᠸᠨ ᠂ ᠭᠣᠣ ᠹᠸᠩ ᠶᠢᠩ ᠦᠨ ᠳᠠᠭᠠᠭᠤᠯᠤᠨ ᠮᠣᠩᠭᠣᠯ  ᠤᠨ ᠶᠠᠫᠣᠨ  ᠢ ᠡᠰᠡᠷᠭᠦᠴᠡᠬᠦ ᠫᠠᠷᠲ᠋ᠢᠽᠠᠨ ᠠᠡᠭᠬᠢ ᠳᠦ ᠬᠠᠮᠵᠢᠯᠴᠠᠨ ᠂ ᠰᠦᠢᠶᠤᠸᠠᠨ  ᠦ ᠪᠠᠷᠠᠭᠤᠨ ᠬᠣᠢ᠌ᠳᠤᠬᠢ ᠲᠠᠯ᠎ᠠ ᠨᠤᠲᠤᠭ ᠂ ᠠᠭᠤᠯᠠᠷᠬᠠᠭ ᠣᠷᠣᠨ ᠢᠶᠠᠷ ᠪᠠᠶᠢᠯᠳᠤᠨ ᠶᠠᠪᠤᠳᠠᠭ ᠃
    ᠦᠨᠳᠦᠰᠦᠲᠡᠨ  ᠤ ᠺᠠᠳ᠋ᠷ  ᠢ ᠬᠥᠮᠦᠵᠢᠭᠦᠯᠬᠦ  ᠶ᠋ᠢᠨ ᠲᠥᠯᠥᠭᠡ ᠂ ᠵᠢᠷᠭᠠᠯ ᠪᠣᠯᠤᠨ ᠺᠦᠢ ᠪᠢ ᠂ ᠢᠳᠡᠪᠬᠢᠲᠡᠶ ᠪᠡᠷ ᠮᠣᠩᠭᠣᠯ ᠬᠢᠲᠠᠳ ᠵᠠᠯᠠᠭᠤᠴᠤᠳ ᠢ ᠰᠤᠩᠭᠤᠵᠤ ᠬᠤᠪᠢᠰᠬᠠᠯ ᠤᠨ ᠭᠤᠯᠤᠮᠳᠠ ᠶᠠᠨ ᠠᠨ  ᠳ᠋ᠤ ᠬᠦᠷᠭᠡᠵᠦ ᠰᠤᠷᠤᠯᠴᠠᠭᠤᠯᠪᠠ ᠃ ᠤᠷᠢᠳᠠᠪᠠᠷ ᠡᠳᠡᠭᠡᠷ ᠵᠠᠯᠠᠭᠤ ᠬᠥᠮᠦᠰ ᠤᠨ ᠠᠮᠤᠷ ᠲᠦᠪᠰᠢᠨ ᠢ ᠬᠠᠷᠢᠭᠤᠴᠠᠵᠤ ᠂ ᠬᠠᠲᠤᠨ ᠭᠣᠣᠯ ᠤᠨ ᠲᠠᠯ᠎ᠠ ᠭᠠᠵᠠᠷ ᠲᠤ ᠬᠦᠷᠭᠡᠵᠦ ᠥᠭᠴᠦ ᠪᠠᠶᠢᠭᠠᠳ ᠰᠠᠭᠤᠷᠢᠨ ᠭᠠᠵᠠᠷ ᠤᠨ ᠨᠦᠬᠦᠳ ᠡᠴᠠ ᠡᠳᠡᠭᠡᠷ  ᠵᠠᠯᠠᠭᠤᠴᠤᠳ ᠢ ᠳᠠᠭᠠᠭᠤᠯᠤᠨ ᠶᠠᠨ ᠠᠨ ᠳ᠋ᠦ ᠬᠦᠷᠳᠡᠭ ᠃ ᠡᠶᠢᠮᠦᠷᠬᠦ ᠠᠷᠭ᠎ᠠ ᠪᠠᠷ ᠂ ᠵᠢᠷᠭᠠᠯ ᠬᠡᠳᠦᠨ ᠪᠦᠯᠦᠭ ᠮᠣᠩᠭᠣᠯ ᠬᠢᠲᠠᠳ ᠵᠠᠯᠠᠭᠤᠴᠤᠳ ᠢ ᠬᠦᠷᠭᠡᠵᠦ ᠰᠤᠷᠤᠯᠴᠠᠭᠤᠯᠤᠨ ᠂ ᠬᠤᠪᠢᠰᠬᠠᠯ  ᠤᠨ ᠲᠥᠯᠥᠭᠡ ᠦᠨᠳᠦᠰᠦᠲᠡᠨ  ᠤ ᠺᠠᠳ᠋ᠷ  ᠢ ᠦᠯᠡᠮᠵᠢᠬᠡᠨ ᠬᠥᠮᠦᠵᠢᠭᠦᠯᠵᠦ ᠥᠭᠴᠡᠶ ᠃
    ᠡᠪ ᠬᠠᠮᠲᠤ ᠨᠠᠮ ᠢ ᠰᠡᠷᠭᠡᠶᠢᠯᠡᠬᠦ ᠬᠠᠭᠤᠷᠮᠠᠭ ᠬᠤᠶᠠᠳᠤᠭᠠᠷ ᠳ᠋ᠢᠸᠢᠽᠢ ᠶ᠋ᠢᠨ ᠳᠠᠷᠤᠭ᠎ᠠ ᠬᠠᠨ ᠥ ᠵᠠᠢ ᠶᠠᠫᠣᠨ  ᠢ ᠡᠰᠡᠷᠭᠦᠴᠡᠬᠦ ᠵᠠᠮ ᠵᠠᠮᠨᠠᠭᠤᠯᠬᠤ ᠶ᠋ᠢᠨ ᠲᠦᠯᠦᠭᠡ᠂ ᠵᠢᠷᠭᠠᠯ ᠰᠢᠷᠭᠠᠭᠤ ᠬᠦᠴᠦ ᠣᠷᠤᠭᠤᠯᠤᠨ ᠶᠡᠬᠡ ᠬᠡᠮᠵᠢᠶᠡᠨ ᠤ ᠴᠠᠭ ᠵᠠᠷᠤᠴᠠᠭᠤᠯᠵᠤ ᠂ ᠭᠦᠨ ᠭᠦᠨᠵᠡᠭᠡᠶ ᠨᠠᠷᠢᠨ ᠨᠢᠮᠪᠠᠶ ᠦᠵᠡᠯ ᠰᠠᠨᠠᠭᠠᠨ  ᠤ ᠠᠵᠢᠯ  ᠬᠢᠵᠦ ᠲᠡᠭᠦᠨ ᠢ ᠶᠠᠫᠣᠨ ᠢ ᠡᠰᠡᠷᠭᠦᠴᠡᠬᠦ  ᠵᠠᠮ ᠢᠶᠠᠷ ᠡᠷᠡᠰ ᠲᠠᠰᠤᠷᠬᠠᠶ  ᠵᠠᠮᠨᠠᠭᠤᠯᠵᠤ᠂ ᠦᠨᠳᠦᠰᠦᠲᠡᠨ ᠤ ᠴᠢᠯᠥᠭᠡᠯᠡᠯᠲᠡ ᠂ ᠶᠠᠫᠣᠨ ᠢ ᠡᠰᠡᠷᠭᠦᠴᠡᠬᠦ ᠲᠠᠢᠢᠨ  ᠦ ᠢᠯᠠᠯᠲᠠ  ᠳ᠋ᠦ ᠣᠨᠴᠠᠭᠠᠶ ᠬᠤᠪᠢ ᠨᠡᠮᠡᠷᠢ ᠦᠵᠡᠭᠦᠯᠦᠭᠰᠡᠨ ᠪᠠᠶᠢᠨ᠎ᠠ ᠃
    1940 ᠣᠨ  ᠤ ( ᠢᠷᠭᠡᠨ ᠤᠯᠤᠰ ᠤᠨ 29 ᠣᠨ )  ᠡᠬᠢ ᠪᠡᠷ ᠂ ᠵᠢᠷᠭᠠᠯ ᠳᠤᠮᠳᠠᠳᠤ ᠤᠯᠤᠰ  ᠤᠨ ᠡᠪ ᠬᠠᠮᠲᠤ ᠨᠠᠮ  ᠤᠨ ᠰᠦᠢᠶᠤᠸᠠᠨ ᠤ ᠪᠠᠷᠠᠭᠤᠨᠳᠠᠬᠢ ᠲᠤᠰᠬᠠᠶ ᠣᠷᠣᠨ  ᠤ ᠨᠠᠮ  ᠤᠨ ᠬᠤᠷᠢᠶᠠᠨ ᠤ ᠮᠣᠩᠭᠣᠯ ᠠᠷᠠᠳ  ᠤᠨ ᠬᠡᠯᠲᠡᠰ  ᠤᠨ ᠳᠠᠷᠤᠭ᠎ᠠ ᠪᠠᠶᠢᠪᠠ ᠃ ᠰᠡᠭᠦᠯᠡᠷ ᠨᠢ ᠪᠠᠰᠠ ᠱᠠᠨ ᠰᠢ ᠰᠦᠢᠶᠤᠸᠠᠨ  ᠤ ᠫᠠᠷᠲ᠋ᠢᠽᠠᠨ ᠣᠷᠣᠨ ᠤ ᠵᠠᠬᠢᠷᠭ᠎ᠠ ᠶᠢᠨ ᠰᠦᠢᠶᠤᠸᠠᠨ ᠴᠠᠬᠠᠷ ᠲᠤ ᠰᠠᠭᠤᠭ᠎ᠠ ᠬᠡᠷᠡᠭ ᠡᠷᠬᠢᠯᠡᠬᠦ ᠭᠠᠵᠠᠷ  ᠤᠨ ᠮᠣᠩᠭᠣᠯ ᠵᠠᠰᠠᠭ  ᠤᠨ ᠭᠠᠵᠠᠷ  ᠤᠨ ᠳᠠᠷᠤᠭ᠎ᠠ  ᠶ᠋ᠢᠨ ᠲᠤᠰᠢᠶᠠᠯ  ᠢ ᠬᠠᠷᠢᠭᠤᠴᠠᠪᠠ ᠃ 1941 ᠣᠨ ᠤ( ᠢᠷᠭᠡᠨ ᠤᠯᠤᠰ ᠤᠨ ᠤ 30 ᠵᠢᠯ )  3 ᠰᠠᠷ᠎ᠠ  ᠳ᠋ᠤ ᠂ ᠵᠠᠷᠯᠢᠭ  ᠢᠶᠠᠷ ᠠᠷᠤ ᠲᠠᠯ᠎ᠠ  ᠳ᠋ᠤ ᠰᠤᠷᠤᠯᠴᠠᠬᠤ ᠪᠠᠷ ᠪᠣᠯᠵᠦ ᠂ ᠳᠠᠯᠠᠨ ᠬᠠᠷ᠎ᠠ ᠠᠭᠤᠯᠠ  ᠶ᠋ᠢᠨ ᠮᠣᠷᠢᠲᠤ ᠴᠡᠷᠢᠭ  ᠤᠨ ᠰᠠᠯᠪᠤᠷᠢ ᠠᠨᠭᠭᠢ  ᠶ᠋ᠢᠨ ᠰᠧᠯᠢᠩᠶᠤᠸᠠᠨ ᠶᠣᠣ ᠵᠧ ᠪᠣᠯᠤᠨ ᠨᠢᠭᠡ ᠪᠦᠯᠦᠭ ᠶᠠᠨ ᠠᠨ ᠳᠤ ᠣᠴᠢᠵᠦ ᠰᠤᠷᠤᠯᠴᠠᠬᠤ ᠵᠠᠯᠠᠭᠤᠴᠤᠳ ᠲᠠᠢ ᠬᠠᠮᠲᠤ ᠶᠠᠪᠤᠭᠰᠠᠨ ᠪᠠᠶᠢᠨ᠎ᠠ  ᠃ 19  ᠤ ᠡᠳᠦᠷ ᠂ ᠲᠡᠳᠡ  ᠰᠦᠢᠶᠤᠸᠠᠨ  ᠤ ᠪᠠᠷᠠᠭᠤᠨᠳᠠᠬᠢ ᠵᠠᠩ ᠴᠢ ᠮᠢᠩ ᠭᠧᠤ ᠬᠦᠷᠴᠦ ᠪᠡᠯᠡᠳᠬᠡᠬᠦ ᠬᠣᠭᠣᠯᠠ ᠢᠳᠡᠬᠦ ᠪᠡᠷ ᠪᠡᠯᠡᠳᠬᠡᠵᠦ ᠪᠠᠶᠢᠭᠰᠠᠨ ᠦᠶ᠎ᠡ ᠳ᠋ᠤ᠂ ᠬᠦᠭᠡᠭᠡᠵᠦ ᠢᠷᠡᠭᠰᠡᠨ ᠶᠠᠫᠣᠨ ᠴᠡᠷᠢᠭ ᠪᠠ ᠬᠠᠭᠤᠷᠮᠠᠭ ᠴᠡᠷᠢᠭ  ᠲᠤ  ᠪᠦᠰᠡᠯᠡᠭᠳᠡᠪᠡ᠃ ᠶᠣᠣ ᠵᠧ ᠶᠢᠨ ᠴᠡᠷᠢᠭ ᠠᠩᠬᠢ ᠪᠠᠨ ᠳᠠᠭᠠᠭᠤᠯᠤᠨ ᠬᠣᠷᠢᠭᠯᠠᠨ ᠲᠤᠯᠤᠯᠳᠦᠵᠦ ᠂ ᠵᠢᠷᠭᠠᠯ ᠬᠠᠷᠢᠨ ᠵᠠᠯᠠᠭᠤᠴᠤᠳ ᠢ ᠬᠠᠮᠠᠭᠠᠯᠠᠬᠤ ᠶ᠋ᠢᠨ ᠲᠦᠯᠦᠭᠡ ᠬᠣᠶᠢᠰᠢ ᠤᠬᠤᠷᠢᠭᠰᠠᠨ ᠪᠠᠶᠢᠨ᠎ᠠ ᠃  ᠲᠠᠷᠡ ᠬᠠᠮᠤᠭ ᠰᠡᠭᠦᠯᠴᠢ  ᠶ᠋ᠢᠨ ᠬᠡᠳᠦᠨ ᠵᠠᠯᠠᠭᠤ ᠶᠢ ᠳᠠᠭᠠᠭᠤᠯᠤᠨ ᠢᠯᠡ ᠵᠠᠳᠠᠭᠠᠢ ᠭᠠᠵᠠᠷ  ᠢ ᠳᠠᠭᠠᠷᠢᠨ ᠥᠩᠭᠡᠷᠡᠬᠦ ᠦᠶ᠎ᠡ  ᠳ᠋ᠤ ᠳᠠᠶᠢᠰᠤᠨ  ᠤ ᠰᠤᠮᠤᠨ  ᠳ᠋ᠤ ᠣᠨᠣᠭᠳᠠᠵᠤ ᠢᠷᠠᠭᠤ ᠠᠯᠳᠠᠷᠲᠠᠶ ᠪᠠᠷ ᠪᠡᠶ᠎ᠡ ᠦᠷᠡᠭᠳᠡᠭᠰᠡᠨ ᠪᠠᠶᠢᠨ᠎ᠠ ᠂ ᠳᠤᠮᠳᠠᠳᠤ ᠤᠯᠤᠰ ᠤᠨ ᠬᠤᠪᠢᠰᠬᠠᠯ  ᠶ᠋ᠢᠨ ᠢᠯᠠᠯᠲᠠ  ᠳ᠋ᠦ ᠡᠷᠬᠢᠮ ᠨᠠᠨᠳᠢᠨ ᠠᠮᠢ ᠨᠠᠰᠤ ᠪᠠᠨ ᠵᠣᠷᠢᠭᠤᠯᠤᠭᠰᠠᠨ ᠶᠤᠮ ᠃

ᠵᠣᠬᠢᠶᠠᠭᠴᠢ:
ᠢᠷᠡᠯᠲᠡ: