ᠵᠢᠶ ᠰᠦᠡᠭ ᠯᠢᠩ

  2019-05-16



    ᠵᠢᠶ ᠰᠦᠡᠭ ᠯᠢᠩ (1899 ︱1942 ) ᠂ ᠥᠭᠡᠷ᠎ᠡ ᠨᠡᠷ᠎ᠡ ᠵᠢᠶ ᠱᠢ ᠰᠢᠶᠦ᠋ᠨ ᠂ ᠮᠣᠩᠭᠣᠯ ᠨᠡᠷ᠎ᠡ ᠨᠢᠱᠸᠢ ᠂ ᠮᠣᠩᠭᠣᠯ ᠦᠨᠳᠦᠰᠦᠲᠡᠨ ᠂ 1899 ᠣᠨ ᠳ᠋ᠤ ᠲᠦᠷᠦᠵᠡᠢ᠃ ᠴᠠᠬᠠᠷ ᠪᠠᠷᠠᠭᠤᠨ ᠭᠠᠷᠤᠨ  ᠤᠨ ᠰᠢᠯᠤᠭᠤᠨ ᠰᠢᠷ᠎ᠠ ᠬᠣᠰᠢᠭᠤᠨ ᠤ ᠬᠥᠮᠦᠨ  ︵ ᠣᠳᠣ  ᠶ᠋ᠢᠨ ᠤᠯᠠᠭᠠᠨᠴᠠᠪ ᠠᠶᠢᠮᠠᠭ ᠤᠨ ᠴᠠᠬᠠᠷ ᠪᠠᠷᠠᠭᠤᠨ ᠭᠠᠷᠤᠨ ᠡᠮᠦᠨᠡᠲᠦ ᠬᠤᠰᠢᠭᠤ  ) ᠃
    1915 ᠣᠨ  ᠳ᠋ᠦ ᠰᠢᠯᠤᠭᠤᠨ ᠰᠢᠷ᠎ᠠ ᠬᠣᠰᠢᠭᠤᠨ ᠤ ᠷᠸᠨ ᠵᠸᠩ ᠪᠠᠭ᠎ᠠ ᠰᠤᠷᠭᠠᠭᠤᠯᠢ  ᠳ᠋ᠦ ᠪᠢᠴᠢᠭ ᠦᠵᠡᠵᠡᠶ ᠃ 1924 ᠣᠨ ᠳ᠋ᠦ ᠴᠢᠭᠤᠯᠤᠯᠲᠤ ᠬᠠᠭᠠᠯᠭ᠎ᠠ ᠤᠨ ᠪᠠᠷᠠᠭᠤᠨ ᠬᠣᠶᠢᠲᠤ ᠣᠷᠣᠨ ᠤ ᠴᠡᠷᠢᠭ ᠤᠨ ᠶᠠᠪᠤᠳᠠᠯ ᠤᠯᠤᠰ ᠳᠦᠷᠤ ᠶ᠋ᠢᠨ ᠺᠠᠳ᠋ᠷ  ᠤᠨ ᠰᠤᠷᠭᠠᠭᠤᠯᠢ  ᠳ᠋ᠤ ᠰᠤᠷᠤᠯᠴᠠᠪᠠ ᠃ 1925 ᠣᠨ  ᠳ᠋ᠤ ᠳᠤᠮᠳᠠᠳᠤ ᠤᠯᠤᠰ  ᠤᠨ ᠡᠪ ᠬᠠᠮᠲᠤ ᠨᠠᠮ ᠳ᠋ᠤ ᠣᠷᠣᠪᠠ ᠃ 10 ᠰᠠᠷ᠎ᠠ ᠳ᠋ᠤ ᠴᠢᠭᠤᠯᠤᠯᠲᠦ ᠬᠠᠭᠠᠯᠭ᠎ᠠ ᠳᠤ ᠬᠤᠷᠠᠯᠳᠤᠭᠤᠯᠤᠭᠰᠠᠨ ᠂ ᠥᠪᠥᠷ ᠮᠣᠩᠭᠣᠯ  ᠤᠨ ᠠᠷᠠᠳ  ᠤᠨ ᠬᠤᠪᠢᠰᠬᠠᠯᠲᠤ ᠨᠠᠮ ᠤᠨ ᠠᠩᠬᠠᠳᠤᠭᠠᠷ ᠤᠳᠠᠭᠠᠨ  ᠤ ᠲᠥᠯᠥᠭᠡᠯᠡᠭᠴᠢᠳ  ᠤᠨ ᠶᠡᠬᠡ ᠬᠤᠷᠠᠯ ᠳᠤ ᠣᠷᠣᠯᠴᠠᠪᠠ ᠃ 1926 ᠣᠨ ᠳ᠋ᠦ ᠥᠪᠥᠷ ᠮᠣᠩᠭᠣᠯ  ᠤᠨ ᠠᠷᠠᠳ  ᠤᠨ ᠬᠤᠪᠢᠰᠬᠠᠯᠲᠤ ᠴᠡᠷᠢᠭ  ᠤᠨ ᠮᠣᠷᠢᠲᠤ ᠴᠡᠷᠢᠭ  ᠤᠨ ᠨᠢᠭᠡᠳᠦᠭᠡᠷ ᠪᠠᠲ᠋ᠯᠢᠶᠣᠨ  ᠤ ᠳᠠᠷᠤᠭ᠎ᠠ ᠪᠣᠯᠵᠠᠶ ᠃ 1927 ᠣᠨ ᠤ 8 ᠰᠠᠷ᠎ᠠ  ᠳ᠋ᠤ ᠂ ᠤᠯᠠᠭᠠᠨᠪᠠᠭᠠᠲᠤᠷ ᠲᠤ ᠬᠤᠷᠠᠯᠳᠤᠭᠰᠠᠨ ᠥᠪᠥᠷ ᠮᠣᠩᠭᠣᠯ  ᠤᠨ ᠠᠷᠠᠳ  ᠤᠨ ᠬᠤᠪᠢᠰᠬᠠᠯᠲᠤ ᠨᠠᠮ ᠦᠨ ᠣᠨᠴᠠ ᠬᠤᠷᠠᠯᠳᠤᠭᠠᠨ ᠳᠤ ᠣᠷᠤᠯᠴᠠᠵᠦ᠂ ᠲᠥᠪ ᠬᠣᠷᠢᠶᠠᠨ ᠤ ᠭᠦᠢᠴᠡᠳᠬᠡᠬᠦ ᠭᠡᠰᠢᠭᠦᠨ ᠢᠶ᠋ᠡᠷ ᠰᠤᠩᠭᠤᠭᠳᠠᠪᠠ ᠃ 1928 ᠣᠨ ᠳ᠋ᠤ ᠪᠥᠬᠥᠳᠡ ᠨᠠᠶᠢᠷᠠᠮᠳᠠᠬᠤ ᠮᠣᠩᠭᠣᠯ ᠠᠷᠠᠳ ᠤᠯᠤᠰ ᠨᠠᠮ  ᠤᠨ ᠰᠤᠷᠭᠠᠭᠤᠯᠢ  ᠳ᠋ᠤ ᠰᠤᠷᠤᠯᠴᠠᠪᠠ ᠃ 1930 ᠣᠨ  ᠤ ᠡᠬᠢ ᠪᠡᠷ ᠮᠣᠰᠺᠸᠠ  ᠳ᠋ᠤ ᠣᠴᠢᠵᠤ ᠳᠣᠷᠣᠨᠠᠳᠠᠬᠢᠨ  ᠤ ᠶᠡᠬᠡ ᠰᠤᠷᠭᠠᠭᠤᠯᠢ  ᠳ᠋ᠤ ᠰᠤᠷᠤᠯᠴᠠᠪᠠ  ᠃ 1933 ᠣᠨ  ᠤ ᠡᠬᠢ ᠪᠡᠷ ᠂  ᠲᠤᠮᠢᠯᠠᠯᠲᠠ ᠪᠠᠷ ᠥᠪᠥᠷ ᠮᠣᠩᠭᠣᠯ ᠤᠨ ᠪᠠᠷᠠᠭᠤᠨ ᠬᠡᠰᠡᠭ  ᠤᠨ ᠭᠠᠵᠠᠷ ᠣᠷᠣᠨ ᠳ᠋ᠤ ᠪᠤᠴᠠᠨ ᠨᠢᠭᠤᠴᠠ ᠠᠵᠢᠯ ᠬᠢᠵᠦ ᠂ ᠭᠣᠮᠢᠨᠳᠠᠩ ᠤᠨ ᠰᠦᠢᠶᠤᠸᠠᠨ  ᠤ ᠵᠡᠭᠦᠨ ᠬᠡᠰᠡᠭ  ᠤᠨ ᠳᠡᠭᠡᠷᠡᠮ ᠢ ᠤᠰᠠᠳᠬᠠᠬᠤ ᠰᠧᠯᠢᠩᠪᠦ᠋ ᠱᠲ᠋ᠠᠪ  ᠤᠨ ᠳᠠᠷᠤᠭ᠎ᠠ ᠪᠣᠯᠪᠠ ᠃ 1937 ᠣᠨ  ᠤ ᠬᠠᠪᠤᠷ ᠂ ᠮᠣᠩᠭᠣᠯ ᠬᠣᠰᠢᠭᠤᠨ  ᠤ ᠠᠮᠤᠷ ᠢ ᠬᠠᠮᠠᠭᠠᠯᠠᠬᠤ ᠶᠡᠷᠦᠩᠬᠡᠶ ᠠᠨᠭᠭᠢ  ᠶ᠋ᠢᠨ ᠨᠢᠭᠡᠳᠦᠭᠡᠷ ᠶᠡᠬᠡ ᠠᠩᠭᠢ ᠶ᠋ᠢᠨ ᠳᠠᠷᠤᠭ᠎ᠠ ᠪᠠᠶᠢᠪᠠ ᠃
    1937 ᠣᠨ ᠤ ︽ ᠲᠤᠯᠤᠭᠠᠨ ᠰᠠᠷ᠎ᠠ ᠶ᠋ᠢᠨ ᠲᠤᠯᠤᠭᠠᠨ︾  ᠦ ᠬᠡᠷᠡᠭ ᠬᠤᠪᠢᠰᠤᠯ  ᠤᠨ ᠲᠠᠷᠠᠭ᠎ᠠ ᠂ ᠮᠣᠩᠭᠣᠯ ᠬᠣᠰᠢᠭᠤᠨ  ᠤ ᠠᠮᠤᠷ  ᠢ ᠬᠠᠮᠠᠭᠠᠯᠠᠬᠤ ᠶᠡᠷᠦᠩᠬᠡᠶ ᠠᠩᠭᠢ ᠶᠢ ᠥᠭᠡᠷᠡᠴᠢᠯᠡᠨ ᠪᠠᠶᠢᠭᠤᠯᠤᠭᠠᠳ ᠂ ᠮᠣᠩᠭᠣᠯ ᠬᠣᠰᠢᠭᠤᠨ ᠤ ᠬᠣᠯᠢᠯᠳᠤᠭᠰᠠᠨ ᠪᠠᠷᠢᠭᠠᠳᠠ ᠪᠣᠯᠭᠠᠨ ᠪᠠᠶᠢᠭᠤᠯᠬᠤ ᠦᠶ᠎ᠡ  ᠳ᠋ᠤ᠂ ᠨᠢᠭᠡᠳᠦᠭᠡᠷ ᠬᠣᠷᠢᠶᠠᠨ  ᠤ ᠳᠠᠷᠤᠭ᠎ᠠ ᠪᠣᠯᠵᠦ 10 ᠰᠠᠷ᠎ᠠ ᠳ᠋ᠤ ᠶᠠᠫᠣᠨ ᠴᠡᠷᠢᠭ ᠢ ᠬᠤᠷᠢᠭᠯᠠᠨ  ᠴᠤᠬᠢᠬᠤ ᠬᠦᠢᠰᠦ᠋ᠢ ᠶᠢ ᠬᠠᠮᠠᠭᠠᠯᠠᠬᠤ ᠳᠠᠶᠢᠨ ᠳ᠋ᠤ ᠤᠷᠤᠯᠴᠠᠪᠠ ᠃ 1938 ᠣᠨ  ᠤ ᠡᠬᠢ ᠪᠡᠷ ᠂ ᠲᠤᠰ ᠴᠡᠷᠢᠭ ᠠᠩᠭᠢ ᠨᠢ ᠮᠣᠩᠭᠣᠯ ᠬᠣᠰᠢᠭᠤᠨ ᠤ ᠲᠤᠰᠠᠭᠠᠷ ᠪᠠᠷᠢᠭᠠᠳᠠ ᠭᠡᠵᠦ ᠨᠡᠷ᠎ᠡ ᠪᠡᠨ ᠦᠭᠡᠷᠡᠴᠢᠯᠡᠭᠡᠳ ᠂ ᠨᠢᠭᠡ ᠦᠶ᠎ᠡ ᠣᠷᠣᠯᠠᠭᠴᠢ ᠪᠠᠷᠢᠭᠠᠳᠠ ᠶᠢᠨ ᠳᠠᠷᠤᠭ᠎ᠠ ᠶ᠋ᠢᠨ ᠲᠤᠰᠢᠶᠠᠯ ᠳ᠋ᠤ ᠪᠠᠶᠢᠪᠠ ᠃ ᠲᠤᠰ ᠵᠢᠯ  ᠤᠨ 6 ᠰᠠᠷ᠎ᠠ ᠳ᠋ᠤ ᠂  ᠳᠤᠮᠳᠠᠳᠤ ᠤᠯᠤᠰ ᠤᠨ ᠡᠪ ᠬᠠᠮᠲᠤ ᠨᠠᠮ ᠤᠨ ᠲᠦᠪ ᠬᠤᠷᠢᠶᠠᠨ ᠡᠴᠠ ᠲᠤᠰ ᠪᠠᠷᠢᠭᠠᠳᠠ  ᠳ᠋ᠤ ᠴᠡᠷᠢᠭ  ᠤᠨ ᠶᠠᠪᠤᠳᠠᠯ  ᠤᠨ ᠬᠤᠷᠢᠶ᠎ᠠ ᠶ᠋ᠢ ᠪᠠᠶᠢᠭᠤᠯᠬᠤ ᠦᠶ᠎ᠡ ᠳ᠋ᠦ ᠂ ᠴᠡᠷᠢᠭ  ᠤᠨ ᠶᠠᠪᠤᠳᠠᠯ  ᠤᠨ ᠬᠣᠷᠢᠶᠠᠨ  ᠤ ᠭᠡᠰᠢᠭᠦᠨ ᠮᠥᠨ ᠃ 1939 ᠣᠨ  ᠤ ᠵᠤᠨ ᠂ ᠮᠣᠩᠭᠣᠯ ᠬᠣᠰᠢᠭᠤᠨ ᠤ ᠲᠤᠰᠠᠭᠠᠷ ᠪᠠᠷᠢᠭᠠᠳᠠ  ᠶ᠋ᠢ ᠰᠢᠨ᠎ᠡ ᠪᠡᠷ ᠴᠡᠭᠴᠡᠯᠡᠵᠦ ᠂ ᠬᠠᠭᠤᠷᠠᠶ ᠵᠠᠮ  ᠤᠨ ᠴᠡᠷᠢᠭ  ᠤᠨ 3 ᠳ᠋ᠤᠭᠠᠷ ᠳ᠋ᠢᠸᠢᠽᠢ ᠪᠣᠯᠭᠠᠨ ᠥᠷᠭᠡᠳᠬᠡᠨ ᠪᠠᠶᠢᠭᠤᠯᠵᠤ ᠂ 7 ᠳ᠋ᠤᠭᠠᠷ ᠬᠣᠷᠢᠶᠠᠨ ᠤ ᠳᠠᠷᠤᠭ᠎ᠠ ᠂ ᠰᠡᠭᠦᠯᠡᠷ ᠨᠢ ᠪᠠᠰᠠ  ᠤ ᠳ᠋ᠢᠸᠢᠽᠢ  ᠶ᠋ᠢᠨ ᠳᠡᠳ᠋ ᠳᠠᠷᠤᠭ᠎ᠠ ᠪᠣᠯᠵᠠᠶ ᠃
    1941 ᠣᠨ  ᠳ᠋ᠦ ᠰᠢᠨ᠎ᠡ ᠭᠤᠷᠪᠠᠳᠤᠭᠠᠷ ᠳ᠋ᠢᠸᠢᠽᠢ ᠵᠠᠷᠯᠢᠭ ᠢᠶ᠋ᠡᠷ ᠶᠡᠬᠡ ᠵᠣᠣ ᠠᠶᠢᠮᠠᠭ ᠡᠴᠡ ᠭᠠᠨᠰᠦ ᠮᠣᠵᠢ ᠶᠢᠨ ᠵᠢᠩ ᠶᠤᠸᠠᠨ ᠰᠢᠶᠠᠨ ᠳᠤ ᠬᠦᠷᠴᠦ ᠴᠡᠭᠴᠡᠯᠡᠨ ᠪᠣᠯᠪᠠᠰᠤᠷᠠᠭᠤᠯᠵᠤ ᠪᠠᠶᠢᠬᠤ ᠦᠶᠡᠰ ᠲᠦ ᠂ ᠹᠦ᠋ ᠽᠦᠸᠸ ᠢ ᠦ᠋ᠨ ᠨᠠᠶᠢᠲᠠᠯᠠᠭ᠎ᠠ ᠪᠠᠷ ᠱᠠᠮᠪᠠ ᠳ᠋ᠤ ᠲᠤᠰᠢᠶᠠᠯ ᠳ᠋ᠤ ᠭᠠᠷᠴᠤ ᠂ ᠰᠦᠢᠶᠤᠸᠠᠨ ᠤ ᠵᠡᠭᠦᠨ ᠬᠡᠰᠡᠭ ᠤᠨ ᠫᠠᠷᠲ᠋ᠢᠽᠠᠨ ᠠᠨᠭᠬᠢ  ᠶ᠋ᠢᠨ ᠰᠧᠯᠢᠩ ᠪᠤᠯᠵᠦ ᠂ ᠳᠠᠶᠢᠰᠤᠨ  ᠦ ᠠᠷᠤ ᠲᠠᠯ᠎ᠠ  ᠳ᠋ᠦ ᠫᠠᠷᠲ᠋ᠢᠽᠠᠨ ᠲᠠᠢᠢᠨ ᠥᠷᠨᠢᠭᠦᠯᠦᠭᠰᠡᠨ ᠪᠠᠶᠢᠨ᠎ᠠ ᠃ ᠱᠠᠮᠪᠠ ᠳ᠋ᠤ ᠪᠠᠶᠢᠬᠤ ᠳ᠋ᠤ ᠭᠣᠮᠢᠨᠳᠠᠩ  ᠤᠨ ᠲᠠᠨᠭᠨᠠᠭᠤᠯ ᠳ᠋ᠤ ᠨᠢᠭᠤᠴᠠ ᠪᠠᠷ  ᠬᠤᠤᠷᠯᠠᠭᠳᠠᠵᠤ ᠂ ᠵᠥᠪᠬᠡᠨ 42 ᠨᠠᠰᠤᠲᠠᠶ ᠃1969 ᠣᠨ ᠤ6 ᠰᠠᠷ᠎ᠠ ᠶᠢᠨ30 ᠦ ᠡᠳᠦᠷ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ  ᠤᠨ ᠠᠷᠠᠳ  ᠤᠨ ᠶᠠᠪᠤᠳᠠᠯ ᠤᠨ ᠶᠠᠮᠤᠨ ᠡᠴᠠ ᠬᠤᠪᠢᠰᠬᠠᠯ  ᠤᠨ ᠨᠥᠭᠴᠢᠭᠰᠡᠨ ᠪᠠᠭᠠᠲᠤᠷ ᠢᠶᠡᠷ ᠨᠡᠬᠡᠮᠵᠢᠯᠡᠨ  ᠵᠦᠪᠰᠢᠶᠡᠷᠡᠭᠳᠡᠭᠰᠡᠨ ᠪᠠᠶᠢᠨ᠎ᠠ ᠃

ᠵᠣᠬᠢᠶᠠᠭᠴᠢ:
ᠢᠷᠡᠯᠲᠡ: