ᠬᠦᠸᠸ ᠳ᠋ᠤᠤ ᠹᠦ᠋

ᠬᠦᠸᠸ ᠳ᠋ᠤᠤ ᠹᠦ᠋ ( 1894 ︱ ? ) ᠂ ᠤᠤᠯ ᠨᠡᠷ᠎ᠡ ᠨᠢ ᠮᠦᠷᠰᠦᠸ᠋ᠲ᠋ᠠᠢ ᠂ ᠪᠠᠰᠠ ᠮᠦᠷᠰᠸ ᠭᠡᠳᠡᠭ᠂ ᠴᠤᠯᠠ ᠵᠢᠶᠦ᠋ᠨ ᠬᠤᠸᠠᠩ ᠂ ᠡᠷᠭᠦᠭᠰᠡᠨ ᠨᠡᠷ᠎ᠡ ᠳ᠋ᠤᠤ ᠹᠦ᠋ ᠂ ᠳᠠᠭᠤᠷ ᠦᠨᠳᠦᠰᠦᠲᠡᠨ ᠂ 1894 ᠣᠨ ( ᠴᠢᠩ ᠤᠯᠤᠰ ᠤᠨ ᠪᠠᠳᠠᠷᠠᠭᠤᠯᠲᠤ ᠲᠥᠷᠥ ᠶ᠋ᠢᠨ ᠬᠣᠷᠢᠨ ᠣᠨ ) ᠳ᠋ᠦ ᠲᠦᠷᠦᠵᠦ᠂ ᠥᠪᠥᠷ ᠮᠣᠩᠭᠣᠯ ᠤᠨ ᠡᠸᠡᠩᠬᠢ ᠬᠣᠰᠢᠭᠤᠨ ᠤ ᠪᠠᠶᠠᠨᠴᠠᠭᠠᠨ ᠰᠤᠮᠤ ᠶ᠋ᠢᠨ ᠮᠦᠬᠡᠷᠲᠦ ᠭᠠᠴᠠᠭᠠᠨ ᠤ ᠬᠥᠮᠦᠨ ᠃
ᠭᠦᠸᠧ ᠳ᠋ᠤᠤ ᠹᠦ᠋ ᠪᠠᠭ᠎ᠠ ᠡᠴᠠ ᠪᠠᠨ ᠮᠠᠨᠵᠤ ᠬᠡᠯᠡ ᠰᠤᠷᠴᠤ᠂ ᠵᠢᠭᠠᠬᠠᠨ ᠦᠰᠦᠭᠰᠡᠨ ᠦ ᠳᠠᠷᠠᠭ᠎ᠠ ᠬᠠᠶᠢᠯᠠᠷ ᠤᠨ ᠮᠠᠨᠵᠤ ᠮᠣᠩᠭᠣᠯ ᠶ᠋ᠢᠨ ᠰᠤᠷᠭᠠᠭᠤᠯᠢ ᠳ᠋ᠤ ᠰᠤᠷᠤᠯᠴᠠᠵᠤ᠂ ᠬᠥᠯᠥᠨ ᠳᠦ ᠰᠢᠭᠤᠳ ᠬᠠᠷᠢᠶᠠᠯᠠᠭᠳᠠᠬᠤ ᠲᠢᠩᠬᠢᠮ ᠤᠨ ᠮᠡᠳᠡᠭᠴᠢ ᠳ᠋ᠠᠢ ᠸᠸ᠋ᠨ ᠰᠢᠶᠤᠸᠠᠨ ᠢ ᠪᠠᠭᠰᠢ ᠪᠠᠷᠢᠵᠦ ᠬᠢᠲᠠᠳ ᠬᠡᠯᠡ ᠰᠤᠷᠤᠯᠴᠠᠭᠰᠠᠨ ᠪᠠᠶᠢᠨ᠎ᠠ᠃ 1910 ᠣᠨ ᠳ᠋ᠤ᠂ ᠬᠠᠷᠠᠮᠥ᠋ᠷᠡᠨ ᠮᠤᠵᠢ ᠶ᠋ᠢᠨ ᠨᠢᠭᠡᠳᠦᠭᠡᠷ ᠳᠤᠮᠳᠠᠳᠤ ᠰᠤᠷᠭᠠᠭᠤᠯᠢ ᠳ᠋ᠦ ᠤᠷᠤᠵᠤ ᠂ 4 ᠵᠢᠯ ᠤᠨ ᠳᠠᠷᠠᠭ᠎ᠠ ᠰᠤᠷᠤᠯᠭ᠎ᠠ ᠲᠡᠭᠦᠰᠪᠡ ᠃ 1915 ᠣᠨ ᠳ᠋ᠦ ᠂ ᠪᠡᠭᠡᠵᠢᠩ ᠤᠨ ᠤᠷᠤᠰ ᠬᠡᠯᠡᠨ ᠤ ᠲᠤᠰᠬᠠᠶ ᠪᠣᠯᠪᠠᠰᠤᠷᠠᠯ ᠤᠨ ᠭᠠᠵᠠᠷ ᠲᠤ ᠣᠷᠣᠰ ᠬᠡᠯᠡ ᠰᠤᠷᠪᠠ ᠃ ᠲᠡᠷᠡ ᠬᠠᠲᠠᠭᠤᠵᠢᠯᠲᠠᠶ ᠴᠢᠷᠮᠠᠶᠢᠨ ᠰᠤᠷᠤᠯᠴᠠᠭᠰᠠᠨ ᠡᠴᠠ ᠪᠤᠯᠵᠤ᠂ ᠮᠠᠨᠵᠤ ᠂ ᠮᠤᠩᠭᠤᠯ ᠂ ᠬᠢᠲᠠᠳ ᠪᠣᠯᠤᠨ ᠣᠷᠣᠰ ᠬᠡᠯᠡᠨ ᠤ ᠰᠠᠭᠤᠷᠢ ᠮᠡᠳᠡᠯᠭᠡ ᠶ᠋ᠢ ᠮᠠᠰᠢ ᠰᠠᠶᠢᠨ ᠡᠵᠡᠮᠰᠢᠵᠦ ᠂ ᠡᠭᠦᠨ ᠤ ᠤᠯᠠᠮ ᠪᠠᠷ ᠲᠡᠭᠦᠨ ᠦ ᠬᠤᠵᠢᠮ ᠤᠨ ᠬᠡᠯᠡ ᠶᠠᠷᠢᠶᠠᠨ ᠤ ᠴᠢᠳᠠᠪᠦᠷᠢ ᠪᠠᠨ ᠳᠡᠭᠡᠭᠰᠢᠯᠡᠬᠦᠯᠬᠦ ᠪᠠ ᠲᠡᠷᠢᠭᠦᠨ ᠤ ᠦᠵᠡᠯ ᠰᠠᠨᠠᠭ᠎ᠠ ᠶ᠋ᠢ ᠬᠦᠯᠢᠶᠡᠨ ᠠᠪᠬᠤ ᠂ ᠵᠣᠬᠢᠶᠠᠯ ᠪᠢᠴᠢᠬᠦ ᠳ᠋ᠤ ᠨᠢ ᠪᠠᠲᠤ ᠴᠢᠩᠭ᠎ᠠ ᠰᠠᠭᠤᠷᠢ ᠲᠠᠯᠪᠢᠵᠤ ᠥᠭᠭᠦᠭᠰᠡᠨ ᠪᠠᠶᠢᠨ᠎ᠠ ᠃ 1917 ᠣᠨ ᠤ ᠵᠤᠨ ᠂ ᠭᠦᠸᠧ ᠳ᠋ᠤᠤ ᠹᠦ᠋ ᠪᠡᠭᠡᠵᠢᠩ ᠳ᠋ᠤ ᠰᠤᠷᠤᠯᠴᠠᠵᠤ ᠪᠠᠶᠢᠬᠤ ᠬᠤᠭᠤᠴᠠᠭᠠᠨ ᠳᠦ ᠂ ᠬᠥᠯᠥᠨ ᠪᠣᠶᠢᠷ ᠤᠷᠤᠨ ᠳ᠋ᠤ ᠪᠠᠪᠤᠵᠠᠪ ᠤᠨ ᠦᠯᠡᠳᠡᠭᠳᠡᠯ ᠴᠡᠷᠢᠭ ᠰᠸᠪᠵᠢᠩᠭᠡ ᠶ᠋ᠢᠨ ᠳᠡᠭᠡᠷᠡᠮ ᠤᠨ ᠰᠠᠮᠠᠭᠤᠨ ᠭᠠᠷᠴᠤ ᠂ ᠨᠤᠲᠤᠭ ᠣᠷᠤᠨ ᠨᠢ ᠬᠦᠨᠳᠦ ᠨᠣᠴᠢᠲᠠᠶ ᠲᠠᠯᠬᠢᠭᠳᠠᠯ ᠳ᠋ᠤ ᠤᠴᠠᠷᠠᠵᠤ᠂ ᠲᠡᠭᠦᠨ ᠦ ᠭᠡᠷ ᠦᠨ ᠬᠢᠨ ᠴᠤ ᠭᠠᠮᠰᠢᠭ ᠲᠤ ᠳᠠᠭᠠᠷᠢᠭᠳᠠᠭᠰᠠᠨ ᠪᠠᠶᠢᠨ᠎ᠠ ᠃ ᠭᠦᠸᠧ ᠳ᠋ᠤᠤ ᠹᠦ᠋ ᠪᠣᠯᠤᠨ ᠪᠤᠰᠤᠳ ᠪᠡᠭᠡᠵᠢᠩ ᠳ᠋ᠤ ᠰᠤᠷᠤᠯᠴᠠᠵᠤ ᠪᠠᠶᠢᠭ᠎ᠠ ᠰᠤᠷᠤᠭᠴᠢᠳ ᠳᠠᠷᠠᠭ᠎ᠠ ᠳᠠᠷᠠᠭᠠᠯᠠᠨ ᠨᠤᠲᠤᠭ ᠲᠠᠭᠠᠨ ᠪᠤᠴᠠᠪᠠ ᠃
ᠦᠨᠡᠰᠦᠨ ᠲᠣᠪᠷᠠᠭ ᠪᠤᠯᠤᠭᠰᠠᠨ ᠨᠤᠲᠤᠭ ᠢᠶᠡᠨ ᠬᠠᠷᠠᠬᠤ ᠳ᠋ᠤ᠂ ᠭᠦᠸᠧ ᠳ᠋ᠤᠤ ᠹᠦ᠋ ᠤᠨ ᠲᠤᠳᠤᠭᠠᠲᠤ ᠰᠡᠳᠬᠢᠯ ᠳ᠋ᠦ ᠨᠡᠶᠢᠭᠡᠮ ᠢ ᠠᠪᠤᠷᠠᠵᠦ ᠂ ᠦᠨᠳᠦᠰᠦᠲᠡᠨ ᠢᠶᠡᠨ ᠬᠥᠭᠵᠢᠭᠦᠯᠦᠨ ᠮᠠᠨᠳᠤᠭᠤᠯᠬᠤ ᠬᠦᠰᠡᠯ ᠪᠤᠢ ᠪᠤᠯᠵᠠᠢ ᠃ ᠢᠯᠠᠩᠭᠤᠶ᠎ᠠ ᠲᠡᠭᠦᠨ ᠢ ᠳᠣᠲᠣᠷ᠎ᠠ ᠭᠠᠵᠠᠷ ᠲᠤ ᠰᠤᠷᠤᠯᠴᠠᠵᠤ ᠪᠠᠶᠢᠭᠰᠠᠨ ᠬᠤᠭᠤᠴᠠᠭᠠᠨ ᠳ᠋ᠦ ᠨᠡᠶᠢᠭᠡᠮ ᠤᠨ ᠬᠤᠪᠢᠰᠤᠯᠲᠠ ᠶ᠋ᠢᠨ ᠬᠦᠰᠡᠵᠦ ᠪᠠᠶᠢᠭᠰᠠᠨ ᠱᠠᠭᠠᠷᠳᠠᠯᠭ᠎ᠠ ᠶ᠋ᠢ ᠨᠢᠳᠦ ᠪᠡᠷ ᠢᠶ᠋ᠡᠨ ᠦᠵᠡᠵᠦ ᠴᠢᠬᠢ ᠪᠡᠷ ᠢᠶ᠋ᠡᠨ ᠰᠣᠨᠣᠰᠤᠭᠰᠠᠨ ᠤᠴᠢᠷ ᠬᠢᠭᠡᠳ ᠲᠤᠬᠠᠶ ᠶ᠋ᠢᠨ ᠦᠶ᠎ᠡ ᠶ᠋ᠢᠨ ᠬᠥᠯᠥᠨ ᠪᠣᠶᠢᠷ ᠤᠨ ᠡᠷᠬᠡ ᠪᠠᠷᠢᠭᠴᠢᠳ ᠤᠨ ᠣᠳᠣᠬᠢ ᠪᠠᠶᠢᠳᠠᠯ ᠳᠠᠭᠠᠨ ᠰᠡᠳᠬᠢᠯ ᠬᠠᠨᠤᠵᠦ ᠂ ᠤᠷᠤᠭᠰᠢᠯᠠᠨ ᠲᠡᠪᠰᠢᠬᠤ ᠶ᠋ᠢ ᠪᠤᠳᠦᠬᠤ ᠤᠢᠭᠡᠢ ᠪᠠᠶᠢᠳᠠᠯ ᠢ ᠦᠵᠡᠭᠡᠳ ᠲᠡᠭᠦᠨ ᠤ ᠡᠨᠡᠬᠦ ᠬᠦᠰᠡᠯ ᠡᠷᠡᠮᠡᠯᠵᠡᠯ ᠨᠢ ᠤᠯᠠᠮ ᠴᠢᠩᠭ᠎ᠠ ᠪᠤᠯᠤᠭᠰᠠᠨ ᠪᠠᠶᠢᠨ᠎ᠠ᠃ ᠲᠡᠷᠡ 《 ᠣᠤ ᠮᠢᠨ ᠲᠠᠢ ᠵᠡᠷᠭᠡ ᠭᠤᠴᠢᠭᠠᠳ ᠨᠦᠭᠦᠳ ᠲᠠᠢ ᠪᠡᠨ ᠢᠶᠡᠨ ᠬᠤᠯᠪᠤᠭᠠᠯᠠᠵᠦ ᠰᠤᠷᠭᠠᠨ ᠬᠦᠮᠦᠵᠢᠯ ᠢ ᠰᠤᠳᠤᠯᠤᠨ》 ᠂ ᠥᠪᠡᠷ ᠤᠨ ᠭᠡᠷ ᠪᠠᠶᠢᠰᠢᠩ ᠢᠶᠡᠨ ᠠᠰᠢᠭᠯᠠᠵᠤ ᠪᠠᠶᠢᠭᠠᠳ᠂ 1918 ᠣᠨ ᠲᠤ ᠬᠠᠶᠢᠯᠠᠷ ᠲᠤ ᠬᠤᠪᠢ ᠬᠥᠮᠦᠨ ᠤ ᠡᠷᠬᠢᠯᠡᠭᠰᠡᠨ ᠰᠤᠷᠭᠠᠭᠤᠯᠢ ᠪᠠᠶᠢᠭᠤᠯᠵᠦ᠂ ᠥᠪᠡᠷ ᠢᠶᠡᠨ ᠶᠡᠷᠦᠩᠬᠡᠶ ᠵᠠᠬᠢᠷᠤᠯ ᠪᠤᠯᠵᠦ ᠂ ᠬᠥᠯᠥᠨ ᠪᠣᠶᠢᠷ ᠤᠨ ᠤᠳᠤ ᠦᠶ᠎ᠡ ᠶ᠋ᠢᠨ ᠦᠨᠳᠦᠰᠦᠲᠡᠨ ᠦ ᠰᠤᠷᠭᠠᠨ ᠬᠥᠮᠦᠵᠢᠯ ᠨᠢ ᠡᠭᠦᠨ ᠡᠴᠡ ᠡᠬᠢᠯᠡᠭᠰᠡᠨ ᠪᠠᠶᠢᠨ᠎ᠠ ᠃ ᠭᠦᠸᠧ ᠳ᠋ᠤᠤ ᠹᠦ᠋ ᠳᠡᠭᠡᠷ᠎ᠡ ᠳᠤᠷᠠᠳᠤᠭᠰᠠᠨ ᠬᠥᠮᠦᠰ ᠲᠠᠢ ᠬᠠᠮᠲᠤ ᠪᠠᠷ ᠬᠥᠯᠥᠨ ᠪᠣᠶᠢᠷ ᠤᠨ ᠰᠤᠷᠤᠭᠴᠢᠳ ᠤᠨ ᠵᠦᠪᠯᠡᠯ ᠢ ᠵᠣᠬᠢᠶᠠᠨ ᠪᠠᠶᠢᠭᠤᠯᠵᠦ ᠂ ᠲᠤᠰ ᠵᠢᠯ ᠤᠨ ᠡᠪᠦᠯ ᠮᠣᠩᠭᠣᠯ ᠦᠨᠳᠦᠰᠦᠲᠡᠨ ᠤ ᠲᠥᠯᠥᠭᠡᠯᠡᠭᠴᠢ ᠶ᠋ᠢᠨ ᠬᠤᠪᠢ ᠪᠤᠯᠤᠨ ᠰᠤᠷᠤᠭᠴᠢ ᠶ᠋ᠢᠨ ᠵᠥᠪᠯᠡᠯ ᠤᠨ ᠨᠡᠷ᠎ᠡ ᠪᠡᠷ ᠂ ᠣᠷᠣᠰ ᠤᠨ ᠳᠡᠭᠡᠳᠦ ᠦᠵᠢᠰᠺᠸ ᠳᠦ ᠬᠤᠷᠠᠯᠳᠤᠭᠰᠠᠨ ᠪᠤᠷᠢᠶᠠᠳ ᠮᠣᠩᠭᠣᠯ ᠦᠨᠳᠦᠰᠦᠲᠡᠨ ᠤ ᠶᠡᠬᠡ ᠬᠤᠷᠠᠯ ᠳ᠋ᠤ ᠤᠷᠤᠯᠴᠠᠭᠰᠠᠨ ᠪᠠᠶᠢᠨ᠎ᠠ ᠃
1920 ᠣᠨ ᠤ ᠬᠠᠪᠤᠷ ᠂ ᠭᠦᠸᠧ ᠳ᠋ᠤᠤ ᠹᠦ᠋ ᠶ᠋ᠢᠨ ᠡᠭᠦᠳᠦᠨ ᠪᠠᠶᠢᠭᠤᠯᠤᠭᠰᠠᠨ ᠬᠤᠪᠢ ᠶ᠋ᠢᠨ ᠰᠤᠷᠭᠠᠭᠤᠯᠢ ᠨᠢ ᠬᠦᠯᠦᠨ ᠪᠤᠶᠢᠷ ᠤᠨ ᠳᠡᠳ᠋ ᠵᠠᠬᠢᠷᠤᠭᠴᠢ ᠲᠦᠰᠢᠮᠡᠯ ᠡᠴᠡ ᠬᠥᠯᠥᠨ ᠪᠣᠶᠢᠷ ᠤᠨ ᠮᠣᠩᠭᠣᠯ ᠬᠣᠰᠢᠭᠤᠨ ᠤ ᠰᠤᠷᠭᠠᠭᠤᠯᠢ ᠬᠡᠮᠡᠨ ᠦᠭᠡᠷᠡᠴᠢᠯᠡᠭᠳᠡᠵᠦ ᠂ ᠭᠦᠸᠧ ᠵᠢᠸ᠋ᠨ ᠰᠤᠷᠭᠠᠭᠤᠯᠢ ᠶ᠋ᠢᠨ ᠵᠠᠬᠢᠷᠤᠯ ᠤᠨ ᠲᠤᠰᠢᠶᠠᠯ ᠢ ᠬᠠᠷᠢᠭᠤᠴᠠᠭᠰᠠᠨ ᠪᠠᠶᠢᠨ᠎ᠠ᠃ ᠲᠤᠰ ᠵᠢᠯ ᠤᠨ ᠵᠤᠨ ᠤ ᠰᠡᠭᠦᠯᠴᠢ ᠨᠠᠮᠤᠷ ᠤᠨ ᠡᠬᠢ ᠪᠡᠷ ᠂ ᠬᠠᠶᠢᠯᠠᠷ ᠣᠷᠣᠨ ᠳ᠋ᠤ ᠬᠤᠯᠤᠭᠠᠨ᠎ᠠ ᠶᠢᠨ ᠬᠢᠵᠢᠭ ᠡᠭᠦᠰᠴᠦ ᠂ ᠰᠤᠷᠭᠠᠭᠤᠯᠢ ᠬᠢᠴᠢᠶᠡᠯ ᠵᠤᠭᠰᠤᠵᠤ᠂ ᠭᠦᠸᠧ ᠮᠦᠬᠡᠷᠲᠦ ᠭᠠᠴᠠᠭᠠᠨ ᠳ᠋ᠠᠭᠠᠨ ᠬᠠᠷᠢᠵᠦ ᠢᠷᠡᠭᠰᠡᠨ ᠪᠠᠶᠢᠨ᠎ᠠ ᠃ ᠲᠤᠰ ᠵᠢᠯ ᠤᠨ ᠡᠪᠦᠯ ᠂ ᠠᠪᠤ ᠶ᠋ᠢᠨ ᠢᠶ᠋ᠡᠨ ᠵᠣᠭᠣᠰ ᠮᠥᠩᠭᠥᠨ ᠦ ᠳᠡᠮᠵᠢᠯᠭᠡ ᠳᠣᠸᠷ᠎ᠠ ( 1000 ᠮᠥᠩᠭᠥᠨ ᠵᠣᠭᠣᠰ ᠪᠠ 10 ᠲᠤᠯᠤᠭᠠᠢ ᠦᠬᠡᠷ ) ᠂ ᠬᠠᠮᠲᠤ ᠲᠤᠰᠬᠤᠨ ᠳ᠋ᠤ ᠪᠠᠨ ᠪᠤᠴᠠᠭᠰᠠᠨ ᠹᠦ᠋ ᠮᠢᠩ ᠲᠠᠢ᠂ ᠣᠤ ᠮᠢᠨ ᠲᠠᠢ ᠲᠠᠢ ᠬᠠᠮᠲᠤ ᠪᠠᠷ ᠰᠤᠷᠭᠠᠭᠤᠯᠢ ᠪᠠᠶᠢᠭᠤᠯᠵᠤ ᠂ ᠳᠠᠭᠤᠷ ᠦᠨᠳᠦᠰᠦᠲᠡᠨ ᠂ ᠡᠸᠡᠩᠬᠢ ᠦᠨᠳᠦᠰᠦᠲᠡᠨ ᠤ ᠬᠡᠦᠬᠡᠳ ᠳᠡᠭᠦᠦ ᠨᠡᠷ ᠢ ᠰᠤᠷᠭᠠᠭᠤᠯᠢ ᠳ᠋ᠤ ᠰᠤᠷᠤᠯᠴᠠᠭᠤᠯᠤᠭᠰᠠᠨ ᠪᠠᠶᠢᠨ᠎ᠠ ᠃ ᠳᠠᠷᠠᠭ᠎ᠠ ᠵᠢᠯ ᠨᠢ ᠬᠠᠶᠢᠯᠠᠷ ᠲᠤ ᠪᠠᠶᠢᠭ᠎ᠠ ᠠᠯᠪᠠᠨ ᠤ ᠰᠤᠷᠭᠠᠭᠤᠯᠢ ᠪᠠᠨ ᠰᠡᠷᠭᠦᠭᠡᠬᠦ ᠶ᠋ᠢᠨ ᠲᠦᠯᠦᠭᠡ ᠂ ᠲᠡᠷᠡ ᠪᠡᠶ᠎ᠡ ᠪᠡᠷ ᠢᠶ᠋ᠡᠨ ᠪᠡᠭᠡᠵᠢᠩ ᠲᠢᠶᠠᠨᠵᠢᠨ ᠣᠷᠣᠨ ᠡᠴᠡ ᠵᠣᠭᠣᠰ ᠴᠤᠭᠯᠠᠭᠤᠯᠤᠭᠰᠠᠨ ᠪᠠᠶᠢᠨ᠎ᠠ᠃ ᠨᠠᠮᠤᠷ ᠡᠴᠠ ᠨᠢ ᠰᠤᠷᠭᠠᠭᠤᠯᠢ ᠨᠢ ᠬᠢᠴᠢᠶᠡᠯ ᠢᠶ᠋ᠡᠨ ᠰᠡᠷᠭᠦᠭᠡᠵᠦ ᠂ ᠭᠦᠸᠧ ᠰᠤᠷᠭᠠᠭᠤᠯᠢ ᠶ᠋ᠢᠨ ᠵᠠᠬᠢᠷᠤᠯ ᠶ᠋ᠢᠨ ᠲᠤᠰᠢᠶᠠᠯ ᠢ ᠬᠠᠷᠢᠭᠤᠤᠴᠠᠵᠤ᠂ ᠹᠦ᠋ ᠮᠢᠩ ᠲᠠᠢ ᠳᠡᠳ᠋ ᠵᠠᠬᠢᠷᠤᠯ ᠤᠨ ᠲᠤᠰᠢᠶᠠᠯ ᠢ ᠬᠠᠷᠢᠭᠤᠴᠠᠭᠰᠠᠨ ᠪᠠᠶᠢᠨ᠎ᠠ ᠃ ᠰᠤᠷᠭᠠᠭᠤᠯᠢ ᠨᠢ ᠳᠤᠮᠳᠠᠳᠤ ᠰᠤᠷᠭᠠᠭᠤᠯᠢ ᠂ ᠪᠠᠭ᠎ᠠ ᠰᠤᠷᠭᠠᠭᠤᠯᠢ ᠭᠡᠬᠦ ᠬᠡᠯᠲᠡᠰ ᠲᠠᠢ ᠪᠠᠶᠢᠵᠦ᠂ ᠪᠦᠬᠦᠶᠢᠯᠡ ᠰᠤᠷᠬᠤ ᠬᠢᠴᠢᠶᠡᠯ ᠨᠢ ᠴᠠᠭᠠᠭᠴᠢᠨ ᠭᠠᠬᠠᠶ ᠵᠢᠯ ᠤᠨ ᠬᠤᠪᠢᠰᠬᠠᠯ ᠤᠨ ᠲᠠᠷᠠᠭ᠎ᠠ ᠰᠢᠨ᠎ᠡ ᠪᠡᠷ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠪᠤᠯᠤᠨ᠎ᠠ᠃ ᠡᠭᠦᠨ ᠤ ᠳᠠᠭᠠᠤ ᠳ᠋ᠤ ᠪᠠᠰᠠ ᠣᠷᠣᠰ ᠤᠨ ᠪᠦᠷᠢᠶᠠᠳ ᠪᠦᠬᠦᠳᠡ ᠨᠠᠶᠢᠷᠠᠮᠳᠠᠬᠤ ᠤᠯᠤᠰ ᠡᠴᠠ ᠡᠮᠡᠭᠲᠡᠶ ᠪᠠᠭᠰᠢ ᠰᠦᠾᠳ᠋ᠨᠢ ᠶ᠋ᠢ ᠰᠤᠷᠭᠠᠭᠤᠯᠢ ᠳ᠋ᠦ ᠪᠡᠨ ᠪᠠᠭᠰᠢᠯᠠᠭᠤᠯᠵᠤ ᠂ ᠤᠷᠤᠰ ᠬᠡᠯᠡ ᠪᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠮᠡᠳᠡᠯᠭᠡ ᠶᠢ ᠤᠯᠠᠮᠵᠢᠯᠠᠨ ᠂ ᠣᠷᠣᠰ ᠤᠨ ᠠᠷᠪᠠᠨ ᠰᠠᠷ᠎ᠠ ᠶ᠋ᠢᠨ ᠬᠤᠪᠢᠰᠬᠠᠯ ᠢ ᠲᠠᠨᠢᠯᠴᠠᠭᠤᠯᠤᠭᠰᠠᠨ ᠪᠠᠶᠢᠨ᠎ᠠ ᠃
1922 ᠣᠨ ᠳ᠋ᠦ ᠂ ᠰᠤᠷᠭᠠᠭᠤᠯᠢ ᠡᠷᠬᠢᠯᠡᠬᠦ ᠴᠢᠭᠯᠡᠯᠲᠡ ᠳᠡᠭᠡᠷ᠎ᠡ ᠡᠷᠬᠡ ᠪᠠᠷᠢᠭᠴᠢᠳ ᠲᠠᠶ ᠵᠥᠷᠢᠯᠳᠦᠭᠡᠨ ᠭᠠᠷᠤᠭᠰᠠᠨ ᠤᠴᠢᠷ ᠂ ᠮᠦᠨ ᠮᠣᠩᠭᠣᠯ ᠤᠨ ᠡᠭᠡᠯ ᠠᠷᠠᠳ ᠤᠨ ᠬᠤᠪᠢᠰᠬᠠᠯ ᠢᠯᠠᠯᠲᠠ ᠣᠯᠤᠭᠰᠠᠨ ᠡᠴᠠ ᠪᠤᠯᠵᠤ ᠂ ᠭᠦᠸᠧ ᠳ᠋ᠤᠤ ᠹᠦ᠋︽ ᠬᠠᠭᠤᠴᠢᠨ ᠬᠦᠴᠦᠨ ᠦ ᠬᠠᠷᠠᠩᠭᠤᠢ︾ ᠶᠢ ᠭᠦᠨᠵᠡᠭᠡᠢ ᠣᠶᠢᠯᠠᠭᠠᠵᠦ ᠰᠤᠷᠭᠠᠨ ᠬᠦᠮᠦᠵᠢᠯ ᠢᠶ᠋ᠡᠷ ᠤᠯᠤᠰ ᠲᠦᠷᠦ ᠶ᠋ᠢ ᠦᠭᠡᠷᠡᠴᠢᠯᠡᠬᠦ ᠵᠤᠷᠢᠯᠲᠠ ᠳ᠋ᠤ ᠬᠦᠷᠴᠦ ᠴᠢᠳᠠᠬᠤ ᠦᠭᠡᠢ ᠭᠡᠰᠡᠨ ᠢ ᠮᠡᠳᠡᠷᠡᠵᠦ ᠂ ᠳᠠᠷᠤᠯᠲᠠ ᠡᠴᠠ ᠪᠠᠨ ᠪᠤᠯᠵᠤ ᠰᠤᠷᠭᠠᠭᠤᠯᠢ ᠶ᠋ᠢᠨ ᠵᠠᠬᠢᠷᠤᠯ ᠤᠨ ᠲᠤᠰᠢᠶᠠᠯ ᠡᠴᠠ ᠪᠠᠨ ᠪᠠᠭᠤᠭᠰᠠᠨ ᠪᠠᠶᠢᠨ᠎ᠠ ᠃ ᠳᠠᠷᠠᠭ᠎ᠠ ᠵᠢᠯ ᠦᠨ ᠡᠬᠢ ᠪᠡᠷ ᠂ ᠪᠡᠭᠡᠵᠢᠩ ᠳ᠋ᠦ ᠬᠦᠷᠴᠦ ᠂ ᠲᠤᠬᠠᠶ ᠶ᠋ᠢᠨ ᠦᠶ᠎ᠡ ᠳ᠋ᠦ ᠮᠣᠩᠭᠣᠯ ᠲᠥᠪᠡᠳ ᠤᠨ ᠰᠤᠷᠭᠠᠭᠤᠯᠢ ᠶ᠋ᠢᠨ ᠵᠠᠬᠢᠷᠤᠯ ᠵᠢᠨ ᠶᠦᠩ ᠤᠨ ᠲᠠᠨᠢᠯᠴᠠᠭᠤᠯᠭ᠎ᠠ ᠪᠠᠷ ᠂ ᠰᠤᠷᠭᠠᠭᠤᠯᠢ ᠶ᠋ᠢᠨ ᠪᠠᠭᠰᠢ ᠂ ᠰᠤᠷᠦᠬᠴᠢ ᠶ᠋ᠢ ᠬᠢᠨᠠᠨ ᠬᠠᠮᠢᠶᠠᠷᠤᠭᠴᠢ ᠪᠠ ᠪᠡᠭᠡᠵᠢᠩ ᠤᠨ ᠵᠠᠰᠠᠭ ᠤᠨ ᠣᠷᠳᠣᠨ ᠤ ᠳᠤᠮᠳᠠᠳᠤ ᠣᠷᠣᠰ ᠤᠨ ᠬᠣᠭᠣᠷᠣᠨᠳᠣᠬᠢ ᠬᠠᠷᠢᠯᠴᠠᠭᠠᠨ ᠤ ᠵᠠᠬᠢᠷᠭ᠎ᠠ ᠶ᠋ᠢᠨ ᠳᠠᠷᠤᠭ᠎ᠠ ᠸᠠᠩ ᠵᠧᠩ ᠲᠢᠩ ᠤᠨ ᠨᠠᠷᠢᠨ ᠪᠢᠴᠢᠭᠡᠴᠢ ᠂ ᠵᠥᠪᠯᠡᠬᠦ ᠭᠠᠵᠠᠷ ᠤᠨ ᠤᠷᠤᠰ ᠬᠡᠯᠡᠨ ᠤ ᠣᠷᠴᠢᠭᠤᠯᠤᠭᠴᠢ ᠪᠣᠯᠤᠭᠰᠠᠨ ᠪᠠᠶᠢᠨ᠎ᠠ᠃
1923 ᠣᠨ ᠤ 6 ᠰᠠᠷ᠎ᠠ ᠳ᠋ᠤ ᠂ ᠸᠠᠩ ᠵᠧᠩ ᠲᠢᠩ ᠡᠴᠠ ᠬᠦᠸᠸ ᠳ᠋ᠤᠤ ᠹᠦ᠋ ᠶ᠋ᠢ ᠤᠯᠠᠭᠠᠨᠪᠠᠭᠠᠲᠤᠷ ᠲᠤ ᠲᠤᠮᠢᠯᠠᠵᠦ᠂ ︽ ᠠᠷᠤ ᠮᠣᠩᠭᠣᠯ ᠤᠨ ᠲᠤᠰᠠᠭᠠᠷ ᠲᠤᠭᠲᠠᠨᠢᠯ 》 ᠤᠨ ᠪᠠᠶᠢᠳᠠᠯ ᠢ ᠪᠠᠶᠢᠴᠠᠭᠠᠭᠰᠠᠨ ᠪᠠᠶᠢᠨ᠎ᠠ ᠃ ᠡᠭᠦᠨ ᠦ ᠬᠣᠭᠣᠷᠣᠨᠳᠣ ᠨᠢ ᠂ ᠭᠦᠸᠧ ᠳ᠋ᠤᠤ ᠹᠦ᠋ ᠡᠴᠡ 《 ᠰᠢᠨ᠎ᠡ ᠮᠣᠩᠭᠣᠯ 》 ᠬᠡᠮᠡᠬᠦ ᠨᠣᠮ ᠪᠢᠴᠢᠵᠦ ᠂ ᠬᠤᠪᠢᠰᠬᠠᠯ ᠢᠯᠠᠯᠲᠠ ᠣᠯᠤᠭᠰᠠᠨ ᠤ ᠳᠠᠷᠠᠭᠠᠬᠢ ᠮᠣᠩᠭᠣᠯ ᠤᠨ ᠪᠠᠶᠢᠳᠠᠯ ᠢ ᠲᠠᠨᠢᠯᠴᠠᠭᠤᠯᠵᠠᠢ ᠃ ᠮᠣᠰᠺᠸᠠ ᠳ᠋ᠤ ᠣᠴᠢᠵᠤ ᠵᠥᠪᠯᠡᠯᠳᠤ ᠬᠣᠯᠪᠣᠭᠠᠲᠤ ᠤᠯᠤᠰ ᠤᠨ ᠡᠪ ᠬᠠᠮᠲᠤ ᠨᠠᠮ ᠤᠨ ᠬᠠᠷᠢᠭᠤᠴᠠᠯᠭᠠᠲᠠᠳ ᠲᠠᠢ ᠤᠴᠠᠷᠠᠵᠤ᠂ ᠥᠪᠥᠷ ᠮᠣᠩᠭᠣᠯ ᠤᠨ ᠦᠨᠳᠦᠰᠦᠲᠡᠨ ᠤ ᠴᠢᠯᠥᠭᠡᠯᠡᠯᠲᠡ ᠶ᠋ᠢᠨ ᠬᠥᠳᠡᠯᠭᠡᠭᠡᠨ ᠢ ᠳᠡᠮᠵᠢᠬᠦ ᠬᠡᠷᠡᠭᠲᠡᠶ ᠭᠡᠵᠦ ᠱᠠᠭᠠᠷᠳᠠᠪᠠ᠃ ᠲᠡᠭᠦᠨ ᠦ ᠳᠡᠭᠡᠷ᠎ᠡ ᠳᠤᠷᠠᠳᠤᠭᠰᠠᠨ ᠠᠵᠢᠯᠯᠠᠭ᠎ᠠ ᠨᠢ ᠸᠠᠩ ᠵᠧᠩ ᠲᠢᠩ ᠤᠨ ᠡᠭᠳᠡᠭᠦᠴᠡᠯ ᠳ᠋ᠦ ᠤᠴᠠᠷᠠᠵᠤ ᠂ ᠬᠢᠨᠠᠨ ᠪᠠᠶᠢᠴᠠᠭᠠᠯᠲᠠ ᠳᠠᠭᠤᠰᠬᠤ ᠡᠴᠠ ᠡᠮᠦᠨ᠎ᠡ ᠂ ᠳᠠᠷᠤᠢ 《 ᠤᠯᠠᠭᠠᠨ ᠪᠤᠯᠬᠤ ᠭᠡᠵᠦ ᠠᠮᠤᠶ 》 ᠭᠡᠳᠡᠭ ᠨᠡᠷ᠎ᠡ ᠪᠠᠷ ᠲᠡᠭᠦᠨ ᠦ ᠲᠤᠰᠢᠶᠠᠯ ᠢ ᠨᠢ ᠤᠭᠴᠠᠷᠠᠭᠤᠯᠪᠠ᠃ ᠭᠦᠸᠧ ᠳ᠋ᠤᠤ ᠹᠦ᠋ ᠨᠤᠲᠤᠭ ᠲᠠᠭᠠᠨ ᠪᠤᠴᠠᠵᠤ ᠂ ᠬᠠᠷᠠᠮᠥ᠋ᠷᠡᠨ ᠤ ᠴᠡᠷᠢᠭ ᠤᠨ ᠶᠠᠪᠤᠳᠠᠯ ᠤᠨ ᠬᠢᠨᠠᠨ ᠵᠠᠬᠢᠷᠤᠭᠴᠢ ᠵᠣᠪᠴᠢᠩ ᠯᠠᠨ ᠳ᠋ᠦ ᠬᠡᠷᠡᠭᠯᠡᠭᠳᠡᠨ ᠂ ᠲᠡᠷᠡ ᠲᠠᠷᠤᠢ ᠳ᠋ᠦ᠋ᠨᠢ ᠸᠠᠩ ᠵᠸᠩ ᠲᠢᠩ ᠦᠨ《 ᠤᠯᠠᠭᠠᠨ ᠪᠤᠯᠭᠠᠬᠤ ᠬᠦᠮᠦᠰ ︾ ᠭᠡᠵᠦ ᠵᠠᠭᠠᠯᠳᠤᠭᠰᠠᠨ ᠡᠴᠠ ᠪᠤᠯᠵᠤ ᠳᠠᠬᠢᠨᠲᠠ ᠲᠤᠰᠢᠶᠠᠯ ᠡᠴᠠ ᠪᠠᠨ ᠤᠭᠴᠠᠷᠠᠭᠳᠠᠭᠰᠠᠨ ᠪᠠᠶᠢᠨ᠎ᠠ ᠃ ᠬᠡᠳᠦᠶᠢᠪᠡᠷ ᠡᠶᠢᠮᠦ ᠪᠣᠯᠪᠠᠴᠤ ᠂ ᠭᠦᠸᠧ ᠳ᠋ᠤᠤ ᠹᠦ᠋ ᠮᠥᠨ ᠯᠡ ᠨᠤᠲᠤᠭ ᠲᠠᠭᠠᠨ ᠮᠣᠩᠭᠣᠯ ᠤᠨ ᠡᠭᠡᠯ ᠠᠷᠠᠳ ᠤᠨ ᠬᠤᠪᠢᠰᠬᠠᠯ ᠬᠢᠬᠦ ᠶ᠋ᠢ ᠰᠤᠷᠲᠠᠯᠴᠢᠯᠠᠨ ᠂ ᠬᠥᠯᠥᠨ ᠪᠣᠶᠢᠷ ᠤᠨ ᠰᠤᠷᠤᠭᠴᠢᠳ ᠤᠨ ᠬᠤᠷᠠᠯ ᠤᠨ ᠰᠠᠭᠤᠷᠢᠨ ᠳᠡᠭᠡᠷ᠎ᠡ ᠂ 1923 ᠤᠨ ᠤ ᠡᠴᠦᠰ 1924 ᠣᠨ ᠤ ᠡᠬᠢ ᠪᠡᠷ 《 ᠬᠥᠯᠥᠨ ᠪᠣᠶᠢᠷ ᠤᠨ ᠵᠠᠯᠠᠭᠤᠴᠤᠳ ᠤᠨ ᠨᠠᠮ 》 ᠢ ᠠᠩᠬ᠎ᠠ ᠵᠤᠬᠢᠶᠠᠨ ᠪᠠᠶᠢᠭᠤᠯᠵᠤ ᠂ 《 ᠠᠷᠤ ᠮᠤᠩᠭᠤᠯ ᠤᠨ ᠡᠭᠡᠯ ᠠᠷᠠᠳ ᠤᠨ ᠬᠤᠪᠢᠰᠬᠠᠯᠲᠤ ᠨᠠᠮ 》 ᠤᠨ ᠵᠣᠷᠢᠯᠲᠠ ᠶ᠋ᠢ ᠬᠦᠯᠢᠶᠡᠨ ᠵᠦᠪᠰᠢᠶᠡᠷᠡᠭᠰᠡᠨ ᠪᠠᠶᠢᠨ᠎ᠠ ᠃
1924 ᠣᠨ ᠳ᠋ᠤ ᠂ ᠳᠤᠮᠳᠠᠳᠤ ᠶ᠋ᠢᠨ ᠰᠤᠷᠭᠠᠨ ᠬᠥᠮᠦᠵᠢᠯ ᠢ ᠰᠠᠶᠢᠵᠢᠷᠠᠭᠤᠯᠬᠤ ᠬᠣᠷᠢᠶᠠᠨ ᠤ ᠬᠤᠷᠠᠯ ᠨᠠᠨᠵᠢᠩ ᠳ᠋ᠤ ᠬᠤᠷᠠᠯᠳᠤᠭᠤᠯᠵᠤ ᠂ ᠭᠦᠸᠧ ᠳ᠋ᠤᠤ ᠹᠦ᠋ ᠮᠣᠩᠭᠣᠯ ᠣᠷᠣᠨ ᠢ ᠲᠦᠯᠦᠭᠡᠯᠡᠨ ᠬᠤᠷᠠᠯ ᠳ᠋ᠦ ᠣᠷᠣᠯᠴᠠᠵᠤ ᠂ ᠮᠣᠩᠭᠣᠯ ᠤᠨ ᠰᠤᠷᠭᠠᠨ ᠬᠥᠮᠦᠵᠢᠯ ᠤᠨ ᠠᠰᠠᠭᠤᠳᠠᠯ ᠤᠨ ᠲᠤᠬᠠᠶ ᠶᠠᠷᠢᠶ᠎ᠠ ᠲᠠᠯᠪᠢᠵᠦ( ᠰᠡᠭᠦᠯᠡᠷ ᠨᠢ ᠡᠭᠦᠨ ᠢᠶᠠᠷ ᠰᠠᠭᠤᠷᠢ ᠪᠣᠯᠭᠠᠨ ᠂ 《 ᠮᠣᠩᠭᠣᠯ ᠪᠠ ᠰᠤᠷᠭᠠᠨ ᠬᠥᠮᠦᠵᠢᠯ 》 ᠭᠡᠬᠦ ᠨᠤᠮ ᠢ ᠪᠢᠴᠢᠪᠡ ) ᠃ ᠡᠭᠦᠨ ᠦ ᠳᠠᠷᠠᠭ᠎ᠠ ᠂ ᠡᠮᠦᠨᠡᠰᠢ ᠭᠤᠸᠠᠩᠵᠧᠦ ᠶ᠋ᠢ ᠴᠢᠭᠯᠡᠨ᠂ ᠰᠦᠨ ᠵᠦᠩ ᠱᠠᠨ ᠠᠪᠤᠭᠠᠶ ᠲᠠᠶ ᠠᠭᠤᠯᠵᠠᠵᠦ ᠂ ᠲᠡᠭᠦᠨ ᠲᠠᠢ ᠮᠣᠩᠭᠣᠯ ᠦᠨᠳᠦᠰᠦᠲᠡᠨ ᠤ ᠴᠢᠯᠥᠭᠡᠯᠡᠯᠲᠡ ᠶ᠋ᠢᠨ ᠠᠰᠠᠭᠤᠳᠠᠯ ᠤᠨ ᠲᠤᠬᠠᠢ ᠶᠠᠷᠢᠯᠴᠠᠵᠤ ᠂ ᠰᠠᠨᠮᠢᠨ ᠦᠵᠡᠯ ᠤᠨ ᠭᠦᠨ ᠨᠥᠯᠥᠭᠡ ᠪᠠ ᠵᠣᠷᠢᠭᠵᠢᠭᠤᠯᠤᠯ ᠢ ᠬᠦᠷᠲᠡᠭᠰᠡᠨ ᠪᠠᠶᠢᠨ᠎ᠠ ᠃ ᠮᠥᠨ ᠵᠢᠯ ᠂ ᠭᠦᠸᠧ ᠳ᠋ᠤᠤ ᠹᠦ᠋ ᠡᠴᠠ 《 ᠮᠣᠩᠭᠣᠯ ᠤᠨ ᠠᠰᠠᠭᠤᠳᠠᠯ 》 ᠂ 《 ᠮᠣᠩᠭᠣᠯ ᠦᠨᠳᠦᠰᠦᠲᠡᠨ ᠤ ᠥᠪᠡᠷᠲᠡᠭᠡᠨ ᠰᠢᠶᠳᠪᠦᠷᠢᠯᠡᠬᠦ ᠬᠥᠳᠡᠯᠭᠡᠭᠡᠨ 》 ᠭᠡᠬᠦ ᠵᠡᠷᠭᠡ ᠵᠣᠬᠢᠶᠠᠯ ᠪᠢᠴᠢᠵᠦ ᠂ ᠥᠪᠥᠷ ᠮᠣᠩᠭᠣᠯ ᠤᠨ ᠠᠷᠠᠳ ᠤᠨ ᠬᠤᠪᠢᠰᠬᠠᠯᠲᠤ ᠨᠠᠮ ᠢ ᠪᠠᠶᠢᠭᠤᠯᠬᠤ ᠳᠤ ᠂ ᠤᠨᠤᠯ ᠤᠨ ᠰᠠᠭᠤᠷᠢ ᠶ᠋ᠢ ᠲᠠᠯᠪᠢᠵᠤ ᠥᠭᠴᠡᠶ ᠃ ᠡᠭᠦᠨ ᠤ ᠵᠡᠷᠭᠡᠴᠡᠭᠡᠪᠡᠷ ᠂ ᠲᠤᠬᠠᠢ ᠶ᠋ᠢᠨ ᠦᠢ᠎ᠡ ᠳ᠋ᠦ ᠭᠣᠮᠢᠨᠳᠠᠩ ᠤᠨ ᠲᠥᠪ ᠬᠣᠷᠢᠶᠠᠨ ᠤ ᠭᠡᠰᠢᠭᠦᠨ ᠪᠠᠢ ᠶᠦᠨ ᠲᠠᠢ ᠪᠠ ᠹᠦ᠋ ᠮᠢᠩᠲᠠᠶ ᠵᠡᠷᠭᠡ ᠬᠥᠮᠦᠰ ᠲᠠᠢ ᠬᠠᠮᠳᠤᠪᠠᠷ ᠡᠨᠡᠬᠦ ᠵᠣᠬᠢᠶᠠᠨ ᠪᠠᠶᠢᠭᠤᠯᠤᠯᠲᠠ ᠵᠣᠬᠢᠶᠠᠨ ᠪᠠᠶᠢᠭᠤᠯᠬᠤ ᠠᠵᠢᠯ ᠢᠶᠡᠨ ᠪᠡᠯᠡᠳᠬᠡᠭᠰᠡᠨ ᠪᠠᠶᠢᠨ᠎ᠠ ᠃
1925 ᠣᠨ ᠤ 10 ᠰᠠᠷ᠎ᠠ ᠳ᠋ᠤ᠂ ᠥᠪᠥᠷ ᠮᠣᠩᠭᠣᠯ ᠤᠨ ᠠᠷᠠᠳ ᠤᠨ ᠬᠤᠪᠢᠰᠬᠠᠯᠲᠤ ᠨᠠᠮ ᠤᠨ ᠲᠥᠯᠥᠭᠡᠯᠡᠭᠴᠢᠳ ᠤᠨ ᠶᠡᠬᠡ ᠬᠤᠷᠠᠯ ᠨᠢ ᠴᠢᠭᠤᠯᠤᠯᠳᠦ ᠬᠠᠭᠠᠯᠭ᠎ᠠ ᠳ᠋ᠦ ᠬᠤᠷᠠᠯᠳᠤᠭᠤᠯᠪᠠ ᠂ ᠡᠨᠡ ᠨᠢ ᠵᠣᠬᠢᠶᠠᠨ ᠪᠠᠶᠢᠭᠤᠯᠤᠯᠲᠠ ᠶ᠋ᠢᠨ ᠪᠠᠶᠢᠭᠤᠯᠤᠭᠳᠠᠭᠰᠠᠨ ᠢ ᠵᠢᠩᠬᠢᠨᠢ ᠪᠡᠷ ᠵᠠᠷᠯᠠᠭᠰᠠᠨ ᠪᠠᠶᠢᠨ᠎ᠠ ᠃ ᠶᠡᠬᠡ ᠬᠤᠷᠠᠯ ᠤᠨ ᠰᠣᠩᠭᠣᠭᠤᠯᠢ ᠳ᠋ᠤ ᠪᠠᠢ ᠶᠦᠨ ᠲᠠᠢ᠂ ᠭᠦᠸᠧ ᠳ᠋ᠤᠤ ᠹᠦ᠋ ᠂ ᠹᠦ᠋ ᠮᠢᠩ ᠲᠠᠢ ᠵᠡᠷᠭᠡ 21 ᠬᠥᠮᠦᠨ ᠢ ᠲᠥᠪ ᠤᠨ ᠭᠦᠢᠴᠡᠳᠬᠡᠬᠦ ᠬᠣᠷᠢᠶᠠᠨ ᠤ ᠭᠡᠰᠢᠭᠦᠨ ᠢᠶᠠᠷ ᠰᠤᠩᠭᠤᠵᠤ ᠂ ᠪᠠᠢ ᠬᠤᠷᠢᠶᠠᠨ ᠳᠠᠷᠤᠭ᠎ᠠ ᠪᠤᠯᠵᠤ ᠂ ᠭᠦᠸᠧ ᠨᠠᠷᠢᠨ ᠪᠢᠴᠢᠭ ᠤᠨ ᠳᠠᠷᠤᠭ᠎ᠠ ᠶ᠋ᠢᠨ ᠲᠤᠰᠢᠶᠠᠯ ᠢ ᠬᠠᠷᠢᠭᠤᠴᠠᠪᠠ ᠃ ᠶᠡᠬᠡ ᠬᠤᠷᠠᠯ ᠡᠴᠡ ᠭᠦᠸᠧ ᠳ᠋ᠤᠤ ᠹᠦ᠋ ᠵᠡᠷᠭᠡ ᠬᠥᠮᠦᠰ ᠥᠪᠡᠷ ᠢᠶ᠋ᠡᠨ ᠡᠷᠬᠢᠯᠡᠨ ᠨᠣᠣᠷᠠᠭᠯᠠᠭᠰᠠᠨ 《 ᠥᠪᠥᠷ ᠮᠣᠩᠭᠣᠯ ᠤᠨ ᠠᠷᠠᠳ ᠤᠨ ᠬᠤᠪᠢᠰᠬᠠᠯᠲᠤ ᠨᠠᠮ ᠤᠨ ᠬᠥᠲᠥᠯᠪᠦᠷᠢ 》 ᠂ 《 ᠥᠪᠥᠷ ᠮᠣᠩᠭᠣᠯ ᠤᠨ ᠠᠷᠠᠳ ᠤᠨ ᠬᠤᠪᠢᠰᠬᠠᠯᠲᠤ ᠨᠠᠮ ᠤᠨ ᠠᠩᠬᠠᠳᠤᠭᠠᠷ ᠶᠡᠬᠡ ᠬᠤᠷᠠᠯ ᠤᠨ ᠲᠤᠩᠬᠠᠭ 》 ᠵᠡᠷᠭᠡ ᠠᠯᠢ ᠤᠯᠠᠨ ᠪᠢᠴᠢᠭ ᠮᠠᠲ᠋ᠧᠷᠢᠶᠠᠯ ᠢ ᠪᠠᠲᠤᠯᠠᠭᠰᠠᠨ ᠪᠠᠶᠢᠨ᠎ᠠ ᠃ ᠡᠨᠡ ᠨᠢᠭᠡ ᠵᠢᠯ ᠳ᠋ᠤ᠂ ᠭᠦᠸᠧ ᠳ᠋ᠤᠤ ᠹᠦ᠋ ᠂ ᠪᠠᠰᠠ ᠹᠡᠩᠢᠦᠢ ᠰᠢᠶᠠᠩ ᠦ᠋ᠨ ᠨᠠᠷᠢᠨ ᠪᠢᠴᠢᠭᠡᠴᠢ ᠬᠢᠭᠡᠳ ᠪᠠᠷᠠᠭᠤᠨ ᠬᠣᠶᠢᠲᠤ ᠣᠷᠣᠨ ᠦ ᠪᠠᠶᠢᠴᠠᠭᠠᠭᠴᠢ ᠶᠢᠨ ᠬᠣᠪᠢ ᠪᠡᠷ ᠥᠪᠥᠷ ᠮᠣᠩᠭᠣᠯ ᠤᠨ ᠪᠠᠷᠠᠭᠤᠨ ᠬᠡᠰᠡᠭ ᠤᠨ ᠭᠠᠵᠠᠷ ᠣᠷᠣᠨ ᠤ ᠢᠶᠡᠷ ᠠᠵᠢᠯᠯᠠᠭ᠎ᠠ ᠬᠢᠵᠦ ᠂ ᠰᠡᠭᠦᠯᠡᠷ ᠨᠢ ᠤᠯᠠᠭᠠᠨᠪᠠᠭᠠᠲᠤᠷ ᠳ᠋ᠦ ᠤᠴᠢᠵᠦ᠂ ᠳᠠᠷᠠᠭ᠎ᠠ ᠵᠢᠯ ᠨᠤᠲᠤᠭ ᠲᠠᠭᠠᠨ ᠪᠤᠴᠠᠪᠠ ᠃
1926 ᠣᠨ ᠤ ᠵᠤᠨ ᠤ ᠡᠬᠢᠨ ᠳ᠋ᠦ ᠂ ᠡᠪ ᠬᠠᠮᠲᠤ ᠶ᠋ᠢᠨ ᠢᠨᠲ᠋ᠧᠷᠨᠠᠼᠢᠣᠨᠠᠯ ᠤᠨ ᠵᠢᠭᠠᠪᠤᠷᠢ ᠶ᠋ᠢ ᠦᠨᠳᠦᠰᠦᠯᠡᠨ ᠂ ᠭᠦᠸᠧ ᠳ᠋ᠤᠤ ᠹᠦ᠋ ᠠᠯᠠᠱᠠ ᠬᠤᠰᠢᠭᠤᠨ ᠳᠤ ᠠᠶᠢᠮᠠᠭ ᠲᠤ ᠬᠦᠷᠴᠦ ᠥᠪᠥᠷ ᠮᠣᠩᠭᠣᠯ ᠤᠨ ᠠᠷᠠᠳ ᠤᠨ ᠬᠤᠪᠢᠰᠬᠠᠯᠲᠤ ᠨᠠᠮ ᠤᠨ ᠵᠣᠷᠢᠯᠲᠠ ᠶ᠋ᠢ ᠤᠬᠠᠭᠤᠯᠵᠤ ᠂ ᠵᠣᠬᠢᠶᠠᠨ ᠪᠠᠶᠢᠭᠤᠯᠬᠤ ᠠᠵᠢᠯ ᠥᠷᠨᠢᠭᠦᠯᠵᠦ ᠂ ᠬᠥᠮᠦᠨ ᠲᠣᠮᠢᠯᠠᠨ ᠵᠡᠪᠰᠡᠭᠲᠦ ᠪᠣᠰᠣᠯᠭ᠎ᠠ ᠭᠠᠷᠭᠠᠪᠠ ( ᠳᠠᠷᠠᠭ᠎ᠠ ᠵᠢᠯ ᠤᠨ ᠬᠢᠨᠢ 4 ᠰᠠᠷ᠎ᠠ ᠳ᠋ᠤ ᠶᠠᠪᠤᠭᠳᠠᠵᠤ ᠂ ᠢᠯᠠᠭᠳᠠᠪᠠ ) ᠃ ᠡᠨᠡ ᠬᠦ ᠬᠤᠭᠤᠴᠠᠭᠠᠨ ᠳ᠋ᠤ ᠂ ᠤᠯᠤᠰ ᠲᠦᠷᠦ ᠶ᠋ᠢᠨ ᠢᠲᠡᠭᠡᠯ ᠪᠢᠰᠢᠷᠡᠯ ᠠᠳᠠᠯᠢ ᠪᠤᠰᠤ ᠪᠤᠯᠵᠤ ᠂ ᠭᠦᠸᠧ ᠳ᠋ᠤᠤ ᠹᠦ᠋ ᠪᠣᠯᠤᠨ ᠪᠠᠢ ᠶᠦᠨ ᠲᠠᠢ ᠬᠦᠨᠳᠦ ᠨᠣᠴᠢᠲᠠᠶ ᠵᠥᠷᠢᠯᠳᠦᠭᠡᠨ ᠭᠠᠷᠤᠭᠠᠳ ᠲᠡᠷᠡ ᠤᠯᠠᠭᠠᠨᠪᠠᠭᠠᠲᠤᠷ ᠲᠤ ᠬᠦᠷᠴᠦ ᠂ ᠡᠪ ᠬᠠᠮᠲᠤ ᠶ᠋ᠢᠨ ᠢᠨᠲ᠋ᠧᠷᠨᠠᠼᠢᠣᠨᠠᠯ ᠳ᠋ᠦ ᠪᠠᠢ ᠶ᠋ᠢᠨ ᠪᠤᠷᠤᠭᠤ ᠶ᠋ᠢ ᠢᠯᠡᠴᠢᠯᠡᠭᠰᠡᠨ ᠪᠠᠶᠢᠨ᠎ᠠ ᠃ ᠳᠠᠷᠠᠭ᠎ᠠ ᠵᠢᠯ ᠨᠢ ᠂ ᠭᠦᠸᠧ ᠳ᠋ᠤᠤ ᠹᠦ᠋ ᠮᠤᠩᠭᠤᠯ ᠤᠯᠤᠰ ᠤᠨ ᠪᠦ᠋ᠬᠦ ᠤᠯᠤᠰ ᠤᠨ ᠠᠵᠢᠯᠳ᠋ᠠᠨ ᠤ ᠶᠡᠷᠦᠩᠬᠡᠶ ᠡᠪᠯᠡᠯ ᠤᠨ ᠲᠥᠪ ᠬᠣᠷᠢᠶᠠᠨ ᠤ ᠨᠠᠷᠢᠨ ᠪᠢᠴᠢᠭ ᠤᠨ ᠳᠠᠷᠤᠭ᠎ᠠ ᠪᠠᠷ ᠰᠤᠩᠭᠤᠭᠳᠠᠵᠤ ᠂ ᠮᠤᠩᠭᠤᠯ ᠢ ᠲᠦᠯᠦᠭᠡᠯᠡᠨ ᠮᠣᠰᠺᠸᠠ ᠳ᠋ᠦ ᠬᠤᠷᠠᠯᠳᠤᠭᠰᠠᠨ ᠳᠡᠯᠡᠬᠡᠶ ᠶ᠋ᠢᠨ ᠠᠵᠢᠯᠴᠢᠨ ᠦ ᠬᠣᠯᠪᠣᠭᠠᠲᠤ ᠬᠤᠷᠠᠯ ᠳ᠋ᠦ ᠤᠷᠤᠯᠴᠠᠵᠤ᠂ ᠠᠵᠢᠯᠴᠢᠨ ᠤ ᠬᠣᠯᠪᠣᠭᠠᠨ ᠦ ᠭᠡᠰᠢᠭᠦᠨ ᠢᠶ᠋ᠡᠷ ᠰᠣᠩᠭᠣᠭᠳᠠᠪᠠ ᠃
1927 ᠤᠨ ᠳ᠋ᠤ᠂ ᠵᠢᠶᠠᠩ ᠵᠢᠶᠸ ᠱᠢ《 4. 12 》 ᠬᠤᠪᠢᠰᠬᠠᠯ ᠤᠨ ᠡᠰᠡᠷᠭᠦᠦ ᠲᠦ᠋ᠷᠦ ᠶ᠋ᠢᠨ ᠬᠤᠪᠢᠰᠤᠯ ᠭᠠᠷᠭᠠᠭᠰᠠᠨ ᠦ ᠳᠠᠷᠠᠭ᠎ᠠ ᠂ ᠥᠪᠥᠷ ᠮᠣᠩᠭᠣᠯ ᠣᠷᠣᠨ ᠤ ᠬᠤᠪᠢᠰᠬᠠᠯ ᠤᠨ ᠪᠠᠶᠢᠳᠠᠯ ᠲᠦᠷᠭᠡᠨ ᠢᠶᠠᠷ ᠮᠠᠭᠤᠳᠠᠵᠤ ᠂ ᠥᠪᠥᠷ ᠮᠣᠩᠭᠣᠯ ᠤᠨ ᠠᠷᠠᠳ ᠤᠨ ᠬᠤᠪᠢᠰᠬᠠᠯᠲᠤ ᠨᠠᠮ ᠤᠨ ᠳᠣᠲᠣᠷᠠᠬᠢ ᠲᠡᠮᠡᠴᠡᠯ ᠨᠢ ᠴᠦ ᠡᠳᠦᠷ ᠢᠷᠡᠬᠦᠶ᠎ᠡ ᠰᠢᠷᠦᠭᠦᠰᠪᠡ ᠃ ᠡᠶᠢᠮᠦ ᠡᠴᠡ ᠂ ᠡᠪ ᠬᠠᠮᠲᠤ ᠶ᠋ᠢᠨ ᠢᠨᠲ᠋ᠧᠷᠨᠠᠼᠢᠣᠨᠠᠯ ᠤᠨ ᠵᠢᠯᠤᠭᠤᠳ᠋ᠤᠯᠭ᠎ᠠ ᠳᠣᠣᠷ᠎ᠠ ᠂ ᠥᠪᠥᠷ ᠮᠣᠩᠭᠣᠯ ᠤᠨ ᠠᠷᠠᠳ ᠤᠨ ᠬᠤᠪᠢᠰᠬᠠᠯᠲᠤ ᠨᠠᠮ ᠨᠢ ᠲᠤᠰ ᠵᠢᠯ ᠤᠨ 8 ᠰᠠᠷ᠎ᠠ ᠳ᠋ᠤ ᠤᠯᠠᠭᠠᠨᠪᠠᠭᠠᠲᠤᠷ ᠲᠤ ᠣᠨᠴᠠ ᠶᠡᠬᠡ ᠬᠤᠷᠠᠯ ᠬᠤᠷᠠᠯᠳᠤᠭᠤᠯᠵᠤ ᠂ ᠭᠦᠸᠧ ᠳ᠋ᠤᠤ ᠹᠦ᠋ ᠶ᠋ᠢᠨ ᠠᠯᠠᠱᠠ ᠶᠢᠨ ᠬᠤᠪᠢᠰᠬᠠᠯᠲᠤ ᠬᠥᠳᠡᠯᠭᠡᠭᠡᠨ ᠢ ᠵᠢᠯᠤᠭᠤᠳᠤᠭᠰᠠᠨ ᠲᠠᠯ᠎ᠠ ᠪᠠᠷ ᠬᠦᠨᠳᠦ ᠨᠣᠴᠢᠲᠠᠶ ᠠᠯᠳᠠᠭ᠎ᠠ ᠭᠠᠷᠭᠠᠭᠰᠠᠨ ᠢᠶᠠᠷ ᠰᠢᠯᠲᠠᠭᠠᠨ ᠪᠣᠯᠭᠠᠵᠤ ᠂ ᠲᠡᠭᠦᠨ ᠤ ᠲᠥᠪ ᠬᠣᠷᠢᠶᠠᠨ ᠤ ᠨᠠᠷᠢᠨ ᠪᠢᠴᠢᠭ ᠤᠨ ᠳᠠᠷᠤᠭ᠎ᠠ ᠂ ᠲᠥᠪ ᠤᠨ ᠭᠦᠢᠴᠡᠳᠬᠡᠬᠦ ᠬᠣᠷᠢᠶᠠᠨ ᠤ ᠭᠡᠰᠢᠭᠦᠨ ᠵᠡᠷᠭᠡ ᠲᠤᠰᠢᠶᠠᠯ ᠢ ᠨᠢ ᠲᠦᠷ ᠴᠠᠭ ᠵᠤᠭᠰᠤᠭᠠᠭᠰᠠᠨ ᠪᠠᠶᠢᠨ᠎ᠠ ᠃ ᠡᠭᠦᠨ ᠤ ᠳᠠᠷᠠᠭ᠎ᠠ ᠪᠠᠷ ᠂ ᠡᠪ ᠬᠠᠮᠲᠤ ᠶ᠋ᠢᠨ ᠢᠨᠲ᠋ᠧᠷᠨᠠᠼᠢᠣᠨᠠᠯ ᠤᠨ ᠵᠢᠭᠠᠪᠤᠷᠢ ᠳᠣᠣᠷ᠎ᠠ ᠂ ᠵᠦᠪᠯᠡᠯᠲᠦ ᠲᠤ ᠰᠤᠷᠤᠯᠴᠠᠵᠦ ᠪᠠᠶᠢᠭᠰᠠᠨ ᠂ ᠮᠤᠩᠭᠤᠯ ᠳ᠋ᠤ ᠰᠤᠷᠤᠯᠴᠠᠵᠦ ᠪᠠᠶᠢᠭᠰᠠᠨ ᠦᠪᠦᠷ ᠮᠤᠩᠭᠤᠯ ᠤᠨ ᠬᠤᠪᠢᠰᠬᠠᠯᠲᠤ ᠵᠠᠯᠠᠭᠤᠴᠤᠳ ᠢᠶᠠᠷ ᠭᠣᠣᠯ ᠴᠣᠭᠴᠠ ᠪᠣᠯᠭᠠᠭᠰᠠᠨ ᠂ ᠰᠢᠨ᠎ᠡ ᠵᠣᠬᠢᠶᠠᠨ ᠪᠠᠶᠢᠭᠤᠯᠤᠯᠲᠠ — ᠥᠪᠥᠷ ᠮᠣᠩᠭᠣᠯ ᠤᠨ ᠬᠤᠪᠢᠰᠬᠠᠯᠲᠤ ᠵᠠᠯᠠᠭᠤᠴᠤᠳ ᠤᠨ ᠨᠠᠮ ᠢ ᠵᠤᠬᠢᠶᠠᠨ ᠪᠠᠶᠢᠭᠤᠯᠤᠭᠰᠠᠨ ᠪᠥᠭᠡᠳ ᠪᠠᠢ ᠶᠦᠨ ᠲᠠᠢ ᠪᠠᠷ ᠲᠣᠯᠣᠭᠠᠶᠢᠯᠠᠭᠤᠯᠤᠭᠰᠠᠨ 《 ᠰᠠᠨᠮᠢᠨ ᠦᠵᠡᠯ ᠤᠨ ᠡᠲᠡᠭᠡᠳ 》 ᠲᠠᠢ ᠠᠯᠢᠪᠠ ᠬᠠᠷᠢᠴᠠᠭ᠎ᠠ ᠪᠠᠨ ᠲᠠᠰᠤᠯᠠᠪᠠ᠃ ᠭᠦᠸᠧ ᠳ᠋ᠤᠤ ᠹᠦ᠋ ᠂ ᠹᠦ᠋ ᠮᠢᠩ ᠲᠠᠢᠡᠨᠡ ᠵᠣᠬᠢᠶᠠᠨ ᠪᠠᠶᠢᠭᠤᠯᠤᠯᠲᠠ ᠳ᠋ᠤ ᠤᠷᠤᠭᠰᠠᠨ ᠪᠥᠭᠡᠳ ᠭᠣᠣᠯ ᠬᠠᠷᠢᠭᠤᠴᠠᠯᠭᠠᠲᠠᠨ ᠪᠤᠯᠵᠠᠢ ᠃
1928 ᠣᠨ ᠤ 7 ᠰᠠᠷ᠎ᠠ ᠳ᠋ᠤ᠂ ᠡᠪ ᠬᠠᠮᠲᠤ ᠶ᠋ᠢᠨ ᠢᠨᠲ᠋ᠧᠷᠨᠠᠼᠢᠣᠨᠠᠯ ᠪᠣᠯᠤᠨ 《 ᠠᠷᠤ ᠮᠣᠩᠭᠣᠯ 》 ᠤᠨ ᠵᠢᠯᠤᠭᠤᠳᠤᠯᠭ᠎ᠠ ᠪᠠ ᠬᠠᠪᠰᠤᠷᠤᠯᠭ᠎ᠠ ᠳᠣᠣᠷ᠎ᠠ ᠂ ᠭᠦᠸᠧ ᠳ᠋ᠤᠤ ᠹᠦ᠋ ᠂ ᠹᠦ᠋ ᠮᠢᠩ ᠲᠠᠶ ᠵᠡᠷᠭᠡ ᠬᠥᠮᠦᠰ ᠰᠢᠨ᠎ᠡ ᠪᠠᠷᠭᠤ ᠵᠡᠭᠦᠨ ᠬᠤᠰᠢᠭᠤᠨ ᠳ᠋ᠤ ᠬᠥᠯᠥᠨ ᠪᠣᠶᠢᠷ ᠤᠨ ᠵᠠᠯᠠᠭᠤᠴᠤᠳ ᠤᠨ ᠨᠠᠮ ᠤᠨ ᠬᠤᠷᠠᠯ ᠢ ᠨᠢᠭᠤᠴᠠ ᠪᠠᠷ ᠬᠤᠷᠠᠯᠳᠤᠭᠤᠯᠵᠤ ᠂ ︽ᠵᠡᠪᠰᠡᠭᠲᠦ ᠬᠤᠪᠢᠰᠬᠠᠯ ᠢᠶᠠᠷ ᠡᠰᠡᠷᠭᠦᠴᠡᠨ᠂ ᠬᠥᠯᠥᠨ ᠪᠤᠢᠢᠷ ᠢ ᠪᠦᠷᠢᠮᠦᠰᠦᠨ ᠥᠪᠡᠷᠲᠡᠭᠡᠨ ᠵᠠᠰᠠᠨ᠎ᠠ 》 ᠬᠡᠮᠡᠨ ᠲᠤᠭᠲᠠᠭᠰᠠᠨ ᠪᠠᠶᠢᠨ᠎ᠠ᠃ ᠡᠭᠦᠨ ᠤ ᠵᠡᠷᠭᠡᠪᠡᠷ ᠂ ᠭᠦᠸᠧ ᠂ ᠹᠦ᠋ ᠡᠴᠡ ᠴᠡᠷᠢᠭ ᠤᠨ ᠶᠠᠪᠤᠳᠠᠯ ᠤᠨ ᠬᠣᠷᠢᠶᠠᠨ ᠤ ᠬᠤᠷᠢᠶᠠᠨ ᠳᠠᠷᠤᠭ᠎ᠠ ᠂ ᠳᠡᠳ᠋ ᠬᠤᠷᠢᠶᠠᠨ ᠳᠠᠷᠤᠭ᠎ᠠ ᠶ᠋ᠢᠨ ᠲᠤᠰᠢᠶᠠᠯ ᠢ ᠬᠠᠷᠢᠭᠤᠴᠠᠵᠤ ᠂ ᠮᠢᠩᠭ᠎ᠠ ᠭᠠᠷᠤᠶ ᠬᠥᠮᠦᠨ ᠢ ᠢᠶᠠᠷ ᠪᠦᠷᠢᠯᠳᠦᠭᠰᠡᠨ ᠬᠥᠯᠥᠨ ᠪᠣᠶᠢᠷ ᠤᠨ ᠮᠣᠷᠢᠲᠤ ᠴᠡᠷᠢᠭ ᠤᠨ ᠬᠣᠷᠢᠶ᠎ᠠ ᠶ᠋ᠢ ᠵᠤᠬᠢᠶᠠᠨ ᠪᠠᠶᠢᠭᠤᠯᠵᠤ᠂ ᠬᠠᠶᠢᠯᠠᠷ ᠂ ᠬᠢᠩᠭᠠᠨ ᠳᠠᠪᠠᠭ᠎ᠠ ᠂ ᠮᠠᠨᠵᠤᠤᠷ ᠭᠤᠷᠪᠠᠨ ᠵᠠᠮ ᠳ᠋ᠤ ᠳᠠᠭᠠᠷᠢᠯᠳᠠ ᠬᠢᠪᠡ᠃ ᠲᠥᠯᠥᠪᠯᠡᠭᠰᠡᠨ ᠨᠢ ᠠᠯᠳᠠᠰᠢ ᠭᠠᠷᠤᠭᠰᠠᠨ ᠪᠠ ᠬᠦᠴᠦᠨ ᠤ ᠵᠦᠷᠢᠶ᠎ᠡ ᠶᠡᠬᠡ ᠡᠴᠡ ᠪᠤᠯᠵᠤ᠂ ᠡᠭᠦᠨ ᠤ ᠳᠡᠭᠡᠷ᠎ᠡ ᠵᠦᠪᠯᠡᠯᠳᠤ ᠶᠢᠨ ᠴᠡᠷᠢᠭ ᠂ ᠮᠣᠩᠭᠣᠯ ᠤᠨ ᠴᠡᠷᠢᠭ ᠬᠠᠮᠵᠢᠯᠴᠠᠭᠰᠠᠨ ᠦᠭᠡᠢ ᠪᠦᠭᠡᠳ ᠵᠠᠯᠠᠭᠤᠴᠤᠳ ᠤᠨ ᠨᠠᠮ ᠬᠢᠭᠡᠳ ᠲᠡᠭᠦᠨ ᠦ ᠵᠡᠪᠰᠡᠭᠲᠦ ᠬᠦᠴᠦᠨ ᠨᠢ ᠬᠠᠶᠢᠯᠠᠷ ᠢ ᠳᠠᠭᠠᠷᠤᠨ ᠡᠵᠡᠯᠡᠵᠦ ᠴᠢᠳᠠᠭᠰᠠᠨ ᠦᠭᠡᠢ᠂ ᠵᠡᠭᠦᠨ ᠬᠣᠶᠢᠲᠤ ᠣᠷᠣᠨ ᠤ ᠴᠡᠷᠢᠭ ᠤᠨ ᠳᠠᠷᠤᠩᠭᠤᠶᠢᠯᠠᠯ ᠳᠣᠣᠷ᠎ᠠ ᠵᠠᠶᠢᠯᠠᠰᠢ ᠦᠭᠡᠢ ᠢᠯᠠᠭᠳᠠᠭᠰᠠᠨ ᠪᠠᠶᠢᠨ᠎ᠠ ᠃
ᠡᠨᠡᠬᠦ ᠬᠤᠭᠤᠴᠠᠭᠠᠨ ᠳ᠋ᠤ᠂ ᠭᠦᠸᠧ ᠳ᠋ᠤᠤ ᠹᠦ᠋ ᠪᠣᠯᠤᠨ ᠹᠦ᠋ ᠮᠢᠩ ᠲᠠᠶ ᠪᠠᠰᠠ ᠴᠡᠷᠢᠭ ᠤᠨ ᠶᠠᠪᠤᠳᠠᠯ ᠤᠨ ᠲᠠᠯ᠎ᠠ ᠪᠠᠷ ᠵᠥᠷᠢᠯᠳᠦᠭᠡᠨ ᠭᠠᠷᠴᠤ ᠂ ᠬᠣᠶᠠᠷ ᠲᠠᠯ᠎ᠠ ᠶ᠋ᠢᠨ ᠳᠡᠮᠵᠢᠭᠴᠢ ᠨᠢ ᠮᠥᠷᠭᠥᠯᠳᠦᠭᠡᠨ ᠡᠭᠦᠰᠪᠡ ᠃ ᠭᠦᠸᠧ 《 ᠲᠡᠮᠡᠴᠡᠯᠳᠦᠭᠡᠨ ᠦᠷᠭᠦᠯᠵᠢᠯᠡᠪᠡᠯ ᠭᠠᠳᠠᠭᠠᠳᠤ ᠬᠠᠷᠢᠯᠴᠠᠭᠠᠨ ᠤ ᠲᠠᠯ᠎ᠠ ᠪᠠᠷ ᠯᠠᠪᠲᠠᠢ ᠵᠠᠭᠤᠷᠠᠯᠳᠤᠭᠠᠨ ᠡᠭᠦᠰᠦᠨ᠎ᠡ ᠃ ᠣᠷᠣᠨ ᠨᠤᠲᠤᠭ ᠤᠨ ᠶᠠᠪᠤᠳᠠᠯ ᠢ ᠰᠢᠢᠳᠪᠦᠷᠢᠯᠡᠵᠦ ᠲᠡᠶᠢᠯᠦᠰᠢ ᠦᠭᠡᠢ ᠪᠤᠯᠬᠤ ᠪᠠᠷ ᠦᠯᠦ ᠪᠠᠷᠠᠮ ᠡᠷᠬᠡ ᠠᠰᠢᠭ ᠤᠨ ᠲᠠᠯ᠎ᠠ ᠪᠠᠷ ᠴᠤ ᠬᠣᠬᠢᠷᠠᠯ ᠳ᠋ᠤ ᠤᠴᠠᠷᠠᠵᠤ᠂ ᠪᠠᠶᠢᠪᠠᠯ ᠨᠦᠬᠦᠪᠦᠷᠢᠯᠡᠵᠦ ᠲᠡᠶᠢᠯᠦᠰᠢ ᠦᠭᠡᠢ ᠪᠤᠯᠤᠨ᠎ᠠ 》 ᠭᠡᠳᠡᠭ ᠢᠶ᠋ᠡᠷ ᠂ ᠬᠣᠯᠪᠣᠭᠳᠠᠯ ᠪᠦᠬᠦᠢ ᠠᠵᠢᠯᠲᠠᠨ ᠤᠡ ᠶᠡᠳᠡᠭᠦᠯᠭᠡ ᠳᠣᠣᠷ᠎ᠠ ᠂ 《 ᠤᠯᠤᠰ ᠲᠦᠷᠦ ᠶ᠋ᠢᠨ ᠠᠰᠠᠭᠤᠳᠠᠯ 》 ᠢᠶᠠᠷ ᠬᠥᠯᠥᠨ ᠪᠣᠶᠢᠷ ᠢ ᠰᠢᠶᠳᠪᠦᠷᠢᠯᠡᠬᠦ ᠪᠡᠷ ᠨᠥᠬᠥᠴᠡᠯ ᠪᠣᠯᠭᠠᠵᠤ ᠂ ᠭᠦᠸᠧ ᠮᠦᠭᠳᠡᠨ ( ᠱᠧᠨᠶᠠᠩ ) ᠳ᠋ᠤ ᠤᠴᠢᠵᠦ ᠡᠶᠡᠳᠡᠭᠦᠯᠦᠭᠡ ᠶ᠋ᠢ ᠬᠦᠯᠢᠶᠡᠨ ᠠᠪᠴᠤ ᠂ ᠹᠦ᠋ ᠮᠢᠩ ᠲᠠᠢ ᠨᠢ ᠤᠯᠠᠩᠬᠢ ᠬᠦᠮᠦᠰ ᠢ ᠳᠠᠭᠠᠭᠤᠯᠤᠨ ᠤᠯᠠᠭᠠᠨᠪᠠᠭᠠᠲᠤᠷ ᠲᠡᠰᠢ ᠤᠬᠤᠷᠢᠪᠠ ᠃
ᠬᠥᠯᠥᠨ ᠪᠣᠶᠢᠷ ᠤᠨ ᠵᠠᠯᠠᠭᠤᠴᠤᠳ ᠤᠨ ᠨᠠᠮ ᠤᠨ ᠪᠣᠰᠣᠯᠭ᠎ᠠ ᠠᠮᠵᠢᠯᠲᠠ ᠣᠯᠤᠭᠰᠠᠨ ᠤᠢᠭᠡᠢ ᠪᠤᠯᠪᠠᠴᠤ 《 ᠬᠥᠯᠥᠨ ᠪᠣᠶᠢᠷ ᠤᠨ ᠥᠪᠡᠷᠲᠡᠭᠡᠨ ᠵᠠᠰᠠᠬᠤ 》 ᠶ᠋ᠢ ᠲᠡᠮᠡᠴᠡᠨ ᠤᠯᠬᠤ ᠶ᠋ᠢ ᠵᠤᠷᠢᠭᠰᠠᠨ ᠨᠢ ᠥᠪᠥᠷ ᠮᠣᠩᠭᠣᠯ ᠤᠨ ᠲᠡᠦᠬᠡᠨ ᠳᠡᠭᠡᠷ᠎ᠡ ᠠᠯᠤᠰ ᠬᠡᠳᠦ ᠶ᠋ᠢᠨ ᠨᠥᠯᠥᠭᠡ ᠳᠤᠰᠬᠠᠯ ᠭᠠᠷᠭᠠᠵᠦ ᠂ ᠶᠡᠬᠡ ᠬᠤᠪᠢᠰᠬᠠᠯ ᠢᠯᠠᠭᠳᠠᠭᠰᠠᠨ ᠤ ᠳᠠᠷᠠᠭᠠᠬᠢ ᠴᠥᠭᠡᠨ ᠲᠣᠭᠠᠲᠤ ᠦᠨᠳᠦᠰᠦᠲᠡᠨ ᠤ ᠦᠨᠳᠦᠰᠦᠲᠡᠨ ᠤ ᠴᠢᠯᠥᠭᠡᠯᠡᠯᠲᠡ ᠶ᠋ᠢ ᠲᠡᠮᠡᠴᠡᠨ ᠤᠯᠬᠤ ᠴᠢᠬᠤᠯᠠ ᠲᠤᠷᠰᠢᠯᠭ᠎ᠠ ᠪᠤᠯᠵᠠᠢ ᠃ ᠰᠢᠨ᠎ᠡ ᠪᠠᠷᠭᠤ ᠮᠣᠩᠭᠣᠯ ᠦᠨᠳᠦᠰᠦᠲᠡᠨ ᠤ ᠠᠷᠠᠳ ᠲᠦᠮᠡᠨ ᠤᠳᠤ ᠪᠣᠯᠲᠠᠯ᠎ᠠ ᠪᠠᠰᠠ ᠡᠨᠡ ᠬᠦ ᠲᠤᠬᠠᠶ ᠶ᠋ᠢᠨ ᠵᠢᠯ ᠳᠦ ᠲᠡᠳᠡᠨ ᠢ ᠤᠳᠤᠷᠢᠳᠤᠨ ᠪᠣᠰᠣᠯᠭ᠎ᠠ ᠭᠠᠷᠭᠠᠭᠰᠠᠨ ᠡᠨᠡ ᠮᠦᠷᠰᠸ ᠠᠪᠤᠭᠠᠢ ᠶ᠋ᠢ ᠮᠠᠷᠲᠠᠭ᠎ᠠ ᠦᠭᠡᠢ᠃
《 ᠮᠦᠭᠳᠡᠨ ᠤ ᠬᠡᠯᠡᠯᠴᠡᠭᠡ》 ᠶᠢᠨ ᠲᠠᠷᠠᠭ᠎ᠠ ᠂ ᠭᠦᠸᠧ ᠳ᠋ᠤᠤ ᠹᠦ᠋ ᠵᠡᠭᠦᠨ ᠬᠣᠶᠢᠲᠤ ᠣᠷᠣᠨ ᠤᠨ ᠣᠶᠠᠳ ᠤᠨ ᠵᠠᠬᠢᠷᠭᠠᠨ ᠤ ᠵᠦᠪᠯᠡᠭᠴᠢ ᠶ᠋ᠢᠨ ᠲᠤᠰᠢᠶᠠᠯ ᠢ ᠬᠠᠷᠢᠭᠤᠴᠠᠪᠠ ᠃ ᠲᠤᠰ ᠵᠢᠯ ᠤᠨ ᠡᠪᠦᠯ ᠂ ᠭᠦᠸᠧ ᠮᠦᠭᠳᠡᠨ ᠳ᠋ᠤ ᠮᠣᠩᠭᠣᠯ ᠰᠣᠶᠣᠯ ᠢ ᠠᠬᠢᠭᠤᠯᠬᠤ ᠬᠤᠷᠠᠯ ᠢ ᠵᠤᠬᠢᠶᠠᠨ ᠪᠠᠶᠢᠭᠤᠯᠤᠭᠰᠠᠨ ᠪᠥᠭᠡᠳ ᠮᠦᠨ ᠲᠤᠰ ᠡᠪᠯᠡᠯ ᠤᠨ ᠨᠡᠷ᠎ᠡ ᠪᠡᠷ ᠵᠡᠭᠦᠨ ᠬᠣᠶᠢᠲᠤ ᠣᠷᠣᠨ ᠤ ᠮᠣᠩᠭᠣᠯ ᠬᠣᠰᠢᠭᠤᠨ ᠤ ᠪᠠᠭᠰᠢ ᠶ᠋ᠢᠨ ᠰᠤᠷᠭᠠᠭᠤᠯᠢ ᠶ᠋ᠢ ᠡᠭᠦᠳᠦᠨ ᠪᠠᠶᠢᠭᠤᠯᠵᠤ ᠂ ᠰᠤᠷᠭᠠᠭᠤᠯᠢ ᠶ᠋ᠢᠨ ᠳᠠᠷᠤᠭ᠎ᠠ ᠪᠤᠯᠵᠠᠢ᠃ ᠡᠭᠦᠨ ᠡᠴᠡ ᠂《ᠴᠡᠷᠢᠭ ᠤᠨ ᠬᠤᠪᠴᠠᠰᠤ ᠢᠶᠡᠨ ᠬᠠᠶᠠᠵᠤ᠂ ᠪᠢᠴᠢᠭᠲᠡᠨ ᠢᠶ᠋ᠡᠨ ᠰᠡᠷᠭᠦᠭᠡᠨ》 ᠂ ᠮᠣᠩᠭᠣᠯ ᠦᠨᠳᠦᠰᠦᠲᠡᠨ ᠦ ᠴᠢᠳᠠᠪᠤᠷᠢᠲᠠᠨ ᠢ ᠬᠥᠮᠦᠵᠢᠭᠦᠯᠬᠦ ᠰᠤᠷᠭᠠᠨ ᠬᠥᠮᠦᠵᠢᠯ ᠤᠨ ᠦᠢᠯᠡᠰ ᠤᠨ ᠲᠠᠯ᠎ᠠ ᠪᠠᠷ ᠬᠦᠴᠦᠯᠡᠨ ᠴᠢᠷᠮᠠᠶᠢᠵᠦ᠂ 《 ᠮᠣᠩᠭᠣᠯ ᠦᠨᠳᠦᠰᠦᠲᠡᠨ ᠤ ᠳᠠᠪᠰᠢᠭᠰᠠᠨ ᠡᠷᠲᠡᠮᠲᠡᠨ ᠢ ᠬᠦᠮᠦᠵᠢᠭᠦᠯᠬᠦ ᠪᠡᠷ ᠴᠢᠷᠮᠠᠶᠢᠭᠰᠠᠨ》 ᠪᠠᠶᠢᠨ᠎ᠠ ᠃ ᠲᠡᠭᠦᠨ ᠦᠡ ᠭᠦᠰᠭᠡᠨ ᠡᠷᠬᠢᠯᠡᠭᠰᠡᠨ ᠵᠡᠭᠦᠨ ᠬᠣᠶᠢᠲᠤ ᠣᠷᠣᠨ ᠤ ᠮᠣᠩᠭᠣᠯ ᠬᠣᠰᠢᠭᠤᠨ ᠤ ᠪᠠᠭᠰᠢ ᠶ᠋ᠢᠨ ᠰᠤᠷᠭᠠᠭᠤᠯᠢ ᠪᠣᠯ ᠮᠣᠩᠭᠣᠯ ᠦᠨᠳᠦᠰᠦᠲᠡᠨ ᠤ ᠣᠷᠴᠢᠨ ᠦᠶ᠎ᠡ ᠶ᠋ᠢᠨ ᠰᠢᠨᠵᠢᠯᠡᠬᠦ ᠤᠬᠠᠭᠠᠨ ᠰᠣᠶᠣᠯ ᠤᠨ ᠴᠢᠳᠠᠪᠤᠷᠢᠲᠠᠨ ᠤ ᠦᠰᠤᠨ ᠪᠣᠶᠢᠵᠢᠬ ᠳ᠋ᠤ ᠨᠢᠭᠡᠨ ᠴᠢᠬᠤᠯᠠ ᠥᠯᠥᠭᠡᠶ ᠪᠣᠯᠬᠤ ᠂ ᠮᠣᠩᠭᠣᠯ ᠦᠨᠳᠦᠰᠦᠲᠡᠨ ᠤ ᠴᠢᠯᠥᠭᠡᠯᠡᠯᠲᠡ ᠶ᠋ᠢᠨ ᠲᠥᠯᠥᠭᠡ ᠲᠡᠮᠡᠴᠡᠭᠰᠡᠨ ᠦᠯᠡᠮᠵᠢ ᠤᠯᠠᠨ ᠡᠷᠳᠡᠮᠲᠡᠨ ᠮᠡᠷᠭᠡᠳ ᠢ ᠬᠦᠮᠦᠵᠢᠬᠦᠯᠵᠦ ᠂ ᠲᠡᠷᠡ ᠨᠢ ᠥᠪᠥᠷ ᠮᠣᠩᠭᠣᠯ ᠤᠨ ᠰᠤᠷᠭᠠᠨ ᠬᠥᠮᠦᠵᠢᠯ ᠤᠨ ᠲᠡᠦᠬᠡᠨ ᠳ᠋ᠤ ᠴᠢᠬᠤᠯᠠ ᠪᠠᠶᠢᠷᠢ ᠰᠠᠭᠤᠷᠢ ᠶ᠋ᠢ ᠡᠵᠡᠯᠡᠵᠦ ᠪᠠᠶᠢᠳᠠᠭ ᠃
ᠭᠦᠸᠧ ᠳ᠋ᠤᠤ ᠹᠦ᠋ ᠰᠤᠷᠭᠠᠨ ᠬᠥᠮᠦᠵᠢᠯ ᠤᠨ ᠦᠢᠯᠡᠰ ᠲᠦ ᠬᠦᠴᠦᠨ ᠢᠶᠡᠨ ᠵᠤᠷᠢᠭᠤᠯᠬᠤ ᠶ᠋ᠢᠨ ᠬᠠᠮᠲᠤ ᠂ ᠤᠯᠤᠰ ᠲᠦᠷᠦ ᠶ᠋ᠢᠨ ᠠᠰᠠᠭᠤᠳᠠᠯ ᠳ᠋ᠦ ᠮᠦᠨ ᠠᠩᠬᠠᠷᠤᠯ ᠢᠶᠡᠨ ᠬᠠᠨᠳᠤᠭᠤᠯᠤᠭᠰᠠᠨ ᠪᠠᠶᠢᠨ᠎ᠠ ᠃ 1929 ᠣᠨ ᠳ᠋ᠤ᠂ ᠲᠡᠷᠡ ᠨᠣᠮᠣᠬᠠᠨ ᠳᠠᠯᠠᠶ ᠶ᠋ᠢᠨ ᠤᠯᠠᠨ ᠤᠯᠤᠰ ᠤᠨ ᠶᠠᠷᠢᠯᠴᠠᠬᠤ ᠬᠤᠷᠠᠯ ᠤᠨ ᠭᠤᠷᠪᠠᠳᠤᠭᠠᠷ ᠤᠳᠠᠭᠠᠨ ᠤ ᠪᠡᠯᠡᠳᠬᠡᠯ ᠬᠤᠷᠠᠯ ᠳ᠋ᠤ ᠤᠷᠤᠯᠴᠠᠵᠤ ᠂ ᠮᠣᠩᠭᠣᠯ ᠤᠨ ᠠᠰᠠᠭᠤᠳᠠᠯ ᠢ ᠲᠣᠳᠣᠷᠬᠠᠶᠢᠯᠠᠨ ᠥᠭᠦᠯᠡᠵᠦ ᠂ ᠥᠪᠡᠷ ᠤᠨ 10 ᠭᠠᠷᠤᠶ ᠵᠢᠯ ᠤᠨ ᠠᠵᠢᠭᠯᠠᠯᠲᠠ ᠪᠠ ᠦᠢᠯᠡᠳᠦᠯᠭᠡ ᠪᠡᠷ ᠳ᠋ᠦᠩᠨᠡᠵᠦ ᠭᠠᠷᠭᠠᠭᠰᠠᠨ ᠡᠨᠡ ᠬᠦ ᠠᠰᠠᠭᠤᠳᠠᠯ ᠢ ᠰᠢᠶᠳᠪᠦᠷᠢᠯᠡᠬᠦ ᠦᠵᠡᠯᠲᠡ ᠪᠡᠨ ᠦᠭᠦᠯᠡᠵᠦ ᠂ ᠬᠣᠵᠢᠮ ᠤᠨ ᠬᠥᠮᠦᠰ ᠲᠦ 《 ᠮᠣᠩᠭᠣᠯ ᠤᠨ ᠠᠰᠠᠭᠤᠳᠠᠯ ᠤᠨ ᠲᠤᠬᠠᠶ ᠶᠠᠷᠢᠶᠠᠨ ᠤ ᠲᠡᠮᠳᠡᠭᠯᠡᠯ 》 ᠭᠡᠳᠡᠭ ᠨᠣᠮ ᠢ ᠦᠯᠡᠳᠡᠭᠡᠨ ᠦᠭᠭᠦᠭᠰᠡᠨ ᠪᠠᠶᠢᠨ᠎ᠠ ᠃ 《 ᠳᠤᠮᠳᠠᠳᠤ ᠤᠯᠤᠰ ᠤᠨ ᠵᠡᠭᠦᠨ ᠬᠣᠶᠢᠲᠤ ᠶ᠋ᠢᠨ ᠲᠡᠮᠤᠷ ᠵᠠᠮ ᠤᠨ ᠬᠡᠷᠡᠭ 》 ᠡᠭᠦᠰᠦᠭᠰᠡᠨ ᠤ ᠳᠠᠷᠠᠭ᠎ᠠ ᠂ ᠬᠠᠶᠢᠯᠠᠷ ᠲᠤ ᠹᠦ᠋ ᠲᠠᠢ ᠮᠢᠩ ᠢᠶ᠋ᠡᠷ ᠲᠦᠷᠦᠭᠦᠯᠦᠭᠰᠡᠨ ᠬᠥᠯᠥᠨ ᠪᠣᠶᠢᠷ ᠤᠨ ᠵᠠᠯᠠᠭᠤᠴᠤᠳ ᠤᠨ ᠨᠠᠮ ᠤᠨ 《 ᠵᠦᠪᠯᠡᠯᠳᠤ ᠵᠠᠰᠠᠭ ᠤᠨ ᠣᠷᠳᠣᠨ 》 ᠪᠠᠶᠢᠭᠤᠯᠤᠭᠳᠠᠪᠠ᠃ ᠭᠦᠸᠧ ᠳ᠋ᠤᠤ ᠹᠦ᠋ ᠶ᠋ᠢᠨ ᠨᠡᠶᠢᠲᠡᠯᠡᠭᠰᠡᠨ ᠶᠠᠷᠢᠶ᠎ᠠ ᠢᠯᠡᠳᠬᠡᠯ ᠬᠢᠭᠡᠳ ᠲᠤᠰᠬᠠᠶ ᠪᠦᠲᠦᠭᠡᠯ 《 ᠬᠥᠯᠥᠨ ᠪᠣᠶᠢᠷ ᠤᠨ ᠲᠤᠬᠠᠢ ᠠᠰᠠᠭᠤᠳᠠᠯ 》 ᠨᠢ ᠲᠡᠦᠬᠡ ᠪᠠ ᠣᠳᠣᠬᠢ ᠪᠠᠶᠢᠳᠠᠯ ᠢ ᠨᠠᠷᠢᠨ ᠲᠣᠳᠣᠷᠬᠠᠶ ᠲᠠᠨᠢᠯᠴᠠᠭᠤᠯᠵᠤ ᠂ ᠬᠥᠯᠥᠨ ᠪᠣᠶᠢᠷ ᠨᠢ ᠳᠤᠮᠳᠠᠳᠤ ᠤᠯᠤᠰ ᠡᠴᠡ ᠰᠠᠯᠬᠤ ᠦᠭᠡᠢ ᠪᠠᠶᠢᠬᠤ ᠤᠷᠢᠲᠠᠯ ᠳᠣᠣᠷ᠎ᠠ ᠂ 《 ᠥᠪᠡᠷᠲᠡᠭᠡᠨ ᠵᠠᠰᠠᠬᠤ ᠢᠷᠭᠡᠨ ᠤ ᠵᠠᠰᠠᠭ ᠢ ᠵᠦᠪᠰᠢᠶᠡᠷᠡᠨ᠎ᠡ》 ᠭᠡᠵᠡᠢᠶ ᠃ ᠮᠥᠨ ᠵᠢᠯ ᠂ ᠭᠦᠸᠧ ᠳ᠋ᠤᠤ ᠹᠦ᠋ ᠡᠴᠡ ᠮᠣᠩᠭᠣᠯ ᠬᠤᠰᠢᠭᠤᠨ ᠤ ᠪᠠᠭᠰᠢ ᠶ᠋ᠢᠨ ᠰᠤᠷᠭᠠᠭᠤᠯᠢ ᠶ᠋ᠢᠨ ᠳᠠᠷᠤᠭ᠎ᠠ ᠲᠤᠰᠢᠶᠠᠯ ᠡᠴᠡ ᠪᠡᠨ ᠪᠠᠭᠤᠵᠤ ᠂ ᠵᠠᠩ ᠰᠢᠤᠸᠠᠢ ᠯᠢᠶᠠᠩ ᠤᠨ ᠨᠠᠷᠢᠨ ᠪᠢᠴᠢᠭᠡᠴᠢ ᠪᠤᠯᠪᠠ ᠃
1931 ᠣᠨ ᠤ《 918 》 ᠤ ᠬᠡᠷᠡᠭ ᠬᠤᠪᠢᠰᠤᠯ ᠭᠠᠷᠤᠭᠰᠠᠨ ᠤ ᠲᠠᠷᠠᠭ᠎ᠠ ᠂ ᠭᠦᠸᠧ ᠳ᠋ᠤᠤ ᠹᠦ᠋ ᠬᠥᠯᠥᠨ ᠪᠣᠶᠢᠷ ᠤᠨ ᠰᠤᠷᠤᠭᠴᠢᠳ ᠢᠶᠡᠨ ᠳᠠᠭᠠᠭᠤᠯᠤᠨ ᠬᠠᠶᠢᠯᠠᠷ ᠲᠤ ᠪᠤᠴᠠᠪᠠ᠃ ᠵᠡᠮ ᠵᠠᠭᠤᠷ᠎ᠠ ᠂ ᠲᠡᠷᠡ ᠵᠠᠩ ᠰᠢᠤᠸᠠᠢ ᠯᠢᠶᠠᠩ ᠳ᠋ᠤ ᠥᠭᠭᠦᠭᠰᠡᠨ ᠴᠠᠬᠢᠯᠭᠠᠨ ᠮᠡᠳᠡᠭᠡ ᠳᠡᠭᠡᠨ ᠢᠯᠡᠷᠬᠡᠶᠢᠯᠡᠬᠦ ᠨᠢ ᠄ ᠦᠬᠦᠵᠦ ᠦᠷᠢᠭᠳᠦᠭᠰᠡᠨ ᠴᠤ ᠶᠠᠫᠣᠨ ᠬᠥᠮᠦᠨ ᠤ ᠪᠣᠭᠣᠯ ᠪᠤᠯᠬᠤ ᠦᠭᠡᠢ᠂ ᠶᠠᠫᠣᠨ ᠡᠵᠡᠷᠬᠡᠭ ᠲᠦᠷᠢᠮᠡᠬᠡᠢᠢᠳᠡᠨ ᠲᠠᠢ ᠡᠴᠦᠰ ᠲᠦᠨᠢ ᠲᠤᠯᠲᠠᠯ᠎ᠠ ᠲᠡᠮᠡᠴᠡᠨ᠎ᠡ ᠭᠡᠰᠡᠨ ᠪᠠᠶᠢᠨ᠎ᠠ ᠃ ᠲᠤᠰ ᠵᠢᠯ ᠤᠨ 12 ᠰᠠᠷ᠎ᠠ ᠳ᠋ᠤ ᠂ ᠭᠦᠸᠧ ᠳ᠋ᠤᠤ ᠹᠦ᠋ ᠡᠴᠠ ᠮᠠᠨᠵᠤᠤᠷ ᠳ᠋ᠤ ᠰᠠᠭᠤᠭ᠎ᠠ ᠵᠦᠪᠯᠡᠯᠳᠦ ᠶ᠋ᠢᠨ ᠡᠯᠴᠢ ᠶᠢᠨ ᠭᠠᠵᠠᠷ ᠤᠴᠢᠭᠰᠠᠨ ᠦ ᠳᠠᠷᠠᠭ᠎ᠠ ᠪᠠᠷ᠎ᠠ ᠰᠤᠷᠠᠭ ᠦᠭᠡᠶ ᠪᠣᠯᠵᠠᠶ ᠃ ᠡᠭᠦᠨ ᠡᠴᠡ ᠬᠣᠶᠢᠰᠢ ᠂ ᠡᠨᠡ ᠬᠦ ᠬᠠᠭᠠᠰ ᠵᠠᠭᠤᠨ ᠢᠯᠡᠭᠦᠦ ᠶ᠋ᠢᠨ ᠲᠤᠷᠰᠢᠬᠢ ᠬᠤᠭᠤᠴᠠᠭᠠᠨ ᠳ᠋ᠦ ᠂ ᠭᠦᠸᠧ ᠳ᠋ᠤᠤ ᠹᠦ᠋ ᠲᠠᠢ ᠬᠤᠯᠪᠤᠭᠳᠠᠯ ᠪᠦᠬᠦᠢ ᠶᠠᠷᠢᠶ᠎ᠠ ᠬᠡᠯᠡᠯᠴᠡᠭᠡ ᠮᠠᠰᠢ ᠤᠯᠠᠨ ᠲᠠᠷᠬᠠᠪᠠ ᠃
1989 ᠣᠨ ᠤ 5 ᠰᠠᠷ᠎ᠠ ᠳ᠋ᠤ ᠂ ᠤᠢᠪᠯᠡᠯᠳᠦ ᠶ᠋ᠢᠨ ᠤᠯᠤᠰ ᠤᠨ ᠠᠮᠤᠷ ᠲᠦᠪᠰᠢᠨ ᠤ ᠵᠥᠪᠯᠡᠯ ᠡᠴᠠ ᠴᠠᠭᠠᠭᠳᠬᠠᠬᠤ ᠮᠡᠳᠡᠭᠳᠡᠯ ᠭᠠᠷᠭᠠᠪᠠ ᠄ ᠲᠤᠬᠠᠶ ᠶ᠋ᠢᠨ ᠵᠢᠯ ᠳ᠋ᠦ ᠭᠦᠸᠧ ᠳ᠋ᠤᠤ ᠹᠦ᠋ ᠵᠦ᠋ᠪᠯᠡᠯᠳ᠋ᠦ ᠶ᠋ᠢᠨ ᠡᠯᠴᠢ ᠶᠢᠨ ᠭᠠᠵᠠᠷ ᠲᠤ ᠤᠷᠤᠭᠰᠠᠨ ᠤ ᠳᠠᠷᠠᠭ᠎ᠠ ᠂ ᠲᠡᠳᠡᠨ ᠤ ᠬᠣᠯᠪᠣᠭᠳᠠᠯ ᠪᠦᠬᠦᠢ ᠪᠠᠶᠢᠭᠤᠯᠭ᠎ᠠ ᠡᠴᠡ ᠨᠢᠭᠤᠴᠠ ᠪᠠᠷ ᠪᠠᠷᠢᠪᠴᠢᠯᠠᠵᠦ ᠂ ᠲᠡᠭᠦᠨ ᠢ ᠥᠪᠥᠷ ᠮᠣᠩᠭᠣᠯ ᠣᠷᠣᠨ ᠳ᠋ᠦ ᠦᠨᠳᠦᠰᠦᠲᠡᠨ ᠤ ᠦᠵᠡᠯ ᠢ ᠥᠳᠥᠭᠡᠵᠦ ᠂ ᠲᠠᠩᠨᠠᠭᠤᠯ ᠤᠨ ᠠᠵᠢᠯᠯᠠᠭ᠎ᠠ ᠦᠷᠨᠢᠬᠦᠯᠵᠦ᠂ ᠵᠡᠪᠰᠡᠭᠲᠦ ᠮᠥᠷᠭᠥᠯᠳᠦᠭᠡᠨ ᠥᠳᠥᠭᠡᠭᠰᠡᠨ ᠭᠡᠬᠦ ᠮᠡᠲᠦ ᠶ᠋ᠢᠨ ᠶᠠᠯᠠᠲᠤ ᠨᠡᠷ᠎ᠡ ᠪᠠᠷᠠᠯᠠᠬᠤ ᠶᠠᠯ᠎ᠠ ᠪᠠᠷ ᠰᠢᠳᠬᠡᠭᠳᠡᠵᠦ ᠂ 1934 ᠣᠨ ᠳ᠋ᠤ 10 ᠵᠢᠯ ᠤᠨ ᠬᠤᠭᠤᠴᠠᠭ᠎ᠠ ᠲᠠᠢ ᠬᠣᠷᠢᠬᠤ ᠶᠠᠯ᠎ᠠ ᠪᠠᠷ ᠦᠭᠡᠷᠡᠴᠢᠯᠡᠨ ᠰᠢᠳᠬᠡᠭᠳᠡᠭᠡᠳ ᠬᠥᠳᠡᠯᠮᠦᠷᠢ ᠶᠢᠨ ᠬᠤᠸᠠᠷᠠᠨ ᠳ᠋ᠦ ᠬᠦᠳᠡᠯᠮᠦᠷᠢ ᠪᠡᠷ ᠦᠭᠡᠷᠡᠴᠢᠯᠡᠯᠲᠡ ᠬᠢᠭᠰᠡᠨ ᠪᠠᠶᠢᠨ᠎ᠠ᠃ ᠡᠭᠦᠨ ᠤ ᠬᠠᠮᠲᠤ ᠂ ᠬᠣᠯᠪᠣᠭᠳᠠᠯ ᠪᠦᠬᠦᠢ ᠳᠠᠩᠰᠠ ᠡᠪᠬᠡᠮᠡᠯ ᠤᠨ ᠳᠣᠲᠣᠷ᠎ᠠ ᠪᠠᠷᠢᠪᠴᠢᠯᠠᠭᠳᠠᠭᠰᠠᠨ ᠪᠠ ᠵᠠᠷᠭᠤᠯᠳᠤᠬᠤ ᠵᠡᠷᠭᠡ ᠪᠢᠴᠢᠭ ᠮᠠᠲ᠋ᠧᠷᠢᠶᠠᠯ ᠪᠠᠶᠢᠬᠤ ᠦᠭᠡᠢ ᠭᠡᠵᠡᠢ ᠃ ᠡᠴᠦᠰ ᠲᠦ ᠂ ᠶᠠᠮᠠᠷ ᠴᠤ ᠲᠤᠰᠢᠶᠠᠯᠲᠠ ᠦᠭᠡᠢ ᠪᠤᠯᠵᠠᠢ ᠃