ᠬᠦᠩᠰᠠᠩᠨᠤᠷᠪᠤ᠋

ᠬᠦᠩᠰᠠᠩᠨᠤᠷᠪᠤ᠋(1871 ︱1930 ) ᠂ ᠡᠷᠭᠦᠭᠰᠡᠨ ᠨᠡᠷ᠎ᠡ ᠨᠢ ᠯᠸ ᠲᠢᠩ ᠂ ᠴᠣᠯᠠ ᠺᠦᠢ ᠠᠨ ᠂ ᠡᠷᠡᠭᠲᠡᠶ ᠂ ᠮᠣᠩᠭᠣᠯ ᠦᠨᠳᠦᠰᠦᠲᠡᠨ ᠂ 1871 ᠣᠨ ᠳᠤ ᠲᠦᠷᠦᠵᠦ ᠂ ᠴᠢᠩᠭᠢᠰ ᠬᠠᠭᠠᠨ ᠤ ᠭᠠᠪᠢᠶᠠᠲᠤ ᠲᠦᠰᠢᠮᠡᠯ ᠤᠷᠢᠶᠠᠩᠬᠠᠶ ᠬᠠᠶᠢᠴᠢ ᠯᠠᠮᠠ ᠶ᠋ᠢᠨ ᠬᠣᠶᠢᠴᠢ ᠂ ᠵᠣᠰᠣᠲᠤ ᠠᠶᠢᠮᠠᠭ ᠤᠨ ᠬᠠᠷᠠᠴᠢᠨ ᠪᠠᠷᠠᠭᠤᠨ ᠬᠣᠰᠢᠭᠤᠨ ᠤ ᠠᠷᠪᠠᠨ ᠳᠥᠷᠪᠡᠳᠦᠭᠡᠷ ᠦᠶ᠎ᠡ ᠶ᠋ᠢᠨ ᠦᠶ᠎ᠡ ᠵᠠᠯᠭᠠᠮᠵᠢᠯᠠᠭᠰᠠᠨ ᠵᠠᠰᠠᠭ ᠤᠨ ᠵᠢᠶᠦ᠋ᠨ ᠸᠠᠩ ᠂ ᠴᠢᠨ ᠸᠠᠩ ᠴᠣᠯᠠ ( ᠢᠷᠭᠡᠨ ᠤᠯᠤᠰ ᠤᠨ ᠦᠶ᠎ᠡ ᠤᠨ ᠴᠢᠨ ᠸᠠᠩ ) ᠡᠷᠭᠦᠮᠵᠢᠯᠡᠯ ᠲᠠᠢ ᠪᠦᠭᠡᠳ ᠵᠣᠰᠣᠲᠤ ᠠᠶᠢᠮᠠᠭ ᠦ᠋ᠨ ᠠᠶᠢᠮᠠᠭ ᠤᠨ ᠳᠠᠷᠤᠭ᠎ᠠ ᠪᠤᠯᠤᠨ᠎ᠠ᠃
ᠤᠨᠠᠭᠠᠨ ᠪᠠᠭ᠎ᠠ ᠡᠴᠠ ᠪᠠᠨ ᠲᠦᠪ ᠴᠢᠩᠭ᠎ᠠ ᠰᠤᠷᠭᠠᠨ ᠬᠥᠮᠦᠵᠢᠯ ᠬᠦᠷᠲᠡᠵᠦ᠂ ᠠᠷᠪᠠᠨ ᠳᠦᠷᠪᠡ ᠂ ᠲᠠᠪᠤᠨ ᠨᠠᠰᠤᠲᠠᠶ ᠳᠠᠭᠠᠨ ᠨᠢᠭᠡᠨᠲᠡ ᠲᠦᠷᠪᠡᠨ ᠪᠢᠴᠢᠭ ᠲᠠᠪᠤᠨ ᠨᠣᠮ ᠂ ᠤᠯᠡᠠ ᠡᠷᠳᠡᠮᠲᠡᠨ ᠂ ᠤᠷᠠᠨ ᠪᠢᠴᠢᠯᠭᠡ ᠤᠷᠠᠨ ᠵᠢᠷᠤᠭ ᠲᠤ ᠴᠢᠳᠠᠮᠠᠭᠠᠢ ᠪᠠᠶᠢᠵᠦ ᠂ ᠴᠡᠷᠢᠭ ᠦᠨ ᠡᠷᠳᠡᠮ ᠳ᠋ᠦ ᠬᠤᠤᠰᠯᠠᠭᠰᠠᠨ ᠪᠠᠶᠢᠳᠠᠭ ᠃ 16 ᠨᠠᠰᠤᠲᠠᠶ ᠳ᠋ᠠᠭᠠᠨ ᠴᠢᠩ ᠰᠦᠦ ᠴᠢᠨ ᠸᠠᠩ ᠤᠨ ᠳᠡᠭᠦᠦ ᠱᠠᠨ ᠺᠦᠨ ᠲᠠᠢ ᠤᠷᠤᠭᠯᠠᠵᠤ᠂ ᠦᠷᠭᠦᠯᠵᠢᠯᠡᠨ ᠰᠤᠷᠤᠯᠴᠠᠬᠤ ᠶ᠋ᠢᠨ ᠳᠠᠭᠠᠤ ᠡᠴᠢᠭᠡ ᠶ᠋ᠢᠨ ᠢᠶ᠋ᠡᠨ ᠰᠢᠯᠦᠭ ᠤᠨ ᠲᠡᠭᠦᠪᠦᠷᠢ 《 ᠱᠢᠤᠢ ᠷᠦ᠋ ᠵᠠᠢ ᠰᠢᠯᠦᠭ ᠦᠨ ᠲᠡᠭᠦᠪᠦᠷᠢ 》 ᠶ᠋ᠢ ᠨᠢ ᠡᠮᠬᠢᠯᠡᠭᠰᠡᠨ ᠪᠠᠶᠢᠨ᠎ᠠ᠃ 20 ᠨᠠᠰᠤᠲᠠᠶ ᠳ᠋ᠠᠭᠠᠨ( ᠪᠠᠳᠠᠷᠠᠭᠤᠯᠲᠤ ᠲᠥᠷᠥ ᠶ᠋ᠢᠨ ᠠᠷᠪᠠᠨ ᠳᠣᠯᠣᠳᠤᠭᠠᠷ ᠣᠨ ) ᠬᠠᠭᠠᠨ ᠵᠠᠷᠯᠢᠭ ᠢᠶ᠋ᠡᠷ ᠰᠢᠳᠠᠷ ᠴᠡᠷᠢᠭ ᠦᠨ ᠡᠮᠦᠨ᠎ᠡ ᠶᠠᠪᠤᠵᠤ ᠃ 24 ᠨᠠᠰᠤᠲᠠᠶ ᠳ᠋ᠠᠭᠠᠨ ᠼᠢ ᠰᠢ ᠲᠠᠶᠢᠬᠡᠦ ᠶ᠋ᠢᠨ 60 ᠨᠠᠰᠤᠨ ᠦ ᠪᠠᠶᠠᠷ ᠢ ᠪᠡᠯᠭᠡᠯᠡᠬᠦ ᠦᠳᠡᠰᠢᠯᠡᠭᠡ ᠳᠡᠭᠡᠷ᠎ᠡ ᠤᠯᠤᠰ ᠢ ᠲᠤᠰᠠᠯᠠᠬᠤ ᠲᠦᠰᠢᠶ᠎ᠡ ᠭᠦᠩ ᠤᠨ ᠴᠣᠯᠠ ᠢᠶᠠᠷ ᠱᠠᠩᠨᠠᠭᠳᠠᠭᠰᠠᠨ ᠪᠠᠶᠢᠨ᠎ᠠ᠃
1898 ᠣᠨ ( ᠴᠢᠩ ᠤᠯᠤᠰ ᠤᠨ ᠪᠠᠳᠠᠷᠠᠭᠤᠯᠲᠤ ᠲᠥᠷᠥ ᠶ᠋ᠢᠨ ᠬᠣᠷᠢᠨ ᠳᠥᠷᠪᠡᠨ ᠣᠨ ᠦ ᠳᠥᠷᠪᠡᠳᠦᠭᠡᠷ ᠰᠠᠷ᠎ᠠ ) ᠳ᠋ᠦ ᠂ ᠲᠡᠭᠦᠨ ᠤᠡ ᠴᠢᠭᠡ ᠨᠢ ᠡᠪᠡᠳᠴᠢᠨ ᠢᠶᠠᠷ ᠨᠠᠰᠤ ᠪᠠᠷᠠᠵᠠᠶ ᠂ ᠳᠠᠷᠠᠭ᠎ᠠ ᠵᠢᠯ ᠤᠨ ᠬᠢᠨᠢ ᠬᠠᠪᠤᠷ ᠬᠦᠩᠰᠠᠩᠨᠤᠷᠪᠤ᠋ ᠬᠠᠷᠠᠴᠢᠨ ᠸᠠᠩ ᠤᠨ ᠬᠡᠷᠬᠢᠮ ᠢ ᠵᠠᠯᠭᠠᠮᠵᠢᠯᠠᠵᠤ ᠂ ᠲᠤᠬᠠᠶ ᠶ᠋ᠢᠨ ᠵᠢᠯ ᠳ᠋ᠦ 27 ᠨᠠᠰᠤᠲᠠᠶ ᠪᠠᠶᠢᠪᠠ ᠃
ᠸᠠᠩ ᠤᠨ ᠰᠠᠭᠤᠷᠢᠨ ᠢ ᠵᠠᠯᠭᠠᠮᠵᠢᠯᠠᠭᠰᠠᠨ ᠤ ᠳᠠᠷᠠᠭ᠎ᠠ᠂ ᠲᠡᠭᠦᠨ ᠤ ᠡᠴᠢᠭᠡ ᠶ᠋ᠢᠨ ᠢᠶ᠋ᠡᠨ ᠰᠠᠭᠤᠷᠢᠨ ᠳ᠋ᠤ ᠪᠠᠶᠢᠬᠤ ᠦᠶᠡᠰ ᠦᠨ ᠮᠠᠭᠤ ᠵᠠᠰᠠᠭ ᠂ ᠬᠠᠭᠤᠴᠢᠨ ᠲᠤᠢᠷᠢᠮ ᠢ ᠠᠷᠢᠯᠭᠠᠵᠤ᠂ ᠪᠡᠭᠡᠵᠢᠩ ᠰᠢ ᠶ᠋ᠢᠨ ᠠᠩᠭᠢ ᠶ᠋ᠢ ᠲᠠᠷᠬᠠᠭᠰᠠᠨ ᠪᠠᠶᠢᠨ᠎ᠠ ᠃ ᠸᠠᠩ ᠤᠨ ᠤᠷᠳᠤᠨ ᠤ ᠠᠯᠪᠠ ᠬᠠᠭᠠᠭᠴᠢ ᠶ᠋ᠢᠨ ᠴᠠᠳᠬᠤᠯᠠᠩ ᠪᠠᠶᠢᠵᠦ ᠦᠯᠦ ᠪᠤᠯᠬᠤ ᠬᠢᠵᠠᠭᠠᠷᠯᠠᠯ ᠢ ᠤᠰᠠᠳᠬᠠᠵᠠᠢ ᠃ ᠬᠤᠰᠢᠭᠤᠨ ᠠᠷᠠᠳ ᠤᠨ ᠠᠯᠪᠠᠬᠠᠭᠠᠬᠤ ᠲᠦᠷᠢᠮ ᠢ ᠥᠭᠡᠷᠡᠴᠢᠯᠡᠵᠦ ᠡᠭᠦᠷᠭᠡᠯᠡᠬᠦ ᠲᠤᠢᠷᠢᠮ ᠪᠤᠯᠭᠠᠵᠠᠢ ᠃ ᠡᠷᠬᠡᠲᠡᠨ ᠬᠣᠰᠢᠭᠤᠨᠠᠷᠠᠳ ᠢ ᠡᠷᠬᠢᠮ ᠲᠤᠤᠷᠡᠳᠦ ᠵᠡᠷᠭᠡ ᠳᠡᠰ ᠬᠤᠪᠢᠶᠠᠵᠤ ᠪᠤᠯᠬᠤ ᠦᠭᠡᠢ᠂ ᠳᠣᠣᠷ᠎ᠠ ᠱᠠᠲᠤᠨ ᠤ ᠲᠤᠰᠢᠶᠠᠯᠲᠠᠨ ᠨᠢ ᠸᠠᠩ ᠨᠣᠶᠠᠨ ᠲᠠᠢ ᠵᠤᠯᠭᠠᠯᠬᠤ ᠦᠶ᠎ᠡ ᠳ᠋ᠦ ᠥᠪᠡᠷ ᠢ ᠪᠡᠨ 《 ᠪᠤᠭᠤᠯ》 ( ᠪᠤᠭᠤᠯ ᠂ ᠪᠣᠭᠣᠯᠴᠢ ) ᠭᠡᠵᠦ ᠪᠤᠯᠬᠤ ᠦᠭᠡᠢ ᠂ ᠰᠥᠭᠥᠳᠴᠦ ᠮᠥᠷᠭᠥᠬᠦ ᠢ ᠶᠤᠰᠤᠯᠠᠬᠤ ᠪᠣᠯᠭᠠᠨ ᠦᠭᠡᠷᠡᠴᠢᠯᠡᠭᠰᠡᠨ ᠪᠠᠶᠢᠨ᠎ᠠ ᠃ ᠡᠭᠦᠨ ᠤ ᠬᠠᠮᠲᠤ ᠬᠤᠰᠢᠭᠤᠨ ᠠᠷᠠᠳ ᠢ ᠪᠤᠯᠪᠠᠰᠤᠷᠠᠭᠤᠯᠵᠤ ᠂ ᠬᠣᠶᠢᠰᠢᠳᠠ ᠭᠤᠷᠪᠠᠨ ᠬᠥᠪᠡᠭᠦᠨ ᠲᠠᠢ ᠠᠶᠢᠯ ᠤᠨ ᠬᠢ ᠬᠤᠶᠠᠷ ᠬᠦᠦ ᠪᠡᠨ ᠯᠠᠮᠠ ᠪᠤᠯᠭᠠᠵᠤ ᠪᠤᠯᠬᠤ ᠦᠭᠡᠢ ᠭᠡᠵᠠᠢ ᠃ ᠤᠳᠤ ᠪᠠᠶᠢᠭ᠎ᠠ ᠯᠠᠮᠠ ᠬᠠᠤᠯᠢ ᠶ᠋ᠢ ᠵᠥᠷᠢᠴᠡᠵᠦ ᠮᠠᠭᠤ ᠶᠠᠪᠤᠳᠠᠯ ᠬᠢᠭᠰᠡᠨ ᠪᠠᠶᠢᠪᠠᠯ ᠴᠦᠮ ᠬᠠᠷ᠎ᠠ ᠬᠦᠮᠦᠨ ᠪᠤᠯᠭᠠᠨ᠎ᠠ ᠬᠡᠮᠡᠨ ᠵᠠᠷᠯᠢᠭ ᠪᠠᠭᠤᠯᠭᠠᠭᠰᠠᠨ ᠪᠠᠶᠢᠨ᠎ᠠ᠃ 1901 ᠣᠨ ( ᠪᠠᠳᠠᠷᠠᠭᠤᠯᠲᠤ ᠲᠥᠷᠥ ᠶ᠋ᠢᠨ ᠬᠣᠷᠢᠨ ᠲᠤᠯᠤᠭᠠᠨ ᠵᠢᠯ ᠦᠨ ᠬᠠᠪᠤᠷ ) ᠳ᠋ᠤ ᠂ ᠴᠡᠷᠢᠭ ᠤᠨ ᠶᠠᠪᠤᠳᠠᠯ ᠤᠨ ᠰᠤᠷᠭᠠᠭᠴᠢ ᠵᠸᠦ ᠴᠦᠨ ᠹᠠᠩ ᠢ ᠦᠨᠳᠦᠷ ᠴᠠᠯᠢᠩ ᠢᠶᠠᠷ ᠤᠷᠢᠵᠦ᠂ ᠸᠠᠩ ᠤᠨ ᠤᠷᠳᠤᠨ ᠤ ᠵᠠᠯᠠᠭᠤᠤ ᠠᠯᠪᠠ ᠬᠠᠭᠠᠭᠴᠢ ᠪᠤᠯᠤᠨ ᠬᠠᠮᠠᠭᠠᠯᠠᠭᠴᠢ ᠶ᠋ᠢ ᠴᠡᠷᠢᠭ ᠠᠩᠬᠢ ᠪᠤᠯᠭᠠᠨ ᠪᠠᠶᠢᠭᠤᠯᠵᠤ᠂ ᠣᠷᠣᠨ ᠨᠤᠲᠤᠭ ᠤᠨ ᠠᠮᠤᠷ ᠢ ᠬᠠᠮᠠᠭᠠᠯᠠᠭᠰᠠᠨ ᠪᠠᠶᠢᠨ᠎ᠠ ᠃
ᠴᠢᠩ ᠤᠯᠤᠰ ᠡᠴᠡ ᠮᠣᠩᠭᠣᠯ ᠬᠥᠮᠦᠨ ᠳ᠋ᠦ ᠠᠪᠤᠭᠰᠠᠨ ᠳᠠᠷᠤᠩᠭᠤᠶᠢᠯᠠᠬᠤ ᠲᠦᠷᠦ ᠶ᠋ᠢᠨ ᠪᠤᠳᠤᠯᠭ᠎ᠠ ᠂ ᠰᠣᠶᠣᠯ ᠰᠤᠷᠭᠠᠨ ᠬᠥᠮᠦᠵᠢᠯ ᠬᠦᠷᠲᠡᠬᠦᠯᠬᠦ ᠦᠭᠡᠢ᠂ ᠯᠠᠮᠠ ᠶ᠋ᠢᠨ ᠱᠠᠰᠢᠨ ᠢ ᠪᠢᠰᠢᠷᠡᠨ ᠢᠲᠡᠭᠡᠵᠦ ᠮᠤᠩᠬᠠᠭ ᠪᠠᠯᠠᠶ ᠬᠣᠴᠣᠷᠤᠩᠭᠤᠶ ᠪᠠᠶᠢᠳᠠᠯ ᠳ᠋ᠦ ᠤᠷᠤᠭᠰᠠᠨ ᠳ᠋ᠤ ᠴᠢᠭᠯᠡᠬᠦᠯᠦᠨ ᠂ 1902 ᠣᠨ ᠳ᠋ᠦ ᠬᠦᠩᠰᠠᠩᠨᠤᠷᠪᠤ᠋ ᠡᠴᠠ ᠥᠪᠡᠷ ᠤᠨ ᠵᠠᠷᠤᠳᠠᠯ ᠢᠶᠠᠷ ᠢᠶᠡᠨ ᠴᠥᠩ ᠵᠧᠩ ᠰᠤᠷᠭᠠᠭᠤᠯᠢ ᠡᠷᠬᠢᠯᠡᠵᠦ᠂ ᠬᠣᠰᠢᠭᠤ ᠠᠷᠠᠳ ᠤᠨ ᠵᠠᠯᠠᠭᠤᠴᠤᠳ ᠪᠠᠭᠠᠴᠤᠳ ᠰᠦᠢᠳᠬᠡᠯ ᠬᠤᠷᠢᠶᠠᠬᠤ ᠦᠭᠡᠢ ᠰᠤᠷᠭᠠᠭᠤᠯᠢ ᠳ᠋ᠤ ᠡᠯᠰᠡᠭᠰᠡᠨ ᠪᠠᠶᠢᠨ᠎ᠠ᠃ ᠰᠤᠷᠭᠠᠭᠤᠯᠢ ᠳ᠋ᠦ ᠰᠠᠭᠤᠬᠤ ᠪᠠᠶᠢᠷᠢ ᠂ ᠬᠣᠭᠣᠯᠠᠨ ᠤ ᠲᠢᠩᠬᠢᠮ ᠂ ᠵᠢᠵᠢᠭ ᠬᠡᠯᠪᠡᠷᠢ ᠶ᠋ᠢᠨ ᠨᠣᠮ ᠤᠨ ᠰᠠᠩ ᠪᠠᠶᠢᠭᠤᠯᠵᠤ᠂ ᠰᠤᠷᠤᠭᠴᠢᠳ ᠲᠤ ᠰᠦᠢᠳᠬᠡᠯ ᠦᠭᠡᠢ ᠪᠡᠷ ᠬᠣᠨᠣᠭ ᠪᠠᠭᠤᠳᠠᠯ ᠂ ᠬᠣᠭᠣᠯᠠᠯᠠᠬᠤ ᠶ᠋ᠢ ᠬᠠᠩᠭᠠᠵᠠᠢ ᠃ ᠭᠦᠩᠰᠠᠩᠨᠤᠷᠪᠤ᠋ ᠪᠡᠶ᠎ᠡ ᠪᠡᠷ ᠪᠠᠨ ᠰᠤᠷᠭᠠᠭᠤᠯᠢ ᠶ᠋ᠢᠨ ᠵᠠᠬᠢᠷᠤᠯ ᠶ᠋ᠢᠨ ᠲᠤᠰᠢᠶᠠᠯ ᠢ ᠡᠭᠦᠷᠭᠡᠯᠡᠵᠦ ᠂ ᠵᠢᠶᠠᠩᠨᠠᠨ ᠤ ᠨᠡᠷᠡᠲᠦ ᠡᠷᠲᠡᠮᠲᠡᠨ ᠯᠦ ᠵᠢᠶᠦ᠋ᠨ ᠯᠣᠸᠢ᠂ ᠴᠢᠶᠠᠨ ᠲᠦᠩ ᠢ ᠲᠤᠰᠬᠠᠢ ᠵᠠᠯᠠᠵᠦ ᠵᠢᠯᠤᠭᠤᠳᠤᠭᠴᠢ ᠪᠣᠯᠤᠭᠰᠠᠨ ᠪᠠᠶᠢᠨ᠎ᠠ ᠃
1903 ᠣᠨ ᠳ᠋ᠦ ᠪᠠᠰᠠ ᠱᠸᠦ ᠵᠸᠩ ᠤᠨ ᠴᠡᠷᠢᠭ ᠦᠨ ᠰᠤᠷᠭᠠᠭᠤᠯᠢ ᠢ ᠡᠷᠬᠢᠯᠡᠵᠦ ᠂ ᠬᠣᠰᠢᠭᠤᠨ ᠤ ᠨᠣᠶᠠᠳ ᠤᠨ ᠦᠷ᠎ᠡ ᠬᠡᠦᠬᠡᠳ 30 ᠭᠠᠷᠤᠶ ᠬᠥᠮᠦᠨ ᠢ ᠲᠤᠰ ᠰᠤᠷᠭᠠᠭᠤᠯᠢ ᠳ᠋ᠤ ᠤᠷᠤᠵᠤ ᠂ ᠶᠠᠫᠣᠨ ᠦ ᠬᠠᠭᠤᠷᠠᠶ ᠵᠠᠮ ᠤᠨ ᠴᠡᠷᠢᠭ ᠤᠨ ᠠᠬᠠᠮᠠᠳ ᠢ ᠲᠸᠩ ᠯᠢᠦ ᠲᠠᠢ ᠯᠠᠩ ᠂ ᠳᠡᠳ᠋ ᠲᠤᠰᠠᠯᠠᠭᠴᠢ ᠵᠢᠢ ᠶᠤᠸᠠᠨ ᠰᠠᠨ ᠯᠠᠩ ᠢ ᠤᠷᠢᠵᠦ ᠰᠤᠷᠭᠠᠭᠴᠢ ᠪᠣᠯᠭᠠᠵᠤ ᠂ ᠶᠠᠫᠤᠨ ᠤ ᠬᠠᠭᠤᠷᠠᠶ ᠵᠠᠮ ᠤᠨ ᠴᠡᠷᠢᠭ ᠤᠨ ᠪᠣᠯᠪᠠᠰᠤᠷᠠᠯᠲᠠ ᠶ᠋ᠢᠨ ᠲᠦᠷᠢᠮ ᠢᠶ᠋ᠡᠷ ᠬᠢᠴᠢᠶᠡᠯ ᠬᠥᠮᠦᠵᠢᠯ ᠬᠢᠵᠦ ᠂ ᠠᠩᠬ᠎ᠠ ᠵᠡᠷᠭᠡ ᠶ᠋ᠢᠨ ᠣᠹᠢᠼᠧᠷ ᠢ ᠬᠦᠮᠦᠵᠢᠭᠦᠯᠦᠭᠰᠡᠨ ᠪᠠᠶᠢᠨ᠎ᠠ ᠃
ᠲᠤᠰ ᠵᠢᠯ ᠤᠨ ᠡᠪᠦᠯ ᠂ ᠭᠦᠩᠰᠠᠩᠨᠤᠷᠪᠤ᠋ ᠪᠤᠯᠤᠨ ᠰᠢᠳᠠᠷ ᠰᠠᠶᠢᠳ ᠤᠨ ᠬᠠᠯᠬ᠎ᠠ ᠴᠢᠨ ᠸᠠᠩ ᠤᠨ ᠬᠥᠪᠡᠭᠦᠨ ᠴᠢ ᠴᠧᠩ ᠡᠦ ᠂ ᠰᠢᠶᠤᠤ ᠴᠢᠨ ᠸᠠᠩ ᠤᠨ ᠬᠥᠪᠡᠭᠦᠨ ᠰᠢᠶᠠᠨ ᠵᠠᠩ ᠵᠡᠷᠭᠡ ᠲᠠᠢ ᠶᠠᠫᠤᠨ ᠤᠩᠭᠤᠴᠠᠨ ᠳ᠋ᠤ ᠰᠠᠭᠤᠵᠤ ᠵᠡᠭᠦᠨ ᠲᠡᠯᠡᠢ ᠶ᠋ᠢ ᠭᠠᠲᠤᠯᠤᠨ ᠶᠠᠫᠣᠨ ᠳ᠋ᠦ ᠬᠦᠷᠴᠤ ᠤᠤᠰᠠᠺᠠ ᠶ᠋ᠢᠨ ᠤᠯᠠᠨ ᠤᠯᠤᠰ ᠤᠨ ᠴᠢᠤᠸᠠᠨ ᠶᠧ ᠦᠵᠡᠰᠬᠦᠯᠡᠩ ᠢ ᠲᠤᠭᠤᠷᠢᠨ ᠦᠵᠡᠵᠦ ᠂ ᠭᠦᠩᠰᠠᠩᠨᠤᠷᠪᠤ᠋ ᠡᠴᠠ ᠬᠠᠭᠤᠷᠠᠶ ᠵᠠᠮ ᠤᠨ ᠴᠡᠷᠢᠭ ᠤᠨ ᠶᠡᠷᠦᠩᠬᠡᠶ ᠱᠲ᠋ᠠᠪ ᠤᠨ ᠬᠡᠯᠲᠡᠰ ᠤᠨ ᠳᠡᠳ᠋ ᠰᠠᠶᠢᠳ ᠹᠤᠢᠺᠤᠢᠰᠢᠮᠠ ᠵᠠᠩᠵᠤᠨ ᠳ᠋ᠤ ᠠᠶᠢᠴᠢᠯᠠᠵᠦ᠂ ᠶᠠᠫᠣᠨ ᠤ︵ ᠲᠦᠷᠦ ᠪᠠ ᠲᠦᠷᠦ ᠶᠢᠨ ᠭᠠᠳᠠᠨᠠᠬᠢ︶ ᠲᠤᠤᠺᠢᠤ᠋ ᠤᠨ ᠦᠢᠯᠡᠳᠦᠯᠭᠡ ᠶ᠋ᠢᠨ ᠡᠮᠡᠭᠲᠡᠶ ᠰᠤᠷᠭᠠᠭᠤᠯᠢ ᠶ᠋ᠢ ᠲᠤᠭᠤᠷᠢᠨ ᠦᠵᠡᠭᠰᠡᠨ ᠪᠠᠶᠢᠨ᠎ᠠ ᠃ ᠤᠯᠤᠰ ᠲᠠᠭᠠᠨ ᠪᠤᠴᠠᠭᠰᠠᠨ ᠤ ᠳᠠᠷᠠᠭ᠎ᠠ ᠂ 1904 ᠣᠨ ᠳ᠋ᠤ ᠳᠠᠷᠤᠢ ᠲᠦᠷᠭᠡᠨ ᠢᠦᠢ ᠵᠧᠩ ᠡᠮᠡᠭᠲᠡᠶ ᠶ᠋ᠢᠨ ᠰᠤᠷᠭᠠᠭᠤᠯᠢ ᠶ᠋ᠢ ᠪᠠᠶᠢᠭᠤᠯᠵᠤ ᠂ ᠭᠦᠩᠰᠠᠩᠨᠤᠷᠪᠤ᠋ ᠶ᠋ᠢᠨ ᠬᠠᠲᠤᠨᠱᠠᠨ ᠺᠦᠨ ᠪᠡᠶ᠎ᠡ ᠪᠡᠷ ᠢᠶᠡᠨ ᠰᠤᠷᠭᠠᠭᠤᠯᠢ ᠶ᠋ᠢᠨ ᠶᠠᠪᠤᠳᠠᠯ ᠢ ᠬᠠᠷᠢᠭᠤᠴᠠᠭᠰᠠᠨ ᠪᠠᠶᠢᠨ᠎ᠠ ᠃ ᠸᠠᠩ ᠤᠨ ᠤᠷᠳᠤᠨ ᠳᠣᠲᠣᠷᠠᠬᠢ ᠵᠠᠯᠠᠭᠤ ᠵᠠᠷᠤᠴᠠ ᠦᠬᠢᠨ᠂ ᠨᠤᠶᠠᠳ ᠤᠨ ᠥᠬᠢᠨ ᠂ ᠲᠡᠭᠦᠨ ᠤ ᠥᠬᠢᠨ ᠳᠡᠭᠦᠦ ᠲᠤᠯᠤᠳᠤᠭᠠᠷ ᠭᠡᠭᠡ ᠵᠡᠷᠭᠡ ᠨᠢ ᠴᠥᠮ ᠰᠤᠷᠭᠠᠭᠤᠯᠢ ᠳ᠋ᠤ ᠤᠷᠤᠵᠠᠢ᠃
ᠡᠳᠡᠭᠡᠷ ᠰᠤᠷᠭᠠᠭᠤᠯᠢ ᠪᠠᠨ ᠰᠠᠶᠢᠲᠤᠷ ᠡᠷᠬᠢᠯᠡᠬᠦ ᠶ᠋ᠢᠨ ᠲᠥᠯᠥᠭᠡ ᠂ ᠭᠦᠩᠰᠠᠩᠨᠤᠷᠪᠤ᠋ ᠶᠠᠫᠤᠨ ᠡᠴᠠ ᠦᠨᠳᠦᠷ ᠴᠠᠯᠢᠩ ᠢᠶᠠᠷ ᠡᠮᠡᠭᠲᠡᠶ ᠪᠠᠭᠰᠢ ᠡᠾᠸ ᠶᠤᠸᠠᠨ ᠼᠣᠣ ᠽᠢ ᠶ᠋ᠢ ᠵᠠᠯᠠᠵᠤ ᠠᠪᠴᠢᠷᠠᠭᠰᠠᠨ ᠪᠠᠶᠢᠨ᠎ᠠ ᠃ 1906 ᠤᠨ ᠳ᠋ᠤ ᠲᠤᠰ ᠡᠮᠡᠭᠲᠡᠢ ᠪᠠᠭᠰᠢ ᠤᠯᠤᠰ ᠲᠤ ᠪᠠᠨ ᠪᠤᠴᠠᠭᠰᠠᠨ ᠤ ᠳᠠᠷᠠᠭ᠎ᠠ ᠪᠠᠷ ᠶᠠᠫᠣᠨ ᠤ ᠬᠠᠭᠤᠴᠢᠨ ᠢ ᠰᠤᠳᠤᠯᠤᠭᠴᠢ ᠡᠷ᠎ᠡ ᠡᠮ᠎ᠡ ᠬᠣᠶᠠᠭᠤᠯᠠ ᠶ᠋ᠢ ᠵᠠᠯᠠᠵᠦ ᠠᠪᠴᠢᠷᠠᠵᠦ ᠪᠠᠭᠰᠢᠯᠠᠭᠤᠯᠪᠠ ᠃ ᠤᠯᠤᠰ ᠤᠨ ᠳᠣᠲᠣᠭᠠᠳᠤ ᠶ᠋ᠢᠨ ᠡᠯ᠎ᠡ ᠭᠠᠵᠠᠷ ᠡᠴᠠ ᠨᠡᠶᠢᠲᠡ ᠠᠷᠪᠠᠭᠠᠳ ᠪᠠᠭᠰᠢ ᠶᠢ ᠤᠷᠢᠵᠦ᠂ ᠰᠤᠷᠭᠠᠭᠤᠯᠢ ᠶ᠋ᠢᠨ ᠪᠠᠭᠰᠢ ᠠᠵᠢᠯᠲᠠᠨ ᠨᠢ ᠨᠡᠢᠢᠳᠠ 21 ᠬᠥᠮᠦᠨ ᠳ᠋ᠦ ᠬᠦᠷᠴᠠᠢ ᠃ ᠰᠤᠷᠤᠭᠴᠢᠳ ᠤᠨ ᠲᠣᠭ᠎ᠠ ᠨᠡᠮᠡᠭᠳᠡᠭᠰᠡᠨ ᠡᠴᠡ ᠪᠤᠯᠵᠤ ᠳᠠᠷᠤᠭᠠᠰᠤ ᠨᠢ ᠶᠠᠪᠤᠬᠤ ᠳᠤᠲᠤᠮ ᠬᠦᠨᠳᠦᠷᠡᠵᠦ ᠂ ᠰᠤᠷᠭᠠᠭᠤᠯᠢ ᠡᠷᠬᠢᠯᠡᠬᠦ ᠵᠠᠷᠤᠳᠠᠯ ᠢ ᠴᠤᠭᠯᠠᠭᠤᠯᠬᠤ ᠶ᠋ᠢᠨ ᠲᠥᠯᠥᠭᠡ ᠂ ᠭᠦᠩᠰᠠᠩᠨᠤᠷᠪᠤ᠋ ᠳ᠋ᠠ ᠰᠢ ᠭᠸᠦ ᠪᠤᠯᠤᠨ ᠲᠠᠩ ᠲᠦ᠋ ᠭᠧᠤ ᠶ᠋ᠢᠨ 3000 ᠮᠦ ᠠᠳᠡᠷ ᠭᠠᠵᠠᠷ ᠢ ᠲᠦᠷᠢᠶᠡᠰᠦᠯᠡᠵᠦ᠂ ᠥᠨᠢ ᠡᠭᠦᠷᠢᠳᠡ ᠶ᠋ᠢᠨ ᠰᠤᠷᠭᠠᠭᠤᠯᠢ ᠶ᠋ᠢᠨ ᠲᠠᠷᠢᠶ᠎ᠠ ᠪᠣᠯᠭᠠᠵᠡᠢ ᠃ ᠸᠠᠩ ᠤᠨ ᠣᠷᠳᠣᠨ ᠳᠤᠲᠤᠷᠠᠬᠢ ᠤᠯᠠᠨ ᠵᠢᠯ ᠬᠤᠷᠠᠮᠳᠤᠭᠤᠯᠤᠭᠰᠠᠨ ᠬᠠᠭᠤᠴᠢ ᠡᠳ᠋ᠯᠡᠯ ᠂ ᠨᠠᠷᠢᠯᠢᠭ ᠡᠳ᠋ᠯᠡᠯ ᠂ ᠬᠤᠪᠴᠠᠰᠤ ᠬᠤᠨᠠᠷ ᠢ ᠪᠡᠭᠡᠵᠢᠩ ᠳ᠋ᠦ ᠠᠪᠠᠴᠢᠵᠤ ᠬᠤᠳᠠᠯᠳᠤᠭᠰᠠᠨ ᠪᠦᠭᠡᠳ ᠵᠦᠴᠦᠭᠡ ᠶ᠋ᠢᠨ ᠠᠩᠬᠢ ᠶ᠋ᠢᠨ ᠲᠤᠭᠯᠠᠯᠲᠠ ᠶ᠋ᠢᠨ ᠬᠤᠪᠴᠠᠰᠤ ᠶ᠋ᠢ ᠴᠤ ᠴᠦᠮ ᠬᠤᠳᠠᠯᠳᠤᠵᠤ ᠰᠤᠷᠭᠠᠨ ᠬᠦᠮᠦᠵᠢᠯ ᠦᠨ ᠵᠠᠷᠤᠳᠠᠯ ᠪᠤᠯᠭᠠᠭᠰᠠᠨ ᠪᠠᠶᠢᠨ᠎ᠠ ᠃
1903 ︱1912 ᠤᠨ ᠤ ᠬᠤᠭᠤᠷᠤᠨᠳᠤ᠂ ᠰᠤᠷᠭᠠᠭᠤᠯᠢ ᠡᠷᠬᠢᠯᠡᠬᠦ ᠲᠠᠯ᠎ᠠ ᠪᠠᠷ ᠣᠷᠭᠢᠯ ᠤᠨ ᠴᠠᠭ ᠦᠶ᠎ᠡ ᠪᠠᠶᠢᠵᠦ ᠂ ᠭᠤᠷᠪᠠᠨ ᠰᠤᠷᠭᠠᠭᠤᠯᠢ ᠶ᠋ᠢᠨ ᠰᠤᠷᠤᠭᠴᠢ ᠶ᠋ᠢᠨ ᠲᠤᠭ᠎ᠠ ᠨᠢ 400 ᠬᠥᠮᠦᠨ ᠳ᠋ᠦ ᠪᠣᠯᠵᠦ ᠂ 10 ᠭᠠᠷᠤᠶ ᠠᠩᠭᠢ ᠲᠠᠢ ᠪᠦᠭᠡᠳ ᠤᠷᠢᠳ ᠬᠣᠵᠢᠳ 600 ᠢᠯᠡᠭᠦᠦ ᠰᠤᠷᠤᠭᠴᠢ ᠰᠤᠷᠭᠠᠭᠤᠯᠢ ᠡᠴᠠ ᠲᠡᠭᠦᠰᠦᠭᠰᠡᠨ ᠪᠠᠶᠢᠨ᠎ᠠ ᠃ ᠡᠨᠡ ᠬᠦ ᠬᠤᠭᠤᠴᠠᠭᠠᠨ ᠳ᠋ᠦ ᠂ ᠭᠦᠩᠰᠠᠩᠨᠤᠷᠪᠤ᠋ ᠸᠠᠩ ᠡᠴᠠ ᠲᠢᠶᠠᠨᠵᠢᠨ ᠂ ᠱᠠᠩᠬᠠᠶ ᠂ ᠪᠣᠣᠳᠢᠩ ᠂ ᠪᠡᠭᠡᠵᠢᠩ ᠵᠡᠷᠭᠡ ᠭᠠᠵᠠᠷ ᠲᠤ ᠢᠯᠡ ᠪᠡᠷ ᠪᠤᠶᠤ ᠨᠢᠭᠣᠴᠠ ᠪᠠᠷ 25 ᠨᠡᠷ᠎ᠡ ᠰᠤᠷᠤᠭᠴᠢ ᠲᠤᠮᠢᠯᠠᠵᠤ ᠂ ᠶᠠᠫᠣᠨ ᠳ᠋ᠤ 8 ᠬᠥᠮᠦᠨ ( ᠡᠭᠦᠨ ᠤ ᠳᠣᠲᠣᠷ᠎ᠠ ᠡᠮᠡᠭᠲᠡᠶ ᠰᠤᠷᠤᠭᠴᠢ 3 ᠬᠥᠮᠦᠨ ) ᠲᠤᠮᠢᠯᠠᠵᠤ ᠭᠠᠳᠠᠭᠠᠲᠤ ᠳ᠋ᠤ ᠰᠤᠷᠤᠯᠴᠠᠭᠤᠯᠤᠨ ᠂ ᠴᠡᠷᠢᠭ ᠤᠨ ᠶᠠᠪᠤᠳᠠᠯ ᠂ ᠰᠤᠷᠭᠠᠨ ᠬᠦᠮᠦᠵᠢᠯ ᠂ ᠠᠵᠤ ᠦᠢᠯᠡᠳᠪᠦᠷᠢ ᠂ ᠵᠠᠮ ᠬᠠᠷᠢᠯᠴᠠᠭ᠎ᠠ ᠂ ᠬᠡᠮᠵᠢᠨ ᠵᠢᠷᠤᠭᠯᠠᠯᠲᠠ ᠂ ᠠᠨᠠᠭᠠᠬᠤ ᠤᠬᠠᠭᠠᠨ ᠂ ᠭᠠᠳᠠᠭᠠᠳᠤ ᠬᠡᠯᠡ ᠵᠡᠷᠭᠡ ᠲᠤᠰᠬᠠᠶ ᠮᠡᠳᠡᠯᠭᠡ ᠶ᠋ᠢ ᠰᠤᠷᠤᠯᠴᠠᠭᠤᠯᠤᠭᠰᠠᠨ ᠪᠠᠶᠢᠨ᠎ᠠ ᠃ 1927 ᠣᠨ ᠪᠤᠯᠬᠤ ᠳ᠋ᠤ ᠪᠠᠰᠠ ᠤᠯᠤᠰ ᠤᠨ ᠳᠣᠲᠣᠭᠠᠳᠤ ᠭᠠᠳᠠᠭᠠᠳᠤ ᠳ᠋ᠤ ᠭᠤᠴᠢ ᠡᠴᠠ ᠳᠦᠴᠢᠨ ᠨᠡᠷ᠎ᠡ ᠰᠤᠷᠤᠭᠴᠢ ᠲᠣᠮᠢᠯᠠᠨ ᠰᠤᠷᠤᠯᠴᠠᠭᠤᠯᠤᠭᠰᠠᠨ ᠪᠠᠶᠢᠨ᠎ᠠ ᠃ ᠴᠥᠩ ᠵᠧᠩ ᠰᠤᠷᠭᠠᠭᠤᠯᠢ ᠨᠢ ᠴᠢᠯᠥᠭᠡᠯᠡᠭᠳᠡᠬᠦ ᠡᠴᠡ ᠡᠮᠦᠨᠡᠬᠡᠨ ᠪᠤᠯᠲᠠᠯ᠎ᠠ ᠦᠷᠭᠦᠯᠵᠢᠯᠡᠭᠰᠡᠨ ᠪᠠᠶᠢᠵᠦ ᠂ ᠰᠤᠷᠭᠠᠭᠤᠯᠢ ᠲᠡᠭᠦᠰᠦᠭᠰᠡᠨ ᠰᠤᠷᠤᠭᠴᠢᠳ 3000 ᠭᠠᠷᠤᠶ ᠳ᠋ᠤ ᠬᠦᠷᠴᠦ ᠂ ᠤᠯᠤᠰ ᠤᠨ ᠳᠣᠲᠣᠭᠠᠳᠤ ᠭᠠᠳᠠᠭᠠᠳᠤ ᠳ᠋ᠤ ᠬᠦᠷᠭᠡᠵᠦ ᠰᠤᠷᠤᠯᠴᠠᠭᠤᠯᠤᠭᠰᠠᠨ ᠰᠤᠷᠤᠭᠴᠢ ᠵᠠᠭᠤ ᠂ ᠬᠤᠶᠠᠷ ᠵᠠᠭᠤ ᠭᠠᠷᠤᠢ ᠬᠦᠮᠦᠨ ᠳ᠋ᠦ ᠬᠦᠷᠦᠭᠰᠡᠨ ᠪᠠᠶᠢᠨ᠎ᠠ ᠃ ᠴᠥᠭᠡᠨ ᠪᠤᠰᠤ ᠬᠥᠮᠦᠨ ᠬᠣᠵᠢᠮ ᠨᠢ ᠮᠠᠨ ᠤ ᠤᠯᠤᠰ ᠤᠨ ᠤᠯᠤᠰ ᠲᠤᠢᠷᠦ ᠂ ᠴᠡᠷᠢᠭ ᠤᠨ ᠶᠠᠪᠤᠳᠠᠯ ᠂ ᠰᠣᠶᠣᠯ ᠰᠤᠷᠭᠠᠨ ᠬᠥᠮᠦᠵᠢᠯ ᠤᠨ ᠬᠢᠨ ᠤ ᠭᠠᠷᠮᠠᠭᠠᠶᠴᠢᠳᠠᠪᠤᠷᠢᠲᠠᠨ ᠪᠤᠯᠵᠤ ᠂ ᠮᠣᠩᠭᠣᠯᠴᠤᠳ ᠤᠨ ᠠᠯᠳᠠᠷᠲᠠᠢ ᠬᠥᠮᠦᠰ ᠪᠤᠯᠵᠠᠢ᠃
ᠬᠤᠰᠢᠭᠤᠨ ᠤ ᠳᠤᠲᠤᠷ᠎ᠠ ᠰᠢᠦᠳᠠᠨ ᠬᠣᠯᠪᠣᠭ᠎ᠠ ᠨᠡᠪᠲᠡᠷᠡᠯᠴᠡᠬᠦ ᠦᠭᠡᠢ ᠡᠴᠠ ᠪᠣᠯᠵᠤ ᠂ ᠰᠤᠷᠠᠭᠵᠠᠩᠭᠢᠲᠦᠭᠵᠢᠮᠡᠯ ᠪᠠᠶᠢᠳᠠᠭ ᠃ ᠭᠦᠩᠰᠠᠩᠨᠤᠷᠪᠤ᠋ ᠸᠠᠩ ᠳᠠᠷᠤᠢ ᠬᠥᠮᠦᠨ ᠲᠣᠮᠢᠯᠠᠨ ᠸᠸᠢ ᠴᠠᠩ ᠰᠢᠶᠠᠨ ᠲᠠᠢ ᠬᠠᠷᠢᠯᠴᠠᠵᠤ ᠪᠠᠶᠢᠭᠠᠳ ᠺᠸ ᠯᠸᠢ ᠭᠸᠦ ᠬᠤᠳᠤᠭᠤᠷ ᠡᠴᠠ ᠬᠠᠷᠠᠴᠢᠨ ᠸᠠᠩ ᠤᠨ ᠤᠷᠳᠤᠨ ᠬᠦᠷᠲᠡᠯ᠎ᠡ 90 ᠭᠠᠵᠠᠷ ᠤᠨ ᠳ᠋ᠢᠶᠠᠩᠬᠤᠸᠠ ᠴᠠᠬᠢᠯᠭᠠᠨ ᠮᠡᠳᠡᠭᠡᠨ ᠤ ᠱᠤᠭᠤᠮ ᠵᠢᠶᠠᠰᠠ ᠪᠠᠶᠢᠭᠤᠯᠵᠤ ᠂ ᠪᠠᠰᠠ ᠭᠤᠷᠪᠠᠨ ᠮᠣᠩᠭᠣᠯ ᠬᠥᠮᠦᠨ ᠢ ᠰᠤᠩᠭᠤᠨ ᠲᠤᠭᠲᠠᠭᠠᠵᠤ ᠪᠡᠭᠡᠵᠢᠩ ᠪᠤᠯᠤᠨ ᠬᠠᠷᠠᠴᠢᠨ ᠤ ᠬᠤᠭᠤᠷᠤᠨᠳᠤᠬᠢ ᠠᠯᠪᠠᠨ ᠤ ᠪᠠ ᠬᠤᠪᠢ ᠶ᠋ᠢᠨ ᠵᠠᠬᠢᠳᠠᠯ ᠴᠢᠮᠡᠭᠡ ᠳᠠᠮᠵᠢᠭᠤᠯᠬᠤ ︽ ᠤᠯᠠᠭᠠᠴᠢᠨ ︾ ᠪᠤᠯᠭᠠᠨ ᠲᠤᠮᠢᠯᠠᠵᠤ ᠬᠥᠳᠡᠭᠡ ᠲᠣᠰᠬᠣᠨ ᠳ᠋ᠤ ᠰᠢᠦᠳᠠᠨ ᠭᠠᠵᠠᠷ ᠤᠨ ᠤᠷᠤᠯᠠᠨ ᠳᠤᠰᠬᠤ ᠭᠠᠵᠠᠷ ᠪᠠᠶᠢᠭᠤᠯᠵᠤ ᠂ ᠬᠠᠷᠠᠴᠢᠨ ᠬᠤᠰᠢᠭᠤ ᠪᠤᠯᠤᠨ ᠭᠠᠳᠠᠭᠠᠳᠤ ᠶᠢᠷᠲᠢᠨᠴᠦ ᠶ᠋ᠢᠨ ᠬᠣᠯᠪᠣᠭ᠎ᠠ ᠨᠡᠪᠲᠡᠷᠡᠬᠦ ᠳ᠋ᠦ ᠳᠦᠭᠦᠮ ᠪᠤᠯᠤᠭᠰᠠᠨ ᠪᠠᠶᠢᠨ᠎ᠠ ᠃
ᠭᠦᠩᠰᠠᠩᠨᠤᠷᠪᠤ᠋ ᠸᠠᠩ ᠡᠴᠠ ᠠᠵᠤ ᠦᠢᠯᠡᠰ ᠡᠷᠬᠢᠯᠡᠨ ᠬᠦᠭᠵᠢᠭᠦᠯᠬᠦ ᠶ᠋ᠢᠨ ᠲᠦᠯᠦᠭᠡ ᠳᠦᠷᠪᠡᠨ ᠬᠦᠮᠦᠨ ᠢ ᠲᠤᠮᠢᠯᠠᠵᠤ ᠲᠠᠶᠠᠨᠵᠢᠨ ᠳ᠋ᠤ ᠪᠠᠶᠢᠭ᠎ᠠ ᠨᠢᠭᠡᠨ ᠦᠢᠯᠡᠳᠪᠦᠷᠢ ᠳ᠋ᠤ ᠰᠤᠷᠤᠯᠴᠠᠭᠤᠯᠤᠨ ᠂ ᠪᠤᠴᠠᠵᠤᠢᠷᠡᠭᠰᠡᠨ ᠤ ᠪᠠᠨ ᠳᠠᠷᠠᠭ᠎ᠠ 1905 ᠤᠨ ᠳ᠋ᠤ ᠦᠢᠯᠡᠳᠪᠦᠷᠢ ᠡᠷᠬᠢᠯᠡᠨ ᠂ ᠪᠦᠰ ᠨᠡᠬᠡᠬᠦ ᠂ ᠪᠤᠳᠤᠭᠯᠠᠬᠤ ᠂ ᠰᠠᠪᠤᠩ ᠤᠨ ᠦᠢᠯᠡᠳᠪᠦᠷᠢ ᠂ ᠯᠠ ᠂ ᠢᠰᠡᠭᠡᠶ ᠨᠤᠯᠤᠤᠷ ᠂ ᠪᠤᠳᠤᠭ ᠵᠡᠷᠭᠡ ᠦᠢᠯᠡᠳᠪᠦᠷᠢ ᠶ᠋ᠢ ᠡᠷᠬᠢᠯᠡᠨ ᠪᠠᠶᠢᠭᠤᠯᠤᠭᠰᠠᠨ ᠪᠠᠶᠢᠨ᠎ᠠ ᠃ ᠪᠠᠰᠠ ᠪᠡᠭᠡᠵᠢᠩ ᠳ᠋ᠡᠬᠢ ᠣᠷᠣᠰ ᠤᠨ ᠳ᠋ᠤᠤᠱᠸᠩ ᠪᠠᠩᠬᠢ ᠡᠴᠠ ᠭᠤᠷᠪᠠᠨ ᠲᠦᠮᠡᠨ ᠯᠠᠩ ᠮᠥᠩᠭᠥ ᠵᠢᠭᠡᠯᠡᠵᠦ ᠂ ᠪᠦᠷᠢᠨ ᠪᠠᠷᠠᠭᠠᠲᠤ ᠳᠡᠯᠭᠡᠭᠦᠷ ( ᠰᠠᠨ ᠢ ᠬᠠᠷᠢ ᠶ᠋ᠢᠨ ᠬᠤᠳᠠᠯᠳᠤᠭ᠎ᠠ ) ᠶ᠋ᠢ ᠪᠠᠶᠢᠭᠤᠯᠵᠤ᠂ ᠲᠤᠰ ᠣᠷᠤᠨ ᠤ ᠦᠢᠯᠡᠳᠪᠦᠷᠢ ᠳ᠋ᠤ ᠦᠢᠯᠡᠳᠪᠦᠷᠢᠯᠡᠭᠰᠡᠨ ᠦᠢᠯᠡᠳᠬᠦᠨ ᠢᠶ᠋ᠡᠨ ᠪᠤᠷᠤᠯᠠᠭᠤᠯᠬᠤ ᠡᠴᠠ ᠭᠠᠳᠠᠨ᠎ᠠ ᠡᠳᠦᠷ ᠳᠤᠳᠤᠮ ᠤᠨ ᠬᠡᠷᠡᠭᠯᠡᠭᠡᠨ ᠤ ᠪᠠᠷᠠᠭ᠎ᠠ ᠂ ᠬᠠᠷᠢ ᠶ᠋ᠢᠨ ᠪᠠᠷᠠᠭ᠎ᠠ ᠵᠡᠷᠭᠡ ᠶ᠋ᠢ ᠴᠤ ᠪᠤᠷᠤᠯᠠᠭᠤᠯᠵᠤ᠂ ᠬᠣᠰᠢᠭᠤᠨ ᠠᠷᠠᠳ ᠪᠤᠶᠤᠤᠢᠢᠷᠠ ᠬᠠᠪᠢ ᠶ᠋ᠢᠨ ᠬᠣᠰᠢᠭᠤ ᠰᠢᠶᠠᠨ ᠦ ᠢᠷᠭᠡᠨ ᠴᠥᠮ ᠡᠨᠳᠡ ᠬᠦᠷᠦᠯᠴᠡᠨ ᠢᠷᠡᠵᠦ ᠪᠠᠷᠠᠭ᠎ᠠ ᠬᠤᠳᠠᠯᠳᠤᠨ ᠠᠪᠤᠭᠰᠠᠨ ᠡᠴᠠ ᠬᠠᠷᠠᠴᠢᠨ ᠬᠣᠰᠢᠭᠤᠨ ᠦ ᠸᠠᠩ ᠤᠨ ᠤᠷᠳᠤᠨ ᠡᠳᠦᠷ ᠢᠷᠡᠬᠦᠶ᠎ᠡ ᠴᠡᠴᠡᠭᠯᠡᠨ ᠬᠦᠭᠵᠢᠵᠦ ᠂ ᠬᠥᠮᠦᠰ ᠡᠴᠡ ︽ ᠪᠠᠭ᠎ᠠ ᠪᠡᠭᠡᠵᠢᠩ ︾ ᠭᠡᠵᠦ ᠨᠡᠷᠡᠶᠢᠳᠳᠡᠭ ᠪᠤᠯᠵᠠᠢ ᠃
ᠲᠡᠷᠡ ᠰᠤᠷᠭᠠᠭᠤᠯᠢ ᠪᠤᠯᠤᠨ ᠠᠵᠤ ᠦᠢᠯᠡᠳᠪᠦᠷᠢ ᠡᠷᠬᠢᠯᠡᠨ ᠬᠦᠭᠵᠢᠬᠦᠯᠬᠦ ᠶ᠋ᠢᠨ ᠬᠠᠮᠲᠤ ᠂ ᠰᠤᠷᠤᠭᠴᠢᠳ ᠤᠨ ᠳᠤᠮᠳᠠ ᠰᠢᠨ᠎ᠡ ᠮᠠᠶ᠋ᠢᠭ ᠤᠨ ᠤᠷᠤᠭᠯᠠᠬᠤ ᠶᠤᠰᠤᠨ ᠢ ᠰᠤᠷᠲᠠᠯᠴᠢᠯᠠᠨ ᠂ ᠶᠡᠬᠡ ᠪᠡᠷ ᠪᠦᠷᠢᠯᠭᠡᠨ ᠰᠦᠢᠳᠬᠡᠬᠦ ᠶ᠋ᠢ ᠡᠰᠡᠷᠬᠦᠴᠡᠳᠡᠭ ᠶᠤᠮ ᠃ ᠲᠡᠭᠦᠨ ᠦ ᠦᠵᠡᠯ ᠰᠠᠨᠠᠭ᠎ᠠ ᠴᠢᠯᠦᠭᠡᠲᠠᠢ᠂ ᠴᠥᠩ ᠵᠧᠩ ᠰᠤᠷᠭᠠᠭᠤᠯᠢ ᠶ᠋ᠢᠨ ᠪᠠᠭᠰᠢ ᠰᠤᠷᠤᠭᠴᠢᠳ ᠢ ᠵᠤᠬᠢᠶᠠᠨ ᠪᠠᠶᠢᠭᠤᠯᠵᠤ ᠪᠠᠶᠢᠭᠠᠳ ︽ᠴᠦᠩ ᠳ᠋ᠸ ᠨᠡᠶᠢᠭᠡᠮᠯᠢᠭ 》 ᠢ ᠪᠠᠶᠢᠭᠤᠯᠵᠤ ᠂ ᠣᠷᠣᠨ ᠨᠤᠲᠤᠭ ᠤᠨ ᠵᠠᠰᠠᠭ ᠵᠠᠬᠢᠷᠭᠠᠨ ᠪᠠ 《ᠰᠣᠮᠤᠨ ᠵᠠᠩᠭᠢ ᠶᠢᠨ 》 ᠤ ᠲᠦᠷᠢᠮ ᠤᠨ ᠦᠭᠡᠷᠡᠴᠢᠯᠡᠯᠲᠡ ᠶ᠋ᠢᠨ ᠠᠰᠠᠭᠤᠳᠠᠯ ᠢ ᠰᠤᠳᠤᠯᠤᠭᠰᠠᠨ ᠪᠣᠯᠤᠨ᠎ᠠ ᠃ ᠤᠯᠤᠰ ᠲᠦᠷᠦ ᠶ᠋ᠢᠨ ᠪᠣᠯᠪᠠᠰᠤᠷᠠᠯ ᠤᠨ ᠠᠩᠭᠢ ᠡᠷᠬᠢᠯᠡᠵᠦ ᠂ ᠵᠠᠰᠠᠭ ᠵᠠᠬᠢᠷᠭᠠᠨ ᠤ ᠬᠠᠮᠢᠶᠠᠷᠤᠯᠲᠠ ᠶ᠋ᠢᠨ ᠰᠢᠨ᠎ᠡ ᠴᠢᠳᠠᠪᠤᠷᠢᠲᠠᠨ ᠢ ᠬᠦᠮᠦᠵᠢᠭᠦᠯᠵᠠᠢ ᠃
ᠴᠢᠩ ᠤᠯᠤᠰ ᠤᠨ ᠵᠠᠰᠠᠭ ᠤᠨ ᠣᠷᠳᠣᠨ ᠡᠴᠠ ᠭᠦᠩᠰᠠᠩᠨᠤᠷᠪᠤ᠋ ᠡᠴᠠ ᠶᠠᠪᠤᠭᠤᠯᠤᠭᠰᠠᠨ ᠰᠢᠨ᠎ᠡ ᠵᠠᠰᠠᠭ ᠲᠤ ᠡᠷᠲᠡ ᠡᠴᠠ ᠰᠡᠷᠡᠮᠵᠢᠯᠡᠵᠦ ᠪᠠᠶᠢᠵᠠᠶ ᠃ ᠨᠢᠭᠡ ᠲᠠᠯ᠎ᠠ ᠪᠠᠷ ᠲᠡᠭᠦᠨ ᠰᠤᠷᠭᠠᠭᠤᠯᠢ ᠪᠠᠶᠢᠭᠤᠯᠤᠭᠰᠠᠨ ᠭᠠᠪᠢᠶ᠎ᠠ ᠶ᠋ᠢ ᠮᠠᠭᠲᠠᠨ ᠰᠠᠶᠢᠰᠢᠶᠠᠵᠦ ᠢᠯᠡᠷᠬᠡᠶᠢᠯᠡᠯ ᠬᠦᠷᠭᠡᠵᠦ ᠬᠦᠬᠢᠭᠦᠯᠦᠨ ᠱᠠᠩᠨᠠᠭᠰᠠᠨ ᠪᠤᠯᠪᠠᠴᠦ᠂ ᠨᠦᠭᠦᠭᠡ ᠲᠠᠯ᠎ᠠ ᠪᠠᠷ ᠲᠡᠭᠦᠨ ᠦ ᠬᠤᠰᠢᠭᠤᠨ ᠳᠤᠲᠤᠷᠠᠬᠢ ᠨᠦᠯᠦᠭᠡ ᠳᠤᠰᠬᠠᠯ ᠢ ᠰᠤᠯᠠᠷᠠᠭᠤᠯᠬᠤ ᠪᠠᠷ ᠤᠷᠤᠯᠳᠤᠵᠤ ᠂ ᠨᠢᠭᠡ ᠦᠢ᠎ᠡ ᠲᠡᠭᠦᠨ ᠢ ᠮᠠᠨᠵᠤ ᠶ᠋ᠢᠨ ᠰᠢᠯᠤᠭᠤᠨ ᠴᠠᠭᠠᠨ ᠬᠣᠰᠢᠭᠤᠨ ᠦ ᠵᠠᠬᠢᠷᠤᠭᠴᠢ ᠪᠠᠷ ᠲᠤᠮᠢᠯᠠᠵᠤ ᠂ ᠰᠡᠭᠦᠯᠡᠷ ᠨᠢ ᠵᠠᠰᠠᠭ ᠤᠨ ᠶᠠᠪᠤᠳᠠᠯ ᠤᠨ ᠰᠠᠨᠠᠯ ᠵᠦᠪᠯᠡᠯᠭᠡᠨ ᠦ ᠬᠣᠷᠢᠶᠠᠨ ᠳ᠋ᠦ ᠨᠡᠷ᠎ᠡ ᠶ᠋ᠢᠨ ᠲᠡᠳᠦᠢ ᠵᠦᠪᠯᠡᠭᠴᠢ ᠶ᠋ᠢᠨ ᠲᠤᠰᠢᠶᠠᠯ ᠢ ᠤᠯᠭᠤᠵᠤ᠂ ᠪᠡᠭᠡᠵᠢᠩ ᠳ᠋ᠦ ᠵᠦᠭᠡᠷ ᠰᠠᠭᠤᠯᠭᠠᠭᠰᠠᠨ ᠪᠠᠶᠢᠨ᠎ᠠ ᠃ ᠰᠡᠭᠦᠯᠡᠷ ᠨᠢ ᠪᠠᠳᠠᠷᠠᠭᠤᠯᠲᠤ ᠲᠥᠷᠥ ᠬᠠᠭᠠᠨ ᠭᠡᠨᠡᠳᠲᠡ ᠡᠪᠡᠳᠴᠢᠨ ᠢᠶᠠᠷ ᠨᠠᠰᠤ ᠪᠠᠷᠠᠭᠰᠠᠨ ᠡᠴᠠ ᠪᠤᠯᠵᠤ ᠬᠡᠪᠲᠦ ᠶᠣᠰᠣᠲᠤ ᠬᠠᠭᠠᠨ ᠰᠠᠭᠤᠷᠢᠨ ᠵᠠᠯᠭᠠᠮᠵᠢᠯᠠᠵᠦ ᠂ ᠡᠮᠦᠨᠡᠲᠦ ᠣᠷᠣᠨ ᠤ ᠡᠯ᠎ᠡ ᠮᠤᠵᠢ ᠶ᠋ᠢᠨ ᠬᠤᠪᠢᠰᠬᠠᠯᠲᠤ ᠠᠵᠢᠯᠯᠠᠭ᠎ᠠ ᠭᠠᠯ ᠬᠠᠯᠠᠭᠤᠨ ᠶᠠᠪᠤᠭᠳᠠᠭᠰᠠᠨ ᠡᠴᠠ ᠪᠤᠯᠵᠤ ᠭᠦᠩᠰᠠᠩᠨᠤᠷᠪᠤ᠋ ᠸᠠᠩ ᠢ ᠬᠤᠰᠢᠭᠤᠨ ᠳ᠋ᠤᠨᠢ ᠪᠤᠴᠠᠭᠤᠯᠵᠤ ᠴᠡᠷᠢᠭ ᠡᠯᠰᠡᠨ ᠰᠢᠳᠠᠷ ᠴᠡᠷᠢᠭ ᠤᠨ ᠪᠠᠶᠢᠷᠢ ᠶ᠋ᠢ ᠨᠦᠬᠦᠬᠦ ᠭᠡᠰᠡᠨ ᠡᠴᠡ ᠪᠤᠯᠵᠤ᠂ ᠬᠥᠩ ᠸᠠᠩ ᠰᠠᠶ᠋ᠢ ᠨᠤᠲᠤᠭ ᠲᠤ ᠪᠠᠨ ᠪᠤᠴᠠᠵᠤ 300 ᠨᠡᠷ᠎ᠡ ᠢᠳᠡᠷ ᠬᠦᠮᠦᠰ ᠢ ᠴᠤᠭᠯᠠᠭᠤᠯᠵᠤ᠂ ᠰᠢᠨ᠎ᠡ ᠪᠡᠷ ᠪᠠᠶᠢᠭᠤᠯᠤᠭᠰᠠᠨ ᠰᠢᠳᠠᠷ ᠴᠡᠷᠢᠭ ᠲᠤ ᠣᠷᠣᠭᠤᠯᠵᠤ ᠂ ᠮᠠ ᠪᠦ᠋ ᠭᠤᠷᠪᠠᠳᠤᠭᠠᠷ ᠪᠠᠲ᠋ᠠᠯᠢᠶᠤᠨ ᠤᠨ ᠴᠡᠷᠢᠭ ᠪᠤᠯᠵᠠᠢ ᠃
1911 ᠣᠨ ᠳ᠋ᠦ ᠴᠠᠭᠠᠭᠴᠢᠨ ᠭᠠᠬᠠᠶ ᠵᠢᠯ ᠤᠨ ᠬᠤᠪᠢᠰᠬᠠᠯ ᠡᠭᠦᠰᠦᠭᠰᠡᠨ ᠤ ᠳᠠᠷᠠᠭ᠎ᠠ ᠂ ᠴᠢᠩ ᠤᠯᠤᠰ ᠤᠨ ᠬᠠᠭᠠᠨ ᠰᠠᠭᠤᠷᠢᠨ ᠡᠴᠠ ᠪᠠᠨ ᠪᠠᠭᠤᠵᠠᠢ ᠃ 1912 ᠤᠨ ᠤ 1 ᠰᠠᠷ᠎ᠠ ᠶ᠋ᠢᠨ 9 ᠦ ᠡᠳᠦᠷ ᠂ ᠭᠦᠩᠰᠠᠩᠨᠤᠷᠪᠤ᠋ ᠶᠠᠫᠣᠨ ᠤ ᠯᠦᠢᠪᠠᠷᠴᠢᠨ ᠲᠠᠢ ᠳᠠᠯᠳᠠᠭᠤᠷ ᠭᠡᠷ᠎ᠡ ᠪᠢᠴᠢᠭ ᠢᠶᠠᠨ ᠰᠤᠯᠢᠯᠴᠠᠵᠤ 《 ᠴᠢᠩ ᠤᠯᠤᠰ ᠤᠨ ᠬᠠᠭᠠᠨ ᠤ ᠣᠷᠣᠰᠢᠵᠤ ᠪᠠᠶᠢᠬᠤ ᠶ᠋ᠢ ᠮᠡᠳᠡᠷᠡᠭᠰᠡᠨ ᠪᠠᠶᠢᠨ᠎ᠠ 》 ᠃ 2 ᠰᠠᠷ᠎ᠠ ᠶ᠋ᠢᠨ 1 ᠦ ᠡᠳᠦᠷ ᠪᠤᠯᠲᠠᠯ᠎ᠠ ᠂ ᠰᠦᠨ ᠵᠦᠩ ᠱᠠᠨ ᠡᠴᠠ ᠮᠤᠩᠭᠤᠯ ᠸᠠᠩ ᠭᠦᠩ ᠳ᠋ᠦ ᠬᠠᠷᠠᠭᠠᠯᠵᠠᠯ ᠦᠵᠡᠭᠦᠯᠬᠦ ᠵᠤᠷᠪᠤᠰ ᠢ ᠲᠤᠩᠬᠠᠯᠠᠵᠦ ᠂ ᠬᠥᠩ ᠸᠠᠩ ᠤᠨ ᠵᠤᠬᠢᠶᠠᠨ ᠪᠠᠶᠢᠭᠤᠯᠤᠭᠰᠠᠨ ᠮᠣᠩᠭᠣᠯ ᠸᠠᠩ ᠭᠦᠩ ᠤᠨ ᠬᠣᠯᠪᠣᠭᠠᠲᠤ ᠬᠤᠷᠠᠯ ᠨᠢ 2 ᠰᠠᠷ᠎ᠠ ᠶ᠋ᠢᠨ 5 ᠦ ᠡᠳᠦᠷ ᠢᠯᠡᠷᠬᠡᠶᠢᠯᠡᠯᠲᠡ ᠨᠡᠶᠢᠲᠡᠯᠡᠵᠦ ᠄ 《 ᠣᠯᠠᠨ ᠸᠠᠩ ᠭᠦᠩ ᠪᠥᠬᠥᠳᠡ ᠨᠠᠶᠢᠷᠠᠮᠳᠠᠬᠤ ᠶ᠋ᠢ ᠬᠦᠷᠢᠶᠡᠯᠡᠨ᠎ᠡ ᠁ ᠢᠷᠭᠡᠨ ᠤᠯᠤᠰ ᠢ ᠬᠠᠮᠲᠤ ᠪᠠᠷ ᠴᠤᠭᠴᠠᠯᠠᠨ᠎ᠠ》 ᠭᠡᠰᠡᠨ ᠪᠠᠶᠢᠨ᠎ᠠ ᠃ ᠡᠨᠡ ᠦᠶ᠎ᠡ ᠳ᠋ᠤ ᠠᠷᠤ ᠮᠣᠩᠭᠣᠯ ᠨᠢ ᠴᠠᠭᠠᠨ ᠬᠠᠭᠠᠨᠲᠤ ᠤᠷᠤᠰ ᠤᠨ ᠥᠳᠥᠭᠡᠯᠭᠡ ᠳᠣᠣᠷ᠎ᠠ ᠂ ᠵᠢᠪᠽᠤᠨᠳᠠᠮᠪᠠ ᠬᠠᠭᠠᠨ ᠰᠠᠭᠤᠵᠤ ᠂ 《 ᠲᠤᠰᠠᠭᠠᠷ ᠲᠤᠭᠲᠠᠨᠢᠭᠰᠠᠨ 》 ᠢᠶᠡᠨ ᠵᠠᠷᠯᠠᠭᠰᠠ ᠳ᠋ᠤ ᠭᠦᠩᠰᠠᠩᠨᠤᠷᠪᠤ᠋ ᠪᠠᠰᠠ ᠥᠪᠥᠷ ᠮᠣᠩᠭᠣᠯ ᠢ 《 ᠲᠤᠰᠠᠭᠠᠷᠯᠠᠭᠤᠯᠬᠤ 》 ᠪᠤᠳᠤᠯ ᠤᠷᠤᠭᠰᠠᠨ ᠪᠠᠶᠢᠨ᠎ᠠ ᠃ 1912 ᠣᠨ ᠳ᠋ᠤ ᠲᠡᠷᠡ ᠪᠡᠭᠡᠵᠢᠩ ᠤᠨ ᠪᠠᠶᠢᠭ᠎ᠠ ᠶᠠᠫᠣᠨ ᠤ ᠵᠧᠩ ᠵᠢᠨ ᠪᠠᠩᠬᠢ ᠡᠴᠠ ᠭᠤᠷᠪᠠᠨ ᠲᠦᠮᠡᠨ ᠯᠠᠩ ᠮᠥᠩᠭᠥ ᠵᠢᠭᠡᠯᠡᠵᠦ ᠂ ᠶᠠᠫᠣᠨ ᠤ ᠲᠠᠶ ᠫᠢᠩ ᠺᠤᠮᠫᠠᠨᠢ ᠲᠠᠢ ᠨᠢᠭᠤᠴᠠ ᠪᠠᠷ ᠫᠤᠤ ᠵᠡᠪᠰᠡᠭ ᠰᠤᠮᠤ ᠲᠠᠷᠢ ᠬᠤᠳᠠᠯᠳᠤᠨ ᠠᠪᠬᠤ ᠭᠡᠷ᠎ᠡ ᠲᠤᠭᠲᠠᠵᠤ ᠂ ᠡᠮᠦᠨᠡᠲᠦ ᠮᠠᠨᠵᠤ ᠶ᠋ᠢᠨ ᠲᠢᠶᠧ ᠯᠢᠩ ᠭᠠᠯᠲᠤ ᠲᠡᠷᠭᠡᠨ ᠥᠷᠲᠡᠭᠡᠨ ᠳ᠋ᠦ ᠶᠠᠫᠤᠨ ᠲᠠᠢ ᠪᠠᠷᠠᠭ᠎ᠠ ᠰᠤᠯᠢᠯᠴᠠᠬᠤ ᠪᠠᠷ ᠲᠤᠭᠲᠠᠵᠤ ᠂ ᠲᠡᠷᠡ ᠴᠠᠭ ᠲᠤᠨᠢ ᠬᠦᠮᠦᠨ ᠲᠤᠮᠢᠯᠠᠨ ᠲᠤᠰᠤᠭᠤᠯᠤᠭᠰᠠᠨ ᠪᠠᠶᠢᠨ᠎ᠠ᠃ ᠡᠭᠦᠨ ᠤ ᠬᠠᠮᠲᠤ ᠬᠤᠰᠢᠭᠤᠨ ᠳ᠋ᠠᠭᠠᠨ ᠪᠤᠴᠠᠨ᠂ ᠲᠤᠰ ᠬᠤᠰᠢᠭᠤᠨᠨ ᠤ ᠳᠡᠭᠡᠳᠦ ᠳᠠᠪᠬᠤᠷᠭ᠎ᠠ ᠶ᠋ᠢᠨ ᠨᠣᠶᠠᠨᠲᠠᠨ ᠲᠠᠢ ᠬᠤᠷᠠᠯ ᠬᠢᠵᠦ ᠂ ᠦᠪᠡᠷ ᠦᠨ ᠲᠦᠯᠦᠪᠯᠡᠭᠡ ᠪᠡᠨ ᠢᠯᠡᠷᠬᠡᠶᠢᠯᠡᠭᠰᠡᠨ ᠪᠤᠯᠪᠠᠴᠤ ᠬᠤᠷᠠᠯ ᠳᠤ ᠣᠷᠤᠯᠴᠠᠭᠰᠠᠳ ᠤᠨ ᠣᠪᠣᠷ ᠨᠢ ᠬᠦᠢᠲᠡᠮᠰᠦᠭ ᠳᠡᠭᠡᠷ᠎ᠡ ᠬᠤᠳᠠᠯᠳᠤᠨ ᠠᠪᠤᠭᠰᠠᠨ ᠫᠤᠤ ᠵᠡᠪᠰᠡᠭ ᠳᠠᠷᠢ ᠰᠤᠮᠤ ᠨᠢ ᠵᠧᠩ ᠵᠢᠶᠠ ᠲᠦᠨ ᠳ᠋ᠤ ᠴᠡᠷᠢᠭ ᠤᠨ ᠡᠷᠬᠡᠲᠡᠨ ᠡᠦ ᠵᠢᠶᠦ᠋ᠨ ᠳ᠋ᠦ ᠬᠤᠷᠢᠶᠠᠮᠵᠢᠯᠠᠭᠳᠠᠵᠤ᠂ ᠫᠤᠤ ᠵᠡᠪᠰᠡᠭ ᠬᠦᠷᠭᠡᠵᠦ ᠢᠷᠡᠭᠰᠡᠨ ᠶᠠᠫᠣᠨ ᠬᠥᠮᠦᠨ ᠴᠤ ᠫᠤᠤᠳᠠᠭᠳᠠᠨ ᠠᠯᠠᠭᠳᠠᠵᠠᠢ ᠃ ᠢᠩᠬᠢᠭᠡᠳ ᠭᠦᠩᠰᠠᠩᠨᠤᠷᠪᠤ᠋ ᠭᠠᠷ ᠬᠤᠭᠤᠰᠤᠨ ᠪᠤᠯᠵᠤ ᠂《 ᠲᠤᠰᠠᠭᠠᠷᠯᠠᠬᠤ 》 ᠪᠤᠳᠤᠯᠭ᠎ᠠ ᠪᠠᠨ ᠲᠠᠶᠠᠭᠳᠠᠵᠤ ᠂ 《 ᠿᠸ ᠾᠸ ᠶᠢᠨ ᠮᠣᠩᠭᠣᠯ ᠡᠴᠠ ᠥᠪᠡᠷᠲᠡᠭᠡᠨ ᠵᠠᠰᠠᠬᠤ ᠶ᠋ᠢ ᠬᠡᠷᠡᠭᠵᠢᠭᠦᠯᠬᠦ 》 ᠶ᠋ᠢ ᠰᠤᠷᠲᠠᠯᠴᠢᠯᠠᠵᠦ ᠂ ᠿᠸ ᠾᠸ ᠶᠢᠨ ᠬᠢᠯᠢ ᠳ᠋ᠡᠬᠢ ᠸᠠᠩ ᠭᠦᠩ ᠂ ᠵᠠᠰᠠᠭ ᠨᠠᠷ ᠢ ᠴᠤᠭᠯᠠᠭᠤᠯᠤᠨ ᠬᠤᠷᠠᠯ ᠬᠢᠵᠦ ᠂ ᠭᠦᠩᠰᠠᠩᠨᠤᠷᠪᠤ᠋ ᠸᠠᠩ ᠨᠢ ᠥᠪᠡᠷᠲᠡᠭᠡᠨ ᠵᠠᠰᠠᠬᠤ ᠪᠠᠷ ᠪᠡᠯᠡᠳᠬᠡᠬᠦ ᠶᠡᠷᠦᠩᠬᠡᠶ ᠬᠠᠷᠢᠭᠤᠴᠠᠯᠭᠠᠲᠠᠨ ᠢᠶᠠᠷ ᠰᠤᠩᠭᠤᠭᠳᠠᠭᠰᠠᠨ ᠪᠠᠶᠢᠨ᠎ᠠ ᠃ ᠡᠨᠡ ᠦᠶ᠎ᠡ ᠳ᠋ᠤ ᠿᠸ ᠾᠸ ᠶᠢᠨ ᠵᠠᠬᠢᠷᠤᠭᠴᠢ ᠰᠢᠶᠦ᠋ᠩ ᠰᠢ ᠯᠢᠩ ᠡᠭᠦᠨ ᠢ ᠮᠡᠳᠡᠵᠦ ᠂ ᠡᠨᠡᠬᠦ ᠪᠠᠴᠢᠮ ᠴᠢᠮᠡᠭᠡ ᠶ᠋ᠢ ᠶᠡᠬᠡᠶᠡᠷᠦᠩᠬᠡᠶᠢᠯᠡᠭᠴᠢ ᠶᠤᠸᠠᠨ ᠱᠢ ᠺᠠᠶ ᠳ᠋ᠦ ᠮᠡᠳᠡᠭᠳᠡᠵᠡᠢ ᠃ ᠶᠤᠸᠠᠨ ᠱᠢ ᠺᠠᠶ ᠴᠢᠳᠠᠪᠤᠷᠢᠲᠠᠨ ᠦ ᠨᠡᠷ᠎ᠡ ᠪᠡᠷ ᠲᠤᠰ ᠵᠢᠯ ᠤᠨ 8 ᠰᠠᠷ᠎ᠠ ᠳ᠋ᠤ᠂ ᠬᠦᠨᠲᠦ ᠪᠡᠯᠡᠭ ᠢᠶ᠋ᠡᠷ ᠲᠡᠭᠦᠨ ᠢ ᠨᠡᠶᠢᠰᠯᠡᠯ ᠬᠤᠲᠠᠨ ᠳ᠋ᠤ ᠵᠠᠯᠠᠵᠦ ᠂ ᠮᠣᠩᠭᠣᠯ ᠲᠥᠪᠡᠳ ᠤᠨ ᠬᠡᠷᠡᠭ ᠡᠷᠬᠢᠯᠡᠬᠦ ᠲᠣᠪᠴᠢᠶᠠᠨ ᠤ ᠶᠡᠷᠦᠩᠬᠡᠶ ᠵᠠᠬᠢᠷᠤᠯ ᠢᠶᠠᠷ ᠲᠤᠮᠢᠯᠠᠵᠦ ᠂ 9 ᠰᠠᠷ᠎ᠠ ᠳ᠋ᠤᠴᠢᠨ ᠸᠠᠩ ᠡᠷᠭᠦᠮᠵᠢᠯᠡᠭᠳᠡᠭᠰᠡᠨ ᠪᠠᠶᠢᠨ᠎ᠠ ᠃ 10 ᠰᠠᠷ᠎ᠠ ᠳ᠋ᠤ ᠭᠦᠩᠰᠠᠩᠨᠤᠷᠪᠤ᠋ ᠡᠴᠠ ᠮᠣᠩᠭᠣᠯ ᠲᠥᠪᠡᠳ ᠤᠨ ᠬᠡᠷᠡᠭ ᠡᠷᠬᠢᠯᠡᠬᠦ ᠲᠣᠪᠴᠢᠶᠠᠨ ᠤ ᠶᠡᠷᠦᠩᠬᠡᠶ ᠵᠠᠬᠢᠷᠤᠯ ᠤᠨ ᠬᠡᠷᠬᠢᠮ ᠢᠶ᠋ᠡᠷ ᠵᠢᠪᠽᠤᠨᠳᠠᠮᠪᠠ ᠳ᠋ᠥ ᠴᠠᠬᠢᠯᠭᠠᠨ ᠮᠡᠳᠡᠭᠡ ᠢᠯᠡᠭᠡᠵᠦ ᠂ ᠲᠡᠭᠦᠨ ᠦ ᠴᠠᠭᠠᠨ ᠬᠠᠭᠠᠨᠲᠤ ᠣᠷᠣ ᠲᠠᠢ ᠬᠤᠯᠪᠤᠭᠠᠯᠠᠬᠠᠤ ᠶ᠋ᠢ ᠰᠢᠷᠦᠬᠦᠨ ᠰᠢᠭᠦᠮᠵᠢᠯᠡᠭᠰᠡᠨ ᠪᠠᠶᠢᠨ᠎ᠠ ᠃ 11 ᠰᠠᠷ᠎ᠠ ᠳ᠋ᠤ ᠬᠥᠩ ᠸᠠᠩ ᠰᠤᠷᠪᠤᠯᠵᠢᠯᠠᠭᠴᠢᠳ ᠤᠨ ᠳᠠᠶᠢᠯᠠᠯᠭ᠎ᠠ ᠳᠡᠭᠡᠷ᠎ᠡ《 ᠣᠷᠣᠰ ᠮᠣᠩᠭᠣᠯ ᠤᠨ ᠭᠡᠷ᠎ᠡ 》 ᠶ᠋ᠢ ᠰᠢᠭᠦᠮᠵᠢᠯᠡᠨ ᠪᠤᠷᠤᠭᠤᠰᠢᠶᠠᠵᠦ ᠂ ᠡᠯ᠎ᠡ ᠠᠶᠢᠮᠠᠭ ᠬᠣᠰᠢᠭᠤ ᠨᠢ ᠡᠨᠡᠬᠦ ᠭᠡᠷ᠎ᠡ ᠶ᠋ᠢ ᠡᠰᠡᠷᠭᠦᠴᠡᠨ ᠂ ᠪᠥᠬᠥᠳᠡ ᠨᠠᠶᠢᠷᠠᠮᠳᠠᠬᠤ ᠢ ᠮᠡᠲᠡᠷᠡᠬᠦ ᠵᠤᠭᠰᠤᠯᠲᠠ ᠪᠠᠨ ᠢᠯᠡᠷᠬᠡᠶᠢᠯᠡᠭᠰᠡᠨ ᠪᠠᠶᠢᠨ᠎ᠠ ᠃
ᠬᠦᠩᠰᠠᠩᠨᠤᠷᠪᠤ᠋ ᠮᠣᠩᠭᠣᠯ ᠲᠥᠪᠡᠳ ᠤᠨ ᠬᠡᠷᠡᠭ ᠡᠷᠬᠢᠯᠡᠬᠦ ᠲᠤᠪᠴᠢᠶᠠᠨ ( ᠬᠣᠵᠢᠮ ᠨᠢ ᠮᠣᠩᠭᠣᠯ ᠲᠥᠪᠡᠳ ᠤᠨ ᠬᠣᠷᠢᠶ᠎ᠠ ) ᠤ ᠶᠡᠷᠦᠩᠬᠡᠶ ᠵᠠᠬᠢᠷᠤᠭᠴᠢ ᠤᠨ ᠲᠤᠰᠢᠶᠠᠯ ᠢ ᠨᠡᠢᠢᠳᠡ 16 ᠵᠢᠯ (1912 ︱1928 ) ᠬᠠᠷᠢᠭᠤᠴᠠᠵᠤ᠂ ᠲᠤᠬᠠᠶ ᠶ᠋ᠢᠨ ᠦᠶ᠎ᠡ ᠳ᠋ᠦᠴᠡᠷᠢᠭ ᠤᠨ ᠡᠷᠬᠡᠲᠡᠨ ᠤ ᠵᠠᠰᠠᠭ ᠤᠨ ᠣᠷᠳᠣᠨ ᠶᠤᠸᠠᠨ ᠱᠢ ᠺᠠᠶ ᠥᠭᠦᠭᠰᠡᠨ ᠤ ᠳᠠᠷᠠᠭ᠎ᠠ ᠬᠡᠳᠦᠨᠲᠡ ᠤᠷᠤᠨ ᠰᠤᠯᠢᠭᠰᠠᠨ ᠪᠤᠯᠪᠠᠴᠤ ᠬᠥᠩ ᠸᠠᠩ ᠤᠨ ᠶᠡᠷᠦᠩᠬᠡᠶ ᠵᠠᠬᠢᠷᠤᠯ ᠤᠨ ᠲᠤᠰᠢᠶᠠᠯ ᠨᠢ ᠢᠮᠠᠭᠲᠠ ᠬᠤᠪᠢᠷᠬᠠᠰᠠᠨ ᠥᠬᠡᠶ ᠂ ᠲᠡᠷᠡ ᠲᠦᠷᠦ ᠳ᠋ᠦ ᠬᠦᠨᠳᠦᠲᠡᠶ ᠲᠦᠮᠡᠨ ᠳ᠋ᠡᠬᠡᠨ ᠢᠲᠡᠭᠡᠯ ᠲᠡᠶ ᠂ ᠮᠣᠩᠭᠣᠯ ᠸᠠᠩ ᠭᠦᠩ ᠪᠠ ᠤᠯᠠᠨ ᠲᠦᠮᠡᠨ ᠦ ᠢᠲᠡᠭᠡᠯ ᠬᠦᠨᠳᠦ ᠶ᠋ᠢ ᠤᠯᠵᠤ ᠂ ᠡᠬᠡ ᠤᠯᠤᠰ ᠤᠨ ᠨᠢᠭᠡᠲᠦᠯ᠂ ᠭᠠᠵᠠᠷ ᠣᠷᠣᠨ ᠦ ᠲᠣᠭᠲᠠᠭᠤᠨ ᠪᠠᠶᠢᠳᠠᠯ ᠂ ᠦᠨᠳᠦᠰᠦᠲᠡᠨ ᠤ ᠪᠦᠯᠬᠦᠮᠳᠡᠯ ᠪᠠ ᠮᠣᠩᠭᠣᠯ ᠦᠨᠳᠦᠰᠦᠲᠡᠨ ᠦ ᠬᠠᠤᠯᠢ ᠶᠣᠰᠣᠨ ᠦ ᠡᠷᠬᠡ ᠠᠰᠢᠭ ᠢ ᠬᠠᠮᠠᠭᠠᠯᠠᠬᠤ ᠶ᠋ᠢᠨ ᠲᠦᠯᠦᠭᠡ ᠴᠥᠭᠡᠨ ᠪᠤᠰᠤ ᠠᠵᠢᠯ ᠬᠢᠵᠡᠶ ᠃ ᠥᠲᠡᠯ᠎ᠡ ᠨᠠᠰᠤᠨ ᠤ ᠠᠮᠢᠳᠤᠷᠠᠯ ᠨᠢ ᠭᠠᠴᠢᠭᠳᠠᠯ ᠲᠠᠶ ᠪᠤᠯᠵᠤ ᠬᠤᠪᠢ ᠶ᠋ᠢᠨ ᠬᠤᠷᠠᠮᠳᠤᠯᠭ᠎ᠠ ᠤᠨ ᠬᠡᠷᠡᠭᠯᠡᠵᠦ ᠳᠠᠭᠤᠰᠴᠤ᠂ ᠳ᠋ᠤᠤ ᠱᠧᠩ ᠂ ᠵᠧᠩ ᠵᠢᠨ ᠬᠣᠶᠠᠷ ᠪᠠᠩᠬᠢ ᠳ᠋ᠤ ᠦᠷᠢ ᠲᠦᠯᠦᠭᠡᠰᠦᠨ ᠳ᠋ᠦ ᠠᠪᠲᠠᠵᠦ ᠂ ᠶᠠᠭᠠᠬᠢᠬᠤ ᠶ᠋ᠢᠨ ᠠᠷᠭ᠎ᠠ ᠦᠭᠡᠢ ᠪᠤᠯᠬᠤ ᠳ᠋ᠤ ᠪᠠᠨ ᠡᠳᠦᠷᠵᠢᠨ ᠰᠢᠯᠦᠭ ᠠᠷᠢᠬᠢ ᠢᠶᠠᠷ ᠡᠳᠦᠷ ᠬᠤᠨᠤᠭ ᠴᠠᠭ ᠢ ᠦᠩᠭᠡᠷᠭᠡᠬᠦ ᠪᠤᠯᠵᠠᠢ ᠃ ᠤᠮᠠᠷᠠᠰᠢ ᠳᠠᠶᠢᠯᠠᠬᠤ ᠳᠠᠢᠢᠨ ᠤ ᠳᠠᠷᠠᠭ᠎ᠠ ᠂ ᠠᠮᠢᠳᠤᠷᠠᠬᠤ ᠶ᠋ᠢᠨ ᠲᠦᠯᠦᠭᠡᠨ᠎ᠡ ᠳᠠᠬᠢᠨ ᠮᠣᠩᠭᠣᠯ ᠲᠥᠪᠡᠳ ᠤᠨ ᠰᠤᠷᠭᠠᠭᠤᠯᠢ ᠶ᠋ᠢᠨ ᠵᠠᠬᠢᠷᠤᠯ ᠤᠨ ᠲᠤᠰᠢᠶᠠᠯ ᠢ ᠬᠠᠷᠢᠭᠤᠴᠠᠵᠤ ᠂ ᠰᠤᠷᠤᠭᠴᠢᠳ ᠤᠨ ᠡᠰᠡᠷᠭᠦᠴᠡᠯ ᠡᠴᠠ ᠪᠤᠯᠵᠠ ᠲᠤᠰᠢᠶᠠᠯ ᠡᠴᠠ ᠪᠠᠨ ᠪᠠᠭᠤᠭᠰᠠᠨ ᠪᠠᠶᠢᠨ᠎ᠠ ᠃ 1930 ᠣᠨ ᠳ᠋ᠤ ᠲᠠᠷᠢᠬᠢᠨ ᠰᠤᠳᠠᠯ ᠤᠨ ᠡᠪᠡᠳᠴᠢᠨ ᠳ᠋ᠤ ᠨᠡᠷᠪᠡᠭᠳᠡᠨ ᠪᠡᠭᠡᠵᠢᠩ ᠤᠨ ᠠᠯᠪᠠᠨ ᠤᠷᠳᠤᠨ ᠳ᠋ᠤ ᠪᠠᠨ ᠡᠪᠡᠳᠴᠢᠨ ᠢᠶᠠᠷ ᠨᠠᠰᠤᠪᠠᠷᠠᠪᠠ ᠂ ᠲᠤᠬᠠᠶ ᠶ᠋ᠢᠨ ᠵᠢᠯ 59 ᠨᠠᠰᠤᠲᠠᠶ ᠃