ᠭᠠᠳᠠ ᠮᠡᠢᠢᠷᠡᠨ

  2019-05-11



   

ᠭᠠᠳᠠ ᠮᠡᠢᠢᠷᠡᠨ (1892 ︱1931 ) ᠂ ᠮᠣᠩᠭᠣᠯ ᠨᠡᠷ᠎ᠡ ᠨᠢ  ᠨᠠᠳᠮᠠᠳ᠂ ᠥᠭᠡᠷ᠎ᠡ ᠨᠡᠷ᠎ᠡ ᠨᠢ ᠶᠸᠰᠢ ᠂ ᠬᠢᠲᠠᠳ ᠨᠡᠷ᠎ᠡ ᠨᠢ ᠮᠸᠡᠭ ᠴᠢᠩ ᠱᠠᠨ ᠂ 1892 ᠣᠨ ( ᠴᠢᠩ ᠤᠯᠤᠰ ᠤᠨ ᠪᠠᠳᠠᠷᠠᠭᠤᠯᠲᠤ ᠲᠦᠷᠦ  ᠶ᠋ᠢᠨ ᠠᠷᠪᠠᠨ ᠨᠠᠶᠮᠠᠨ ᠤᠨ) ᠳ᠋ᠤ ᠳᠠᠷᠬᠠᠨ ᠬᠣᠰᠢᠭᠤ ( ᠣᠳᠣ ᠶ᠋ᠢᠨ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤ ) ᠲᠠᠪᠤᠨ ᠵᠡᠯᠡᠠ  ᠦ ᠮᠠᠨᠳᠤᠷᠠᠬᠤ ᠲᠣᠰᠬᠣᠨ  ᠤ ᠨᠢᠭᠡᠨ ᠲᠠᠷᠢᠶᠠᠴᠢᠨ  ᠤ ᠭᠡᠷ ᠲᠦ ᠲᠦᠷᠦᠵᠡᠢ ᠃ ᠲᠡᠷᠡ ᠠᠬ᠎ᠠ ᠳᠡᠭᠦᠦ ᠳᠦᠷᠪᠡ ᠶ᠋ᠢᠨ ᠢᠶ᠋ᠡᠨ ᠳᠣᠲᠣᠷᠠᠬᠢ ᠬᠠᠮᠤᠭ ᠤᠨ ᠪᠠᠭ᠎ᠠ ᠨᠢ ᠤᠴᠢᠷ ᠡᠴᠠ ᠬᠥᠮᠦᠰ ᠲᠡᠭᠦᠨ  ᠢ 《 ᠭᠠᠳᠠ 》 ᠭᠡᠵᠦ ᠳᠠᠭᠤᠳᠠᠳᠠᠭ ᠶᠤᠮ ᠃   ᠬᠤᠰᠢᠭᠤᠨ ᠤ ᠬᠠᠶᠢᠭᠤᠯ ᠠᠨᠭᠬᠢ ᠶ᠋ᠢᠨ ᠴᠡᠷᠢᠭ  ᠤᠨ ᠶᠠᠪᠤᠳᠠᠯ  ᠤᠨ ᠮᠠᠶᠢᠸ᠋ᠷᠠᠨ ᠪᠤᠯᠤᠭᠰᠠᠨ ᠤ ᠳᠠᠷᠠᠭ᠎ᠠ ᠂ ᠬᠥᠮᠦᠰ ᠲᠡᠭᠦᠨ ᠢ《 ᠭᠠᠳᠠ ᠮᠡᠢᠢᠷᠡᠨ 》 ᠭᠡᠵᠦ ᠳᠠᠭᠤᠳᠠᠬᠤ ᠪᠤᠯᠤᠭᠰᠠᠨ ᠪᠠᠶᠢᠨ᠎ᠠ ᠃
    ᠭᠠᠳᠠ ᠪᠠᠭ᠎ᠠ  ᠶ᠋ᠢᠨ ᠦᠢ᠎ᠡ  ᠳ᠋ᠡᠬᠡᠨ ᠳᠠᠷᠬᠠᠨ ᠬᠤᠰᠢᠭᠤᠨ ᠤ ᠸᠠᠩ  ᠤᠨ ᠤᠷᠳᠤᠨ ᠳ᠋ᠤ  ᠪᠢᠴᠢᠭᠡᠴᠢ ᠶ᠋ᠢᠨ ᠭᠡᠷ ᠲᠦ ᠠᠯᠪᠠ ᠬᠠᠭᠠᠵᠤ ᠂ ᠬᠣᠵᠢᠮ  ᠨᠢ  ᠬᠤᠰᠢᠭᠤᠨ ᠤ ᠰᠢᠳᠠᠷ ᠴᠡᠷᠢᠭ ᠲᠦ ᠤᠷᠤᠭᠰᠠᠨ ᠶᠤᠮ ᠃ ᠲᠡᠷᠡ ᠥᠪᠡᠷ  ᠢᠶᠡᠨ ᠰᠤᠶᠤᠯ ᠮᠡᠳᠡᠯᠭᠡ ᠰᠤᠷᠤᠯᠴᠠᠨ ᠡᠵᠡᠮᠰᠢᠵᠦ ᠂ ᠮᠣᠩᠭᠣᠯ ᠬᠢᠲᠠᠳ ᠬᠡᠯᠡᠨ ᠳ᠋ᠦ ᠨᠡᠪᠲᠡᠷᠡᠨ ᠂ 1917 ᠣᠨ  ᠳ᠋ᠦ ᠵᠡᠯᠡᠠ ᠪᠤᠯᠤᠨ ᠵᠡᠷᠭᠡ ᠳᠡᠪᠰᠢᠵᠦ ᠃ 1925 ᠣᠨ  ᠳ᠋ᠤ ᠴᠡᠷᠢᠭ  ᠤᠨ ᠶᠠᠪᠤᠳᠠᠯ  ᠤᠨ ᠮᠡᠶᠢᠷᠡᠨ ᠪᠤᠯᠵᠤ ᠵᠡᠷᠭᠡ ᠳᠠᠪᠰᠢᠭᠰᠠᠨ ᠪᠠᠶᠢᠨ᠎ᠠ᠃
    ᠭᠠᠳᠠ ᠮᠡᠢᠢᠷᠡᠨ ᠴᠡᠷᠢᠭ ᠵᠠᠬᠢᠷᠬᠤ  ᠳ᠋ᠠᠭᠠᠨ ᠭᠠᠷᠮᠠᠭᠠᠶ ᠂ ᠴᠡᠷᠢᠭ  ᠤᠨ ᠴᠠᠭᠠᠵᠠ ᠬᠠᠲᠠᠭᠤ ᠃ 1926 ᠣᠨ  ᠤ ᠡᠪᠦᠯ ᠂ ᠬᠠᠮᠠᠭᠠᠯᠠᠬᠤ ᠠᠩᠭᠢ ᠡᠪᠦᠯ ᠦᠨ ᠬᠤᠪᠴᠠᠰᠤ ᠰᠣᠯᠢᠬᠤ ᠦᠶ᠎ᠡ  ᠳ᠋ᠤ ᠂ ᠬᠠᠮᠢᠶᠠᠷᠤᠭᠴᠢ ᠪᠣᠯᠤᠨ ᠬᠡᠳᠦᠨ ᠵᠢᠵᠢᠭ ᠲᠦᠷᠦᠭᠦᠦ ᠨᠢ ᠠᠯᠪᠠᠨ  ᠤ ᠵᠣᠭᠣᠰ  ᠢᠶᠠᠷ ᠬᠥᠮᠦᠨ ᠪᠦᠷᠢ  ᠳ᠋ᠤ ᠨᠢᠭᠡ ᠨᠠᠷᠢᠨ ᠨᠤᠤᠰᠤᠳᠤ ᠬᠤᠪᠴᠠᠰᠤ  ᠬᠢᠯᠭᠡᠬᠦ ᠭᠡᠵᠦ ᠤᠷᠤᠯᠳᠤᠵᠤ ᠪᠠᠶᠢᠬᠤ ᠦᠶ᠎ᠡ ᠳ᠋ᠦ ᠂ ᠭᠠᠳᠠ ᠮᠡᠢᠢᠷᠡᠨ ᠣᠯᠵᠤ ᠮᠡᠳᠡᠭᠡᠳ ᠂ ᠲᠡᠷᠡ ᠳᠠᠷᠤᠶ  ᠳ᠋ᠤ ᠨᠢᠬᠣᠷᠢᠭᠯᠠᠨ ᠵᠤᠭᠰᠤᠭᠠᠭᠰᠠᠨ ᠪᠠᠶᠢᠳᠠᠭ ᠃ ᠲᠡᠳᠡ ᠴᠡᠷᠢᠭ  ᠤᠨ ᠬᠤᠸᠠᠷᠠᠨ ᠳ᠋ᠤ ᠵᠣᠭᠣᠰ ᠨᠠᠭᠠᠳᠬᠤ ᠳ᠋ᠤ ᠮᠦᠨ ᠭᠠᠳᠠ ᠮᠡᠢᠢᠷᠡᠨ ᠬᠣᠷᠢᠭᠯᠠᠨ  ᠵᠤᠭᠰᠤᠭᠠᠭᠰᠠᠨ ᠶᠤᠮ ᠃
    1927 ᠤᠨ ᠤ ᠴᠠᠭᠠᠨ ᠰᠠᠷ᠎ᠠ ᠂ ᠬᠣᠰᠢᠭᠤ ᠸᠠᠩ  ᠤᠨ ᠤᠷᠳᠤᠨ ᠲᠠᠮᠠᠭ᠎ᠠ ᠭᠡᠷᠡᠭᠯᠡᠬᠦ ᠶᠣᠰᠣᠯᠠᠯ ᠶᠠᠪᠤᠭᠳᠠᠭᠤᠯᠵᠤ ᠪᠠᠶᠢᠬᠤ ᠳᠤ᠂ ᠬᠠᠮᠢᠶᠠᠷᠤᠭᠴᠢ ᠰᠣᠳᠦ ᠪᠠ ᠵᠣ ᠸᠠᠨ ᠳ᠋ᠠ ᠵᠡᠷᠭᠡ ( 10 ᠨᠡᠷ᠎ᠡ ᠴᠡᠷᠢᠭ ᠤᠨ ᠲᠦᠷᠦᠭᠦᠦ ᠶ᠋ᠢ ᠳᠠᠭᠠᠭᠤᠯᠤᠨ) ᠭᠠᠳᠠ ᠮᠡᠢᠢᠷᠡᠨ ᠢ ᠴᠡᠷᠢᠭ  ᠤᠨ ᠵᠠᠷᠤᠳᠠᠯ ᠢ ᠱᠠᠮᠰᠢᠭᠰᠠᠨ ᠭᠡᠵᠦ ᠵᠠᠭᠠᠯᠳᠤᠭᠰᠠᠨ ᠪᠠᠶᠢᠨ᠎ᠠ᠃  ᠳᠡᠮᠡᠢ ᠤᠳᠠᠯ ᠦᠭᠡᠢ ᠭᠠᠳᠠ ᠮᠡᠢᠢᠷᠡᠨ ᠪᠠᠰᠠ ᠦᠨᠡᠨ ᠦᠭᠡ ᠬᠡᠯᠡᠵᠦ ᠬᠠᠳᠦᠠ ᠤ ᠬᠢᠯᠢᠩ  ᠢ ᠲᠥᠷᠥᠭᠦᠯᠦᠭᠰᠡᠨ ᠪᠠᠶᠢᠨ᠎ᠠ ᠃ ᠢᠩᠬᠢᠭᠦᠯᠡᠷ ᠸᠠᠩ ᠨᠣᠶᠠᠨ ᠡᠴᠡ ᠭᠠᠳᠠ  ᠶ᠋ᠢᠨ ᠴᠡᠷᠢᠭ  ᠤᠨ ᠶᠠᠪᠤᠳᠠᠯ  ᠤᠨ ᠮᠡᠶᠢᠷᠡᠨ ᠵᠡᠷᠭᠡ ᠶ᠋ᠢ ᠬᠦᠴᠦᠨ ᠦᠭᠡᠢ ᠪᠤᠯᠭᠠᠭᠰᠠᠨ ᠪᠠᠶᠢᠨ᠎ᠠ  ᠃
    ᠰᠢᠨ᠎ᠡ ᠲᠤᠰᠢᠶᠠᠯ  ᠳ᠋ᠦ ᠭᠠᠷᠤᠭᠰᠠᠨ ᠴᠡᠷᠢᠭ  ᠤᠨ ᠶᠠᠪᠤᠳᠠᠯ  ᠤᠨ ᠮᠡᠶᠢᠷᠡᠨ ᠸᠠᠩ ᠰᠢᠶᠠᠩ ᠯᠢᠨ ᠳᠤᠷ᠎ᠠ ᠲᠠᠪᠠ ᠪᠠᠷ  ᠢᠶ᠋ᠡᠨ ᠠᠭᠠᠰᠢᠯᠠᠵᠤ ᠂ ᠵᠠᠩ ᠽᠦᠸᠸ ᠯᠢᠨ ᠶᠡᠬᠡ ᠵᠣᠸᠠᠨᠱᠤᠸᠢ ᠶᠢ ᠲᠤᠰᠠᠯᠠᠬᠤ ᠪᠠᠷ ᠰᠢᠯᠲᠠᠭ ᠪᠤᠯᠭᠠᠵᠤ ᠬᠤᠰᠢᠭᠤᠨ ᠤ ᠰᠢᠳᠠᠷ ᠴᠡᠷᠢᠭ ᠦᠨ ᠠᠩᠬᠢ ᠶ᠋ᠢ ᠳ᠋ᠠ ᠯᠢᠨ ᠦ ᠦᠷᠲᠡᠭᠡᠨ ᠳ᠋ᠦ ᠠᠪᠠᠭᠠᠴᠢᠭᠰᠠᠨ ᠪᠠᠶᠢᠨ᠎ᠠ᠃ ᠬᠣᠰᠢᠭᠤ ᠬᠠᠮᠠᠭᠠᠯᠠᠬᠤ  ᠴᠡᠷᠢᠭ ᠮᠡᠬᠡᠯᠡᠭᠳᠡᠭᠰᠡᠨ ᠢᠶ᠋ᠡᠨ ᠮᠡᠳᠡᠭᠰᠡᠨ ᠳᠠᠷᠤᠶ ᠢᠬᠠᠨᠳᠤ ᠲᠠᠭᠠᠨ ᠵᠠᠶᠢᠯᠠᠭᠰᠠᠨ ᠪᠠᠶᠢᠨ᠎ᠠ ᠃ ᠸᠠᠩ  ᠤᠨ ᠤᠷᠳᠤᠨ ᠤ ᠠᠯᠪᠠᠨ ᠭᠡᠷ ᠡᠴᠠ ᠭᠠᠳᠠ ᠶᠢ ᠡᠭᠡᠭᠦᠯᠦᠨ ᠠᠪᠴᠢᠷᠠᠵᠤ ᠳᠤᠲᠠᠭᠠᠨ ᠤᠷᠭᠤᠭᠰᠠᠨ ᠴᠡᠷᠢᠭ ᠢ ᠡᠭᠡᠬᠦᠯᠦᠨ ᠠᠪᠴᠢᠷᠠᠬᠤ ᠪᠠᠷ ᠲᠤᠭᠲᠠᠭᠰᠠᠨ ᠪᠠᠶᠢᠨ᠎ᠠ ᠃ ᠤᠳᠠᠯ ᠦᠭᠡᠢ ᠂ ᠸᠠᠩ ᠨᠣᠶᠠᠨ ᠡᠴᠡ ᠭᠠᠳᠠ ᠶ᠋ᠢᠨ ᠮᠡᠶᠢᠷᠡᠨ ᠵᠡᠷᠭᠡ ᠶ᠋ᠢ ᠰᠡᠷᠭᠦᠭᠡᠵᠠᠢ᠃ ᠸᠠᠩ ᠰᠢᠶᠠᠩ ᠯᠢᠨ ᠡᠴᠡ ᠬᠡᠷᠡᠭ ᠨᠥᠮᠥᠷᠭᠡᠨ ᠭᠠᠳᠠ ᠮᠡᠢᠢᠷᠡᠨ ᠢ ᠬᠤᠤᠷᠯᠠᠵᠦ ᠂ ᠭᠢᠨᠳᠠᠨ  ᠳ᠋ᠤ ᠤᠷᠤᠭᠤᠯᠵᠠᠢ᠃ ᠭᠠᠳᠠ ᠶ᠋ᠢᠨ ᠡᠬᠡᠨᠡᠷ ᠬᠠᠷᠢᠴᠠᠭ᠎ᠠ ᠨᠡᠪᠲᠡᠷᠡᠭᠦᠯᠵᠦ ᠭᠠᠳᠠ ᠢᠶᠠᠨ ᠠᠪᠤᠷᠠᠨ  ᠭᠠᠷᠭᠠᠭᠰᠠᠨ ᠶᠤᠮ ᠃
    1928 ᠣᠨ  ᠳ᠋ᠤ᠂ ᠴᠡᠷᠢᠭ  ᠤᠨ ᠡᠷᠬᠡᠲᠡᠨ ᠵᠠᠩ ᠽᠦᠸᠧ ᠯᠢᠨ ᠮᠣᠩᠭᠣᠯ ᠬᠣᠰᠢᠭᠤᠨ ᠤ ᠭᠠᠵᠠᠷ ᠰᠢᠷᠣᠶ ᠶ᠋ᠢ ᠡᠵᠡᠷᠬᠡᠪᠡ᠃ ᠳᠠᠷᠬᠠᠨ ᠬᠠᠰᠢᠭᠤᠨ ᠤ ᠲᠤᠢᠷᠪᠡᠠ ᠤ ᠭᠤᠷᠪᠠᠨ ᠬᠤᠪᠢ ᠶ᠋ᠢᠨ ᠭᠠᠵᠠᠷ ᠰᠢᠷᠤᠢ ᠨᠢ ᠠᠲᠠᠷ ᠬᠠᠭᠠᠯᠪᠦᠷᠢᠯᠠᠭᠳᠠᠨ ᠂ ᠮᠠᠯᠵᠢᠯ ᠤᠨ ᠲᠠᠯᠠᠪᠠᠢ ᠪᠠᠭᠠᠰᠴᠤ ᠂ ᠮᠠᠯᠴᠢᠳ ᠭᠠᠵᠠᠷ ᠦᠭᠡᠶ ᠡᠴᠠ ᠪᠤᠯᠵᠤ ᠠᠷᠭ᠎ᠠ ᠪᠤᠰᠤ ᠨᠤᠲᠤᠭ ᠤᠰᠤ ᠡᠴᠠ ᠪᠠᠨ ᠰᠠᠯᠪᠠ ᠃ ᠭᠠᠳᠠ ᠮᠡᠢᠢᠷᠡᠨ ᠭᠠᠵᠠᠷ ᠰᠢᠷᠤᠢ ᠶ᠋ᠢᠨ ᠶᠠᠪᠤᠳᠠᠯ  ᠤᠨ ᠲᠤᠪᠴᠢᠶᠠᠨ ᠳ᠋ᠤ ᠬᠦᠷᠴᠦ ᠤᠯᠠᠨᠲᠠ ᠠᠲᠠᠷ ᠬᠠᠭᠠᠯᠪᠦᠷᠢᠯᠠᠬᠤ ᠶ᠋ᠢ ᠡᠰᠡᠷᠭᠦᠴᠡᠭᠰᠡᠨ ᠡᠴᠡ ᠲᠤᠰᠢᠶᠠᠯ ᠡᠴᠠ ᠪᠠᠨ ᠤᠭᠴᠠᠷᠠᠭᠳᠠᠪᠠ ᠃
    1929 ᠣᠨ  ᠳ᠋ᠦ ᠂ ᠳᠠᠷᠬᠠᠨ ᠬᠣᠰᠢᠭᠤᠨ  ᠤ ᠤᠯᠠᠠ ᠲᠦᠮᠡᠨ ᠡᠴᠠ ᠭᠠᠳᠠ ᠂ ᠵᠠᠩ ᠰᠸᠷᠠᠩᠨᠢᠮ᠎ᠠ ᠂ ᠬᠠᠨ ᠰᠸᠩᠭᠡᠰᠸᠩᠷᠦᠪ ᠢᠶᠠᠷ ᠲᠣᠯᠤᠭᠠᠶᠢᠯᠠᠭᠤᠯᠤᠭᠰᠠᠨ 60 ᠲᠥᠯᠥᠭᠡᠯᠡᠭᠴᠢ ᠢ ᠰᠤᠩᠭᠤᠨ ᠭᠠᠷᠭᠠᠵᠤ ᠹᠸᠡᠭᠲ᠋ᠢᠶᠠᠨ ᠳ᠋ᠤ ᠬᠦᠷᠴᠦ ᠡᠷᠭᠦᠳᠡᠯ ᠭᠠᠷᠭᠠᠪᠠ ᠃ ᠸᠠᠩ ᠨᠣᠶᠠᠨ ᠡᠴᠠ ᠤᠷᠢᠳᠠᠪᠠᠷ ᠠᠭᠤᠯᠵᠠᠬᠤ ᠶ᠋ᠢ ᠲᠠᠪᠴᠢᠵᠦ ᠪᠠᠶᠢᠭᠰᠠᠨ ᠪᠤᠯ ᠰᠡᠭᠦᠯᠡᠷ ᠨᠢ ᠠᠰᠢᠭ ᠢᠶᠠᠷ ᠲᠠᠳᠠᠵᠦ ᠰᠦᠷᠳᠡᠭᠦᠯᠦᠯ ᠶᠠᠪᠤᠭᠤᠯᠤᠭᠰᠠᠨ ᠪᠠᠶᠢᠨ᠎ᠠ ᠃ ᠭᠤᠶᠤᠴᠢᠯᠠᠬᠤ ᠪᠦᠯᠬᠦᠮ ᠡᠴᠠ《 ᠳᠤᠭᠤᠶᠢᠯᠠᠩ 》 ᠦᠨ ᠨᠡᠷ᠎ᠡ ᠬᠠᠮᠲᠤᠷᠠᠭᠰᠠᠨ ᠡᠷᠭᠦᠳᠡᠯ ᠤᠨ ᠪᠢᠴᠢᠭ ᠡᠷᠭᠦᠵᠦ ᠂ ᠠᠲᠠᠷ ᠬᠠᠭᠠᠯᠪᠤᠷᠢᠯᠠᠬᠤ ᠶ᠋ᠢ ᠡᠷᠡᠰ ᠡᠰᠡᠷᠭᠦᠴᠡᠭᠰᠡᠨ ᠪᠠᠶᠢᠨ᠎ᠠ᠃ ᠳᠠᠷᠬᠠᠨ ᠸᠠᠩ ᠪᠣᠯᠤᠨ ᠹᠸᠡᠭᠲ᠋ᠢᠶᠠᠨ ᠤ ᠴᠡᠷᠢᠭ  ᠤᠨ ᠡᠷᠬᠡᠲᠡᠨ  ᠤ ᠬᠤᠤᠪᠢᠯᠳᠤᠵᠤ ᠂ ᠮᠤᠵᠢ ᠶ᠋ᠢᠨ ᠴᠠᠭᠳᠠᠭᠠᠨ ᠦ ᠲᠢᠩᠬᠢᠮ ᠡᠴᠡ ᠭᠠᠳᠠ ᠵᠡᠷᠭᠡ ᠪᠡᠷ ᠭᠤᠶᠤᠴᠢᠯᠠᠬᠤ ᠪᠦᠯᠬᠦᠮ ᠤᠨ ᠲᠦᠷᠦᠭᠦᠯᠦᠭᠰᠡᠨ 4 ᠬᠥᠮᠦᠨ  ᠢ ᠪᠠᠷᠢᠪᠴᠢᠯᠠᠪᠠ ᠂ ᠳᠠᠷᠠᠭ᠎ᠠ ᠨᠢ ᠳᠠᠷᠬᠠᠨ ᠸᠠᠩ  ᠤᠨ ᠬᠤᠷᠢᠶᠠᠨ ᠳ᠋ᠤ ᠠᠪᠠᠭᠠᠴᠢᠨ ᠬᠤᠷᠢᠭᠰᠠᠨ ᠪᠠᠶᠢᠨ᠎ᠠ ᠃ ᠸᠠᠩ ᠨᠣᠶᠠᠨ ᠡᠴᠠ ᠭᠠᠳᠠ ᠨᠢᠭᠤᠴᠠ ᠪᠠᠷ ᠬᠢᠲᠤᠭᠠᠯᠠᠨ ᠠᠯᠠᠬᠤ ᠭᠡᠰᠡᠨ ᠳ᠋ᠦ ᠭᠠᠳᠠ ᠶ᠋ᠢᠨ ᠡᠬᠡᠨᠡᠷ  ᠨᠢ ᠰᠠᠳᠤᠨ ᠲᠦᠷᠦᠯ ᠨᠠᠶᠢᠵᠠ ᠨᠦᠬᠦᠳ ᠲᠠᠢ ᠬᠠᠮᠳᠤ ᠪᠠᠷ ᠭᠠᠳᠠ ᠶ᠋ᠢ ᠭᠢᠨᠳᠠᠨ ᠡᠴᠡ ᠠᠪᠤᠷᠠᠨ ᠭᠠᠷᠭᠠᠭᠰᠠᠨ ᠪᠠᠶᠢᠨ᠎ᠠ ᠃
    ᠭᠢᠨᠳᠠᠨ ᠡᠴᠠ ᠭᠠᠷᠤᠭᠰᠠᠨ ᠤ ᠳᠠᠷᠠᠭ᠎ᠠ ᠂ ᠭᠠᠳᠠ ᠡᠴᠠ ᠲᠦᠷᠦᠯ ᠰᠠᠳᠤᠨ ᠨᠠᠶᠢᠵᠠ ᠨᠥᠬᠥᠳ  ᠲᠠᠢ ᠪᠠᠨ ᠵᠥᠪᠳᠡᠯᠴᠡᠨ ᠠᠲᠠᠷ ᠬᠠᠭᠠᠯᠪᠦᠷᠢᠯᠠᠬᠤ ᠶ᠋ᠢ ᠡᠰᠡᠷᠭᠦᠴᠡᠬᠦ ᠪᠤᠰᠤᠯᠭ᠎ᠠ ᠭᠠᠷᠭᠠᠬᠤ ᠪᠠᠷ
ᠲᠤᠭᠲᠠᠵᠠᠢ᠃  ᠤᠯᠠᠨ ᠢᠶᠠᠷ ᠢᠶᠡᠨ ᠭᠠᠳᠠ ᠶ᠋ᠢ ᠬᠦᠷᠢᠶᠡᠯᠡᠨ ᠂ ᠪᠣᠰᠣᠯᠭ᠎ᠠ  ᠤᠨ ᠴᠡᠷᠢᠭ ᠤᠨ ᠤᠷᠢᠶ᠎ᠠ ᠨᠢ ᠳᠠᠷᠤᠢ《 ᠬᠡᠮᠵᠢᠯᠲᠡ ᠶ᠋ᠢᠨ ᠲᠣᠪᠴᠢᠶ᠎ᠠ ᠢ ᠴᠤᠬᠢᠨ ᠤᠨᠠᠭᠠᠵᠤ᠂ ᠠᠷᠠᠳ  ᠤᠨ ᠡᠳ᠋ ᠬᠦᠷᠦᠩᠭᠡ  ᠶ᠋ᠢ ᠦᠯᠦ ᠪᠤᠯᠢᠶᠠᠬᠤ 》 ᠪᠤᠯᠤᠨ᠎ᠠ ᠃
    1930 ᠣᠨ  ᠤ ᠨᠠᠮᠤᠷ ᠂ ᠪᠣᠰᠣᠯᠭ᠎ᠠ  ᠶ᠋ᠢᠨ ᠡᠩᠨᠡᠭᠡᠬᠦᠭᠵᠢᠭᠡᠳ 1200 ᠭᠠᠷᠤᠶ ᠬᠦᠮᠦᠨ ᠲᠠᠢ ᠪᠤᠯᠵᠠᠢ ᠃ ᠬᠡᠳᠦᠨ ᠤᠳᠠᠭᠠᠨ ᠤ ᠠᠶᠠᠨ ᠳᠠᠶᠢᠨ ᠬᠢᠬᠦ ᠪᠠᠷ ᠳᠠᠮᠵᠢᠨ ᠠᠲᠠᠷ ᠬᠠᠭᠠᠯᠪᠤᠷᠢᠯᠠᠬᠤ ᠲᠤᠪᠴᠢᠶᠠᠨ ᠤ ᠨᠣᠶᠠᠳ ᠪᠣᠯᠤᠨ ᠸᠠᠩ ᠭᠦᠩ  ᠤᠨ ᠬᠦᠴᠦᠨ ᠢ ᠴᠤᠬᠢᠨ ᠪᠠᠭᠤᠷᠠᠭᠤᠯᠤᠭᠰᠠᠨ ᠪᠠᠶᠢᠨ᠎ᠠ ᠃ ᠳᠠᠷᠬᠠᠨ ᠸᠠᠩ ᠡᠴᠠ ᠵᠡᠭᠦᠨ ᠬᠣᠶᠢᠲᠤ ᠣᠷᠣᠨ ᠤ ᠭᠤᠷᠪᠠᠨ ᠮᠤᠵᠢ  ᠶ᠋ᠢᠨ ᠴᠡᠷᠢᠭ  ᠤᠨ ᠡᠷᠬᠡᠲᠡᠨ ᠢ ᠬᠦᠷᠦᠯᠴᠡᠨ ᠢᠷᠡᠵᠦ ᠪᠦᠰᠡᠯᠡᠨ ᠳᠠᠭᠠᠷᠢᠬᠤ ᠶ᠋ᠢ ᠭᠤᠶᠤᠴᠢᠯᠠᠭᠰᠠᠨ ᠪᠠᠶᠢᠨ᠎ᠠ᠃ ᠰᠡᠭᠦᠯᠡᠷ ᠨᠢ ᠪᠠᠰᠠ ᠺᠠᠶᠢᠯᠦ ᠳ᠋ᠤ ᠰᠠᠭᠤᠭ᠎ᠠ ᠠᠷᠪᠠᠨ ᠳᠣᠯᠣᠳᠤᠭᠠᠷ ᠪᠠᠷᠢᠭᠠᠳᠠ ᠶᠢᠨ ᠯᠢ ᠱᠧᠤ ᠰᠢᠨ ᠤ ᠬᠣᠷᠢᠶ᠎ᠠ ᠂ ᠲᠤᠤᠨᠠᠨ ᠤ ᠵᠠᠩ ᠴᠣᠬᠣᠷ ᠤᠨ ᠪᠦᠯᠦᠭ᠂ ᠯᠢᠶᠣᠤᠨᠢᠩ ᠤᠨ ᠶᠠᠮᠤᠨ ᠵᠢᠴᠢ ᠲᠦᠩᠯᠢᠶᠣᠤ ᠳ᠋ᠦ ᠰᠠᠭᠤᠭ᠎ᠠ ᠴᠡᠷᠢᠭ ᠪᠣᠯᠤᠨ ᠬᠣᠰᠢᠭᠤ ᠬᠠᠮᠠᠭᠠᠯᠠᠬᠤ ᠠᠩᠭᠢ ᠶ᠋ᠢᠨ 4000 ᠭᠠᠷᠤᠶ ᠬᠥᠮᠦᠨ ᠢ ᠰᠢᠯᠵᠢᠭᠦᠯᠦᠨ ᠠᠪᠴᠢᠷᠠᠵᠤ ᠪᠣᠰᠣᠯᠭ᠎ᠠ  ᠶ᠋ᠢᠨ ᠴᠡᠷᠢᠭ  ᠲᠤ ᠪᠦᠰᠡᠯᠡᠨ ᠨᠡᠬᠡᠮᠵᠢᠯᠡᠯᠲᠡ ᠬᠢᠭᠰᠡᠨ ᠪᠠᠶᠢᠨ᠎ᠠ ᠃  ᠶᠡᠬᠡ ᠪᠠᠭ᠎ᠠ 20 ᠭᠠᠷᠤᠶ ᠤᠳᠠᠭ᠎ᠠ ᠶᠢᠨ ᠪᠠᠶᠢᠯᠳᠤᠭᠠᠨ ᠢᠶᠠᠷ ᠳᠠᠮᠵᠢᠵᠤ ᠂ ᠪᠣᠰᠣᠯᠭ᠎ᠠ  ᠶ᠋ᠢᠨ ᠴᠡᠷᠢᠭ  ᠤᠨ ᠭᠣᠣᠯ ᠪᠤᠯᠬᠤ ᠬᠦᠴᠦᠨ ᠤ ᠣᠯᠠᠩᠬᠢ ᠨᠢ ᠪᠡᠶ᠎ᠡ ᠦᠷᠡᠭᠳᠡᠪᠡ ᠃ 1931 ᠤ ᠡᠬᠢᠨ ᠬᠦᠷᠴᠦ ᠢᠷᠡᠭᠡᠳ᠂  ᠪᠤᠰᠤᠯᠭ᠎ᠠ ᠶ᠋ᠢᠨ ᠴᠡᠷᠢᠭ ᠨᠢ 200 ᠭᠠᠷᠤᠶ ᠬᠥᠮᠦᠨ ᠯᠡ ᠦᠯᠡᠳᠡᠭᠰᠡᠨ ᠪᠠᠶᠢᠵᠠᠶ ᠃ ᠲᠦᠯᠢᠶᠠᠨᠮᠣᠳᠦ ᠶ᠋ᠢᠨ ᠪᠦᠰᠡᠯᠡᠯᠲᠡ  ᠶ᠋ᠢ ᠰᠢᠪᠲᠤᠯᠤᠭᠰᠠᠨ ᠤ ᠳᠠᠷᠠᠭ᠎ᠠ ᠂ ᠭᠠᠳᠠ ᠮᠡᠢᠢᠷᠡᠨ ᠤ ᠳᠤᠤᠷᠠᠬᠢ ᠴᠡᠷᠢᠭ ᠨᠢ 80 ᠭᠠᠷᠤᠶ  ᠬᠦᠮᠦᠨᠯᠠ ᠦᠯᠡᠳᠡᠵᠦ᠂ ᠠᠬᠤᠶ ᠪᠠᠶᠢᠳᠠᠯ ᠲᠤᠶᠢᠯ ᠤᠨ ᠬᠦᠴᠢᠷ ᠪᠠᠶᠢᠳᠠᠯ ᠳ᠋ᠤ ᠤᠷᠤᠭᠰᠠᠨ ᠪᠠᠶᠢᠨ᠎ᠠ ᠃
    ᠭᠠᠳᠠ ᠬᠥᠮᠦᠨ ᠲᠣᠮᠢᠯᠠᠨ ᠺᠠᠶᠢᠯᠤ ᠰᠢᠶᠠᠨ ᠤ ᠭᠤᠤ ᠰᠢᠶᠠᠨ ᠤ  ᠳᠠᠷᠤᠭ᠎ᠠ ᠳ᠋ᠤ ᠴᠢᠮᠡᠭᠡ ᠶᠠᠪᠤᠭᠤᠯᠵᠤ ᠂ ᠲᠡᠭᠦᠨ ᠢ ᠬᠤᠶᠠᠷ ᠡᠳᠦᠷ  ᠤᠨ ᠳᠣᠲᠣᠷ᠎ᠠ ᠲᠦᠮᠡᠨ ᠰᠤᠮᠤ  ᠬᠦᠷᠭᠡᠵᠦ ᠢᠷᠡᠬᠦ ᠬᠡᠷᠡᠭᠲᠡᠢ ᠭᠡᠵᠦ ᠱᠠᠭᠠᠷᠳᠠᠨ᠂ ᠡᠭᠦᠨ ᠢᠶ᠋ᠡᠷ ᠶᠠᠪᠤᠬᠤ ᠦᠭᠡᠢ ᠪᠤᠯ ᠺᠠᠶᠢᠯᠤ ᠳ᠋ᠤ ᠳᠠᠭᠠᠷᠢᠨ ᠤᠷᠤᠬᠤ ᠪᠠᠷ ᠱᠠᠭᠠᠷᠳᠠᠭᠰᠠᠨ ᠪᠠᠶᠢᠨ᠎ᠠ ᠃ ᠭᠤᠤ ᠰᠢᠶᠠᠨ ᠤ ᠳᠠᠷᠤᠭ᠎ᠠ ᠨᠢᠭᠤᠷ ᠳᠡᠭᠡᠷ᠎ᠡ ᠪᠡᠨ ᠬᠦᠯᠢᠶᠡᠨ ᠠᠪᠤᠭᠰᠠᠨ ᠪᠤᠯᠪᠠᠴᠦ ᠬᠠᠷᠢᠨ ᠳᠠᠯᠠᠳᠡ  ᠪᠠᠷ  ᠪᠦᠰᠡᠯᠡᠯᠲᠡ ᠶ᠋ᠢᠨ ᠴᠡᠷᠢᠭ ᠲᠦ ᠮᠡᠳᠡᠭᠡ ᠬᠦᠷᠭᠡᠵᠦ ᠦᠭᠭᠦᠭᠰᠡᠨ ᠪᠠᠶᠢᠨ᠎ᠠ᠃  ᠪᠦᠰᠡᠯᠡᠯᠲᠡ ᠶ᠋ᠢᠨ ᠴᠡᠷᠢᠭ ᠠᠩᠬᠢ ᠨᠢ ᠮᠤᠳᠤᠬᠤᠸ᠎ᠠ ᠰᠦᠮ᠎ᠡ ᠳ᠋ᠤ ᠪᠦᠭᠭᠦᠯᠲᠡ ᠲᠠᠯᠪᠢᠵᠦ᠂ ᠪᠣᠰᠣᠯᠭ᠎ᠠ  ᠶ᠋ᠢᠨ ᠴᠡᠷᠢᠭ ᠨᠢ ᠬᠠᠪᠴᠢᠭᠳᠠᠯ ᠳ᠋ᠤ ᠤᠴᠠᠷᠠᠵᠠᠢ᠃ ᠦᠬᠦᠵᠤ ᠰᠡᠭᠡᠬᠦ  ᠶ᠋ᠢᠨ ᠪᠠᠶᠢᠯᠳᠤᠭᠠᠨ ᠢᠶ᠋ᠡᠷ ᠳᠠᠮᠵᠢᠭᠠᠳ ᠂ ᠭᠠᠳᠠ ᠤ  ᠴᠡᠷᠢᠭ ᠦᠨ 30 ᠭᠠᠷᠤᠶ ᠬᠦᠮᠦᠨ ᠯᠡ ᠠᠮᠢᠳᠤ ᠭᠠᠷᠤᠭᠰᠠᠨ ᠪᠠᠶᠢᠨ᠎ᠠ ᠃ 1931 ᠤᠨ ᠤ 4 ᠰᠠᠷ᠎ᠠ ᠶ᠋ᠢᠨ 9 ᠦ ᠡᠳᠦᠢ᠂ ᠭᠠᠳᠠ ᠠᠮᠢᠳᠤ ᠭᠠᠷᠤᠭᠰᠠᠨ ᠬᠡᠳᠦᠬᠡᠨ ᠬᠦᠮᠦᠨ ᠢᠶ᠋ᠡᠨ ᠳᠠᠭᠠᠭᠤᠯᠵᠤ ᠠᠷᠤ ᠮᠠᠩᠬ᠎ᠠ ᠶ᠋ᠢ ᠲᠤᠭᠤᠯᠤᠨ ᠭᠠᠷᠴᠤ᠂ ᠱᠸᠠᠪᠠᠷᠳᠦ ᠶ᠋ᠢᠨ ᠣᠷᠴᠢᠮ  ᠤᠨ ᠰᠢᠨ ᠺᠠᠶ ᠾᠧ ᠭᠣᠣᠯ  ᠤᠨ ᠬᠣᠶᠢᠲᠤ ᠬᠣᠩᠭᠣᠷ ᠣᠪᠣᠭ᠎ᠠ ᠶ᠋ᠢᠨ ᠣᠯᠣᠮ ᠬᠦᠷᠴᠦ ᠂ ᠭᠣᠣᠯ ᠭᠡᠲᠦᠯᠦᠨ ᠡᠮᠦᠨᠡᠰᠢ ᠶᠠᠪᠤᠬᠤ ᠪᠠᠷ ᠪᠡᠯᠡᠳᠭᠡᠵᠦ ᠪᠠᠶᠢᠵᠠᠢ᠃ ᠡᠨᠡ ᠦᠶ᠎ᠡ ᠳ᠋ᠦ ᠶᠠᠭ ᠰᠠᠶᠢᠬᠠᠨ ᠴᠠᠰᠤ ᠮᠦᠰᠦ ᠬᠠᠶᠢᠯᠬᠤ ᠴᠠᠭ ᠲᠤᠬᠢᠶᠠᠯᠳᠤᠵᠤ᠂ ᠮᠦᠰᠦᠨ ᠪᠥᠭᠡᠮ ᠤᠷᠤᠰᠬᠠᠯ ᠳᠠᠭᠠᠤ ᠤᠷᠤᠬᠰᠢᠯᠠᠵᠤ᠂  ᠬᠤᠶᠢᠨ᠎ᠠ ᠨᠢ ᠪᠠᠰᠠ ᠲᠡᠳᠡᠨ ᠢ ᠴᠡᠷᠢᠭ ᠨᠡᠬᠡᠮᠵᠢᠯᠡᠵᠦ ᠪᠠᠶᠢᠭᠰᠠᠨ ᠪᠠᠶᠢᠵᠠᠢ ᠃ ᠭᠠᠳᠠ ᠡᠴᠠ ᠠᠯᠪᠠ ᠪᠠᠷ ᠭᠣᠣᠯ ᠭᠠᠲᠤᠯᠬᠤ ᠵᠠᠷᠯᠢᠭ  ᠪᠠᠭᠤᠯᠭᠠᠨ ᠂  ᠭᠠᠳᠠ ᠂ ᠪᠠᠪᠦᠦ ᠰᠡᠯᠡᠩᠭᠡ ᠡᠴᠡ  ᠬᠠᠮᠠᠭᠠᠯᠠᠨ ᠭᠠᠷᠭᠠᠬᠤ ᠪᠠᠷ ᠲᠤᠭᠲᠠᠵᠠᠢ ᠃ ᠭᠠᠳᠠ  ᠪᠠᠪᠦᠦ ᠪᠤᠯᠤᠨ ᠰᠡᠯᠡᠩᠭᠡ ᠶ᠋ᠢᠨ ᠬᠠᠮᠠᠭᠠᠯᠠᠯ ᠳᠣᠣᠷ᠎ᠠ ᠭᠤᠤᠯ ᠭᠠᠲᠤᠯᠵᠦ ᠂ ᠪᠠᠶᠢᠯᠳᠤᠬᠤ  ᠶ᠋ᠢᠨ ᠳᠠᠭᠠᠤ ᠤᠬᠤᠷᠢᠵᠤ ᠂ ᠵᠣᠯ ᠪᠤᠰᠤ ᠪᠠᠷ ᠰᠤᠮᠤᠨ ᠳᠤ ᠳᠠᠭᠠᠷᠢᠭᠳᠠᠵᠤ ᠪᠡᠶ᠎ᠡ ᠦᠷᠡᠭᠳᠡᠪᠡ ᠃


ᠵᠣᠬᠢᠶᠠᠭᠴᠢ:
ᠢᠷᠡᠯᠲᠡ: