ᠹᠦ᠋ ᠽᠦᠸᠸ ᠢ

  2019-09-15

6367703971495554165241616.jpg


    ᠹᠦ᠋ ᠽᠦᠸᠸ ᠢ (1895 ︱1974 )  ᠂ ᠡᠷᠭᠦᠭᠰᠡᠨ ᠨᠡᠷ᠎ᠡ ᠨᠢᠢ ᠱᠧᠩ ᠂ 1895 ᠣᠨ  ᠳ᠋ᠤ ᠲᠦᠷᠦᠵᠦ ᠂ ᠱᠠᠨ ᠰᠢ ᠮᠤᠵᠢ ᠶ᠋ᠢᠨ ᠷᠦᠩ ᠡᠾᠸ ᠰᠢᠶᠠᠨ ( ᠣᠳᠣ ᠶ᠋ᠢᠨ ᠯᠢᠨ ᠰᠢᠶᠠᠨ ) ᠦ ᠬᠥᠮᠦᠨ ᠃
    ᠴᠠᠭᠠᠭᠴᠢᠨ ᠭᠠᠬᠠᠶ ᠵᠢᠯ ᠤᠨ ᠬᠤᠪᠢᠰᠬᠠᠯ  ᠤᠨ ᠦᠢ᠎ᠡ ᠳ᠋ᠤ ᠂ ᠲᠠᠶᠢᠶᠤᠸᠠᠨ ᠤ ᠪᠣᠰᠣᠯᠭ᠎ᠠ ᠳ᠋ᠦ ᠣᠷᠣᠯᠴᠠᠵᠤ ᠂ ᠰᠣᠷᠣᠭᠴᠢ  ᠶ᠋ᠢᠨ ᠴᠡᠷᠢᠭ  ᠤᠨ ᠰᠠᠯᠠᠭᠠᠨ ᠳᠠᠷᠤᠭ᠎ᠠ ᠪᠠᠶᠢᠪᠠ ᠃ 1913 ᠣᠨ ᠳ᠋ᠤ ᠪᠡᠭᠡᠵᠢᠩ  ᠤᠨ ᠴᠢᠩ ᠾᠧ ᠣᠹᠢᠼᠧᠷ ᠤᠨ ᠪᠡᠯᠡᠳᠬᠡᠯ ᠰᠤᠷᠭᠠᠭᠤᠯᠢ ᠡᠴᠠ ᠲᠡᠭᠦᠰᠪᠡ ᠃ 1917 ᠣᠨ ᠳ᠋ᠦ ᠪᠣᠣᠳᠢᠩ ᠤᠨ ᠬᠠᠭᠤᠷᠠᠶ ᠵᠡᠮ  ᠤᠨ ᠴᠡᠷᠢᠭ  ᠤᠨ ᠳᠠᠷᠤᠭ᠎ᠠ ᠶ᠋ᠢᠨ ᠰᠤᠷᠭᠠᠭᠤᠯᠢ ᠡᠴᠡ ᠲᠡᠭᠦᠰᠪᠡ᠃ ᠤᠷᠢᠳ ᠬᠣᠵᠢᠳ  ᠱᠠᠨ ᠰᠢ ᠶ᠋ᠢᠨ ᠴᠡᠷᠢᠭ ᠦᠨ ᠳᠡᠳ᠋ ᠬᠣᠷᠢᠶᠠᠨ ᠳᠠᠷᠤᠭ᠎ᠠ ᠂ ᠪᠠᠲ᠋ᠯᠢᠶᠣᠨ ᠳᠠᠷᠤᠭ᠎ᠠ ᠂ ᠬᠣᠷᠢᠶᠠᠨ ᠳᠠᠷᠤᠭ᠎ᠠ  ᠂ ᠪᠠᠷᠢᠭᠠᠳᠠ ᠶ᠋ᠢᠨ ᠳᠠᠷᠤᠭ᠎ᠠ  ᠂  ᠳ᠋ᠢᠸᠢᠽᠢ ᠶ᠋ᠢᠨ ᠳᠠᠷᠤᠭ᠎ᠠ ᠶ᠋ᠢᠨ ᠲᠤᠰᠢᠶᠠᠯ ᠢ ᠬᠠᠷᠢᠭᠤᠤᠴᠠᠵᠤ ᠪᠠᠶᠢᠵᠠᠢ ᠃ 1927 ᠣᠨ  ᠤ 10 ᠰᠠᠷ᠎ᠠ  ᠳ᠋ᠤ᠂ ᠱᠠᠨ ᠰᠢ ᠶᠢᠨ ᠴᠡᠷᠢᠭ ᠦᠨ ᠡᠷᠭᠡᠲᠡᠨ ᠪᠣᠯᠣᠨ ᠮᠦᠭᠳᠡᠨ ᠦ ᠪᠦᠯᠦᠭ ᠦᠨ ᠴᠡᠷᠢᠭ ᠦᠨ ᠡᠷᠭᠡᠲᠡᠨ ᠦ ᠳᠠᠶᠢᠯᠠᠯᠳᠤᠭᠠᠨ ᠳᠤᠮᠳᠠ ᠂ ᠱᠠᠨ ᠰᠢ ᠮᠤᠵᠢ  ᠶ᠋ᠢᠨ ᠳᠦᠷᠢᠨ ᠤᠷᠤᠭᠰᠢᠯᠠᠬᠤ ᠠᠷᠮᠢ ᠶ᠋ᠢᠨ ᠶᠡᠷᠦᠩᠬᠡᠶ ᠰᠧᠯᠢᠩ ᠤᠨ ᠲᠤᠰᠢᠶᠠᠯ ᠢ ᠬᠠᠷᠢᠭᠤᠴᠠᠵᠤ ᠂ ᠵᠦᠸᠸᠵᠸᠤ ᠶ᠋ᠢ ᠳᠠᠭᠠᠷᠢᠨ ᠠᠪᠤᠭᠰᠠᠨ ᠪᠥᠭᠡᠳ ᠪᠠᠲᠤ ᠰᠠᠬᠢᠭᠰᠠᠨ ᠡᠴᠠ ᠨᠡᠷ᠎ᠡ ᠭᠠᠷᠤᠭᠰᠠᠨ ᠶᠤᠮ ᠃ 1928 ᠣᠨ  ᠤ 1 ᠰᠠᠷ᠎ᠠ  ᠳ᠋ᠤ ᠂ 36 ᠳ᠋ᠤᠭᠠᠷ ᠳ᠋ᠢᠸᠢᠽᠢ  ᠶ᠋ᠢᠨ ᠳ᠋ᠢᠸᠢᠽᠢ  ᠶ᠋ᠢᠨ ᠳᠠᠷᠤᠭ᠎ᠠ ᠶ᠋ᠢᠨ ᠲᠤᠰᠢᠶᠠᠯ ᠢ ᠬᠠᠷᠢᠭᠤᠴᠠᠵᠤ᠂ ᠵᠠᠩ ᠰᠢᠤᠸᠠᠢ ᠯᠢᠶᠠᠩ ᠤᠨ ᠬᠦᠷᠦᠨ ᠢᠶ᠋ᠡᠨ ᠠᠮᠤᠷᠵᠢᠭᠤᠯᠬᠤ ᠴᠡᠷᠢᠭ ᠤᠨ ᠵᠥᠪᠯᠡᠭᠴᠢ ᠪᠤᠯᠵᠠᠢ ᠃ 6 ᠰᠠᠷ᠎ᠠ  ᠳ᠋ᠤ ᠂ ᠢᠷᠭᠡᠨ  ᠤ ᠵᠠᠰᠠᠭ  ᠤᠨ ᠣᠷᠳᠣᠨ  ᠡᠴᠠ ᠲᠡᠭᠦᠨ ᠢ ᠲᠢᠶᠠᠨᠵᠢᠨ  ᠤ ᠰᠡᠷᠭᠡᠶᠢᠯᠡᠨ ᠬᠠᠮᠠᠭᠠᠯᠠᠬᠤ ᠰᠧᠯᠢᠩᠪᠦ᠋  ᠶ᠋ᠢᠨ ᠰᠧᠯᠢᠩ ᠢᠶ᠋ᠡᠷ ᠲᠤᠮᠢᠯᠠᠪᠠ᠃ 1930 ᠣᠨ  ᠳ᠋ᠤ ᠵᠦᠩᠶᠤᠸᠠᠨ  ᠤ ᠶᠡᠬᠡ ᠳᠠᠶᠢᠨ  ᠤ ᠦᠶ᠎ᠡ  ᠳ᠋ᠤ᠂ ᠹᠸᠩ ᠢᠦᠢ ᠰᠢᠶᠠᠩ᠂ ᠶᠠᠨ ᠰᠢ ᠱᠠᠨ ᠤ  ᠲᠠᠯ᠎ᠠ ᠶ᠋ᠢᠨ ᠴᠡᠷᠢᠭ ᠦᠨ 3 ᠳ᠋ᠤᠭᠠᠷ ᠹᠷᠣᠨᠲ᠋  ᠤᠨ ᠵᠡᠭᠦᠨ ᠵᠠᠮ  ᠤᠨ ᠶᠡᠷᠦᠩᠬᠡᠶ ᠵᠢᠯᠤᠭᠤᠳᠤᠭᠴᠢ ᠪᠠᠶᠢᠵᠠᠶ ᠃ 1931 ᠣᠨ  ᠤ 8 ᠰᠠᠷ᠎ᠠ  ᠳ᠋ᠤ 35 ᠳ᠋ᠤᠭᠠᠷ ᠠᠷᠮᠢ  ᠶ᠋ᠢᠨᠠᠷᠮᠢ  ᠶ᠋ᠢᠨ ᠳᠠᠷᠤᠭ᠎ᠠ  ᠪᠠᠶᠢᠵᠦ᠂ ᠰᠦᠢᠶᠤᠸᠠᠨ ᠮᠤᠵᠢ  ᠶ᠋ᠢᠨ ᠵᠠᠰᠠᠭ ᠤᠨ ᠣᠷᠳᠣᠨ  ᠤ ᠣᠷᠣᠯᠠᠭᠴᠢ ᠲᠡᠷᠢᠭᠦᠯᠡᠭᠴᠢ ᠪᠣᠯᠪᠠ ᠃ 12 ᠰᠠᠷ᠎ᠠ ᠪᠣᠯᠲᠠᠯ᠎ᠠ ᠰᠦᠢᠶᠤᠸᠠᠨ ᠮᠤᠵᠢ ᠶ᠋ᠢᠨ ᠵᠠᠰᠠᠭ  ᠤᠨ ᠣᠷᠳᠣᠨ  ᠤ ᠲᠡᠷᠢᠭᠦᠯᠡᠭᠴᠢ ᠂ ᠢᠷᠭᠡᠨ  ᠦ ᠵᠠᠰᠠᠭ  ᠤᠨ ᠣᠷᠳᠣᠨ ᠤ ᠵᠠᠰᠠᠭ ᠶᠠᠪᠤᠭᠤᠯᠬᠤ  ᠬᠤᠷᠢᠶᠠᠨ ᠤ ᠤᠮᠠᠷᠠᠲᠤ ᠶ᠋ᠢᠨ ᠵᠠᠰᠠᠭ  ᠤᠨ ᠶᠠᠪᠤᠳᠠᠯ  ᠤᠨ ᠬᠣᠷᠢᠶᠠᠨ ᠤ ᠭᠡᠰᠢᠭᠦᠨ  ᠪᠠᠶᠢᠪᠠ ᠃
《 ᠶᠢᠰᠦᠨ ᠰᠠᠷ᠎ᠠ  ᠶ᠋ᠢᠨ ᠠᠷᠪᠠᠨ ᠨᠠᠶᠮᠠᠨ 》 ᠦ ᠬᠡᠷᠡᠭ ᠬᠤᠪᠢᠰᠤᠯ  ᠤᠨ ᠲᠠᠷᠠᠭ᠎ᠠ ᠂ ᠴᠡᠷᠢᠭ  ᠢᠶᠡᠨ ᠳᠠᠭᠠᠭᠤᠯᠤᠨ ᠣᠷᠳᠣ ᠴᠠᠭᠠᠨ ᠬᠡᠷᠡᠮ ᠤᠨ ᠶᠠᠫᠣᠨ ᠢ ᠡᠰᠡᠷᠭᠦᠴᠡᠭᠰᠡᠨ ᠲᠠᠶᠢᠨ ᠳᠤ ᠣᠷᠤᠯᠴᠠᠪᠠ ᠃ ᠶᠠᠫᠣᠨ ᠢ ᠡᠰᠡᠷᠭᠦᠴᠡᠬᠦ ᠲᠠᠢᠢᠨ ᠡᠭᠦᠰᠦᠭᠰᠡᠨ ᠦ ᠲᠠᠷᠠᠭ᠎ᠠ ᠂ 2 ᠳ᠋ᠤᠭᠠᠷ ᠪᠠᠶᠢᠯᠳᠤᠭᠠᠨ ᠤ ᠲᠣᠭᠣᠷᠢᠭ ᠤᠨ ᠬᠣᠶᠢᠲᠤ ᠵᠠᠮ ᠤᠨ ᠡᠮᠦᠨ᠎ᠡ ᠹᠷᠣᠨᠲ᠋  ᠤᠨ ᠶᠡᠷᠦᠩᠬᠡᠶ ᠰᠧᠯᠢᠩ ᠪᠥᠭᠡᠳ 35 ᠳ᠋ᠤᠭᠠᠷ ᠠᠷᠮᠠᠢ ᠶᠢᠨ ᠳᠠᠷᠤᠭ᠎ᠠ ᠪᠠᠶᠢᠵᠠᠶ ᠃ ᠡᠷᠭᠢᠯᠳᠦᠭᠡ ᠪᠠᠷ 2 ᠳ᠋ᠤᠭᠠᠷ ᠪᠠᠶᠢᠯᠳᠤᠭᠠᠨ  ᠤ ᠲᠣᠭᠣᠷᠢᠭ  ᠤᠨ 7 ᠳ᠋ᠤᠭᠠᠷ ᠨᠢᠭᠡᠳᠬᠡᠯ ᠠᠷᠮᠢ ᠶ᠋ᠢᠨ ᠶᠡᠷᠦᠩᠬᠡᠶ ᠰᠧᠯᠢᠩ ᠪᠥᠭᠡᠳ 35 ᠳ᠋ᠤᠭᠠᠷ ᠠᠷᠮᠢ ᠶ᠋ᠢᠨ ᠳᠠᠷᠤᠭ᠎ᠠ ᠪᠠᠶᠢᠵᠦ ᠂ ᠰᠢᠨᠺᠸᠤ ᠶ᠋ᠢᠨ ᠳᠠᠶᠢᠯᠠᠯᠳᠤᠭᠠᠨ  ᠳ᠋ᠦ ᠣᠷᠣᠯᠴᠠᠪᠠ ᠃ 1935 ᠣᠨ  ᠤ 11 ᠰᠠᠷ᠎ᠠ  ᠳ᠋ᠤ ᠭᠣᠮᠢᠨᠳᠠᠩ  ᠤᠨ ᠲᠠᠪᠤᠳᠤᠭᠠᠷ ᠬᠤᠭᠤᠴᠠᠭᠠᠨ ᠤ ᠲᠥᠪ ᠬᠣᠷᠢᠶᠠᠨ  ᠤ ᠭᠦᠢᠴᠡᠳᠬᠡᠬᠦ ᠭᠡᠰᠢᠭᠦᠨ ᠪᠠᠶᠢᠪᠠ ᠃ 1939 ᠣᠨ  ᠤ 1 ᠰᠠᠷ᠎ᠠ  ᠳ᠋ᠤ 8 ᠳ᠋ᠤᠭᠠᠷ ᠪᠠᠶᠢᠯᠳᠤᠭᠠᠨ  ᠤ ᠲᠣᠭᠣᠷᠢᠭ ᠤᠨ ᠳᠡᠳ᠋ ᠨᠣᠶᠠᠨ ᠪᠠᠶᠢᠵᠠᠶ ᠃ ᠳᠠᠷᠠᠭ᠎ᠠ ᠵᠢᠯ  ᠳ᠋ᠤᠨᠢ ᠰᠦᠢᠶᠤᠸᠠᠨ  ᠤ ᠪᠠᠷᠠᠭᠤᠨᠳᠠᠬᠢ ᠶᠡᠬᠡ ᠪᠠᠶᠢᠯᠳᠤᠭᠠᠨ ᠢ ᠵᠢᠯᠤᠭᠤᠳᠪᠠ᠃1942 ᠤᠨ ᠤ 10 ᠰᠠᠷ᠎ᠠ ᠳ᠋ᠤ ᠂  ᠰᠦᠢᠶᠤᠸᠠᠨ ᠮᠤᠵᠤ ᠶ᠋ᠢᠨ ᠬᠢᠯᠢ ᠳᠤᠲᠤᠷᠠᠬᠢ ᠥᠪᠥᠷ ᠮᠣᠩᠭᠣᠯ  ᠤᠨ ᠣᠷᠣᠨ ᠨᠤᠲᠤᠭ  ᠤᠨ ᠥᠪᠡᠷᠲᠡᠭᠡᠨ ᠵᠠᠰᠠᠬᠤ  ᠵᠢᠯᠤᠭᠤᠳᠤᠭᠴᠢ ᠳᠠᠷᠤᠭ᠎ᠠ  ᠬᠢᠭᠡᠳ ᠵᠠᠬᠢᠷᠭ᠎ᠠ ᠶ᠋ᠢᠨ ᠳᠠᠷᠤᠭ᠎ᠠ ᠦ ᠲᠤᠰᠢᠶᠠᠯ ᠢ ᠬᠠᠪᠰᠤᠷᠭᠠᠨ ᠬᠠᠷᠢᠭᠤᠴᠠᠵᠤ ᠪᠠᠶᠢᠵᠠᠢ ᠃  ᠰᠦᠢᠶᠤᠸᠠᠨ ᠳ᠋ᠤ ᠪᠠᠶᠢᠬᠤ ᠬᠤᠭᠤᠴᠠᠭᠠᠨ  ᠳ᠋ᠤ ᠂ ᠮᠣᠩᠭᠣᠯ ᠬᠣᠰᠢᠭᠤᠨ ᠤ ᠮᠤᠩᠭᠤᠯ ᠦᠨᠳᠦᠰᠦᠲᠡᠨ ᠦ ᠵᠡᠪᠰᠡᠭᠲᠦ ᠬᠦᠴᠦᠨ ᠢ ᠴᠢᠩᠭ᠎ᠠ ᠡᠵᠡᠮᠰᠢᠨ ᠂ ᠮᠣᠩᠭᠣᠯ ᠦᠨᠳᠦᠰᠦᠲᠡᠨ ᠦ ᠬᠡᠷᠡᠭ ᠶᠠᠪᠤᠳᠠᠯ ᠳ᠋ᠦ ᠭᠠᠷ ᠳᠦᠷᠦᠵᠦ ᠂ ᠠᠲᠠᠷ ᠬᠠᠭᠠᠯᠪᠦᠷᠢᠯᠠᠨ ᠂ ᠰᠢᠶᠠᠨ  ᠤ ᠪᠠᠶᠢᠭᠤᠯᠤᠮᠵᠢ ᠶᠢ ᠪᠠᠶᠢᠭᠤᠯᠵᠠᠢ ᠃ 1943 ᠣᠨ ᠤ 2 ᠰᠠᠷ᠎ᠠ ᠳ᠋ᠤ᠂ ᠰᠠᠨᠮᠢᠨ ᠦᠵᠡᠯ  ᠤᠨ ᠵᠠᠯᠠᠭᠤᠴᠤᠳ  ᠤᠨ ᠡᠪᠯᠡᠯ  ᠤᠨ ᠠᠩᠬᠠᠳᠤᠭᠠᠷ ᠬᠤᠭᠤᠴᠠᠭᠠᠨ  ᠤ ᠲᠥᠪ ᠬᠣᠷᠢᠶᠠᠨ  ᠤ ᠬᠢᠨᠠᠨ ᠪᠠᠶᠢᠴᠠᠭᠠᠬᠤ ᠬᠤᠷᠠᠯ ᠤᠨ ᠬᠢᠨᠠᠨ ᠪᠠᠶᠢᠴᠠᠭᠠᠬᠤ  ᠭᠡᠰᠢᠬᠦᠨ ᠢᠶ᠋ᠡᠷ  ᠰᠤᠩᠭᠤᠭᠳᠠᠵᠤ ᠃ 1945 ᠣᠨ  ᠤ 5 ᠰᠠᠷ᠎ᠠ  ᠳ᠋ᠤ ᠂ ᠭᠣᠮᠢᠨᠳᠠᠩ ᠨᠠᠮ ᠤᠨ ᠵᠢᠷᠭᠤᠳᠤᠭᠠᠷ ᠬᠤᠭᠤᠴᠠᠭᠠᠨ  ᠤ ᠲᠥᠪ ᠬᠣᠷᠢᠶᠠᠨ  ᠤ ᠭᠦᠢᠴᠡᠳᠬᠡᠭᠴᠢ ᠭᠡᠰᠢᠭᠦᠨ ᠪᠠᠶᠢᠪᠠ ᠃ 8 ᠰᠠᠷ᠎ᠠ ᠳ᠋ᠤ 12 ᠳ᠋ᠤᠭᠠᠷ ᠪᠠᠶᠢᠯᠳᠤᠭᠠᠨ  ᠤ ᠲᠣᠭᠣᠷᠢᠭ ᠤᠨ ᠰᠧᠯᠢᠩ ᠨᠣᠶᠠᠨ ᠪᠠᠶᠢᠵᠠᠶ ᠃ 1946 ᠣᠨ  ᠤ 10 ᠰᠠᠷ᠎ᠠ ᠳ᠋ᠤ᠂ ᠴᠠᠬᠠᠷ ᠤᠨ ᠵᠠᠰᠠᠭ  ᠤᠨ ᠣᠷᠳᠣᠨ ᠤ ᠲᠡᠷᠢᠭᠦᠯᠡᠭᠴᠢ ᠶ᠋ᠢᠨ ᠲᠤᠰᠢᠶᠠᠯ ᠳ᠋ᠤ ᠰᠢᠯᠵᠢᠵᠦ ᠂ 11 ᠰᠠᠷ᠎ᠠ  ᠳ᠋ᠦ ᠦᠨᠳᠦᠰᠦᠨ ᠬᠠᠤᠯᠢ ᠲᠣᠭᠲᠠᠭᠠᠬᠤ ᠢᠷᠭᠡᠨ  ᠤ ᠶᠡᠬᠡ ᠬᠤᠷᠠᠯ  ᠤᠨ ᠲᠥᠯᠥᠭᠡᠯᠡᠭᠴᠢ  ᠪᠠᠷ ᠰᠤᠩᠭᠤᠭᠳᠠᠪᠠ ᠃ 1947 ᠤᠨ ᠤ 3 ᠰᠠᠷ᠎ᠠ ᠳ᠋ᠦ᠂ ᠵᠠᠡᠭ᠋ᠶᠤᠸᠠᠨ ᠦ ᠵᠠᠬᠢᠷᠭ᠎ᠠ ᠶ᠋ᠢᠨ ᠡᠷᠬᠢᠯᠡᠭᠴᠢ ᠶ᠋ᠢᠨ ᠲᠤᠰᠢᠶᠠᠯ ᠳ᠋ᠤ ᠭᠠᠷᠴᠤ ᠂ 12 ᠰᠠᠷ᠎ᠠ ᠳ᠋ᠤ ᠤᠮᠠᠷᠠᠲᠤ ᠣᠷᠣᠨ  ᠤ 《 ᠳᠡᠭᠡᠷᠡᠮ  ᠢ ᠤᠰᠠᠳᠬᠠᠬᠤ 》 ᠶᠡᠷᠦᠩᠬᠡᠶ ᠰᠧᠯᠢᠩ ᠶ᠋ᠢᠨ ᠲᠤᠰᠢᠶᠠᠯ ᠳ᠋ᠤ ᠭᠠᠷᠴᠠᠢ᠃ 1948 ᠣᠨ  ᠤ 2 ᠰᠠᠷ᠎ᠠ ᠳ᠋ᠤ ᠂ ᠢᠷᠭᠡᠨ  ᠤ ᠵᠠᠰᠠᠭ  ᠤᠨ ᠣᠷᠳᠣᠨ ᠤ ᠪᠸᠢᠢᠫᠢᠩ  ᠤᠨ ᠵᠠᠰᠠᠭ ᠵᠠᠬᠢᠷᠭᠠᠨ ᠤ ᠭᠠᠵᠠᠷ ᠳᠡᠳ᠋ ᠡᠷᠬᠢᠯᠡᠭᠴᠢ  ᠪᠤᠯᠤᠭᠰᠠᠨ ᠪᠠᠶᠢᠨ᠎ᠠ
    1949 ᠤᠨ ᠤ 1 ᠰᠠᠷ᠎ᠠ  ᠶ᠋ᠢᠨ 21 ᠦ ᠡᠳᠦᠷ᠂ ᠪᠸᠢᠢᠫᠢᠩ ᠳ᠋ᠦ ᠴᠡᠷᠢᠭ  ᠢᠶ᠋ᠡᠨ ᠳᠠᠭᠠᠭᠤᠯᠤᠨ ᠨᠠᠶᠢᠷᠠᠮᠳᠠᠯ  ᠢᠶ᠋ᠡᠷ ᠪᠣᠰᠣᠯᠭ᠎ᠠ ᠭᠠᠷᠭᠠᠪᠠ ᠃ 9 ᠰᠠᠷ᠎ᠠ  ᠲᠦ ᠂  ᠳᠤᠮᠳᠠᠳᠤ ᠤᠯᠤᠰ  ᠤᠨ ᠠᠷᠠᠳ  ᠤᠨ ᠤᠯᠤᠰ ᠲᠦᠷᠦ  ᠶ᠋ᠢᠨ ᠵᠥᠪᠯᠡᠯᠭᠡᠨ  ᠦ ᠠᠩᠬᠠᠳᠤᠭᠠᠷ ᠬᠤᠭᠤᠴᠠᠭᠠᠨ  ᠤ ᠪᠥᠬᠥᠳᠡ ᠬᠤᠷᠠᠯᠳᠤᠭᠠᠨ ᠳ᠋ᠤ ᠣᠷᠣᠯᠴᠠᠪᠠ ᠃ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ  ᠤ ᠳᠠᠷᠠᠭ᠎ᠠ ᠂ ᠲᠥᠪ  ᠤᠨ ᠠᠷᠠᠳ  ᠤᠨ ᠵᠠᠰᠠᠭ  ᠤᠨ ᠣᠷᠳᠣᠨ  ᠤ ᠬᠣᠷᠢᠶ᠎ᠠ  ᠶ᠋ᠢᠨ ᠭᠡᠰᠢᠭᠦᠨ ᠂ ᠰᠦᠢᠶᠤᠸᠠᠨ ᠮᠤᠵᠢ ᠶ᠋ᠢᠨ ᠴᠡᠷᠢᠭ ᠵᠠᠰᠠᠭ  ᠤᠨ ᠺᠣᠮᠢᠰ  ᠤᠨ ᠲᠡᠷᠢᠭᠦᠯᠡᠭᠴᠢ ᠂ ᠳᠤᠮᠳᠠᠳᠤ ᠤᠯᠤᠰ  ᠤᠨ ᠠᠷᠠᠳ ᠤᠨ ᠴᠢᠯᠥᠭᠡᠯᠡᠬᠦ ᠴᠡᠷᠢᠭ  ᠤᠨ ᠰᠦᠢᠶᠤᠸᠠᠨ  ᠮᠤᠵᠢ ᠶ᠋ᠢᠨ ᠴᠡᠷᠢᠭ  ᠤᠨ ᠲᠣᠭᠣᠷᠢᠭ  ᠤᠨ ᠰᠧᠯᠢᠩᠶᠤᠸᠠᠨ ᠂ ᠨᠢᠭᠡᠳᠦᠭᠡᠷ᠂ ᠬᠣᠶᠠᠳᠤᠭᠠᠷ ᠂ ᠭᠤᠷᠪᠠᠳᠤᠭᠠᠷ ᠬᠤᠭᠤᠴᠠᠭᠠᠨ  ᠤ ᠲᠥᠯᠥᠭᠡᠯᠡᠭᠴᠢᠳ  ᠤᠨ ᠶᠡᠬᠡ ᠬᠤᠷᠠᠯ  ᠤᠨ ᠲᠥᠯᠥᠭᠡᠯᠡᠭᠴᠢ ᠂  ᠲᠤᠮᠳᠠᠳᠦ ᠤᠯᠤᠰ  ᠤᠨ ᠠᠷᠠᠳ  ᠤᠨ ᠤᠯᠤᠰ ᠲᠦᠷᠦ  ᠶ᠋ᠢᠨ ᠵᠥᠪᠯᠡᠯᠭᠡᠨ ᠦ ᠪᠦᠬᠦ ᠤᠯᠤᠰ  ᠤᠨ ᠬᠣᠷᠢᠶᠠᠨ  ᠤ ᠭᠡᠰᠢᠭᠦᠨ ᠂ ᠪᠠᠶᠢᠩᠭᠤ  ᠶ᠋ᠢᠨ ᠬᠣᠷᠢᠶᠠᠨ  ᠦ ᠭᠡᠰᠢᠭᠦᠨ ᠂ ᠳᠥᠷᠪᠡᠳᠦᠭᠡᠷ ᠬᠤᠭᠤᠴᠠᠭᠠᠨ  ᠤ ᠪᠦᠬᠦ ᠤᠯᠤᠰ  ᠤᠨ ᠤᠯᠤᠰ ᠲᠦᠷᠦ ᠶ᠋ᠢᠨ ᠵᠥᠪᠯᠡᠯᠭᠡᠨ  ᠦ ᠳᠡᠳ᠋ ᠲᠡᠷᠢᠭᠦᠯᠡᠭᠴᠢ ᠂ ᠤᠯᠤᠰ  ᠤᠨ ᠪᠠᠲᠤᠯᠠᠨ ᠬᠠᠮᠠᠭᠠᠯᠠᠯᠲᠠ  ᠶ᠋ᠢᠨ ᠬᠣᠷᠢᠶᠠᠨ ᠦ ᠳᠡᠳ᠋ ᠲᠡᠷᠢᠭᠦᠯᠡᠭᠴᠢ ᠂ ᠤᠰᠦᠨ ᠠᠰᠢᠭᠯᠠᠯᠲᠠ ᠶ᠋ᠢᠨ ᠶᠠᠮᠤᠨ ᠦ ᠰᠠᠶᠢᠳ ᠂ ᠤᠰᠤᠨ ᠠᠰᠢᠭᠯᠠᠯᠲᠠ ᠴᠠᠬᠢᠯᠭᠠᠨ ᠬᠦᠴᠦᠨ  ᠤ ᠶᠠᠮᠤᠨ  ᠤ ᠰᠠᠶᠢᠳ ᠵᠡᠷᠭᠡ ᠲᠤᠰᠢᠶᠠᠯ  ᠢ ᠬᠠᠷᠢᠭᠤᠴᠠᠵᠤ ᠪᠠᠶᠢᠵᠠᠶ ᠃ 1974 ᠤᠨ ᠤ 4 ᠰᠠᠷ᠎ᠠ ᠶ᠋ᠢᠨ 19 ᠦ ᠡᠳᠦᠷ ᠪᠡᠭᠡᠵᠢᠩ  ᠳ᠋ᠦ ᠨᠠᠰᠤ ᠪᠠᠷᠠᠪᠠ ᠂ ᠨᠠᠰᠤᠨ ᠰᠡᠭᠦᠳᠡᠷ 79 ᠨᠠᠰᠤᠲᠠᠶ ᠃

ᠵᠣᠬᠢᠶᠠᠭᠴᠢ:
ᠢᠷᠡᠯᠲᠡ: