ᠳ᠋ᠦᠩ ᠴᠢ ᠡᠦ

ᠳ᠋ᠦᠩ ᠴᠢ ᠡᠦ (1899 ︱1989 ) ᠂ 1899 ᠣᠨ ᠳ᠋ᠤ ᠲᠦᠷᠦᠵᠦ ᠂ ᠱᠠᠨ ᠰᠢ ᠮᠤᠵᠢ ᠶ᠋ᠢᠨᠾᠸᠵᠢᠨ ᠰᠢᠶᠠᠨ ᠦ ᠬᠥᠮᠦᠨ ᠃ 1924 ᠣᠨ ᠳ᠋ᠦ ᠢᠷᠭᠡᠨ ᠤ ᠴᠡᠷᠢᠭ ᠤᠨ 2 ᠳ᠋ᠤᠭᠠᠷ ᠠᠷᠮᠢ ᠳ᠋ᠤ ᠤᠷᠤᠵᠤ᠂ ᠤᠷᠢᠳ ᠬᠣᠵᠢᠳ ᠰᠠᠯᠠᠭᠠᠨ ᠳᠠᠷᠤᠭ᠎ᠠ ᠂ ᠰᠤᠮᠤᠨ ᠳᠠᠷᠤᠭ᠎ᠠ ᠂ ᠪᠠᠲ᠋ᠯᠢᠶᠣᠨ ᠳᠠᠷᠤᠭ᠎ᠠ ᠂ ᠬᠣᠯᠢᠮᠠᠭ ᠪᠠᠷᠢᠭᠠᠳᠠ ᠶᠢᠨ ᠳᠡᠳ᠋ ᠨᠣᠶᠠᠨ ᠪᠠᠶᠢᠵᠠᠶ ᠃
1927 ᠣᠨ ᠳ᠋ᠤ ᠢᠷᠭᠡᠨ ᠤ ᠬᠤᠪᠢᠰᠬᠠᠯᠲᠤ ᠴᠡᠷᠢᠭ ᠤᠨ 4 ᠳ᠋ᠦᠭᠡᠷ ᠴᠡᠷᠢᠭ ᠲᠤ ᠰᠢᠯᠵᠢᠵᠦ ᠂ ᠬᠣᠰᠢᠭᠤᠴᠢ ᠬᠠᠶᠢᠭᠤᠯ ᠠᠨᠭᠬᠢ ᠶ᠋ᠢᠨ ᠳᠠᠷᠤᠭ᠎ᠠ ᠂ ᠲᠦᠷᠦᠭᠦᠨ ᠦ ᠶᠡᠷᠦᠩᠬᠡᠶ ᠠᠩᠭᠢ ᠶ᠋ᠢᠨ ᠳᠠᠷᠤᠭ᠎ᠠ ᠶ᠋ᠢᠨ ᠲᠤᠰᠢᠶᠠᠯ ᠢ ᠬᠠᠷᠢᠭᠤᠴᠠᠵᠤ ᠪᠠᠶᠢᠪᠠ ᠃ 1928 ᠣᠨ ᠳ᠋ᠤ ᠹᠦ᠋ ᠽᠦᠸᠸ ᠢ ᠶ᠋ᠢᠨ ᠴᠡᠷᠢᠭ ᠲᠤ ᠵᠢᠳᠬᠦᠬᠦ ᠪᠡᠷ ᠭᠤᠶᠤᠴᠢᠯᠠᠵᠤ ᠂ ᠠᠬᠠᠯᠠᠬᠤ ᠳᠡᠰᠯᠡᠭᠴᠢ ᠵᠥᠪᠯᠡᠭᠴᠢ ᠶ᠋ᠢᠨ ᠲᠤᠰᠢᠶᠠᠯ ᠢ ᠬᠠᠷᠢᠭᠤᠴᠠᠵᠤ ᠂ ᠬᠤᠰᠢᠭᠤᠴᠢ ᠵᠦᠪᠯᠡᠭᠴᠢ ᠂ ᠳᠡᠳ᠋ ᠬᠤᠷᠠᠩᠳᠠ ᠳᠡᠳ᠋ ᠬᠣᠷᠢᠶᠠᠨ ᠳᠠᠷᠤᠭ᠎ᠠ ᠂ ᠬᠤᠷᠢᠶᠠᠨ ᠳᠠᠷᠤᠭ᠎ᠠ ᠂ ᠬᠣᠰᠢᠭᠤᠴᠢ ᠭᠧᠨᠧᠷᠠᠯ ᠪᠠᠷᠢᠭᠠᠳᠠ ᠶ᠋ᠢᠨ ᠳᠠᠷᠤᠭ᠎ᠠ᠂ ᠳ᠋ᠢᠸᠢᠽᠢ ᠶᠢᠨ ᠲᠠᠷᠦᠭᠠ ᠂ ᠬᠣᠰᠢᠭᠤᠴᠢ ᠭᠧᠨᠧᠷᠠᠯ ᠠᠷᠮᠢ ᠶ᠋ᠢᠨ ᠳᠠᠷᠤᠭ᠎ᠠ ᠂ 12 ᠳ᠋ᠤᠭᠠᠷ ᠪᠠᠶᠢᠯᠳᠤᠭᠠᠨ ᠦ ᠲᠣᠭᠣᠷᠢᠭ ᠤᠨ ᠤᠯᠤᠰ ᠲᠦᠷᠦ ᠶ᠋ᠢᠨ ᠬᠡᠯᠲᠡᠰ ᠤᠨ ᠡᠷᠬᠢᠯᠡᠭᠴᠢ ᠂ ᠴᠢᠭᠤᠯᠤᠯᠲᠦ ᠬᠠᠭᠠᠯᠭ᠎ᠠ ᠶᠢᠨ ᠰᠡᠷᠭᠡᠶᠢᠯᠡᠨ ᠬᠠᠮᠠᠭᠠᠯᠠᠬᠤ ᠴᠡᠷᠢᠭ ᠤᠨ ᠶᠡᠷᠦᠩᠬᠡᠶ ᠰᠧᠯᠢᠩ ᠪᠠᠶᠢᠪᠠ ᠃ ᠰᠦᠢᠶᠤᠸᠠᠨ ᠮᠤᠵᠢ ᠶ᠋ᠢᠨ ᠵᠠᠰᠠᠭ ᠤᠨ ᠣᠷᠳᠣᠨ ᠤ ᠲᠡᠷᠢᠭᠦᠯᠡᠭᠴᠢ ᠪᠥᠭᠡᠳ ᠠᠮᠤᠷ ᠢ ᠬᠠᠮᠠᠭᠠᠯᠠᠬᠤ ᠰᠧᠯᠢᠩ ᠂ ᠪᠠᠷᠠᠭᠤᠨ ᠬᠣᠶᠢᠲᠤ ᠣᠷᠣᠨ ᠤ ᠴᠡᠷᠢᠭ ᠵᠠᠰᠠᠭ ᠤᠨ ᠨᠣᠶᠠᠳ ᠤᠨ ᠵᠠᠬᠢᠷᠭ᠎ᠠ ᠶ᠋ᠢᠨ ᠳᠡᠳ᠋ ᠳᠠᠷᠤᠭ᠎ᠠ ᠵᠡᠷᠭᠡ ᠲᠤᠰᠢᠶᠠᠯ ᠢ ᠬᠠᠷᠢᠭᠤᠴᠠᠵᠤ ᠪᠠᠶᠢᠵᠠᠶ ᠃ 《 ᠶᠢᠰᠦᠨ ᠰᠠᠷ᠎ᠠ ᠶ᠋ᠢᠨᠠᠷᠪᠠᠨ ᠨᠠᠶᠮᠠᠨ 》 ᠦᠬᠡᠷᠡᠭ ᠬᠤᠪᠢᠰᠤᠯ ᠤᠨ ᠳᠠᠷᠠᠭ᠎ᠠ ᠂ ᠤᠷᠢᠳ ᠬᠣᠵᠢᠳ ᠴᠡᠷᠢᠭ ᠢᠶᠡᠨ ᠳᠠᠭᠠᠭᠤᠯᠤᠨ ᠣᠷᠳᠣ ᠴᠠᠭᠠᠨ ᠬᠡᠷᠡᠮ ᠳ᠋ᠤ ᠶᠠᠫᠣᠨ ᠢ ᠡᠰᠡᠷᠭᠦᠴᠡᠬᠦ ᠲᠠᠢᠢᠨ ᠪᠠ ᠰᠦᠢᠶᠤᠸᠠᠨ ᠮᠤᠵᠢ ᠶ᠋ᠢᠨ ᠶᠠᠫᠣᠨ ᠢ ᠡᠰᠡᠷᠭᠦᠴᠡᠬᠦ ᠲᠠᠢᠢᠨ ᠵᠡᠷᠭᠡ ᠠᠯᠳᠠᠷᠲᠤ ᠳᠠᠶᠢᠯᠠᠯᠳᠤᠭᠠᠨ ᠳ᠋ᠦ ᠤᠷᠤᠯᠴᠠᠪᠠ ᠃
1949 ᠤᠨ ᠤ 9 ᠰᠠᠷ᠎ᠠ ᠶ᠋ᠢᠨ 19 ᠦ ᠡᠳᠦᠷ ᠂ ᠴᠡᠷᠢᠭ ᠢᠶ᠋ᠡᠨ ᠳᠠᠭᠠᠭᠤᠯᠤᠨ ᠪᠣᠰᠣᠯᠭ᠎ᠠ ᠭᠠᠷᠭᠠᠪᠠ ᠃ ᠪᠣᠰᠣᠯᠭ᠎ᠠ ᠭᠠᠷᠭᠠᠭᠰᠠᠨ ᠦ ᠲᠠᠷᠠᠭ᠎ᠠ ᠂ ᠰᠦᠢᠶᠤᠸᠠᠨ ᠮᠤᠵᠢ ᠶ᠋ᠢᠨ ᠠᠷᠠᠳ ᠤᠨ ᠵᠠᠰᠠᠭ ᠤᠨ ᠣᠷᠳᠣᠨ ᠤ ᠲᠡᠷᠢᠭᠦᠯᠡᠭᠴᠢ ᠂ ᠰᠦᠢᠶᠤᠸᠠᠨ ᠮᠤᠵᠢ ᠶ᠋ᠢᠨ ᠴᠡᠷᠢᠭ ᠵᠠᠰᠠᠭ ᠤᠨ ᠺᠣᠮᠢᠰ ᠤᠨ ᠳᠡᠳ᠋ ᠲᠡᠷᠢᠭᠦᠯᠡᠭᠴᠢ ᠶᠢᠨ ᠲᠤᠰᠢᠶᠠᠯ ᠢ ᠬᠠᠪᠰᠤᠷᠭᠠᠨ ᠬᠠᠷᠢᠭᠤᠴᠠᠵᠤ ᠂ ᠰᠦᠢᠶᠤᠸᠠᠨ ᠮᠤᠵᠢ ᠶ᠋ᠢᠨ ᠴᠡᠷᠢᠭ ᠤᠨ ᠲᠣᠭᠣᠷᠢᠭ ᠤᠨ ᠳᠡᠳ᠋ ᠰᠧᠯᠢᠩᠶᠤᠸᠠᠨ ᠪᠠᠶᠢᠪᠠ ᠃ 1950 ᠣᠨ ᠳ᠋ᠤ ᠳᠤᠮᠳᠠᠳᠤ ᠤᠯᠤᠰ ᠤᠨ ᠰᠡᠢᠢᠠ ᠳᠤᠷ᠎ᠠ ᠶ᠋ᠢᠨ ᠴᠡᠷᠢᠭ ᠤᠨ 23 ᠳ᠋ᠤᠭᠠᠷ ᠪᠢᠩᠲ᠋ᠤᠸᠠᠨ ᠤ ᠰᠧᠯᠢᠩᠶᠤᠸᠠᠨ ᠪᠠᠶᠢᠪᠠ ᠃ 1952 ᠣᠨ ᠤ ᠰᠡᠭᠦᠯᠴᠢ ᠪᠣᠯᠬᠤ ᠳ᠋ᠤ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠤᠨ 69 ᠳ᠋ᠦᠭᠡᠷ ᠴᠡᠷᠢᠭ ᠠᠩᠬᠢ ᠶ᠋ᠢᠨ ᠴᠡᠷᠢᠭ ᠦᠨ ᠳᠠᠷᠤᠭ᠎ᠠ ᠪᠠᠶᠢᠵᠠᠶ ᠃ 1955 ᠣᠨ ᠳ᠋ᠦ ᠬᠤᠷᠠᠩᠳᠠ ᠭᠧᠨᠧᠷᠠᠯ ᠤᠨ ᠴᠡᠷᠢᠭ ᠤᠨ ᠴᠣᠯᠠ ᠬᠦᠷᠲᠡᠪᠡ ᠃ 1982 ᠣᠨ ᠳ᠋ᠦ ᠳᠤᠮᠳᠠᠳᠤ ᠤᠯᠤᠰ ᠤᠨ ᠡᠪ ᠬᠠᠮᠲᠤ ᠨᠠᠮ ᠳ᠋ᠤ ᠡᠯᠰᠡᠭᠳᠡᠪᠡ ᠃ ᠤᠷᠢᠳ ᠬᠣᠵᠢᠳ ᠠᠩᠬᠠᠳᠤᠭᠠᠷ ᠂ ᠬᠤᠶᠠᠳᠤᠭᠠᠷ ᠂ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢ ᠪᠠᠶᠢᠵᠦ᠂ ᠳᠦᠷᠪᠡᠳᠦᠭᠡᠷ ᠂ ᠲᠠᠪᠤᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠬᠡ ᠬᠤᠷᠠᠯ ᠤᠨ ᠪᠠᠶᠢᠩᠭᠤ ᠶ᠋ᠢᠨ ᠬᠣᠷᠢᠶᠠᠨ ᠦ ᠭᠡᠰᠢᠭᠦᠨ ᠂ ᠨᠢᠭᠡᠳᠦᠭᠡᠷ ᠂ ᠬᠣᠶᠠᠳᠤᠭᠠᠷ ᠂ ᠭᠤᠷᠪᠠᠳᠤᠭᠠᠷ ᠬᠤᠭᠤᠴᠠᠭᠠᠨ ᠤ ᠤᠯᠤᠰ ᠤᠨ ᠪᠠᠲᠤᠯᠠᠨ ᠬᠠᠮᠠᠭᠠᠯᠠᠯᠲᠠ ᠶ᠋ᠢᠨ ᠵᠥᠪᠯᠡᠯ ᠤᠨ ᠭᠡᠰᠢᠭᠦᠨ ᠂ ᠨᠢᠭᠡᠳᠦᠭᠡᠷ ᠂ ᠬᠣᠶᠠᠳᠤᠭᠠᠷ ᠬᠤᠭᠤᠴᠠᠭᠠᠨ ᠤ ᠪᠦᠬᠦ ᠤᠯᠤᠰ ᠤᠨ ᠤᠯᠤᠰ ᠲᠦᠷᠦ ᠶ᠋ᠢᠨ ᠵᠥᠪᠯᠡᠯᠭᠡᠨ ᠦ ᠭᠡᠰᠢᠭᠦᠨ ᠂ ᠭᠤᠷᠪᠠᠳᠤᠭᠠᠷ ᠂ ᠳᠥᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠤᠯᠤᠰ ᠲᠦᠷᠦ ᠶᠢᠨ ᠵᠦᠪᠯᠡᠯᠭᠡᠨ ᠤ ᠪᠠᠶᠢᠩᠭᠤ ᠶ᠋ᠢᠨ ᠭᠡᠰᠢᠭᠦᠨ ᠂ ᠲᠠᠪᠤᠳᠤᠭᠠᠷ ᠂ ᠵᠢᠷᠭᠤᠳᠤᠭᠠᠷ ᠬᠤᠭᠤᠴᠠᠭᠠᠨ ᠤ ᠪᠦᠬᠦ ᠤᠯᠤᠰ ᠤᠨ ᠤᠯᠤᠰ ᠲᠦᠷᠦ ᠶ᠋ᠢᠨ ᠵᠥᠪᠯᠡᠯᠭᠡᠨ ᠦ ᠬᠣᠷᠢᠶᠠᠨ ᠤ ᠳᠡᠳ᠋ ᠲᠡᠷᠢᠭᠦᠯᠡᠭᠴᠢ ᠮᠥᠨ ᠃
1989 ᠤᠨ ᠤ 3 ᠰᠠᠷ᠎ᠠ ᠶ᠋ᠢᠨ 3 ᠦ ᠡᠳᠦᠷ ᠪᠡᠭᠡᠵᠢᠩ ᠳ᠋ᠦ ᠨᠠᠰᠤ ᠪᠠᠷᠠᠪᠠ ᠂ ᠨᠠᠰᠤᠨ ᠰᠡᠭᠦᠳᠡᠷ90 ᠃