ᠳ᠋ᠠᠨᠢᠽᠠᠨ᠎ᠠ

ᠳ᠋ᠠᠨᠢᠽᠠᠨ᠎ᠠ ᠶ᠋ᠢᠨ ᠪᠠᠭ᠎ᠠ ᠶ᠋ᠢᠨ ᠨᠠᠰᠤ ᠨᠢ ᠠᠯᠠᠱᠠ ᠸᠠᠩ ᠤᠨ ᠣᠷᠳᠣᠨ ᠳ᠋ᠤ ᠥᠩᠭᠡᠷᠡᠭᠡᠭᠰᠡᠨ ᠶᠤᠮ ᠂ 10 ᠨᠠᠰᠤ ᠡᠴᠠ ᠬᠣᠶᠢᠰᠢ ᠡᠴᠢᠭᠡ ᠡᠭᠡ ᠪᠠᠨ ᠳᠠᠭᠠᠵᠦ ᠪᠡᠭᠡᠵᠢᠩ ᠳ᠋ᠤ ᠰᠠᠭᠤᠷᠢᠰᠢᠵᠦ ᠂ ᠤᠷᠢᠳ ᠬᠣᠵᠢᠳ ᠦᠨᠡᠨ ᠢ ᠡᠷᠢᠬᠦ ᠳᠤᠮᠳᠠᠳᠤ ᠰᠤᠷᠭᠠᠭᠤᠯᠢ ᠪᠣᠯᠤᠨ ᠪᠡᠭᠡᠵᠢᠩ ᠶᠡᠬᠡ ᠰᠤᠷᠭᠠᠭᠤᠯᠢ ᠳ᠋ᠦ ᠰᠤᠷᠤᠯᠴᠠᠵᠤ ᠂ ᠮᠣᠩᠭᠣᠯ ᠂ ᠬᠢᠲᠠᠳ ᠂ ᠠᠩᠭᠯᠢ ᠂ ᠹᠠᠷᠠᠨᠽᠢ ᠂ ᠮᠠᠨᠵᠤ ᠬᠡᠯᠡ ᠰᠤᠷᠤᠯᠴᠠᠨ ᠂ ᠰᠠᠶᠢᠨ ᠰᠠᠶᠢᠬᠠᠨ ᠰᠤᠷᠭᠠᠨ ᠬᠥᠮᠦᠵᠢᠯ ᠢ ᠬᠦᠷᠲᠡᠭᠰᠡᠨ ᠪᠥᠭᠡᠳ ᠤᠯᠤᠰ ᠤᠨ ᠲᠡᠦᠬᠡ ᠶᠢ ᠰᠤᠲᠤᠯᠵᠤ ᠦᠩᠭᠡᠷᠡᠭᠰᠡᠨ ᠶᠤᠮ ᠃
ᠲᠤᠬᠠᠶ ᠶ᠋ᠢᠨ ᠦᠶ᠎ᠡ ᠳ᠋ᠦ ᠪᠡᠭᠡᠵᠢᠩ ᠪᠣᠯ ᠪᠦᠬᠦ ᠤᠯᠤᠰ ᠤᠨ ᠤᠯᠤᠰ ᠲᠤᠢᠷᠦ ᠰᠣᠶᠣᠯ ᠤᠨ ᠲᠥ ᠪᠠᠶᠢᠵᠦ᠂ ᠥᠷᠥᠨᠡᠳᠠᠬᠢᠨ ᠤ ᠠᠷᠠᠳᠴᠢᠯᠠᠭᠰᠠᠨ ᠳᠠᠪᠰᠢᠭᠰᠠᠨ ᠦᠵᠡᠯ ᠰᠠᠨᠠᠭ᠎ᠠ ᠪᠠ ᠰᠢᠨᠵᠢᠯᠡᠬᠦ ᠤᠬᠠᠭᠠᠨ ᠰᠣᠶᠣᠯ ᠪᠣᠯᠪᠠᠰᠤᠷᠠᠯ ᠤᠨ ᠮᠡᠳᠡᠯᠭᠡ ᠳᠤᠮᠳᠠᠳᠤ ᠤᠯᠤᠰ ᠲᠤ ᠤᠯᠠᠮᠵᠢᠯᠠᠭᠳᠠᠨ ᠣᠷᠣᠵᠤ ᠢᠷᠡᠭᠡᠳ ᠂ ᠮᠠᠨ ᠤ ᠤᠯᠤᠰ ᠤᠨ ᠳᠠᠪᠰᠢᠩᠭᠤᠶ ᠬᠥᠮᠦᠰ ᠬᠣᠶᠢᠨᠠ ᠬᠣᠶᠢᠨᠠ ᠡᠴᠠ ᠪᠠᠨ ᠪᠡᠭᠡᠵᠢᠩ ᠵᠡᠷᠭᠡ ᠭᠠᠵᠠᠷ ᠲᠤ ᠬᠤᠷᠠᠯ ᠴᠤᠭᠯᠠᠭ᠎ᠠ ᠬᠢᠵᠦ ᠡᠪᠯᠡᠯ ᠬᠣᠯᠪᠣᠭ᠎ᠠ ᠪᠠᠶᠢᠭᠤᠯᠤᠨ ᠂ ᠨᠠᠮ ᠪᠦᠯᠦᠭ ᠵᠤᠬᠢᠶᠠᠨ ᠪᠠᠶᠢᠭᠤᠯᠵᠤ ᠂ ᠰᠢᠨ᠎ᠡ ᠰᠤᠷᠭᠠᠯ ᠰᠠᠨᠠᠭᠠᠴᠢᠯᠠᠨ ᠂ ᠬᠤᠪᠢᠰᠬᠠᠯ ᠬᠢᠬᠦ ᠶ᠋ᠢ ᠤᠬᠠᠭᠤᠯᠵᠠᠶ ᠃ ᠰᠢᠨ᠎ᠡ ᠣᠷᠴᠢᠨ ᠲᠣᠭᠣᠷᠢᠨ ᠂ ᠰᠢᠨ᠎ᠡ ᠰᠣᠶᠣᠯ ᠂ ᠰᠢᠨ᠎ᠡ ᠦᠵᠡᠯ ᠰᠠᠨᠠᠭᠠᠨ ᠤᠨ ᠥᠯᠥᠭᠡᠯᠡᠯ ᠳᠣᠣᠷ᠎ᠠ ᠂ ᠳ᠋ᠠᠨᠢᠽᠠᠨ᠎ᠠ ᠨᠢ ᠬᠠᠷᠠᠭ᠎ᠠ ᠦᠷᠭᠡᠵᠢᠵᠦ᠂ ᠦᠵᠡᠯ ᠰᠠᠨᠠᠭ᠎ᠠ ᠨᠢ ᠳᠠᠪᠰᠢᠩᠭᠤᠶ ᠪᠤᠯᠤᠨ ᠂ ᠤᠯᠤᠰ ᠲᠦᠷᠦ ᠶᠢᠨ ᠥᠨᠳᠥᠷ ᠲᠠᠨᠢᠯᠲᠠ ᠲᠠᠶ ᠪᠠᠶᠢᠵᠤ ᠂ ᠪᠡᠭᠡᠵᠢᠩ ᠳ᠋ᠤ ᠰᠠᠭᠤᠬᠤ ᠬᠤᠭᠤᠴᠠᠭᠠᠨ ᠳ᠋ᠤ ᠪᠠᠨ ᠶᠤᠸᠠᠨ ᠱᠢ ᠺᠠᠶ ᠶ᠋ᠢᠨ ᠬᠠᠮᠠᠭᠠᠯᠠᠭᠴᠢ ᠴᠡᠷᠢᠭ ᠤᠨ ᠨᠣᠶᠠᠨ ᠢᠶᠠᠷ ᠠᠵᠢᠯᠯᠠᠵᠤ ᠦᠩᠭᠡᠷᠡᠭᠰᠡᠨ ᠶᠤᠮ᠃ ᠳ᠋ᠠᠨᠢᠽᠠᠨ᠎ᠠ ᠶ᠋ᠢᠨ ᠳᠤᠷ᠎ᠠ ᠰᠣᠨᠢᠷᠬᠠᠯ ᠨᠢ ᠦᠷᠭᠡᠨ ᠪᠠᠶᠢᠵᠦ᠂ ᠮᠣᠷᠢ ᠤᠨᠦᠬᠤ ᠂ ᠫᠤᠤ ᠫᠤᠤᠳᠠᠬᠤ ᠂ ᠰᠣᠷ ᠬᠠᠷᠪᠤᠬᠤ ᠪᠣᠯ ᠲᠡᠭᠦᠨ ᠤ ᠭᠤᠷᠪᠠᠨ ᠶᠡᠬᠡ ᠳᠤᠷ᠎ᠠ ᠪᠠᠬ᠎ᠠ ᠪᠠᠶᠢᠵᠤ ᠂ ᠵᠢᠶᠠᠩ ᠵᠢᠶᠸ ᠱᠢ ᠂ ᠳ᠋ᠠᠶ ᠯᠢ ᠂ ᠵᠦᠦ ᠱᠤᠤ ᠯᠢᠶᠠᠩ ᠂ ᠵᠠᠩ ᠰᠢᠤᠸᠠᠢ ᠯᠢᠶᠠᠩ ᠡᠴᠡ ᠴᠦᠮ ᠲᠡᠭᠦᠨ ᠳ᠋ᠦ ᠬᠠᠪᠤᠲᠠᠢ ᠫᠤᠤ ᠬᠦᠷᠭᠡᠭᠰᠡᠨ ᠪᠠᠶᠢᠳᠠᠭ ᠃ ᠵᠠᠩ ᠰᠢᠤᠸᠠᠢ ᠯᠢᠶᠠᠩ ᠲᠠᠶ ᠲᠠᠨᠢᠯᠴᠠᠭᠰᠠᠨ ᠡᠴᠠ ᠭᠠᠳᠠᠨ᠎ᠠ ᠂ ᠲᠡᠷᠡ ᠵᠡᠭᠦᠨ ᠬᠣᠶᠢᠲᠤ ᠶ᠋ᠢᠨ ᠴᠡᠷᠢᠭ ᠤᠨ ᠡᠷᠬᠡᠲᠡᠨ ᠤ ᠵᠠᠩᠵᠤᠨ ᠢᠦᠢ ᠰᠢᠤᠸᠠᠢ ᠵᠦᠩ ᠂ ᠰᠦᠩ ᠵᠧ ᠶᠤᠸᠠᠨ ᠲᠠᠢ ᠶᠠᠪᠤᠯᠴᠠᠵᠤ ᠪᠠᠶᠢᠭᠰᠠᠨ ᠶᠤᠮ ᠃ ᠨᠡᠶᠢᠭᠡᠮ ᠤᠨ ᠦᠢᠯᠡᠳᠦᠯᠭᠡ ᠪᠠ ᠥᠷᠭᠡᠨ ᠨᠠᠶᠢᠵᠠᠯᠠᠭᠰᠠᠨ ᠨᠢ ᠲᠡᠭᠦᠨ ᠤ ᠨᠡᠶᠢᠭᠡᠮ ᠤᠨ ᠥᠩᠭᠡᠷᠡᠯᠲᠡ ᠶ᠋ᠢ ᠲᠦᠢᠯ ᠦᠨ ᠶᠡᠭᠡ ᠪᠡᠷ ᠪᠠᠶᠠᠯᠢᠭᠵᠢᠭᠤᠯᠵᠤ ᠂ ᠤᠯᠤᠰ ᠲᠦᠷᠦ ᠶᠢᠨ ᠬᠠᠷᠠᠴᠠ ᠪᠠᠨ ᠦᠷᠭᠡᠳᠬᠡᠨ ᠂ ᠬᠥᠮᠦᠨ ᠦ ᠣᠷᠴᠢᠯᠠᠩ ᠤᠨ ᠬᠦᠢᠲᠡᠨ ᠳᠤᠯᠠᠭᠠᠨ ᠳ᠋ᠤ ᠭᠦᠨ ᠭᠦᠨᠵᠡᠭᠡᠶ ᠣᠶᠢᠯᠠᠭᠠᠯᠲᠠ ᠲᠠᠶ ᠪᠣᠯᠤᠭᠰᠠᠨ ᠪᠠᠶᠢᠨ᠎ᠠ ᠃
1925 ᠣᠨ ᠳ᠋ᠤ ᠂ ᠳ᠋ᠠᠨᠢᠽᠠᠨ᠎ᠠ ᠨᠢ 19 ᠨᠠᠰᠤᠲᠠᠶ ᠳᠠᠭᠠᠨ ᠪᠡᠭᠡᠵᠢᠩ ᠳ᠋ᠦ ᠵᠢᠨ ᠶᠦᠨ ᠴᠧᠩ ᠲᠠᠢ ᠨᠢᠭᠡ ᠭᠡᠷ ᠪᠦᠯᠢ ᠪᠤᠯᠵᠠᠢ ᠃ ᠲᠡᠳᠡᠨ ᠡᠴᠡ ᠵᠢᠷᠭᠤᠭᠠᠨ ᠬᠡᠦᠬᠡᠨ ᠨᠢᠭᠡ ᠬᠦᠦ ᠲᠠᠢ᠃ ᠵᠢᠨ ᠶᠦᠨ ᠴᠧᠩ ( ᠮᠠᠨᠵᠤ ᠨᠡᠷ᠎ᠡ ᠄ ᠠᠶᠢᠰᠢᠨ ᠭᠢᠷᠦ ᠶᠦᠨ ᠾᠤᠶᠢ ) ᠪᠣᠯ ᠬᠠᠮᠤᠭ ᠰᠡᠭᠦᠯᠴᠢ ᠶ᠋ᠢᠨ ᠬᠠᠭᠠᠨ ᠫᠦ᠋ᠢ ᠶ᠋ᠢᠨ ᠦᠯᠢᠶᠡᠳ ᠥᠬᠢᠨ ᠳᠡᠭᠦᠦ ᠂ ᠪᠠᠶᠢᠯ᠎ᠠ ᠽᠠᠢ ᠲᠤᠤ ᠶ᠋ᠢᠨ ᠥᠬᠢᠨ ᠃ ᠲᠡᠷᠡ ᠦᠨᠭᠭᠡ ᠵᠢᠰᠦ ᠡᠷᠳᠡᠮ ᠴᠢᠳᠠᠪᠤᠷᠢ ᠪᠦᠷᠢᠳᠴᠤ᠂ ᠰᠢᠯᠦᠭ ᠂ ᠵᠢᠷᠤᠭ ᠂ ᠳᠠᠭᠤᠤ ᠬᠥᠭᠵᠢᠮ ᠵᠡᠷᠭᠡ ᠳ᠋ᠦ ᠴᠠᠭᠠᠷᠠᠨ ᠂ 《 ᠠᠢ ᠡᠦ ᠯᠦ ᠰᠢᠯᠦᠭ ᠦᠨ ᠪᠠᠳᠠᠭ 》 ᠨᠢ ᠤᠯᠠᠮᠵᠢᠯᠠᠭᠳᠠᠭᠰᠠᠨ ᠪᠠᠶᠢᠳᠠᠭ ᠃
1931 ᠣᠨ ᠳ᠋ᠤ ᠂ ᠳ᠋ᠠᠨᠢᠽᠠᠨ᠎ᠠ ᠶ᠋ᠢᠨ ᠠᠪᠤ ᠲᠠ ᠸᠠᠩ ᠡᠪᠡᠳᠴᠢᠨ ᠢᠶ᠋ᠡᠷ ᠨᠠᠰᠤ ᠪᠠᠷᠠᠪᠠ ᠃ ᠲᠤᠰ ᠵᠢᠯ ᠦ᠋ᠨ ᠡᠴᠦᠰ ᠲᠦ ᠂ ᠢᠷᠭᠡᠨ ᠦ ᠵᠠᠰᠠᠭ ᠤᠨ ᠣᠷᠳᠣᠨ ᠤ ᠲᠤᠰᠢᠶᠠᠯ ᠡᠴᠠ ᠳ᠋ᠠᠨᠢᠽᠠᠨ᠎ᠠ ᠶᠢ ᠬᠤᠰᠢᠭᠤᠨ ᠤ ᠵᠠᠰᠠᠭᠲᠦ ᠪᠠᠷ ᠲᠤᠮᠢᠯᠠᠵᠤ ᠂ ᠂ ᠴᠢᠨ ᠸᠠᠩ ᠤᠨ ᠪᠠᠶᠢᠷᠢ ᠰᠠᠭᠤᠷᠢᠨ ᠢ ᠵᠠᠯᠭᠠᠮᠵᠢᠯᠠᠭᠰᠠᠨ ᠪᠠᠶᠢᠨ᠎ᠠ᠃
1932 ᠤᠨ ᠤ12 ᠰᠠᠷ᠎ᠠ ᠶ᠋ᠢᠨ 12 ᠦ ᠡᠳᠦᠷ ᠂ ᠳ᠋ᠠᠨᠢᠽᠠᠨ᠎ᠠ ᠨᠢ ᠪᠸᠡᠶᠢᠫᠢᠩ ᠦᠨ ᠯᠦᠸᠧ ᠸᠠᠩ ᠤᠨ ᠣᠷᠳᠣᠨ ᠳ᠋ᠤ ᠲᠤᠰᠢᠶᠠᠯ ᠳ᠋ᠤ ᠭᠠᠷᠬᠤ ᠶᠣᠰᠣᠯᠠᠯ ᠶᠠᠪᠤᠭᠳᠠᠭᠤᠯᠵᠤ ᠂ ᠠᠯᠠᠱᠠ ᠬᠤᠰᠢᠭᠤᠨ ᠤ ᠶᠢᠰᠦᠳᠦᠭᠡᠷ ᠦᠶ᠎ᠡ ᠶ᠋ᠢᠨ ᠠᠷᠪᠠᠳᠠᠬᠢ ᠴᠢᠨ ᠸᠠᠩ ᠤᠨ ᠰᠠᠭᠤᠷᠢᠨ ᠳ᠋ᠤ ᠰᠠᠭᠤᠵᠠᠢ ᠃ ᠠᠯᠠᠱᠠ ᠳ᠋ᠤ ᠪᠤᠴᠠᠨ ᠬᠠᠷᠢᠭᠰᠠᠨ ᠤ ᠳᠠᠷᠠᠭ᠎ᠠ ᠂ ᠳ᠋ᠠᠨᠢᠽᠠᠨ᠎ᠠ ᠳ᠋ᠢᠩ ᠶᠤᠸᠠᠨ ᠶᠢᠩ ᠳ᠋ᠤ ᠤᠷᠤᠨ ᠵᠠᠯᠭᠠᠮᠵᠢᠯᠠᠬᠤ ᠶᠡᠬᠡ ᠶᠣᠰᠣᠯᠠᠯ ᠬᠢᠭᠰᠡᠨ ᠪᠠᠶᠢᠨ᠎ᠠ ᠃ ᠡᠨᠡᠬᠦ ᠶᠣᠰᠣᠯᠠᠯ ᠨᠢ ᠨᠡᠩ ᠶᠡᠭᠡ ᠬᠡᠪᠴᠢᠶ᠎ᠡ ᠲᠠᠢ ᠪᠠᠶᠢᠵᠦ ᠂ ᠠᠯᠢᠪᠠ ᠪᠦᠬᠦᠨ ᠨᠢ ᠴᠢᠩ ᠤᠯᠤᠰ ᠤᠨ ᠬᠠᠤᠯᠢ ᠳᠦᠷᠢᠮ ᠤᠨ ᠬᠡᠯᠪᠡᠷᠢ ᠪᠡᠷ ᠶᠠᠪᠤᠭᠳᠠᠵᠠᠢ᠃ ᠶᠣᠰᠣᠯᠠᠯ ᠶᠠᠪᠤᠭᠤᠯᠬᠤ ᠦᠶ᠎ᠡ ᠳ᠋ᠤ ᠂ ᠳ᠋ᠠᠨᠢᠽᠠᠨ᠎ᠠ ᠥᠳᠥ ᠤᠷᠤᠢ ᠲᠠᠢ ᠲᠡᠷᠯᠢᠭ ᠡᠮᠦᠰᠴᠦ ᠂ ᠬᠠᠲᠤᠨ ᠵᠢᠨ ᠶᠦᠨ ᠴᠧᠩ ᠪᠠᠰᠠ ᠹᠦ᠋ ᠵᠢᠨ ᠬᠠᠲᠤᠨ ᠦ ᠮᠣᠩᠭᠣᠯ ᠳᠡᠪᠡᠯ ᠡᠮᠦᠰᠦᠨ ᠂ ᠨᠢᠷᠤᠭᠤᠨ ᠳᠡᠭᠡᠷ᠎ᠡ ᠪᠥᠭᠡᠮ ᠥᠩᠭᠡᠲᠦ ᠪᠦᠰᠡᠯᠡᠬᠦᠷ ᠪᠦᠰᠡᠯᠡᠵᠦ ᠂ ᠬᠤᠶᠠᠭᠤᠯᠠ ᠪᠠᠨ ᠤᠷᠳᠤᠨ ᠤ ᠵᠡᠭᠦᠨ ᠪᠠᠷᠠᠭᠤᠨ ᠬᠤᠶᠠᠷ ᠲᠠᠯ᠎ᠠ ᠬᠤᠪᠢᠶᠠᠵᠦ ᠣᠷᠳᠤᠨ ᠤ ᠳᠡᠭᠡᠳᠦ ᠣᠷᠤᠨ ᠳ᠋ᠤ ᠰᠠᠭᠤᠵᠤ ᠂ ᠤᠯᠠᠨ ᠤ ᠮᠦᠷᠬᠦᠯ ᠢ ᠬᠦᠯᠢᠶᠡᠭᠰᠡᠨ ᠪᠠᠶᠢᠨ᠎ᠠ ᠃ ᠲᠡᠷᠡ ᠦᠶ᠎ᠡ ᠳ᠋ᠦ ᠭᠣᠮᠢᠨᠳᠠᠩ ᠤᠨ ᠵᠠᠰᠠᠭ ᠤᠨ ᠣᠷᠳᠣᠨ ᠪᠠ ᠮᠣᠩᠭᠣᠯ ᠲᠥᠪᠡᠳ ᠬᠤᠷᠢᠶᠠᠨ ᠡᠴᠠᠴᠦ ᠨᠣᠶᠠᠳ ᠬᠦᠷᠦᠯᠴᠡᠨ ᠢᠷᠡᠵᠦ ᠪᠠᠶᠠᠷ ᠬᠦᠷᠭᠡᠵᠦ᠂ ᠨᠢᠩᠰᠢᠶᠠ ᠂ ᠪᠸᠡᠶᠢᠫᠢᠩ ᠵᠡᠷᠭᠡ ᠭᠠᠵᠡᠷ ᠡᠴᠡ ᠴᠦ ᠲᠥᠯᠥᠭᠡᠯᠡᠭᠴᠢ ᠲᠣᠮᠢᠯᠠᠨ ᠬᠤᠷᠠᠯ ᠳ᠋ᠤ ᠬᠦᠷᠦᠯᠴᠡᠨ ᠢᠷᠡᠭᠰᠡᠨ ᠨᠢ ᠲᠡᠷᠭᠡ ᠮᠤᠷᠢᠨ ᠤ ᠤᠷᠤᠰᠬᠠᠯ ᠮᠡᠲᠦ᠂ ᠨᠣᠶᠠᠳ ᠲᠦᠰᠢᠮᠡᠳ ᠬᠤᠷᠠᠨ ᠴᠤᠭᠯᠠᠷᠠᠵᠤ ᠂ ᠨᠢᠭᠡᠨ ᠦᠢ᠎ᠡ ᠮᠠᠰᠢᠳᠠ ᠬᠦᠭᠡᠷᠡᠯᠳᠦᠭᠰᠡᠨ ᠪᠠᠶᠢᠳᠠᠭ ᠃
20 ᠳ᠋ᠤᠭᠠᠷ ᠵᠠᠭᠤᠨ ᠤ ᠬᠣᠷᠢ ᠭᠤᠴᠢᠭᠠᠳ ᠣᠨ ᠤ ᠦᠶ᠎ᠡ ᠳ᠋ᠤ ᠂ ᠮᠠᠨ ᠤ ᠤᠯᠤᠰ ᠶᠠᠭ ᠴᠡᠷᠢᠭ ᠤᠨ ᠡᠷᠬᠡᠲᠡᠨ ᠤ ᠰᠠᠮᠠᠭᠤᠷᠠᠯ᠂ ᠵᠠᠰᠠᠭ ᠤᠨ ᠡᠷᠬᠡ ᠶᠢᠨ ᠰᠤᠯᠢᠭᠳᠠᠯ᠂ ᠠᠷᠠᠳ ᠢᠷᠭᠡᠳ ᠠᠮᠢᠳᠤᠷᠠᠬᠤ ᠶ᠋ᠢᠨ ᠠᠷᠭ᠎ᠠ ᠦᠭᠡᠢ ᠪᠠᠶᠢᠳᠠᠯ ᠳ᠋ᠤ ᠤᠷᠤᠰᠢᠵᠦ ᠪᠠᠶᠢᠭᠰᠠᠨ ᠶᠤᠮ᠃ ᠬᠠᠷᠠᠩᠭᠤᠶ ᠤᠯᠤᠰ ᠲᠦᠷᠤ ᠶ᠋ᠢᠨ ᠨᠥᠯᠥᠭᠡ ᠪᠡᠷ ᠂ ᠠᠯᠠᠱᠠ ᠬᠤᠰᠢᠭᠤᠨ ᠳᠤ ᠤᠷᠢᠳ ᠬᠣᠵᠢᠳ ᠲᠤᠰᠠᠭᠠᠷ ᠠᠨᠭᠬᠢ ᠤᠨ ᠬᠢᠨ ᠳ᠋ᠢᠩ ᠶᠤᠸᠠᠨ ᠶᠢᠩ ᠢ ᠳᠠᠭᠠᠷᠢᠭᠰᠠᠨ᠂ ᠰᠢᠷ᠎ᠠ ᠯᠣᠣ ᠵᠢᠯ ᠦᠨ ᠲᠥᠷᠥ ᠶ᠋ᠢᠨ ᠬᠤᠪᠢᠰᠤᠯ ᠂ ᠮᠠ ᠵᠦᠩ ᠢᠩ ᠤᠨ ᠰᠠᠮᠠᠭᠤᠷᠠᠯ ᠂ ᠡᠮᠦᠨ᠎ᠡ ᠰᠦᠮ᠎ᠡ ᠶ᠋ᠢᠨ ᠭᠡᠭᠡᠨ ᠦᠬᠡᠷᠡᠭ ᠵᠡᠷᠭᠡ ᠴᠢᠬᠤᠯᠠ ᠶᠡᠬᠡ ᠲᠡᠦᠬᠡᠨ ᠬᠡᠷᠡᠭ ᠶᠠᠪᠤᠳᠠᠯ ᠡᠭᠦᠰᠴᠤ ᠂ ᠲᠤᠬᠠᠶ ᠶ᠋ᠢᠨ ᠭᠠᠵᠠᠷ ᠤᠨ ᠤᠯᠤᠰ ᠲᠦᠷᠦ ᠶ᠋ᠢᠨ ᠠᠮᠢᠳᠤᠷᠠᠯ ᠳ᠋ᠤ ᠠᠯᠤᠰ ᠬᠡᠳᠦ ᠶ᠋ᠢᠨ ᠨᠥᠯᠥᠭᠡ ᠦᠵᠡᠭᠦᠯᠦᠭᠰᠡᠨ ᠪᠠᠶᠢᠨ᠎ᠠ ᠂ ᠵᠢᠯ ᠳᠠᠷᠠᠭᠠᠯᠠᠭᠰᠠᠨ ᠭᠠᠩ ᠭᠠᠴᠢᠭ ᠨᠢ ᠪᠠᠰᠠ ᠴᠤ ᠮᠠᠯᠴᠢᠳ ᠢ ᠨᠡᠩ ᠶᠠᠳᠠᠭᠤ ᠵᠦᠳᠡᠭᠦᠦ ᠪᠠᠶᠢᠳᠠᠯ ᠳ᠋ᠦ ᠤᠷᠤᠭᠤᠯᠵᠠᠢ ᠃ ᠠᠯᠠᠱᠠ ᠬᠤᠰᠢᠭᠤ ᠤᠨ ᠬᠦᠨᠳᠦ ᠨᠣᠴᠢᠲᠠᠶ ᠤᠯᠤᠰ ᠲᠦᠷᠦ ᠶ᠋ᠢᠨ ᠦᠢᠮᠡᠭᠡᠨ ᠳᠡᠪᠵᠢᠶᠡᠨ ᠡᠴᠡ ᠪᠤᠯᠵᠤ ᠂ ᠠᠵᠤ ᠠᠬᠤᠶ ᠤᠷᠤᠭᠤᠳᠠᠨ ᠳᠣᠷᠣᠶᠢᠳᠠᠵᠤ ᠂ ᠬᠣᠰᠢᠭᠤ ᠠᠷᠠᠳ ᠤᠨ ᠠᠮᠢᠳᠤᠷᠠᠯ ᠶᠠᠳᠠᠭᠤ ᠵᠦᠳᠡᠬᠦᠦ ᠪᠤᠯᠤᠭᠰᠠᠨ ᠪᠠᠶᠢᠳᠠᠯ ᠤᠨ ᠳᠤᠤᠷ᠎ᠠ ᠳ᠋ᠠᠨᠢᠽᠠᠨ᠎ᠠ ᠠᠤᠭ᠎ᠠ ᠬᠦᠰᠡᠯ ᠵᠣᠷᠢᠭ ᠢ ᠡᠪᠦᠷᠢᠯᠡᠨ ᠂ 1934 ᠣᠨ ᠳ᠋ᠦ ᠳᠠᠬᠢᠨ ᠬᠣᠰᠢᠭᠤᠨ ᠳ᠋ᠠᠭᠠᠨ ᠪᠣᠴᠠᠵᠦ ᠵᠠᠰᠠᠭ ᠢᠶᠠᠨ ᠡᠷᠬᠢᠯᠡᠭᠰᠡᠨ ᠪᠤᠴᠠᠭᠰᠠᠨ ᠪᠠᠶᠢᠨ᠎ᠠ ᠃
ᠠᠯᠠᠱᠠ ᠬᠤᠰᠢᠭᠤᠨ ᠳ᠋ᠠᠭᠠᠨ ᠪᠤᠴᠠᠭᠰᠠᠨ ᠤ ᠳᠠᠷᠠᠭᠠᠬᠢ ᠳ᠋ᠠᠨᠢᠽᠠᠨ᠎ᠠ ᠨᠢ ᠂ ᠤᠯᠤᠰ ᠲᠥᠷᠥ ᠂ ᠠᠵᠤ ᠠᠬᠤᠢ ᠂ ᠴᠡᠷᠢᠭ ᠳᠠᠶᠢᠨ ᠂ ᠰᠣᠶᠣᠯ ᠤᠨ ᠲᠠᠯ᠎ᠠ ᠪᠠᠷ ᠨᠢᠭᠡ ᠰᠢᠷᠢᠰ ᠦᠭᠡᠷᠡᠴᠢᠯᠡᠯᠲᠡ ᠬᠢᠭᠰᠡᠨ ᠪᠠᠶᠢᠨ᠎ᠠ ᠃ ᠡᠩ ᠲᠡᠷᠢᠭᠦᠨ ᠳ᠋ᠦ ᠂ ᠸᠠᠩ ᠤᠨ ᠣᠷᠳᠣᠨ ᠤ ᠪᠠᠶᠢᠭᠤᠯᠤᠮᠵᠢ ᠶ᠋ᠢᠨ ᠲᠠᠯ᠎ᠠ ᠪᠠᠷ ᠄ ᠢᠷᠭᠡᠨ ᠤᠯᠤᠰ ᠤᠨ ᠵᠠᠰᠠᠭ ᠤᠨ ᠣᠷᠳᠣᠨ ᠡᠴᠠ ᠮᠣᠩᠭᠣᠯ ᠬᠤᠰᠢᠭᠤᠳ ᠲᠤ ᠤᠯᠭᠤᠭᠰᠠᠨ ᠥᠪᠡᠷᠲᠡᠭᠡᠨ ᠵᠠᠰᠠᠬᠤ ᠡᠷᠬᠡ ᠶ᠋ᠢ ᠠᠰᠢᠭᠯᠠᠵᠤ ᠂ ᠸᠠᠩ ᠤᠨ ᠣᠷᠳᠣᠨ ᠤ ᠪᠠᠶᠢᠭᠤᠯᠤᠮᠵᠢ ᠳ᠋ᠤ ᠥᠭᠡᠷᠡᠴᠢᠯᠡᠯᠲᠡ ᠬᠢᠵᠦ᠂ ᠠᠯᠪᠠᠨ ᠭᠡᠷ ᠢ ᠬᠦᠴᠦᠨ ᠦᠭᠡᠢ ᠪᠤᠯᠭᠠᠵᠤ ᠂ ᠠᠯᠠᠱᠠ ᠬᠤᠰᠢᠭᠤᠨ ᠤ ᠵᠠᠰᠠᠭ ᠤᠨ ᠣᠷᠳᠣᠨ ᠢ ᠪᠠᠶᠢᠭᠤᠯᠵᠤ᠂ ᠳᠤᠤᠷ᠎ᠠ ᠨᠢ ᠵᠠᠰᠠᠭ ᠤᠨ ᠶᠠᠪᠤᠳᠠᠯ ᠂ ᠡᠳ᠋ ᠤᠨ ᠵᠠᠰᠠᠭ ᠂ ᠨᠠᠷᠢᠨ ᠪᠢᠴᠢᠭᠡᠴᠢ ᠂ ᠰᠤᠷᠭᠠᠨ ᠬᠥᠮᠦᠵᠢᠯ ᠤᠨ ᠭᠠᠵᠠᠷ ᠳᠦᠷᠪᠡ ᠶ᠋ᠢ ᠪᠠᠶᠢᠭᠤᠯᠵᠤ᠂ ᠵᠠᠰᠠᠭ ᠵᠠᠬᠢᠷᠭᠠᠨ ᠤ ᠬᠡᠷᠡᠭ ᠶᠠᠪᠤᠳᠠᠯ ᠢ ᠬᠠᠮᠢᠶᠠᠷᠠᠭᠤᠯᠪᠠ ᠃ ᠬᠠᠤᠯᠢ ᠴᠠᠭᠠᠵᠠ ᠶ᠋ᠢᠨ ᠪᠠᠶᠢᠭᠤᠯᠤᠮᠵᠢ ᠶ᠋ᠢᠨ ᠬᠡᠷᠡᠭ ᠡᠷᠬᠢᠯᠡᠭᠴᠢ ᠶᠢᠨ ᠭᠠᠵᠠᠷ ᠢ ᠡᠷᠬᠢᠯᠡᠨ ᠭᠦᠢᠴᠡᠳᠬᠡᠬᠦ ᠵᠦᠪᠯᠡᠯ ( ᠰᠢᠭᠦᠬᠦ ᠬᠣᠷᠢᠶᠠᠨ ) ᠪᠤᠯᠭᠠᠨ ᠬᠤᠪᠢᠷᠠᠭᠤᠯᠵᠠᠢ ᠃ ᠬᠢᠨᠠᠨ ᠪᠠᠶᠢᠴᠠᠭᠠᠬᠤ ᠲᠤᠪᠴᠢᠶ᠎ᠠ ᠠᠮᠤᠷ ᠢ ᠬᠠᠮᠠᠭᠠᠯᠠᠬᠤ ᠴᠠᠭᠳᠠᠭᠠᠨ ᠤ ᠶᠠᠪᠤᠳᠠᠯ ᠢ ᠪᠠᠶᠢᠭᠤᠯᠵᠦ ᠂ ᠣᠷᠣᠨ ᠨᠤᠲᠤᠭ ᠤᠨ ᠭᠠᠶᠢᠯᠢ ᠲᠠᠲᠠᠪᠤᠷᠢ ᠶ᠋ᠢᠨ ᠠᠵᠢᠯ ᠢ ᠬᠠᠷᠢᠴᠠᠭᠤᠯᠵᠡᠢ ᠃ 36 ᠪᠠᠭ ᠢᠶᠠᠷ ᠨᠢᠭᠡᠴᠢ ᠪᠣᠯᠭᠠᠭᠰᠠᠨ ᠦᠨᠳᠦᠰᠦᠨ ᠱᠠᠲᠤᠨ ᠤ ᠵᠠᠰᠠᠭ ᠵᠠᠬᠢᠷᠭᠠᠨ ᠤ ᠪᠠᠶᠢᠭᠤᠯᠭ᠎ᠠ ᠨᠢ ᠮᠠᠯᠵᠢᠬᠤ ᠣᠷᠣᠨ ᠤ ᠵᠠᠰᠠᠭ ᠵᠠᠬᠢᠷᠭᠠᠨ ᠤ ᠬᠡᠷᠡᠭ ᠶᠠᠪᠤᠳᠠᠯ ᠢ ᠬᠠᠮᠢᠶᠠᠷᠤᠨ ᠂ ᠳ᠋ᠸᠩᠺᠸᠤ ᠳᠥᠷᠪᠡᠨ ᠬᠠᠰᠢᠯᠭ᠎ᠠ ᠵᠡᠷᠭᠡ 3 ᠶᠡᠷᠦᠩᠬᠡᠶ ᠵᠠᠬᠢᠷᠭ᠎ᠠ ᠶ᠋ᠢᠨ ᠬᠠᠮᠢᠶᠠᠷᠤᠯᠲᠠ ᠶ᠋ᠢᠨ ᠡᠷᠬᠡ ᠲᠤᠰᠢᠶᠠᠯ ᠢ ᠴᠢᠩᠭᠠᠳᠬᠠᠭᠰᠠᠨ ᠪᠠᠶᠢᠨ᠎ᠠ ᠃
ᠠᠵᠢᠯᠳᠠᠨ ᠤ ᠶᠠᠪᠤᠳᠠᠯ ᠪᠣᠯᠤᠨ ᠨᠡᠶᠢᠭᠡᠮ ᠤᠨ ᠥᠭᠡᠷᠡᠴᠢᠯᠡᠯᠲᠡ ᠶ᠋ᠢᠨ ᠲᠠᠯ᠎ᠠ ᠪᠠᠷ ᠄ ᠸᠠᠩ ᠤᠨ ᠣᠷᠳᠣᠨ ᠤ ᠲᠤᠰᠢᠶᠠᠯᠲᠠᠨ ᠤ ᠦᠵᠡᠯ ᠰᠠᠨᠠᠭ᠎ᠠ ᠬᠡᠪᠰᠢᠮᠡᠯ ᠂ ᠲᠤᠰ ᠲᠤᠰ ᠲᠠᠭᠠᠨ ᠲᠤᠭ ᠪᠤᠰᠬᠠᠵᠤ ᠪᠠᠶᠢᠭᠰᠠᠨ ᠪᠠᠶᠢᠳᠠᠯ ᠳ᠋ᠦ ᠴᠢᠭᠯᠡᠬᠦᠯᠵᠦ ᠨᠢᠭᠡ ᠪᠦᠯᠦᠭ ᠦᠵᠡᠯ ᠰᠠᠨᠠᠭ᠎ᠠ ᠨᠢ ᠬᠡᠪᠰᠢᠮᠡᠯ ᠪᠠ ᠨᠠᠰᠤ ᠠᠬᠢᠭᠰᠠᠨ ᠨᠣᠶᠠᠳ ᠲᠦᠰᠢᠮᠡᠳ ᠢ ᠢᠳᠬᠠᠨ ᠪᠠᠭᠤᠯᠭᠠᠵᠤ᠂ ᠨᠢᠭᠡ ᠪᠦᠯᠦᠭ ᠸᠠᠩ ᠨᠤᠶᠠᠨ ᠳ᠋ᠤ ᠰᠢᠳᠤᠷᠭᠤ ᠂ ᠰᠤᠶᠤᠯ ᠤᠨ ᠬᠦᠷᠲᠡᠭᠡᠮᠵᠢ ᠪᠡᠷ ᠦᠨᠳᠦᠷ ᠢᠳᠡᠷ ᠵᠠᠯᠠᠭᠤᠰ ᠢ ᠰᠢᠯᠢᠨ ᠰᠣᠩᠭᠣᠵᠤ ᠲᠤᠰᠢᠶᠠᠯ ᠳ᠋ᠦ ᠲᠤᠮᠢᠯᠠᠨᠬᠣ ᠰᠢᠭᠤᠳ ᠵᠠᠰᠠᠭ ᠤᠨ ᠣᠷᠳᠣᠨ ᠤ ᠡᠯ᠎ᠡ ᠱᠠᠲᠤᠨ ᠤ ᠨᠤᠶᠠᠳ ᠤᠨ ᠠᠵᠢᠯ ᠢ ᠬᠠᠷᠢᠭᠤᠴᠠᠭᠤᠯᠤᠭᠰᠠᠨ ᠪᠠᠶᠢᠨ᠎ᠠ ᠃ ᠡᠮᠦᠨ᠎ᠡ ᠴᠢᠩ ᠤᠯᠤᠰ ᠤᠨ ᠰᠥᠭᠥᠳᠦᠨ ᠮᠦᠷᠬᠦᠬᠦ ᠶᠣᠰᠤᠨ ᠢ ᠬᠦᠴᠦᠨ ᠦᠭᠡᠢ ᠪᠤᠯᠭᠠᠵᠤ ᠂ ᠶᠣᠰᠤᠯᠠᠬᠤ ᠶᠣᠰᠤᠯᠠᠯ ᠤᠨ ᠳᠦᠷᠢᠮ ᠢ ᠬᠡᠷᠡᠭᠵᠢᠭᠦᠯᠦᠭᠰᠡᠨ ᠪᠠᠶᠢᠨ᠎ᠠ᠃ ᠹᠸᠤᠳᠠᠯ ᠤᠨ ᠬᠠᠷᠢᠶᠠᠲᠤ ᠢᠷᠭᠡᠨ ᠦ ᠲᠦᠷᠢᠮ ᠶ᠋ᠢ ᠦᠭᠡᠶᠢᠰᠭᠡᠵᠦ᠂ ᠬᠣᠰᠢᠭᠤ ᠠᠷᠠᠳ ᠤᠨ ᠪᠠᠶᠢᠷᠢ ᠰᠠᠭᠤᠷᠢ ᠡᠷᠬᠡ ᠲᠡᠭᠰᠢ ᠪᠤᠯᠤᠭᠰᠠᠨ ᠃ ᠬᠠᠷ᠎ᠠ ᠲᠠᠮᠠᠬᠢ ᠂ ᠮᠥᠷᠥᠶ ᠂ ᠶᠠᠩᠬᠠᠨ ᠢ ᠴᠠᠭᠠᠵᠠᠯᠠᠵᠤ ᠂ ᠬᠤᠯᠠᠭᠠᠶ ᠳᠡᠭᠡᠷᠡᠮ ᠪᠠ ᠠᠯᠢᠪᠠ ᠵᠠᠨᠤᠯᠳᠤ ᠮᠠᠭᠤ ᠬᠦᠮᠦᠰ ᠦᠨ ᠬᠠᠤᠯᠢ ᠪᠣᠰᠤ ᠠᠵᠢᠯᠯᠠᠭ᠎ᠠ ᠶ᠋ᠢ ᠴᠢᠩᠭ᠎ᠠ ᠪᠠᠶᠢᠴᠠᠭᠠᠵᠤ ᠂ ᠪᠦᠭᠦ ᠬᠣᠰᠢᠭᠤᠨ ᠤ ᠡᠯ᠎ᠡ ᠡᠲᠡᠭᠡᠳ ᠤᠨ ᠬᠥᠮᠦᠰ ᠤᠨ ᠠᠮᠤᠷ ᠲᠠᠶᠢᠪᠤᠩ ᠠᠵᠤ ᠲᠦᠷᠦᠭᠦ ᠶ᠋ᠢ ᠪᠠᠲᠤᠯᠠᠭᠰᠠᠨ ᠪᠠᠶᠢᠨ᠎ᠠ ᠃
ᠠᠵᠤ ᠠᠬᠤᠶ ᠶ᠋ᠢᠨ ᠲᠠᠯ᠎ᠠ ᠪᠠᠷ ᠦᠢᠯᠡᠳᠪᠦᠷᠢ ᠬᠤᠳᠠᠯᠳᠤᠭ᠎ᠠ ᠶ᠋ᠢ ᠬᠦᠭᠵᠢᠬᠦᠯᠦᠨ ᠂ ᠡᠳ᠋ ᠤᠨ ᠵᠠᠰᠠᠭ ᠭᠠᠶᠢᠯᠢ ᠲᠠᠲᠠᠪᠤᠷ ᠶ᠋ᠢᠨ ᠥᠭᠡᠷᠡᠴᠢᠯᠡᠯᠲᠡ ᠶ᠋ᠢ ᠬᠡᠷᠡᠭᠵᠢᠭᠦᠯᠵᠡᠢ ᠃ ᠱᠠᠰᠢᠨ ᠤ ᠬᠡᠷᠡᠭ ᠲᠤ ᠴᠡᠪᠡᠷᠯᠡᠭᠡ ᠬᠢᠵᠦ ᠂ ᠳ᠋ᠸ᠋ᠩᠺᠸᠤ ᠵᠢᠨ ᠵᠡᠷᠭᠡ ᠭᠠᠵᠠᠷ ᠤᠨ ᠲᠠᠷᠢᠶ᠎ᠠ ᠶ᠋ᠢᠨ ᠥᠮᠴᠢᠯᠡᠬᠦ ᠡᠷᠬᠡ ᠶ᠋ᠢ ᠬᠤᠷᠢᠶᠠᠨ ᠠᠪᠴᠤ ᠂ ᠭᠠᠵᠠᠷ ᠰᠢᠷᠣᠶ ᠶ᠋ᠢᠨ ᠲᠤᠷᠢᠶᠡᠰᠦᠯᠡᠨ ᠠᠮᠤ ᠪᠤᠳᠠᠭ᠎ᠠ ᠲᠠᠲᠠᠪᠦᠷᠢᠯᠠᠵᠦ᠂ ᠤᠷᠳᠤᠨ ᠤ ᠬᠥᠮᠥᠷᠭᠡ ᠪᠠᠨ ᠳᠦᠭᠦᠷᠭᠡᠭᠰᠡᠨ ᠪᠠᠶᠢᠨ᠎ᠠ ᠃ ᠣᠷᠣᠨ ᠨᠤᠲᠤᠭ ᠤᠨ ᠡᠳ᠋ ᠤᠨ ᠢᠷᠡᠯᠳᠡ ᠶ᠋ᠢ ᠦᠷᠭᠡᠳᠬᠡᠵᠦ ᠂ ᠳᠠᠪᠤᠰᠤᠨ ᠤ ᠶᠠᠪᠤᠳᠠᠯ ᠤᠨ ᠭᠠᠵᠠᠷ ᠪᠠᠶᠢᠭᠤᠯᠵᠤ ᠂ ᠳᠠᠪᠤᠰᠤᠨ ᠤ ᠦᠶᠯᠡᠰ ᠤᠨ ᠬᠠᠮᠢᠶᠠᠷᠤᠯᠲᠠ ᠶ᠋ᠢ ᠴᠢᠩᠭᠠᠳᠬᠠᠵᠠᠢ ᠃ ᠠᠯᠠᠱᠠ ᠠᠭᠤᠯᠠ ᠶ᠋ᠢᠨ ᠨᠡᠭᠦᠷᠡᠰᠦ ᠮᠠᠯᠲᠠᠬᠤ ᠦᠢᠯᠡᠰ ᠢ ᠴᠡᠭᠴᠡᠯᠡᠵᠦ ᠂ ᠾᠧ ᠭᠤᠸᠠᠶ ᠽᠢ ( ᠤᠳᠠ ) ᠨᠡᠭᠦᠷᠡᠰᠦᠨ ᠠᠭᠤᠷᠬᠠᠶ ᠶ᠋ᠢ ᠬᠣᠷᠢᠶᠠᠨ ᠠᠪᠴᠤ ᠥᠪᠡᠷ ᠲᠡᠬᠡᠨ ᠨᠡᠭᠡᠭᠡᠨ ᠮᠠᠯᠲᠠᠵᠦ ᠂ ᠭᠦᠯᠪᠡᠨᠵᠡᠷᠭᠡ ᠵᠢᠵᠢᠭ ᠠᠭᠤᠷᠬᠠᠶ ᠶ᠋ᠢ ᠲᠦᠷᠢᠶᠡᠰᠦᠯᠡᠨ ᠦᠭᠭᠦᠭᠰᠡᠨ ᠪᠠᠶᠢᠨ᠎ᠠ ᠃ ᠳ᠋ᠢᠩ ᠶᠤᠸᠠᠨ ᠶᠢᠩ ᠬᠣᠲᠠ ᠳᠤᠲᠤᠷᠠᠬᠢᠵᠠᠭᠤ ᠰᠢᠬᠠᠮ ᠫᠦᠰᠡ ᠶ᠋ᠢᠨ ᠭᠠᠵᠠᠷ ᠤᠨ ᠬᠠᠮᠢᠶᠠᠷᠤᠯᠲᠠ ᠶ᠋ᠢ ᠴᠢᠩᠭᠠᠳᠬᠠᠵᠤ ᠂ ᠲᠣᠭᠲᠠᠭᠠᠭᠰᠠᠨ ᠭᠠᠶᠢᠯᠢ ᠬᠤᠷᠢᠶᠠᠬᠤ ᠠᠷᠭ᠎ᠠ ᠪᠤᠳᠤᠯᠭ᠎ᠠ ᠶ᠋ᠢ ᠲᠤᠭᠲᠠᠭᠠᠨ᠂ ᠭᠠᠶᠢᠯᠢ ᠶ᠋ᠢᠨ ᠮᠥᠩᠭᠥ ᠲᠠᠲᠠᠪᠤᠷᠢᠯᠠᠨ ᠠᠪᠤᠨ᠎ᠠ ᠃ ᠵᠠᠰᠠᠭ ᠤᠨ ᠶᠠᠮᠤᠨ ᠤ ᠠᠯᠪᠠ ᠶ᠋ᠢ ᠬᠠᠰᠤᠵᠤ᠂ ᠸᠠᠩ ᠤᠨ ᠣᠷᠳᠣᠨ ᠤ ᠵᠠᠷᠤᠯᠭ᠎ᠠ ᠶ᠋ᠢ ᠪᠠᠭᠠᠰᠬᠠᠵᠠᠢ ᠃
ᠴᠡᠷᠢᠭ ᠤᠨ ᠶᠠᠪᠤᠳᠠᠯ ᠤᠨ ᠲᠠᠯ᠎ᠠ ᠥᠭᠡᠷᠡᠴᠢᠯᠡᠯᠲᠡ ᠶ᠋ᠢ ᠴᠢᠩᠭ᠎ᠠ ᠬᠡᠷᠡᠭᠵᠢᠬᠦᠯᠵᠦ ᠂ ᠣᠷᠣᠨ ᠨᠤᠲᠤᠭ ᠤᠨ ᠴᠡᠷᠢᠭ ᠤᠨ ᠬᠦᠴᠦᠨ ᠢ ᠥᠷᠭᠡᠳᠬᠡᠵᠡᠶ ᠃ ᠶᠠᠫᠣᠨ ᠢ ᠡᠰᠡᠷᠭᠦᠴᠡᠬᠦ ᠲᠠᠢᠢᠨ ᠤ ᠦᠶ᠎ᠡ ᠳ᠋ᠤ ᠂ ᠬᠢᠯᠢ ᠬᠢᠵᠠᠭᠠᠷ ᠣᠷᠣᠨ ᠤ ᠪᠠᠲᠤᠯᠠᠨ ᠬᠠᠮᠠᠭᠠᠯᠠᠯᠲᠠ ᠶ᠋ᠢᠨ ᠠᠵᠢᠯ ᠢ ᠴᠢᠩᠭᠠᠳᠬᠠᠵᠤ ᠂ ᠲᠦᠷᠢᠮᠡᠬᠡᠶᠢᠯᠡᠯ ᠢ ᠡᠰᠡᠷᠭᠦᠴᠡᠨ ᠪᠠᠶᠢᠯᠳᠤᠵᠤ ᠂ 1936 ᠣᠨ ᠤ 3 ᠰᠠᠷ᠎ᠠ ᠳ᠋ᠤ ᠠᠯᠠᠱᠠ ᠬᠤᠰᠢᠭᠤᠨ ᠤ ᠣᠷᠤᠨ ᠨᠤᠲᠤᠭ ᠤᠨ ᠬᠠᠮᠠᠭᠠᠯᠠᠯᠲᠠ ᠶᠢᠨ ᠰᠧᠯᠢᠩᠪᠦ᠋ ᠶ᠋ᠢ ᠪᠠᠶᠢᠭᠤᠯᠵᠤ᠂ ᠲᠡᠷᠡ ᠪᠡᠶ᠎ᠡ ᠪᠡᠷ ᠪᠠᠨ ᠬᠣᠰᠢᠭᠤᠴᠢ ᠭᠧᠨᠧᠷᠠᠯ ᠰᠧᠯᠢᠩ ᠪᠤᠯᠵᠠᠢ ᠃ ᠬᠤᠰᠢᠭᠤᠨᠴᠢᠨ ᠸᠠᠩ ᠤᠨ ᠴᠡᠷᠢᠭ ᠠᠩᠭᠢ ᠶᠢᠨ ᠪᠠᠷᠢᠭᠠᠳᠠ ᠪᠠᠷ ᠰᠠᠭᠤᠷᠢ ᠪᠤᠯᠭᠠᠵᠦ ᠂ 1937 ᠣᠨ ᠳ᠋ᠤ ᠬᠤᠰᠢᠭᠤᠳ ᠤᠨ ᠠᠮᠤᠷ ᠢ ᠬᠠᠮᠠᠭᠠᠯᠠᠬᠤ ᠶᠡᠷᠦᠩᠬᠡᠶ ᠠᠩᠭᠢ ᠶ᠋ᠢ ᠪᠠᠶᠢᠭᠤᠯᠵᠤ ᠂ ᠵᠠᠩ ᠰᠢᠤᠸᠠᠢ ᠯᠢᠶᠠᠩ ᠂ ᠭᠤᠸᠠᠨ ᠯᠢᠨ ᠵᠧᠩ ᠵᠠᠩᠵᠤᠨ ᠵᠡᠷᠭᠡ ᠲᠠᠢ ᠬᠤᠪᠢ ᠶ᠋ᠢᠨ ᠬᠠᠷᠢᠴᠠᠭ᠎ᠠ ᠪᠠᠨ ᠠᠰᠢᠭᠯᠠᠵᠤ ᠪᠠᠶᠢᠭᠠᠳ ᠵᠡᠪᠰᠡᠭ ᠲᠣᠨᠣᠭᠯᠠᠯ ᠢᠶᠡᠨ ᠳᠡᠭᠦᠯᠳᠡᠷᠵᠢᠭᠦᠯᠦᠭᠰᠡᠨ ᠪᠠᠶᠢᠨ᠎ᠠ ᠃ ᠡᠭᠦᠨ ᠦ ᠳᠠᠭᠠᠤ ᠴᠡᠷᠢᠭ ᠤᠨ ᠪᠣᠯᠪᠠᠰᠤᠷᠠᠯ ᠤᠨ ᠠᠡᠭᠬᠢ ᠵᠤᠬᠢᠶᠠᠨ ᠪᠠᠶᠢᠭᠤᠯᠵᠦ ᠂ ᠴᠡᠷᠢᠭ ᠤᠨ ᠶᠠᠪᠤᠳᠠᠯ ᠤᠨ ᠭᠣᠣᠯᠯᠠᠭᠴᠢ ᠴᠢᠳᠠᠪᠤᠷᠢᠲᠠᠨ ᠢ ᠬᠦᠮᠦᠵᠢᠭᠦᠯᠦᠨ᠂ ᠴᠡᠷᠢᠭ ᠠᠨᠭᠭᠢ ᠶ᠋ᠢᠨ ᠲᠠᠢᠢᠴᠢᠨ ᠬᠦᠴᠦᠨ ᠢ ᠪᠠᠲᠤᠳᠬᠠᠭᠰᠠᠨ ᠪᠠᠶᠢᠨ᠎ᠠ᠃
ᠰᠣᠶᠣᠯ ᠤᠨ ᠲᠠᠯ᠎ᠠ ᠪᠠᠷ ᠂ ᠰᠤᠷᠭᠠᠭᠤᠯᠢ ᠡᠷᠬᠢᠯᠡᠵᠦ᠂ ᠴᠢᠳᠠᠪᠤᠷᠢᠲᠠᠨ ᠬᠦᠮᠦᠵᠢᠬᠦᠯᠦᠨ ᠂ ᠰᠣᠶᠣᠯ ᠤᠨ ᠲᠠᠯ᠎ᠠ ᠪᠠᠷ ᠬᠣᠴᠣᠷᠤᠩᠭᠤᠶ ᠪᠠᠶᠢᠬᠤ ᠪᠠᠶᠢᠳᠠᠯ ᠢ ᠬᠤᠪᠢᠷᠠᠭᠤᠯᠬᠤ ᠶ᠋ᠢᠨ ᠲᠥᠯᠥᠭᠡ ᠂ ᠬᠠᠲᠤᠨ ᠵᠢᠨ ᠶᠦᠨ ᠴᠧᠩ ᠤᠨ ᠬᠠᠪᠰᠤᠷᠤᠯᠭ᠎ᠠ ᠳᠡᠮᠵᠢᠯᠭᠡ ᠳᠣᠣᠷ᠎ᠠ ᠂ ᠠᠯᠠᠱᠠᠬᠤᠰᠢᠭᠤᠨ ᠤ ᠳ᠋ᠢᠩ ᠶᠤᠸᠠᠨ ᠶᠢᠩ᠂ ᠳ᠋ᠸᠩᠺᠸᠤ ᠳ᠋ᠤ ᠤᠷᠢᠳ ᠬᠤᠵᠢᠳ ᠬᠤᠰᠢᠭᠤᠨ ᠤ ᠪᠦᠷᠢᠮᠦᠰᠦᠨ ᠪᠠᠭ᠎ᠠ ᠰᠤᠷᠭᠠᠭᠤᠯᠢ ᠂ ᠠᠩᠬ᠎ᠠ ᠵᠡᠷᠭᠡ ᠶ᠋ᠢᠨ ᠥᠬᠢᠳ ᠤᠨ ᠪᠠᠭ᠎ᠠ ᠰᠤᠷᠭᠠᠭᠤᠯᠢ ᠂ ᠮᠣᠩᠭᠣᠯ ᠪᠠᠭ᠎ᠠ ᠰᠤᠷᠭᠠᠭᠤᠯᠢ ᠂ ᠳ᠋ᠸᠩᠺᠸᠤ ᠵᠢᠨ ᠠᠩᠬ᠎ᠠ ᠵᠡᠷᠭᠡ ᠤ ᠪᠠᠭ᠎ᠠᠰᠤᠷᠭᠠᠭᠤᠯᠢ ᠶ᠋ᠢ ᠤᠷᠢᠳ ᠬᠣᠵᠢᠳ ᠡᠭᠦᠳᠡᠨ ᠪᠠᠶᠢᠭᠤᠯᠵᠤ ᠂ ᠸᠠᠩ ᠭᠦᠩ ᠨᠣᠶᠠᠳ ᠲᠦᠰᠢᠮᠡᠳ ᠤᠨ ᠦᠷ᠎ᠡ ᠬᠡᠦᠬᠡᠳ ᠂ ᠬᠤᠰᠢᠭᠤ ᠠᠷᠠᠳ ᠤᠨ ᠦᠷ᠎ᠡ ᠬᠡᠦᠬᠡᠳ ᠪᠠ ᠮᠠᠯᠵᠢᠬᠤ ᠣᠷᠣᠨ ᠤ ᠬᠡᠦᠬᠡᠳ ᠢ ᠰᠤᠷᠭᠠᠭᠤᠯᠢ ᠳ᠋ᠤ ᠡᠯᠰᠡᠨ ᠂ ᠲᠡᠳᠡᠨ ᠳᠤ ᠤᠳᠤ ᠦᠶ᠎ᠡ ᠶ᠋ᠢᠨ ᠰᠣᠶᠣᠯ ᠤᠨ ᠮᠡᠳᠡᠯᠭᠡ ᠬᠦᠷᠲᠡᠭᠡᠯᠭᠡᠭᠰᠡᠨ ᠪᠠᠶᠢᠨ᠎ᠠ᠃ ᠡᠭᠦᠨ ᠦ ᠳᠠᠭᠠᠤ ᠳᠥᠭᠥᠮᠬᠡᠨ ᠪᠠᠭᠰᠢ ᠶ᠋ᠢᠨ ᠰᠤᠷᠭᠠᠭᠤᠯᠢ ᠡᠭᠦᠳᠦᠨ ᠪᠠᠶᠢᠭᠤᠯᠵᠤ ᠂ ᠪᠠᠭᠰᠢ ᠶ᠋ᠢᠨ ᠬᠦᠴᠦᠨ ᠢ ᠬᠦᠮᠦᠵᠢᠭᠦᠯᠦᠨ ᠂ ᠲᠤᠰ ᠬᠣᠰᠢᠭᠤᠨ ᠦ ᠥᠨᠳᠥᠷ ᠵᠡᠷᠭᠡ ᠶ᠋ᠢᠨ ᠪᠠᠭ᠎ᠠ ᠰᠤᠷᠭᠠᠭᠤᠯᠢ ᠲᠡᠭᠦᠰᠦᠭᠰᠡᠨ ᠰᠤᠷᠤᠭᠴᠢᠳ ᠢ ᠭᠠᠳᠠᠷ ᠤᠷᠤᠨ ᠤ ᠳᠤᠮᠳᠠᠳᠤ ᠰᠤᠷᠭᠠᠭᠤᠯᠢ ᠪᠤᠶᠤ ᠪᠠᠭᠰᠢ ᠶ᠋ᠢᠨ ᠰᠤᠷᠭᠠᠭᠤᠯᠢ ᠳ᠋ᠤ ᠪᠠᠲᠤᠯᠠ ᠬᠦᠷᠭᠡᠵᠦ ᠮᠡᠳᠡᠯᠭᠡ ᠳᠡᠭᠡᠭᠰᠢᠯᠡᠭᠦᠯᠳᠡᠭ ᠪᠠᠶᠢᠵᠠᠢ ᠃
︽ᠶᠢᠰᠦᠨ ᠰᠠᠷ᠎ᠠ ᠶ᠋ᠢᠨ ᠠᠷᠪᠠᠨ ᠨᠠᠢᠮᠠᠨ︾ ᠦ ᠬᠡᠷᠡᠭ ᠬᠤᠪᠢᠰᠤᠯ ᠤᠨ ᠳᠠᠷᠠᠭ᠎ᠠ ᠂ ᠢᠷᠭᠡᠨ ᠤ ᠵᠠᠰᠠᠭ ᠤᠨ ᠣᠷᠳᠣᠨ ᠡᠴᠠ《 ᠭᠠᠳᠠᠭᠠᠳᠤ ᠶ᠋ᠢ ᠳᠠᠷᠤᠯᠭᠤᠶᠢᠯᠠᠬᠤ ᠳ᠋ᠤ ᠤᠷᠢᠳᠠᠪᠠᠷ ᠳᠣᠲᠣᠭᠠᠳᠤ ᠪᠠᠨ ᠲᠦᠪᠰᠢᠳᠬᠡᠬᠦ ᠬᠡᠷᠡᠭᠲᠡᠶ 》 ᠭᠡᠰᠡᠨ ᠶᠠᠫᠣᠨ ᠢ ᠦᠯᠦ ᠡᠰᠡᠷᠭᠦᠴᠡᠬᠦ ᠲᠦ᠋ᠷᠦ ᠶ᠋ᠢᠨ ᠪᠤᠳ᠋ᠤᠯᠭ᠎ᠠ ᠶ᠋ᠢ ᠬᠡᠷᠡᠭᠵᠢᠬᠦᠯᠦᠭᠰᠡᠨ ᠦ ᠳ᠋ᠦᠩ ᠳ᠋ᠦ ᠵᠡᠭᠦᠨ ᠬᠣᠶᠢᠲᠤ ᠣᠷᠣᠨ ᠤ ᠭᠤᠷᠪᠠᠨ ᠮᠤᠵᠢ ᠨᠢ ᠳᠠᠶᠢᠰᠤᠨ ᠳᠤ ᠡᠵᠡᠯᠡᠭᠳᠡᠪᠡ ᠃ ᠶᠠᠫᠣᠨ ᠤ ᠡᠵᠡᠷᠬᠡᠭ ᠲᠦᠷᠢᠮᠡᠭᠡᠢᠢᠳᠡᠨ ᠳᠤᠮᠳᠠᠳᠤ ᠤᠯᠤᠰ ᠢ ᠮᠥᠬᠥᠭᠡᠬᠦ ᠳ᠋ᠦ ᠡᠷᠬᠡᠪᠰᠢ ᠡᠩ ᠲᠡᠷᠢᠭᠦᠨ ᠳ᠋ᠦ ᠮᠠᠨᠵᠤ ᠮᠣᠩᠭᠣᠯ ᠢ ᠮᠦᠬᠦᠭᠡᠭᠦ ᠲᠦᠷᠦ ᠶ᠋ᠢᠨ ᠪᠤᠳᠤᠯᠭ᠎ᠠ ᠶ᠋ᠢ ᠬᠡᠷᠡᠭᠵᠢᠭᠦᠯᠵᠦ ᠂ ᠬᠠᠷ᠎ᠠ ᠰᠠᠪᠠᠷ ᠢᠶᠡᠨ ᠥᠪᠥᠷ ᠮᠣᠩᠭᠣᠯ ᠤᠨ ᠡᠯ᠎ᠡ ᠬᠤᠰᠢᠭᠤᠨ ᠳ᠋ᠤ ᠴᠢᠭᠯᠡᠭᠦᠯᠦᠭᠰᠡᠨ ᠪᠠᠶᠢᠨ᠎ᠠ ᠃ ᠶᠠᠫᠣᠨ ᠤ ᠲᠠᠡᠭ᠋ᠨᠠᠭᠤᠯ ᠤᠨ ᠪᠠᠶᠢᠭᠤᠯᠤᠯᠭ᠎ᠠ ᠠᠯᠠᠱᠠ ᠬᠤᠰᠢᠭᠤᠨ ᠤ ᠳ᠋ᠢᠩ ᠶᠤᠸᠠᠨ ᠶᠢᠩ ᠳ᠋ᠤ ᠳᠦᠷᠢᠨ ᠣᠷᠣᠵᠤ ᠂ ᠴᠡᠷᠢᠭ ᠤᠨ ᠴᠢᠮᠡᠭᠡ ᠢ ᠲᠠᠩᠨᠠᠬᠤ ᠂ ᠮᠡᠳᠡᠭᠡ ᠴᠤᠭᠯᠠᠭᠤᠯᠬᠤ ᠶ᠋ᠢᠨ ᠬᠠᠮᠲᠤ ᠠᠷᠭ᠎ᠠ ᠪᠠᠰᠢᠷ ᠬᠡᠷᠡᠭᠯᠡᠵᠦ ᠪᠠᠶᠢᠭᠠᠳ ᠳ᠋ᠠᠨᠢᠽᠠᠨ᠎ᠠ ᠶ᠋ᠢ ᠰᠢᠬᠠᠮᠳᠠᠭᠤᠯᠤᠨ ᠡᠷᠬᠡᠰᠢᠶᠡᠯ ᠳ᠋ᠡᠬᠡᠨ ᠣᠷᠣᠭᠤᠯᠬᠤ ᠬᠡᠰᠡᠨ ᠪᠠᠶᠢᠨ᠎ᠠ᠃ 1936 ᠣᠨ ᠤ ᠡᠪᠦᠯ ᠂ ᠹᠦ᠋ ᠽᠦᠸᠸ ᠢ ᠶ᠋ᠢᠨ ᠴᠡᠷᠢᠭ ᠠᠩᠬᠢ ᠨᠢ ᠰᠦᠢᠶᠤᠸᠠᠨ ᠳ᠋ᠦ ᠶᠠᠫᠤᠨ ᠢ ᠡᠰᠡᠷᠭᠦᠴᠡᠬᠦ ᠪᠡᠷ ᠲᠡᠮᠡᠴᠡᠨ ᠪᠤᠰᠴᠤ ᠂ ᠪᠠᠲᠤᠬᠠᠭᠠᠯᠭ᠎ᠠ ᠶ᠋ᠢᠨ ᠶᠡᠬᠡ ᠢᠯᠠᠯᠲᠠ ᠨᠢ ᠪᠦᠬᠦ ᠤᠯᠤᠰ ᠤᠨ ᠶᠠᠫᠣᠨ ᠢ ᠡᠰᠡᠷᠭᠦᠴᠡᠬᠦ ᠳᠠᠢᠢᠨ ᠤ ᠪᠠᠶᠢᠳᠠᠯ ᠢ ᠤᠷᠭᠢᠯ ᠳ᠋ᠤᠨᠢ ᠳᠥᠯᠭᠢᠨ ᠠᠬᠢᠭᠤᠯᠵᠠᠶ ᠃ ᠲᠤᠰ ᠵᠢᠯ ᠤᠨ 11 ᠰᠠᠷ᠎ᠠ ᠶ᠋ᠢᠨ ᠰᠡᠭᠦᠯᠴᠢ ᠪᠡᠷ ᠂ ᠢᠷᠭᠡᠨ ᠦ ᠴᠡᠷᠢᠭ ᠦᠨ ᠬᠣᠷᠢᠨ ᠲᠠᠪᠤᠳᠤᠭᠠᠷ ᠳ᠋ᠢᠸᠢᠽᠢ ᠶ᠋ᠢᠨ ᠳᠠᠷᠤᠭ᠎ᠠ ᠭᠤᠸᠠᠨ ᠯᠢᠨ ᠵᠧᠩ ᠪᠣᠯᠤᠨ ᠳᠡᠳ᠋ ᠳ᠋ᠢᠸᠢᠽᠢ ᠶ᠋ᠢᠨ ᠳᠠᠷᠤᠭ᠎ᠠ ᠳ᠋ᠦ᠋ ᠢᠦᠢ ᠮᠢᠩ ᠴᠡᠷᠢᠭ ᠠᠩᠭᠢ ᠪᠠᠨ ᠳᠠᠭᠠᠭᠤᠯᠤᠨ ᠳ᠋ᠢᠩ ᠶᠤᠸᠠᠨ ᠶᠢᠩ ᠳ᠋ᠦ ᠬᠦᠷᠴᠤ ᠂ ᠶᠠᠫᠣᠨ ᠤ ᠲᠠᠡᠭ᠋ᠨᠠᠭᠤᠯ ᠤᠨ ᠪᠠᠶᠢᠭᠤᠯᠤᠯᠭ᠎ᠠ ᠶᠢ ᠬᠥᠭᠡᠭᠡᠨ ᠭᠠᠷᠭᠠᠵᠤ ᠂ ᠶᠠᠫᠣᠨ ᠳᠡᠭᠡᠷᠡᠮᠴᠢᠳ ᠢ ᠰᠡᠷᠭᠡᠶᠢᠯᠡᠬᠦ ᠪᠡᠷ ᠪᠠᠷᠠᠭᠤᠨ ᠬᠣᠶᠢᠲᠤ ᠬᠢᠵᠠᠭᠠᠷ ᠣᠷᠣᠨ ᠳ᠋ᠤ ᠭᠦᠨᠵᠡᠭᠡᠶᠢᠷᠡᠨ ᠤᠷᠤᠭᠰᠠᠨ ᠪᠠᠶᠢᠨ᠎ᠠ ᠃ ᠳ᠋ᠠᠨᠢᠽᠠᠨ᠎ᠠ ᠲᠦᠪ ᠦᠨ ᠴᠡᠷᠢᠭ ᠤᠨ ᠠᠵᠢᠯᠯᠠᠭ᠎ᠠ ᠲᠠᠢ ᠢᠳᠡᠪᠬᠢᠲᠠᠢ ᠬᠠᠮᠵᠢᠯᠴᠠᠵᠤ᠂ ᠭᠤᠸᠠᠨ ᠂ ᠳ᠋ᠦ᠋ ᠬᠣᠶᠠᠷ ᠵᠠᠩᠵᠤᠨ ᠲᠠᠢ ᠮᠠᠰᠢ ᠡᠶᠡᠯᠳᠡᠭ ᠨᠠᠶᠢᠷᠰᠠᠭ ᠶᠠᠪᠤᠯᠴᠠᠵᠤ ᠂ ᠭᠤᠸᠠᠨ ᠯᠢᠨ ᠽᠸᠩ ᠡᠴᠡ ᠳ᠋ᠠᠨᠢᠽᠠᠨ᠎ᠠ ᠳ᠋ᠦ ᠬᠡᠳᠦᠨ ᠵᠠᠭᠤᠨ ᠵᠡᠷ ᠵᠡᠪᠰᠡᠭ ᠪᠡᠯᠭᠡᠯᠡᠭᠰᠡᠨ ᠪᠠᠶᠢᠨ᠎ᠠ ᠃
ᠨᠢᠩᠰᠢᠶᠠ ᠪᠣᠯᠤᠨ ᠠᠯᠠᠱᠠ ᠬᠤᠰᠢᠭᠤᠨ ᠤ ᠭᠠᠵᠠᠷ ᠨᠤᠲᠤᠭ ᠨᠢ ᠳᠠᠪᠬᠤᠴᠠᠵᠤ ᠪᠠᠶᠢᠳᠠᠭ ᠡᠴᠠ ᠤᠤᠯ ᠡᠴᠠ ᠪᠠᠨ ᠵᠦᠷᠢᠴᠡᠯ ᠲᠠᠢ ᠪᠠᠶᠢᠳᠠᠭ ᠃ ᠨᠢᠩᠰᠢᠶᠠ ᠶ᠋ᠢᠨ ᠴᠡᠷᠢᠭ ᠤᠨ ᠡᠷᠬᠡᠲᠡᠨ ᠮᠠ ᠬᠣᠩ ᠺᠦᠢ ᠤᠤᠯ ᠡᠴᠡ ᠲᠤᠰ ᠬᠣᠰᠢᠭᠤ ᠣᠷᠤᠨ ᠢ ᠭᠠᠭᠴᠠᠭᠠᠷ ᠡᠵᠡᠯᠡᠬᠦ ᠵᠤᠷᠢᠯᠲᠠ ᠲᠠᠢ ᠪᠠᠶᠢᠵᠦ ᠂ ᠢᠷᠭᠡᠨ ᠦ ᠵᠠᠰᠠᠭ ᠤᠨ ᠤᠷᠳᠤᠨ ᠡᠴᠠ ᠵᠥᠷᠢᠴᠡᠯ ᠡᠭᠦᠰᠭᠡᠬᠦ ᠂ ᠵᠥᠷᠢᠴᠡᠯ ᠢ ᠠᠰᠢᠭᠯᠠᠬᠤ ᠂ ᠬᠡᠰᠡᠭᠯᠡᠨ ᠨᠣᠶᠠᠷᠬᠠᠬᠤ ᠠᠷᠭ᠎ᠠ ᠪᠠᠷᠢᠯ ᠢ ᠠᠪᠤᠭᠰᠠᠨ ᠪᠠᠶᠢᠳᠠᠭ ᠃ ᠰᠢ ᠠᠨ ᠤ ᠬᠡᠷᠡᠭ ᠬᠤᠪᠢᠰᠤᠯ ᠡᠭᠦᠰᠦᠭᠰᠡᠨ ᠦ ᠳᠠᠷᠠᠭ᠎ᠠ ᠂ ᠵᠢᠶᠠᠩ ᠵᠢᠶᠸ ᠱᠢ ᠶ᠋ᠢ ᠠᠯᠪᠠᠳᠠᠨ ᠳᠣᠲᠣᠭᠠᠳᠤ ᠶ᠋ᠢᠨ ᠲᠠᠢᠢᠨ ᠢ ᠵᠣᠭᠰᠣᠭᠠᠵᠤ ᠂ ᠬᠠᠮᠲᠤ ᠪᠠᠷ ᠶᠠᠫᠤᠨ ᠢ ᠡᠰᠡᠷᠭᠦᠴᠡᠭᠰᠡᠨ ᠪᠠᠶᠢᠨ᠎ᠠ ᠃ ᠢᠷᠭᠡᠨ ᠤ ᠵᠠᠰᠠᠭ ᠤᠨ ᠭᠠᠵᠠᠷ ᠤᠨ ᠶ᠋ᠢᠨ ᠬᠢᠨ ᠶᠠᠫᠣᠨ ᠢ ᠡᠰᠡᠷᠭᠦᠴᠡᠬᠦ ᠠᠷᠤ ᠲᠠᠯ᠎ᠠ ᠶ᠋ᠢ ᠲᠣᠭᠲᠠᠭᠤᠨ ᠪᠣᠯᠭᠠᠵᠦ ᠤᠯᠤᠰ ᠤᠨ ᠬᠠᠮᠠᠭᠠᠯᠠᠯᠲᠠ ᠶ᠋ᠢ ᠪᠠᠲᠤᠯᠠᠬᠤ ᠶ᠋ᠢᠨ ᠲᠦᠯᠦᠭᠡ ᠂ 1937 ᠣᠨ ᠤ ᠬᠠᠪᠤᠷ ᠂ ᠴᠡᠷᠢᠭ ᠤᠨ ᠶᠠᠪᠤᠳᠠᠯ ᠤᠨ ᠬᠤᠷᠢᠶᠠᠨ ᠡᠴᠡ ᠠᠯᠠᠱᠠ ᠬᠤᠰᠢᠭᠤᠨ ᠤ ᠳ᠋ᠢᠩ ᠶᠤᠸᠠᠨ ᠶᠢᠩ ᠳᠤ ᠴᠡᠷᠢᠭ ᠤᠨ ᠶᠠᠪᠤᠳᠠᠯ ᠤᠨ ᠲᠤᠰᠬᠠᠶ ᠲᠤᠰᠢᠶᠠᠯᠲᠠᠨ ᠤ ᠬᠡᠷᠡᠭ ᠡᠷᠬᠢᠯᠡᠬᠦ ᠭᠠᠵᠠᠷ ᠢ ᠪᠠᠶᠢᠭᠤᠯᠵᠤ ᠂ ᠭᠣᠣᠯ ᠪᠤᠯᠬᠤ ᠡᠭᠦᠷᠭᠡ ᠨᠢ ᠠᠯᠠᠱᠠ ᠬᠤᠰᠢᠭᠤᠨ ᠶᠢ ᠬᠢᠨᠠᠵᠦ ᠂ ᠮᠤᠵᠢ ᠬᠤᠰᠢᠭᠤᠨ ᠤ ᠵᠢᠭᠤᠷᠠᠯᠳᠤᠭᠠᠨ ᠢ ᠡᠶᠡᠳᠡᠭᠦᠯᠬᠦ ᠶᠠᠪᠤᠳᠠᠯ ᠪᠤᠯᠤᠨ᠎ᠠ᠃ ᠬᠣᠰᠢᠭᠤᠴᠢ ᠭᠧᠨᠧᠷᠠᠯ ᠲᠤᠰᠬᠠᠶ ᠲᠤᠰᠢᠶᠠᠯᠲᠠᠨ ᠵᠧᠩ ᠽᠢ ᠰᠢᠶᠠᠨ ᠨᠢ ᠲᠥᠪ ᠤᠨ ᠲᠤᠮᠤ ᠲᠤᠰᠢᠶᠠᠯᠲᠠᠨ ᠤ ᠬᠤᠪᠢ ᠪᠠᠷ ᠰᠠᠭᠤᠷᠢᠰᠢᠨ ᠰᠠᠭᠤᠵᠤ ᠂ ᠳ᠋ᠠᠨᠢᠽᠠᠨ᠎ᠠ ᠲᠠᠢ ᠬᠠᠷᠢᠴᠠᠭ᠎ᠠ ᠨᠢ ᠲᠡᠳᠦᠢ ᠨᠦᠬᠦᠷᠰᠡᠭ ᠪᠢᠰᠢ ᠪᠠᠶᠢᠳᠠᠭ ᠂ ᠰᠡᠭᠦᠯᠡᠷ ᠨᠢ ᠰᠠᠳᠠᠷ ᠰᠠᠮᠠᠭᠤᠨ ᠤᠴᠢᠷ ᠡᠴᠠ ᠪᠤᠯᠵᠤ ᠣᠷᠣᠬᠤ ᠭᠠᠵᠠᠷ ᠦᠭᠡᠢ ᠪᠤᠯᠤᠨ ᠰᠡᠮᠡᠭᠡᠷ ᠰᠠᠯᠵᠤ ᠤᠳᠤᠭᠰᠠᠨ ᠪᠠᠶᠢᠨ᠎ᠠ᠃ ᠵᠧᠩ ᠴᠢ ᠰᠢᠶᠠᠨ ᠡᠴᠠ ︽ᠲᠥᠪ ᠤᠨ ᠪᠠᠶᠢᠭᠤᠯᠤᠯᠭ᠎ᠠ ᠶ᠋ᠢᠨ ᠲᠤᠰᠢᠶᠠᠯᠲᠠᠨ ᠢ ᠬᠦᠭᠡᠭᠡᠨ ᠶᠠᠪᠤᠭᠤᠯᠵᠤ ᠂ ᠶᠠᠫᠣᠨ ᠳᠡᠭᠡᠷᠡᠮᠴᠢᠳ ᠲᠠᠢ ᠬᠤᠯᠪᠤᠭᠠᠯᠠᠬᠤ ᠭᠡᠵᠦ ᠪᠠᠶᠢᠨ᠎ᠠ》 ᠬᠡᠮᠡᠨ ᠳ᠋ᠠᠨᠢᠽᠠᠨ᠎ᠠ ᠶ᠋ᠢ ᠵᠠᠭᠠᠯᠳᠤᠭᠰᠠᠨ ᠨᠢ ᠳ᠋ᠠᠨᠢᠽᠠᠨ᠎ᠠ ᠶᠢᠨ ᠯᠠᠨᠵᠧᠦ ᠳ᠋ᠦ ᠬᠤᠷᠢᠭᠳᠠᠬᠤ ᠳ᠋ᠤᠨᠢ ᠰᠦᠪᠡᠭᠴᠢ ᠪᠣᠯᠤᠭᠰᠠᠨ ᠪᠠᠶᠢᠨ᠎ᠠ᠃ 1937 ᠣᠨ ᠳ᠋ᠤ ᠂ ᠲᠤᠯᠤᠭᠠᠨ ᠰᠠᠷ᠎ᠠ ᠶ᠋ᠢᠨ ᠲᠤᠯᠤᠭᠠᠨ ᠦ ᠬᠡᠷᠡᠭ ᠬᠤᠪᠢᠰᠤᠯ ᠤᠨ ᠦᠶ᠎ᠡ ᠳ᠋ᠤ ᠂ ᠠᠯᠠᠱᠠ ᠬᠤᠰᠢᠭᠤ ᠦᠷᠢᠰ ᠶᠡᠬᠡ ᠬᠤᠷᠠᠯ ᠢ ᠬᠤᠷᠠᠯᠳᠤᠭᠤᠯᠵᠤ ᠂ ᠳ᠋ᠠᠨᠢᠽᠠᠨ᠎ᠠ ᠶ᠋ᠢᠨ ᠮᠠᠨᠵᠤ ᠴᠢᠩ ᠦᠨ ᠲᠤᠢᠷᠦ ᠶ᠋ᠢᠨ ᠬᠤᠪᠴᠠᠰᠤ ᠢ ᠡᠮᠦᠰᠴᠤ ᠂ ᠴᠢᠩ ᠦᠨ ᠳᠦᠷᠢᠮ ᠢᠶ᠋ᠡᠷ ᠶᠤᠰᠤᠯᠠᠯ ᠳᠦᠷᠢᠮ ᠢ ᠭᠦᠢᠴᠡᠳᠬᠡᠨ ᠬᠤᠰᠢᠭᠤ ᠠᠷᠠᠳ ᠨᠢ ᠮᠦᠷᠭᠦᠭᠰᠡᠨ ᠡᠴᠡ ᠪᠤᠯᠵᠤ ᠮᠠ ᠬᠣᠩ ᠺᠦᠢ ᠵᠠᠪᠰᠢᠶᠠᠨ ᠢ ᠳᠠᠯᠢᠮᠳᠠᠭᠤᠯᠤᠨ ᠂ ᠭᠣᠮᠢᠨᠳᠠᠩ ᠤᠨ ᠵᠠᠰᠠᠭ ᠤᠨ ᠣᠷᠳᠣᠨ ᠳ᠋ᠤ ᠰᠠᠨᠠᠯ ᠳᠡᠪᠰᠢᠬᠦᠯᠵᠦ ᠂ ᠳ᠋ᠠᠨᠢᠽᠠᠨ᠎ᠠ ᠶᠢ ᠮᠠᠨᠵᠤ ᠶ᠋ᠢᠨ ᠬᠠᠭᠠᠨᠲᠤ ᠤᠯᠤᠰ ᠤᠨ ᠵᠠᠰᠠᠭ ᠢ ᠲᠠᠭᠠᠵᠤ ᠂ ᠶᠠᠫᠣᠨ ᠢ ᠳᠠᠭᠠᠯᠳᠤᠬᠤ ᠪᠠᠶᠢᠳᠠᠯ ᠲᠠᠢ ᠭᠡᠵᠦ ᠵᠢᠭᠠᠯᠳᠤᠭᠰᠠᠨ ᠨᠢ ᠳᠡᠭᠦᠨ ᠢ ᠬᠣᠷᠢᠬᠤ ᠳᠤ ᠠᠬᠢᠭᠤᠯᠬᠤ ᠬᠦᠴᠦᠨ ᠵᠦᠢᠯ ᠪᠤᠯᠤᠭᠰᠠᠨ ᠪᠠᠶᠢᠨ᠎ᠠ ᠃ ᠪᠦᠬᠦ ᠲᠠᠯ᠎ᠠ ᠪᠠᠷ ᠶᠠᠫᠣᠨ ᠢ ᠡᠰᠡᠷᠭᠦᠴᠡᠬᠦ ᠲᠠᠢᠢᠨ ᠡᠬᠢᠯᠡᠭᠰᠡᠨ ᠤ ᠲᠠᠷᠠᠭ᠎ᠠ ᠂ ᠶᠡᠷᠦᠩᠬᠡᠶ ᠵᠢᠯᠤᠭᠤᠳᠤᠭᠴᠢ ᠴᠧᠨ ᠴᠧᠩ ᠨᠢᠩᠰᠢᠶᠠ ᠳ᠋ᠤ ᠬᠦᠷᠴᠦ ᠮᠠ ᠬᠣᠩ ᠺᠦᠶ ᠶ᠋ᠢ ᠲᠤᠬᠤᠨᠢᠨᠠᠭᠤᠯᠤᠨ ᠂ ᠲᠡᠭᠦᠨ ᠦ ᠴᠡᠷᠢᠭ ᠦᠨ ᠶᠠᠫᠣᠨ ᠢ ᠡᠰᠡᠷᠭᠦᠴᠡᠬᠦ ᠢᠲᠡᠭᠡᠯ ᠵᠣᠷᠢᠭ ᠢ ᠴᠢᠩᠭᠠᠳᠬᠠᠵᠡᠢ ᠂ ᠲᠡᠷᠡ ᠪᠠᠰᠠ ᠳ᠋ᠠᠨᠢᠽᠠᠨ᠎ᠠ ᠶ᠋ᠢ ᠤᠷᠢᠵᠦ ᠨᠠᠩᠵᠢᠩ ᠳ᠋ᠤ ᠬᠦᠷᠴᠦ ᠵᠢᠶᠠᠩ ᠵᠢᠶᠸ ᠱᠢ ᠲᠠᠢ ᠤᠴᠠᠷᠠᠭᠤᠯᠬᠤ ᠭᠡᠰᠡᠨ ᠪᠠᠶᠢᠨ᠎ᠠ᠃ ᠳ᠋ᠠᠨᠢᠽᠠᠨ᠎ᠠ ᠡᠷᠭᠢᠵᠦ ᠪᠤᠴᠠᠵᠤ ᠢᠷᠡᠵᠦ ᠳᠡᠶᠢᠯᠬᠦ ᠦᠭᠡᠢ ᠡᠴᠡ ᠬᠢᠴᠢᠶᠡᠵᠦ ᠴᠧᠨ ᠴᠧᠩ ᠂ ᠵᠢᠶᠠᠩ ᠵᠢᠶᠸ ᠱᠢ ᠲᠠᠶ ᠶ᠋ᠢ ᠡᠰᠡ ᠵᠦᠪᠰᠢᠶᠡᠷᠡᠭᠰᠡᠨ ᠪᠠᠶᠢᠯ᠎ᠠ ᠃
1938 ᠤᠨ ᠤ 3 ᠰᠠᠷ᠎ᠠ ᠶ᠋ᠢᠨ 24 ᠦ ᠡᠳᠦᠷ ᠂ ᠮᠠᠬᠣᠩ ᠺᠦᠢ ᠢᠷᠭᠡᠨ ᠤ ᠵᠠᠰᠠᠭ ᠤᠨ ᠣᠷᠳᠣᠨ ᠤ ᠵᠠᠷᠯᠢᠭ ᠢ ᠭᠦᠢᠴᠡᠳᠬᠡᠨ ᠂ ᠮᠠ ᠲᠸᠩ ᠵᠢᠶᠤᠤ ᠤᠨ ᠵᠢᠯᠤᠭᠤᠳᠤᠭᠰᠠᠨ ᠨᠢᠭᠡ ᠪᠠᠷᠢᠭᠠᠳᠠ ᠭᠤᠷᠪᠠᠨ ᠬᠣᠷᠢᠶᠠᠨ ᠤ ᠴᠡᠷᠢᠭ ᠨᠢ ᠳ᠋ᠢᠩ ᠶᠤᠸᠠᠨ ᠶᠢᠩ ᠬᠣᠲᠠ ᠶ᠋ᠢ ᠪᠦᠰᠡᠯᠡᠵᠦ᠂ ᠸᠠᠩ ᠤᠨ ᠣᠷᠳᠣᠨ ᠤ ᠰᠠᠬᠢᠭᠤᠯ ᠴᠡᠷᠢᠭ ᠵᠠᠩᠵᠤᠨ ᠢ ᠪᠦᠬᠦᠨ ᠢ ᠤᠯᠵᠡᠯᠠᠪᠠ ᠂ ᠮᠠ ᠬᠤᠩ ᠪᠢᠨ ᠪᠠ ᠮᠠ ᠬᠣᠩ ᠺᠦᠢ ᠶᠢᠨ ᠡᠵᠢ ᠵᠢᠴᠢ ᠮᠣᠩᠭᠣᠯ ᠲᠥᠪᠡᠳ ᠤᠨ ᠬᠤᠷᠢᠶᠠᠨ ᠤ ᠨᠢᠩᠰᠢᠶᠠ ᠳ᠋ᠤ ᠰᠠᠭᠤᠷᠢᠨ ᠰᠠᠭᠤᠭ᠎ᠠ ᠪᠠᠶᠢᠴᠠᠭᠠᠬᠤ ᠳᠤᠭᠤᠶᠢᠯᠠᠩ ᠤᠨ ᠳᠠᠷᠤᠭ᠎ᠠ ᠯᠢᠦ ᠪᠠᠶ ᠱᠢ ᠶ᠋ᠢᠨ ᠬᠤᠭᠤᠷᠤᠨᠳᠤᠬᠢ ᠵᠣᠬᠢᠴᠠᠭᠤᠯᠤᠯᠭᠠ ᠪᠠᠷ ᠳᠠᠮᠵᠢᠨ ᠂ ᠣᠯᠠᠨᠲᠠ ᠵᠥᠪᠳᠡᠯᠴᠡᠭᠡᠳ ᠂ ᠳ᠋ᠠᠨᠢᠽᠠᠨ᠎ᠠ ᠬᠢᠭᠡᠳ ᠮᠠ ᠬᠤᠩ ᠪᠢᠨ ᠬᠡᠯᠡᠯᠴᠡᠭᠡᠷ ᠲᠣᠭᠲᠠᠭᠠᠵᠤ ᠂ ᠪᠦᠬᠦ ᠭᠡᠷ ᠤᠨ ᠠᠮᠤᠷ ᠲᠦᠪᠰᠢᠨ ᠢᠶᠠᠷ ᠪᠠᠲᠤᠯᠠᠭ᠎ᠠ ᠪᠤᠯᠭᠠᠵᠤ᠂ ᠳᠠᠯᠠᠵᠠᠶᠢᠶᠠᠭᠠ ᠶ᠋ᠢ ᠤᠤᠯᠭᠠᠯᠠᠨ ᠶᠢᠨᠴᠣᠸᠠᠨ ᠂ ᠯᠠᠨᠵᠧᠦ ᠳ᠋ᠤ ᠨᠠᠢᠮᠠᠨ ᠵᠢᠯ ᠦᠨ ᠬᠤᠭᠤᠴᠠᠭ᠎ᠠ ᠲᠠᠢ ᠬᠤᠷᠢᠭᠰᠠᠨ ᠪᠠᠶᠢᠨ᠎ᠠ ᠃
ᠯᠠᠨᠵᠧᠸ ᠳ᠋ᠤ ᠬᠣᠷᠢᠭᠳᠠᠵᠤ ᠪᠠᠶᠢᠬᠤ ᠬᠤᠭᠤᠴᠠᠭᠠᠨ ᠳ᠋ᠤ ᠂ ᠳ᠋ᠠᠨᠢᠽᠠᠨ᠎ᠠ ᠵᠢᠴᠢ ᠲᠡᠭᠦᠨ ᠤ ᠬᠠᠲᠤᠨ ᠵᠢᠨ ᠶᠦᠨ ᠴᠧᠩ ᠪᠣᠯᠤᠨ ᠨᠠᠢᠮᠠᠳᠤᠭᠠᠷ ᠪᠠᠶᠢᠯᠳᠤᠭᠠᠨ ᠦ ᠲᠣᠭᠣᠷᠢᠭ ᠤᠨ ᠰᠧᠯᠢᠩ ᠨᠣᠶᠠᠨ ᠵᠦ ᠱᠤᠤ ᠯᠢᠶᠠᠩ ᠲᠠᠢ ᠦᠨᠡᠨᠴᠢ ᠪᠡᠷ ᠬᠠᠨᠳᠤᠵᠤ ᠂ ᠢᠲᠡᠭᠡᠯ ᠢ ᠲᠡᠮᠡᠴᠡᠨ ᠤᠯᠵᠤ ᠂ ᠮᠦᠨ ᠡᠭᠦᠨ ᠦ ᠳᠡᠭᠡᠷ᠎ᠡ ᠳᠠᠪᠤᠰᠤᠨ ᠤ ᠬᠤᠳᠠᠯᠳᠤᠭᠠᠴᠢᠨ ᠤ ᠬᠥᠪᠡᠭᠦᠨ ᠵᠠᠩ ᠴᠢᠨ ᠡᠦ ᠬᠦᠷᠦᠩᠭᠡ ᠪᠡᠨ ᠪᠠᠷᠠᠭᠳᠠᠭᠤᠯᠵᠤ᠂ ᠵᠠᠮ ᠳᠡᠪᠢᠰᠦᠨ ᠦᠭᠴᠦ ᠂ ᠢᠷᠭᠡᠨ ᠦ ᠵᠠᠰᠠᠭ ᠤᠨ ᠭᠠᠵᠠᠷ ᠡ ᠲᠤᠰᠢᠶᠠᠯ ᠢ ᠡᠭᠦᠷᠭᠡᠯᠡᠬᠦᠯᠵᠦ᠂ ᠬᠤᠰᠢᠭᠤᠨ ᠵᠠᠰᠠᠭ ᠲᠤ ᠪᠠᠶᠢᠳᠠᠯ ᠢ ᠮᠡᠳᠡᠬᠦ ᠡᠷᠬᠡ ᠶ᠋ᠢ ᠤᠯᠭᠤᠵᠠᠢ ᠃ ᠳ᠋ᠠᠨᠢᠽᠠᠨ᠎ᠠ ᠶᠢᠨ ᠬᠡᠯᠡ ᠶᠡᠷᠢᠶᠠᠨ ᠨᠢ ᠬᠠᠪᠤᠯᠢᠭ ᠠᠶᠠᠲᠠᠢ ᠂ ᠪᠤᠰᠤᠳ ᠲᠠᠢ ᠬᠠᠷᠢᠯᠴᠠᠬᠤ ᠳ᠋ᠤ ᠡᠶᠡᠯᠳᠡᠭ ᠪᠠᠶᠢᠵᠦ ᠂ ᠴᠡᠷᠢᠭ ᠶ᠋ᠢᠨ ᠡᠲᠡᠭᠡᠳ ᠤᠨ ᠬᠢᠨ ᠲᠠᠢ ᠥᠷᠭᠡᠨ ᠢᠶᠠᠷ ᠨᠠᠶᠢᠵᠠᠯᠠᠭᠰᠠᠨ ᠪᠠᠶᠢᠨ᠎ᠠ᠃ 1939 ᠣᠨ ᠤ ᠬᠠᠪᠤᠷ ᠂ ᠵᠦ ᠱᠤᠤ ᠯᠢᠶᠠᠩ ᠂ ᠭᠤᠸᠠᠨ ᠯᠢᠨ ᠵᠧᠩ ᠂ ᠵᠠᠩ ᡁᠢ ᠵᠦᠩ ᠵᠠᠩᠵᠤᠨ ᠤ ᠳᠡᠮᠵᠢᠯᠡᠭᠡ ᠪᠡᠷ ᠂ ᠳ᠋ᠠᠨᠢᠽᠠᠨ᠎ᠠ ᠴᠦᠩᠴᠢᠩ ᠳ᠋ᠦ ᠣᠴᠢᠵᠤ ᠵᠢᠶᠠᠩ ᠵᠢᠶᠸ ᠱᠢ ᠲᠠᠢ ᠵᠤᠯᠭᠠᠭᠠᠭᠰᠠᠨ ᠪᠠᠶᠢᠨ᠎ᠠ᠃ ᠲᠡᠷᠡ ᠤᠯᠠᠨ ᠤᠳᠠᠭ᠎ᠠ ᠢᠷᠭᠡᠨ ᠦ ᠵᠠᠰᠠᠭ ᠤᠨ ᠣᠷᠳᠣᠨ ᠳ᠋ᠤ ᠥᠪᠡᠷ ᠢ ᠪᠡᠨ ᠴᠠᠭᠠᠳᠬᠠᠬᠤ ᠶ᠋ᠢᠨ ᠲᠦᠯᠦᠭᠡ᠂ ᠭᠦᠳᠬᠡᠯ ᠢ ᠲᠦᠯᠬᠢᠨ ᠤᠨᠠᠭᠠᠵᠤ ᠂ ᠮᠠ ᠬᠣᠩ ᠺᠦᠢ ᠶ᠋ᠢᠨ ᠵᠡᠷᠯᠢᠭ ᠰᠠᠨᠠᠭ᠎ᠠ ᠶ᠋ᠢ ᠢᠯᠡᠴᠢᠯᠡᠭᠰᠡᠨ ᠪᠠᠶᠢᠨ᠎ᠠ᠃ ᠪᠠᠰᠠ ᠬᠣᠰᠢᠭᠤᠨ ᠤ ᠨᠣᠶᠠᠨ ᠲᠤᠰᠢᠶᠠᠯᠲᠠᠳ ᠨᠡᠷ᠎ᠡ ᠬᠣᠯᠪᠣᠭᠠᠯᠠᠨ ᠡᠷᠭᠦᠳᠡᠯ ᠭᠠᠷᠭᠠᠬᠤ ᠪᠠᠷ ᠳᠠᠮᠵᠢᠨ᠂ ᠪᠥᠬᠥ ᠬᠣᠰᠢᠭᠤᠨ ᠤ ᠴᠡᠷᠢᠭ ᠠᠷᠠᠳ ᠤᠨ ᠭᠠᠵᠠᠷ ᠤᠨ ᠴᠢᠬᠤᠯᠠ ᠬᠥᠮᠦᠨ ᠤ ᠢᠲᠡᠭᠡᠯ ᠢ ᠤᠯᠤᠭᠰᠠᠨ ᠪᠠᠶᠢᠨ᠎ᠠ᠃ ᠢᠷᠭᠡᠨ ᠤ ᠵᠠᠰᠠᠭ ᠡᠴᠡ ᠳ᠋ᠠᠨᠢᠽᠠᠨ᠎ᠠ ᠶ᠋ᠢ ᠲᠠᠲᠠᠬᠤ ᠪᠤᠳᠤᠯᠭ᠎ᠠ ᠠᠪᠴᠤ ᠂ ᠴᠢᠨ ᠸᠠᠩ ᠤᠨ ᠬᠡᠷᠭᠢᠮ ᠢ ᠨᠢ ᠪᠠᠲᠤᠯᠠᠵᠤ ᠂ ᠮᠣᠩᠭᠣᠯ ᠲᠥᠪᠡᠳ ᠤᠨ ᠵᠥᠪᠯᠡᠯ ᠤᠨ ᠭᠡᠰᠢᠭᠦᠨ ᠂ ᠵᠠᠰᠠᠭ ᠵᠠᠬᠢᠷᠭᠠᠨ ᠤ ᠬᠣᠷᠢᠶᠠᠨ ᠤ ᠵᠥᠪᠯᠡᠭᠴᠢ ᠂ ᠨᠢᠩᠰᠢᠶᠠ ᠮᠤᠵᠢ ᠶ᠋ᠢᠨ ᠵᠠᠰᠠᠭ ᠤᠨ ᠣᠷᠳᠣᠨ ᠤ ᠭᠡᠰᠢᠭᠦᠨ ᠵᠡᠷᠭᠡ ᠡᠴᠡ ᠲᠡᠭᠦᠨ ᠤ ᠭᠦᠨ ᠵᠤᠵᠠᠭᠠᠨ ᠦᠨᠳᠦᠰᠦᠲᠡᠨ ᠤ ᠰᠡᠳᠬᠢᠯᠭᠡ ᠶ᠋ᠢ ᠲᠤᠭᠠᠴᠢᠨ ᠂ ᠲᠡᠭᠦᠨ ᠢ ᠬᠤᠰᠢᠭᠤᠨ ᠳ᠋ᠠᠭᠠᠨ ᠪᠤᠴᠠᠵᠤ ᠵᠠᠰᠠᠭ ᠪᠠᠷᠢᠬᠤ ᠶ᠋ᠢ ᠴᠢᠩᠭ᠎ᠠ ᠱᠠᠭᠠᠷᠳᠠᠭᠰᠠᠨ ᠪᠠᠶᠢᠨ᠎ᠠ᠃ 1944 ᠣᠨ ᠤ 8 ᠰᠠᠷ᠎ᠠ ᠳ᠋ᠤ ᠂ ᠳ᠋ᠠᠨᠢᠽᠠᠨ᠎ᠠ ᠨᠢ ᠨᠤᠲᠤᠭ ᠲᠤ ᠪᠠᠨ ᠪᠤᠴᠠᠬᠤ ᠪᠤᠯᠬᠤ ᠪᠠᠷ ᠵᠦᠪᠰᠢᠶᠡᠷᠡᠭᠳᠡᠨ᠂ ᠵᠠᠰᠠᠭ ᠤᠨ ᠣᠷᠳᠣᠨ ᠤ ᠠᠯᠪᠠᠨ ᠲᠤᠰᠢᠶᠠᠯᠲᠠᠨ ᠪᠣᠯᠤᠨ ᠬᠤᠰᠢᠭᠤᠨ ᠤ ᠠᠷᠠᠳ ᠲᠦᠮᠡᠨ ᠤ ᠬᠠᠯᠠᠭᠤᠨ ᠬᠦᠷᠢᠶᠡᠯᠡᠯ ᠢ ᠣᠯᠤᠭᠰᠠᠨ ᠪᠠᠶᠢᠨ᠎ᠠ ᠃
ᠳ᠋ᠠᠨᠢᠽᠠᠨ᠎ᠠ ᠶ᠋ᠢ ᠯᠠᠨᠵᠧᠦ ᠳ᠋ᠦ ᠬᠤᠷᠢᠭᠳᠠᠵᠤ ᠪᠠᠶᠢᠬᠤ ᠬᠤᠭᠤᠴᠠᠭᠠᠨ ᠳ᠋ᠤ ᠂ ᠨᠢᠩᠰᠢᠶᠠ ᠶ᠋ᠢᠨ ᠴᠡᠷᠢᠭ ᠤᠨ ᠡᠷᠬᠡᠲᠡᠨ ᠮᠠ ᠬᠣᠩ ᠺᠦᠢ ᠤᠨ ᠬᠦᠴᠦᠨ ᠨᠢ ᠠᠯᠠᠱᠠ ᠳ᠋ᠤ ᠤᠷᠤᠨ᠂ 1939 ᠣᠨ ᠳ᠋ᠤ ᠳ᠋ᠢᠩ ᠶᠤᠸᠠᠨ ᠶᠢᠩ ᠳ᠋ᠤ《 ᠨᠢᠩᠰᠢᠶᠠ ᠮᠤᠵᠢ ᠶ᠋ᠢᠨ ᠳ᠋ᠢᠩ ᠶᠤᠸᠠᠨ ᠶᠢᠩ ᠳᠦ ᠰᠠᠭᠤᠭ᠎ᠠ ᠬᠡᠷᠡᠭ ᠡᠷᠬᠢᠯᠡᠬᠦ ᠭᠠᠵᠠᠷ 》 ᠢ ᠪᠠᠶᠢᠭᠤᠯᠵᠤ ᠂ ᠬᠣᠲᠠ ᠶ᠋ᠢᠨ ᠭᠠᠳᠠᠨᠠᠬᠢ ᠬᠢᠲᠠᠳ ᠠᠷᠠᠳ ᠤᠨ ᠲᠤᠭᠤᠷᠢᠭ ᠲᠤ ᠡᠷᠦᠭᠡ ᠠᠮᠠ ᠶ᠋ᠢᠨ ᠳᠦᠷᠢᠮ ᠢ ᠠᠯᠪᠠᠳᠠᠨ ᠬᠡᠷᠡᠭᠵᠢᠬᠦᠯᠵᠦ ᠂ ᠡᠷᠦᠭᠡ ᠠᠮᠠ ᠲᠣᠳᠣᠷᠬᠠᠶᠢᠯᠠᠨ ᠪᠠᠶᠢᠴᠠᠭᠠᠵᠤ ᠂ ᠴᠡᠷᠢᠭ ᠡᠯᠰᠡᠨ ᠭᠠᠶᠢᠯᠢ ᠲᠠᠲᠠᠪᠦᠷᠢᠯᠠᠨ ᠂ ᠬᠣᠰᠢᠭᠤ ᠠᠷᠠᠳ ᠲᠦᠮᠡᠨ ᠢ ᠬᠢᠬᠠᠨ ᠳᠠᠷᠤᠯᠠᠭᠰᠠᠨ ᠪᠠᠶᠢᠨ᠎ᠠ ᠃ 1942 ᠣᠨ ᠳ᠋ᠤ ᠂ ︽ ᠨᠢᠩᠰᠢᠶᠠ ᠮᠤᠵᠢ ᠶ᠋ᠢᠨ ᠬᠢᠨᠠᠨ ᠪᠠᠶᠢᠴᠠᠭᠠᠬᠤ ᠭᠠᠵᠠᠷ ᠨᠢ ᠴᠠᠭᠳᠠᠭ᠎ᠠ ᠲᠠᠢ ᠬᠠᠮᠳᠤᠷᠠᠨ ᠤᠨ ᠳ᠋ᠢᠩ ᠶᠤᠸᠠᠨ ᠶᠢᠩ ᠳ᠋ᠤ ᠰᠠᠭᠤᠷᠢᠰᠢᠨ ᠰᠠᠭᠤᠭ᠎ᠠ ᠬᠢᠨᠠᠨ ᠪᠠᠶᠢᠴᠠᠠᠭᠠᠬᠤ ᠬᠤᠪᠢᠶᠠᠷᠢ ᠭᠠᠵᠠᠷ 》 ᠶ᠋ᠢ ᠪᠠᠶᠢᠭᠤᠯᠵᠤ ᠂ ᠠᠮᠤ ᠪᠤᠳᠠᠭᠠᠨ ᠤ ᠤᠷᠤᠵᠤ ᠭᠠᠷᠬᠤ ᠶ᠋ᠢ ᠴᠢᠩᠭ᠎ᠠ ᠪᠠᠶᠢᠴᠠᠭᠠᠨ ᠂ ᠠᠮᠤ ᠪᠤᠳᠠᠭ᠎ᠠ ᠢ ᠪᠢᠲᠡᠭᠦᠮᠵᠢᠯᠡᠬᠦ ᠲᠦᠷᠦ ᠶ᠋ᠢᠨ ᠪᠤᠳᠤᠯᠭ᠎ᠠ ᠬᠡᠷᠡᠭᠵᠢᠬᠦᠯᠵᠦ ᠂《 ᠹᠦ᠋ ᠨᠢᠩ ᠭᠦᠩᠰᠧ 》 ᠪᠠᠶᠢᠭᠤᠯᠵᠤ ᠬᠤᠳᠠᠯᠳᠤᠭ᠎ᠠ ᠠᠷᠠᠯᠵᠢᠶ᠎ᠠ ᠶ᠋ᠢ ᠬᠢᠵᠠᠭᠠᠷᠯᠠᠵᠤ ᠂ ᠬᠡᠳᠦ ᠠᠰᠢᠭ ᠬᠤᠨᠵᠢᠨ ᠂ ᠮᠠᠯᠴᠢᠨ ᠠᠷᠠᠳ ᠢ ᠪᠤᠯᠢᠶᠠᠨ ᠳᠡᠭᠡᠷᠡᠮᠳᠡᠭᠰᠡᠨ ᠡᠴᠠ ᠪᠤᠯᠵᠤ ᠳᠤᠮᠳᠠ ᠪᠠᠭ᠎ᠠ ᠬᠤᠳᠠᠯᠳᠤᠭᠠᠴᠢᠨ ᠨᠢ ᠵᠠᠯᠭᠠᠭ᠎ᠠ ᠵᠠᠯᠭᠠᠪᠡᠷ ᠪᠠᠷ ᠡᠭᠦᠳᠡ ᠪᠡᠨ ᠬᠠᠭᠠᠵᠤ ᠂ ᠠᠷᠠᠳ ᠢᠷᠭᠡᠳ ᠥᠯᠥᠰᠬᠥᠯᠡᠩ ᠭᠠᠰᠠᠯᠠᠩ ᠤᠨ ᠪᠠᠶᠢᠳᠠᠯ ᠳ᠋ᠤ ᠤᠷᠤᠭᠰᠠᠨ ᠪᠠᠶᠢᠨ᠎ᠠ᠃ ᠨᠢᠩᠰᠢᠶᠠ ᠤᠨ ᠴᠡᠷᠢᠭ ᠤᠨ ᠡᠷᠬᠡᠲᠡᠨ ᠤ ᠠᠯᠠᠱᠠ ᠳ᠋ᠠᠬᠢ ᠬᠢᠵᠠᠭᠠᠷᠯᠠᠯ ᠪᠠ ᠪᠤᠯᠢᠶᠠᠨ ᠳᠡᠭᠡᠷᠡᠮᠳᠡᠯᠭᠡ ᠨᠢ ᠬᠣᠰᠢᠭᠤ ᠵᠠᠰᠠᠭ ᠤᠨ ᠵᠦᠷᠢᠴᠡᠯ ᠢ ᠬᠤᠷᠴᠠᠳᠬᠠᠵᠤ᠂ ᠬᠣᠶᠠᠷ ᠲᠠᠯ᠎ᠠ ᠪᠠᠷ ᠪᠠᠨ ᠬᠦᠴᠦ ᠮᠡᠭᠦᠰᠳᠡᠭᠰᠡᠨ ᠪᠠᠶᠢᠳᠠᠯ ᠳ᠋ᠤ ᠤᠷᠤᠵᠤ᠂ ᠨᠠᠶᠢᠷᠠᠮᠳᠠᠯ ᠤᠨ ᠪᠣᠰᠣᠯᠭ᠎ᠠ ᠭᠠᠷᠬᠤ ᠶ᠋ᠢᠨ ᠳᠣᠲᠣᠭᠠᠳᠤ ᠰᠢᠯᠲᠠᠭᠠᠨ ᠪᠤᠯᠤᠭᠰᠠᠨ ᠪᠠᠶᠢᠨ᠎ᠠ ᠃
ᠳ᠋ᠠᠨᠢᠽᠠᠨ᠎ᠠ ᠨᠢ ᠢᠷᠭᠡᠨ ᠤ ᠵᠠᠰᠠᠭ ᠤᠨ ᠣᠷᠳᠣᠨ ᠤ ᠳᠤᠮᠳᠠ ᠣᠷᠣᠨ ᠨᠤᠲᠤᠭ ᠤᠨ ᠪᠦᠯᠦᠭ ᠤᠨ ᠬᠦᠴᠦᠨ ᠳ᠋ᠤ ᠬᠠᠷᠢᠶᠠᠯᠠᠭᠳᠠᠵᠤ ᠂ ᠭᠣᠮᠢᠨᠳᠠᠩ ᠤᠨ ᠲᠥᠪ ᠤᠨ ᠪᠠ ᠣᠷᠣᠨ ᠨᠤᠲᠤᠭ ᠤᠨ ᠰᠢᠬᠠᠯᠲᠠ ᠶ᠋ᠢ ᠬᠦᠯᠢᠶᠡᠵᠦ ᠂ ᠦᠵᠡᠯ ᠰᠠᠨᠠᠭᠠᠨ ᠳᠡᠭᠡᠷ᠎ᠡ ᠪᠡᠨ ᠢᠷᠭᠡᠨ ᠦ ᠵᠠᠰᠠᠭ ᠤᠨ ᠣᠷᠳᠣᠨ ᠲᠠᠢ ᠵᠣᠬᠢᠬᠤ ᠵᠠᠶ ᠲᠠᠶ ᠪᠠᠶᠢᠳᠠᠭ ᠪᠠᠶᠢᠨ᠎ᠠ ᠃ ᠲᠡᠭᠦᠨ ᠤ ᠦᠵᠡᠯ ᠰᠠᠨᠠᠭ᠎ᠠ ᠨᠢ ᠨᠡᠭᠡᠭᠡᠯᠲᠡ ᠲᠠᠢ ᠪᠠᠶᠢᠵᠦ ᠂ ᠬᠣᠰᠢᠭᠤ ᠠᠷᠠᠳ ᠤᠨ ᠠᠮᠤᠷ ᠲᠣᠭᠲᠠᠭᠤᠨ ᠢ ᠪᠠᠲᠤᠯᠠᠬᠤ ᠡᠭᠦᠷᠭᠡ ᠪᠡᠨ ᠪᠣᠯᠭᠠᠵᠤ ᠂ ᠪᠥᠬᠥᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠲᠥᠯᠥᠭᠡᠯᠡᠭᠴᠢᠳ ᠲᠠᠶ ᠴᠦ ᠶᠠᠪᠤᠯᠴᠠᠳᠠᠭ ᠪᠦᠭᠡᠳ ᠡᠪ ᠬᠠᠮᠲᠤ ᠨᠠᠮ ᠳ᠋ᠦ ᠮᠠᠭᠤ ᠰᠠᠨᠠᠭ᠎ᠠ ᠡᠪᠦᠷᠢᠯᠡᠬᠦ ᠦᠭᠡᠢ ᠪᠠᠶᠢᠵᠦ ᠂ ᠠᠷᠠᠳ ᠲᠦᠮᠡᠨ ᠤ ᠬᠤᠪᠢᠰᠬᠠᠯ ᠳ᠋ᠤ ᠥᠷᠥ ᠡᠪᠡᠳᠬᠦ ᠰᠡᠳᠬᠢᠯ ᠡᠪᠦᠷᠢᠯᠡᠵᠦ ᠪᠠᠶᠢᠳᠠᠭ᠃ ᠡᠨᠡ ᠪᠣᠯ ᠨᠠᠶᠢᠷᠠᠮᠳᠠᠯ ᠤᠨ ᠪᠣᠰᠣᠯᠭ᠎ᠠ ᠡᠭᠦᠰᠬᠡᠬᠦ ᠦᠵᠡᠯ ᠰᠠᠨᠠᠭᠠᠨ ᠤ ᠰᠠᠭᠤᠷᠢ ᠶ᠋ᠢᠨ ᠨᠢᠭᠡ ᠪᠤᠯᠤᠭᠰᠠᠨ ᠪᠠᠶᠢᠨ᠎ᠠ ᠃
1949 ᠣᠨ ᠤ 1 ᠰᠠᠷ᠎ᠠ ᠳ᠋ᠤ ᠂ ᠹᠦ᠋ ᠽᠦᠸᠸ ᠢ ᠪᠤᠰᠤᠯᠭ᠎ᠠ ᠭᠠᠷᠭᠠᠵᠠᠢ ᠃ 4 ᠰᠠᠷ᠎ᠠ ᠳ᠋ᠤ ᠂ ᠭᠣᠮᠢᠨᠳᠠᠩ ᠡᠪ ᠬᠠᠮᠲᠤ ᠨᠠᠮ ᠤᠨ ᠨᠠᠶᠢᠷᠠᠮᠳᠠᠯ ᠤᠨ ᠬᠡᠯᠡᠯᠴᠡᠭᠡ ᠬᠢᠬᠦ ᠲᠥᠯᠥᠭᠡᠯᠡᠭᠴᠢ ᠂ ᠳ᠋ᠠᠨᠢᠽᠠᠨ᠎ᠠ ᠨᠢ ᠬᠠᠭᠤᠴᠢᠨ ᠨᠠᠶᠢᠵᠠ ᠵᠠᠩ ᡁᠢ ᠵᠦᠡᠭ ᠨᠢ ᠭᠣᠮᠢᠨᠳᠠᠩ ᠤᠨ ᠵᠠᠰᠠᠭ ᠤᠨ ᠣᠷᠳᠣᠨ ᠡᠴᠠ ᠲᠤᠰᠠᠭᠠᠷᠯᠠᠭᠰᠠᠨ ᠨᠢᠲᠡᠭᠦᠨ ᠳ᠋ᠦ ᠨᠠᠶᠢᠷᠠᠮᠳᠠᠯ ᠤᠨ ᠪᠣᠰᠣᠯᠭ᠎ᠠ ᠪᠣᠯ ᠰᠠᠶᠢ ᠬᠠᠮᠤᠭ ᠰᠠᠢᠢᠨ ᠠᠷᠭ᠎ᠠ ᠵᠠᠮ ᠪᠤᠯᠬᠤ ᠶ᠋ᠢ ᠭᠦᠨᠵᠡᠭᠡᠢ ᠲᠠᠨᠢᠭᠤᠯᠤᠭᠰᠠᠨ ᠪᠠᠶᠢᠨ᠎ᠠ ᠃ ᠳ᠋ᠠᠨᠢᠽᠠᠨ᠎ᠠ ᠡᠴᠠ ᠨᠢᠭᠤᠴᠠ ᠬᠤᠷᠠᠯ ᠡᠷᠬᠢᠯᠡᠨ ᠬᠤᠷᠠᠯᠳᠤᠭᠤᠯᠵᠤ ᠂ ᠨᠠᠶᠢᠷᠠᠮᠳᠠᠯ ᠤᠨ ᠪᠣᠰᠣᠯᠭ᠎ᠠ ᠠᠷᠭ᠎ᠠ ᠪᠤᠳᠤᠯᠭ᠎ᠠ ᠶ᠋ᠢ ᠵᠦᠪᠳᠡᠯᠴᠡᠭᠰᠡᠨ ᠪᠠᠶᠢᠨ᠎ᠠ ᠃ ᠵᠠᠯᠭᠠᠭᠠᠳ ᠬᠣᠶᠠᠳᠤᠭᠠᠷ ᠤᠳᠠᠭᠠᠨ ᠤ ᠨᠢᠭᠤᠴᠠ ᠬᠤᠷᠠᠯ ᠢ ᠬᠤᠷᠠᠯᠳᠤᠭᠤᠯᠵᠤ ᠂ ᠬᠤᠷᠠᠯ ᠳᠡᠭᠡᠷ᠎ᠡ ᠂ ᠵᠠᠩ ᡁᠢ ᠵᠦᠡᠭ ᠤᠨ ᠳᠠᠯᠠᠵᠠᠶᠢᠶᠠᠭᠠ ᠶ᠋ᠢ ᠢᠳᠬᠠᠨ ᠪᠢᠴᠢᠭᠰᠡᠨ ᠵᠠᠬᠢᠳᠠᠯ ᠢ ᠤᠩᠰᠢᠵᠦ᠂ ᠠᠯᠠᠱᠠ ᠤᠨ ᠨᠠᠶᠢᠷᠠᠮᠳᠠᠯ ᠢᠶᠠᠷ ᠴᠢᠯᠥᠭᠡᠯᠡᠬᠦ ᠵᠢᠯᠣᠭᠣᠳᠬᠤ ᠭᠠᠵᠠᠷ ᠢ ᠪᠠᠶᠢᠭᠤᠯᠵᠤ ᠂ ᠤᠷᠢᠳ ᠬᠣᠵᠢᠳ ᠯᠠᠨᠵᠧᠦ ᠂ ᠶᠢᠨᠴᠤᠸᠠᠨ ᠵᠡᠷᠭᠡ ᠭᠠᠵᠠᠷ ᠡᠴᠠ ᠲᠥᠯᠥᠭᠡᠯᠡᠭᠴᠢ ᠲᠣᠮᠢᠯᠠᠨ ᠂ ᠠᠯᠠᠱᠠ ᠬᠤᠰᠢᠭᠤᠨ ᠤ ᠨᠠᠶᠢᠷᠠᠮᠳᠠᠯ ᠤᠨ ᠪᠣᠰᠣᠯᠭ᠎ᠠ ᠳ᠋ᠤ ᠬᠠᠨᠳᠤᠬᠤ ᠤᠯᠤᠰ ᠲᠦᠷᠦ ᠶ᠋ᠢᠨ ᠣᠪᠣᠷ ᠪᠠᠨ ᠢᠯᠡᠳᠬᠡᠭᠰᠡᠨ ᠪᠠᠶᠢᠨ᠎ᠠ᠃ ᠪᠣᠰᠣᠯᠭ᠎ᠠ ᠶ᠋ᠢᠨ ᠡᠮᠦᠨ᠎ᠡ ᠂ ᠳ᠋ᠠᠨᠢᠽᠠᠨ᠎ᠠ ᠡᠴᠡ ᠭᠣᠮᠢᠨᠳᠠᠩ ᠤᠨ ᠴᠡᠷᠢᠭ ᠤᠨ ᠬᠡᠯᠲᠡᠰ ᠤᠨ ᠳᠠᠷᠤᠭ᠎ᠠ ᠰᠢᠤᠢ ᠶᠦᠩ ᠴᠠᠩ ᠤᠨ ᠲᠡᠭᠦᠨ ᠢ ᠲᠠᠶᠢᠸᠠᠨ ᠳ᠋ᠤ ᠭᠠᠷᠴᠤ ᠶᠠᠪᠤᠬᠤ ᠱᠠᠭᠠᠷᠳᠠᠯᠭ᠎ᠠ ᠶ᠋ᠢ ᠦᠯᠦ ᠬᠦᠯᠢᠶᠡᠨ ᠠᠪᠴᠤ᠂ ᠨᠢᠩᠰᠢᠶᠠ ᠶ᠋ᠢᠨ ᠴᠡᠷᠢᠭ ᠦᠨ ᠡᠷᠬᠡᠲᠡᠨ ᠦ ᠾᠧ ᠯᠠᠨ ᠱᠠᠨ ᠠᠭᠤᠯᠠ ᠶ᠋ᠢ ᠬᠠᠮᠠᠭᠠᠯᠠᠬᠤ ᠲᠦᠯᠦᠪᠯᠡᠯᠬᠡ ᠶ᠋ᠢ ᠬᠤᠶᠢᠰᠢᠯᠠᠭᠤᠯᠤᠨ ᠠᠷᠭᠠᠴᠠᠵᠤ᠂ ᠮᠠ ᠬᠣᠩ ᠺᠦᠢ ᠤᠨ ᠲᠠᠩᠨᠠᠭᠤᠯ ᠤᠨ ᠤᠷᠪᠠᠯᠭ᠎ᠠ ᠶ᠋ᠢ ᠪᠤᠳᠠ ᠨᠢᠷᠭᠢᠵᠦ ᠂ ᠨᠠᠶᠢᠷᠠᠮᠳᠠᠯ ᠤᠨ ᠪᠣᠰᠣᠯᠭ᠎ᠠ ᠭᠠᠷᠬᠤ ᠳ᠋ᠤ ᠤᠴᠠᠷᠠᠵᠤ ᠮᠡᠳᠡᠬᠦ ᠬᠠᠷᠰᠢ ᠰᠠᠭᠠᠳ ᠢ ᠠᠷᠢᠯᠭᠠᠵᠤ ᠥᠭᠴᠡᠶ ᠃ 1949 ᠣᠨ ᠤ 8 ᠰᠠᠷ᠎ᠠ ᠳ᠋ᠤ ᠂ ᠳ᠋ᠠᠨᠢᠽᠠᠨ᠎ᠠ ᠡᠴᠠ ᠪᠣᠰᠣᠯᠭ᠎ᠠ ᠶ᠋ᠢᠨ ᠲᠦᠯᠦᠭᠡᠯᠡᠭᠴᠢ ᠲᠤᠮᠢᠯᠠᠨ ᠯᠠᠨᠵᠧᠦ ᠳ᠋ᠤ ᠬᠦᠷᠴᠦ ᠪᠠᠷᠠᠭᠤᠨ ᠬᠣᠶᠢᠲᠤ ᠣᠷᠣᠨ ᠤ ᠬᠡᠭᠡᠷᠡᠯᠡᠨ ᠪᠠᠶᠢᠯᠳᠤᠬᠤ ᠴᠡᠷᠢᠭ ᠢ ᠪᠠᠶᠠᠷᠯᠠᠨ ᠤᠭᠲᠤᠵᠤ᠂ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠤᠨ ᠳᠡᠳ᠋ ᠶᠡᠷᠦᠩᠬᠡᠶ ᠰᠧᠯᠢᠩ ᠂ ᠪᠠᠷᠠᠭᠤᠨ ᠬᠣᠶᠢᠲᠤ ᠣᠷᠣᠨ ᠤ ᠬᠡᠭᠡᠷᠡᠯᠡᠨ ᠪᠠᠶᠢᠯᠳᠤᠬᠤ ᠴᠡᠷᠢᠭ ᠤᠨ ᠰᠧᠯᠢᠩᠶᠤᠸᠠᠨ ᠫᠸᠡᠭ ᠳ᠋ᠸ ᠬᠤᠸᠠᠢ ᠳ᠋ᠤ ᠪᠢᠴᠢᠭᠰᠡᠨ ᠵᠠᠬᠢᠳᠠᠯ ᠪᠠᠨ ᠳᠡᠪᠰᠢᠭᠦᠯᠦᠨ ᠦᠭᠴᠦ ᠂ ᠪᠣᠰᠣᠯᠭ᠎ᠠ ᠳ᠋ᠦ ᠬᠠᠨᠳᠤᠬᠤ ᠣᠪᠣᠷ ᠪᠡᠨ ᠢᠯᠡᠳᠬᠡᠭᠰᠡᠨ ᠪᠠᠶᠢᠨ᠎ᠠ ᠃ 9 ᠰᠠᠷ᠎ᠠ ᠶ᠋ᠢᠨ 21 ᠦ ᠡᠳᠦᠷ ᠂ ᠪᠠᠰᠠ ᠬᠥᠮᠦᠨ ᠲᠣᠮᠢᠯᠠᠨ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠡᠮᠦᠨ᠎ᠡ ᠭᠣᠪᠢ ᠠᠶᠢᠮᠠᠭ ᠲᠤ ᠠᠶᠢᠴᠢᠯᠠᠵᠦ ᠂ ᠨᠠᠶᠢᠷᠠᠮᠳᠠᠯ ᠤᠨ ᠪᠣᠰᠣᠯᠭ᠎ᠠ ᠭᠠᠷᠭᠠᠬᠤ ᠶᠠᠪᠤᠳᠠᠯ ᠢᠶᠠᠨ ᠮᠣᠩᠭᠣᠯ ᠤᠨ ᠲᠠᠯ᠎ᠠ ᠤᠨ ᠬᠢᠨ ᠢᠶᠠᠷ ᠳᠤᠮᠳᠠᠳᠤ ᠤᠯᠤᠰ ᠤᠨ ᠡᠪ ᠬᠠᠮᠲᠤ ᠨᠠᠮ ᠳ᠋ᠤ ᠳᠠᠮᠵᠢᠭᠤᠯᠤᠭᠰᠠᠨ ᠪᠠᠶᠢᠨ᠎ᠠ ᠃ 9 ᠰᠠᠷ᠎ᠠ ᠶ᠋ᠢᠨ 22 ᠦ ᠡᠳᠦᠷ ᠂ ᠲᠡᠷᠡ ᠪᠠᠰᠠ ᠲᠦᠯᠦᠭᠡᠯᠡᠭᠴᠢ ᠲᠤᠮᠢᠯᠠᠨ ᠶᠢᠨᠴᠤᠸᠠᠨ ᠳ᠋ᠤ ᠬᠦᠷᠴᠤ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠤᠨ ᠠᠷᠪᠠ ᠶᠢᠰᠦᠳᠦᠭᠡᠷ ᠪᠢᠩᠲ᠋ᠤᠸᠠᠨ ᠤᠭᠲᠤᠨ ᠠᠪᠴᠤ᠂ ᠶᠠᠩ ᠳ᠋ᠸ ᡁᠢ ᠰᠧᠯᠢᠩᠶᠤᠸᠠᠨ ᠲᠠᠢ ᠵᠤᠯᠭᠠᠨ ᠂ ᠳ᠋ᠠᠨᠢᠽᠠᠨ᠎ᠠ ᠶ᠋ᠢᠨ ᠭᠠᠷ ᠤᠨ ᠦᠰᠦᠭ ᠵᠢᠷᠤᠭᠰᠠᠨ ᠠᠯᠠᠱᠠ ᠬᠤᠰᠢᠭᠤᠨ ᠤ ᠴᠢᠬᠢᠯᠭᠠᠨ ᠮᠡᠳᠡᠭᠡ ᠪᠤᠯᠤᠨ ᠪᠡᠯᠡᠭ ᠢ ᠭᠠᠷᠳᠠᠭᠤᠯᠤᠭᠰᠠᠨ ᠪᠠᠶᠢᠨ᠎ᠠ ᠃ 9 ᠰᠠᠷ᠎ᠠ ᠶ᠋ᠢᠨ 23 ᠦ ᠡᠳᠦᠷ ᠂ ᠳ᠋ᠠᠨᠢᠽᠠᠨ᠎ᠠ ᠡᠴᠠ ᠪᠦᠬᠦ ᠬᠤᠰᠢᠭᠤ ᠪᠠᠨ ᠲᠦᠯᠦᠭᠡᠯᠡᠨ ᠮᠠᠤ ᠽᠡᠸ ᠳ᠋ᠦᠩ ᠲᠡᠷᠢᠭᠦᠯᠡᠭᠴᠢ ᠳ᠋ᠦ ᠬᠦᠨᠳᠦᠳᠬᠡᠯ ᠤᠨ ᠴᠠᠬᠢᠯᠭᠠᠨ ᠮᠡᠳᠡᠭᠡ ᠬᠦᠷᠭᠡᠵᠦ ᠂ ᠢᠷᠡᠭᠡᠨ ᠦ ᠵᠠᠰᠠᠭ ᠤᠨ ᠤᠷᠳᠤᠨ ᠡᠴᠠ ᠳᠤᠰᠠᠭᠠᠷᠯᠠᠬᠤ ᠶ᠋ᠢ ᠲᠤᠩᠬᠠᠭᠯᠠᠨ ᠂ ᠳᠤᠮᠳᠠᠳᠤ ᠤᠯᠤᠰ ᠤᠨ ᠡᠪ ᠬᠠᠮᠲᠦ ᠨᠠᠮ ᠤᠨ ᠤᠳᠤᠷᠢᠳᠤᠯᠭ᠎ᠠ ᠶ᠋ᠢ ᠬᠦᠯᠢᠶᠡᠭᠰᠡᠨ ᠪᠠᠶᠢᠨ᠎ᠠ ᠃ ᠲᠤᠰ ᠡᠳᠦᠷ ᠂ ᠳ᠋ᠢᠩ ᠶᠤᠸᠠᠨ ᠶᠢᠩ ᠤᠨ ᠤᠯᠠᠨ ᠲᠦᠮᠡᠨ ᠤ ᠶᠡᠬᠡ ᠬᠤᠷᠠᠯ ᠢ ᠬᠤᠷᠠᠯᠳᠤᠭᠤᠯᠵᠤ ᠂ ᠨᠠᠶᠢᠷᠠᠮᠳᠠᠯ ᠤᠨ ᠪᠣᠰᠣᠯᠭ᠎ᠠ ᠭᠠᠷᠭᠠᠪᠠ ᠃ 1949 ᠤᠨ ᠳ᠋ᠤ ᠂ ᠵᠠᠰᠠᠭ ᠸᠠᠩ ᠭᠦᠩ ᠤᠨ ᠲᠦᠷᠢᠮ ᠢ ᠬᠦᠴᠦᠨ ᠦᠭᠡᠢ ᠪᠣᠯᠭᠠᠬᠤ ᠂ ᠳ᠋ᠠᠨᠢᠽᠠᠨ᠎ᠠ ᠨᠡᠶᠢᠲᠡ 18 ᠵᠢᠯ ᠬᠣᠰᠢᠭᠤᠨ ᠸᠠᠩ ᠤᠨ ᠪᠠᠶᠢᠷᠢᠨ ᠳ᠋ᠤ ᠰᠠᠭᠤᠭᠰᠠᠨ ᠪᠠᠶᠢᠨ᠎ᠠ ᠃
ᠨᠠᠶᠢᠷᠠᠮᠳᠠᠯ ᠢᠶᠠᠷ ᠴᠢᠯᠥᠭᠡᠯᠡᠭᠰᠡᠨ ᠤ ᠲᠠᠷᠠᠭ᠎ᠠ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠨᠢᠩᠰᠢᠶᠠ ᠮᠤᠵᠢ ᠶ᠋ᠢᠨ ᠨᠠᠮ ᠤᠨ ᠬᠣᠷᠢᠶ᠎ᠠ ᠪᠠ ᠠᠯᠠᠱᠠ ᠶᠢᠨ ᠠᠵᠢᠯᠯᠠᠬᠤ ᠬᠣᠷᠢᠶᠠᠨ ᠤ ᠤᠳᠤᠷᠢᠳᠤᠯᠭ᠎ᠠ ᠳᠣᠣᠷ᠎ᠠ ᠂ ᠳ᠋ᠠᠨᠢᠽᠠᠨ᠎ᠠ ᠨᠢ ᠠᠯᠠᠱᠠ ᠶ᠋ᠢᠨ ᠵᠠᠰᠠᠭ ᠤᠨ ᠣᠷᠳᠣᠨ ᠤ ᠠᠵᠢᠯᠲᠠᠳ ᠶ᠋ᠢ ᠳᠠᠭᠠᠭᠤᠯᠤᠨ 《 ᠨᠢᠩᠰᠢᠶᠠ ᠮᠤᠵᠢ ᠶ᠋ᠢᠨ ᠨᠠᠮ ᠤᠨ ᠬᠣᠷᠢᠶ᠎ᠠ ᠶᠢᠨ ᠠᠯᠠᠱᠠ ᠬᠤᠰᠢᠭᠤᠨ ᠤ ᠠᠰᠠᠭᠤᠳᠠᠯ ᠢ ᠰᠢᠢᠳᠪᠦᠷᠢᠯᠡᠬᠦ ᠲᠤᠬᠠᠶ ᠨᠠᠢᠮᠠᠨ ᠵᠤᠷᠪᠤᠰ ᠠᠷᠭ᠎ᠠ 》 ᠶ᠋ᠢ ᠬᠡᠷᠡᠭᠵᠢᠬᠦᠯᠵᠦ᠂ ᠪᠣᠰᠣᠯᠭ᠎ᠠ ᠳ᠋ᠦ ᠣᠷᠣᠯᠴᠠᠭᠰᠠᠨ ᠬᠥᠮᠦᠨ ᠪᠦᠬᠦᠨ ᠢ ᠬᠤᠪᠢᠰᠬᠠᠯᠴᠢ ᠺᠠᠲᠠᠷ ᠲᠠᠢ ᠠᠳᠠᠯᠢ ᠪᠠᠷ ᠬᠠᠨᠳᠤᠵᠤ᠂ ᠦᠨᠳᠦᠰᠦᠲᠡᠨ ᠨᠦᠭᠦᠳ ᠤᠨ ᠠᠷᠠᠳ ᠲᠦᠮᠡᠨ ᠤ ᠡᠳ᠋ ᠬᠣᠭᠰᠢᠯ ᠢ ᠬᠠᠮᠠᠭᠠᠯᠠᠬᠤ ᠂ ᠮᠠᠯ ᠨᠢ ᠬᠤᠬᠢᠷᠠᠯ ᠳ᠋ᠤ ᠦᠯᠦ ᠤᠴᠠᠷᠠᠬᠤ ᠵᠡᠷᠭᠡ ᠲᠦᠷᠦ ᠶ᠋ᠢᠨ ᠪᠤᠳᠤᠯᠭ᠎ᠠ ᠶ᠋ᠢ ᠨᠠᠶᠢᠳᠠᠪᠦᠷᠢᠵᠢᠭᠤᠯᠵᠤ ᠂ ᠠᠷᠠᠳᠴᠢᠯᠠᠯ ᠢᠶᠠᠷ ᠵᠠᠰᠠᠭ ᠶᠠᠪᠤᠭᠤᠯᠬᠤ ᠪᠠ ᠴᠡᠷᠢᠭ ᠠᠨᠭᠭᠢ ᠪᠠᠨ ᠴᠡᠭᠴᠡᠯᠡᠨ ᠪᠠᠶᠢᠭᠤᠯᠬᠤ ᠠᠵᠢᠯ ᠢ ᠯᠠᠪᠳᠠᠭᠤᠨ ᠢᠶᠠᠷ ᠲᠦᠯᠬᠢᠨ ᠠᠬᠢᠭᠤᠯᠵᠡᠢ᠃ 1950 ᠣᠨ ᠤ 5 ᠰᠠᠷ᠎ᠠ ᠳ᠋ᠤ ᠂ ᠨᠢᠩᠰᠢᠶᠠ ᠮᠤᠵᠢ ᠶ᠋ᠢᠨ ᠠᠯᠠᠱᠠ ᠬᠣᠰᠢᠭᠤᠨ ᠦ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠪᠠᠶᠢᠭᠤᠯᠤᠭᠳᠠᠵᠤ ᠂ ᠳ᠋ᠠᠨᠢᠽᠠᠨ᠎ᠠ ᠨᠢ ᠵᠠᠰᠠᠭ ᠤᠨ ᠣᠷᠳᠣᠨ ᠤ ᠲᠡᠷᠢᠭᠦᠯᠡᠭᠴᠢ ᠶ᠋ᠢᠨ ᠲᠤᠰᠢᠶᠠᠯ ᠡᠭᠦᠷᠭᠡᠯᠡᠵᠦ᠂ ᠰᠤᠮᠤ ᠪᠠᠭ᠎ᠠ ᠦᠨᠳᠦᠰᠦᠨ ᠱᠠᠲᠤᠨ ᠤ ᠵᠠᠰᠠᠭ ᠤᠨ ᠡᠷᠬᠡ ᠶ᠋ᠢ ᠪᠠᠶᠢᠭᠤᠯᠵᠤ᠂ ᠠᠯᠠᠱᠠ ᠬᠤᠰᠢᠭᠤᠨ ᠤ ᠮᠤᠷᠢᠲᠤ ᠴᠡᠷᠢᠭ ᠦᠨ ᠠᠮᠤᠷ ᠢ ᠬᠠᠮᠠᠭᠠᠯᠠᠬᠤ ᠲᠦᠮᠡᠨ ᠦ ᠠᠮᠤᠷ ᠢ ᠬᠠᠮᠠᠭᠠᠯᠠᠬᠤ ᠴᠡᠷᠢᠭ ᠭᠡᠵᠦ ᠦᠭᠡᠷᠡᠴᠢᠯᠡᠭᠡᠳ ᠂ ᠨᠢᠩᠰᠢᠶᠠ ᠶ᠋ᠢᠨ ᠴᠡᠷᠢᠭ ᠤᠨ ᠲᠤᠭᠤᠷᠢᠭ ᠤᠨ ᠬᠠᠷᠢᠶᠠᠨ ᠳ᠋ᠤ ᠬᠠᠷᠢᠶᠠᠯᠠᠭᠳᠠᠭᠰᠠᠨ ᠨᠢ ᠹᠸᠤᠳᠠᠯ ᠤᠨ ᠵᠠᠰᠠᠭ ᠤᠨ ᠳᠦᠷᠢᠮ ᠦᠨ ᠡᠴᠦᠰᠯᠡᠯ ᠪᠠ ᠠᠷᠠᠳᠴᠢᠯᠠᠯ ᠤᠨ ᠳᠦᠷᠢᠮ ᠦᠨ ᠮᠡᠨᠳᠦᠯᠡᠯ ᠢ ᠬᠠᠷᠠᠭᠤᠯᠵᠤ ᠪᠠᠶᠢᠬᠤ ᠶᠤᠮ ᠃
1949 ᠤᠨ ᠤ 9 ᠰᠠᠷ᠎ᠠ ᠡᠴᠡ 1952 ᠪᠤᠯᠲᠠᠯ᠎ᠠ᠂ ᠨᠠᠮ ᠤᠨ ᠦᠨᠳᠦᠰᠦᠲᠡᠨ ᠤ ᠣᠷᠣᠨ ᠤ ᠥᠪᠡᠷᠲᠡᠭᠡᠨ ᠵᠠᠰᠠᠬᠤ ᠲᠦᠷᠦ ᠶ᠋ᠢᠨ ᠪᠤᠳᠤᠯᠭ᠎ᠠ ᠶ᠋ᠢᠨ ᠭᠡᠷᠡᠯ ᠰᠠᠴᠤᠷᠠᠩᠭᠤᠢ ᠲᠤᠶᠠᠭᠠᠯᠠᠯ ᠳᠣᠣᠷ᠎ᠠ ᠂ ᠳ᠋ᠠᠨᠢᠽᠠᠨ᠎ᠠ ᠨᠢ ᠨᠢᠭᠡᠨ ᠹᠸᠤᠳᠠᠯ ᠤᠨ ᠨᠤᠶᠠᠨ ᠡᠴᠠ ᠪᠠᠨ ᠰᠢᠨ᠎ᠡ ᠳᠤᠮᠳᠠᠳᠤ ᠤᠯᠤᠰ ᠤᠨ ᠬᠤᠪᠢᠰᠬᠠᠯ ᠤᠨ ᠺᠠᠳ᠋ᠷ ᠪᠤᠯᠤᠨ ᠬᠤᠪᠢᠷᠠᠵᠤ ᠂ ᠤᠷᠢᠳ ᠬᠣᠵᠢᠳ ᠨᠢᠩᠰᠢᠶᠠ ᠮᠤᠵᠢ ᠶ᠋ᠢᠨ ᠠᠷᠠᠳ ᠤᠨ ᠵᠠᠰᠠᠭ ᠤᠨ ᠣᠷᠳᠣᠨ ᠤ ᠭᠡᠰᠢᠭᠦᠨ ᠂ ᠪᠠᠷᠠᠭᠤᠨ ᠬᠣᠶᠢᠲᠤ ᠶ᠋ᠢᠨ ᠴᠡᠷᠢᠭ ᠵᠠᠰᠠᠭ ᠤᠨ ᠵᠥᠪᠯᠡᠯ ᠤᠨ ᠭᠡᠰᠢᠭᠦᠨ ᠂ ᠪᠠᠷᠠᠭᠤᠨ ᠬᠣᠶᠢᠲᠤ ᠣᠷᠣᠨ ᠤ ᠦᠨᠳᠦᠰᠦᠲᠡᠨ ᠤ ᠬᠡᠷᠡᠭ ᠡᠷᠬᠢᠯᠡᠬᠦ ᠬᠣᠷᠢᠶᠠᠨ ᠤ ᠳᠡᠳ᠋ ᠡᠷᠬᠢᠯᠡᠭᠴᠢ ᠵᠡᠷᠭᠡ ᠲᠤᠰᠢᠶᠠᠯ ᠢ ᠬᠠᠷᠢᠭᠤᠴᠠᠵᠤ ᠪᠠᠶᠢᠪᠠ ᠃ ᠬᠠᠲᠤᠨ ᠵᠢᠨ ᠶᠦᠨᠴᠧᠩ ᠨᠢ ᠠᠯᠠᠱᠠ ᠬᠤᠰᠢᠭᠤᠨ ᠤ ᠡᠮᠡᠭᠲᠡᠶᠢᠴᠦᠳ ᠤᠨ ᠬᠣᠯᠪᠣᠭᠠᠲᠤ ᠬᠤᠷᠠᠯ ᠤᠨ ᠡᠷᠬᠢᠯᠡᠭᠴᠢ ᠪᠣᠯᠤᠨ ᠨᠢᠩᠰᠢᠶᠠ ᠮᠤᠵᠢ ᠶ᠋ᠢᠨ ᠡᠮᠡᠭᠲᠡᠶᠢᠴᠦᠳ ᠤᠨ ᠬᠣᠯᠪᠣᠭᠠᠲᠤ ᠬᠤᠷᠠᠯ ᠤᠨ ᠳᠡᠳ᠋ ᠡᠷᠬᠢᠯᠡᠭᠴᠢ ᠶᠢᠨ ᠲᠤᠰᠢᠶᠠᠯ ᠢ ᠬᠠᠷᠢᠭᠤᠴᠠᠵᠤ ᠂ ᠨᠠᠮ ᠪᠠ ᠠᠷᠠᠳ ᠲᠦᠮᠡᠨ ᠤ ᠢᠲᠡᠭᠡᠯ ᠢ ᠤᠯᠤᠭᠰᠠᠨ ᠪᠠᠶᠢᠨ᠎ᠠ ᠃ ᠬᠣᠰᠢᠭᠤᠨ ᠵᠠᠰᠠᠭ ᠤᠨ ᠣᠷᠳᠣᠨ ᠤ ᠭᠣᠣᠯ ᠤᠳᠤᠷᠢᠳᠤᠯᠭ᠎ᠠ ᠪᠤᠯᠤᠭᠰᠠᠨ ᠤ ᠬᠤᠪᠢ ᠳ᠋ᠤ᠂ ᠳ᠋ᠠᠨᠢᠽᠠᠨ᠎ᠠ ᠨᠢ ᠭᠦᠸᠧ ᠱᠤᠸᠠᠨ ᠽᠠᠢ ᠶ᠋ᠢᠨ ᠤᠷᠪᠠᠯᠭᠠᠨ ᠢ ᠳᠠᠷᠤᠩᠭᠤᠶᠢᠯᠠᠬᠤ ᠰᠢᠢᠳᠪᠦᠷᠢᠲᠦ ᠪᠤᠳᠤᠯᠭ᠎ᠠ ᠪᠠ ᠵᠤᠬᠢᠶᠠᠨ ᠪᠠᠶᠢᠭᠤᠯᠤᠯᠲᠠ ᠳ᠋ᠤ ᠤᠷᠤᠯᠴᠠᠵᠤ᠂ ᠳ᠋ᠸ ᠸᠠᠩ ᠂ ᠯᠢ ᠱᠧᠦ ᠰᠢᠨ ᠤ 1000 ᠭᠠᠷᠤᠢ ᠦᠯᠡᠳᠡᠭᠳᠡᠯ ᠴᠡᠷᠢᠭ ᠤᠨ ᠢᠲᠡᠭᠡᠯ ᠢ ᠤᠯᠵᠤ ᠂ ᠲᠠᠩᠨᠠᠭᠤᠯ ᠤᠨ ᠵᠣᠬᠢᠶᠠᠨ ᠪᠠᠶᠢᠭᠤᠯᠤᠯᠲᠠ ᠢ ᠨᠢᠷᠭᠡᠬᠦ ᠠᠵᠢᠯ ᠳᠤ ᠬᠠᠮᠵᠢᠯᠴᠢᠭᠰᠠᠨ ᠪᠠᠶᠢᠨ᠎ᠠ ᠃ ᠮᠠᠯᠵᠢᠬᠤ ᠣᠷᠣᠨ ᠳ᠋ᠤ ᠮᠠᠯ ᠤᠨ ᠡᠵᠡᠨ ᠂ ᠬᠥᠯᠥᠰᠥᠨ ᠮᠠᠯᠴᠢᠨ ᠳ᠋ᠤ ᠴᠦᠮ ᠠᠰᠢᠭᠲᠠᠶ ᠪᠠᠶᠢᠬᠤ ᠲᠦᠷᠦ ᠶ᠋ᠢᠨ ᠪᠤᠳᠤᠯᠭ᠎ᠠ ᠢ ᠬᠡᠷᠡᠭᠵᠢᠭᠦᠯᠵᠦ ᠂ ᠥᠪᠡᠷ ᠤᠨ ᠪᠠ ᠲᠥᠷᠥᠯ ᠰᠠᠳᠤᠨ ᠤ ᠮᠠᠯ ᠲᠡᠵᠢᠭᠡᠪᠦᠷᠢ ᠪᠡᠨ ᠤᠯᠤᠰ ᠬᠦᠷᠦᠨ ᠳ᠋ᠦ ᠬᠠᠨᠳᠢᠪᠯᠠᠵᠦ ᠂ ᠮᠠᠯᠴᠢᠳ ᠤᠨ ᠠᠮᠢᠳᠤᠷᠠᠯ ᠢ ᠰᠠᠶᠢᠵᠢᠷᠠᠭᠤᠯᠤᠨ᠂ ᠳ᠋ᠸᠩᠺᠸᠤ ᠰᠢᠶᠠᠨ ᠤ 17 ᠲᠦᠮᠡᠨ ᠮᠥ ᠭᠠᠵᠠᠷ ᠤᠨ ᠭᠠᠵᠠᠷ ᠤᠨ ᠲᠦᠷᠢᠶᠡᠰᠦ ᠶ᠋ᠢ ᠰᠠᠶᠢᠨ ᠳᠤᠷ᠎ᠠ ᠡᠴᠠ ᠢᠶᠡᠨ ᠲᠠᠶᠠᠭᠳᠠᠵᠤ ᠂ ᠳ᠋ᠸᠩᠺᠸᠤ ᠰᠢᠶᠠᠨ ᠤ ᠭᠠᠵᠠᠷ ᠲᠠᠷᠢᠶᠠᠨ ᠤ ᠥᠭᠡᠷᠡᠴᠢᠯᠡᠯᠲᠡ ᠢ ᠤᠷᠤᠭᠰᠢᠲᠠᠶ ᠪᠡᠶᠡᠯᠡᠭᠦᠯᠵᠦ ᠂ ᠪᠣᠰᠤᠳ ᠡᠴᠡ ᠲᠦᠷᠦᠭᠦᠯᠡᠨ ᠳ᠋ᠢᠩ ᠶᠤᠸᠠᠨ ᠶᠢᠩ ᠤᠨ ᠡᠷᠬᠢᠨ ᠲᠣᠭᠣᠷᠢᠨ ᠬᠢᠭᠡᠳᠾᠧ ᠯᠠᠨ ᠱᠠᠨ ᠠᠭᠤᠯᠠ ᠶ᠋ᠢᠨ ᠳᠠᠭᠠᠤ ᠭᠠᠵᠠᠷ ᠲᠠᠷᠢᠶ᠎ᠠ ᠪᠡᠨ ᠲᠠᠷᠢᠶᠠᠴᠢᠳ ᠲᠤ ᠬᠤᠪᠢᠶᠠᠨ ᠥᠭᠴᠦ ᠂ ᠳ᠋ᠢᠩ ᠶᠤᠸᠠᠨ ᠶᠢᠩ ᠪᠠ ᠠᠭᠤᠯᠠ ᠳᠠᠭᠠᠤ ᠭᠠᠵᠠᠷ ᠣᠷᠣᠨ ᠤ ᠲᠠᠷᠢᠶᠠᠯᠠᠩ ᠤᠨ ᠬᠣᠷᠰᠢᠶᠠᠵᠢᠯ ᠢ ᠪᠡᠶᠡᠯᠡᠭᠦᠯᠵᠦ ᠂ ᠬᠥᠷᠥᠩᠭᠡᠲᠦ ᠶᠣᠰᠣᠨ ᠤ ᠦᠢᠯᠡᠳᠪᠦᠷᠢ ᠬᠤᠳᠠᠯᠳᠤᠭ᠎ᠠ ᠪᠠ ᠭᠠᠷ ᠦᠢᠯᠡᠳᠪᠦᠷᠢᠴᠢᠨ ᠤᠨ ᠨᠡᠶᠢᠭᠡᠮ ᠵᠢᠷᠤᠮᠲᠤ ᠥᠭᠡᠷᠡᠴᠢᠯᠡᠯᠲᠡ ᠢ ᠠᠯᠬᠤᠮ ᠠᠯᠬᠤᠮ ᠢᠶᠠᠷ ᠪᠡᠶᠡᠯᠡᠭᠦᠯᠦᠭᠰᠡᠨ ᠪᠠᠶᠢᠨ᠎ᠠ ᠃ ᠲᠡᠷᠡ ᠤᠯᠤᠰ ᠡᠴᠠ ᠡᠵᠡᠩᠨᠡᠭᠰᠡᠨ ᠬᠤᠳᠠᠯᠳᠤᠭ᠎ᠠ ᠶ᠋ᠢ ᠪᠠᠶᠢᠭᠤᠯᠬᠤ᠂ ᠡᠳ᠋ ᠤᠨ ᠵᠠᠰᠠᠭ ᠭᠠᠶᠢᠯᠢ ᠲᠠᠲᠠᠪᠤᠷᠢ ᠶ᠋ᠢᠨ ᠨᠢᠭᠡᠲᠦᠯ ᠂ ᠰᠣᠶᠣᠯ ᠬᠥᠮᠦᠵᠢᠯ ᠂ ᠡᠷᠡᠭᠦᠯ ᠬᠠᠮᠠᠭᠠᠯᠠᠯ ᠂ ᠠᠮᠧᠷᠢᠺᠠ ᠢ ᠡᠰᠡᠷᠭᠦᠴᠡᠨ ᠰᠣᠯᠣᠩᠭᠣᠰ ᠲᠦ ᠲᠤᠰᠠᠯᠠᠭᠰᠠᠨ ᠪᠠ ᠬᠥᠬᠡᠨᠠᠭᠤᠷ ᠲᠥᠪᠡᠳ ᠤᠨ ᠵᠠᠰᠠᠮᠠᠯ ᠵᠠᠮ ᠢ ᠵᠠᠰᠠᠬᠤ ᠳᠤᠮᠳᠠ ᠴᠥᠮ ᠢᠳᠡᠪᠬᠢᠲᠡᠶ ᠬᠤᠪᠢ ᠨᠡᠮᠡᠷᠢ ᠦᠵᠡᠭᠦᠯᠦᠭᠰᠡᠨ ᠶᠤᠮ᠃ ᠡᠭᠦᠨ ᠳ᠋ᠤ ᠂ ᠨᠠᠮ ᠪᠠ ᠵᠠᠰᠠᠭ ᠤᠨ ᠣᠷᠳᠣᠨ ᠡᠴᠠ ᠲᠡᠭᠦᠨ ᠳ᠋ᠦ ᠲᠤᠶᠢᠯ ᠤᠨ ᠥᠨᠳᠥᠷ ᠢᠷᠠᠭᠤ ᠠᠯᠳᠠᠷ ᠢ ᠤᠯᠭᠤᠵᠤ᠃ 1953 ᠣᠨ ᠳ᠋ᠤ ᠨᠢᠩᠰᠢᠶᠠ ᠮᠤᠵᠢ ᠶ᠋ᠢᠨ ᠠᠷᠠᠳ ᠤᠨ ᠵᠠᠰᠠᠭ ᠤᠨ ᠣᠷᠳᠣᠨ ᠤ ᠳᠡᠳ᠋ ᠲᠡᠷᠢᠭᠦᠯᠡᠭᠴᠢ ᠃ 1954 ᠤᠨ ᠡᠴᠠ 1956 ᠤᠨ ᠤ ᠬᠤᠭᠤᠷᠤᠨᠳᠤ᠂ ᠤᠷᠢᠳ ᠬᠣᠵᠢᠳ ᠨᠢᠩᠰᠢᠶᠠ ᠮᠤᠵᠢ ᠶ᠋ᠢᠨ ᠮᠣᠩᠭᠣᠯ ᠦᠨᠳᠦᠰᠦᠲᠡᠨ ᠦ ᠥᠪᠡᠷᠲᠡᠭᠡᠨ ᠵᠠᠰᠠᠬᠤ ᠣᠷᠣᠨ ( ᠵᠧᠸ ) ᠤ ᠲᠡᠷᠢᠭᠦᠯᠡᠭᠴᠢ ᠂ ᠭᠠᠨᠰᠦ ᠮᠤᠵᠢ ᠶ᠋ᠢᠨ ᠮᠣᠩᠭᠣᠯ ᠦᠨᠳᠦᠰᠦᠲᠡᠨ ᠦ ᠥᠪᠡᠷᠲᠡᠭᠡᠨ ᠵᠠᠰᠠᠬᠤ ᠵᠧᠦ ᠶ᠋ᠢᠨᠵᠧᠦ ᠶ᠋ᠢᠨ ᠳᠠᠷᠤᠭ᠎ᠠ ᠪᠠ ᠭᠠᠨᠰᠦ ᠮᠤᠵᠢ ᠶ᠋ᠢᠨ ᠠᠷᠠᠳ ᠤᠨ ᠵᠠᠰᠠᠭ ᠤᠨ ᠣᠷᠳᠣᠨ ᠤ ᠳᠡᠳ᠋ ᠲᠡᠷᠢᠭᠦᠯᠡᠭᠴᠢ ᠠᠵᠢᠯ ᠢ ᠬᠠᠷᠢᠭᠤᠴᠠᠪᠠ ᠃
1956 ᠣᠨ ᠳ᠋ᠦ ᠂ ᠪᠠᠶᠠᠨᠬᠤᠳᠠ ᠮᠣᠩᠭᠣᠯ ᠦᠨᠳᠦᠰᠦᠲᠡᠨ ᠦ ᠥᠪᠡᠷᠲᠡᠭᠡᠨ ᠵᠠᠰᠠᠬᠤ ᠵᠧᠸ ᠪᠠ ᠡᠵᠡᠨ᠎ᠡ ᠬᠣᠰᠢᠭᠤ ᠶ᠋ᠢ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠳᠦ ᠬᠠᠷᠢᠶᠠᠯᠠᠭᠤᠭᠰᠠᠨ ᠡᠴᠡ ᠂ ᠳ᠋ᠠᠨᠢᠽᠠᠨ᠎ᠠ ᠨᠢ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠳᠡᠳ᠋ ᠲᠡᠷᠢᠭᠦᠯᠡᠭᠴᠢ ᠪᠤᠯᠤᠨ ᠪᠠᠶᠠᠨᠨᠠᠭᠤᠷ ᠠᠶᠢᠮᠠᠭ ᠤᠨ ᠠᠶᠢᠮᠠᠭ ᠤᠨ ᠳᠠᠷᠤᠭ᠎ᠠ ᠪᠣᠯᠤᠨ ᠠᠯᠠᠱᠠ ᠬᠤᠰᠢᠭᠤᠨ ᠤ ᠬᠤᠰᠢᠭᠤᠨ ᠳᠠᠷᠤᠭ᠎ᠠ ᠪᠠᠷ ᠲᠤᠮᠢᠯᠠᠭᠳᠠᠭᠰᠠᠨ ᠪᠠᠶᠢᠨ᠎ᠠ ᠃
︽ ᠰᠣᠶᠣᠯ ᠤᠨ ᠶᠡᠬᠡ ᠬᠤᠪᠢᠰᠬᠠᠯ ︾ ᠡᠬᠢᠯᠡᠭᠰᠡᠨ ᠨᠢ ᠳᠠᠷᠠᠭ᠎ᠠ᠂ ᠳ᠋ᠠᠨᠢᠽᠠᠨ᠎ᠠ ᠪᠠ ᠲᠡᠭᠦᠨ ᠤ ᠭᠡᠷ ᠪᠦᠯᠢ ᠶ᠋ᠢᠨ ᠬᠢᠨᠢ ᠳᠠᠭᠠᠷᠢᠯᠲᠠ ᠳ᠋ᠦ ᠤᠴᠠᠷᠠᠵᠠᠢ ᠃ ᠶᠡᠷᠦᠩᠬᠡᠶ ᠰᠠᠶᠢᠳ ᠵᠧᠦ ᠡᠳᠯᠠᠶ ᠶ᠋ᠢᠨ ᠲᠤᠰᠠᠯᠠᠮᠵᠢ ᠪᠠᠷ ᠨᠠᠰᠤ ᠠᠬᠠᠰᠢᠷᠠᠵᠤ ᠲᠡᠩᠬᠡᠭᠡ ᠮᠠᠭᠤᠲᠠᠭᠰᠠᠨ ᠂ ᠡᠪᠡᠳᠴᠢᠨ ᠡᠮᠦᠰᠬᠡᠭ ᠲᠦ ᠤᠷᠢᠶᠠᠭᠳᠤᠭᠰᠠᠨ ᠳ᠋ᠠᠨᠢᠽᠠᠨ᠎ᠠ ᠪᠤᠯᠤᠨ ᠬᠠᠲᠤᠨ ᠵᠢᠨ ᠶᠦᠨ ᠴᠧᠩ ᠨᠢ ᠪᠡᠭᠡᠵᠢᠩ ᠳ᠋ᠦ ᠪᠡᠶ᠎ᠡ ᠪᠡᠨ ᠰᠤᠪᠢᠯᠠᠵᠤ ᠂ ᠬᠤᠵᠢᠮ ᠨᠢ《 ᠤᠯᠠᠭᠠᠨ ᠬᠠᠮᠠᠭᠠᠯᠠᠬᠤ ᠴᠡᠷᠢᠭ 》 ᠡᠴᠡ ᠳ᠋ᠠᠨᠢᠽᠠᠨ᠎ᠠ ᠶᠢ ᠨᠤᠲᠤᠭ ᠲᠦ᠋ᠨᠢ ᠠᠪᠴᠢᠷᠠᠨ ᠪᠣᠷᠤᠭᠤᠰᠢᠶᠠᠨ ᠲᠡᠮᠡᠴᠡᠪᠡ᠃1968 ᠤᠨ ᠤ 11 ᠰᠠᠷ᠎ᠠ ᠶ᠋ᠢᠨ 8 ᠦ ᠡᠳᠦᠷ᠂ ᠳ᠋ᠠᠨᠢᠽᠠᠨ᠎ᠠ ᠰᠠᠨ ᠱᠧᠩ ᠬᠦᠩ ᠤᠨ ᠪᠤᠷᠤᠭᠤᠰᠢᠶᠠᠨ ᠲᠡᠮᠡᠴᠡᠬᠦ ᠬᠤᠷᠠᠯ ᠤᠨ ᠲᠠᠯᠠᠪᠠᠢ ᠳ᠋ᠤᠨ ᠬᠢᠯᠢᠰ ᠢᠶᠠᠷ ᠨᠠᠰᠤ ᠪᠠᠷᠠᠭᠰᠠᠨ ᠪᠠᠷᠠᠵᠤ᠂ ᠬᠠᠲᠤᠨ ᠵᠢᠨ ᠶᠦᠨ ᠴᠧᠩ ᠴᠦ ᠳᠠᠷᠠᠭ᠎ᠠ ᠵᠢᠯ ᠨᠢ ᠨᠠᠰᠤ ᠪᠠᠷᠠᠪᠠ ᠃
1979 ᠤᠨ ᠤ 2 ᠰᠠᠷ᠎ᠠ ᠶ᠋ᠢᠨ 13 ᠦ ᠡᠳᠦᠷ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠦ ᠨᠠᠮ ᠤᠨ ᠬᠣᠷᠢᠶ᠎ᠠ ᠪᠠ ᠠᠷᠠᠳ ᠤᠨ ᠵᠠᠰᠠᠭ ᠤᠨ ᠣᠷᠳᠣᠨ ᠨᠢ ᠬᠥᠬᠡᠬᠣᠲᠠ ᠳ᠋ᠦ ᠳ᠋ᠠᠨᠢᠽᠠᠨ᠎ᠠ ᠪᠠ ᠬᠠᠲᠤᠨ ᠵᠢᠨ ᠶᠦᠨᠴᠧᠩ ᠳ᠋ᠦ ᠦᠪᠡᠳᠡᠭᠰᠢ ᠶᠡᠬᠡ ᠭᠠᠰᠢᠭᠤᠳᠠᠯ ᠤᠨ ᠬᠤᠷᠠᠯ ᠬᠢᠵᠦ ᠂ ᠲᠡᠭᠦᠨ ᠢ ᠲᠤᠶᠢᠯᠪᠤᠷᠢᠲᠠᠶ ᠴᠠᠭᠠᠳᠬᠠᠵᠤ ᠂ ᠨᠡᠷ᠎ᠡ ᠠᠯᠳᠠᠷ ᠢ ᠨᠢ ᠰᠡᠷᠭᠦᠭᠡᠭᠰᠡᠨ ᠪᠠᠶᠢᠨ᠎ᠠ ᠃