《 ᠬᠦ᠋ ᠾᠦᠨ ᠲᠠᠨ ᠦ ᠬᠡᠷᠡᠭ ᠶᠠᠪᠤᠳᠠᠯ》
1924 ᠣᠨ ᠦ 12 ᠰᠠᠷ᠎ᠠ ᠳᠤ ᠂ ᠫᠸᠩ ᠢᠦᠢ ᠰᠢᠶᠠᠩ ᠪᠠᠷᠠᠭᠤᠨ ᠬᠣᠶᠢᠲᠤ ᠣᠷᠣᠨ ᠤ ᠬᠢᠯᠢ ᠶᠢ ᠬᠠᠮᠢᠶᠠᠷᠠᠬᠤ ᠵᠠᠬᠢᠷᠤᠭᠴᠢ ᠪᠠᠷ ᠲᠤᠮᠢᠯᠠᠭᠳᠠᠨ ᠢᠷᠭᠡᠨ ᠦ ᠨᠢᠭᠡᠳᠦᠭᠡᠷ ᠠᠷᠮᠢ ᠶᠢᠨ ᠲᠠᠪᠤᠳᠤᠭᠠᠷ ᠳ᠋ᠢᠸᠢᠽᠢ ᠶᠢ ᠲᠣᠮᠢᠯᠠᠨ ᠴᠢᠭᠤᠯᠤᠯᠳᠦ ᠬᠠᠭᠠᠯᠭ᠎ᠠ ᠳᠤ ᠣᠷᠣᠵᠤ ᠰᠠᠭᠤᠭᠠᠭᠰᠠᠨ ᠪᠦᠭᠡᠳ ᠴᠠᠬᠠᠷ ᠤᠨᠴᠠᠭᠠᠢ ᠣᠷᠣᠨ ᠢ ᠨᠢᠭᠡᠳᠦᠯᠲᠡᠶ ᠵᠠᠬᠢᠷᠠᠪᠠ ᠃ 1925 ᠣᠨ ᠤ ᠡᠬᠢ ᠪᠡᠷ ᠂ ᠢᠷᠭᠡᠨ ᠤ ᠨᠢᠭᠡᠳᠦᠭᠡᠷ ᠠᠷᠮᠢ ᠶᠢᠨ ᠵᠢᠷᠭᠤᠳᠤᠭᠠᠷ ᠳ᠋ᠢᠸᠢᠽᠢ ᠶᠢᠨ ᠳᠠᠷᠤᠭ᠎ᠠ ᠯᠢ ᠮᠢᠩ ᠵᠦᠩ ᠴᠡᠷᠢᠭ ᠢ ᠳᠠᠭᠠᠭᠤᠯᠤᠨ ᠰᠦᠢᠶᠤᠸᠠᠨ ᠳᠦ ᠣᠷᠤᠭᠤᠯᠵᠦ ᠲᠡᠭᠦᠨ ᠢ ᠰᠦᠢᠶᠤᠸᠠᠨ ᠦ ᠣᠨᠴᠠᠭᠠᠶ ᠣᠷᠣᠨ ᠦ ᠵᠠᠬᠢᠷᠤᠭᠴᠢ ᠪᠣᠯᠭᠠᠪᠠ᠃ ᠢᠷᠭᠡᠨ ᠦ ᠴᠡᠷᠢᠭ ᠴᠠᠬᠠᠷ ᠰᠦᠢᠶᠤᠸᠠᠨ ᠦ ᠭᠠᠵᠠᠷ ᠣᠷᠣᠨ ᠢ ᠪᠦᠷᠢᠮᠦᠰᠦᠨ ᠡᠷᠬᠡᠨ ᠳᠡᠭᠡᠨ ᠣᠷᠣᠭᠤᠯᠪᠠ ᠃ ᠯᠢ ᠮᠢᠩ ᠵᠦᠩ ᠰᠦᠢᠶᠤᠸᠠᠨ ᠢ ᠡᠷᠡᠬᠢᠯᠡᠭᠰᠡᠨ ᠤ ᠳᠠᠷᠠᠭ᠎ᠠ ᠂ 《 ᠡᠵᠡᠷᠬᠡᠭ ᠳᠦᠷᠢᠮᠡᠬᠡᠶᠢᠲᠡᠨ ᠢ ᠴᠣᠬᠢᠨ ᠤᠨᠠᠭᠠᠶ᠎ᠠ 》 ᠂ 《 ᠴᠡᠷᠢᠭ ᠤᠨ ᠡᠷᠬᠡᠲᠡᠨ ᠢ ᠴᠣᠬᠢᠨ ᠤᠨᠠᠭᠠᠶ᠎ᠠ 》 ᠂ 《 ᠰᠢᠨᠤᠬᠠᠶ ᠨᠣᠶᠠᠨ ᠬᠤᠪᠳᠤᠭ ᠲᠦᠰᠢᠮᠡᠯ ᠢ ᠴᠣᠬᠢᠨ ᠤᠨᠠᠭᠠᠶ᠎ᠠ 》 ᠂ 《 ᠬᠠᠷᠭᠢᠰ ᠪᠠᠶᠠᠨ ᠵᠢᠰᠤᠷ ᠡᠷᠬᠡᠲᠡᠨ ᠢ ᠴᠣᠬᠢᠨ ᠤᠨᠠᠭᠠᠶ᠎ᠠ 》 ᠵᠡᠷᠭᠡ ᠬᠤᠪᠢᠰᠬᠠᠯᠲᠤ ᠤᠷᠢᠶ᠎ᠠ ᠳᠤᠷᠠᠳᠤᠭᠰᠠᠨ ᠪᠥᠭᠡᠳ ᠠᠯᠢ ᠤᠯᠠᠨ ᠰᠢᠨᠡᠴᠢᠯᠡᠬᠦ ᠠᠷᠭ᠎ᠠ ᠬᠡᠮᠵᠢᠶ᠎ᠡ ᠠᠪᠤᠪᠠ ᠂ ᠥᠭᠡᠷ᠎ᠡ ᠪᠡᠷ ᠬᠡᠯᠡᠪᠡᠯ ᠂ ᠬᠤᠪᠳᠤᠬ ᠨᠣᠶᠠᠨ ᠢ ᠲᠦᠯᠬᠢᠨ ᠤᠨᠠᠭᠠᠵᠤ᠂ ᠵᠠᠰᠠᠭ ᠢ ᠴᠡᠭᠴᠡᠯᠡᠨ ᠃ ᠰᠤᠷᠭᠠᠭᠤᠯᠢ ᠡᠭᠦᠰᠭᠡᠨ ᠪᠠᠶᠢᠭᠤᠯᠵᠦ ᠂ ᠰᠤᠷᠭᠠᠨ ᠬᠦᠮᠦᠵᠢᠯ ᠢ ᠰᠢᠨᠡᠴᠢᠯᠡᠨ ᠃ ᠬᠠᠷ᠎ᠠ ᠲᠠᠮᠠᠬᠢ ᠲᠠᠲᠠᠬᠤ ᠢᠢ ᠴᠠᠭᠠᠵᠠᠯᠠᠨ ᠂ ᠲᠠᠮᠠᠬᠢᠴᠢᠨ ᠢᠷᠭᠡᠨ ᠢ ᠦᠭᠡᠷᠡᠴᠢᠯᠡᠪᠡ ᠃ ᠭᠦᠷᠦᠮᠡᠯ ᠭᠡᠵᠢᠭᠡ ᠶᠢ ᠬᠠᠶᠢᠴᠢᠯᠠᠨ ᠱᠣᠶᠢᠰᠦ᠋ᠭ᠋ ᠬᠥᠯ ᠦᠨ ᠳᠦᠷᠢᠮ ᠢ ᠦᠭᠡᠢᠰᠭᠡᠨ ᠂ ᠰᠢᠨ᠎ᠡ ᠰᠤᠷᠲᠠᠯ ᠢ ᠰᠠᠨᠠᠭᠠᠴᠢᠯᠠᠪᠠ ᠃ ᠬᠤᠳᠠ ᠶᠢᠨ ᠶᠠᠪᠤᠳᠠᠯ ᠢ ᠪᠠᠶᠢᠭᠤᠯᠤᠨ ᠂ ᠠᠰᠠᠷᠠᠮᠵᠢ ᠡᠭᠦᠳᠦᠨ ᠡᠷᠬᠢᠯᠡᠵᠤ ᠃ ᠬᠤᠯᠠᠭᠠᠶ ᠳᠡᠭᠡᠷᠡᠮ ᠳᠤ ᠴᠤᠬᠢᠯᠲᠠ ᠦᠭᠴᠦ ᠂ ᠳᠡᠭᠡᠷᠡᠮ ᠢ ᠴᠡᠪᠡᠷᠯᠡᠪᠡ ᠃ ᠡᠳ᠋ ᠦᠨ ᠵᠠᠰᠠᠭ ᠭᠠᠶᠢᠯᠢ ᠶᠢ ᠲᠤᠬᠢᠷᠠᠭᠤᠯᠤᠨ᠂ ᠣᠷᠣᠯᠭ᠎ᠠ ᠶᠢ ᠨᠡᠮᠡᠭᠳᠡᠭᠦᠯᠪᠡ ᠃ ᠳᠠᠷᠤᠭ᠎ᠠ ᠪᠠᠶᠢᠯᠳᠤᠭᠴᠢ ᠨᠢᠭᠡᠳᠦᠯᠲᠡᠶ ᠂ ᠠᠷᠠᠳ ᠢᠷᠭᠡᠳ ᠡᠷᠬᠡ ᠲᠡᠭᠰᠢ ᠪᠠᠶᠢᠬᠤ ᠶᠢ ᠴᠢᠷᠮᠠᠶᠢᠨ ᠬᠡᠷᠡᠭᠵᠢᠭᠦᠯᠦᠭᠡᠳ ᠰᠠᠢᠢᠨ ᠠᠮᠵᠢᠯᠲᠠ ᠪᠦᠲᠦᠮᠵᠢ ᠤᠯᠵᠦ ᠂ ᠰᠦᠢᠶᠤᠸᠠᠨ ᠂ ᠠᠷᠠᠳ ᠲᠦᠮᠡᠨ ᠦ ᠰᠠᠢᠢᠨ ᠦᠨᠡᠯᠡᠯᠲᠡ ᠶᠢ ᠣᠯᠵᠠᠶ ᠂ ᠰᠦᠢᠶᠤᠸᠠᠨ ᠤᠷᠤᠨ ᠳᠤ ᠰᠢᠨ᠎ᠡ ᠬᠡᠪ ᠪᠠᠶᠢᠳᠠᠯ ᠭᠠᠷᠴᠠᠶ ᠃
1926 ᠣᠨ ᠤ 8 ᠰᠠᠷ᠎ᠠ ᠳᠤ ᠂ ᠢᠷᠭᠡᠨ ᠦ ᠴᠡᠷᠢᠭ ᠨᠠᠨᠺᠸᠦ ᠳᠦ ᡁᠢᠯᠢ︱ ᠮᠦᠭᠳᠡᠨ︱ ᠱᠠᠨ ᠰᠢ ᠶᠢᠨ ᠴᠡᠷᠢᠭ ᠤᠨ ᠡᠷᠬᠡᠲᠡᠨ ᠦ ᠬᠣᠯᠪᠣᠭᠠᠯᠠᠭᠰᠠᠨ ᠳᠠᠭᠠᠷᠢᠯᠳᠠ ᠳᠦ ᠢᠯᠠᠭᠳᠠᠭᠰᠠᠨ ᠦ ᠲᠠᠷᠠᠭ᠎ᠠ ᠰᠦᠢᠶᠤᠸᠠᠨ ᠤᠷᠤᠭᠤ ᠤᠬᠤᠷᠢᠵᠤ ᠭᠠᠷᠪᠠ ᠃ ᠤᠳᠠᠯ ᠦᠭᠡᠢ ᠂ ᠮᠦᠭᠳᠡᠨ᠂ ᠱᠠᠨ ᠰᠢ ᠶᠢᠨ ᠴᠡᠷᠢᠭ ᠶᠢᠨ ᠡᠷᠬᠡᠲᠡᠨ ᠰᠦᠢᠶᠤᠸᠠᠨ ᠴᠠᠬᠠᠷ ᠤᠨ ᠶᠡᠬᠡᠩᠬᠢ ᠬᠡᠰᠡᠭ ᠭᠠᠵᠠᠷ ᠣᠷᠣᠨ ᠢ ᠡᠵᠡᠯᠡᠪᠡ᠃ ᠶᠠᠨ ᠰᠢ ᠱᠠᠨ ᠱᠠᠩ ᠵᠧᠨ ᠢ ᠰᠦᠢᠶᠤᠸᠠᠨ ᠦ ᠣᠨᠴᠠᠭᠠᠶ ᠣᠷᠣᠨ ᠳᠦ ᠪᠦᠬᠦᠳᠡ ᠶᠢ ᠵᠠᠬᠢᠷᠤᠭᠴᠢ ᠪᠠᠷ ᠲᠤᠮᠢᠯᠠᠨ ᠂ ᠱᠠᠨ ᠰᠢ — ᠰᠦᠢᠶᠤᠸᠠᠨ ᠤ ᠴᠡᠷᠢᠭ ᠵᠠᠰᠠᠭ ᠤᠨ ᠡᠷᠬᠡ ᠶᠢ ᠬᠦᠯᠢᠶᠠᠨ ᠠᠪᠴᠤ ᠬᠠᠮᠢᠶᠠᠷᠤᠨ ᠂ ᠮᠦᠭᠳᠡᠨ ᠦ ᠴᠡᠷᠢᠭ ᠵᠢᠩ — ᠰᠦᠢ ᠲᠡᠮᠤᠷ ᠵᠠᠮ ᠢ ᠬᠦᠯᠢᠶᠠᠨ ᠠᠪᠴᠤ ᠬᠠᠮᠢᠶᠠᠷᠤᠪᠠ᠂ ᠃ ᠱᠠᠩ ᠶᠸ᠋ᠨ ᡁᠢᠯᠢ ᠨᠤᠲᠤᠭ ᠤᠨ ᠬᠥᠮᠦᠨ ᠪᠠ ᠲᠦᠷᠦᠯ ᠰᠠᠲᠤᠨ ᠬᠠᠭᠤᠴᠢᠨ ᠲᠠᠨᠢᠯ ᠢᠶᠠᠷ ᠢᠶᠠᠨ ᠰᠦᠢᠶᠤᠸᠠᠨ ᠤ ᠴᠡᠷᠢᠭ ᠵᠠᠰᠠᠭ ᠤᠨ ᠶᠡᠬᠡ ᠡᠷᠬᠡ ᠶᠢ ᠠᠳᠬᠠᠭᠤᠯᠤᠭᠰᠠᠨ ᠪᠠᠶᠢᠨ᠎ᠠ ᠃ ᠶᠠᠨ ᠰᠢ ᠱᠠᠨ ᠪᠠᠰᠠ ᠱᠠᠨ ᠰᠢ ᠨᠤᠲᠤᠭ ᠲᠠᠶ ᠬᠥᠮᠦᠰ ᠢ ᠲᠣᠮᠢᠯᠠᠨ ᠵᠠᠰᠠᠭ ᠤᠨ ᠡᠷᠬᠡ ᠶᠢ ᠬᠤᠪᠢᠶᠠᠯᠴᠠᠨ ᠡᠳᠡᠯᠡᠵᠦ ᠴᠢᠬᠤᠯᠠ ᠲᠤᠰᠢᠶᠠᠯ ᠢ ᠬᠠᠷᠢᠭᠤᠴᠠᠭᠤᠯᠪᠠ ᠂ ᠭᠠᠭᠴᠠ ᠬᠦ ᠰᠦᠢᠶᠤᠸᠠᠨ ᠣᠷᠣᠨ ᠨᠤᠲᠤᠭ ᠤᠨ ᠬᠥᠮᠦᠰ ᠢ ᠭᠠᠳᠠᠭᠤᠷᠴᠢᠯᠠᠵᠤ ᠪᠠᠶᠢᠪᠠ ᠃ ᠤᠯᠤᠰ ᠲᠦᠷᠦ ᠶᠢᠨ ᠬᠢᠨ ᠤ ᠬᠣᠭᠣᠷᠣᠨᠳᠣᠬᠢ ᠵᠥᠷᠢᠴᠡᠯ ᠡᠳᠦᠷ ᠢᠷᠡᠬᠦᠶ᠎ᠡ ᠪᠤᠳᠤᠯᠢᠶᠠᠨᠲᠠᠶ ᠪᠤᠯᠵᠤ ᠂ ᠬᠤᠪᠳᠤᠭ ᠨᠣᠶᠠᠨ ᠲᠠᠶᠢᠰᠠᠨ ᠳᠤ ᠭᠠᠷᠴᠤ ᠂ ᠬᠠᠭᠤᠴᠢᠨ ᠲᠦᠷᠢᠮ ᠢ ᠰᠡᠷᠭᠦᠭᠡᠬᠦ ᠳᠡᠭᠡᠷᠡᠮ ᠶᠣᠰᠣ ᠪᠤᠰᠤ ᠠᠭᠠᠰᠢᠯᠠᠵᠤ ᠂ ᠮᠥᠩᠭᠥᠨ ᠭᠦᠢᠯᠭᠡᠭᠡᠨ ᠡᠮᠬᠢ ᠵᠠᠮᠪᠠᠷᠠᠭ᠎ᠠ ᠦᠭᠡᠢ ᠂ ᠢᠷᠭᠡᠨ ᠦ ᠴᠡᠷᠢᠭ ᠤᠨ ᠰᠢᠨᠡᠴᠢᠯᠡᠯᠲᠡ ᠪᠠ ᠠᠷᠭ᠎ᠠ ᠬᠡᠮᠵᠢᠶ᠎ᠡ ᠨᠢ ᠪᠦᠷ ᠬᠤᠭᠤᠰᠤᠨ ᠪᠤᠯᠪᠠ ᠃ ᠱᠠᠩ ᠵᠧᠨ ᠰᠦᠢᠶᠤᠸᠠᠨ ᠢ ᠵᠠᠰᠠᠵᠤ ᠂ ᠪᠠᠶᠠᠷ ᠵᠢᠷᠭᠠᠯ ᠡᠳ᠋ ᠮᠦᠩᠭᠦᠨ ᠳᠦ ᠰᠢᠨᠤᠬᠠᠶᠢᠷᠠᠨ᠂ ᠰᠦᠢᠶᠤᠸᠠᠨ ᠣᠷᠣᠨ ᠦ ᠭᠠᠵᠠᠷ ᠲᠠᠷᠢᠶᠠᠨ ᠤ ᠲᠠᠩᠰᠠ ᠶᠢᠨ ᠬᠠᠮᠢᠶᠠᠷᠤᠯᠲᠠ ᠨᠢ ᠡᠮᠬᠢ ᠵᠠᠮᠪᠠᠷᠠᠭ᠎ᠠ ᠦᠭᠡᠢ ᠂ ᠲᠠᠷᠢᠶᠠᠨ ᠡᠷᠦᠬᠡ ᠶᠢᠨ ᠥᠮᠴᠢᠯᠡᠯ ᠶᠢᠨ ᠭᠠᠵᠠᠷ ᠰᠢᠷᠣᠶ ᠨᠢ ᠶᠡᠷᠦ ᠳᠡᠭᠡᠨ ᠳᠠᠩᠰᠠᠯᠠᠭᠰᠠᠨ ᠲᠤᠭ᠎ᠠ ᠠᠴᠠ ᠢᠯᠡᠭᠦᠦ ᠪᠠᠶᠢᠵᠡᠢ ᠃ ᠱᠠᠩ ᠵᠧᠨ ᠭᠠᠵᠠᠷ ᠤᠨ ᠠᠰᠢᠭ ᠶᠡᠭᠡ ᠪᠠᠶᠢᠬᠤ ᠶᠢ ᠦᠵᠡᠨ ᠭᠠᠷᠴᠤ ᠪᠠᠰᠠ ᠢᠯᠡᠭᠦᠴᠡ ᠠᠲᠠᠷ ᠬᠠᠭᠠᠯᠪᠤᠷᠢᠯᠠᠬᠤ ᠪᠠᠷ ᠪᠤᠯᠪᠠ᠃ ᠭᠠᠵᠠᠷ ᠤᠨ ᠮᠦ ᠶᠢ ᠨᠠᠷᠢᠨ ᠬᠡᠮᠵᠢᠭᠡᠳ ᠤᠤᠯ ᠤᠨ ᠲᠡᠮᠳᠡᠭᠯᠡᠭᠰᠡᠨ ᠡᠴᠡ ᠢᠯᠡᠭᠦᠳᠡᠭᠰᠡᠨ ᠭᠠᠵᠠᠷ ᠲᠠᠷᠢᠶᠠᠨ ᠡᠴᠡ ᠲᠠᠷᠢᠶᠠᠨ ᠤ ᠭᠤᠪᠴᠢᠭᠤᠷ ᠪᠠ ᠪᠠᠷᠢᠴᠠᠭᠠᠨ ᠤ ᠮᠥᠩᠭᠦ ᠬᠤᠷᠢᠶᠠᠨ ᠠᠪᠤᠨ᠎ᠠ ᠂ ᠲᠡᠭᠡᠭᠡᠳ ᠰᠢᠨ᠎ᠡ ᠭᠠᠵᠠᠷ ᠤᠨ ᠳᠡᠪᠲᠡᠷ ᠥᠭᠭᠦᠭᠰᠡᠨ ᠴᠤ ᠲᠡᠷᠡ ᠶᠣᠰᠣᠭᠠᠷ ᠤᠷᠤᠯᠭ᠎ᠠ ᠪᠤᠳᠤᠨ ᠠᠪᠤᠨ᠎ᠠ ᠃ ᠬᠠᠪᠴᠢᠭᠤᠷ ᠠᠲᠠᠷ ᠢ ᠨᠡᠩ ᠶᠠᠭᠤ ᠶᠢ ᠬᠡᠯᠡᠬᠦ ᠪᠣᠢ ︖ ᠡᠶᠢᠮᠦ ᠡᠴᠡ ᠂ ᠬᠠᠨᠳᠠ ᠭᠠᠵᠠᠷ ᠤᠨ ᠮᠦ ᠶᠢ ᠬᠡᠮᠵᠢᠭᠦᠯᠵᠦ ᠂ ᠬᠠᠪᠴᠢᠭᠤᠷ ᠭᠠᠵᠠᠷ ᠲᠠᠷᠢᠶ᠎ᠠ ᠶᠢ ᠬᠠᠭᠠᠯᠪᠤᠷᠢᠯᠠᠬᠤ ᠪᠣᠯ ᠱᠠᠩ ᠵᠧᠨ ᠰᠦᠢᠶᠤᠸᠠᠨ ᠢ ᠡᠵᠡᠷᠬᠡᠭᠰᠡᠨ ᠦ ᠳᠠᠷᠠᠭ᠎ᠠ ᠵᠣᠭᠣᠰ ᠮᠥᠩᠭᠥ ᠢ ᠤᠯᠬᠤ ᠴᠢᠬᠤᠯᠠ ᠡᠬᠢ ᠰᠤᠷᠪᠤᠯᠵᠢ ᠪᠣᠯᠤᠭᠰᠠᠨ ᠶᠤᠮ ᠃ ᠲᠡᠭᠡᠭᠡᠳ 1926 ᠣᠨ ᠤ ᠡᠪᠦᠯ ᠭᠦᠢᠰᠦᠢ ᠂ ᠰᠠᠭᠠᠯᠢᠴᠢᠨ ᠂ ᠲᠣᠭᠲᠠᠬᠤ ᠪᠠ ᠬᠤᠷᠢᠨ ᠭᠡᠷ ᠂ ᠴᠢᠩ ᠱᠦᠢ ᠾᠧ ᠂ ᠡᠦ ᠴᠤᠸᠡᠠ ᠂ 6 ᠰᠢᠶᠠᠨ ᠳᠤ ᠭᠠᠵᠠᠷ ᠲᠠᠷᠢᠶᠠᠨ ᠦ ᠬᠡᠮᠵᠢᠯᠲᠡ ᠶᠢᠨ ᠲᠣᠪᠴᠢᠶ᠎ᠠ ᠶᠢ ᠪᠠᠶᠢᠭᠤᠯᠪᠠ ᠃ ᠱᠠᠨ ᠰᠢ ᠭᠠᠷᠤᠯ ᠲᠠᠢ ᠵᠸᠦ ᠵᠢᠨ ᠵᠠᠶ ᠲᠣᠪᠴᠢᠶᠠᠨ ᠳᠠᠷᠤᠭ᠎ᠠ ᠪᠤᠯᠵᠤ ᠂ ᠱᠠᠨ ᠰᠢ ᠬᠥᠮᠦᠨ ᠬᠡᠮᠵᠢᠯᠲᠡ ᠶᠢᠨ᠂ ᠶᠡᠬᠡ ᠡᠷᠬᠡ ᠶᠢ ᠡᠵᠡᠮᠰᠢᠵᠦ ᠂ 1927 ᠣᠨ ᠦ ᠬᠠᠪᠤᠷ ᠬᠡᠮᠵᠢᠯᠲᠡ ᠶᠢ ᠡᠬᠢᠯᠡᠬᠦ ᠪᠡᠷ ᠲᠦᠯᠦᠪᠯᠡᠪᠡ᠃
ᠢᠷᠭᠡᠨ ᠦ ᠴᠡᠷᠢᠭ ᠨᠢ ᠰᠦᠢᠶᠤᠸᠠᠨ ᠳᠦ ᠲᠠᠮᠠᠬᠢ ᠴᠠᠭᠠᠵᠠᠯᠠᠬᠤ ᠂ ᠠᠮᠤ ᠴᠡᠴᠡᠭ ᠲᠠᠷᠢᠬᠤ ᠶᠢ ᠴᠠᠭᠠᠵᠠᠯᠠᠬᠤ ᠂ ᠲᠠᠮᠠᠬᠢᠨ ᠮᠤᠬᠤᠯᠠᠭ ᠪᠠᠶᠢᠴᠠᠭᠠᠨ ᠪᠢᠲᠡᠭᠦᠮᠵᠢᠯᠡᠬᠦ ᠂ ᠠᠯᠪᠠᠳᠠᠵᠤ ᠪᠠᠶᠢᠭᠠᠳ ᠲᠠᠮᠠᠬᠢ ᠵᠤᠭᠰᠤᠭᠠᠵᠤ ᠰᠠᠶᠢᠨ ᠦᠷ᠎ᠡ ᠪᠦᠲᠦᠮᠵᠢ ᠣᠯᠵᠤ ᠂ ᠮᠠᠰᠢ ᠬᠦᠷᠢᠶᠡᠯᠡᠯ ᠲᠡᠶ ᠪᠠᠶᠢᠵᠠᠶ ᠃ ᠶᠠᠨ ᠰᠢ ᠱᠠᠨ ᠂ ᠱᠠᠩ ᠵᠧᠨ ᠬᠠᠷᠢᠨ ᠲᠠᠮᠠᠬᠢ ᠶᠢ ᠨᠡᠭᠡᠭᠡᠨ ᠠᠰᠢᠭᠯᠠᠬᠤ ᠪᠠᠷ ᠵᠣᠭᠣᠰ ᠮᠥᠩᠭᠥᠨ ᠤ ᠢᠷᠡᠯᠳ᠋ᠡ ᠶᠢᠨ ᠪᠠᠰᠠ ᠨᠢᠭᠡ ᠠᠷᠭ᠎ᠠ ᠵᠠᠮ ᠪᠤᠯᠭᠠᠭᠰᠠᠨ ᠪᠠᠶᠢᠨ᠎ᠠ᠃ 1927 ᠣᠨ ᠤ ᠬᠠᠪᠤᠷ ᠂ ᠲᠡᠳᠡᠨ ᠰᠦᠢᠶᠤᠸᠠᠨ ᠳᠤ ᠨᠠᠮᠤ ᠴᠡᠴᠡᠭ ᠲᠠᠷᠢᠭᠤᠯᠤᠨ ᠂ ᠲᠠᠮᠠᠬᠢ ᠴᠠᠭᠠᠵᠠᠯᠠᠬᠤ ᠵᠠᠷᠯᠢᠭ ᠢ ᠬᠦᠴᠦᠨ ᠦᠭᠡᠢ ᠪᠣᠯᠭᠠᠬᠤ ᠬᠡᠷᠡᠭᠲᠡᠶ ᠬᠡᠮᠡᠨ ᠂ 《 ᠦᠯᠡᠳᠡᠭᠰᠡᠨ ᠶᠠᠪᠤᠳᠠᠯ ᠤᠨ ᠲᠣᠪᠴᠢᠶ᠎ᠠ 》 ᠭᠡᠵᠦ ᠪᠠᠶᠢᠭᠤᠯᠤᠨ ᠂ ᠬᠢᠯᠢ ᠥᠩᠭᠡᠷᠡᠬᠦ ᠲᠠᠮᠠᠬᠢᠨ ᠤ ᠭᠠᠶᠢᠯᠢ ᠲᠠᠲᠠᠪᠤᠷᠢᠯᠠᠬᠤ ᠂ ᠲᠠᠮᠠᠬᠢ ᠶᠢᠨ ᠳ᠋ᠸ᠋ᠩ ᠦᠨ ᠲᠠᠲᠠᠪᠤᠷᠢ ᠲᠠᠲᠠᠪᠦᠷᠢᠯᠠᠵᠦ ᠂ ᠲᠠᠮᠠᠬᠢᠨ ᠮᠤᠬᠤᠯᠠᠭ ᠪᠣᠯᠤᠨ ᠲᠠᠮᠠᠬᠢ ᠲᠠᠲᠠᠭᠴᠢᠳ ᠢ ᠬᠠᠮᠢᠶᠠᠷᠠᠬᠤ ᠦᠭᠡᠢ᠃ ᠡᠳᠡᠭᠡᠷ ᠶᠠᠪᠤᠳᠠᠯ ᠨᠢ ᠨᠡᠶᠢᠭᠡᠮ ᠨᠡᠶᠢᠲᠡ ᠶᠢᠨ ᠳᠤᠷ᠎ᠠ ᠦᠭᠡᠶᠢᠴᠡᠯ ᠳᠦ ᠤᠴᠠᠷᠠᠭᠰᠠᠨ ᠪᠠᠶᠢᠨ᠎ᠠ ᠃
ᠢᠷᠭᠡᠨ ᠤ ᠴᠡᠷᠢᠭ ᠰᠦᠢᠶᠤᠸᠠᠨ ᠠᠴᠠ ᠤᠬᠤᠷᠢᠨ ᠭᠠᠷᠤᠭᠰᠠᠨ ᠤ ᠳᠠᠷᠠᠭ᠎ᠠ ᠂ ᠪᠠᠷᠠᠭᠤᠨ ᠬᠣᠶᠢᠲᠤ ᠣᠷᠣᠨ ᠤ ᠬᠠᠷᠢᠶ᠎ᠠ ᠪᠠᠩᠬᠢ ᠶᠢᠨ ᠲᠠᠷᠬᠠᠭᠠᠭᠰᠠᠨ ᠴᠠᠭᠠᠰᠤᠨ ᠵᠣᠭᠣᠰ ᠬᠠᠶᠠᠭᠳᠠᠭᠰᠠᠨ ᠪᠦᠭᠡᠳ ᠳᠤᠮᠳᠠᠳᠤ ᠤᠯᠤᠰ ᠤᠨ ᠪᠠᠩᠬᠢ ᠪᠣᠯᠤᠨ ᠵᠠᠮ ᠬᠠᠷᠢᠯᠴᠠᠭᠠᠨ ᠤ ᠪᠠᠩᠬᠢ ᠶᠢᠨ ᠴᠠᠭᠠᠰᠤᠨ ᠵᠣᠭᠣᠰ ᠨᠢ ᠰᠦᠢᠶᠤᠸᠠᠨ ᠳᠦ ᠲᠤᠶᠢᠯ ᠤᠨ ᠳᠤᠲᠠᠮᠠᠭ ᠪᠠᠶᠢᠯ᠎ᠠ᠃ ᠠᠷᠠᠳ ᠤᠨ ᠬᠡᠷᠡᠭᠯᠡᠵᠦ ᠳᠠᠳᠠᠭᠰᠠᠨ ᠲᠡᠮᠦᠷᠯᠢᠭ ᠵᠣᠭᠣᠰ ᠮᠥᠩᠭᠥᠨ ᠵᠤᠭᠤᠰ ᠨᠢ ᠨᠡᠩ ᠴᠤ ᠴᠥᠭᠡᠨ ᠪᠠᠶᠢᠪᠠ᠂ ᠮᠦᠩᠭᠦᠨ ᠭᠦᠢᠯᠭᠡᠭᠡ ᠠᠩᠭᠢᠵᠢᠷᠠᠯ ᠤᠨ ᠱᠠᠲᠤᠨ ᠳᠤ ᠪᠠᠨ ᠤᠷᠤᠪᠠ᠃ ᠡᠯ᠎ᠡ ᠡᠲᠡᠭᠡᠳ ᠤᠨ ᠱᠠᠭᠠᠷᠳᠠᠯᠭ᠎ᠠ ᠪᠠᠷ᠂ ᠶᠠᠨ ᠰᠢ ᠱᠠᠨ ᠂ ᠱᠠᠩ ᠵᠧᠨ 《 ᠰᠦᠢᠶᠤᠸᠠᠨ ᠦ ᠬᠤᠬᠢᠷᠤᠯ ᠤᠨ ᠳᠠᠷᠠᠭᠠᠬᠬᠢ ᠲᠡᠮᠳᠡᠭ 》 ᠲᠠᠷᠬᠠᠬᠠᠤ ᠶᠢ ᠵᠦᠪᠰᠢᠶᠡᠷᠡᠨ ᠂ ᠡᠯ᠎ᠡ ᠰᠢᠶᠠᠨ ᠳᠦ《 ᠬᠦᠷᠦᠩᠭᠡ ᠪᠠᠷ ᠲᠦᠯᠦᠬᠦ ᠶᠢᠨ ᠲᠣᠪᠴᠢᠶ᠎ᠠ》 ᠪᠠᠶᠢᠭᠤᠯᠤᠭᠰᠠᠨ ᠪᠠᠶᠢᠨ᠎ᠠ ᠂ ᠲᠠᠷᠢᠶᠠᠴᠢᠨ ᠬᠦᠷᠦᠩᠭᠡ ᠶᠢᠨ ᠭᠡᠷ᠎ᠡ ᠪᠡᠨ ᠪᠠᠷᠢᠴᠠᠭᠠᠯᠠᠨ ᠵᠣᠭᠣᠰ ᠵᠢᠭᠡᠯᠡᠵᠦ ᠲᠦᠷ ᠴᠠᠭ ᠮᠦᠩᠭᠦᠨ ᠭᠦᠢᠯᠭᠡᠭᠡ ᠶᠢᠨ ᠬᠦᠴᠢᠷᠳᠡᠯ ᠢ ᠰᠢᠶᠳᠪᠦᠷᠢᠯᠡᠵᠦ ᠪᠠᠶᠢᠪᠠ᠃ ᠨᠡᠩ ᠴᠢᠬᠤᠯᠠ ᠨᠢ ᠴᠠᠭᠠᠰᠤᠨ ᠵᠣᠭᠣᠰ ᠲᠠᠷᠬᠠᠭᠠᠬᠤ ᠪᠠᠷ ᠴᠡᠷᠢᠭ ᠤᠨ ᠵᠠᠷᠤᠳᠠᠯ ᠤᠨ ᠬᠦᠴᠢᠷᠳᠡᠯ ᠢ ᠰᠡᠢᠳᠪᠦᠷᠢᠯᠡᠬᠦ ᠳᠦ ᠲᠤᠰᠠᠲᠠᠢ ᠂ 100 ᠲᠦᠮᠡᠨ ᠲᠥᠭᠥᠷᠢᠭ ᠤᠨ《ᠰᠦᠢᠶᠤᠸᠠᠨ ᠦ ᠬᠤᠬᠢᠷᠤᠯ ᠤᠨ ᠳᠠᠷᠠᠭᠠᠬᠬᠢ ᠲᠡᠮᠳᠡᠭ》 ᠲᠠᠷᠬᠠᠭᠠᠬᠤ ᠪᠠᠷ ᠲᠤᠭᠲᠠᠭᠠᠭᠰᠠᠨ ᠪᠣᠯᠪᠠᠴᠤ ᠬᠡᠷᠡᠭᠵᠢᠭᠦᠯᠵᠦ ᠴᠢᠳᠠᠭᠰᠠᠨ ᠦᠭᠡᠢ ᠂ 《ᠬᠤᠬᠢᠷᠤᠯ ᠤᠨ ᠳᠠᠷᠠᠭᠠᠬᠬᠢ ᠲᠡᠮᠳᠡᠭ》 ᠲᠠᠷᠬᠠᠭᠠᠬᠤ ᠨᠢ ᠳᠡᠮᠡᠢ ᠠᠰᠢᠭ ᠦᠭᠡᠢ ᠭᠡᠳ ᠱᠠᠩ ᠵᠸᠨ ᠲᠠᠷᠬᠠᠯᠠᠭᠠᠭᠰᠠᠨ ᠦᠭᠡᠢ ᠃ ᠲᠤᠰ ᠲᠡᠮᠳᠡᠭ ᠢ ᠬᠦᠰᠡᠵᠦ ᠪᠠᠶᠢᠭᠰᠠᠨ ᠲᠠᠷᠢᠶᠠᠴᠢᠳ ᠂ ᠡᠨᠡᠬᠥ ᠲᠣᠭᠲᠠᠭᠠᠯ ᠳᠤ ᠲᠤᠩ ᠶᠡᠬᠡ ᠡᠰᠡᠷᠭᠦᠴᠡᠯ ᠭᠠᠷᠭᠠᠭᠰᠠᠨ ᠪᠠᠶᠢᠨ᠎ᠠ ᠃
ᠡᠭᠦᠨ ᠡᠴᠡ ᠭᠠᠳᠠᠨ᠎ᠠ ᠴᠡᠷᠢᠭ ᠦᠨ ᠡᠷᠬᠡᠲᠡᠨ ᠤ ᠳᠠᠶᠢᠯᠠᠯᠳᠤᠭᠠᠨ ᠲᠠᠰᠤᠷᠠᠯ ᠦᠭᠡᠢ ᠂ ᠶᠡᠬᠡ ᠴᠡᠷᠢᠭ ᠰᠠᠭᠤᠷᠢᠰᠢᠨ ᠰᠠᠭᠤᠬᠤ ᠂ ᠲᠦᠢᠪᠡᠭᠡᠨ ᠣᠯᠠᠰᠢᠷᠠᠵᠤ ᠂ ᠵᠢᠯ ᠤᠨ ᠡᠴᠦᠰ ᠤᠨ ᠦᠬᠡᠷ ᠬᠣᠨᠢ ᠭᠠᠬᠠᠶ ᠲᠠᠬᠢᠶ᠎ᠠ ᠨᠢᠲᠤᠯᠬᠤ ᠳᠦ ᠂ ᠪᠠᠰᠠ 《 ᠨᠢᠳᠦᠯᠬᠤ ᠲᠠᠲᠠᠪᠤᠷᠢ 》 ᠬᠤᠷᠢᠶᠠᠬᠤ ᠪᠣᠯᠵᠦ ᠂ ᠠᠷᠠᠳ ᠤᠨ ᠬᠦᠴᠢᠷᠳᠡᠯ ᠢ ᠣᠯᠠᠮ ᠬᠦᠨᠳᠡᠷᠡᠭᠦᠯᠪᠡ᠃ ᠲᠡᠷᠡ ᠵᠢᠯ ᠶᠢᠨ ᠴᠠᠭᠠᠨ ᠰᠠᠷ᠎ᠠ ᠡᠴᠡ ᠬᠣᠶᠢᠰᠢ ᠂ ᠡᠯ᠎ᠡ ᠰᠢᠶᠠᠨ ᠳᠤ ᠭᠠᠵᠠᠷ ᠲᠠᠷᠢᠶᠠᠨ ᠦ ᠲᠣᠪᠴᠢᠶ᠎ᠠ ᠮᠥᠨ ᠯᠡ ᠬᠡᠮᠵᠢᠬᠦ ᠪᠡᠷ ᠪᠡᠯᠡᠳᠬᠡᠵᠦ ᠂ ᠲᠠᠷᠢᠶᠠᠴᠢᠳ ᠢᠶᠡᠷ ᠭᠣᠣᠯ ᠪᠣᠯᠭᠠᠭᠰᠠᠨ ᠦᠨᠳᠦᠰᠦᠲᠡᠨ ᠨᠦᠭᠦᠳ ᠶᠢᠨ ᠡᠯ᠎ᠡ ᠡᠲᠡᠭᠡᠳ ᠤᠨ ᠬᠢᠨ ᠪᠠᠰᠠ ᠡᠨᠡ ᠪᠠᠶᠢᠳᠠᠯ ᠤᠨ ᠬᠥᠭᠵᠢᠯᠲᠡ ᠶᠢ ᠨᠢᠭᠲᠠ ᠠᠩᠬᠠᠷᠴᠤ ᠪᠠᠶᠢᠵᠠᠶ ᠂ ᠨᠢᠭᠡ ᠤᠳᠠᠭᠠᠨ ᠤ ᠰᠢᠷᠦᠭᠦᠨ ᠬᠤᠪᠢᠰᠬᠠᠯ ᠤᠨ ᠰᠢᠭᠤᠷᠭ᠎ᠠ ᠤᠳᠠᠯ ᠦᠭᠡᠢ ᠬᠦᠷᠴᠦ ᠢᠷᠡᠬᠦ ᠪᠣᠯᠤᠨ᠎ᠠ ᠃
ᠰᠦᠢᠶᠤᠸᠠᠨ ᠮᠤᠵᠢ ᠶᠢᠨ ᠲᠤᠰᠬᠠᠶ ᠣᠷᠣᠨ ᠤ ᠨᠠᠮ ᠤᠨ ᠬᠣᠷᠢᠶ᠎ᠠ ᠪᠠ ᠳᠤᠮᠳᠠᠳᠤ ᠤᠯᠤᠰ ᠤᠨ ᠭᠣᠮᠢᠨᠳᠠᠩ ᠤᠨ ᠰᠦᠢᠶᠤᠸᠠᠨ ᠦ ᠣᠨᠴᠣᠭᠣᠶ ᠣᠷᠤᠨ ᠤ ᠨᠠᠮ ᠤᠨ ᠵᠠᠬᠢᠷᠭ᠎ᠠ ᠬᠠᠮᠲᠤ ᠪᠠᠷ ᠵᠥᠪᠳᠡᠯᠴᠡᠨ ᠂ ᠨᠢᠭᠲᠠ ᠬᠠᠮᠲᠤᠷᠠᠯᠴᠠᠬᠤ ᠂ ᠭᠣᠮᠢᠨᠳᠠᠩ ᠦᠨ ᠰᠦᠢᠶᠤᠸᠠᠨ ᠦ ᠣᠨᠴᠠᠭᠠᠶ ᠣᠷᠣᠨ ᠤ ᠨᠠᠮ ᠤᠨ ᠬᠣᠷᠢᠶᠠᠨ ᠦ ᠨᠡᠷ᠎ᠡ ᠪᠡᠷ ᠨᠢᠭᠡ ᠤᠳᠠᠭᠠᠨ ᠦ ᠶᠡᠬᠡ ᠬᠡᠪᠴᠢᠶᠡᠨ ᠦ ᠬᠤᠪᠢᠰᠬᠠᠯᠲᠤ ᠬᠥᠳᠡᠯᠭᠡᠭᠡᠨ ᠢ ᠡᠭᠦᠰᠭᠡᠬᠦ ᠪᠡᠷ ᠲᠣᠭᠲᠠᠭᠠᠪᠠ᠃ ᠭᠣᠮᠢᠨᠳᠠᠩ ᠤᠨ ᠰᠦᠢᠶᠤᠸᠠᠨ ᠤ ᠨᠠᠮ ᠤᠨ ᠵᠠᠬᠢᠷᠭ᠎ᠠ ᠶᠢᠨ ᠬᠤᠷᠠᠯ ᠳᠡᠭᠡᠷ᠎ᠠ ᠂ 3 ᠡᠪ ᠬᠠᠮᠲᠤ ᠨᠠᠮ ᠤᠨ ᠭᠡᠰᠢᠭᠦᠨ ᠪᠣᠯᠤᠨ ᠭᠣᠮᠢᠨᠳᠠᠩ ᠤᠨ ᠨᠢᠭᠡ ᠵᠡᠭᠦᠨᠲᠡᠨ ᠯᠸ᠋ᠩ ᠭᠠᠩ ᠹᠸᠩ ᠨᠢᠭᠡ ᠲᠠᠯ᠎ᠠ ᠪᠤᠯᠵᠤ ᠂ 4 ᠬᠠᠷᠢᠴᠠᠬᠤ 2 ᠳᠠᠷᠠᠭᠠᠬᠢ ᠰᠢᠶᠳᠪᠦᠷᠢ ᠶᠢ ᠪᠠᠲᠤᠯᠠᠪᠠ ᠄ ᠨᠢᠭᠡ ᠳᠦ ᠂ ᠲᠠᠷᠢᠶᠠᠴᠢᠳ ᠢ ᠵᠣᠬᠢᠶᠠᠨ ᠪᠠᠶᠢᠭᠤᠯᠤᠨ ᠰᠦᠷᠲᠦ ᠵᠢᠭᠰᠠᠭᠠᠯ ᠶᠠᠪᠤᠭᠤᠯᠬᠤ ᠃ ᠬᠣᠶᠠᠷ ᠲᠤ ᠂ ᠲᠠᠷᠢᠶᠠᠨ ᠭᠠᠵᠠᠷ ᠤᠨ ᠬᠡᠮᠵᠢᠯᠲᠡ ᠶᠢ ᠬᠦᠴᠦᠨ ᠦᠭᠡᠢ ᠪᠣᠯᠭᠠᠵᠦ ᠂ ᠪᠠᠷᠢᠪᠴᠢᠯᠠᠭᠳᠠᠭᠰᠠᠨ ᠲᠠᠷᠢᠶᠠᠴᠢᠨ ᠢ ᠲᠠᠯᠪᠢᠬᠤ ᠃ ᠭᠤᠷᠪᠠ ᠳᠤ ᠂ ᠬᠡᠮᠵᠢᠭᠦᠯᠬᠦ ᠲᠣᠪᠴᠢᠶ᠎ᠠ ᠢ ᠪᠠᠯᠪᠠᠴᠢᠵᠦ ᠂ ᠰᠢᠶᠠᠨ ᠦ ᠶᠠᠮᠤᠨ ᠢ ᠪᠠᠯᠪᠠᠴᠢᠨᠠ ᠂ ᠲᠠᠷᠢᠶᠠᠴᠢᠳ ᠢᠶᠠᠷ ᠭᠣᠣᠯ ᠪᠣᠯᠭᠠᠵᠦ ᠂ ᠠᠵᠢᠯᠴᠢᠨ ᠂ ᠰᠤᠷᠤᠭᠴᠢ ᠂ ᠬᠤᠳᠠ ᠶᠢᠨ ᠬᠠᠷᠠᠴᠤᠤᠯ ᠦᠨ ᠣᠷᠣᠯᠴᠠᠭᠰᠠᠨ ᠤᠯᠠᠨ ᠲᠦᠮᠡᠨ ᠤ ᠶᠡᠬᠡ ᠬᠤᠷᠠᠯ ᠬᠢᠬᠦ ᠪᠡᠷ ᠪᠠᠶᠢᠷᠢᠯᠠᠭᠤᠯᠤᠯᠲᠠ ᠬᠢᠪᠡ᠋ ᠃ 27 ᠤ ᠡᠳᠦᠷ ᠂ ᠡᠪ ᠬᠠᠮᠲᠤ ᠨᠠᠮ ᠶᠢᠨ ᠨᠠᠮ ᠤᠨ ᠭᠡᠰᠢᠭᠦᠨ ᠂ ᠭᠣᠮᠢᠨᠳᠠᠩ ᠤᠨ ᠭᠡᠰᠢᠭᠦᠨ ᠂ ᠡᠪ ᠬᠠᠮᠲᠤ ᠵᠠᠯᠠᠭᠤᠴᠤᠳ ᠤᠨ ᠡᠪᠯᠡᠯ ᠶᠢᠨ ᠭᠡᠰᠢᠭᠦᠨ ᠵᠢᠴᠢ ᠠᠵᠢᠯᠴᠢᠨ ᠤ ᠡᠪᠯᠡᠯ ᠂ ᠲᠠᠷᠢᠶᠠᠴᠢᠨ ᠤ ᠡᠪᠯᠡᠯ ᠂ ᠰᠤᠷᠤᠭᠴᠢᠳ ᠤᠨ ᠬᠣᠯᠪᠣᠭᠠᠲᠤ ᠬᠤᠷᠠᠯ ᠤᠨ ᠬᠠᠷᠢᠭᠤᠴᠠᠯᠭᠠᠲᠠᠨ ᠤ ᠬᠤᠷᠠᠯ ᠳᠡᠭᠡᠷ᠎ᠡ ᠤᠯᠤᠰ ᠲᠦᠷᠦ ᠶᠢᠨ ᠲᠠᠯ᠎ᠠ ᠪᠠᠷ ᠂ ᠦᠵᠡᠯ ᠰᠠᠨᠠᠭᠠᠨ ᠦ ᠲᠠᠯ᠎ᠠ ᠪᠠᠷ ᠂ ᠢᠯᠠᠩᠭᠤᠶ᠎ᠠ ᠵᠣᠬᠢᠶᠠᠨ ᠪᠠᠶᠢᠭᠤᠯᠤᠯᠲᠠ ᠶᠢᠨ ᠲᠠᠯ᠎ᠠ ᠪᠠᠷ ᠨᠡᠯᠢᠶᠡᠳ ᠭᠦᠢᠴᠡᠳ ᠪᠡᠯᠡᠳᠬᠡᠯ ᠬᠢᠭᠰᠡᠨ ᠂ ᠪᠥᠭᠡᠳ ᠲᠠᠬᠢᠶᠠᠨ ᠦᠳᠥ ᠲᠠᠢ ᠵᠠᠬᠢᠳᠠᠯ ᠢᠶᠠᠷ ᠬᠦᠢᠰᠦ᠋ᠢ ᠣᠷᠴᠢᠨ ᠲᠣᠭᠣᠷᠢᠨ ᠦ ᠡᠯ᠎ᠡ ᠱᠠᠲᠤᠨ ᠦ ᠲᠠᠷᠢᠶᠠᠴᠢᠨ ᠦ ᠡᠪᠯᠡᠯ ᠳᠦ ᠮᠡᠳᠡᠭᠳᠡᠯ ᠭᠠᠷᠭᠠᠵᠤ ᠂᠂ 3 ᠰᠠᠷ᠎ᠠ ᠶᠢᠨ 28 ᠤ ᠡᠳᠦᠷ ᠦᠨ ᠦᠳᠡ ᠶᠢᠨ ᠡᠮᠦᠨ᠎ᠡ《 ᠬᠦ᠋ ᠾᠦᠨ ᠲᠠᠨ 》 ᠳᠤ ᠣᠯᠠᠨ ᠲᠦᠮᠡᠨ ᠦ ᠶᠡᠬᠡ ᠬᠤᠷᠠᠯ ᠬᠤᠷᠠᠯᠳᠠᠭᠤᠯᠬᠤ ᠪᠠᠷ ᠲᠣᠭᠲᠠᠭᠠᠭᠰᠠᠨ ᠪᠠᠶᠢᠨ᠎ᠠ᠃
《ᠬᠦ᠋ ᠾᠦᠨ ᠲᠠᠨ 》 ᠨᠢ ᠬᠦᠢᠰᠦ᠋ᠢ ᠬᠠᠭᠤᠴᠢᠨ ᠬᠣᠲᠠ ᠶᠢᠨ ᠴᠧᠩ ᠶᠢᠨ ᠡᠮᠦᠨ᠎ᠡ ᠪᠠᠶᠢᠷᠢᠯᠠᠵᠤ ᠪᠠᠶᠢᠳᠠᠭ᠃ ᠤᠯᠠᠮᠵᠢᠯᠠᠯ ᠶᠠᠷᠢᠶᠠᠨ ᠳᠤ ᠪᠣᠯ ᠴᠢᠩ ᠤᠯᠤᠰ ᠤᠨ ᠲᠩᠷᠢ ᠲᠡᠳᠬᠦᠭᠴᠢ ᠶᠢᠨ ᠦᠶ᠎ᠡ ᠳᠦ ᠡᠨᠳᠡᠬᠢ ᠨᠢᠭᠡ ᠨᠠᠮᠤᠭ ᠲᠠᠯ᠎ᠠ ᠭᠠᠵᠠᠷ ᠳᠡᠭᠡᠷ᠎ᠡ ᠴᠠᠭᠠᠵᠠ ᠶᠢᠨ ᠭᠠᠵᠠᠷ ᠨᠡᠭᠡᠭᠡᠵᠦ ᠂ ᠠᠯᠠᠭᠳᠠᠭᠰᠠᠨ ᠦᠬᠦᠳᠡᠯ ᠢ ᠬᠡᠷᠪᠡ ᠠᠪᠬᠤ ᠬᠦᠮᠦᠨ ᠦᠭᠡᠢ ᠪᠤᠯ ᠳᠠᠷᠤᠶ ᠡᠨᠳᠡ ᠪᠤᠯᠠᠵᠤ ᠬᠠᠶᠠᠳᠠᠭ ᠂ ᠰᠡᠭᠦᠯᠡᠷ ᠨᠢ ᠵᠠᠷᠢᠮ ᠭᠣᠣᠨᠢ ᠪᠡᠯᠪᠡᠰᠦᠨ ᠥᠨᠥᠴᠢᠨ ᠥᠷᠥᠭᠡᠰᠦᠨ ᠬᠥᠮᠦᠨ ᠪᠠ ᠭᠤᠶᠢᠷᠠᠨᠴᠢ ᠲᠡᠨᠦᠭᠦᠯᠴᠢᠨ ᠦᠬᠦᠪᠡᠯ ᠮᠦᠨ ᠡᠨᠳᠡ ᠪᠤᠯᠠᠳᠠᠭ᠃ 《ᠬᠦ᠋ ᠾᠦᠨ ᠲᠠᠨ 》 ᠭᠡᠳᠡᠭ ᠨᠡᠷ᠎ᠡ ᠨᠢ ᠴᠦ ᠡᠭᠦᠨ ᠡᠴᠡ ᠢᠷᠡᠭᠰᠡᠨ ᠶᠤᠮ ᠃ 1906 ᠣᠨ ᠳᠤ ᠶᠡᠬᠡ ᠵᠣᠣ ᠠᠶᠢᠮᠠᠭ ᠤᠨ ᠵᠡᠭᠦᠨᠭᠠᠷ ᠬᠣᠰᠢᠭᠤᠨ ᠦ ᠲᠤᠰᠠᠯᠠᠭᠴᠢ ᠨᠤᠶᠠᠨ᠂ ᠠᠲᠠᠷ ᠬᠠᠭᠠᠯᠪᠤᠷᠢᠯᠠᠬᠤ ᠶᠢ ᠡᠰᠡᠷᠭᠦᠴᠡᠭᠰᠡᠨ ᠪᠠᠭᠠᠲᠤᠷ ᠳᠠᠮᠫᠢᠯ ᠨᠢᠭᠡ ᠭᠡᠷ ᠦᠨ ᠲᠠᠪᠤᠨ ᠠᠮᠠ ᠬᠥᠮᠦᠨ ᠂ ᠰᠦᠢᠶᠤᠸᠠᠨ ᠬᠣᠲᠠ ᠶᠢᠨ ᠵᠠᠩᠵᠤᠨ ᠲᠠᠢ ᠢ ᠳᠦ ᠬᠤᠷᠯᠠᠭᠳᠠᠨ ᠡᠨᠳᠡ ᠪᠤᠯᠠᠭᠳᠠᠪᠠ᠃ 1916 ᠣᠨ ᠳᠤ ᠂ ᠮᠸᠡᠭ ᠬᠤᠢ ᠡᠪᠯᠡᠯ ᠤᠨ ᠭᠡᠰᠢᠭᠦᠨ ᠸᠠᠩ ᠳ᠋ᠢᠩ ᠴᠢ ᠂ ᠶᠤᠸᠠᠨ ᠱᠢ ᠺᠠᠶ ᠶᠢᠨ ᠬᠠᠭᠠᠨ ᠰᠠᠭᠤᠬᠤ ᠶᠢ ᠡᠰᠡᠷᠭᠦᠴᠡᠨ ᠪᠠᠰᠠ ᠡᠨᠳᠡ ᠠᠯᠠᠭᠳᠠᠪᠠ ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠰᠦᠢᠶᠤᠸᠠᠨ ᠮᠤᠵᠢ ᠶᠢᠨ ᠲᠤᠰᠬᠠᠶ ᠣᠷᠣᠨ ᠤ ᠨᠠᠮ ᠤᠨ ᠬᠣᠷᠢᠶ᠎ᠠ ᠪᠠ ᠭᠣᠮᠢᠨᠳᠠᠩ ᠤᠨ ᠰᠦᠢᠶᠤᠸᠠᠨ ᠨᠠᠮ ᠤᠨ ᠵᠠᠬᠢᠷᠭ᠎ᠠ ᠡᠴᠡ ᠥᠪᠡᠷᠮᠢᠴᠡ ᠰᠢᠨᠵᠢ ᠲᠡᠶ ᠪᠠᠷ ᠡᠨᠡ ᠭᠠᠵᠠᠷ ᠢ ᠰᠤᠩᠭᠤᠵᠦ ᠣᠯᠠᠨ ᠲᠦᠮᠡᠨ ᠤ ᠶᠡᠬᠡ ᠬᠤᠷᠠᠯ ᠢ ᠬᠤᠷᠠᠯᠳᠤᠭᠤᠯᠬᠤ ᠪᠤᠯᠵᠠᠢ᠃
3 ᠰᠠᠷ᠎ᠠ ᠶᠢᠨ 28 ᠤ ᠡᠳᠦᠷ ᠦᠨ ᠦᠳᠡ ᠶᠢᠨ ᠡᠮᠦᠨ᠎ᠡ ᠂ ᠬᠦᠢᠰᠦ᠋ᠢ ᠵᠢᠨ ᠣᠷᠴᠢᠨ ᠲᠣᠭᠣᠷᠢᠨ ᠳᠠᠬᠢ ᠮᠣᠩᠭᠣᠯ ᠬᠢᠲᠠᠳ ᠡᠯ᠎ᠡ ᠦᠨᠳᠦᠰᠦᠲᠡᠨ ᠦ ᠲᠠᠷᠢᠶᠠᠴᠢᠨ ᠂ ᠮᠠᠯᠴᠢᠨ ᠪᠠ ᠬᠤᠳᠠ ᠶᠢᠨ ᠠᠵᠢᠯᠴᠢᠨ ᠂ ᠰᠤᠷᠤᠭᠴᠢᠳ ᠪᠣᠯᠤᠨ ᠬᠡᠰᠡᠭ ᠬᠤᠳᠠ ᠶᠢᠨ ᠠᠷᠠᠳ ᠪᠠᠷᠤᠭ ᠲᠠᠪᠤ ᠵᠢᠷᠭᠤᠭᠠᠨ ᠮᠢᠩᠭᠠᠨ ᠬᠥᠮᠦᠨ ᠂ ᠡᠯᠳᠡᠪ ᠥᠩᠭᠡ ᠶᠢᠨ ᠲᠤᠭ ᠪᠠᠷᠢᠯᠴᠠᠨ᠂ ᠮᠥᠷᠥᠨ ᠳᠡᠭᠡᠨ ᠲᠡᠮᠦᠷ ᠬᠦᠷᠵᠡ ᠂ ᠠᠷᠴᠢᠭᠤᠷ ᠂ ᠳᠠᠮᠨᠠᠭᠤᠷ᠂ ᠰᠢᠳᠠᠮ ᠵᠡᠷᠭᠡ ᠪᠡᠶ᠎ᠡ ᠬᠠᠮᠠᠭᠠᠯᠠᠬᠤ ᠪᠠᠭᠠᠵᠢ ᠬᠡᠷᠡᠭᠰᠡᠯ ᠢ ᠡᠭᠦᠷᠢᠵᠦ ᠂ ᠳᠥᠷᠪᠡᠨ ᠵᠦᠭ ᠨᠠᠶᠮᠠᠨ ᠵᠣᠪᠬᠢᠰ ᠡᠴᠡ《 ᠬᠦ᠋ ᠾᠦᠨ ᠲᠠᠨ 》 ᠳᠦ ᠴᠤᠭᠯᠠᠷᠠᠨ ᠂ ᠶᠡᠷᠦᠳᠡᠭᠡᠨ ᠨᠠᠮ ᠵᠢᠮ ᠡᠵᠡᠭᠦᠶ ᠪᠤᠯᠠᠰᠢ ᠶᠢᠨ ᠭᠠᠵᠠᠷ ᠨᠠᠷᠭᠢᠶᠠᠨ ᠳᠡᠪᠵᠢᠶᠡᠨ ᠲᠠᠶ ᠪᠤᠯᠵᠠᠢ᠃ ᠰᠦᠮ᠎ᠡ ᠶᠢᠨ ᠡᠮᠦᠨ᠎ᠡ ᠰᠢᠷᠣᠶ ᠲᠠᠶᠢᠰᠠ ᠶᠢᠨ ᠬᠣᠶᠠᠷ ᠬᠠᠵᠠᠭᠤ ᠪᠠᠷ ᠮᠣᠳᠣ ᠪᠣᠰᠬᠠᠵᠦ ᠂ ᠳᠡᠭᠡᠷ᠎ᠡ ᠨᠢ ᠨᠢᠭᠡ ᠴᠠᠭᠠᠨ ᠪᠥᠰ ᠬᠥᠨᠳᠡᠯᠡᠨ ᠬᠣᠯᠪᠤᠭᠠᠯᠠᠨ ᠡᠯᠭᠦᠵᠦ ᠳᠡᠭᠡᠷ᠎ᠡ ᠨᠢ 《 ᠰᠦᠢᠶᠤᠸᠠᠨ ᠭᠠᠴᠢᠭᠳᠠᠯᠳᠤ ᠠᠷᠠᠳ ᠤᠨ ᠶᠡᠬᠡ ᠬᠤᠷᠠᠯ 》 ᠭᠡᠰᠡᠨ ᠦᠰᠦᠭ ᠲᠡᠶ ᠃ ᠲᠡᠷᠢᠭᠦᠯᠡᠭᠴᠢ ᠶᠢᠨ ᠲᠠᠶᠢᠰᠠᠨ ᠳᠡᠭᠡᠷ᠎ᠡ ᠵᠥᠪᠬᠡᠨ ᠬᠡᠳᠦᠨ ᠶᠡᠬᠡ ᠬᠤᠷᠠᠯ ᠦᠨ ᠡᠷᠬᠢᠯᠡᠭᠴᠢ ᠨᠢ ᠰᠠᠭᠤᠵᠤ ᠪᠠᠶᠢᠨ᠎ᠠ ᠂ ᠭᠣᠮᠢᠨᠳᠠᠩ ᠤᠨ ᠵᠡᠭᠦᠨᠲᠡᠨ ᠂ ᠰᠦᠢᠶᠤᠸᠠᠨ ᠤ ᠣᠨᠴᠠᠭᠠᠶ ᠣᠷᠣᠨ ᠤ ᠲᠠᠷᠢᠶᠠᠴᠢᠨ ᠦ ᠡᠪᠯᠡᠯ ᠤᠨ ᠳᠠᠷᠤᠭ᠎ᠠ ᠯᠢ ᠵᠧᠩ ᠯᠸᠢ ᠶᠡᠬᠡ ᠬᠤᠷᠠᠯ ᠤᠨ ᠲᠡᠷᠢᠭᠦᠯᠡᠭᠴᠢ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠰᠦᠢᠶᠤᠸᠠᠨ ᠦᠨ ᠭᠠᠵᠠᠷ ᠤᠨ ᠬᠣᠷᠢᠶ᠎ᠠ ᠡᠴᠡ ᠯᠦ ᠽᠦᠸᠸ ᠯᠢᠨ ᠢ ᠲᠣᠮᠢᠯᠠᠨ ᠳᠡᠳ᠋ ᠲᠡᠷᠢᠭᠦᠯᠡᠭᠴᠢ ᠪᠣᠯᠭᠠᠪᠠ ᠃ ᠯᠢ ᠵᠧᠩ ᠯᠸ ᠡᠴᠡ ᠬᠤᠷᠠᠯ ᠡᠬᠢᠯᠡᠬᠦ ᠦᠭᠡ ᠶᠠᠷᠢᠭᠰᠠᠨ ᠦ ᠳᠠᠷᠠᠭ᠎ᠠ ᠂ ᠡᠪ ᠬᠠᠮᠲᠤ ᠵᠠᠯᠠᠭᠤᠴᠤᠳ ᠡᠪᠯᠡᠯ ᠦᠨ ᠰᠦᠢᠶᠤᠸᠠᠨ ᠮᠤᠵᠢ ᠶᠢᠨ ᠲᠤᠰᠬᠠᠶ ᠣᠷᠣᠨ ᠤ ᠬᠣᠷᠢᠶᠠᠨ ᠦ ᠱᠦᠵᠢ ᠶᠠᠩ ᠱᠤ ᠰᠢᠶᠤᠤ ᠬᠠᠯᠠᠭᠤᠨ ᠰᠡᠳᠬᠢᠯ ᠬᠥᠭᠡᠷᠦᠭᠰᠡᠨ ᠶᠠᠷᠢᠶ᠎ᠠ ᠲᠠᠯᠪᠢᠵᠤ ᠂ ᠮᠦᠭᠳᠡᠨ ᠱᠠᠨ ᠰᠢ ᠶᠢᠨ ᠴᠡᠷᠢᠭ ᠤᠨ ᠡᠷᠬᠡᠲᠡᠨ ᠤ ᠳᠠᠷᠤᠯᠠᠯ ᠰᠦᠢᠶᠤᠸᠠᠨ ᠦ ᠠᠷᠠᠳ ᠲᠦᠮᠡᠨ ᠳᠤ ᠬᠢᠭᠰᠡᠨ ᠶᠠᠯᠠᠲᠤ ᠠᠵᠢᠯᠯᠠᠭ᠎ᠠ ᠶᠢ ᠢᠯᠡᠴᠢᠯᠡᠵᠦ ᠂ ᠰᠦᠢᠶᠤᠸᠠᠨ ᠦ ᠪᠦᠬᠦᠳᠡ ᠶᠢ ᠵᠠᠬᠢᠷᠠᠭᠴᠢ ᠶᠠᠮᠤᠨ ᠤ ᠭᠠᠵᠠᠷ ᠲᠠᠷᠢᠶᠠᠨ ᠤ ᠬᠡᠮᠵᠢᠯᠲᠡ ᠬᠢᠭᠰᠡᠨ᠂ ᠲᠠᠮᠠᠬᠢ ᠶᠢ ᠴᠠᠭᠠᠵᠠᠯᠲᠠ ᠶᠢ ᠰᠤᠯᠠᠯᠠᠬᠤ᠂ ᠳᠠᠷᠠᠭᠠᠬᠢ ᠭᠦᠢᠯᠭᠡᠭᠡᠨ ᠤ ᠲᠡᠮᠳᠡᠭ ᠢ ᠳᠠᠷᠤᠭᠰᠠᠨ ᠵᠡᠷᠭᠡ ᠣᠪ ᠶᠠᠪᠤᠭᠤᠯᠤᠯᠭ᠎ᠠ ᠶᠢ ᠢᠯᠡᠴᠢᠯᠡᠨ᠂ ᠬᠣᠷᠢᠨᠭᠡᠷ ᠪᠠ ᠬᠦᠢᠰᠦ᠋ᠢ ᠬᠣᠶᠠᠷ ᠰᠢᠶᠠᠨ ᠤ ᠲᠠᠷᠢᠶᠠᠴᠢᠨ ᠤ ᠡᠰᠡᠷᠭᠦᠴᠡᠯ ᠢ ᠮᠠᠭᠲᠠᠨ ᠰᠠᠶᠢᠰᠢᠶᠠᠵᠤ᠂ ᠭᠠᠵᠠᠷ ᠲᠠᠷᠢᠶᠠᠨ ᠤ ᠪᠠ ᠬᠦᠨᠳᠦ ᠭᠠᠶᠢᠯᠢ ᠭᠤᠪᠴᠢᠭᠤᠷ ᠢ ᠤᠰᠠᠳᠬᠠᠵᠤ ᠂ ᠮᠣᠩᠭᠣᠯ ᠬᠢᠲᠠᠳ ᠡᠯ᠎ᠡ ᠦᠨᠳᠦᠰᠦᠲᠡᠨ ᠦ ᠲᠠᠷᠢᠶᠠᠴᠢᠨ ᠂ ᠮᠠᠯᠴᠢᠨ ᠂ ᠠᠵᠢᠯᠴᠢᠨ ᠂ᠰᠤᠷᠤᠭᠴᠢᠳ ᠬᠢᠭᠡᠳ ᠬᠤᠳᠠ ᠶᠢᠨ ᠠᠷᠠᠳ ᠢ ᠬᠠᠯᠠᠭᠤᠮᠰᠤᠭ ᠬᠠᠯᠠᠭᠤᠨ ᠢᠶᠠᠷ ᠤᠭᠲᠤᠵᠤ ᠪᠠᠶᠢᠬᠤ ᠪᠠ ᠲᠠᠯᠠᠷᠬᠠᠨ ᠂ ᠡᠨᠡ ᠤᠳᠠᠭᠠᠨ ᠦ ᠲᠡᠮᠡᠴᠡᠯ ᠤᠨ ᠢᠯᠠᠯᠲᠠ ᠶᠢ ᠲᠡᠮᠡᠴᠡᠨ ᠤᠯᠬᠤ ᠶᠢ ᠬᠦᠰᠡᠪᠡ᠃ ᠲᠡᠭᠡᠭᠡᠳ ᠲᠠᠷᠢᠶᠠᠴᠢᠨ ᠂ ᠠᠵᠢᠯᠴᠢᠨ ᠂ᠰᠤᠷᠤᠭᠴᠢ ᠂ ᠡᠮᠡᠭᠲᠡᠶᠢᠴᠦᠳ ᠵᠡᠷᠭᠡ ᠡᠯ᠎ᠡ ᠡᠲᠡᠭᠡᠳ ᠶᠢᠨ ᠲᠥᠯᠥᠭᠡᠯᠡᠭᠴᠢ ᠤᠷᠢᠳ ᠬᠣᠵᠢᠳ ᠲᠠᠶᠢᠰᠠᠨ ᠳᠤ ᠭᠠᠷᠴᠤ ᠶᠠᠷᠢᠶ᠎ᠠ ᠲᠠᠯᠪᠢᠪᠠ ᠂ ᠠᠳᠠᠯᠢ ᠪᠤᠰᠤ ᠲᠠᠯ᠎ᠠ ᠠᠴᠠ ᠴᠡᠷᠢᠭ ᠦᠨ ᠡᠷᠬᠡᠲᠡᠨ ᠦ ᠬᠠᠷᠠᠩᠭᠤᠶ ᠨᠣᠶᠠᠷᠬᠠᠯ ᠢ ᠢᠯᠡᠴᠢᠯᠡᠵᠦ ᠂ ᠰᠦᠢᠶᠤᠸᠠᠨ ᠮᠤᠵᠢ ᠶᠢᠨ ᠠᠷᠠᠳ ᠲᠦᠮᠡᠨ ᠦ ᠭᠠᠰᠠᠯᠠᠩ ᠵᠣᠪᠠᠯᠠᠩ ᠢ ᠲᠣᠭᠠᠴᠢᠨ ᠂ ᠰᠢᠨᠤᠬᠠᠶ ᠨᠣᠶᠠᠨ ᠬᠤᠪᠳᠤᠭ ᠲᠦᠰᠢᠮᠡᠯ ᠢ ᠰᠢᠷᠦᠭᠦᠨ ᠢᠶᠡᠷ ᠲᠠᠭᠠᠷᠢᠬᠤ ᠶᠢ ᠂ ᠶᠡᠬᠡ ᠬᠤᠷᠠᠯ ᠤᠨ ᠤᠯᠠᠨ ᠢᠶᠠᠷ ᠢᠶᠠᠨ ᠴᠤᠤᠷᠢᠶᠠᠲᠤᠭᠰᠠᠨ ᠪᠠᠶᠢᠨ᠎ᠠ ᠂ 《 ᠰᠢᠨᠤᠬᠠᠶ ᠨᠣᠶᠠᠨ ᠬᠤᠪᠳᠤᠭ ᠲᠦᠰᠢᠮᠡᠯ ᠢ ᠴᠣᠬᠢᠨ ᠤᠨᠠᠭᠠᠶ᠎ᠠ 》 ᠂ 《ᠭᠠᠵᠠᠷ ᠲᠠᠷᠢᠶᠠᠨ ᠤ ᠬᠡᠮᠵᠢᠭᠦᠯᠬᠦ ᠶᠢ ᠡᠰᠡᠷᠭᠦᠴᠡᠶ᠎ᠡ 》 ᠂ 《ᠲᠠᠮᠠᠬᠢ ᠶᠢ ᠴᠠᠭᠠᠵᠢᠯᠠᠬᠤ 》 ᠂ 《ᠭᠦᠢᠯᠭᠡᠭᠡᠨ ᠤ ᠲᠡᠮᠳᠡᠭᠲᠦ ᠶᠢ ᠰᠠᠭᠤᠯᠭᠠᠨ ᠠᠪᠬᠤ ᠶᠢ ᠦᠭᠡᠢᠰᠭᠡᠬᠦ》 ᠭᠡᠬᠦ ᠵᠡᠷᠭᠡ ᠤᠷᠢᠶ᠎ᠠ ᠶᠢ ᠴᠢᠭᠢ ᠲᠤᠷᠭᠢᠳᠡᠯᠠ ᠳᠠᠭᠤᠷᠢᠳᠠᠪᠠ᠃ ᠶᠡᠬᠡ ᠬᠤᠷᠠᠯ ᠤᠨ ᠬᠤᠭᠤᠴᠠᠭᠠᠨ ᠳᠤ ᠂ ᠱᠠᠩ ᠵᠧᠨ ᠲᠡᠭᠦᠨ ᠤ ᠨᠠᠷᠢᠨ ᠪᠢᠴᠢᠭᠡᠴᠢ ᠵᠤᠤ ᠪᠦᠸ᠋ᠸᠢ ᠲᠤᠤ ᠶᠢ ᠲᠣᠮᠢᠯᠠᠨ ᠬᠠᠷᠰᠢᠯᠠᠨ ᠰᠠᠭᠠᠲᠠᠭᠠᠬᠤ ᠪᠠᠷ ᠢᠷᠡᠭᠰᠡᠨ ᠪᠠᠶᠢᠨ᠎ᠠ᠂ ᠬᠤᠷᠠᠯ ᠳᠤ ᠣᠷᠣᠯᠴᠠᠭᠰᠠᠳ ᠲᠡᠭᠦᠨ ᠦ ᠬᠡᠯᠡᠬᠦ ᠶᠢ ᠨᠢ ᠰᠤᠨᠤᠰᠬᠤ ᠦᠭᠡᠢ᠂ ᠬᠢᠯᠢᠩᠯᠡᠭᠰᠡᠨ ᠬᠠᠷᠠᠴᠠ ᠪᠠᠷ ᠰᠢᠷᠳᠡᠵᠦ᠃ ᠵᠤᠤ ᠪᠦᠸ᠋ᠸᠢ ᠲᠤᠤ ᠶᠢᠨ ᠰᠦᠨᠡᠰᠦ ᠶᠢ ᠬᠡᠮᠬᠡᠷᠡᠭᠦᠯᠵᠦ ᠰᠦᠷ ᠢ ᠨᠢ ᠳᠠᠷᠤᠭᠰᠠᠨ ᠳᠤ ᠲᠠᠷᠡ ᠮᠣᠷᠢᠨ ᠳᠦ ᠪᠡᠨ ᠭᠠᠷᠤᠨ ᠳᠤᠲᠠᠭᠠᠵᠠᠢ ᠃
ᠶᠡᠬᠡ ᠬᠤᠷᠠᠯ ᠲᠡᠭᠦᠰᠦᠭᠰᠡᠨ ᠤ ᠲᠠᠷᠠᠭ᠎ᠠ ᠂ ᠯᠦ ᠽᠦᠸᠸ ᠯᠢᠨ ᠂ ᠶᠠᠩ ᠱᠦ ᠰᠢᠶᠤᠤ ᠵᠢᠯᠦᠭᠤᠳᠦᠨ ᠵᠣᠬᠢᠶᠠᠨ ᠪᠠᠶᠢᠭᠤᠯᠵᠤ ᠂ ᠰᠦᠷᠲᠦ ᠵᠢᠭᠰᠠᠭᠠᠯ ᠶᠠᠪᠤᠭᠤᠯᠪᠠ ᠃ ᠰᠦᠷᠲᠦ ᠵᠢᠭᠰᠠᠭᠠᠯ ᠤᠨ ᠡᠩᠨᠡᠭᠡ 《 ᠰᠦᠢᠶᠤᠸᠠᠨ ᠭᠠᠴᠢᠭᠳᠠᠯᠳᠤ ᠠᠷᠠᠳ ᠤᠨ ᠶᠡᠬᠡ ᠬᠤᠷᠠᠯ 》 ᠭᠡᠰᠡᠨ ᠬᠦᠨᠳᠡᠯᠡᠨ ᠪᠢᠴᠢᠭᠡᠰᠦ ᠪᠠᠷ ᠵᠠᠮᠴᠢ ᠪᠣᠯᠭᠠᠭᠰᠠᠨ ᠂ ᠠᠵᠢᠯᠴᠢᠨ ᠂ ᠰᠤᠷᠤᠭᠴᠢᠳ ᠤᠨ ᠡᠩᠨᠡᠭᠡ ᠵᠠᠮ ᠨᠡᠭᠡᠯᠭᠡᠨ᠂ ᠰᠦᠷ ᠳᠠᠯᠠᠶᠢᠴᠠᠲᠠᠶ ᠪᠠᠷ 《 ᠬᠦ᠋ ᠾᠦᠨ ᠲᠠᠨ 》 ᠦ ᠡᠭᠦᠳᠡᠨ ᠡᠴᠡ ᠭᠠᠷᠤᠨ᠂ ᠼᠠᠢ ᠱᠧᠨ ᠮᠢᠶᠣᠣ ᠵᠡᠭᠡᠯᠢ ᠲᠡᠰᠢ ᠶᠠᠪᠤᠪᠠ ᠂ 《ᠬᠦᠢᠰᠦ᠋ᠢ ᠰᠢᠶᠠᠨ ᠤ ᠭᠠᠵᠠᠷ ᠲᠠᠷᠢᠶᠠᠨ ᠤ ᠬᠡᠮᠵᠢᠯᠲᠡ ᠶᠢᠨ ᠲᠣᠪᠴᠢᠶ᠎ᠠ 》 ᠶᠢ ᠪᠠᠯᠪᠠᠴᠢᠵᠤ ᠂ ᠲᠣᠪᠴᠢᠶᠠᠨ ᠤ ᠫᠠᠶᠢᠰᠠ ᠪᠠ ᠠᠯᠪᠠᠨ ᠲᠥᠬᠥᠭᠡᠷᠦᠮᠵᠢ ᠂ ᠪᠢᠴᠢᠭ ᠬᠠᠷ᠎ᠠ ᠲᠡᠡᠭᠰᠡᠳᠦ ᠳᠡᠪᠲᠡᠷ ᠤᠨ ᠭᠠᠵᠠᠷ ᠢ ᠭᠠᠯᠳᠠᠵᠤ ᠬᠠᠶᠠᠪᠠ᠂ ᠬᠡᠮᠵᠢᠬᠦᠯᠬᠦ ᠲᠣᠪᠴᠢᠶᠠᠨ ᠤ ᠬᠥᠮᠦᠰ ᠠᠯᠢ ᠬᠡᠳᠦᠶᠢᠨ ᠪᠡᠷ᠎ᠠ ᠶᠢ ᠨᠢ ᠦᠵᠡᠮᠡᠭᠴᠡ ᠪᠠᠯᠳᠠᠨ ᠳᠤᠲᠠᠭᠠᠪᠠ ᠃ ᠰᠦᠷᠲᠦ ᠵᠢᠭᠰᠠᠭᠠᠯ ᠤᠨ ᠡᠩᠨᠡᠭᠡ ᠦᠷᠭᠦᠯᠵᠢᠯᠡᠨ ᠪᠠᠭ᠎ᠠ ᠡᠮᠦᠨ᠎ᠡ ᠵᠡᠭᠡᠯᠢ ᠳᠠᠭᠠᠤ ᠂ ᠶᠡᠬᠡ ᠡᠮᠦᠨ᠎ᠡ ᠵᠡᠭᠡᠯᠢ ᠂ᠶᠡᠬᠡ ᠪᠠᠷᠠᠭᠤᠨ ᠵᠡᠭᠡᠯᠢ ᠂ ᠬᠦᠢᠰᠦ᠋ᠢ ᠰᠢᠶᠠᠨ ᠤ ᠵᠠᠰᠠᠭ ᠤᠨ ᠣᠷᠳᠣᠨ ᠲᠡᠰᠢ ᠤᠷᠤᠭᠰᠢᠯᠠᠪᠠ ᠃ ᠵᠡᠮ ᠵᠠᠭᠤᠷ᠎ᠠ᠂《 ᠬᠣᠲᠣᠩ ᠢᠷᠭᠡᠨ ᠦ ᠠᠬᠢᠭᠤᠯᠬᠤ ᠬᠤᠷᠠᠯ 》 ᠤᠨ ᠬᠡᠷᠡᠭ ᠡᠷᠬᠢᠯᠡᠭᠴᠢ ᠠᠶ ᠹᠦ᠋ ᠲᠢᠩ ᠪᠠ 《 ᠮᠢᠩ ᠱᠠᠨ ᠲᠠᠩ ᠨᠣᠮ》 ᠦᠨ ᠬᠤᠳᠠᠯᠳᠤᠭᠠᠨ ᠤ ᠳᠠᠭᠠᠭᠠᠮᠠᠯ ᠵᠤᠤ ᠽᠢ ᠨᠠᠨ ᠬᠤᠲᠤᠩ ᠦᠨᠳᠦᠰᠦᠲᠡᠨ ᠦ ᠵᠡᠪᠰᠡᠭᠲᠦ ᠵᠠᠯᠠᠭᠤᠴᠤᠳ ᠢ ᠳᠠᠭᠤᠯᠠᠭᠰᠠᠨ ᠪᠠ《 ᠴᠤᠤᠯ ᠪᠤᠷᠬᠠᠨ ᠱᠠᠰᠢᠨ ᠤ ᠨᠡᠢᠭᠡᠮᠯᠢᠭ》 ᠤᠨ ᠠᠨᠳᠠ ᠢᠷᠡᠵᠦ ᠰᠦᠷᠲᠦ ᠵᠢᠭᠰᠠᠭᠠᠯ ᠳᠤ ᠣᠷᠣᠯᠴᠠᠭᠰᠠᠨ ᠪᠠᠶᠢᠨ᠎ᠠ ᠃ ᠬᠠᠭᠤᠴᠢᠨ ᠬᠣᠲᠠ ᠶᠢᠨ 《 ᠱᠠᠩ ᠰᠠᠨ ᠶᠤᠸᠠᠨ》 ᠂ 《 ᠢᠦᠢ ᠾᠧ ᠰᠢᠩ 》 ᠂ 《 ᠲᠢᠶᠠᠨ ᠱᠦᠨ ᠲᠠᠶ 》 ᠂ 《 ᠵᠢᠦᠢ ᠱᠧᠩ ᠲᠠᠢ》 ᠂ 《 ᠳ᠋ᠠ ᠱᠧᠩ ᠺᠦᠢ 》 ᠵᠡᠷᠭᠡ ᠵᠢᠴᠢ ᠵᠠᠷᠢᠮ ᠵᠣᠭᠣᠰᠣᠨ ᠫᠦᠰᠡ ᠂ ᠴᠠᠢ ᠶᠢᠨ ᠫᠦᠰᠡ ᠬᠤᠳᠠᠯᠳᠤᠭᠠᠨ ᠤ ᠦᠢᠯᠡᠴᠢᠯᠡᠭᠴᠢ ᠵᠠᠷᠤᠴᠠ 《 ᠳᠠ ᠱᠧᠩ ᠺᠦᠢ 》 ᠶᠢᠨ ᠳᠠᠭᠠᠭᠠᠮᠠᠯ ᠳ᠋ᠤᠸᠠᠨ ᠯᠢ ᠵᠤᠸᠠᠩ ᠤᠨ ᠵᠣᠬᠢᠶᠠᠨ ᠪᠠᠶᠢᠭᠤᠯᠤᠯᠲᠠ ᠳᠣᠣᠷ᠎ᠠ ᠰᠦᠷᠲᠦ ᠵᠢᠭᠰᠠᠭᠠᠯ ᠳᠤ ᠣᠷᠣᠯᠴᠠᠭᠰᠠᠨ ᠪᠠᠶᠢᠨ᠎ᠠ ᠃ ᠰᠦᠷᠲᠦ ᠵᠢᠭᠰᠠᠭᠠᠯ ᠤᠨ ᠡᠩᠨᠡᠭᠡ ᠶᠠᠩ ᠵᠢᠶᠠ ᠭᠤᠳᠤᠮᠵᠢ ᠶᠢ ᠳᠠᠪᠠᠵᠤ ᠵᠠᠳᠠᠭᠠᠢ ᠭᠣᠣᠯ ᠶᠢ ᠭᠡᠲᠦᠯᠡᠨ ᠂ ᠬᠦᠢᠰᠦ᠋ᠢ ᠰᠢᠶᠠᠨ ᠤ ᠵᠠᠰᠠᠭ ᠤᠨ ᠣᠷᠳᠣᠨ ᠳᠤ ᠰᠢᠭᠤᠳ ᠲᠡᠭᠠᠷᠢᠠ ᠤᠷᠤᠪᠠ᠃ ᠰᠢᠶᠠᠨ ᠤ ᠬᠡᠷᠡᠭ ᠮᠡᠳᠡᠭᠴᠢ ᠹᠸᠩ ᠶᠠᠨ ᠵᠣ ᠪᠠ ᠬᠦᠢᠰᠦ᠋ᠢ ᠰᠢᠶᠠᠨ ᠤ ᠵᠠᠰᠠᠭ ᠤᠨ ᠣᠷᠳᠣᠨ ᠦ ᠲᠤᠰᠢᠶᠠᠯᠲᠠᠨ ᠠᠯᠢ ᠬᠡᠳᠦᠶᠢᠨ ᠪᠡᠷ᠎ᠠ ᠶᠢ ᠨᠢ ᠦᠵᠡᠮᠡᠭᠴᠡ ᠪᠠᠯᠳᠠᠨ ᠳᠤᠲᠠᠭᠠᠵᠤ ᠂ ᠬᠡᠳᠦᠬᠡᠨ ᠬᠠᠷᠠᠭᠤᠯ ᠶᠠᠮᠤᠨ ᠢᠶᠠᠨ ᠬᠠᠷᠠᠵᠤ ᠦᠯᠡᠳᠡᠪᠡ ᠃ ᠰᠦᠷ ᠦᠵᠡᠭᠦᠯᠦᠭᠴᠢᠳ ᠹᠸᠩ ᠶᠠᠨ ᠵᠣ ᠶᠢ ᠴᠣᠬᠢᠨ ᠤᠨᠠᠭᠠᠬᠤ ᠤᠷᠢᠶ᠎ᠠ ᠳᠠᠭᠤᠨ ᠤ ᠳᠤᠮᠳᠠ ᠰᠢᠶᠠᠨ ᠤ ᠵᠠᠰᠠᠭ ᠤᠨ ᠣᠷᠳᠣᠨ ᠳᠤ ᠳᠠᠭᠠᠷᠢᠨ ᠣᠷᠣᠵᠤ ᠢᠷᠡᠭᠡᠳ ᠂ ᠠᠷᠤ ᠶᠢᠨ ᠬᠦᠷᠢᠶᠡᠨ ᠳᠡᠬᠢ ᠹᠸᠩ ᠬᠡᠷᠡᠭ ᠮᠡᠳᠡᠭᠴᠢ ᠪᠠᠶᠢᠭ᠎ᠠ ᠠᠯᠪᠠᠨ ᠣᠷᠳᠣᠨ ᠳᠤ ᠲᠦᠷᠢᠨ ᠤᠷᠤᠵᠤ᠂ ᠲᠡᠮᠦᠷ ᠬᠦᠷᠵᠡ ᠂ ᠠᠷᠴᠢᠭᠤᠷ ᠂ ᠰᠢᠳᠠᠮ ᠂ ᠢᠶᠡᠷ ᠭᠡᠷ ᠢ ᠨᠢ ᠪᠠᠯᠪᠠᠴᠢᠨ᠂ ᠡᠮᠡᠭᠲᠡᠶ ᠰᠤᠷᠤᠭᠴᠢ ᠲᠡᠭᠦᠨ ᠤ ᠳᠡᠷᠡ ᠬᠥᠨᠵᠢᠯᠡ ᠳᠡᠪᠢᠰᠬᠡᠷ ᠪᠠ ᠤᠷᠠᠨ ᠬᠠᠵᠢᠨ ᠲᠣᠷᠭ᠎ᠠ ᠶᠢ ᠤᠷᠢᠵᠦ ᠬᠠᠶᠠᠪᠠ ᠂ ᠹᠸᠩ ᠶᠠᠨ ᠤ ᠤᠳᠠᠭᠠᠨ ᠵᠢᠯ ᠬᠠᠳᠠᠭᠠᠯᠠᠵᠤ ᠪᠠᠶᠢᠭᠰᠠᠨ ᠡᠷᠲᠡᠨ ᠦ ᠡᠯᠳᠡᠯ ᠦᠳ ᠨᠢ ᠨᠢᠭᠡᠨ ᠵᠣᠯ ᠢᠶᠠᠷ ᠦᠯᠡᠳᠡᠭᠰᠡᠨ ᠦᠭᠡᠢ ᠡᠪᠳᠡᠭᠳᠡᠪᠡ ᠃ ᠡᠨᠡ ᠬᠦ ᠴᠠᠭ ᠮᠦᠴᠡ᠂ ᠰᠢᠨᠤᠬᠠᠶ ᠨᠣᠶᠠᠨ ᠬᠤᠪᠳᠤᠭ ᠲᠦᠰᠢᠮᠡᠯ ᠢ ᠴᠡᠴᠡᠷᠭᠡᠨ᠂ ᠠᠵᠢᠯᠴᠢᠨ ᠲᠠᠷᠢᠶᠠᠴᠢᠨ ᠲᠦᠮᠡᠨ ᠪᠠᠶᠠᠷ ᠤᠨ ᠮᠠᠩᠨᠠᠶ ᠳᠠᠨᠢᠢᠵᠤ ᠪᠠᠶᠢᠪᠠ᠃
ᠰᠦᠷᠲᠦ ᠵᠢᠭᠰᠠᠭᠠᠯ ᠦᠨ ᠡᠩᠨᠡᠭᠡ ᠶᠡᠬᠡ ᠬᠣᠶᠢᠲᠦ ᠵᠡᠭᠡᠯᠢ ᠬᠦᠷᠦᠭᠡᠳ ᠂ ᠵᠠᠰᠠᠭ ᠶᠢᠨ ᠶᠠᠪᠤᠳᠠᠯ ᠦᠨ ᠲᠢᠩᠬᠢᠮ ᠪᠣᠯᠤᠨ ᠰᠤᠷᠭᠠᠨ ᠬᠥᠮᠦᠵᠢᠯ ᠶᠢᠨ ᠲᠢᠩᠬᠢᠮ ᠢ ᠪᠦᠰᠡᠯᠡᠵᠦ ᠂ 《ᠡᠳ᠋ ᠦᠨ ᠵᠠᠰᠠᠭ ᠦᠨ ᠲᠢᠩᠬᠢᠮ ᠤᠨ ᠴᠸᠦ ᠽᠸ᠋ᠩ ᠶᠢ ᠴᠣᠬᠢᠨ ᠤᠨᠠᠭᠠᠶ᠎ᠠ ᠽᠡᠩ ᡁᠢ 》 ᠂ 《 ᠵᠠᠰᠠᠭ ᠤᠨ ᠶᠠᠪᠤᠳᠠᠯ ᠤᠨ ᠲᠢᠩᠬᠢᠮ ᠤᠨ ᠲᠦᠦ ᠢ ᠶᠤᠸᠠᠨ ᠢ ᠴᠣᠬᠢᠨ ᠤᠨᠠᠭᠠᠶ᠎ᠠ》 ᠂ 《 ᠰᠤᠷᠭᠠᠨ ᠬᠥᠮᠦᠵᠢᠯ ᠶᠢᠨ ᠲᠢᠩᠬᠢᠮ ᠶᠢᠨ ᠭᠦᠸᠧ ᠬᠦᠶ ᠰᠢᠤᠸᠠᠨ ᠢ ᠴᠣᠬᠢᠨ ᠤᠨᠠᠭᠠᠶ᠎ᠠ》 ᠴᠤᠬᠢᠨ ᠤᠨᠠᠭᠠᠬᠤ ᠤᠷᠢᠶ᠎ᠠ ᠬᠠᠰᠬᠢᠷᠤᠨ ᠡᠨᠡ ᠭᠤᠷᠪᠠᠨ ᠲᠢᠩᠬᠢᠮ ᠢ ᠪᠠᠯᠪᠠᠯᠠᠵᠤ ᠬᠠᠶᠠᠪᠠ ᠃ ᠲᠤᠰ ᠡᠳᠦᠷ ᠦᠨ ᠦᠳᠡ ᠳᠦ ᠂ ᠰᠦᠷᠲᠦ ᠵᠢᠭᠰᠠᠭᠠᠯ ᠤᠨ ᠡᠩᠨᠡᠭᠡ ᠰᠢᠨ᠎ᠡ ᠬᠣᠲᠠ ᠤᠷᠤᠭᠤ ᠤᠷᠤᠭᠰᠢᠯᠠᠭᠰᠠᠨ ᠪᠠᠶᠢᠨ᠎ᠠ ᠂ ᠰᠦᠢᠶᠤᠸᠠᠨ ᠤ ᠪᠦᠬᠦᠳᠡ ᠶᠢ ᠵᠠᠬᠢᠷᠬᠤ ᠶᠠᠮᠤᠨ ᠳᠤ ᠡᠷᠭᠦᠳᠡᠯ ᠭᠠᠷᠭᠠᠪᠠ ᠃ ᠱᠠᠩ ᠵᠧᠨ ᠡᠷᠲᠡ ᠪᠡᠯᠡᠳᠬᠡᠯ ᠲᠡᠶ ᠪᠠᠶᠢᠭᠰᠠᠨ ᠠᠴᠠ ᠰᠢᠨ᠎ᠡ ᠬᠣᠲᠠ ᠶᠢᠨ ᠳᠥᠷᠪᠡᠨ ᠬᠠᠭᠠᠯᠭ᠎ᠠ ᠨᠢ ᠴᠢᠩᠭ᠎ᠠ ᠬᠠᠭᠠᠭᠳᠠᠵᠤ ᠂ ᠤᠯᠠᠨ ᠴᠡᠷᠢᠭ ᠴᠠᠭᠳᠠᠭ᠎ᠠ ᠶᠢᠨ ᠰᠡᠷᠭᠡᠶᠢᠯᠡᠯᠲᠡ ᠬᠦᠴᠦᠨ ᠲᠣᠬᠢᠷᠠᠭᠤᠯᠤᠨ ᠰᠦᠪᠡᠭᠡ ᠲᠤᠯᠵᠤ ᠰᠦᠷ ᠦᠵᠡᠭᠦᠯᠪᠡ ᠃ ᠰᠦᠷᠲᠦ ᠵᠢᠭᠰᠠᠭᠠᠯ ᠶᠠᠪᠤᠭᠤᠯᠤᠭᠴᠢᠳ ᠱᠠᠩ ᠵᠧᠨ ᠲᠠᠢ ᠤᠴᠠᠷᠠᠬᠤ ᠪᠠᠷ ᠱᠠᠭᠠᠷᠳᠠᠯᠭ᠎ᠠ ᠳᠤᠷᠠᠳᠬᠤ ᠳᠤ ᠂ ᠵᠤᠤ ᠪᠦᠸ᠋ᠸᠢ ᠲᠤᠤ ᠵᠠᠯᠢᠯᠠᠨ ᠱᠠᠩ ᠵᠧᠨ ᠪᠠᠶᠢᠬᠤ ᠦᠭᠡᠢ ᠭᠡᠪᠡ᠂ ᠰᠦᠨᠢ ᠪᠣᠯᠲᠠᠯ᠎ᠠ ᠪᠠᠨ ᠬᠦᠯᠢᠶᠡᠵᠦ ᠵᠢᠭᠰᠠᠭᠠᠯ ᠤᠨ ᠡᠩᠨᠡᠭᠡ ᠭᠡᠨᠡᠳᠲᠡ ᠲᠠᠷᠬᠠᠪᠠ ᠃
ᠰᠦᠢᠶᠤᠸᠠᠨ ᠤ ᠵᠠᠬᠢᠷᠠᠭᠴᠢ ᠱᠠᠩ ᠵᠧᠨ ᠨᠢᠭᠡᠨᠲᠡ ᠳᠠᠷᠤᠵᠤ ᠲᠦᠪᠰᠢᠳᠬᠡᠵᠡᠶ ᠭᠡᠵᠦ ᠦᠵᠡᠵᠦ ᠪᠠᠢᠲᠠᠯ᠎ᠠ᠂ ᠮᠠᠷᠭᠠᠰᠢ ᠥᠷᠯᠥᠭᠡ ᠨᠢ ᠪᠠᠰᠠ ᠭᠤᠷᠪᠠ ᠳᠦᠷᠪᠡᠨ ᠮᠢᠩᠭᠠᠨ ᠬᠥᠮᠦᠨ ᠰᠢᠨ᠎ᠡ ᠬᠤᠳᠠ ᠶᠢᠨ ᠬᠠᠭᠠᠯᠭ᠎ᠠ ᠶᠢᠨ ᠭᠠᠳᠠᠨ᠎ᠠ ᠳᠠᠬᠢᠨᠲᠠ ᠴᠤᠭᠯᠠᠷᠠᠨ᠂ ᠬᠤᠳᠠ ᠳᠤ ᠣᠷᠤᠬᠤ ᠴᠢᠩᠭ᠎ᠠ ᠱᠠᠭᠠᠷᠳᠠᠭᠰᠠᠨ ᠡᠷᠭᠦᠳᠡᠯ ᠭᠠᠷᠭᠠᠪᠠ ᠃ ᠬᠡᠳᠦᠨ ᠴᠠᠭ ᠲᠡᠩᠴᠡᠯᠳᠡᠭᠡᠳ ᠂ ᠱᠠᠩ ᠵᠧᠨ ᠶᠡᠬᠡᠳᠡ ᠤᠳᠠᠭᠠᠰᠢᠷᠠᠭᠤᠯᠤᠨ ᠶᠠᠪᠤᠳᠠᠯ ᠠᠮᠵᠢᠯᠲᠠ ᠤᠯᠬᠤ ᠳᠤ ᠪᠡᠷᠬᠡ ᠲᠡᠶ ᠪᠤᠯᠪᠠ ᠭᠡᠵᠦ ᠮᠡᠳᠡᠷᠡᠨ᠂ ᠪᠠᠰᠠ ᠵᠡᠪᠰᠡᠭᠲᠦ ᠬᠦᠴᠦᠨ ᠢᠶᠠᠷ ᠳᠠᠷᠤᠩᠭᠤᠢᠯᠠᠬᠤ ᠵᠣᠷᠢᠭ ᠦᠭᠡᠢ ᠪᠦᠭᠡᠳ ᠪᠠᠰᠠ ᠬᠡᠷᠡᠭ ᠶᠡᠬᠡᠳᠬᠡᠬᠦ ᠠᠴᠠ ᠠᠶᠤᠵᠤ ᠂ ᠬᠡᠯᠡᠯᠴᠡᠭᠡ ᠬᠢᠬᠦ ᠶᠢ ᠵᠥᠪᠰᠢᠶᠡᠷᠡᠪᠡ ᠃ ᠲᠡᠭᠡᠭᠡᠦᠠ ᠯᠢ ᠵᠧᠩ ᠯᠧ᠂ ᠯᠢᠦ ᠵᠢᠩ ᠷᠧᠨ ᠂ ᠵᠠᠩ ᠬᠤᠸᠠᠨ ᠸᠸᠨ ᠂ ᠴᠧᠨ ᡁᠢ ᠷᠧᠨ ᠂ ᠶᠢᠨ ᠰᠦ᠋ ᠂ ᠮᠢᠶᠣᠣ ᠭᠦᠸᠸ ᠬᠤᠸᠠ ᠂ ᠰᠢᠨ ᠴᠥᠩ ᠶᠸ ᠵᠡᠷᠭᠡ ᠡᠯ᠎ᠡ ᠲᠠᠯ᠎ᠠ ᠦᠨ ᠲᠥᠯᠥᠭᠡᠯᠡᠭᠴᠢ 15 ᠬᠥᠮᠦᠨ ᠢ ᠬᠤᠳ᠋ᠠ ᠳᠤ ᠣᠷᠤᠭᠤᠯᠤᠨ ᠱᠠᠩ ᠵᠧᠨ ᠲᠡᠶ ᠠᠭᠤᠯᠵᠠᠭᠤᠯᠪᠠ ᠂ ᠬᠡᠯᠡᠯᠴᠡᠭᠡ ᠨᠢ 《 ᠭᠠᠴᠢᠭᠳᠠᠯᠳᠤ ᠠᠷᠠᠳ ᠤᠨ ᠶᠡᠬᠡ ᠬᠤᠷᠠᠯ 》 ᠳᠤ ᠳᠤᠷᠠᠳᠤᠭᠰᠠᠨ ᠠᠰᠠᠭᠤᠳᠠᠯ ᠢ ᠰᠢᠶᠳᠪᠦᠷᠢᠯᠡᠬᠦ ᠬᠡᠷᠡᠭᠲᠡᠶ ᠃ ᠬᠤᠷᠴᠠ ᠰᠢᠷᠦᠭᠦᠨ ᠮᠠᠷᠭᠤᠯᠳᠤᠭᠠᠨ ᠦ ᠳᠠᠷᠠᠭ᠎ᠠ ᠂ ᠱᠠᠩ ᠵᠧᠨ ᠲᠥᠯᠥᠭᠡᠯᠡᠭᠴᠢᠳ ᠶᠢᠨ ᠳᠤᠷᠠᠳᠤᠭᠰᠠᠨ ᠵᠢᠷᠭᠤᠭᠠᠨ ᠱᠠᠭᠠᠷᠳᠠᠯᠭ᠎ᠠ ᠶᠢ ᠬᠦᠯᠢᠶᠡᠵᠦ ᠠᠪᠤᠭᠰᠠᠨ ᠪᠠᠶᠢᠨ᠎ᠠ᠃ ᠰᠥᠨᠢ ᠳᠦᠯᠢ ᠪᠠᠷ ᠂ ᠱᠠᠩ ᠵᠧᠨ ᠬᠠᠷᠠᠭᠤᠯ ᠦᠨ ᠴᠡᠷᠢᠭ ᠲᠣᠮᠢᠯᠠᠨ ᠳ᠋ᠧᠩᠯᠦ ᠪᠠᠷᠢᠵᠤ ᠲᠦᠯᠦᠭᠡᠯᠡᠭᠴᠢᠳ ᠢ ᠬᠤᠳ᠋ᠠ ᠡᠴᠡ ᠬᠦᠷᠭᠡᠪᠡ᠃ ᠬᠤᠳᠠ ᠶᠢᠨ ᠭᠠᠳᠠᠨ᠎ᠠ ᠬᠦᠯᠢᠶᠡᠵᠦ ᠪᠠᠶᠭ᠎ᠠ ᠬᠡᠳᠦᠨ ᠮᠢᠩᠭᠠᠨ ᠰᠦᠷᠲᠦ ᠵᠢᠭᠰᠠᠭᠠᠯ ᠶᠠᠪᠤᠭᠤᠯᠤᠭᠠᠳ ᠬᠠᠯᠠᠭᠤᠨ ᠢᠶᠡᠷ ᠤᠭᠲᠤᠵᠤ ᠪᠠᠶᠢᠬᠤ ᠪᠠᠨ ᠢᠯᠡᠳᠭᠡᠨ᠂ ᠵᠠᠯᠠᠭᠤ ᠰᠤᠷᠤᠭᠴᠢᠳ 《 ᠳᠠᠷᠤᠩᠭᠤᠡᠢᠯᠠᠭᠴᠢᠳ ᠢ ᠴᠣᠬᠢᠵᠤ ᠤᠨᠠᠭᠠᠶ᠎ᠠ᠂ ᠳᠠᠷᠤᠩᠭᠤᠡᠢᠯᠠᠭᠴᠢᠳ ᠢ ᠲᠦᠯᠬᠢᠨ ᠤᠨᠠᠭᠠᠶ᠎ᠠ》 ᠬᠡᠮᠡᠨ ᠳᠠᠭᠤᠯᠠᠵᠤ ᠪᠠᠶᠢᠯ᠎ᠠ᠂ ᠡᠨᠡ ᠪᠤᠯ ᠶᠡᠬᠡ ᠬᠤᠪᠢᠰᠬᠠᠯ ᠤᠨ ᠦᠶ᠎ᠡ ᠶᠢᠨ ᠳᠠᠭᠤᠤ ᠮᠥᠨ ᠃ ᠵᠠᠷᠢᠮ ᠨᠢ ᠡᠪ ᠬᠠᠮᠲᠤ ᠵᠠᠯᠠᠭᠤᠴᠤᠳ ᠤᠨ ᠡᠪᠯᠡᠯ ᠤᠨ ᠭᠡᠰᠢᠭᠦᠨ ᠪᠠᠰᠠ ᠪᠠᠶᠠᠷᠯᠠᠨ 《 ᠢᠨᠲ᠋ᠧᠷᠨᠠᠼᠢᠣᠨᠠᠯ ᠤᠨ ᠳᠠᠭᠤᠤ 》 ᠶᠢ ᠳᠠᠭᠤᠯᠠᠵᠤ ᠪᠠᠶᠢᠯ᠎ᠠ᠃ ᠬᠡᠳᠦᠨ ᠮᠢᠩᠭᠠᠨ ᠶᠠᠳᠠᠭᠤ ᠵᠦᠳᠡᠭᠦᠦ ᠬᠥᠳᠡᠯᠮᠦᠷᠢᠴᠢᠨ ᠲᠦᠮᠡᠨ ᠪᠠ ᠨᠡᠶᠢᠭᠡᠮ ᠤᠨ ᠡᠯ᠎ᠡ ᠳᠠᠪᠬᠤᠷᠭᠠᠲᠠᠨ ᠤ ᠬᠥᠮᠦᠰ ᠂ ᠰᠦᠢᠶᠤᠸᠠᠨ ᠤ ᠪᠦᠬᠦᠳᠡ ᠶᠢ ᠵᠠᠬᠢᠷᠠᠭᠴᠢ ᠶᠢᠨ ᠬᠠᠭᠠᠯᠭ᠎ᠠ ᠳᠤ ᠢᠯᠠᠯᠲᠠ ᠪᠠᠨ ᠪᠠᠶᠠᠷᠯᠠᠨ ᠂ ᠡᠨᠡ ᠨᠢ ᠰᠦᠢᠶᠤᠸᠠᠨ ᠤ ᠲᠡᠦᠬᠡᠨ ᠳᠡᠭᠡᠷ᠎ᠡ ᠴᠦ ᠬᠣᠪᠣᠷ ᠪᠠᠶᠢᠳᠠᠭ ᠶᠤᠮ ᠃ ᠬᠦᠢᠰᠦ᠋ᠢ ᠰᠢᠶᠠᠨ ᠤ ᠲᠠᠷᠢᠶᠠᠴᠢᠨ ᠤ ᠨᠡᠶᠢᠭᠡᠮᠯᠢᠭ ᠶᠢᠨ ᠬᠠᠷᠢᠭᠤᠴᠠᠯᠭᠠᠲᠠᠨ ᠯᠢ ᡁᠢ ᠹᠠᠩ ᠂ ᠶᠠᠩ ᡁᠢ ᠯᠢᠨ ᠵᠡᠷᠭᠡ ᠂ ᠰᠦᠢᠶᠤᠸᠠᠨ ᠤ ᠬᠤᠳᠠᠯᠳᠤᠭᠠᠨ ᠦ ᠶᠠᠪᠤᠳᠠᠯ ᠤᠨ ᠬᠤᠷᠠᠯ ᠪᠠ ᠳᠠ ᠱᠧᠩ ᠺᠦᠢ ᠬᠤᠳᠠᠯᠳᠤᠭᠠᠨ ᠤ ᠬᠢᠨ ᠶᠡᠬᠡ ᠬᠡᠮᠵᠢᠶᠡᠨ ᠦ ᠬᠡᠷᠴᠢᠮᠡᠯ ᠭᠤᠯᠢᠷ ᠪᠠ ᠬᠠᠭᠰᠠᠭᠠᠮᠠᠯ ᠪᠣᠣᠪᠣ ᠪᠡᠯᠡᠳᠭᠡᠨ᠂ ᠲᠠᠷᠢᠶᠠᠴᠢᠨ ᠦ ᠡᠪᠯᠡᠯ ᠶᠢᠨ ᠭᠡᠰᠢᠭᠦᠨ ᠭᠡᠭᠡ ᠣᠷᠣᠬᠤ ᠪᠣᠯᠲᠠᠯ᠎ᠠ ᠬᠣᠭᠣᠯᠠ ᠢᠳᠡᠵᠦ ᠂ ᠰᠠᠶ᠋ᠢ ᠠᠷᠠᠳ ᠤᠯᠠᠨ ᠦ ᠶᠡᠷᠦ ᠪᠤᠰᠤ ᠶᠢᠨ ᠢᠯᠠᠯᠲᠠ ᠲᠠᠢ ᠪᠠᠷ ᠲᠡᠮᠡᠴᠡᠯ ᠨᠢ ᠳᠠᠭᠤᠰᠤᠭᠰᠠᠨ ᠪᠠᠶᠢᠨ᠎ᠠ ᠃
ᠬᠡᠷᠡᠭ ᠦᠨ ᠲᠠᠷᠠᠭ᠎ᠠ ᠱᠠᠩ ᠵᠧᠨ ᠭᠠᠵᠠᠷ ᠲᠠᠷᠢᠶᠠᠨ ᠤ ᠬᠡᠮᠵᠢᠭᠦᠯᠬᠦ ᠶᠢ ᠵᠣᠭᠰᠤᠭᠠᠬᠤ ᠪᠠᠷ ᠨᠡᠶᠢᠲᠡᠯᠡᠭᠰᠡᠨ ᠪᠠᠶᠢᠨ᠎ᠠ ᠂ ᠬᠠᠷ᠎ᠠ ᠲᠠᠮᠠᠬᠢ ᠶᠢ ᠴᠢᠩᠭ᠎ᠠ ᠴᠠᠭᠠᠵᠠᠯᠠᠬᠤ ᠬᠡᠷᠡᠭᠲᠡᠶ ᠂ ᠭᠦᠢᠯᠭᠡᠭᠡᠨ ᠦ ᠲᠡᠮᠳᠡᠭᠲᠦ ᠶᠢ ᠤᠭ ᠶᠣᠰᠤᠭᠠᠷ ᠲᠠᠷᠬᠠᠭᠠᠬᠤ ᠵᠡᠷᠭᠡ ᠭᠤᠷᠪᠠᠨ ᠵᠦᠢᠯ ᠤᠨ ᠵᠠᠷᠯᠢᠭ ᠪᠠᠭᠤᠯᠭᠠᠵᠡᠢ᠃ ᠡᠭᠦᠨ ᠦ ᠬᠠᠮᠲᠤ ᠬᠦᠢᠰᠦ᠋ᠢ ᠰᠢᠶᠠᠨ ᠤ ᠬᠡᠷᠡᠭ ᠮᠡᠳᠡᠭᠴᠢ ᠂ ᠠᠲᠠᠷ ᠬᠠᠭᠠᠯᠪᠤᠷᠢᠯᠠᠬᠤ ᠶᠠᠪᠤᠳᠠᠯ ᠤᠨ ᠵᠠᠬᠢᠷᠠᠭᠴᠢ ᠫᠸᠩ ᠰᠢ ᠵᠡᠷᠭᠡ ᠂ ᠰᠢᠨᠤᠬᠠᠶ ᠨᠣᠶᠠᠨ ᠬᠤᠪᠳᠤᠭ ᠲᠦᠰᠢᠮᠡᠯ ᠢ ᠲᠤᠰᠢᠶᠠᠯ ᠡᠴᠡ ᠨᠢ ᠤᠭᠴᠠᠷᠠᠭᠤᠯᠵᠦ ᠂ ᠤᠯᠠᠨ ᠲᠦᠮᠡᠨ ᠤ ᠱᠠᠭᠠᠷᠳᠠᠯᠭ᠎ᠠ ᠶᠢ ᠪᠡᠶᠡᠯᠡᠭᠦᠯᠦᠭᠰᠡᠨ ᠪᠠᠶᠢᠨ᠎ᠠ᠃ 4 ᠰᠠᠷ᠎ᠠ ᠶᠢᠨ 7 ᠤ ᠡᠳᠦᠷ ᠂ ᠪᠡᠭᠡᠵᠢᠩ ᠶᠢᠨ《 ᠥᠷᠯᠥᠭᠡ ᠶᠢᠨ ᠰᠣᠨᠢᠨ 》 ᠳᠦ 《 ᠤᠷᠢᠳᠤ ᠡᠮᠦᠨ᠎ᠡ ᠭᠠᠷᠤᠭ᠎ᠠ ᠦᠭᠡᠢ ᠰᠦᠢᠶᠤᠸᠠᠨ ᠬᠣᠲᠠ ᠶᠢᠨ ᠠᠷᠠᠳ ᠤᠨ ᠰᠦᠷᠲᠦ ᠵᠢᠭᠰᠠᠭᠠᠯ ᠶᠠᠪᠤᠭᠤᠯᠤᠭᠰᠠᠨ ᠬᠥᠳᠡᠯᠭᠡᠭᠡᠨ 》 ᠬᠡᠮᠡᠨ ᠮᠡᠳᠡᠭᠡᠯᠡᠵᠦ ᠂ ᠡᠨᠡ ᠤᠳᠠᠭᠠᠨ ᠤ ᠲᠡᠮᠡᠴᠡᠯ ᠤᠨ ᠦᠨᠳᠦᠰᠦᠨ ᠠᠭᠤᠯᠭ᠎ᠠ ᠶᠢ ᠨᠡᠯᠢᠶᠡᠳ ᠦᠨᠡᠨᠴᠢ ᠪᠡᠷ ᠲᠤᠰᠬᠠᠨ ᠮᠡᠳᠡᠭᠡᠯᠡᠭᠰᠡᠨ ᠪᠠᠶᠢᠨ᠎ᠠ ᠃ ᠮᠡᠳᠡᠭᠡᠯᠡᠬᠦ ᠪᠠᠭ᠎ᠠ ᠭᠠᠷᠴᠠᠭ ᠨᠢ 《 ᠭᠠᠵᠠᠷ ᠬᠡᠮᠵᠢᠬᠦ ᠶᠢ ᠡᠰᠡᠷᠭᠦᠴᠡᠬᠦ》 《ᠬᠠᠪᠴᠢᠭᠤᠷ ᠭᠠᠵᠠᠷ ᠢ ᠬᠠᠭᠠᠯᠬᠤ ᠶᠢ ᠡᠰᠡᠷᠭᠦᠴᠡᠬᠦ》᠂ 《ᠲᠠᠮᠠᠬᠢ ᠲᠠᠲᠠᠬᠤ ᠶᠢ ᠡᠰᠡᠷᠭᠦᠴᠡᠬᠦ 》᠂ 《 ᠭᠦᠢᠯᠭᠡᠭᠡᠨ ᠦ ᠲᠡᠮᠳᠡᠭᠲᠦ ᠶᠢ ᠦᠯᠡᠳᠡᠭᠡᠨ ᠠᠪᠬᠤ ᠶᠢ ᠡᠰᠡᠷᠭᠦᠴᠡᠬᠦ 》 ᠵᠡᠷᠭᠡ ᠪᠠᠶᠢᠵᠦ᠂ᠮᠡᠳᠡᠭᠡᠯᠡᠬᠦ ᠳᠡᠭᠡᠨ ᠄ 《3 ᠰᠠᠷ᠎ᠠ ᠶᠢᠨ 28 ᠦ ᠡᠳᠦᠷ ᠤᠨ ᠥᠷᠯᠥᠭᠡ ᠂ ᠲᠠᠪᠤ ᠵᠢᠷᠭᠤᠭᠠᠨ ᠮᠢᠩᠭᠠᠨ ᠬᠣᠲᠠ ᠶᠢᠨ ᠠᠷᠠᠳ ᠂ ᠭᠦᠢᠬᠤᠸᠠ ᠬᠤᠲᠠ ᠶᠢᠨ ᠡᠮᠦᠨᠡᠬᠢ ᠬᠦ᠋ ᠾᠦᠨ ᠲᠠᠨ ᠳᠦ ᠴᠤᠭᠯᠠᠷᠠᠵᠤ ᠂ ᠰᠦᠷ ᠦᠵᠡᠭᠦᠯᠬᠦ ᠂ ᠤᠬᠠᠭᠤᠯᠬᠤ ᠬᠠᠭᠤᠳᠠᠰᠤ ᠲᠠᠷᠬᠠᠭᠠᠵᠤ ᠃ ᠴᠠᠭᠠᠭᠴᠢᠨ ᠭᠠᠬᠠᠶ ᠵᠢᠯ ᠶᠢᠨ ᠬᠤᠪᠢᠰᠬᠠᠯ ᠤᠨ ᠠᠮᠵᠢᠯᠲᠠ ᠶᠢ ᠶᠡᠬᠡ ᠲᠥᠯᠥᠪ ᠦᠵᠡᠭᠦᠯᠪᠡ ᠂ ᠭᠡᠪᠡᠴᠦ ᠳᠤᠮᠳᠠᠳᠤ ᠢᠷᠭᠡᠨ ᠤᠯᠤᠰ ᠤᠨ ᠰᠢᠨ᠎ᠡ ᠫᠠᠶᠢᠰᠠ ᠰᠤᠯᠢᠭᠰᠨ ᠲᠡᠳᠦᠢ᠃ ᠪᠤᠢ ᠪᠦᠬᠦᠢ ᠡᠵᠡᠷᠬᠡᠭ ᠴᠠᠭ ᠦᠶ᠎ᠡ ᠳᠦ ᠢᠯᠵᠠᠷᠠᠮᠠᠯ ᠦᠯᠡᠳᠡᠭᠳᠡᠯ ᠪᠠ ᠡᠵᠡᠷᠬᠡᠭ ᠲᠦᠷᠢᠮᠡᠬᠡᠶ ᠶᠣᠰᠣᠨ ᠦ ᠦᠵᠡᠯ ᠰᠠᠨᠠᠭ᠎ᠠ ᠂ ᠪᠦᠷ ᠴᠦ ᠦᠯᠡᠳᠡᠭᠳᠡᠵᠦ ᠪᠠᠶᠢᠨ᠎ᠠ ᠭᠡᠵᠡᠢ ᠃
《 ᠬᠦ᠋ ᠾᠦᠨ ᠲᠠᠨ ᠦᠨ ᠬᠡᠷᠡᠭ ᠶᠠᠪᠤᠳᠠᠯ 》ᠪᠣᠯ ᠶᠡᠬᠡ ᠬᠤᠪᠢᠰᠬᠠᠯ ᠤᠨ ᠦᠶ᠎ᠡ ᠳᠦ ᠂ ᠭᠣᠮᠢᠨᠳᠠᠩ ᠡᠪ ᠬᠠᠮᠲᠤ ᠨᠠᠮ ᠤᠨ ᠬᠠᠮᠲᠤᠷᠠᠨ ᠠᠵᠢᠯᠯᠠᠬᠤ ᠨᠥᠬᠥᠴᠡᠯ ᠳᠣᠣᠷ᠎ᠠ ᠂ ᠮᠣᠩᠭᠣᠯ ᠬᠢᠲᠠᠳ ᠡᠯ᠎ᠡ ᠦᠨᠳᠦᠰᠦᠲᠡᠨ ᠦ ᠠᠷᠠᠳ ᠲᠦᠮᠡᠨ ᠪᠦᠯᠬᠦᠮᠳᠡᠨ ᠨᠢᠭᠡᠳᠴᠦ ᠴᠡᠷᠢᠭ ᠶᠢᠨ ᠡᠷᠬᠡᠲᠡᠨ ᠢ ᠡᠰᠡᠷᠭᠦᠴᠡᠬᠦ ᠂ ᠬᠤᠪᠳᠤᠬ ᠨᠣᠶᠠᠨ ᠰᠢᠨᠤᠬᠠᠶ ᠲᠦᠰᠢᠮᠡᠯ ᠢ ᠲᠦᠯᠬᠢᠨ ᠤᠨᠠᠭᠠᠬᠤ ᠢᠯᠠᠯᠲᠠ ᠶᠢᠨ ᠳᠠᠭᠤᠯᠠᠯ ᠢᠶᠡᠨ ᠴᠤᠤᠷᠢᠶᠠᠲᠤᠭᠤᠯᠵᠤ ᠂ ᠲᠤᠬᠠᠶ ᠶᠢᠨ ᠦᠢ᠎ᠡ ᠶᠢᠨ ᠴᠥᠭᠡᠨ ᠲᠣᠭᠠᠲᠤ ᠦᠨᠳᠦᠰᠦᠲᠡᠨ ᠦ ᠭᠠᠵᠠᠷ ᠣᠷᠣᠨ ᠤ ᠬᠡᠪᠴᠢᠶ᠎ᠡ ᠪᠡᠷ ᠬᠠᠮᠤᠭ ᠤᠨ ᠶᠡᠬᠡ ᠪᠥᠭᠡᠳ ᠡᠴᠦᠰ ᠶᠢᠨ ᠢᠯᠠᠯᠲᠠ ᠶᠢ ᠲᠡᠮᠡᠴᠡᠨ ᠤᠯᠤᠭᠰᠠᠨ ᠨᠢᠭᠡ ᠤᠳᠠᠭ᠎ᠠ ᠶᠢᠨ ᠬᠤᠪᠢᠰᠬᠠᠯᠲᠤ ᠲᠡᠮᠡᠴᠡᠯ ᠪᠣᠯᠤᠨ᠎ᠠ ᠃ ᠬᠥᠳᠡᠯᠭᠡᠭᠡᠨ ᠦ ᠳᠤᠮᠳᠠ ᠂ ᠰᠢᠶᠦ᠋ᠩ ᠸᠧᠢ ᠭᠧᠨ ᠂ ᠯᠧᠩ ᠴᠦ ᠂ ᠸᠠᠩ ᠵᠢᠶᠠᠨ ᠬᠦᠡᠭ ᠂ ᠵᠢᠷᠭᠠᠯ ᠂ ᠭᠤᠮᠪᠤᠵᠠᠪᠠ ᠵᠡᠷᠭᠡ ᠵᠡᠷᠭᠡ ᠶᠢᠨ ᠡᠪ ᠬᠠᠮᠲᠤ ᠨᠠᠮ ᠤᠨ ᠭᠡᠰᠢᠭᠦᠳ ᠴᠥᠮ ᠯᠤᠲᠤ ᠶᠡᠬᠡ ᠦᠢᠯᠡᠳᠦᠯ ᠢ ᠭᠠᠷᠭᠠᠭᠰᠠᠨ ᠪᠠᠶᠢᠨ᠎ᠠ ᠃