ᠰᠦᠢᠶᠤᠸᠠᠨ ᠤ ᠠᠷᠭ᠎ᠠ ᠮᠠᠶᠢᠭ(1949 ᠣᠨ ᠤ 3 ᠰᠠᠷ᠎ᠠ ᠡᠴᠠ 9 ᠰᠠᠷ᠎ᠠ )
1948
ᠣᠨ ᠤ ᠳᠣᠣᠷ᠎ᠠ ᠬᠠᠭᠠᠰ ᠵᠢᠯ ᠳ᠋ᠤ ᠂ ᠨᠠᠮ ᠤᠨ ᠲᠥᠪ ᠬᠣᠷᠢᠶ᠎ᠠ ᠲᠠᠢᠢᠨ ᠤ ᠪᠠᠶᠢᠳᠠᠯ ᠤᠨ
ᠲᠤᠬᠠᠶ ᠰᠢᠨᠵᠢᠯᠡᠬᠦ ᠤᠬᠠᠭᠠᠨᠴᠢ ᠵᠠᠳᠠᠯᠤᠯᠲᠠ ᠬᠢᠵᠦ ᠂ ᠬᠤᠪᠢᠰᠬᠠᠯ ᠤᠨ ᠬᠦᠴᠦᠨ ᠪᠠ
ᠬᠤᠪᠢᠰᠬᠠᠯ ᠤᠨ ᠬᠥᠭᠵᠢᠯ ᠦᠨ ᠢᠷᠡᠭᠡᠳᠦᠢ ᠶ᠋ᠢ ᠭᠥᠢᠴᠡᠳ ᠵᠢᠱᠢᠭᠰᠡᠨ ᠤ ᠳᠠᠷᠠᠭ᠎ᠠ ᠤᠷᠢᠳ ᠬᠣᠵᠢᠳ
ᠯᠢᠶᠣᠤ ᠱᠸᠨ ᠂ ᠬᠣᠸᠠᠢ ᠬᠠᠶ ᠂ ᠫᠢᠩ ᠵᠢᠨ ᠤ ᠭᠤᠷᠪᠠᠨ ᠶᠡᠬᠡ ᠳᠠᠶᠢᠯᠠᠯᠳᠤᠭᠠᠨ ᠢ ᠵᠣᠬᠢᠶᠠᠨ
ᠪᠠᠶᠢᠭᠤᠯᠵᠤ ᠂ ᠭᠤᠮᠢᠨᠳᠠᠩ ᠤᠨ ᠴᠡᠷᠢᠭ ᠢ 154 ᠲᠥᠮᠡ ᠭᠠᠷᠤᠢ ᠤᠰᠠᠳᠬᠠᠵᠤ᠂ ᠵᠡᠭᠦᠨ ᠬᠣᠶᠢᠲᠤ
ᠣᠷᠣᠨ ᠤ ᠪᠦᠬᠦ ᠨᠤᠲᠤᠭ ᠳᠡᠪᠢᠰᠬᠡᠷ ᠂ ᠤᠮᠠᠷᠠᠲᠤ ᠣᠷᠣᠨ ᠤ ᠶᠡᠬᠡᠩᠬᠢ ᠬᠡᠰᠡᠭ ᠭᠠᠵᠠᠷ ᠣᠷᠣᠨ
ᠪᠠ ᠬᠥᠬᠡ ᠮᠥᠷᠡᠨ ᠤ ᠳᠣᠣᠷᠠᠳᠤ ᠤᠷᠤᠰᠬᠠᠯ ᠤᠨ ᠭᠠᠵᠠᠷ ᠣᠷᠤᠨ ᠢ ᠴᠢᠯᠥᠭᠡᠯᠡᠵᠦ ᠂
ᠭᠤᠮᠢᠨᠳᠠᠩ ᠤᠨ ᠨᠣᠶᠠᠷᠬᠠᠵᠤ ᠪᠠᠶᠢᠭ᠎ᠠ ᠣᠷᠣᠨ ᠤ ᠤᠯᠤᠰ ᠲᠦᠷᠦ ᠂ ᠠᠵᠤ ᠠᠬᠤᠶ ᠵᠡᠷᠭᠡ ᠴᠥᠮ
ᠶᠡᠷᠦᠩᠬᠡᠶ ᠰᠥᠢᠷᠡᠯ ᠦᠨ ᠪᠠᠶᠢᠳᠠᠯ ᠳ᠋ᠦ ᠣᠷᠤᠭᠰᠠᠨ ᠪᠠᠶᠢᠨ᠎ᠠ ᠃
ᠭᠤᠷᠪᠠᠨ ᠶᠡᠬᠡ
ᠳᠠᠶᠢᠯᠠᠯᠳᠤᠭᠠᠨ ᠤ ᠢᠯᠠᠯᠲᠠ ᠳ᠋ᠤ ᠂ ᠢᠯᠠᠩᠭᠤᠶ᠎ᠠ ᠪᠸᠢᠢᠫᠢᠩ ᠦᠨ ᠠᠰᠠᠭᠤᠳᠠᠯ ᠢ
ᠨᠠᠶᠢᠷᠠᠮᠳᠠᠯ ᠢᠶᠠᠷ ᠰᠢᠢᠳᠪᠦᠷᠢᠯᠡᠵᠦ᠂ ᠰᠦᠢᠶᠤᠸᠠᠨ ᠳ᠋ᠤ ᠬᠠᠰᠢᠭᠳᠠᠵᠤ ᠪᠠᠶᠢᠭ᠎ᠠ ᠭᠤᠮᠢᠨᠳᠠᠩ ᠤᠨ
ᠴᠡᠷᠢᠭ ᠢ ᠡᠳᠦᠷ ᠢᠷᠡᠬᠦᠶ᠎ᠡ ᠭᠠᠭᠴᠠᠭᠠᠷᠳᠠᠭᠤᠯᠵᠤ ᠂ ᠰᠠᠭᠤᠭᠠᠳ ᠰᠡᠳᠬᠢᠯ ᠦᠭᠡᠢ ᠂ ᠤᠨᠲᠠᠭᠠᠳ
ᠨᠣᠶᠢᠷ ᠦᠭᠡᠢ ᠪᠣᠯᠤᠭᠰᠠᠨ ᠪᠠᠶᠢᠨ᠎ᠠ ᠃ ᠠᠯᠢ ᠡᠷᠲᠡ ᠯᠢᠶᠣᠤ ᠱᠸᠨ ᠤ ᠳᠠᠶᠢᠯᠠᠯᠳᠤᠭᠠᠨ ᠤ
ᠪᠠᠶᠢᠷᠢᠯᠠᠭᠤᠯᠤᠯᠲᠠ ᠶ᠋ᠢᠨ ᠬᠤᠭᠤᠴᠠᠭᠠᠨ ᠳ᠋ᠤ ᠂ ᠰᠦᠢᠶᠤᠸᠠᠨ ᠦᠳᠠᠶᠢᠰᠤᠨ ᠤ ᠵᠡᠭᠦᠨ ᠬᠣᠶᠢᠲᠤ
ᠣᠷᠣᠨ ᠤᠷᠤᠭᠤ ᠲᠤᠲᠠᠭᠠᠬᠤ ᠶ᠋ᠢ ᠰᠡᠷᠭᠡᠶᠢᠯᠡᠵᠦ ᠂ ᠨᠠᠮ ᠤᠨ ᠲᠥᠪ ᠬᠣᠷᠢᠶ᠎ᠠ ᠂ ᠮᠠᠤ ᠽᠸ ᠳ᠋ᠦᠩ
ᠲᠡᠷᠢᠭᠦᠯᠡᠭᠴᠢ ᠶ᠋ᠢᠨ ᠵᠠᠷᠯᠢᠭ ᠢᠶᠠᠷ ᠶᠠᠩ ᠴᠧᠩ ᠡᠦ ᠂ ᠯᠢ ᠵᠢᠩ ᠴᠢᠤᠸᠠᠨ ᠤ ᠤᠳᠤᠷᠢᠳᠤᠭᠰᠠᠨ
ᠤᠮᠠᠷᠠᠲᠤ ᠣᠷᠣᠨ ᠤ ᠠᠷᠠᠳ ᠤᠨ ᠴᠢᠯᠥᠭᠡᠯᠡᠬᠦ ᠴᠡᠷᠢᠭ ᠴᠠᠬᠠᠷ ᠰᠦᠢᠶᠤᠸᠠᠨ ᠤ
ᠳᠠᠶᠢᠯᠠᠯᠳᠤᠭᠠᠨ ᠢ ᠵᠣᠬᠢᠶᠠᠨ ᠪᠠᠶᠢᠭᠤᠯᠵᠤ ᠂ ᠬᠦᠢᠰᠦ᠋ᠢ ᠬᠤᠳᠠ ᠶ᠋ᠢ ᠪᠦᠰᠡᠯᠡᠵᠦ ᠂
ᠪᠣᠭᠤᠲᠤ ᠶ᠋ᠢ ᠨᠢᠭᠡᠨ ᠦᠢ᠎ᠡ ᠪᠠᠶᠢᠯᠳᠤᠨ ᠡᠵᠡᠯᠡᠭᠰᠡᠨ ᠪᠠᠶᠢᠨ᠎ᠠ ᠃ ᠴᠠᠬᠠᠷ ᠰᠦᠢᠶᠤᠸᠠᠨ ᠤ
ᠳᠠᠶᠢᠯᠠᠯᠳᠤᠭᠠᠨ ᠳᠠᠭᠤᠰᠤᠭᠰᠠᠨ ᠤ ᠳᠠᠷᠠᠭ᠎ᠠ᠂ ᠰᠦᠢᠶᠤᠸᠠᠨ ᠤ ᠡᠮᠦᠨᠡᠲᠦ ᠬᠡᠰᠡᠭ ᠦᠨ ᠥᠷᠭᠡᠨ
ᠠᠭᠤᠳᠠᠮ ᠭᠠᠵᠠᠷ ᠣᠷᠣᠨ ᠨᠢᠭᠡᠨᠲᠡ ᠠᠷᠠᠳ ᠤᠨ ᠴᠢᠯᠥᠭᠡᠯᠡᠭᠳᠡᠭᠰᠡᠨ ᠣᠷᠣᠨ ᠪᠣᠯᠵᠤ ᠂
ᠰᠦᠢᠶᠤᠸᠠᠨ ᠤ ᠳᠠᠶᠢᠰᠤᠨ ᠬᠦᠢᠰᠦ᠋ᠢ ᠤᠷᠤᠭᠤ ᠤᠬᠤᠷᠢᠭᠰᠠᠨ ᠪᠠᠶᠢᠨ᠎ᠠ ᠃ ᠮᠠᠨ ᠤ ᠠᠷᠠᠳ ᠤᠨ
ᠴᠢᠯᠥᠭᠡᠯᠡᠬᠦ ᠴᠡᠷᠢᠭ ᠦᠷᠭᠦᠯᠵᠢᠯᠡᠨ ᠤᠷᠤᠭᠰᠢᠯᠠᠵᠤ ᠂ ᠪᠢᠲᠡᠭᠦᠨ ᠤ ᠰᠥᠨᠢ ᠴᠠᠭᠠᠨ
ᠰᠣᠪᠤᠷᠭᠠᠨ ᠤ ᠪᠠᠶᠢᠯᠳᠤᠭᠠᠨ ᠢ ᠵᠣᠬᠢᠶᠠᠨ ᠪᠠᠶᠢᠭᠤᠯᠵᠤ ᠂ ᠪᠠᠷᠤᠭ ᠳᠥᠷᠪᠡᠨ ᠴᠠᠭ ᠰᠢᠷᠦᠭᠦᠨ
ᠪᠠᠶᠢᠯᠳᠤᠭᠠᠳ ᠬᠦᠢᠰᠦ᠋ᠢ ᠶ᠋ᠢ ᠰᠠᠬᠢᠵᠤ ᠪᠠᠶᠢᠭᠰᠠᠨ ᠳᠠᠶᠢᠰᠤᠨ ᠳ᠋ᠦ ᠬᠦᠨᠳᠦ ᠴᠣᠬᠢᠯᠲᠠ ᠥᠭᠴᠦ ᠂
ᠳᠠᠷᠠᠭ᠎ᠠ ᠨᠢ ᠨᠠᠮ ᠤᠨ ᠲᠥᠪ ᠬᠣᠷᠢᠶᠠᠨ ᠤ ᠵᠢᠭᠠᠪᠤᠷᠢ ᠶ᠋ᠢ ᠦᠨᠳᠦᠰᠦᠯᠡᠨ ᠂ ᠠᠮᠤᠷ ᠲᠥᠪᠰᠢᠨ
ᠭᠠᠵᠠᠷ ᠲᠤ ᠤᠬᠤᠷᠢᠭᠰᠠᠨ ᠪᠠᠶᠢᠨ᠎ᠠ᠃ ᠡᠭᠦᠨ ᠤ ᠵᠡᠷᠭᠡᠴᠡᠭᠡᠪᠡᠷ ᠂ ᠰᠦᠢᠶᠤᠸᠠᠨ ᠮᠣᠩᠭᠤᠯ ᠤᠨ
ᠵᠠᠰᠠᠭ ᠤᠨ ᠣᠷᠳᠣᠨ ᠤ ᠨᠠᠮ ᠤᠨ ᠲᠥᠪ ᠬᠣᠷᠢᠶ᠎ᠠ ᠰᠦᠢᠶᠤᠸᠠᠨ ᠢ ᠪᠸᠢᠢᠫᠢᠩ ᠤᠨ ᠠᠷᠭ᠎ᠠ ᠪᠠᠷ
ᠨᠠᠶᠢᠷᠠᠮᠳᠠᠯ ᠢᠶᠠᠷ ᠴᠢᠯᠥᠭᠡᠯᠡᠬᠦ ᠪᠡᠷ ᠲᠡᠮᠡᠴᠡᠨ ᠤᠯᠬᠤ ᠵᠣᠷᠢᠭ ᠰᠠᠨᠠᠭ᠎ᠠ ᠶ᠋ᠢ ᠦᠨᠳᠦᠰᠦᠯᠡᠵᠦ
᠂ ᠴᠠᠬᠢᠯᠭᠠᠨ ᠮᠡᠳᠡᠭᠡ ᠪᠡᠷ ᠭᠤᠮᠢᠨᠳᠠᠩ ᠤᠨ ᠰᠦᠢᠶᠤᠸᠠᠨ ᠮᠣᠵᠢ ᠶ᠋ᠢᠨᠴ ᠡᠷᠢᠭ ᠵᠠᠰᠠᠭ ᠤᠨ
ᠪᠥᠯᠦᠭᠯᠡᠯ ᠳ᠋ᠦ ᠴᠢᠮᠡᠭᠡ ᠥᠭᠴᠦ ᠂ ᠬᠣᠶᠠᠷ ᠲᠠᠯ᠎ᠠ ᠪᠠᠷ ᠢᠶ᠋ᠡᠨ ᠬᠡᠯᠡᠯᠴᠡᠭᠡ ᠬᠢᠬᠦ ᠪᠡᠷ
ᠳᠠᠮᠵᠢᠭᠤᠯᠤᠨ ᠨᠠᠶᠢᠷᠠᠮᠳᠠᠯ ᠢᠶ᠋ᠡᠷ ᠴᠢᠯᠥᠭᠡᠯᠡᠬᠦ ᠶ᠋ᠢ ᠵᠣᠷᠢᠭᠰᠠᠨ ᠪᠠᠶᠢᠨ᠎ᠠ᠃
ᠰᠦᠢᠶᠤᠸᠠᠨ ᠢ ᠨᠠᠶᠢᠷᠠᠮᠳᠠᠯ ᠢᠶᠠᠷ ᠴᠢᠯᠥᠭᠡᠯᠡᠬᠦ ᠪᠣᠯ ᠡᠯ᠎ᠡ ᠦᠨᠳᠦᠰᠦᠲᠡᠨ ᠨᠤᠭᠦᠳ ᠤᠨ
ᠠᠷᠠᠳ ᠲᠦᠮᠡᠨ ᠂ ᠥᠷᠭᠡᠨ ᠤᠯᠠᠨ ᠭᠤᠮᠢᠨᠳᠠᠩ ᠤᠨ ᠴᠡᠷᠢᠭ ᠪᠠᠶᠢᠯᠳᠤᠭᠴᠢ ᠪᠣᠯᠤᠨ ᠨᠢᠭᠡ ᠪᠦᠯᠦᠭ
ᠰᠥᠢᠶᠤᠸᠠᠨ ᠤ ᠳᠡᠭᠡᠳᠦ ᠳᠠᠪᠬᠤᠷᠭᠠᠲᠠᠨ ᠤ ᠬᠠᠮᠲᠤ ᠶ᠋ᠢᠨ ᠬᠦᠰᠡᠯ ᠡᠷᠡᠮᠡᠯᠵᠡᠯ ᠮᠥᠨ ᠃
ᠪᠸᠢᠢᠫᠢᠩ ᠢ ᠨᠠᠶᠢᠷᠠᠮᠳᠠᠯ ᠢᠶᠠᠷ ᠴᠢᠯᠦᠭᠡᠯᠡᠭᠰᠡᠨ ᠰᠥᠢᠶᠤᠸᠠᠨ ᠳ᠋ᠤ ᠤᠯᠠᠮᠵᠢᠯᠠᠭᠰᠠᠨ
ᠬᠦᠷᠦᠭᠰᠡᠨ ᠳ᠋ᠦ ᠂ ᠰᠦᠢᠶᠤᠸᠠᠨ ᠣᠷᠣᠨ ᠤ ᠨᠤᠲᠤᠭ ᠤᠨ ᠳᠡᠭᠡᠳᠦ ᠳᠠᠪᠬᠤᠷᠭᠠᠲᠠᠨ ᠤ ᠬᠥᠮᠦᠰ ᠵᠠᠩ
ᠴᠢᠨ ᠂ ᠶᠠᠨ ᠰᠤ ᠵᠢᠴᠢ ᠲᠦᠮᠡᠳ ᠬᠣᠰᠢᠭᠤᠨ ᠤ ᠷᠦᠩ ᠰᠢᠶᠠᠩ ᠵᠡᠷᠭᠡ ᠬᠥᠮᠦᠰ ᠢᠳᠡᠪᠬᠢᠲᠡᠶ
ᠰᠠᠨᠠᠭᠠᠴᠢᠯᠠᠨ《 ᠰᠦᠢᠶᠤᠸᠠᠨ ᠤ ᠨᠠᠶᠢᠷᠠᠮᠳᠠᠯ ᠢ ᠠᠬᠢᠭᠤᠯᠬᠤ ᠬᠤᠷᠠᠯ》 ᠢ ᠵᠣᠬᠢᠶᠠᠨ ᠪᠠᠶᠢᠭᠤᠯᠵᠤ
᠂ ᠰᠦᠢᠶᠤᠸᠠᠨ ᠮᠣᠵᠢ ᠶ᠋ᠢᠨ ᠴᠡᠷᠢᠭ ᠵᠠᠰᠠᠭ ᠤᠨ ᠡᠷᠬᠡ ᠪᠠᠷᠢᠭᠴᠢᠳ ᠤᠨ ᠠᠷᠠᠳ ᠤᠨ
ᠴᠢᠯᠥᠭᠡᠯᠡᠬᠦ ᠴᠡᠷᠢᠭ ᠯᠤᠭ᠎ᠠ ᠶ᠋ᠢᠨ ᠳᠠᠶᠢᠰᠤᠩᠨᠠᠬᠤ ᠬᠠᠷᠢᠴᠠᠭ᠎ᠠ ᠶ᠋ᠢ ᠠᠷᠢᠯᠭᠠᠬᠤ ᠶ᠋ᠢ
ᠱᠠᠭᠠᠷᠳᠠᠵᠤ ᠂ ᠰᠦᠢᠶᠤᠸᠠᠨ ᠮᠣᠵᠢ ᠶ᠋ᠢᠨ ᠴᠡᠷᠢᠭ ᠵᠠᠰᠠᠭ ᠤᠨ ᠡᠷᠬᠡ ᠪᠠᠷᠢᠭᠴᠢᠳ ᠤᠨ ᠠᠮᠤ
ᠪᠤᠳᠠᠭ᠎ᠠ ᠲᠠᠲᠠᠪᠤᠷᠢᠯᠠᠬᠤ ᠂ ᠴᠡᠷᠢᠭ ᠡᠯᠰᠡᠬᠦ ᠂ ᠢᠳᠡᠷ ᠡᠷᠡᠴᠦᠳ ᠢ ᠴᠤᠭᠯᠠᠭᠤᠯᠤᠨ
ᠪᠣᠯᠪᠠᠰᠤᠷᠠᠭᠤᠯ ᠬᠤᠶ᠋ᠢ ᠵᠣᠭᠰᠤᠭᠠᠵᠤ ᠂ ᠪᠦᠬᠦ ᠤᠯᠤᠰ ᠲᠥᠷᠦ ᠶ᠋ᠢᠨ ᠬᠡᠷᠡᠭᠲᠡᠨ ᠢ ᠰᠤᠯᠠᠯᠠᠬᠤ
ᠬᠡᠷᠡᠭᠲᠡᠶ ᠭᠡᠵᠦ ᠱᠠᠭᠠᠷᠳᠠᠪᠠ ᠃
ᠰᠦᠢᠶᠤᠸᠠᠨ ᠮᠣᠵᠢ ᠶ᠋ᠢᠨ ᠵᠠᠰᠠᠭ ᠤᠨ ᠣᠷᠳᠣᠨ ᠤ
ᠲᠡᠷᠢᠭᠦᠯᠡᠭᠴᠢ ᠳ᠋ᠦᠩ ᠴᠢ ᠡᠦ ᠪᠸᠢᠢᠫᠢᠩ ᠢ ᠨᠠᠶᠢᠷᠠᠮᠳᠠᠯ ᠢᠶᠠᠷ ᠴᠢᠯᠥᠭᠡᠯᠡᠬᠦ ᠦᠶ᠎ᠡ ᠳ᠋ᠤ
ᠹᠦ᠋ ᠽᠦ᠋ᠸᠸ ᠢ ᠵᠠᠩᠵᠤᠨ ᠤ ᠠᠷᠠᠳ ᠲᠦᠮᠡᠨ ᠦ ᠵᠠᠮ ᠢᠶᠠᠷ ᠶᠠᠪᠤᠬᠤ ᠲᠤᠷᠰᠢᠯᠭ᠎ᠠ
ᠰᠤᠷᠭᠠᠮᠵᠢ ᠶ᠋ᠢ ᠬᠦᠯᠢᠶᠡᠨ ᠠᠪᠴᠤ ᠂ ᠹᠦ᠋ ᠽᠦ᠋ᠸᠸ ᠢ ᠵᠠᠩᠵᠤᠨ ᠴᠢᠩ ᠰᠡᠳᠬᠢᠯ ᠢᠶ᠋ᠡᠷ
ᠨᠠᠶᠢᠷᠠᠮᠳᠠᠯ ᠤᠨ ᠪᠣᠰᠤᠯᠭ᠎ᠠ ᠶ᠋ᠢᠨ ᠵᠠᠮ ᠢᠶᠠᠷ ᠶᠠᠪᠤᠵᠠᠢ᠂ ᠡᠶᠢᠮᠦ ᠡᠴᠡ 《 ᠰᠦᠢᠶᠤᠸᠠᠨ ᠤ
ᠨᠠᠶᠢᠷᠠᠮᠳᠠᠯ ᠢ ᠠᠬᠢᠭᠤᠯᠬᠤ ᠬᠤᠷᠠᠯ 》 ᠳᠡᠭᠡᠷ᠎ᠡ ᠳᠤᠷᠠᠳᠤᠭᠰᠠᠨ ᠱᠠᠭᠠᠷᠳᠠᠯᠭ᠎ᠠ ᠶ᠋ᠢ
ᠮᠡᠳᠡᠭᠰᠡᠨ ᠤ ᠰᠡᠭᠦᠯᠡᠷ ᠂ ᠳ᠋ᠦᠩ ᠴᠢ ᠡᠦ ᠵᠠᠩᠵᠤᠨ ᠮᠠᠰᠢ ᠲᠦᠷᠭᠡᠨ ᠬᠦᠯᠢᠶᠡᠨ ᠠᠪᠴᠤ ᠂
ᠶᠣᠰᠣᠴᠢᠯᠠᠨ ᠬᠡᠷᠡᠭᠵᠢᠭᠦᠯᠦᠭᠰᠡᠨ ᠪᠠᠶᠢᠨ᠎ᠠ ᠃
ᠭᠡᠪᠡᠴᠦ ᠰᠥᠢᠶᠦᠸᠠᠨ ᠢ
ᠨᠠᠶᠢᠷᠠᠮᠳᠠᠯ ᠢᠶᠠᠷ ᠴᠢᠯᠦᠭᠡᠯᠡᠬᠦ ᠵᠠᠮ ᠪᠠᠰᠠ ᠮᠠᠰᠢ ᠤᠯᠠᠨ ᠪᠣᠳᠠᠲᠠᠶ ᠬᠦᠴᠢᠷᠳᠡᠯ ᠲᠠᠢ
ᠪᠠᠶᠢᠵᠤ᠂ ᠳᠠᠪᠬᠤᠷ ᠳᠠᠪᠬᠤᠷ ᠬᠠᠷᠰᠢ ᠰᠠᠭᠠᠳ ᠢ ᠢᠯᠠᠨ ᠳᠠᠪᠠᠬᠤ ᠬᠡᠷᠡᠭᠲᠡᠶ ᠃ ᠰᠦᠢᠶᠤᠸᠠᠨ
ᠮᠣᠵᠢ ᠶ᠋ᠢᠨ ᠭᠤᠮᠢᠨᠳᠠᠩ ᠤᠨ ᠴᠡᠷᠢᠭ ᠠᠩᠬᠢ ᠶ᠋ᠢᠨ ᠵᠣᠬᠢᠶᠠᠨ ᠪᠠᠶᠢᠭᠤᠯᠤᠯᠲᠠ ᠶ᠋ᠢᠨ
ᠡᠭᠡᠳᠡᠷᠡᠭᠡᠨ ᠪᠤᠳᠤᠯᠢᠶᠠᠨᠲᠠᠶ ᠂ ᠴᠡᠷᠢᠭ ᠠᠩᠬᠢ ᠶ᠋ᠢᠨ ᠨᠡᠷ᠎ᠡ ᠨᠢ ᠤᠯᠠᠨ ᠂ ᠳᠠᠶᠢᠰᠤᠩᠨᠠᠬᠤ
ᠡᠲᠡᠭᠡᠳ ᠬᠢᠭᠡᠳ ᠨᠠᠶᠢᠷᠠᠮᠳᠠᠯ ᠢᠶᠠᠷ ᠴᠢᠯᠦᠭᠡᠯᠡᠬᠦ ᠪᠥᠯᠦᠭ ᠦᠨ ᠬᠦᠴᠦᠨ ᠲᠡᠩᠴᠡᠯᠳᠦᠵᠡᠢ᠃
ᠡᠭᠦᠨ ᠤ ᠲᠤᠬᠠᠶ ᠂ ᠳ᠋ᠦᠩ ᠴᠢ ᠡᠦ ᠵᠠᠩᠵᠤᠨ ᠤᠷᠢᠳᠠᠪᠠᠷ ᠬᠠᠵᠠᠭᠤ ᠲᠠᠯ᠎ᠠ ᠡᠴᠠ ᠨᠢ ᠭᠠᠷᠳᠠᠨ ᠂
ᠴᠡᠷᠢᠭ ᠦᠨ ᠶᠠᠪᠤᠳᠠᠯ ᠤᠯᠤᠰ ᠲᠥᠷᠦ ᠶ᠋ᠢᠨ ᠺᠠᠲᠷ ᠤᠨ ᠦᠵᠡᠯ ᠰᠠᠨᠠᠭ᠎ᠠ ᠲᠠᠨᠢᠯᠲᠠ ᠪᠠᠨ
ᠳᠡᠭᠡᠭᠰᠢᠯᠡᠭᠦᠯᠬᠦ ᠬᠡᠯᠪᠡᠷᠢ ᠪᠡᠷ ᠠᠯᠬᠤᠮ ᠠᠯᠬᠤᠮ ᠢᠶᠠᠷ ᠵᠣᠷᠢᠯᠭ᠎ᠠ ᠪᠠᠨ ᠪᠡᠶᠡᠯᠡᠭᠦᠯᠬᠦ
ᠬᠡᠷᠡᠭᠲᠡᠢ ᠃ 1949 ᠣᠨ ᠤ ᠬᠣᠶᠠᠷ ᠂ ᠭᠤᠷᠪᠠᠳᠤᠭᠠᠷ ᠰᠠᠷ᠎ᠠ ᠶ᠋ᠢᠨ ᠬᠣᠭᠣᠷᠣᠨᠳᠣ ᠂ ᠳ᠋ᠦᠩ ᠴᠢ
ᠡᠦ ᠵᠠᠩᠵᠤᠨ ᠰᠦᠢᠶᠤᠸᠠᠨ ᠮᠣᠵᠢ ᠶ᠋ᠢᠨ ᠵᠠᠰᠠᠭ ᠤᠨ ᠣᠷᠳᠣᠨ ᠤ ᠳᠡᠭᠡᠳᠦ ᠵᠡᠷᠭᠡ ᠶ᠋ᠢᠨ
ᠺᠠᠳ᠋ᠷᠴᠤᠳ ᠤᠨ ᠳᠤᠮᠳᠠ ᠪᠠᠭ᠎ᠠ ᠬᠡᠯᠪᠡᠷᠢ ᠶ᠋ᠢᠨ ᠶᠠᠷᠢᠯᠴᠠᠬᠤ ᠬᠤᠷᠠᠯ ᠥᠷᠨᠢᠭᠦᠯᠦᠭᠰᠡᠨ
ᠪᠠᠶᠢᠨ᠎ᠠ ᠂ ᠶᠠᠷᠢᠯᠴᠠᠬᠤ ᠬᠡᠪᠴᠢᠶ᠎ᠡ ᠶ᠋ᠢ ᠨᠢ ᠠᠯᠬᠤᠮ ᠠᠯᠬᠤᠮ ᠢᠶᠠᠷ ᠥᠷᠭᠡᠳᠬᠡᠭᠰᠡᠨ
ᠪᠠᠶᠢᠨ᠎ᠠ᠃ ᠰᠦᠢᠶᠤᠸᠠᠨ ᠮᠣᠵᠢ ᠶ᠋ᠢᠨ ᠴᠡᠷᠢᠭ ᠵᠠᠰᠠᠭ ᠤᠨ ᠺᠠᠳ᠋ᠷ ᠤᠯᠤᠰ ᠤᠨ ᠳᠣᠲᠣᠭᠠᠳᠤ ᠵᠢᠴᠢ
ᠰᠦᠢᠶᠤᠸᠠᠨ ᠤ ᠪᠤᠳᠤᠯᠢᠶᠠᠨᠲᠠᠶ ᠪᠠᠶᠢᠳᠠᠯ ᠳ᠋ᠤ ᠬᠠᠨᠳᠤᠵᠤ ᠂ ᠡᠬᠢᠯᠡᠭᠡᠳ ᠳᠠᠪᠬᠤᠷ ᠳᠠᠪᠬᠤᠷ
ᠡᠷᠡᠭᠡᠯᠵᠡᠭᠡ ᠲᠡᠶ ᠲᠤᠯᠠ ᠣᠯᠠᠩᠬᠢ ᠨᠢ ᠬᠢᠯᠪᠠᠷᠬᠠᠨ ᠣᠪᠤᠷ ᠢᠶᠡᠨ ᠢᠯᠡᠳᠬᠡᠬᠦ ᠦᠭᠡᠢ ᠪᠠᠶᠢᠪᠠ᠃
ᠹᠦ᠋ ᠽᠦ᠋ᠸᠸ ᠢ ᠵᠠᠩᠵᠤᠨ ᠪᠸᠢᠢᠫᠢᠩ ᠳ᠋ᠤ ᠳᠥᠷᠪᠡᠳᠦᠭᠡᠷ ᠰᠠᠷ᠎ᠠ ᠶ᠋ᠢᠨ ᠨᠢᠭᠡᠨ ᠤ ᠡᠳᠦᠷ
ᠴᠠᠬᠢᠯᠭᠠᠨ ᠮᠡᠳᠡᠭᠡ ᠶ᠋ᠢ ᠲᠥᠪ ᠴᠢᠩᠭ᠎ᠠ ᠪᠠᠷ ᠨᠡᠶᠢᠲᠡᠯᠡᠵᠦ᠂ ᠤᠯᠤᠰ ᠲᠥᠷᠦ ᠶ᠋ᠢᠨ
ᠵᠣᠭᠰᠤᠯᠲᠠ ᠪᠠᠨ ᠢᠯᠡᠷᠬᠡᠶᠢᠯᠡᠪᠡ᠃ ᠹᠦ᠋ ᠽᠦᠸᠸ ᠢ ᠵᠠᠩᠵᠤᠨ ᠴᠠᠬᠢᠯᠭᠠᠨ ᠮᠡᠳᠡᠭᠡ ᠳ᠋ᠦ
ᠰᠡᠳᠬᠢᠯ ᠦᠨ ᠤᠭ ᠡᠴᠡ ᠪᠠᠨ ᠥᠩᠭᠡᠷᠡᠭᠰᠡᠨ ᠤ 《 ᠤᠷᠪᠠᠯᠭ᠎ᠠ ᠶ᠋ᠢ ᠳᠠᠷᠤᠬᠤ 》 ᠪᠤᠷᠤᠭᠤ
ᠵᠣᠭᠰᠤᠯᠲᠠ ᠪᠠᠨ ᠰᠢᠭᠦᠮᠵᠢᠯᠡᠭᠰᠡᠨ ᠪᠠᠶᠢᠨ᠎ᠠ ᠂ ᠵᠣᠷᠢᠭ ᠢᠶᠡᠨ ᠢᠯᠡᠳᠬᠡᠵᠦ ᠡᠪ ᠬᠠᠮᠲᠤ ᠨᠠᠮ ᠢᠬ
ᠦᠷᠢᠶᠡᠯᠡᠵᠦ ᠂ ᠲᠡᠷᠢᠭᠦᠯᠡᠭᠴᠢ ᠮᠠᠤ ᠽᠸ ᠳ᠋ᠦᠩ ᠦᠨ ᠤᠳᠤᠷᠢᠳᠤᠯᠭ᠎ᠠ ᠂ ᠰᠢᠨ᠎ᠡ ᠠᠷᠠᠳᠴᠢᠯᠠᠭᠰᠠᠨ
ᠶᠣᠰᠤ ᠶ᠋ᠢ ᠬᠡᠷᠡᠭᠵᠢᠭᠦᠯᠵᠦ ᠂ ᠨᠠᠶᠢᠷᠠᠮᠳᠠᠯ ᠢᠶᠠᠷ ᠰᠢᠨ᠎ᠡ ᠳᠤᠮᠳᠠᠳᠤ ᠤᠯᠤᠰ ᠢ ᠪᠠᠶᠢᠭᠤᠯᠬᠤ
ᠵᠣᠷᠢᠯᠲᠠ ᠪᠠᠨ ᠢᠯᠡᠷᠬᠡᠶᠢᠯᠡᠭᠰᠡᠨ ᠪᠠᠶᠢᠨ᠎ᠠ᠃ ᠹᠦ᠋ ᠽᠦ᠋ᠸᠸ ᠢ ᠵᠠᠩᠵᠤᠨ ᠤ ᠴᠠᠬᠢᠯᠭᠠᠨ
ᠮᠡᠳᠡᠭᠡ ᠰᠦᠢᠶᠤᠸᠠᠨ ᠮᠣᠵᠢ ᠶ᠋ᠢᠨ ᠴᠡᠷᠢᠭ ᠵᠠᠰᠠᠭ ᠤᠨ ᠺᠠᠲᠷ ᠤᠨ ᠦᠵᠡᠯ ᠰᠠᠨᠠᠭ᠎ᠠ
ᠲᠠᠨᠢᠯᠲᠠ ᠳ᠋ᠦ ᠶᠡᠬᠡ ᠨᠥᠯᠦᠭᠡ ᠭᠠᠷᠭᠠᠪᠠ ᠃
ᠹᠦ᠋ ᠽᠦᠸᠸ ᠢ ᠵᠠᠩᠵᠤᠨ ᠤ ᠤᠯᠤᠰ
ᠲᠥᠷᠦ ᠶ᠋ᠢᠨ ᠴᠠᠬᠢᠯᠭᠠᠨ ᠮᠡᠳᠡᠭᠡ ᠶ᠋ᠢ ᠨᠡᠶᠢᠲᠡᠯᠡᠭᠰᠡᠨ ᠦ ᠰᠡᠭᠦᠯᠡᠷ ᠪᠦᠬᠦ ᠤᠯᠤᠰ ᠵᠢᠴᠢ
ᠤᠮᠠᠷᠠᠲᠤ ᠣᠷᠣᠨ ᠤ ᠴᠢᠯᠥᠭᠡᠯᠡᠬᠦ ᠲᠠᠢᠢᠨ ᠤ ᠪᠠᠶᠢᠳᠠᠯ ᠳ᠋ᠦ ᠯᠤᠲᠤ ᠶᠡᠬᠡ ᠬᠤᠪᠢᠷᠠᠯᠲᠠ
ᠭᠠᠷᠴᠤ ᠂ ᠭᠤᠮᠢᠨᠳᠠᠩ ᠤᠨ ᠨᠠᠨᠵᠢᠩ ᠤᠨ ᠵᠠᠰᠠᠭ ᠤᠨ ᠣᠷᠳᠣᠨ ᠳ᠋ᠤ ᠬᠠᠮᠤᠭ ᠡᠴᠦᠰ ᠦᠨ《 ᠤᠯᠤᠰ ᠤᠨ
ᠳᠣᠲᠣᠭᠠᠳᠤᠬᠢ ᠨᠠᠶᠢᠷᠠᠮᠳᠠᠯ ᠤᠨ ᠬᠡᠯᠡᠯᠴᠡᠭᠡᠷ 》 ᠳᠡᠭᠡᠷ᠎ᠡ ᠭᠠᠷ ᠤᠨ ᠦᠰᠦᠭ ᠵᠢᠷᠤᠬᠤ ᠶ᠋ᠢ
ᠲᠡᠪᠴᠢᠪᠡ᠃ ᠳᠥᠷᠪᠡᠨ ᠰᠠᠷ᠎ᠠ ᠳ᠋ᠤ᠂ ᠮᠠᠤ ᠽᠸ ᠳ᠋ᠦᠩ ᠲᠡᠷᠢᠭᠦᠯᠡᠭᠴᠢ ᠂ ᠵᠤ ᠳ᠋ᠸ ᠶᠡᠷᠦᠩᠬᠡᠶ
ᠰᠧᠯᠢᠩ ᠤᠯᠤᠰ ᠳᠠᠶᠠᠭᠠᠷ ᠲᠤ ᠴᠡᠷᠢᠭ ᠲᠠᠪᠰᠢᠬᠤ ᠵᠠᠷᠯᠢᠭ ᠨᠡᠶᠢᠲᠡᠯᠡᠪᠡ ᠃ ᠬᠣᠷᠢᠨ ᠭᠤᠷᠪᠠᠨ ᠤ
ᠡᠳᠦᠷ ᠂ ᠠᠷᠠᠳ ᠤᠨ ᠴᠢᠯᠥᠭᠡᠯᠡᠬᠦ ᠴᠡᠷᠢᠭ ᠭᠤᠮᠢᠨᠳᠠᠩ ᠤᠨ ᠨᠣᠶᠠᠷᠬᠠᠯ ᠤᠨ ᠲᠥᠪ ᠨᠠᠨᠵᠢᠩ ᠢ
ᠡᠵᠡᠯᠡᠭᠰᠡᠨ ᠪᠠᠶᠢᠨ᠎ᠠ ᠃ ᠬᠣᠷᠢᠨ ᠲᠦᠷᠪᠡᠨ ᠳ᠋ᠦ ᠲᠠᠶᠢᠶᠤᠸᠠᠨ ᠢ ᠴᠢᠯᠦᠭᠡᠯᠡᠭᠰᠡᠨ ᠪᠠᠶᠢᠨ᠎ᠠ᠃
ᠲᠠᠪᠤᠨ ᠰᠠᠷ᠎ᠠ ᠶ᠋ᠢᠨ ᠨᠢᠭᠡᠨ ᠤ ᠡᠳᠦᠷ ᠂ ᠳ᠋ᠠᠲ᠋ᠦ᠋ᠩ ᠳ᠋ᠤ ᠳᠠᠶᠢᠰᠤᠨ ᠤ ᠴᠡᠷᠢᠭ ᠢ
ᠨᠠᠶᠢᠷᠠᠮᠳᠠᠯ ᠢᠶᠠᠷ ᠥᠭᠡᠷᠡᠴᠢᠯᠡᠨ ᠪᠠᠶᠢᠭᠤᠯᠵᠤ ᠂ ᠱᠠᠨ ᠰᠢ ᠮᠣᠵᠢ ᠶ᠋ᠢᠨ ᠪᠦᠬᠦ ᠨᠤᠲᠤᠭ
ᠳᠡᠪᠢᠰᠬᠡᠷ ᠴᠢᠯᠥᠭᠡᠯᠡᠭᠳᠡᠵᠡᠶ ᠃ ᠴᠢᠯᠥᠭᠡᠯᠡᠬᠦ ᠳᠠᠢᠢᠨ ᠤ ᠢᠯᠠᠯᠲᠠ ᠲᠠᠶ ᠪᠠᠷ ᠬᠥᠭᠵᠢᠬᠦ ᠳ᠋ᠤ
᠂ ᠰᠦᠢᠶᠤᠸᠠᠨ ᠤ ᠥᠷᠭᠡᠨ ᠣᠯᠠᠨ ᠴᠡᠷᠢᠭ ᠠᠷᠠᠳ ᠨᠠᠶᠢᠷᠠᠮᠳᠠᠯ ᠤᠨ ᠵᠠᠮ ᠢᠶᠠᠷ ᠵᠠᠮᠨᠠᠬᠤ ᠶ᠋ᠢ
ᠪᠠᠷᠢᠮᠲᠠᠯᠠᠵᠤ ᠂ ᠤᠯᠠᠮ ᠢᠲᠡᠭᠡᠯ ᠲᠡᠭᠦᠯᠳᠡᠷ ᠪᠣᠯᠤᠭᠰᠠᠨ ᠪᠠᠶᠢᠨ᠎ᠠ ᠃ ᠴᠠᠭ ᠤᠨ ᠪᠠᠶᠢᠳᠠᠯ ᠤᠨ
ᠲᠤᠬᠠᠶ ᠶᠠᠷᠢᠯᠴᠠᠬᠤ ᠬᠤᠷᠠᠯ ᠪᠠᠰᠠ ᠵᠢᠵᠢᠭ ᠲᠤᠮᠤ ᠬᠡᠯᠪᠡᠷᠢ ᠪᠡᠷ ᠶᠠᠪᠤᠭᠳᠠᠵᠤ ᠂ ᠨᠢᠭᠤᠴᠠ
ᠪᠠᠶᠢᠭᠰᠠᠨ ᠡᠴᠡ ᠪᠠᠨ ᠢᠯᠡ ᠪᠣᠯᠪᠠ ᠃ ᠶᠠᠷᠢᠯᠴᠠᠭᠠᠨ ᠳ᠋ᠦ ᠣᠷᠣᠯᠴᠠᠭᠰᠠᠨ ᠬᠥᠮᠦᠨ ᠤ ᠲᠣᠭ᠎ᠠ
ᠨᠢ ᠴᠥᠭᠡᠨ ᠡᠴᠡ ᠤᠯᠠᠨ ᠪᠣᠯᠵᠤ ᠂ ᠭᠤᠮᠢᠨᠳᠠᠩ ᠤᠨ ᠲᠡᠮᠡᠴᠡᠯ ᠢᠯᠠᠭᠳᠠᠬᠤ ᠨᠢ ᠡᠬᠡᠭᠦᠯᠵᠦ
ᠴᠢᠳᠠᠰᠢ ᠦᠬᠡᠢ ᠪᠥᠭᠡᠳ ᠣᠯᠠᠩᠬᠢ ᠨᠢ ᠰᠦᠢᠶᠤᠸᠠᠨ ᠢ ᠨᠠᠶᠢᠷᠠᠮᠳᠠᠯ ᠢᠶᠠᠷ ᠴᠢᠯᠥᠭᠡᠯᠡᠬᠦ ᠪᠣᠯ
ᠨᠢᠭᠡᠨᠲᠡ ᠶᠡᠬᠡ ᠬᠠᠨᠳᠤᠰᠢ ᠪᠣᠯᠪᠠ ᠭᠡᠵᠦ ᠦᠵᠡᠭᠰᠡᠨ ᠪᠠᠶᠢᠨ᠎ᠠ᠃
ᠡᠨᠡ ᠬᠦ
ᠬᠤᠭᠤᠴᠠᠭᠠᠨ ᠳ᠋ᠤ ᠂ ᠭᠤᠮᠢᠨᠳᠠᠩ ᠤᠨ ᠨᠠᠨᠵᠢᠩ ᠤᠨ ᠵᠠᠰᠠᠭ ᠤᠨ ᠣᠷᠳᠣᠨ ᠪᠣᠯᠤᠨ ᠰᠦᠢᠶᠤᠸᠠᠨ
ᠮᠣᠵᠢ ᠶ᠋ᠢᠨ ᠭᠤᠮᠢᠨᠳᠠᠩ ᠤᠨ ᠮᠤᠵᠢᠭᠤᠳᠠ ᠡᠲᠡᠭᠡᠳ ᠲᠠᠩᠨᠠᠭᠤᠯ ᠨᠠᠷ ᠰᠦᠢᠶᠤᠸᠠᠨ ᠤ
ᠨᠠᠶᠢᠷᠠᠮᠳᠠᠯ ᠢᠶᠠᠷ ᠴᠢᠯᠥᠭᠡᠯᠡᠭᠳᠡᠬᠦ ᠵᠠᠮ ᠢ ᠬᠠᠷᠰᠢᠯᠠᠨ ᠰᠠᠭᠠᠲᠠᠭᠤᠯᠬᠤ ᠶ᠋ᠢᠨ ᠲᠥᠯᠥᠭᠡ ᠂
ᠵᠦᠢᠯ ᠵᠦᠢᠯ ᠦᠨ ᠵᠢᠭᠰᠢᠭᠦᠷᠢᠲᠦ ᠠᠷᠭ᠎ᠠ ᠪᠠᠰᠢᠷ ᠠᠪᠤᠭᠰᠠᠨ ᠶᠤᠮ ᠃ ᠤᠷᠢᠳᠤᠪᠠᠷ ᠨᠠᠨᠵᠢᠩ ᠤᠨ
ᠵᠠᠰᠠᠭ ᠤᠨ ᠣᠷᠳᠣᠨ ᠵᠠᠷᠯᠢᠭᠳᠠᠵᠤ ᠪᠠᠶᠢᠭᠠᠳ ᠳ᠋ᠦᠩ ᠴᠢ ᠡᠦ ᠵᠠᠩᠵᠤᠨ ᠢ ᠠᠯᠪᠠᠳᠠᠨ
ᠴᠡᠷᠢᠭ ᠢᠶ᠋ᠡᠨ ᠳᠠᠭᠠᠭᠤᠯᠤᠨ ᠪᠠᠷᠠᠭᠤᠨᠰᠢ ᠤᠬᠤᠷᠢᠬᠤ ᠶ᠋ᠢ ᠱᠠᠭᠠᠷᠳᠠᠵᠤ ᠂ ᠭᠤᠮᠢᠨᠳᠠᠩ ᠤᠨ
ᠰᠦᠢᠶᠤᠸᠠᠨ ᠮᠣᠵᠢ ᠶ᠋ᠢᠨ ᠨᠠᠮ ᠤᠨ ᠬᠣᠷᠢᠶᠠᠨ ᠤ ᠲᠦᠷᠦᠭᠦᠦ ᠫᠠᠨ ᠰᠢᠦ ᠷᠧᠨ ᠂ ᠵᠠᠩ ᠰᠢᠶᠠ ᠮᠢᠨ
ᠵᠡᠷᠭᠡ ᠨᠢ ᠴᠦ ᠲᠠᠬᠢᠨ ᠳᠠᠪᠲᠠᠨ ᠳ᠋ᠦᠩ ᠴᠢ ᠦ᠋ ᠶ᠋ᠢᠨ ᠪᠠᠷᠠᠭᠤᠨᠰᠢ ᠤᠬᠤᠷᠢᠬᠤ ᠵᠠᠷᠯᠢᠭ ᠢ
ᠭᠥᠢᠴᠡᠳᠬᠡᠬᠦ ᠶ᠋ᠢ ᠢᠳᠬᠠᠭᠰᠠᠨ ᠳ᠋ᠤ᠂ ᠭᠡᠪᠡᠴᠦ ᠳ᠋ᠦᠩ ᠵᠠᠩᠵᠤᠨ ᠵᠢᠴᠢ ᠳᠡᠷᠭᠡᠳᠡᠬᠢ ᠳᠡᠭᠡᠳᠦ
ᠵᠡᠷᠭᠡ ᠶ᠋ᠢᠨ ᠳᠠᠪᠬᠤᠷᠭᠠᠲᠠᠨ ᠨᠠᠷ ᠰᠦᠢᠶᠤᠸᠠᠨ ᠢ ᠲᠦᠷ ᠴᠠᠭ ᠬᠠᠷᠠᠬᠠᠨ ᠠᠮᠤᠷ ᠲᠣᠭᠲᠠᠭᠤᠨ
ᠪᠣᠯᠭᠠᠬᠤ ᠪᠠᠷ ᠰᠢᠯᠲᠠᠭ ᠪᠣᠯᠭᠠᠵᠤ ᠂ ᠪᠠᠷᠠᠭᠤᠨᠰᠢ ᠤᠬᠤᠷᠢᠬᠤ ᠰᠠᠨᠠᠭᠤᠯᠭ᠎ᠠ ᠶ᠋ᠢ ᠲᠡᠪᠴᠢᠭᠰᠡᠨ
ᠪᠠᠶᠢᠨ᠎ᠠ ᠃ ᠡᠭᠦᠨ ᠤ ᠳᠠᠷᠠᠭ᠎ᠠ ᠂ ᠤᠮᠠᠷᠠᠲᠤ ᠣᠷᠣᠨ ᠤ ᠴᠡᠷᠢᠭ ᠦᠨ ᠶᠠᠪᠤᠳᠠᠯ ᠤᠨ
ᠬᠣᠷᠢᠶᠠᠨ ᠤ ᠪᠠᠶᠢᠴᠠᠭᠠᠨ ᠪᠦᠷᠢᠳᠬᠡᠬᠦ ᠪᠠ ᠲᠠᠩᠨᠠᠭᠤᠯ ᠤᠨ ᠲᠦᠷᠦᠭᠦᠦ ᠵᠠᠩ ᠴᠢᠩ ᠡᠸᠨ ᠂ ᠱᠢ
ᠾᠦᠩ ᠤᠷᠢᠳ ᠬᠣᠵᠢᠳ ᠰᠥᠢᠶᠤᠸᠠᠨ ᠳ᠋ᠤ ᠬᠦᠷᠴᠦ᠂ ᠨᠢᠭᠡ ᠲᠠᠯ᠎ᠠ ᠪᠠᠷ ᠳ᠋ᠦᠩ ᠴᠢ ᠡᠦ ᠂ ᠯᠢᠦ ᠸᠠᠨ
ᠴᠦᠨ ᠂ ᠰᠦᠨ ᠯᠠᠨ ᠹᠸᠩ ᠵᠡᠷᠭᠡ ᠵᠠᠩᠵᠤᠨ ᠨᠠᠷ ᠢᠡᠪ ᠬᠠᠮᠲᠤ ᠨᠠᠮ ᠲᠠᠢ ᠡᠴᠦᠰ ᠲᠦᠨᠢ ᠲᠤᠯᠲᠠᠯ᠎ᠠ
ᠪᠠᠶᠢᠯᠳᠤᠬᠤ ᠶ᠋ᠢ ᠰᠠᠨᠠᠭᠠᠴᠢᠯᠠᠵᠤ ᠂ ᠨᠥᠭᠦᠭᠡ ᠲᠠᠯ᠎ᠠ ᠪᠠᠷ ᠲᠠᠩᠨᠠᠭᠤᠯ ᠪᠠᠶᠢᠷᠢᠯᠠᠭᠤᠯᠵᠤ
ᠨᠠᠶᠢᠷᠠᠮᠳᠠᠯ ᠢᠶᠠᠷ ᠴᠢᠯᠦᠭᠡᠯᠡᠬᠦ ᠶ᠋ᠢ ᠡᠪᠳᠡᠬᠦ ᠪᠡᠷ ᠭᠣᠷᠢᠳᠠᠭᠰᠠᠨ ᠪᠠᠶᠢᠨ᠎ᠠ ᠃ ᠡᠨᠡ
ᠦᠢ᠎ᠡ ᠳ᠋ᠤ ᠴᠥᠭᠡᠨ ᠲᠣᠭᠠᠨ ᠤ ᠮᠤᠵᠢᠭᠤᠳᠠ ᠡᠲᠡᠭᠡᠳ ᠴᠦ ᠪᠠᠯᠠᠮᠠᠳ ᠪᠦᠳᠦᠭᠦᠯᠢᠭ ᠢᠶ᠋ᠡᠷ《
ᠳᠠᠶᠢᠰᠤᠩᠨᠠᠪᠠᠯ ᠢᠯᠠᠵᠤ᠂ ᠨᠠᠶᠢᠷᠠᠮᠳᠠᠪᠠᠯ ᠢᠯᠠᠭᠳᠠᠨ᠎ᠠ ᠂ ᠡᠷᠬᠡ ᠴᠢᠯᠦᠭᠡ ᠶ᠋ᠢᠨ ᠲᠥᠯᠦᠭᠡ
ᠡᠷᠡᠰ ᠢᠶ᠋ᠡᠷ ᠡᠴᠦᠰ ᠲᠦᠨᠢ ᠲᠤᠯᠲᠠᠯ᠎ᠠ ᠲᠤᠯᠤᠯᠳᠤᠬᠤ ᠬᠡᠷᠡᠭᠲᠡᠢ 》 ᠬᠡᠮᠡᠨ ᠤᠷᠢᠶᠠᠯᠠᠵᠤ᠂ ᠬᠦᠴᠦ
ᠮᠡᠳᠡᠨ ᠰᠦᠢᠶᠤᠸᠠᠨ ᠤ ᠨᠠᠶᠢᠷᠠᠮᠳᠠᠯ ᠤᠨ ᠵᠠᠮ ᠢᠶᠠᠷ ᠤᠷᠤᠭᠰᠢᠯᠠᠬᠤ ᠶ᠋ᠢ ᠬᠠᠷᠰᠢᠯᠠᠵᠤ
ᠪᠠᠶᠢᠪᠠ᠃
ᠭᠡᠪᠡᠴᠦ ᠭᠤᠮᠢᠨᠳᠠᠩ ᠤᠨ ᠲᠡᠷᠰᠯᠡᠭᠦᠦ ᠵᠠᠰᠠᠭ ᠤᠨ ᠣᠷᠳᠣᠨ ᠬᠢᠭᠡᠳ
ᠰᠦᠢᠶᠤᠸᠠᠨ ᠤ ᠮᠤᠵᠢᠭᠤᠳᠠ ᠡᠲᠡᠭᠡᠳ ᠦᠨ ᠲᠠᠩᠨᠠᠭᠤᠯ ᠶᠠᠮᠠᠷ ᠠᠷᠭ᠎ᠠ ᠪᠠᠷᠢᠯ ᠢ ᠠᠪᠴᠤ ᠡᠪᠳᠡᠵᠦ ᠂
ᠰᠥᠢᠶᠤᠸᠠᠨ ᠢ ᠨᠠᠶᠢᠷᠠᠮᠳᠠᠯ ᠢᠶᠠᠷ ᠴᠢᠯᠥᠭᠡᠯᠡᠬᠦ ᠶ᠋ᠢ ᠬᠠᠷᠰᠢᠯᠠᠭᠰᠠᠨ ᠪᠣᠯᠪᠠᠴᠤ
ᠲᠡᠦᠬᠡ ᠶ᠋ᠢᠨ ᠬᠦᠷᠳᠦᠨ ᠦ ᠤᠷᠤᠭᠰᠢᠯᠠᠯᠲᠠ ᠶ᠋ᠢ ᠬᠣᠷᠢᠭᠯᠠᠵᠤ ᠳᠡᠶᠢᠯᠬᠦ ᠦᠭᠡᠢ ᠂ ᠰᠦᠢᠶᠤᠸᠠᠨ ᠤ
ᠥᠷᠭᠡᠨ ᠤᠯᠠᠨ ᠴᠡᠷᠢᠭ ᠠᠷᠠᠳ ᠤᠨ ᠨᠠᠶᠢᠷᠠᠮᠳᠠᠯ ᠢᠶᠠᠷ ᠴᠢᠯᠦᠭᠡᠯᠡᠬᠦ ᠬᠠᠨᠳᠤᠰᠢ ᠪᠣᠯ
ᠬᠤᠪᠢᠷᠠᠰᠢ ᠦᠭᠡᠢ ᠶᠤᠮ ᠃
ᠰᠦᠢᠶᠤᠸᠠᠨ ᠤ ᠲᠤᠬᠠᠶ ᠠᠰᠠᠭᠤᠳᠠᠯ ᠂ ᠠᠯᠢ ᠡᠷᠲᠡ
ᠪᠸᠢᠢᠫᠢᠩ ᠦᠨ ᠨᠠᠶᠢᠷᠠᠮᠳᠠᠯ ᠤᠨ ᠬᠡᠯᠡᠯᠴᠡᠭᠡ ᠬᠢᠬᠦ ᠬᠤᠭᠤᠴᠠᠭᠠᠨ ᠳ᠋ᠤ ᠂ ᠨᠠᠮ ᠤᠨ ᠲᠥᠪ
ᠬᠣᠷᠢᠶ᠎ᠠ ᠪᠸᠢᠢᠫᠢᠩ ᠦᠨ ᠠᠰᠠᠭᠤᠳᠠᠯ ᠢ ᠵᠡᠷᠭᠡ ᠪᠡᠷ ᠰᠢᠶᠳᠪᠦᠷᠢᠯᠡᠬᠦ ᠪᠡᠷ ᠳᠤᠷᠠᠳᠤᠨ ᠭᠠᠷᠭᠠᠵᠤ
᠂ ᠪᠦᠬᠦ ᠤᠮᠠᠷᠠᠲᠤ ᠣᠷᠣᠨ ᠤ ᠴᠢᠯᠥᠭᠡᠯᠡᠬᠦ ᠴᠠᠭ ᠢ ᠪᠣᠭᠤᠨᠢᠰᠬᠠᠵᠤ᠂ ᠰᠦᠢᠶᠤᠸᠠᠨ ᠮᠣᠵᠢ ᠶ᠋ᠢᠨ
ᠠᠷᠠᠳ ᠲᠦᠮᠡᠨ ᠤ ᠵᠣᠪᠠᠭᠤᠷᠢ ᠵᠦᠳᠡᠭᠦᠷᠢ ᠶ᠋ᠢ ᠪᠠᠭᠠᠰᠬᠠᠬᠤ ᠪᠡᠷ ᠵᠣᠷᠢᠵᠤ ᠪᠠᠶᠢᠪᠠ᠃ ᠭᠡᠪᠡᠴᠦ
ᠹᠦ᠋ ᠽᠦ᠋ᠸᠸ ᠢ ᠵᠠᠩᠵᠤᠨ ᠤ ᠲᠤᠬᠠᠢ ᠶ᠋ᠢᠨ ᠦᠢ᠎ᠡ ᠳ᠋ᠦ ᠪᠸᠢᠢᠫᠢᠩ ᠂ ᠾᠸᠪᠸᠢ ᠂ ᠴᠠᠬᠠᠷ ᠂
ᠰᠦᠢᠶᠤᠸᠠᠨ ᠪᠦᠬᠦᠯᠢ ᠴᠣᠭᠴᠠ ᠪᠠ ᠳᠤᠮᠳᠠᠳᠤ ᠤᠯᠤᠰ ᠤᠨ ᠡᠪ ᠬᠠᠮᠲᠤ ᠨᠠᠮ ᠢ ᠨᠢᠭᠡᠳᠬᠡᠬᠦ ᠭᠡᠰᠡᠨ
ᠵᠣᠷᠢᠯᠲᠠ ᠶ᠋ᠢ ᠨᠠᠮ ᠤᠨ ᠲᠥᠪ ᠬᠣᠷᠢᠶ᠎ᠠ ᠵᠥᠪᠰᠢᠶᠡᠷᠡᠭᠰᠡᠨ ᠦᠭᠡᠢ ᠂ ᠰᠦᠢᠶᠤᠸᠠᠨ ᠤ
ᠠᠰᠠᠭᠤᠳᠠᠯ ᠢ ᠲᠦᠷ ᠲᠠᠯᠪᠢᠭᠰᠠᠨ ᠪᠠᠶᠢᠨ᠎ᠠ ᠃ ᠪᠸᠢᠢᠫᠢᠩ ᠢ ᠨᠠᠶᠢᠷᠠᠮᠳᠠᠯ ᠢᠶᠠᠷ
ᠴᠢᠯᠦᠭᠡᠯᠡᠭᠰᠡᠨ ᠤ ᠰᠡᠭᠦᠯᠡᠷ ᠂ ᠹᠦ᠋ ᠽᠦᠸᠸ ᠢ ᠵᠠᠩᠵᠤᠨ ᠨᠠᠮ ᠤᠨ ᠲᠥᠪ ᠬᠣᠷᠢᠶ᠎ᠠ ᠪᠸᠢᠢᠫᠢᠩ ᠦᠨ
ᠠᠰᠠᠭᠤᠳᠠᠯ ᠳᠡᠭᠡᠷ᠎ᠡ ᠳᠤᠷᠠᠳᠤᠭᠰᠠᠨ ᠨᠠᠶᠮᠠᠨ ᠵᠦᠢᠯ ᠦᠨ ᠬᠣᠷᠢᠨ ᠲᠦ᠋ᠷᠪᠡᠨ
ᠵᠤᠷᠪᠤᠰ ᠨᠠᠶᠢᠷᠠᠮᠳᠠᠯ ᠤᠨ ᠭᠡᠷ᠎ᠡ ᠂ ᠬᠣᠷᠢᠨ ᠳ᠋ᠢᠸᠢᠽᠢ ᠴᠡᠷᠢᠭ ᠪᠠ ᠨᠢᠭᠡ ᠪᠦᠷᠢᠨ ᠪᠦᠲᠦᠨ
ᠪᠡᠭᠡᠵᠢᠩ ᠬᠣᠲᠠ ᠶ᠋ᠢ ᠲᠤᠰᠢᠶᠠᠵᠤ᠂ ᠡᠨᠡ ᠨᠢ ᠠᠷᠠᠳ ᠲᠦᠮᠡᠨ ᠪᠣᠯᠤᠨ ᠤᠯᠤᠰ ᠲᠤ ᠬᠤᠪᠢ ᠨᠡᠮᠡᠷᠢ
ᠦᠵᠡᠭᠦᠯᠦᠭᠰᠡᠨ ᠶᠤᠮ᠃ ᠲᠡᠷᠢᠭᠦᠯᠡᠭᠴᠢ ᠮᠠᠤ ᠽᠸ ᠳ᠋ᠦᠩ ᠦᠨ ᠵᠢᠭᠠᠵᠤ ᠭᠠᠷᠭᠠᠭᠰᠠᠨ ᠨᠢ ᠄
ᠰᠦᠢᠶᠤᠸᠠᠨ ᠤ ᠠᠰᠠᠭᠤᠳᠠᠯ ᠳ᠋ᠦ ᠪᠢᠳᠡ ᠨᠢᠭᠡ ᠵᠦᠢᠯ ᠦᠨ ᠨᠡᠩ ᠨᠠᠮᠳᠠᠭᠤᠨ ᠠᠷᠭ᠎ᠠ ᠶ᠋ᠢ ᠠᠪᠬᠤ
ᠪᠣᠯᠤᠨ᠎ᠠ᠃
1949 ᠣᠨ ᠤ 2 ᠰᠠᠷ᠎ᠠ ᠶ᠋ᠢᠨ 22 ᠤ ᠡᠳᠦᠷ ᠂ ᠹᠦ᠋ ᠽᠦᠸᠸ ᠢ ᠂ ᠳ᠋ᠧᠩ
ᠪᠦᠦ ᠱᠠᠨ ᠬᠣᠶᠠᠷ ᠵᠠᠩᠵᠤᠨ ᠮᠠᠤ ᠽᠸ ᠳ᠋ᠦᠩ ᠲᠡᠷᠢᠭᠦᠯᠡᠭᠴᠢ ᠪᠣᠯᠤᠨ ᠲᠥᠪ ᠦᠨ ᠪᠤᠰᠤᠳ ᠤᠳᠤᠷᠢᠳᠬᠤ
ᠨᠥᠬᠦᠳ ᠦᠨ ᠤᠷᠢᠯᠭ᠎ᠠ ᠪᠠᠷ ᠂ ᠾᠸᠪᠸᠢ ᠮᠣᠵᠢ ᠶ᠋ᠢᠨ ᠫᠢᠩ ᠱᠠᠨ ᠰᠢᠶᠠᠨ ᠤ ᠰᠢ ᠪᠠᠶ ᠫᠥᠸᠸ ᠦᠨ
ᠨᠠᠮ ᠤᠨ ᠲᠥᠪ ᠬᠣᠷᠢᠶᠠᠨ ᠤ ᠰᠠᠭᠤᠭ᠎ᠠ ᠭᠠᠵᠠᠷ ᠲᠤ ᠬᠦᠷᠴᠦ ᠂ ᠲᠡᠷᠢᠭᠦᠯᠡᠭᠴᠢ ᠮᠠᠤ ᠽᠸ ᠳ᠋ᠦᠩ ᠂
ᠶᠡᠷᠦᠩᠬᠡᠶ ᠰᠧᠯᠢᠩ ᠵᠤ ᠳ᠋ᠸ ᠂ ᠨᠠᠮ ᠤᠨ ᠬᠣᠷᠢᠶᠠᠨ ᠤ ᠳᠡᠳ᠋ ᠲᠡᠷᠢᠭᠦᠯᠡᠭᠴᠢ ᠵᠧᠦ ᠡᠸᠨᠯᠠᠶ
ᠵᠡᠷᠭᠡ ᠲᠥᠪ ᠦᠨ ᠤᠳᠤᠷᠢᠳᠬᠤ ᠨᠥᠬᠥᠳ ᠳᠣ ᠲᠣᠨᠣ ᠬᠦᠯᠢᠶᠡᠨ ᠠᠪᠴᠤ ᠠᠭᠤᠯᠵᠠᠭᠰᠠᠨ ᠪᠥᠭᠡᠳ
ᠰᠦᠢᠶᠤᠸᠠᠨ ᠤ ᠠᠰᠠᠭᠤᠳᠠᠯ ᠢ ᠲᠤᠰᠬᠠᠶᠢᠯᠠᠨ ᠶᠠᠷᠢᠬᠤ ᠂ ᠲᠡᠷᠢᠭᠦᠯᠡᠭᠴᠢ ᠮᠠᠤ ᠽᠸ ᠳ᠋ᠦᠩ ᠨᠠᠮ ᠤᠨ
ᠲᠥᠪ ᠬᠣᠷᠢᠶᠠᠨ ᠤ ᠲᠣᠭᠲᠠᠭᠠᠯ ᠂ 《 ᠰᠦᠢᠶᠤᠸᠠᠨ ᠤ ᠠᠷᠭ᠎ᠠ》 ᠪᠠᠷ ᠰᠦᠢᠶᠤᠸᠠᠨ ᠤ
ᠠᠰᠠᠭᠤᠳᠠᠯ ᠢ ᠰᠢᠶᠳᠪᠦᠷᠢᠯᠡᠬᠦ ᠰᠠᠨᠠᠭ᠎ᠠ ᠪᠡᠨ ᠹᠦ᠋ ᠽᠦ᠋ᠸᠸ ᠢ ᠵᠠᠩᠵᠤᠨ ᠳ᠋ᠦ ᠬᠡᠯᠡᠵᠦ
ᠥᠭᠭᠦᠭᠰᠡᠨ ᠪᠠᠶᠢᠨ᠎ᠠ ᠃ ᠹᠦ᠋ ᠽᠦᠸᠸ ᠢ ᠵᠠᠩᠵᠤᠨ ᠲᠡᠷᠢᠭᠦᠯᠡᠭᠴᠢ ᠮᠠᠤ ᠽᠸ ᠳ᠋ᠦᠩ ᠦᠨ ᠠᠭᠤᠵᠢᠭᠤ
ᠳᠣᠲᠣᠷ᠎ᠠ ᠲᠠᠶ ᠪᠠᠶᠢᠬᠤ ᠶ᠋ᠢ ᠶᠡᠬᠡ ᠪᠢᠰᠢᠷᠡᠵᠦ ᠂ ᠡᠪ ᠬᠠᠮᠲᠤ ᠨᠠᠮ ᠤᠨ ᠲᠥᠷᠦ ᠶ᠋ᠢᠨ
ᠪᠣᠳᠤᠯᠭ᠎ᠠ ᠶ᠋ᠢ ᠤᠯᠠᠮ ᠨᠢᠭᠡ ᠠᠯᠬᠤᠮ ᠲᠠᠨᠢᠵᠤ ᠂ ᠡᠭᠦᠨ ᠤ ᠬᠠᠮᠲᠤ ᠪᠠᠰᠠ ᠥᠪᠡᠷ ᠦᠨ ᠠᠯᠤᠰ
ᠢᠷᠡᠭᠡᠳᠦᠶ ᠪᠠ ᠬᠦᠰᠡᠯ ᠡᠷᠡᠮᠡᠯᠵᠡᠯ ᠢᠶ᠋ᠡᠨ ᠣᠯᠵᠤ ᠬᠠᠷᠠᠭᠰᠠᠨ ᠪᠠᠶᠢᠨ᠎ᠠ ᠃
ᠳᠤᠮᠳᠠᠳᠤ ᠤᠯᠤᠰ ᠤᠨ ᠡᠪ ᠬᠠᠮᠲᠤ ᠨᠠᠮ ᠤᠨ ᠳᠣᠯᠣᠳᠤᠭᠠᠷ ᠬᠤᠭᠤᠴᠠᠭᠠᠨ ᠤ ᠲᠥᠪ ᠬᠣᠷᠢᠶᠠᠨ ᠤ
ᠬᠣᠶᠠᠳᠤᠭᠠᠷ ᠪᠥᠬᠥᠳᠡ ᠬᠤᠷᠠᠯ ᠢ ᠢᠯᠠᠯᠲᠠ ᠲᠠᠶ ᠪᠠᠷ ᠬᠤᠷᠠᠯᠳᠤᠭᠤᠯᠵᠤ ᠂ ᠬᠤᠷᠠᠯ ᠳᠡᠭᠡᠷ᠎ᠡ
ᠮᠠᠤ ᠽᠸ ᠳ᠋ᠦᠩ ᠲᠡᠷᠢᠭᠦᠯᠡᠭᠴᠢ ᠢᠯᠡᠳᠬᠡᠯ ᠳᠡᠭᠡᠨ ᠄ 《 ᠰᠦᠢᠶᠤᠸᠠᠨ ᠤ ᠬᠡᠯᠪᠡᠷᠢ ᠪᠣᠯ
ᠰᠠᠨᠠᠭ᠎ᠠ ᠲᠠᠶ ᠪᠠᠷ ᠭᠤᠮᠢᠨᠳᠠᠩ ᠤᠨ ᠨᠢᠭᠡ ᠪᠦᠯᠦᠭ ᠴᠡᠷᠢᠭ ᠢ ᠦᠯᠡᠳᠡᠭᠡᠵᠦ ᠂ ᠲᠡᠭᠦᠨ ᠢ
ᠬᠥᠳᠡᠯᠭᠡᠯ ᠦᠭᠡᠢ ᠪᠤᠶᠤ ᠶᠡᠬᠡ ᠲᠥᠯᠥᠪ ᠳᠡᠭᠡᠷ᠎ᠡ ᠬᠥᠳᠡᠯᠭᠡᠬᠦ ᠦᠭᠡᠢ ᠂ ᠥᠭᠡᠷ᠎ᠡ ᠪᠡᠷ
ᠬᠡᠯᠡᠪᠡᠯ ᠂ ᠡᠨᠡ ᠪᠦᠯᠦᠭ ᠴᠡᠷᠢᠭ ᠲᠦ ᠲᠦᠷ ᠠᠯᠬᠤᠮ ᠲᠠᠯᠪᠢᠵᠤ ᠂ ᠰᠠᠬᠢᠭᠤᠯᠬᠤ ᠳ᠋ᠦ ᠠᠰᠢᠭ ᠲᠠᠶ
ᠪᠣᠯᠭᠠᠨ᠎ᠠ ᠂ ᠡᠨᠡ ᠪᠦᠯᠦᠭ ᠴᠡᠷᠢᠭ ᠢ ᠤᠯᠤᠰ ᠲᠥᠷᠦ ᠶ᠋ᠢᠨ ᠲᠠᠯ᠎ᠠ ᠪᠠᠷ ᠮᠠᠨ ᠤ
ᠲᠠᠯ᠎ᠠ ᠳ᠋ᠤ ᠵᠣᠭᠰᠣᠭᠠᠬᠤ ᠪᠤᠶᠤ ᠬᠡᠪ ᠢᠶ᠋ᠡᠨ ᠰᠠᠬᠢᠬᠤ ᠪᠣᠯᠭᠠᠵᠤ ᠂ ᠢᠩᠭᠢᠪᠡᠯ ᠪᠢᠳᠡ
ᠬᠦᠴᠦ ᠪᠡᠨ ᠲᠥᠪᠯᠡᠷᠡᠭᠦᠯᠦᠨ ᠡᠩ ᠲᠡᠷᠢᠭᠦᠨᠳ᠋ᠦ ᠭᠤᠮᠢᠨᠳᠠᠩ ᠤᠨ ᠦᠯᠡᠳᠡᠭᠳᠡᠯ ᠬᠦᠴᠦᠨ ᠢ
ᠰᠢᠶᠳᠪᠦᠷᠢᠯᠡᠵᠦ ᠂ ᠨᠢᠭᠡᠨ ᠨᠡᠯᠢᠶᠡᠳ ᠤᠷᠲᠤ ᠬᠤᠭᠤᠴᠠᠭ᠎ᠠ ᠥᠩᠭᠡᠷᠡᠭᠰᠡᠨ ᠤ ᠳᠠᠷᠠᠭ᠎ᠠ (
ᠵᠢᠱᠢᠶᠡᠯᠡᠪᠡᠯ ᠬᠡᠳᠦᠨ ᠰᠠᠷ᠎ᠠ ᠂ ᠬᠠᠭᠠᠰ ᠵᠢᠯ ᠪᠤᠶᠤ ᠨᠢᠭᠡ ᠵᠢᠯ ᠦᠨ ᠲᠠᠷᠠᠭ᠎ᠠ ) ᠰᠠᠶ᠋ᠢ
ᠠᠷᠠᠳ ᠤᠨ ᠴᠢᠯᠥᠭᠡᠯᠡᠬᠦ ᠴᠡᠷᠢᠭ ᠦᠨ ᠳᠥᠷᠢᠮ ᠢᠶ᠋ᠡᠷ ᠡᠨᠡ ᠪᠦᠯᠦᠭ ᠴᠡᠷᠢᠭ ᠢ ᠠᠷᠠᠳ ᠤᠨ
ᠴᠢᠯᠥᠭᠡᠯᠡᠬᠦ ᠴᠡᠷᠢᠭ ᠪᠣᠯᠭᠠᠨ ᠥᠭᠡᠷᠡᠴᠢᠯᠡᠨ ᠪᠠᠶᠢᠭᠤᠯᠤᠨ᠎ᠠ》 ᠭᠡᠵᠡᠢ ᠃
《ᠰᠦᠢᠶᠤᠸᠠᠨ ᠤ ᠠᠷᠭ᠎ᠠ》 ᠶ᠋ᠢ ᠳᠤᠷᠠᠳᠴᠤ ᠭᠠᠷᠭᠠᠭᠰᠠᠨ ᠨᠢ ᠰᠦᠢᠶᠤᠸᠠᠨ ᠤ ᠠᠰᠠᠭᠤᠳᠠᠯ ᠢ
ᠰᠢᠶᠳᠪᠦᠷᠢᠯᠡᠬᠦ ᠲᠤᠬᠠᠶ ᠴᠢᠬᠤᠯᠠ ᠶᠡᠬᠡ ᠪᠠᠶᠢᠯᠳᠤᠬᠤ ᠪᠤᠳ᠋ᠤᠯᠭ᠎ᠠ ᠪᠠ ᠠᠷᠭ᠎ᠠ ᠪᠤᠳ᠋ᠤᠯᠭ᠎ᠠ
ᠪᠣᠯᠤᠨ᠎ᠠ ᠃ 《 ᠰᠦᠢᠶᠤᠸᠠᠨ ᠤ ᠠᠷᠭ᠎ᠠ 》 ᠨᠢ ᠠᠷᠠᠳᠴᠢᠯᠠᠭᠰᠠᠨ ᠬᠥᠮᠦᠰ ᠲᠦ ᠮᠠᠨ ᠤ ᠨᠠᠮ ᠤᠨ
ᠴᠤᠬ ᠰᠦᠯᠳᠡ ᠶ᠋ᠢ ᠬᠠᠷᠠᠭᠤᠯᠵᠤ ᠂ ᠭᠤᠮᠢᠨᠳᠠᠩ ᠤᠨ ᠳᠣᠲᠣᠷᠠᠬᠢ ᠡᠨᠭᠭᠡ ᠲᠠᠶᠢᠪᠤᠩ ᠢ ᠵᠣᠷᠢᠵᠤ
ᠪᠠᠶᠢᠭ᠎ᠠ ᠴᠡᠷᠢᠭ ᠵᠠᠰᠠᠭ ᠤᠨ ᠬᠥᠮᠦᠰ ᠢ ᠲᠡᠳᠡᠨ ᠠᠪᠴᠤ ᠪᠣᠯᠬᠤ ᠪᠠ ᠳᠠᠬᠢᠪᠠᠯ ᠮᠠᠨ ᠤ ᠨᠠᠮ ᠂
ᠮᠠᠨ ᠤ ᠤᠯᠤᠰ ᠲᠥᠷᠦ ᠶ᠋ᠢᠨ ᠲᠠᠯ᠎ᠠ ᠪᠠᠷ ᠰᠠᠨᠠᠭᠠᠴᠢᠯᠠᠭᠠᠲᠤ ᠪᠠᠶᠢᠷᠢᠨ ᠳ᠋ᠦ ᠪᠠᠶᠢᠵᠤ
ᠴᠢᠳᠠᠨ᠎ᠠ ᠃ ᠭᠤᠮᠢᠨᠳᠠᠩ ᠤᠨ ᠳᠣᠲᠣᠭᠠᠳᠤ ᠳ᠋ᠦ ᠵᠠᠳᠠᠷᠠᠯ ᠭᠠᠷᠤᠭᠠᠳ ᠂ ᠴᠡᠷᠢᠭ ᠦᠨ
ᠰᠡᠳᠬᠢᠯ ᠢ ᠨᠢ ᠭᠤᠶᠢᠪᠢᠭᠤᠯᠬᠤ ᠬᠡᠷᠡᠭᠲᠡᠶ ᠂ ᠡᠰᠡᠷᠭᠦᠴᠡᠬᠦ ᠬᠦᠴᠦᠨ ᠤ ᠬᠦᠴᠦ ᠶ᠋ᠢ ᠨᠢ
ᠪᠠᠭᠤᠷᠠᠭᠤᠯᠵᠤ ᠂ ᠰᠦᠢᠶᠤᠸᠠᠨ ᠮᠤᠵᠢ ᠶ᠋ᠢᠨ ᠠᠷᠠᠳ ᠲᠦᠮᠡᠨ ᠤ ᠳᠠᠢᠢᠨ ᠳ᠋ᠤ ᠡᠪᠳᠡᠭᠳᠡᠬᠦ ᠡᠴᠡ
ᠵᠠᠶᠢᠯᠠᠰᠬᠢᠵᠦ ᠪᠣᠯᠤᠨ᠎ᠠ ᠃ ᠠᠷᠠᠳ ᠤᠨ ᠴᠢᠯᠥᠭᠡᠯᠡᠬᠦ ᠴᠡᠷᠢᠭ ᠦᠨ ᠳᠠᠷᠤᠭ᠎ᠠ ᠪᠠᠶᠢᠯᠳᠤᠭᠴᠢᠳ
ᠴᠢᠰᠤ ᠤᠷᠤᠰᠬᠠᠨ ᠠᠮᠢ ᠪᠠᠨ ᠦᠷᠡᠭᠳᠡᠭᠦᠯᠵᠦ ᠪᠣᠯᠤᠨ᠎ᠠ ᠃ ᠰᠦᠢᠶᠤᠸᠠᠨ ᠤ ᠠᠷᠭ᠎ᠠ ᠶ᠋ᠢᠨ
ᠤᠷᠤᠭᠰᠢᠲᠠᠶ ᠲᠤᠤᠱᠯᠠᠭᠤᠯᠤᠨ ᠬᠡᠷᠡᠭᠵᠢᠭᠦᠯᠬᠦ ᠶ᠋ᠢᠨ ᠲᠥᠯᠦᠭᠡ ᠂ ᠯᠢ ᠵᠢᠩ ᠴᠢᠤᠸᠠᠨ
ᠨᠥᠬᠥᠷᠨᠠᠮ ᠤᠨ ᠳᠣᠯᠣᠳᠤᠭᠠᠷ ᠬᠤᠭᠤᠴᠠᠭᠠᠨ ᠤ ᠲᠥᠪ ᠬᠣᠷᠢᠶᠠᠨ ᠤ ᠬᠣᠶᠠᠳᠤᠭᠠᠷ ᠪᠥᠬᠥᠳᠡ
ᠬᠤᠷᠠᠯ ᠳ᠋ᠦ ᠣᠷᠤᠯᠴᠠᠭᠰᠠᠨ ᠤ ᠳᠠᠷᠠᠭ᠎ᠠ᠂ ᠰᠦᠢᠶᠤᠸᠠᠨ ᠤ ᠵᠡᠭᠦᠨ ᠬᠡᠰᠡᠭ ᠦᠨ ᠵᠦᠸ᠋ᠸ᠋ᠽᠢ ᠱᠠᠨ
ᠠᠭᠤᠯᠠ ᠳ᠋ᠤ ᠰᠦᠢᠶᠤᠸᠠᠨ ᠥᠪᠥᠷ ᠮᠣᠩᠭᠤᠯ ᠤᠨ ᠬᠣᠯᠪᠣᠭᠳᠠᠯ ᠪᠦᠬᠦᠢ ᠴᠡᠷᠢᠭ ᠦᠨ ᠶᠠᠪᠤᠳᠠᠯ ᠤᠯᠤᠰ
ᠲᠥᠷᠦ ᠶ᠋ᠢᠨ ᠺᠠᠲᠷ ᠤᠨ ᠥᠷᠭᠡᠳᠬᠡᠭᠰᠡᠨ ᠬᠤᠷᠠᠯᠳᠤᠭᠠᠨ ᠬᠤᠷᠠᠯᠳᠤᠭᠤᠯᠤᠭᠰᠠᠨ ᠪᠠᠶᠢᠨ᠎ᠠ ᠃ ᠬᠤᠷᠠᠯ
ᠳᠡᠭᠡᠷ᠎ᠡ ᠳᠣᠯᠣᠳᠤᠭᠠᠷ ᠬᠤᠭᠤᠴᠠᠭᠠᠨ ᠤ ᠲᠥᠪ ᠬᠣᠷᠢᠶᠠᠨ ᠤ ᠬᠣᠶᠠᠳᠤᠭᠠᠷ ᠪᠥᠬᠥᠳᠡ ᠬᠤᠷᠠᠯ ᠤᠨ
ᠲᠡᠦᠬᠡᠲᠦ ᠠᠴᠢ ᠬᠣᠯᠪᠣᠭᠳᠠᠯ ᠢ ᠨᠠᠷᠢᠨ ᠨᠢᠭᠲᠠ ᠲᠣᠳᠣᠷᠬᠠᠶᠢᠯᠠᠨ ᠥᠭᠦᠯᠡᠵᠦ ᠂ ᠬᠡᠷᠬᠢᠨ
ᠲᠤᠤᠱᠯᠠᠭᠤᠯᠤᠨ ᠬᠡᠷᠡᠭᠵᠢᠭᠦᠯᠵᠦ ᠂ ᠨᠠᠮ ᠤᠨ ᠲᠥᠪ ᠬᠣᠷᠢᠶ᠎ᠠ ᠡᠴᠠ ᠳᠤᠷᠠᠳᠤᠨ ᠭᠠᠷᠭᠠᠭᠰᠠᠨ 《
ᠰᠦᠢᠶᠤᠸᠠᠨ ᠤ ᠠᠷᠭ᠎ᠠ》 ᠶ᠋ᠢ ᠵᠣᠬᠢᠶᠠᠨ ᠪᠠᠶᠢᠭᠤᠯᠵᠤ ᠂ ᠺᠠᠲᠷ ᠨᠠᠷ ᠰᠤᠷᠤᠯᠴᠠᠨ ᠶᠠᠷᠢᠯᠴᠠᠵᠤ ᠂
ᠵᠠᠷᠢᠮ ᠺᠠᠳ᠋ᠷᠴᠤᠳ 《 ᠰᠦᠢᠶᠤᠸᠠᠨ ᠤ ᠠᠷᠭ᠎ᠠ ᠪᠠᠷ ᠰᠢᠶᠳᠪᠦᠷᠢᠯᠡᠬᠦ ᠬᠡᠷᠡᠭᠲᠡᠶ ᠪᠠᠶᠢᠨ᠎ᠠ 》
ᠭᠡᠳᠡᠭ ᠲᠦ ᠡᠷᠡᠭᠡᠯᠵᠡᠯ ᠲᠡᠶ ᠪᠠᠶᠢᠯ᠎ᠠ ᠃ ᠵᠠᠯᠭᠠᠭᠠᠳ ᠪᠠᠰᠠ ᠴᠡᠷᠢᠭ ᠠᠩᠬᠢ ᠶ᠋ᠢᠨ ᠳᠣᠲᠣᠷ᠎ᠠ
ᠥᠷᠭᠡᠨ ᠳᠡᠯᠭᠡᠷ ᠨᠢᠭᠡᠳᠦᠮᠡᠯ ᠹᠷᠣᠨᠲ ᠶ᠋ᠢᠨ ᠰᠤᠷᠭᠠᠨ ᠬᠥᠮᠦᠵᠢᠯ ᠢ ᠰᠤᠷᠭᠠᠵᠤ ᠂ ᠬᠦᠢᠰᠦ᠋ᠢ ᠂
ᠪᠤᠭᠤᠲᠤ ᠬᠠᠪᠢ ᠶ᠋ᠢᠨ ᠤᠯᠠᠨ ᠲᠦᠮᠡᠨ ᠢᠡᠷᠬᠡ ᠴᠢᠯᠥᠭᠡ ᠲᠡᠶ ᠴᠢᠯᠥᠭᠡᠯᠡᠭᠳᠡᠭᠰᠡᠨ ᠣᠷᠣᠨ ᠳ᠋ᠦ
ᠶᠠᠪᠤᠯᠴᠠᠵᠤ ᠂ ᠠᠷᠠᠯᠵᠢᠶ᠎ᠠ ᠮᠠᠶᠢᠮᠠᠶ ᠬᠢᠬᠦ ᠶ᠋ᠢ ᠵᠣᠷᠢᠭᠵᠢᠭᠤᠯᠵᠤ᠂ ᠳ᠋ᠦᠩ ᠴᠢ ᠡᠦ ᠵᠠᠩᠵᠤᠨ ᠤ
ᠴᠡᠷᠢᠭ ᠢ ᠡᠰᠡᠷᠭᠦᠴᠡᠬᠦ ᠠᠵᠢᠯᠯᠠᠭ᠎ᠠ ᠶ᠋ᠢ ᠵᠣᠭᠰᠣᠭᠠᠵᠤ ᠂ ᠳ᠋ᠦᠩ ᠴᠢ ᠡᠤ ᠵᠠᠩᠵᠤᠨ ᠤ
ᠴᠡᠷᠢᠭ ᠢ ᠠᠨᠳᠠ ᠴᠡᠷᠢᠭ ᠪᠣᠯᠭᠠᠨ ᠥᠭᠡᠷᠡᠴᠢᠯᠡᠨ ᠨᠡᠷᠡᠯᠡᠬᠦ ᠂ ᠬᠣᠶᠠᠷ ᠲᠠᠯ᠎ᠠ ᠪᠠᠷ ᠢᠶᠡᠨ
ᠳᠠᠶᠢᠰᠤᠩᠨᠠᠬᠤ ᠪᠡᠨ ᠪᠣᠯᠢᠵᠤ ᠂ ᠰᠦᠢᠶᠤᠸᠠᠨ ᠤ ᠪᠠᠶᠢᠳᠠᠯ ᠰᠠᠶᠢᠵᠢᠷᠠᠵᠤ ᠪᠠᠶᠢᠨ᠎ᠠ ᠃
ᠨᠠᠮ᠂ ᠵᠠᠰᠠᠭ ᠤᠨ ᠣᠷᠳᠣᠨ ᠂ ᠴᠡᠷᠢᠭ ᠢ ᠦᠳᠲᠡᠷ ᠲᠦᠷᠭᠡᠨ 《 ᠰᠦᠢᠶᠤᠸᠠᠨ ᠤ ᠠᠷᠭ᠎ᠠ》 ᠶ᠋ᠢ
ᠳᠤᠷᠠᠳᠤᠭᠰᠠᠨ ᠤ ᠳᠠᠷᠠᠭᠠᠬᠢ ᠪᠠᠶᠢᠳᠠᠯ ᠤᠨ ᠬᠤᠪᠢᠷᠠᠯᠲᠠ ᠳ᠋ᠤ ᠵᠣᠬᠢᠴᠠᠭᠤᠯᠬᠤ ᠶ᠋ᠢᠨ ᠲᠥᠯᠦᠭᠡ ᠂
ᠤᠮᠠᠷᠠᠲᠤ ᠣᠷᠣᠨ ᠤ ᠴᠡᠷᠢᠭ ᠦᠨ ᠲᠣᠭᠤᠷᠢᠭ ᠤᠨ 5 ᠰᠠᠷ᠎ᠠ ᠶᠢᠨ 29 ᠤ ᠡᠳᠦᠷ ᠵᠠᠷᠯᠢᠭ
ᠪᠠᠭᠤᠯᠭᠠᠨ ᠰᠦᠢᠶᠤᠸᠠᠨ ᠥᠪᠥᠷ ᠮᠣᠩᠭᠤᠯ ᠤᠨ ᠠᠷᠠᠳ ᠲᠦᠮᠡᠨ ᠤ ᠬᠡᠭᠡᠷ᠎ᠡ ᠶ᠋ᠢᠨ
ᠪᠠᠶᠢᠯᠳᠤᠭᠠᠨ ᠤ ᠨᠠᠶᠮᠠᠳᠤᠭᠠᠷ ᠠᠷᠮᠢ ᠪᠣᠯᠤᠨ ᠰᠦᠢᠶᠤᠸᠠᠨ ᠥᠪᠥᠷ ᠮᠣᠩᠭᠤᠯ ᠤᠨ ᠴᠡᠷᠢᠭ ᠦᠨ
ᠲᠣᠭᠤᠷᠢᠭ ᠢ ᠨᠡᠶᠢᠯᠡᠭᠦᠯᠵᠦ᠂ ᠰᠦᠢᠶᠤᠸᠠᠨ ᠤ ᠴᠡᠷᠢᠭ ᠦᠨ ᠲᠣᠭᠤᠷᠢᠭ ᠤᠨ ᠤᠮᠠᠷᠠᠲᠤ ᠣᠷᠣᠨ ᠤ
ᠠᠷᠠᠳ ᠤᠨ ᠵᠠᠰᠠᠭ ᠤᠨ ᠣᠷᠳᠣᠨ ᠪᠠᠰᠠ 6 ᠰᠠᠷ᠎ᠠ ᠶ᠋ᠢᠨ13 ᠤ ᠡᠳᠦᠷ ᠵᠠᠷᠯᠢᠭ ᠪᠠᠭᠤᠯᠭᠠᠨ
ᠰᠦᠢᠶᠤᠸᠠᠨ ᠮᠣᠩᠭᠤᠯ ᠤᠨ ᠵᠠᠰᠠᠭ ᠤᠨ ᠣᠷᠳᠣᠨ ᠪᠣᠯᠭᠠᠨ ᠥᠭᠡᠷᠡᠴᠢᠯᠡᠪᠡ᠃ ᠡᠭᠦᠨ ᠤ ᠬᠠᠮᠲᠤ
ᠰᠦᠢᠶᠤᠸᠠᠨ — ᠥᠪᠥᠷ ᠮᠣᠩᠭᠣᠯ ᠣᠷᠣᠨ ᠤ ᠮᠣᠵᠢ ᠶ᠋ᠢᠨ ᠨᠠᠮ ᠤᠨ ᠬᠣᠷᠢᠶ᠎ᠠ ᠶ᠋ᠢ ᠰᠥᠢᠶᠤᠸᠠᠨ
ᠮᠣᠵᠢ ᠶ᠋ᠢᠨ ᠨᠠᠮ ᠤᠨ ᠬᠣᠷᠢᠶ᠎ᠠ ᠪᠣᠯᠭᠠᠨ ᠥᠭᠡᠷᠡᠴᠢᠯᠡᠪᠡ ᠃
ᠶᠡᠷᠦᠩᠬᠡᠶᠢᠯᠡᠪᠡᠯ᠂《
ᠰᠦᠢᠶᠤᠸᠠᠨ ᠤ ᠠᠷᠭ᠎ᠠ 》 ᠪᠣᠯ ᠨᠠᠮ ᠤᠨ ᠲᠥᠪ ᠬᠣᠷᠢᠶ᠎ᠠ ᠂ ᠮᠠᠤ ᠲᠡᠷᠢᠭᠦᠯᠡᠭᠴᠢ ᠶ᠋ᠢᠨ ᠠᠭᠤᠤ
ᠶᠡᠬᠡ ᠪᠠᠶᠢᠯᠳᠤᠬᠤ ᠪᠣᠳᠤᠯᠭ᠎ᠠ ᠶ᠋ᠢᠨᠴ ᠢᠭᠯᠡᠯᠲᠡ ᠪᠣᠯᠤᠨ᠎ᠠ ᠂ ᠲᠡᠭᠦᠨ ᠢ ᠳᠤᠷᠠᠳᠤᠨ
ᠭᠠᠷᠭᠠᠭᠰᠠᠨ ᠨᠢ ᠰᠦᠢᠶᠤᠸᠠᠨ ᠤ ᠲᠦᠷᠪᠡᠨ ᠲᠦᠮᠡ ᠭᠠᠷᠤᠶ ᠪᠠᠯᠠᠷ ᠬᠠᠷᠠᠩᠭᠤᠢ ᠶ᠋ᠢᠨ ᠳᠤᠮᠳᠠ
ᠲᠡᠯᠴᠢᠯᠡᠵᠦ ᠪᠠᠶᠢᠭᠰᠠᠨ ᠭᠤᠮᠢᠨᠳᠠᠩ ᠤᠨ ᠳᠠᠷᠤᠭ᠎ᠠ ᠪᠠᠶᠢᠯᠳᠤᠭᠴᠢᠳ ᠭᠡᠭᠡᠨ ᠰᠠᠷᠠᠭᠤᠯ
ᠢᠷᠡᠭᠡᠳᠦᠢ ᠶ᠋ᠢ ᠣᠯᠵᠤ ᠬᠠᠷᠠᠭᠰᠠᠨ ᠪᠠᠶᠢᠨ᠎ᠠ ᠂ ᠪᠠᠰᠠ ᠰᠦᠢᠶᠤᠸᠠᠨ ᠤ ᠡᠷᠲᠡᠬᠡᠨ ᠰᠢᠨ᠎ᠡ
ᠠᠮᠢᠯᠠᠯ ᠢᠶᠡᠨ ᠣᠯᠬᠤ ᠵᠥᠪ ᠴᠢᠭᠯᠡᠯ ᠢ ᠵᠢᠭᠠᠵᠤ ᠥᠭᠭᠦᠭᠰᠡᠨ ᠪᠠᠶᠢᠨ᠎ᠠ ᠃
《ᠰᠦᠢᠶᠤᠸᠠᠨ ᠤ ᠠᠷᠭ᠎ᠠ》 ᠶ᠋ᠢ ᠲᠣᠭᠲᠠᠭᠠᠭᠰᠠᠨ ᠤ ᠳᠠᠷᠠᠭ᠎ᠠ ᠂ ᠮᠠᠤ ᠽᠸ ᠳ᠋ᠦᠩ
ᠲᠡᠷᠢᠭᠦᠯᠡᠭᠴᠢ ᠹᠦ᠋ ᠽᠦ᠋ᠸᠸ ᠢ ᠵᠠᠩᠵᠤᠨ ᠢ ᠬᠦᠯᠢᠶᠡᠨ ᠠᠪᠴᠤ ᠠᠭᠤᠯᠵᠠᠬᠤ ᠳ᠋ᠤ ᠪᠠᠨ
ᠶᠠᠷᠢᠬᠤ ᠳᠠᠭᠠᠨ ᠄ ᠰᠥᠢᠶᠤᠸᠠᠨ ᠤ ᠠᠰᠠᠭᠤᠳᠠᠯ ᠢ ᠰᠢᠢᠳᠪᠦᠷᠢᠯᠡᠬᠦ ᠳ᠋ᠦ ᠤᠷᠢᠳᠤᠪᠠᠷ ᠲᠡᠮᠦᠷ
ᠵᠠᠮ ᠨᠡᠪᠲᠡᠷᠡᠭᠦᠯᠬᠦ ᠂ ᠬᠠᠷᠢᠯᠴᠠᠨ ᠠᠷᠠᠯᠵᠢᠶ᠎ᠠ ᠨᠡᠪᠲᠡᠷᠡᠬᠦ ᠬᠡᠷᠡᠭᠲᠡᠢ᠃ ᠡᠭᠦᠨ ᠢ
ᠦᠨᠳᠦᠰᠦᠯᠡᠵᠦ ᠭᠤᠷᠪᠠᠨ ᠰᠠᠷ᠎ᠠ ᠶ᠋ᠢᠨ ᠬᠣᠭᠣᠷᠣᠨᠳᠣ ᠂ ᠳᠤᠮᠳᠠᠳᠤ ᠤᠯᠤᠰ ᠤᠨ ᠡᠪ ᠬᠠᠮᠲᠤ ᠨᠠᠮ ᠤᠨ
ᠤᠮᠠᠷᠠᠲᠤ ᠣᠷᠣᠨ ᠤ ᠲᠣᠪᠴᠢᠶ᠎ᠠ ᠪᠣᠯᠤᠨ ᠹᠦ᠋ ᠽᠦᠸᠸ ᠢ ᠵᠠᠩᠵᠤᠨ ᠬᠣᠶᠠᠷ ᠲᠠᠯ᠎ᠠ ᠪᠠᠷ ᠢᠶᠡᠨ
ᠵᠥᠪᠯᠡᠨ ᠲᠣᠭᠲᠠᠭᠰᠠᠨ ᠡᠯ᠎ᠡ ᠪᠥᠯᠦᠭ ᠦᠨ ᠭᠤᠷᠪᠠᠨ ᠲᠥᠯᠥᠭᠡᠯᠡᠭᠴᠢ ᠰᠦᠢᠶᠤᠸᠠᠨ ᠤ ᠠᠰᠠᠭᠤᠳᠠᠯ ᠤᠨ
ᠵᠥᠪᠯᠡᠯᠭᠡᠨ ᠤ ᠺᠣᠮᠢᠰ ᠢ ᠪᠠᠶᠢᠭᠤᠯᠵᠤ ᠂ ᠪᠡᠭᠡᠵᠢᠩ ᠳ᠋ᠦ ᠰᠦᠢᠶᠤᠸᠠᠨ ᠤ ᠠᠰᠠᠭᠤᠳᠠᠯ ᠤᠨ
ᠲᠤᠬᠠᠶ ᠬᠣᠯᠪᠣᠭᠳᠠᠯ ᠪᠦᠬᠦᠢ ᠤᠴᠢᠷ ᠶᠠᠪᠤᠳᠠᠯ ᠢ ᠵᠥᠪᠳᠡᠯᠴᠡᠵᠦ ᠰᠢᠢᠳᠪᠦᠷᠢᠯᠡᠭᠰᠡᠨ ᠪᠠᠶᠢᠨ᠎ᠠ ᠃
ᠤᠮᠠᠷᠠᠲᠤ ᠣᠷᠣᠨ ᠤ ᠲᠣᠪᠴᠢᠶ᠎ᠠ ᠶ᠋ᠢᠨ ᠲᠥᠯᠥᠭᠡᠯᠡᠭᠴᠢ ᠪᠣᠯ ᠯᠢ ᠵᠢᠩ ᠴᠢᠤᠸᠠᠨ ᠂ ᠵᠠᠩ ᠶᠸᠤ
ᠢᠦᠢ ᠂ ᠫᠠᠨ ᠵᠢᠶ ᠸᠸᠨ ᠪᠣᠯᠤᠨ᠎ᠠ ᠂ ᠹᠦ᠋ ᠽᠦᠸᠸ ᠢ ᠶ᠋ᠢᠨ ᠵᠢᠭᠠᠨ ᠲᠣᠮᠢᠯᠠᠭᠰᠠᠨ ᠲᠥᠯᠥᠭᠡᠯᠡᠭᠴᠢ
ᠨᠢ ᠸᠠᠩ ᠺᠸ ᠵᠢᠶᠤᠨ ᠂ ᠵᠧᠦ ᠪᠸᠢ ᠂ ᠶᠠᠨ ᠰᠢ ᠱᠠᠨ ᠪᠣᠯᠤᠨ᠎ᠠ ᠃ ᠬᠣᠶᠠᠷ ᠰᠠᠷ᠎ᠠ ᠭᠠᠷᠤᠢ ᠶ᠋ᠢᠨ
ᠵᠥᠪᠯᠡᠬᠦ ᠪᠡᠷ ᠳᠠᠮᠵᠢᠵᠤ ᠂ ᠵᠢᠷᠭᠤᠳᠤᠭᠠᠷ ᠰᠠᠷ᠎ᠠ ᠶ᠋ᠢᠨ ᠨᠠᠶᠮᠠᠨ ᠤ ᠡᠳᠦᠷ ᠦᠨ ᠦᠳᠡ ᠶ᠋ᠢᠨ
ᠬᠣᠶᠢᠨᠠ ᠂ ᠪᠸᠢᠢᠫᠢᠩ ᠳ᠋ᠥ《 ᠰᠦᠢᠶᠤᠸᠠᠨ ᠤ ᠬᠡᠯᠡᠯᠴᠡᠭᠡᠷ 》 ᠲᠦ ᠭᠠᠷ ᠤᠨ ᠦᠰᠦᠭ ᠵᠢᠷᠤᠬᠤ
ᠶᠣᠰᠣᠯᠠᠯ ᠶᠠᠪᠤᠭᠤᠯᠪᠠ᠃ ᠭᠠᠷ ᠤᠨ ᠦᠰᠦᠭ ᠵᠢᠷᠤᠬᠤ ᠶᠣᠰᠣᠯᠠᠯ ᠳ᠋ᠤ ᠣᠷᠤᠯᠴᠠᠭᠰᠠᠨ ᠭᠣᠣᠯ
ᠬᠥᠮᠦᠰ ᠲᠦ ᠳ᠋ᠤ ᠪᠦᠸᠸ ᠢ ᠪᠦᠸᠸ ᠂ ᠨᠢᠶᠸ ᠷᠦᠩ ᠵᠧᠨ ᠂ ᠹᠦ᠋ ᠽᠦᠸᠸ ᠢ ᠂ ᠳ᠋ᠧᠩ ᠪᠦᠦ ᠱᠠᠨ
ᠪᠣᠯᠤᠨ ᠰᠦᠢᠶᠤᠸᠠᠨ ᠤ ᠠᠰᠠᠭᠤᠳᠠᠯ ᠢ ᠵᠥᠪᠯᠡᠬᠦ ᠺᠣᠮᠢᠰ ᠤᠨ ᠵᠢᠷᠭᠤᠭᠠᠨ ᠬᠡᠯᠡᠯᠴᠡᠭᠡ ᠬᠢᠬᠦ
ᠲᠥᠯᠥᠭᠡᠯᠡᠭᠴᠢ ᠪᠠᠶᠢᠪᠠ ᠃ ᠭᠠᠷ ᠤᠨ ᠦᠰᠦᠭ ᠵᠢᠷᠤᠬᠤ ᠶᠣᠰᠣᠯᠠᠯ ᠳ᠋ᠤ ᠤᠮᠠᠷᠠᠲᠤ ᠣᠷᠣᠨ ᠤ
ᠠᠷᠠᠳ ᠤᠨ ᠵᠠᠰᠠᠭ ᠤᠨ ᠣᠷᠳᠣᠨ ᠤ ᠳᠡᠳ᠋ ᠲᠡᠷᠢᠭᠦᠯᠡᠭᠴᠢ ᠯᠠᠨ ᠬᠦᠩ ᠦ᠋ ᠪᠠᠶᠢᠨ᠎ᠠ᠃
ᠵᠥᠪᠯᠡᠯᠴᠡᠭᠡᠷ ᠲᠦ ᠭᠠᠷ ᠤᠨ ᠦᠰᠦᠭ ᠵᠢᠷᠤᠵᠤ 《 ᠰᠦᠢᠶᠤᠸᠠᠨ ᠤ ᠲᠤᠬᠠᠶ ᠠᠰᠠᠭᠤᠳᠠᠯ ᠢ ᠵᠥᠪᠯᠡᠬᠦ
ᠺᠣᠮᠢᠰ ᠰᠦᠢᠶᠤᠸᠠᠨ ᠤ ᠬᠢᠯᠢ ᠲᠣᠭᠲᠠᠭᠠᠬᠤ ᠂ ᠬᠠᠷᠢᠯᠴᠠᠬᠤ ᠂ ᠮᠥᠩᠭᠥᠨ ᠭᠦᠢᠯᠭᠡᠭᠡ ᠂
ᠠᠷᠠᠯᠵᠢᠶ᠎ᠠ ᠂ ᠬᠦᠢᠰᠦ᠋ᠢ ᠳ᠋ᠦ ᠰᠠᠭᠤᠭ᠎ᠠ ᠬᠣᠯᠪᠣᠭ᠎ᠠ ᠠᠪᠬᠤ ᠪᠠᠶᠢᠭᠤᠯᠤᠮᠵᠢ ᠵᠡᠷᠭᠡ ᠪᠣᠳᠠᠲᠠᠶ
ᠠᠰᠠᠭᠤᠳᠠᠯ ᠢ ᠲᠣᠮᠢᠯᠠᠬᠤ ᠬᠡᠯᠡᠯᠴᠡᠭᠡᠷ 》 ( ᠳᠥᠭᠥᠮᠴᠢᠯᠡᠭᠡᠳ 《 ᠬᠣᠯᠠ ᠳᠠᠭᠠᠵᠤ ᠬᠡᠯᠡᠯᠴᠡᠭᠡᠷ
》 ᠭᠡᠳᠡᠭ) ᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠵᠢᠷᠭᠤᠳᠤᠭᠠᠷ ᠵᠦᠢᠯ ᠦᠨ ᠠᠷᠪᠠᠨ
ᠳᠣᠯᠣᠳᠤᠭᠠᠷ ᠪᠠᠳᠠᠭ ᠂ ᠡᠭᠦᠨ ᠤ ᠭᠣᠣᠯ ᠠᠭᠤᠯᠭ᠎ᠠ ᠨᠢ ᠄ ᠠᠷᠠᠳ ᠤᠨ ᠴᠢᠯᠥᠭᠡᠯᠡᠬᠦ ᠴᠡᠷᠢᠭ
ᠬᠢᠭᠡᠳ ᠰᠦᠢᠶᠤᠸᠠᠨ ᠮᠣᠵᠢ ᠶ᠋ᠢᠩ ᠭᠤᠮᠢᠨᠳᠠᠩ ᠤᠨ ᠴᠡᠷᠢᠭ ᠠᠩᠭᠢ ᠲᠦᠷ ᠴᠠᠭ ᠤᠨ ᠵᠠᠭᠠᠭ
ᠲᠣᠭᠲᠠᠭᠠᠵᠤ ᠂ ᠬᠣᠶᠠᠷ ᠲᠠᠯ᠎ᠠ ᠪᠠᠷ ᠢᠶᠡᠨ ᠵᠥᠪᠰᠢᠶᠡᠷᠡᠵᠦ ᠂ ᠲᠣᠪᠴᠢ ᠪᠠ ᠴᠠᠭᠠᠨ ᠰᠤᠪᠤᠷᠭ᠎ᠠ
ᠬᠣᠭᠣᠷᠣᠨᠳᠣᠬᠢ ᠭᠤᠷᠪᠠᠨ ᠤᠰᠤ ᠪᠠᠷ ᠲᠥᠪ ᠪᠣᠯᠭᠠᠵᠤ ᠂ ᠡᠮᠦᠨᠡᠰᠢ ᠤᠮᠠᠷᠠᠰᠢ ᠵᠠᠭᠠᠭ ᠲᠣᠭᠲᠠᠭᠠᠵᠤ
᠂ ᠵᠡᠭᠦᠨᠰᠢ ᠴᠢᠯᠥᠭᠡᠯᠡᠭᠳᠡᠭᠰᠡᠨ ᠣᠷᠣᠨ ᠤ ᠬᠠᠷᠢᠶᠠᠯᠠᠯ ᠳ᠋ᠦ ᠪᠠᠭᠲᠠᠵᠤ ᠂ ᠪᠠᠷᠠᠭᠤᠨᠰᠢ
ᠳ᠋ᠦᠩ ᠴᠢ ᠡᠦ ᠶ᠋ᠢᠨ ᠬᠠᠷᠢᠶᠠᠯᠠᠯ ᠳ᠋ᠦ ᠪᠠᠭᠲᠠᠨ᠎ᠠ ᠃ ᠫᠢᠩ — ᠰᠦᠢ ᠲᠡᠮᠦᠷ ᠵᠠᠮ ᠤᠨ ᠲᠡᠷᠭᠡ
ᠨᠡᠪᠲᠡᠷᠡᠬᠦ ᠶ᠋ᠢ ᠰᠡᠷᠭᠦᠭᠡᠵᠦ ᠂ ᠪᠤᠭᠤᠲᠤ ᠴᠠᠭᠠᠨ ᠰᠤᠪᠤᠷᠭ᠎ᠠ ᠶ᠋ᠢᠨ ᠬᠡᠰᠡᠭ ᡁᠢ ᠫᠢᠩ — ᠰᠦᠢ
ᠲᠡᠮᠦᠷ ᠵᠠᠮ ᠤᠨ ᠨᠢᠭᠡᠳᠦᠯᠲᠡᠶ ᠬᠢ ᠳᠤᠮᠳᠠᠳᠤ ᠤᠯᠤᠰ ᠤᠨ ᠠᠷᠠᠳ ᠤᠨ ᠬᠤᠪᠢᠰᠬᠠᠯᠲᠤ ᠴᠡᠷᠢᠭ ᠦᠨ
ᠶᠠᠪᠤᠳᠠᠯ ᠤᠨ ᠬᠣᠷᠢᠶᠠᠨ ᠤ ᠲᠡᠮᠥᠷ ᠵᠠᠮ ᠤᠨ ᠶᠠᠮᠤᠨ ᠬᠠᠮᠢᠶᠠᠷᠴᠤ ᠂ ᠠᠷᠠᠳ ᠤᠨ ᠵᠣᠭᠤᠰ ᠤᠨ
ᠴᠢᠯᠥᠭᠡᠲᠦ ᠭᠥᠢᠯᠭᠡᠭᠡᠨ ᠢ ᠳᠤᠮᠳᠠᠳᠤ ᠤᠯᠤᠰ ᠤᠨ ᠠᠷᠠᠳ ᠤᠨ ᠪᠠᠩᠬᠢ ᠬᠦᠢᠰᠦ᠋ᠢ ᠵᠢᠨ ᠬᠡᠷᠡᠭ
ᠡᠷᠬᠢᠯᠡᠬᠦ ᠭᠠᠵᠠᠷ ᠬᠠᠮᠢᠶᠠᠷᠤᠨ᠎ᠠ᠂ ᠬᠣᠶᠠᠷ ᠲᠠᠯ᠎ᠠ ᠪᠠᠷ ᠢᠶᠡᠨ ᠬᠠᠷᠢᠯᠴᠠᠨ ᠠᠷᠠᠯᠵᠢᠶ᠎ᠠ
ᠬᠢᠵᠦ ᠪᠣᠯᠤᠨ᠎ᠠ ᠂ ᠴᠥᠮ ᠣᠷᠣᠭᠤᠯᠵᠤ ᠭᠠᠷᠭᠠᠬᠤ ᠪᠣᠭᠤᠮᠲᠠ ᠶ᠋ᠢᠨ ᠭᠠᠶᠢᠯᠢ ᠲᠠᠲᠠᠪᠤᠷᠢᠯᠠᠬᠤ
ᠦᠭᠡᠢ ᠂ ᠤᠮᠠᠷᠠᠲᠤ ᠣᠷᠣᠨ ᠤ ᠠᠷᠠᠳ ᠤᠨ ᠵᠠᠰᠠᠭ ᠤᠨ ᠣᠷᠳᠣᠨ ᠬᠦᠢᠰᠦ᠋ᠢ ᠳ᠋ᠤ ᠬᠣᠯᠪᠣᠭ᠎ᠠ ᠠᠪᠬᠤ
ᠭᠠᠵᠠᠷ ᠢ ᠪᠠᠶᠢᠭᠤᠯᠤᠨ ᠂ ᠰᠦᠢᠶᠤᠸᠠᠨ ᠤ ᠲᠠᠯ᠎ᠠ ᠪᠠᠷ ᠠᠯᠢᠪᠠ ᠲᠦᠷ ᠴᠠᠭ ᠭᠠᠷᠤᠭᠰᠠᠨ ᠪᠣᠳᠠᠲᠠᠶ
ᠠᠰᠠᠭᠤᠳᠠᠯ ᠢ ᠵᠥᠪᠳᠡᠯᠴᠡᠵᠦ ᠪᠠᠶᠢᠭᠠᠳ ᠰᠢᠶᠳᠪᠦᠷᠢᠯᠡᠨ᠎ᠡ ᠃ ᠴᠢᠯᠥᠭᠡᠯᠡᠭᠳᠡᠭᠰᠡᠨ ᠣᠷᠣᠨ ᠳ᠋ᠦ
ᠨᠣᠮ ᠪᠢᠴᠢᠭ ᠰᠣᠨᠢᠨ ᠰᠡᠳᠬᠦᠯ ᠲᠠᠷᠬᠠᠭᠠᠬᠤ ᠭᠠᠵᠠᠷ ᠪᠠᠶᠢᠭᠤᠯᠵᠤ ᠪᠣᠯᠤᠨ᠎ᠠ ᠂ ᠠᠯᠢᠪᠠ ᠴᠡᠷᠢᠭ
ᠥᠷᠭᠡᠳᠬᠡᠬᠦ ᠠᠷᠭ᠎ᠠ ᠬᠡᠮᠵᠢᠶ᠎ᠡ ᠶ᠋ᠢ ᠵᠣᠭᠰᠣᠭᠠᠬᠤ ᠂ ᠲᠠᠩᠨᠠᠭᠤᠯ ᠤᠨ ᠵᠣᠬᠢᠶᠠᠨ
ᠪᠠᠶᠢᠭᠤᠯᠤᠯᠲᠠ ᠶ᠋ᠢ ᠲᠠᠷᠬᠠᠭᠠᠬᠤ ᠵᠡᠷᠭᠡ ᠠᠭᠤᠯᠭ᠎ᠠ ᠪᠣᠢ᠃
《 ᠰᠦᠢᠶᠤᠸᠠᠨ ᠤ
ᠬᠡᠯᠡᠯᠴᠡᠭᠡᠷ》 ᠲᠦ ᠭᠠᠷ ᠤᠨ ᠦᠰᠦᠭ ᠵᠢᠷᠤᠭᠰᠠᠨ ᠤ ᠳᠠᠷᠠᠭ᠎ᠠ ᠂ ᠵᠢᠷᠭᠤᠳᠤᠭᠠᠷ ᠰᠠᠷ᠎ᠠ ᠶ᠋ᠢᠨ
ᠠᠷᠪᠠᠨ ᠲᠠᠪᠤᠨ ᠤ ᠡᠳᠦᠷ ᠦᠨ ᠣᠷᠣᠶ ᠂ ᠮᠠᠤ ᠽᠸ ᠳ᠋ᠦᠩ ᠵᠦᠩ ᠲᠡᠷᠢᠭᠦᠯᠡᠭᠴᠢ ᠨᠠᠨ
ᠬᠠᠢ ᠶ᠋ᠢᠨᠹᠸᠩ ᠽᠸ ᠶᠤᠸᠠᠨ ᠴᠡᠴᠡᠷᠯᠢᠭ ᠲᠦ ᠹᠦ᠋ ᠽᠦᠸᠸ ᠢ ᠂ ᠳ᠋ᠧᠩ ᠪᠦᠦ ᠱᠠᠨ ᠵᠠᠩᠵᠤᠨ ᠢ
ᠬᠦᠯᠢᠶᠡᠨ ᠠᠪᠴᠤ ᠠᠭᠤᠯᠵᠠᠪᠠ ᠃ ᠲᠡᠷᠢᠭᠦᠯᠡᠭᠴᠢ ᠮᠠᠤ ᠽᠸ ᠳ᠋ᠦᠩ ᠮᠠᠭᠲᠠᠨ ᠰᠠᠶᠢᠰᠢᠶᠠᠵᠤ ᠄ ᠲᠠ
ᠨᠡ ᠤᠳᠠᠭ᠎ᠠ ᠶᠡᠬᠡ ᠰᠡᠢᠢᠠ ᠬᠢᠵᠡᠶ ᠂ ᠮᠠᠨ ᠤ ᠬᠡᠯᠡᠵᠦ ᠪᠠᠶᠢᠭ᠎ᠠ 《 ᠪᠸᠢᠢᠫᠢᠩ ᠦᠨᠠᠷᠭ᠎ᠠ 》 ᠂
《 ᠲᠢᠶᠠᠨᠵᠢᠨ ᠤ ᠠᠷᠭ᠎ᠠ 》 ᠂ 《ᠰᠥᠢᠶᠤᠸᠠᠨ ᠤ ᠠᠷᠭ᠎ᠠ》 ᠵᠡᠷᠭᠡ ᠨᠢ ᠴᠥᠮ ᠴᠢᠨᠦ
ᠶᠡᠷᠦᠩᠬᠡᠶᠢᠯᠡᠨ ᠵᠠᠬᠢᠷᠬᠤ ᠬᠡᠪᠴᠢᠶᠡᠨ ᠳ᠋ᠤ ᠬᠢᠬᠦ ᠬᠡᠷᠡᠭᠲᠡᠶ ᠃ ᠲᠡᠷᠢᠭᠦᠯᠡᠭᠴᠢ ᠮᠠᠤ ᠽᠸ
ᠳ᠋ᠦᠩ ᠪᠠᠰᠠ ᠬᠡᠯᠡᠭᠰᠡᠨ ᠨᠢ ᠄ ᠬᠡᠯᠡᠯᠴᠡᠭᠡᠷ ᠶᠡᠷᠦᠩᠬᠡᠶ ᠳᠡᠭᠡᠨ ᠶᠡᠬᠡ ᠰᠠᠢᠢᠨ ᠪᠠᠶᠢᠨ᠎ᠠ ᠂
ᠪᠸᠢᠢᠫᠢᠩ ᠦᠨ ᠠᠰᠠᠭᠤᠳᠠᠯ ᠢ ᠨᠠᠶᠢᠷᠠᠮᠳᠠᠯ ᠢᠶᠠᠷ ᠰᠢᠶᠳᠪᠦᠷᠢᠯᠡᠭᠰᠡᠨ ᠪᠠ ᠹᠦ᠋ ᠽᠦ᠋ᠸᠸ ᠢ
ᠵᠠᠩᠵᠤᠨ ᠂ ᠳ᠋ᠦᠩ ᠴᠢ ᠡᠦ ᠵᠠᠩᠵᠤᠨ ᠤ ᠰᠢᠪᠠᠳᠠᠵᠤ ᠪᠠᠶᠢᠭᠠᠳ ᠡᠨᠡ ᠬᠦ
ᠬᠡᠯᠡᠯᠴᠡᠭᠡᠷ ᠢᠡᠭᠦᠰᠴᠡᠶ ᠂ ᠡᠶᠢᠮᠦ ᠡᠴᠡ ᠰᠣᠨᠢᠨ ᠳᠡᠭᠡᠷ᠎ᠡ ᠨᠡᠶᠢᠲᠡᠯᠡᠬᠦ ᠨᠢ ᠵᠤᠬᠢᠰ ᠦᠭᠡᠢ ᠃
ᠲᠡᠷᠢᠭᠦᠯᠡᠭᠴᠢ ᠮᠠᠤ ᠽᠸ ᠳ᠋ᠦᠩ ᠦᠨ ᠬᠠᠯᠠᠭᠤᠨ ᠳᠣᠲᠣᠨᠣ ᠬᠦᠯᠢᠶᠡᠨ ᠠᠪᠴᠤ
ᠠᠭᠤᠯᠵᠠᠭᠰᠠᠨ ᠨᠢ ᠹᠦ᠋ ᠽᠦ᠋ᠸᠸ ᠢ ᠵᠠᠩᠵᠤᠨ ᠳ᠋ᠦ ᠪᠠᠰᠠ ᠨᠢᠭᠡ ᠤᠳᠠᠭᠠᠨ ᠤ ᠠᠰᠤᠷᠤ ᠶᠡᠬᠡ
ᠵᠣᠷᠢᠭᠵᠢᠭᠤᠯᠤᠯ ᠪᠣᠯᠤᠨ᠎ᠠ ᠂ ᠪᠣᠰᠣᠯᠭ᠎ᠠ ᠭᠠᠷᠭᠠᠬᠤ ᠴᠠᠭ ᠢ ᠪᠣᠭᠣᠨᠢᠰᠬᠠᠬᠤ ᠶ᠋ᠢᠨ ᠲᠥᠯᠥᠭᠡ ᠂
ᠹᠦ᠋ ᠽᠦᠸᠸ ᠢ ᠵᠠᠩᠵᠤᠨ ᠸᠠᠩ ᠺᠸ ᠵᠢᠶᠤᠨ ᠢ ᠲᠣᠮᠢᠯᠠᠨ 《 ᠰᠦᠢᠶᠤᠸᠠᠨ ᠵᠥᠪᠯᠡᠯᠴᠡᠭᠡᠷ》 ᠢ ᠠᠪᠴᠤ
ᠭᠦ᠋ᠢᠰᠦᠢᠢ ᠳ᠋ᠤ ᠳ᠋ᠦᠩ ᠴᠢ ᠡᠦ ᠵᠠᠩᠵᠤᠨ ᠢ ᠬᠠᠪᠰᠤᠷᠴᠤ ᠠᠵᠢᠯ ᠬᠢᠬᠦ ᠬᠡᠷᠡᠭᠲᠡᠶ ᠪᠠᠶᠢᠨ᠎ᠠ ᠃
ᠸᠠᠩ ᠺᠸ ᠵᠢᠶᠤᠨ ᠰᠥᠢᠶᠤᠸᠠᠨ ᠳ᠋ᠤ ᠬᠦᠷᠦᠭᠰᠡᠨ ᠤ ᠳᠠᠷᠠᠭ᠎ᠠ ᠂ ᠳ᠋ᠦᠩ ᠵᠠᠩᠵᠤᠨ ᠬᠠᠮᠲᠤ ᠪᠠᠷ ᠲᠤᠰ
ᠲᠤᠰ ᠰᠦᠢᠶᠤᠸᠠᠨ ᠮᠣᠵᠢ ᠶ᠋ᠢᠨ ᠴᠡᠷᠢᠭ ᠵᠠᠰᠠᠭ ᠤᠨ ᠺᠠᠳ᠋ᠷ ᠲᠦ《 ᠰᠦᠢᠶᠤᠸᠠᠨ ᠤ ᠲᠤᠬᠠᠶ
ᠵᠥᠪᠯᠡᠯᠴᠡᠭᠡᠷ 》 ᠢ ᠤᠯᠠᠮᠵᠢᠯᠠᠭᠰᠠᠨ ᠪᠠᠶᠢᠨ᠎ᠠ᠃ ᠡᠨᠡ ᠬᠤᠭᠤᠴᠠᠭᠠᠨ ᠳ᠋ᠤ ᠂ ᠳ᠋ᠦᠩ ᠵᠠᠩᠵᠤᠨ ᠤ
ᠵᠣᠬᠢᠶᠠᠨ ᠪᠠᠶᠢᠭᠤᠯᠵᠤ ᠰᠠᠨᠠᠭᠠᠴᠢᠯᠠᠭᠰᠠᠨ ᠰᠦᠢᠶᠤᠸᠠᠨ ᠢ ᠰᠢᠨᠡᠴᠢᠯᠡᠬᠦ ᠬᠥᠳᠡᠯᠭᠡᠭᠡᠨ ᠪᠠᠰᠠ
ᠰᠦᠢᠶᠤᠸᠠᠨ ᠳ᠋ᠤ ᠰᠦᠷ ᠳᠠᠯᠠᠶᠢᠴᠠ ᠲᠠᠶ ᠪᠠᠷ ᠪᠦᠬᠦ ᠲᠠᠯ᠎ᠠ ᠪᠠᠷ ᠥᠷᠨᠢᠵᠦ ᠂ ᠲᠠᠪᠤᠳᠤᠭᠠᠷ
ᠰᠠᠷ᠎ᠠ ᠶ᠋ᠢᠨ ᠠᠷᠪᠠ ᠶᠢᠰᠦᠨ ᠤ ᠡᠳᠦᠷ ᠰᠦᠢᠶᠤᠸᠠᠨ ᠮᠣᠵᠢ ᠶ᠋ᠢᠨ ᠴᠡᠷᠢᠭ ᠵᠠᠰᠠᠭ ᠤᠨ
ᠰᠢᠨᠡᠴᠢᠯᠡᠬᠦ ᠺᠣᠮᠢᠰ ( ᠳᠣᠷᠣᠭᠰᠢ ᠰᠢᠨᠡᠴᠢᠯᠡᠯᠲᠡ ᠭᠡᠵᠦ ᠲᠣᠪᠴᠢᠯᠠᠨ᠎ᠠ ) ᠬᠦᠢᠰᠦ᠋ᠢ ᠳ᠋ᠤ
ᠵᠢᠩᠬᠢᠨᠢ ᠪᠡᠷ ᠪᠠᠶᠢᠭᠤᠯᠤᠭᠳᠠᠵᠤ ᠂ ᠳ᠋ᠦᠩ ᠴᠢ ᠡᠦ ᠡᠷᠬᠢᠯᠡᠭᠴᠢ ᠭᠡᠰᠢᠭᠦᠨ ᠪᠣᠯᠪᠠ ᠃
ᠰᠢᠨᠡᠴᠢᠯᠡᠯᠲᠡ ᠨᠢ ᠶᠠᠭᠤᠨ ᠤ ᠡᠮᠦᠨ᠎ᠡ ᠥᠭᠡᠷᠡᠴᠢᠯᠡᠯᠲᠡ ᠪᠠ ᠠᠵᠢᠯᠳᠠᠨ ᠤ ᠳᠥᠷᠢᠮ ᠢ
ᠨᠡᠶᠢᠯᠡᠭᠦᠯᠵᠦ ᠂ ᠮᠣᠵᠢ ᠶ᠋ᠢᠨ ᠱᠠᠲᠤᠨ ᠤ ᠪᠠᠶᠢᠭᠤᠯᠤᠮᠵᠢ ᠪᠣᠯᠭᠠᠪᠠ ᠃ ᠤᠤᠯ ᠤᠨ ᠮᠣᠵᠢ ᠶ᠋ᠢᠨ
ᠵᠠᠰᠠᠭ ᠤᠨ ᠣᠷᠳᠣᠨ ᠤ ᠡᠯ᠎ᠡ ᠲᠢᠩᠬᠢᠮ ᠦᠨ ᠭᠠᠵᠠᠷ ᠤᠨ ᠬᠣᠷᠢ ᠭᠠᠷᠤᠶ ᠨᠢᠭᠡᠴᠢ ᠶ᠋ᠢ ᠬᠠᠰᠤᠨ
ᠨᠡᠶᠢᠯᠡᠭᠦᠯᠵᠦ ᠂ ᠳᠥᠷᠪᠡᠨ ᠲᠢᠩᠬᠢᠮ ᠦᠨ ᠰᠢᠨ᠎ᠡ ᠪᠡᠷ ᠲᠣᠮᠢᠯᠠᠵᠤ ᠬᠠᠷᠢᠭᠤᠴᠠᠯᠭᠠᠲᠠᠨ
ᠲᠣᠮᠢᠯᠠᠪᠠ᠃ ᠴᠢᠨᠠᠭᠰᠢᠳᠠ ᠤᠤᠯ ᠤᠨ ᠰᠦᠢᠶᠤᠸᠠᠨ ᠮᠣᠵᠢ ᠶ᠋ᠢᠨ ᠺᠠᠲᠷ ᠤᠨ ᠪᠣᠯᠪᠠᠰᠤᠷᠠᠯ ᠤᠨ
ᠬᠣᠷᠢᠶ᠎ᠠ ᠶ᠋ᠢ ᠰᠢᠨᠡᠴᠢᠯᠡᠬᠦ ᠳᠡᠭᠡᠳᠦ ᠰᠤᠷᠭᠠᠭᠤᠯᠢ ᠪᠣᠯᠭᠠᠨ ᠥᠭᠡᠷᠡᠴᠢᠯᠡᠨ ᠪᠠᠶᠢᠭᠤᠯᠵᠤ ᠂
ᠬᠤᠭᠤᠴᠠᠭ᠎ᠠ ᠪᠦᠯᠦᠭ ᠬᠤᠪᠢᠶᠠᠨ ᠮᠤᠵᠢ ᠰᠢᠶᠠᠨ ᠤ ᠳᠠᠷᠤᠭ᠎ᠠ ᠲᠡᠰ ᠡᠴᠠ ᠳᠡᠭᠡᠭᠰᠢᠬᠢ ᠺᠠᠳ᠋ᠷᠢ
ᠪᠣᠯᠪᠠᠰᠤᠷᠠᠭᠤᠯᠪᠠ ᠃ ᠭᠤᠷᠪᠠᠳᠤᠭᠠᠷ ᠲᠤ ᠂ ᠴᠡᠷᠢᠭ ᠠᠩᠬᠢ ᠶ᠋ᠢ ᠴᠡᠭᠴᠡᠯᠡᠬᠦ ᠬᠡᠷᠡᠭᠲᠡᠶ ᠂
ᠴᠡᠷᠢᠭ ᠢ ᠰᠢᠯᠢᠳᠡᠭᠵᠢᠭᠦᠯᠬᠦ ᠦᠵᠡᠯ ᠂ ᠴᠡᠷᠢᠭ ᠦᠨᠵᠠᠷᠯᠢᠭ ᠂ ᠵᠠᠰᠠᠭ ᠤᠨ ᠵᠠᠷᠯᠢᠭ ᠢ
ᠨᠢᠭᠡᠳᠬᠡᠬᠦ ᠂ ᠴᠡᠷᠢᠭ ᠦᠨ ᠰᠠᠬᠢᠯᠭ᠎ᠠ ᠪᠠᠲᠤ ᠶ᠋ᠢ ᠴᠡᠭᠴᠡᠯᠡᠵᠦ ᠂ ᠨᠡᠶᠢᠭᠡᠮ ᠦᠨ ᠠᠮᠤᠷ
ᠲᠥᠪᠰᠢᠨ ᠢ ᠦᠨᠡᠨ ᠬᠦ ᠪᠠᠲᠤᠯᠠᠬᠤ ᠬᠡᠷᠡᠭᠲᠡᠶ ᠃ ᠪᠠᠭᠴᠠᠯᠠᠪᠠᠯ ᠂ ᠰᠢᠨᠡᠴᠢᠯᠡᠯᠲᠡ ᠨᠢ
ᠰᠦᠢᠶᠤᠸᠠᠨ ᠳᠠᠬᠢ ᠪᠦᠷᠢᠨ ᠪᠦᠲᠦᠨ ᠪᠣᠰᠣᠯᠭ᠎ᠠ ᠳ᠋ᠤ ᠵᠣᠬᠢᠬᠤ ᠢᠳᠡᠪᠬᠢᠲᠡᠶ ᠦᠢᠯᠡᠳᠦᠯ
ᠭᠠᠷᠭᠠᠭᠰᠠᠨ ᠪᠠᠶᠢᠨ᠎ᠠ ᠃
ᠤᠮᠠᠷᠠᠲᠤ ᠣᠷᠣᠨ ᠤ ᠲᠣᠪᠴᠢᠶ᠎ᠠ ᠪᠠ ᠰᠦᠢᠶᠤᠸᠠᠨ
ᠮᠣᠵᠢ ᠶ᠋ᠢᠨ ᠨᠠᠮ ᠤᠨ ᠬᠣᠷᠢᠶ᠎ᠠ 《 ᠰᠦᠢᠶᠤᠸᠠᠨ ᠤ ᠬᠡᠯᠡᠯᠴᠡᠭᠡᠷ》 ᠲᠦ ᠭᠠᠷ ᠤᠨ ᠦᠰᠦᠭ
ᠵᠢᠷᠤᠭᠰᠠᠨ ᠤ ᠳᠠᠷᠠᠭ᠎ᠠ ᠂ ᠵᠥᠪᠯᠡᠯᠴᠡᠭᠡᠷ ᠦᠨ ᠡᠯ᠎ᠡ ᠵᠦᠢᠯ ᠦᠨ ᠵᠢᠭᠠᠯᠲᠠ ᠶ᠋ᠢ { ᠵᠦᠢᠯ
ᠵᠤᠷᠪᠤᠰ } ᠨᠠᠶᠢᠳᠠᠪᠤᠷᠢᠵᠢᠬᠤ ᠶ᠋ᠢ ᠪᠠᠲᠤᠯᠠᠬᠤ ᠶ᠋ᠢᠨ ᠲᠥᠯᠥᠭᠡ ᠂ ᠪᠠᠰᠠ ᠶᠡᠬᠡ ᠬᠡᠮᠵᠢᠶᠡᠨ ᠤ
ᠨᠠᠷᠢᠨ ᠨᠢᠮᠪᠠᠶ ᠠᠵᠢᠯ ᠬᠢᠬᠦ ᠬᠡᠷᠡᠭᠲᠡᠶ ᠃ ᠵᠢᠷᠭᠤᠳᠤᠭᠠᠷ ᠰᠠᠷ᠎ᠠ ᠶ᠋ᠢᠨ ᠬᠣᠷᠢᠨ ᠲᠠᠪᠤᠨ ᠤ
ᠡᠳᠦᠷ ᠂ ᠤᠮᠠᠷᠠᠲᠤ ᠣᠷᠣᠨ ᠤ ᠲᠣᠪᠴᠢᠶ᠎ᠠ 《 ᠰᠦᠢᠶᠤᠸᠠᠨ ᠤ ᠵᠥᠪᠯᠡᠯᠴᠡᠭᠡᠷ》 ᠤᠨ ᠲᠣᠭᠲᠠᠭᠠᠯ ᠢ
ᠬᠡᠷᠡᠭᠵᠢᠭᠦᠯᠬᠦ ᠬᠡᠷᠡᠭᠲᠡᠶ ᠭᠡᠵᠦ ᠴᠠᠬᠢᠯᠭᠠᠨ ᠮᠡᠳᠡᠭᠡ ᠪᠡᠷ ᠰᠦᠢᠶᠤᠸᠠᠨ ᠮᠣᠵᠢ ᠶ᠋ᠢᠨ
ᠨᠠᠮ ᠤᠨ ᠬᠣᠷᠢᠶ᠎ᠠ ᠳ᠋ᠤ ᠮᠡᠳᠡᠭᠳᠡᠪᠡ ᠃ ᠬᠣᠷᠢᠨ ᠨᠠᠶᠮᠠᠨ ᠤ ᠡᠳᠦᠷ ᠂ ᠰᠦᠢᠶᠤᠸᠠᠨ
ᠮᠣᠵᠢ ᠶ᠋ᠢᠨ ᠨᠠᠮ ᠤᠨ ᠬᠣᠷᠢᠶ᠎ᠠ ᠥᠷᠭᠡᠳᠬᠡᠭᠰᠡᠨ ᠬᠤᠷᠠᠯ ᠬᠤᠷᠠᠯᠳᠤᠭᠤᠯᠵᠤ ᠂ 《 ᠰᠦᠢᠶᠤᠸᠠᠨ ᠤ
ᠬᠡᠯᠡᠯᠴᠡᠭᠡᠷ》 ᠤᠨ ᠡᠯ᠎ᠡ ᠵᠦᠢᠯ ᠵᠣᠷᠪᠤᠰ ᠢ ᠲᠤᠤᠱᠯᠠᠭᠤᠯᠬᠤ ᠪᠥᠭᠡᠳ ᠰᠦᠢᠶᠤᠸᠠᠨ ᠮᠣᠵᠢ ᠶ᠋ᠢᠨ
ᠨᠠᠮ ᠤᠨ ᠬᠣᠷᠢᠶ᠎ᠠ ᠶ᠋ᠢᠨ ᠠᠵᠢᠯ ᠤᠨ ᠠᠯᠬᠤᠮ ᠳᠠᠷᠠᠭ᠎ᠠ ᠶ᠋ᠢ ᠶᠠᠷᠢᠯᠴᠠᠭᠠᠳ ᠂ ᠬᠤᠷᠠᠯ ᠳ᠋ᠦ
ᠣᠷᠣᠯᠴᠠᠭᠰᠠᠨ ᠨᠥᠬᠥᠳ ᠰᠠᠨᠠᠯ ᠨᠢᠭᠡᠲᠡᠶ ᠲᠥᠪ ᠦᠨ ᠪᠠ ᠤᠮᠠᠷᠠᠲᠤ ᠣᠷᠣᠨ ᠤ ᠲᠣᠪᠴᠢᠶ᠎ᠠ ᠶ᠋ᠢᠨ
ᠵᠢᠭᠠᠪᠤᠷᠢ ᠶ᠋ᠢᠡᠷ ᠡᠰ ᠬᠡᠷᠡᠭᠵᠢᠭᠦᠯᠬᠦ ᠪᠠᠷ ᠲᠣᠭᠲᠠᠪᠠ ᠃ ᠬᠤᠷᠠᠯ ᠤᠨ ᠳᠠᠷᠠᠭ᠎ᠠ ᠂ ᠰᠦᠢᠶᠤᠸᠠᠨ
ᠮᠣᠵᠢ ᠶ᠋ᠢᠨ ᠨᠠᠮ ᠤᠨ ᠬᠣᠷᠢᠶ᠎ᠠ ᠰᠢᠶᠠᠨ ᠤ ᠱᠠᠲᠤᠨ ᠤ ᠨᠠᠮ ᠤᠨ ᠬᠣᠷᠢᠶ᠎ᠠ ᠳ᠋ᠤ 《
ᠰᠦᠢᠶᠤᠸᠠᠨ ᠤ ᠲᠤᠬᠠᠶ ᠬᠡᠯᠡᠯᠴᠡᠭᠡᠷ ᠤᠯᠠᠮᠵᠢᠯᠠᠬᠤ ᠲᠣᠪᠴᠢ 》 ᠶ᠋ᠢ ᠤᠯᠠᠮᠵᠢᠯᠠᠵᠤ ᠂ ᠡᠭᠦᠨ ᠤ
ᠵᠡᠷᠭᠡᠴᠡᠭᠡᠪᠡᠷ ᠨᠢᠭᠡᠳᠦᠮᠡᠯ ᠹᠷᠣᠨᠲ ᠤᠨ ᠠᠵᠢᠯ ᠤᠨ ᠲᠤᠷᠰᠢᠯᠭ᠎ᠠ ᠲᠠᠶ ᠨᠥᠬᠥᠷ ᠪᠠ ᠮᠥᠩᠭᠥᠨ
ᠭᠦᠢᠯᠭᠡᠭᠡᠨ ᠂ ᠠᠷᠠᠯᠵᠢᠶ᠎ᠠ ᠂ ᠲᠡᠮᠦᠷ ᠵᠠᠮ ᠵᠡᠷᠭᠡ ᠲᠠᠯ᠎ᠠ ᠪᠠᠷ ᠣᠨᠴᠠ ᠮᠡᠷᠭᠡᠵᠢᠯ ᠲᠡᠶ
ᠨᠥᠬᠦᠳ ᠢᠶ᠋ᠡᠷ ᠪᠦᠷᠢᠯᠳᠦᠭᠰᠡᠨ ᠤᠮᠠᠷᠠᠲᠤ ᠣᠷᠣᠨ ᠤ ᠠᠷᠠᠳ ᠤᠨ ᠵᠠᠰᠠᠭ ᠤᠨ ᠣᠷᠳᠣᠨ
ᠬᠦᠢᠰᠦ᠋ᠢ ᠳ᠋ᠤ ᠰᠠᠭᠤᠭ᠎ᠠ ᠬᠣᠯᠪᠣᠭ᠎ᠠ ᠠᠪᠬᠤ ᠭᠠᠵᠠᠷ ᠢ ᠪᠠᠶᠢᠭᠤᠯᠵᠤ ᠂ ᠫᠠᠨ ᠵᠢᠶ ᠸᠸᠨ ᠨᠥᠬᠥᠷ
ᠳᠠᠷᠤᠭ᠎ᠠ ᠪᠠᠶᠢᠵᠠᠶ ᠃ ᠬᠣᠯᠪᠣᠭ᠎ᠠ ᠠᠪᠬᠤ ᠭᠠᠵᠠᠷ ᠢ ᠲᠦᠷᠦᠭᠦᠦ ᠪᠦᠯᠦᠭ ᠠᠵᠢᠯᠳᠠᠨ ᠤ
ᠬᠣᠯᠪᠣᠭ᠎ᠠ ᠠᠪᠬᠤ ᠭᠠᠵᠠᠷ ᠤᠨ ᠡᠷᠬᠢᠯᠡᠭᠴᠢ ᠯᠦ ᡁᠢ ᠬᠣᠣ ᠨᠥᠬᠦᠷ ᠦᠨ ᠳᠠᠭᠠᠭᠤᠯᠭ᠎ᠠ ᠳᠣᠣᠷ᠎ᠠ ᠂
ᠬᠦᠢᠰᠦ᠋ᠢ ᠳ᠋ᠤ ᠵᠢᠩᠬᠢᠨᠢ ᠪᠡᠷ ᠣᠷᠣᠵᠤ ᠂ ᠠᠷᠪᠠᠨ ᠲᠤᠯᠤᠭᠠᠨ ᠤ ᠡᠳᠦᠷ ᠂ ᠫᠠᠨ ᠵᠢᠶ ᠸᠸᠨ
ᠨᠥᠬᠥᠳ ᠲᠡᠶ ᠪᠡᠨ ᠬᠠᠮᠲᠤ ᠪᠠᠷ ᠬᠣᠯᠪᠣᠭ᠎ᠠ ᠠᠪᠬᠤ ᠭᠠᠵᠠᠷ ᠲᠦ ᠣᠷᠣᠵᠤ ᠂ ᠬᠣᠶᠠᠷ ᠲᠠᠯ᠎ᠠ ᠶ᠋ᠢᠨ
ᠬᠠᠮᠲᠤᠷᠠᠯᠴᠠᠭ᠎ᠠ ᠬᠡᠷᠡᠭᠵᠢᠭᠦᠯᠵᠦ ᠂ 《 ᠰᠦᠢᠶᠤᠸᠠᠨ ᠤ ᠵᠥᠪᠯᠡᠯᠴᠡᠭᠡᠷ》 ᠤᠨ ᠠᠵᠢᠯ ᠦᠨ
ᠪᠠᠶᠠᠷᠯᠠᠭᠤᠰᠢᠲᠠᠶ ᠨᠢᠭᠡ ᠠᠯᠬᠤᠮ ᠪᠣᠯᠬᠤ ᠶᠤᠮ ᠃
ᠬᠣᠯᠪᠣᠭ᠎ᠠ ᠠᠪᠬᠤ ᠭᠠᠵᠠᠷ
ᠬᠦᠢᠰᠦ᠋ᠢ ᠳ᠋ᠦ ᠣᠷᠣᠵᠤ ᠂ ᠫᠠᠨ ᠵᠢᠶ ᠸᠸᠨ ᠨᠥᠬᠥᠷ ᠳ᠋ᠦᠩ ᠴᠢ ᠡᠦ ᠵᠠᠩᠵᠤᠨ《ᠰᠥᠢᠶᠤᠸᠠᠨ ᠤ
ᠵᠥᠪᠯᠡᠯᠴᠡᠭᠡᠷ》 ᠢ ᠬᠡᠷᠬᠢᠨ ᠪᠡᠶᠡᠯᠡᠭᠦᠯᠬᠦ ᠲᠤᠬᠠᠢ ᠲᠤᠰ ᠲᠤᠰ ᠲᠤᠨᠢ ᠣᠷᠣᠨ ᠨᠤᠲᠤᠭ ᠤᠨ
ᠨᠡᠷᠡᠲᠦ ᠬᠥᠮᠦᠰ ᠵᠠᠩ ᠴᠢᠨ ᠂ ᠶᠠᠨ ᠰᠤ ᠂ ᠷᠦᠩ ᠰᠢᠶᠠᠩ ᠠᠪᠤᠭᠠᠶ ᠵᠡᠷᠭᠡ ᠬᠥᠮᠦᠰ ᠲᠠᠢ
ᠶᠠᠷᠢᠯᠴᠠᠵᠤ᠂ ᠰᠥᠢᠶᠤᠸᠠᠨ ᠢ ᠨᠠᠶᠢᠷᠠᠮᠳᠠᠯ ᠢᠶᠠᠷ ᠴᠢᠯᠥᠭᠡᠯᠡᠬᠦ ᠴᠢᠭᠯᠡᠯᠲᠡ ᠶ᠋ᠢ
ᠲᠣᠳᠣᠷᠬᠠᠶᠢᠯᠠᠵᠤ ᠂ ᠡᠯ᠎ᠡ ᠲᠠᠯ᠎ᠠ ᠶ᠋ᠢᠨ ᠬᠢᠨ ᠤ ᠬᠣᠯᠪᠣᠭ᠎ᠠ ᠪᠠᠶᠢᠭᠤᠯᠵᠤ ᠂ ᠪᠠᠶᠢᠳᠠᠯ ᠢ
ᠣᠶᠢᠯᠠᠭᠠᠵᠤ ᠂ ᠬᠡᠯᠡᠯᠴᠡᠭᠡᠷ ᠢ ᠤᠬᠠᠭᠤᠯᠵᠤ ᠂ ᠡᠨᠡ ᠬᠣᠯᠪᠣᠭ᠎ᠠ ᠠᠪᠬᠤ ᠭᠠᠵᠠᠷ ᠲᠦ ᠢᠳᠡᠪᠬᠢᠲᠡᠶ
ᠠᠵᠢᠯᠯᠠᠨ ᠂ ᠮᠠᠨ ᠤ ᠨᠠᠮ ᠤᠨ ᠥᠩᠭᠡᠷᠡᠭᠰᠡᠨ ᠤ ᠶᠠᠪᠤᠳᠠᠯ ᠢ ᠤᠢᠯᠦ ᠨᠡᠬᠡᠬᠦ ᠂ ᠲᠣᠬᠢᠲᠠᠶ
ᠲᠥᠪᠬᠢᠨᠡᠭᠦᠯᠦᠨ ᠲᠣᠬᠢᠷᠠᠭᠤᠯᠬᠤ ᠬᠡᠷᠡᠭᠲᠡᠶ ᠂ ᠡᠨᠡ ᠬᠦ ᠲᠥᠷᠦ ᠶ᠋ᠢᠨ ᠪᠣᠳᠤᠯᠭ᠎ᠠ ᠨᠢ
ᠰᠦᠢᠶᠤᠸᠠᠨ ᠤ ᠥᠷᠭᠡᠨ ᠤᠯᠠᠨ ᠬᠥᠮᠦᠰ ᠦᠨ ᠳᠡᠮᠵᠢᠯᠭᠡ ᠬᠦᠷᠢᠶᠡᠯᠡᠯ ᠢ ᠣᠯᠤᠭᠰᠠᠨ ᠪᠠᠶᠢᠨ᠎ᠠ ᠃
ᠡᠭᠦᠨ ᠤ ᠬᠠᠮᠲᠤ ᠪᠠᠰᠠ ᠡᠪ ᠬᠠᠮᠲᠤ ᠨᠠᠮ ᠪᠣᠯᠤᠨ ᠭᠤᠮᠢᠨᠳᠠᠩ ᠤᠨ ᠲᠡᠷᠰᠯᠡᠭᠦᠴᠦᠳ ᠂
ᠳᠠᠪᠰᠢᠩᠭᠤᠶ ᠬᠦᠴᠦᠨ ᠬᠢᠭᠡᠳ ᠲᠡᠷᠰᠯᠡᠭᠦᠦ ᠬᠦᠴᠦᠨ ᠪᠠᠰᠠ ᠬᠤᠷᠴᠠ ᠪᠤᠳᠤᠯᠢᠶᠠᠨᠲᠠᠶ ᠲᠠᠮᠡᠴᠡᠯ ᠢ
ᠬᠢᠭᠰᠡᠨ ᠪᠠᠶᠢᠨ᠎ᠠ ᠃ ᠭᠤᠸᠠᠩᠵᠧᠦ ᠶ᠋ᠢᠩ ᠭᠤᠮᠢᠨᠳᠠᠩ ᠤᠨ ᠲᠥᠪ ᠵᠠᠰᠠᠭ ᠤᠨ ᠣᠷᠳᠣᠨ ᠲᠡᠳᠡᠨ ᠢ
ᠬᠠᠷᠠᠭᠠᠳ ᠰᠥᠢᠶᠤᠸᠠᠨ ᠤ ᠲᠤᠬᠠᠢ ᠰᠠᠨᠠᠭ᠎ᠠ ᠮᠥᠬᠦᠬᠦ ᠦᠭᠡᠢ ᠪᠠᠶᠢᠪᠠ᠃ ᠨᠢᠭᠡ ᠲᠠᠯ᠎ᠠ ᠪᠠᠷ
ᠭᠤᠮᠢᠨᠳᠠᠩ ᠤᠨ ᠲᠥᠪ ᠦᠨ ᠵᠠᠰᠠᠭ ᠵᠠᠬᠢᠷᠭᠠᠨ ᠤ ᠬᠣᠷᠢᠶᠠᠨ ᠤ ᠳᠠᠷᠤᠭ᠎ᠠ ᠶᠠᠨ ᠰᠢ ᠱᠠᠨ
ᠪᠡᠶ᠎ᠡ ᠪᠡᠷ ᠢᠶ᠋ᠡᠨ ᠰᠦᠢᠶᠤᠸᠠᠨ ᠤ ᠴᠡᠷᠢᠭ ᠪᠣᠯᠤᠨ ᠱᠠᠨ ᠰᠢ ᠮᠤᠵᠢ ᠶ᠋ᠢᠨ ᠲᠠᠯ᠎ᠠ ᠶ᠋ᠢᠨ
ᠲᠡᠦᠬᠡᠨ ᠬᠠᠷᠢᠴᠠᠭ᠎ᠠ ᠂ ᠵᠣᠭᠣᠰ ᠮᠥᠩᠭᠥ ᠪᠠ ᠨᠡᠷ᠎ᠡ ᠰᠠᠭᠤᠷᠢ ᠶ᠋ᠢ ᠬᠤᠳᠠᠯᠳᠤᠨ ᠠᠪᠴᠤ ᠂
ᠰᠠᠭᠤᠭ᠎ᠠ ᠴᠡᠷᠢᠭ ᠠᠩᠭᠢ ᠳᠣᠲᠣᠷᠠᠬᠢ ᠣᠨᠴᠠ ᠵᠠᠷᠢᠮ ᠴᠡᠷᠢᠭ ᠦᠨ ᠨᠣᠶᠠᠳ ᠂ ᠹᠷᠣᠨᠲ᠋ ᠢᠶᠠᠷ
ᠳᠠᠮᠵᠢᠭᠤᠯᠤᠨ ᠲᠠᠳᠠᠨ ᠰᠠᠯᠭᠠᠵᠤ ᠂ ᠰᠠᠮᠠᠭᠤᠨ ᠳᠡᠭᠳᠡᠭᠡᠬᠦ ᠂ ᠨᠥᠭᠦᠭᠡ ᠲᠠᠯ᠎ᠠ ᠪᠠᠷ ᠳ᠋ᠦᠩ ᠴᠢ
ᠡᠦ ᠵᠠᠩᠵᠤᠨ ᠢ ᠪᠠᠷᠠᠭᠤᠨ ᠬᠣᠶᠢᠲᠤ ᠶ᠋ᠢᠨ ᠴᠡᠷᠢᠭ ᠵᠠᠰᠠᠭ ᠤᠨ ᠳᠡᠳ᠋ ᠳᠠᠷᠤᠭ᠎ᠠ ᠪᠥᠭᠡᠳ
ᠰᠦᠢᠶᠤᠸᠠᠨ ᠤ ᠵᠢᠯᠣᠭᠣᠳᠬᠤ ᠭᠠᠵᠠᠷ ᠤᠨ ᠡᠷᠬᠢᠯᠡᠭᠴᠢ ᠪᠠᠷ ᠲᠣᠮᠢᠯᠠᠪᠠ ᠃ ᠶᠢᠰᠦᠳᠦᠭᠡᠷ
ᠪᠢᠩᠲ᠋ᠤᠸᠠᠨ ᠢ ᠪᠠᠶᠢᠭᠤᠯᠵᠤ ᠂ ᠶᠢᠰᠦᠳᠦᠭᠡᠷ ᠰᠦᠨ ᠯᠠᠨ ᠹᠸᠩ ᠢ ᠶᠢᠰᠦᠳᠦᠭᠡᠷ ᠪᠢᠩᠲ᠋ᠤᠸᠠᠨ ᠤ
ᠰᠧᠯᠢᠩ ᠪᠣᠯᠭᠠᠪᠠ᠃ ᠦᠡᠭᠭᠡᠨ ᠳᠡᠭᠡᠷ᠎ᠡ ᠪᠡᠨ ᠳᠡᠪᠰᠢᠭᠦᠯᠵᠦ ᠦᠨᠡᠨ ᠳᠡᠭᠡᠨ ᠪᠠᠭᠤᠷᠠᠭᠤᠯᠬᠤ
ᠠᠷᠭ᠎ᠠ ᠂ ᠳ᠋ᠦᠩ ᠴᠢ ᠡᠦ ᠵᠠᠩᠵᠤᠨ ᠢ ᠰᠦᠢᠶᠤᠸᠠᠨ ᠤ ᠴᠡᠷᠢᠭ ᠢ ᠲᠤᠰᠢᠶᠠᠯᠭᠠᠬᠤ ᠭᠡᠪᠡ ᠃
ᠸᠠᠩ ᠺᠸ ᠵᠢᠶᠤᠨ 《 ᠰᠦᠢᠶᠤᠸᠠᠨ ᠤ ᠵᠥᠪᠯᠡᠯᠴᠡᠭᠡᠷ》ᠢ ᠠᠪᠴᠤ ᠭᠦ᠋ᠢᠰᠦᠢᠢ ᠳ᠋ᠤ ᠳ᠋ᠦᠩ ᠴᠢ
ᠡᠦᠵᠠᠩᠵᠤᠨ ᠢ ᠬᠠᠪᠰᠤᠷᠤᠨ ᠠᠵᠢᠯᠯᠠᠬᠤ ᠦᠶᠡᠰ ᠂ ᠲᠠᠩᠨᠠᠭᠤᠯᠴᠢᠳ ᠡᠰᠢ ᠲᠡᠰᠢ ᠭᠤᠲᠤᠭᠠᠬᠤ
ᠴᠢᠨᠠᠷᠲᠠᠶ ᠤᠬᠠᠭᠤᠯᠭ᠎ᠠ ᠶ᠋ᠢᠨ ᠬᠠᠭᠤᠳᠠᠰᠤ ᠲᠠᠷᠬᠠᠭᠠᠵᠤ ᠂ ᠤᠮᠠᠷᠠᠲᠤ ᠣᠷᠣᠨ ᠤ ᠠᠷᠠᠳ ᠤᠨ
ᠵᠠᠰᠠᠭ ᠤᠨ ᠣᠷᠳᠣᠨ ᠬᠦᠢᠰᠦ᠋ᠢ ᠳ᠋ᠤ ᠰᠠᠭᠤᠭ᠎ᠠ ᠬᠣᠯᠪᠣᠭ᠎ᠠ ᠠᠪᠬᠤ ᠭᠠᠵᠠᠷ ᠣᠷᠣᠵᠤ ᠂
ᠭᠤᠮᠢᠨᠳᠠᠩ ᠤᠨ ᠲᠠᠩᠨᠠᠭᠤᠯ ᠢ ᠨᠡᠩ ᠴᠤ ᠶᠠᠰᠤᠨ ᠳᠤᠨᠢ ᠣᠷᠣᠳᠠᠯ᠎ᠠ ᠬᠣᠷᠣᠰᠴᠤ ᠪᠠᠶᠢᠪᠠ ᠂
ᠨᠢᠭᠡᠳᠦᠭᠡᠷ ᠪᠥᠯᠦᠭ ᠦᠨ ᠨᠥᠬᠥᠷ ᠬᠣᠯᠪᠣᠭ᠎ᠠ ᠠᠪᠬᠤ ᠭᠠᠵᠠᠷ ᠬᠦᠷᠦᠭᠰᠡᠨ ᠤᠷᠤᠢ ᠂ ᠲᠠᠩᠨᠠᠭᠤᠯᠴᠢᠳ
《 ᠲᠡᠮᠡᠴᠡᠬᠦ ᠡᠳᠦᠷ ᠦᠨ ᠰᠣᠨᠢᠨ 》 ᠬᠣᠷᠢᠶᠠᠨ ᠤ ᠨᠡᠶᠢᠲᠡᠯᠡᠭᠰᠡᠨ ᠮᠡᠳᠡᠭᠡ ᠰᠢᠨᠬᠤᠸᠠ
ᠬᠣᠷᠢᠶᠠᠨ ᠤ ᠶᠠᠷᠣᠩᠭᠡᠢᠢᠯᠠᠭᠰᠠᠨ ᠮᠡᠳᠡᠭᠡ ᠪᠠ ᠠᠷᠠᠳ ᠤᠨ ᠴᠢᠯᠥᠭᠡᠯᠡᠬᠦ ᠴᠡᠷᠢᠭ ᠦᠨ
ᠢᠯᠠᠯᠲᠠ ᠲᠠᠶ ᠪᠠᠷ ᠤᠷᠤᠭᠰᠢᠯᠠᠵᠤ ᠪᠠᠶᠢᠬᠤ ᠶ᠋ᠢ ᠨᠡᠶᠢᠲᠡᠯᠡᠭᠰᠡᠨ ᠢᠶ᠋ᠡᠷ ᠰᠢᠯᠲᠠᠭ ᠪᠣᠯᠭᠠᠵᠤ ᠂
ᠨᠢᠭᠡ ᠤᠳᠠᠭᠠᠨ ᠤ ᠲᠡᠮᠡᠴᠡᠯ ᠦᠨ ᠡᠳᠦᠷ ᠦᠨ ᠰᠣᠨᠢᠨ ᠤ ᠬᠣᠷᠢᠶᠠᠨ ᠤ ᠰᠢᠪᠰᠢᠭᠲᠦ ᠵᠥᠴᠦᠭᠡ ᠶ᠋ᠢ
ᠲᠣᠭᠯᠠᠭᠰᠠᠨ ᠪᠥᠭᠡᠳ ᠲᠤᠰ ᠰᠣᠨᠢᠨ ᠤ ᠵᠠᠷᠢᠮ ᠨᠡᠯᠢᠶᠡᠳ ᠳᠠᠪᠰᠢᠩᠭᠤᠶ ᠰᠣᠨᠢᠨ ᠤ ᠬᠣᠷᠢᠶᠠᠨ ᠤ
ᠨᠠᠶᠢᠷᠠᠭᠤᠯᠤᠭᠴᠢ ᠶ᠋ᠢ ᠬᠥᠭᠡᠭᠡᠭᠰᠡᠨ ᠪᠠᠶᠢᠨ᠎ᠠ ᠃ ᠡᠳᠡᠭᠡᠷ ᠨᠢ ᠬᠣᠶᠠᠷ
ᠲᠠᠯ᠎ᠠ ᠪᠠᠷ ᠢᠶᠡᠨ《ᠰᠦᠢᠶᠤᠸᠠᠨ ᠤ ᠬᠡᠯᠡᠯᠴᠡᠭᠡᠷ》 ᠥᠴᠦᠬᠡᠨ ᠴᠦ ᠭᠤᠶᠢᠪᠢᠭᠠ ᠦᠭᠡᠢ
ᠬᠡᠷᠡᠭᠵᠢᠭᠦᠯᠬᠦ ᠵᠣᠷᠢᠭ ᠢ ᠬᠠᠷᠰᠢᠯᠠᠵᠤ ᠳᠡᠶᠢᠯᠦᠭᠰᠡᠨ ᠦᠭᠡᠢ᠃ ᠲᠠᠩᠨᠠᠭᠤᠯ ᠠᠶᠤᠯᠭᠠᠨ
ᠰᠦᠷᠳᠡᠭᠦᠯᠬᠦ ᠠᠵᠢᠯᠯᠠᠭ᠎ᠠ ᠪᠡᠶᠡᠯᠡᠭᠳᠡᠵᠦ ᠴᠢᠳᠠᠭᠰᠠᠨ ᠦᠭᠡᠢ ᠶ᠋ᠢ ᠬᠠᠷᠠᠭᠠᠳ ᠂ ᠹᠠᠱᠢᠰ ᠠᠷᠭ᠎ᠠ
ᠬᠡᠮᠵᠢᠶ᠎ᠡ ᠠᠪᠴᠤ᠂ ᠳᠣᠯᠣᠳᠤᠭᠠᠷ ᠰᠠᠷ᠎ᠠ ᠶ᠋ᠢᠨ ᠬᠣᠷᠢᠨ ᠳᠦᠷᠪᠡᠨ ᠤ ᠡᠳᠦᠷ ᠦᠨ ᠦᠳᠡ ᠳ᠋ᠦ ᠂
ᠪᠠᠰᠠ ᠨᠢᠭᠡ ᠤᠳᠠᠭᠠᠨ ᠤ ᠵᠣᠷᠢᠭᠤᠳᠠ ᠫᠤᠤᠳᠠᠨ ᠠᠯᠠᠭᠰᠠᠨ ᠬᠡᠷᠡᠭ ᠢ ᠥᠢᠯᠡᠳᠴᠦ ᠂ ᠬᠣᠯᠪᠣᠭ᠎ᠠ
ᠠᠪᠬᠤ ᠭᠠᠵᠠᠷ ᠤᠨ ᠠᠵᠢᠯᠲᠠᠨ ᠢ ᠰᠢᠷᠬᠠᠲᠤᠭᠤᠯᠬᠤ ᠂ ᠸᠠᠩ ᠱᠢ ᠰᠢᠨ ᠨᠥᠬᠦᠷ ᠢ ᠠᠯᠠᠵᠤ ᠂ ᠲᠣᠣ
ᠵᠢᠶᠤᠨ ᠂ ᠭᠤᠸᠠᠩ ᠳ᠋ᠢ ᠨᠥᠬᠦᠷ ᠢ ᠰᠢᠷᠬᠠᠳᠠᠭᠤᠯᠤᠭᠰᠠᠨ ᠬᠠᠷᠠᠰᠠᠯᠳ᠋ᠦ ᠬᠡᠷᠡᠭ ᠢ ᠥᠢᠯᠡᠳᠪᠡ ᠃
ᠸᠠᠩ ᠱᠢ ᠰᠢᠨ ᠤ ᠬᠠᠷᠠᠰᠠᠯᠳᠤ ᠬᠡᠷᠡᠭ ᠭᠠᠷᠤᠭᠰᠠᠨ ᠤ ᠲᠠᠷᠠᠭ᠎ᠠ ᠂ ᠬᠣᠯᠪᠣᠭ᠎ᠠ ᠠᠪᠬᠤ
ᠭᠠᠵᠠᠷ ᠨᠢ ᠨᠠᠮ ᠤᠨ ᠲᠥᠪ ᠬᠣᠷᠢᠶ᠎ᠠ ᠤᠮᠠᠷᠠᠲᠤ ᠣᠷᠣᠨ ᠤ ᠲᠣᠪᠴᠢᠶ᠎ᠠ ᠂ ᠳ᠋ᠦᠩ ᠴᠢ ᠡᠦ
ᠵᠠᠩᠵᠤᠨ ᠡᠴᠡ ᠹᠦ᠋ ᠽᠦᠸᠸ ᠢ ᠵᠠᠩᠵᠤᠨ ᠳ᠋ᠦ ᠬᠠᠷᠠᠰᠠᠯᠲᠤ ᠬᠡᠷᠡᠭ ᠡᠭᠦᠰᠦᠭᠰᠡᠨ ᠶᠠᠪᠤᠴᠠ ᠶ᠋ᠢ
ᠲᠤᠰ ᠲᠤᠰ ᠮᠡᠳᠡᠭᠦᠯᠵᠡᠶ ᠃ ᠡᠭᠦᠨ ᠤ ᠲᠤᠯᠠ ᠮᠠᠤ ᠽᠸ ᠳ᠋ᠦᠩ ᠲᠡᠷᠢᠭᠦᠯᠡᠭᠴᠢ ᠹᠦ᠋ ᠽᠦᠸᠸ ᠢ
ᠵᠠᠩᠵᠤᠨ ᠢ ᠬᠦᠯᠢᠶᠡᠨ ᠠᠪᠴᠤ ᠠᠭᠤᠯᠵᠠᠭᠰᠠᠨ ᠪᠠᠶᠢᠨ᠎ᠠ ᠂ ᠲᠡᠷᠢᠭᠦᠯᠡᠭᠴᠢ ᠮᠠᠤ ᠽᠸ ᠳ᠋ᠦᠩ
ᠬᠡᠯᠡᠬᠦ ᠳᠡᠭᠡᠨ ᠄ ᠤᠴᠢᠷ ᠶᠠᠪᠤᠳᠠᠯ ᠮᠤᠷᠤᠶ ᠰᠠᠷᠤᠶ ᠵᠠᠮ ᠢᠶᠠᠷ ᠶᠠᠪᠤᠵᠤ ᠂ ᠬᠤᠪᠢᠰᠬᠠᠯ ᠳ᠋ᠤ
ᠪᠡᠶ᠎ᠡ ᠥᠷᠡᠭᠳᠡᠬᠦ ᠨᠢ ᠯᠠᠪᠲᠠᠢ ᠶᠤᠮ ᠂ ᠰᠦᠢᠶᠤᠸᠠᠨ ᠢ ᠰᠦᠢᠶᠤᠸᠠᠨ ᠤ ᠠᠷᠭ᠎ᠠ ᠪᠠᠷ
ᠴᠢᠯᠦᠭᠡᠯᠡᠬᠦ ᠨᠢ ᠬᠤᠪᠢᠷᠠᠰᠢ ᠦᠭᠡᠢ ᠃ ᠨᠠᠮ ᠤᠨ ᠲᠥᠪ ᠬᠣᠷᠢᠶ᠎ᠠ ᠴᠠᠭ ᠲᠤᠬᠠᠶ ᠳᠤᠨᠢ
ᠬᠦᠢᠰᠦ᠋ᠢ ᠶ᠋ᠢᠨ ᠨᠠᠮ ᠤᠨ ᠠᠵᠢᠯᠯᠠᠬᠤ ᠬᠣᠷᠢᠶ᠎ᠠ ᠳ᠋ᠦ ᠵᠢᠭᠠᠪᠤᠷᠢ ᠪᠠᠭᠤᠯᠭᠠᠵᠤ ᠂ ᠡᠨᠡ
ᠤᠳᠠᠭᠠᠨ ᠤ ᠬᠡᠷᠡᠭ ᠪᠣᠯ ᠭᠤᠮᠢᠨᠳᠠᠩ ᠤᠨ ᠲᠠᠩᠨᠠᠭᠤᠯ ᠤᠨ ᠨᠢᠭᠡᠨ ᠣᠪ ᠮᠡᠬᠡ ᠂ ᠵᠣᠷᠢᠯᠭ᠎ᠠ ᠨᠢ
ᠰᠦᠢᠶᠤᠸᠠᠨ ᠢᠨᠠᠶᠢᠷᠠᠮᠳᠠᠯ ᠢᠶᠠᠷ ᠴᠢᠯᠥᠭᠡᠯᠡᠬᠦ ᠶ᠋ᠢ ᠬᠠᠷᠰᠢᠯᠠᠵᠤ᠂ ᠪᠢᠳᠡ ᠬᠡᠷᠪᠡ ᠪᠦᠬᠦ
ᠬᠦᠴᠦᠨ ᠢᠶ᠋ᠡᠨ ᠲᠠᠲᠠᠵᠤ ᠠᠪᠴᠢᠷᠠᠪᠠᠯ ᠶᠠᠭ ᠲᠡᠳᠡᠨ ᠤ ᠮᠡᠬᠡᠨ ᠳ᠋ᠤ ᠤᠨᠠᠬᠤ ᠪᠣᠯᠤᠨ᠎ᠠ ᠂
ᠡᠶᠢᠮᠦ ᠡᠴᠡ ᠡᠷᠬᠡᠪᠰᠢ ᠬᠦᠴᠦᠨ ᠢᠶ᠋ᠡᠨ ᠦᠯᠡᠳᠡᠭᠡᠬᠦ ᠬᠡᠷᠡᠭᠲᠡᠶ ᠪᠥᠭᠡᠳ ᠪᠠᠷᠢᠮᠲᠠᠯᠠᠬᠤ
ᠬᠡᠷᠡᠭᠲᠡᠶ ᠃ ᠲᠥᠪ ᠬᠣᠷᠢᠶᠠᠨ ᠤ ᠵᠢᠭᠠᠪᠤᠷᠢ ᠶ᠋ᠢᠨ ᠵᠣᠷᠢᠭ ᠰᠠᠨᠠᠭ᠎ᠠ ᠶ᠋ᠢ ᠦᠨᠳᠦᠰᠦᠯᠡᠨ ᠂
ᠬᠣᠯᠪᠣᠭ᠎ᠠ ᠠᠪᠬᠤ ᠭᠠᠵᠠᠷ ᠲᠦ ᠬᠦᠴᠦᠨ ᠢᠶ᠋ᠡᠨ ᠦᠯᠡᠳᠡᠭᠡᠵᠦ ᠂ ᠯᠦ ᡁᠢ ᠵᠢᠶᠸ ᠂ ᠾᠧ ᠱᠤ ᠱᠧᠩ
ᠵᠡᠷᠭᠡ ᠨᠥᠬᠥᠳ ᠬᠠᠷᠢᠭᠤᠴᠠᠵᠤ ᠠᠵᠢᠯ ᠢᠶᠡᠨ ᠲᠠᠰᠤᠯᠳᠠᠭᠤᠯᠤᠭᠰᠠᠨ ᠦᠭᠡᠢ ᠃ ᠫᠠᠨ ᠵᠢᠶ ᠸᠸᠨ ᠂
ᠬᠣᠯᠪᠣᠭ᠎ᠠ ᠠᠪᠬᠤ ᠭᠠᠵᠠᠷ ᠤᠨ ᠣᠯᠠᠩᠬᠢ ᠨᠥᠬᠦᠳ ᠦᠨ ᠬᠠᠮᠲᠤ ᠬᠠᠮᠠᠭᠠᠯᠠᠨ ᠬᠦᠷᠭᠡᠬᠦ ᠸᠠᠩ
ᠳᠠᠭᠠᠭᠤᠯᠵᠤ 7 ᠰᠠᠷ᠎ᠠ ᠶ᠋ᠢᠨ 26 ᠤ ᠡᠳᠦᠷ ᠪᠤᠴᠠᠵᠤ ᠢᠷᠡᠪᠡ ᠃
ᠭᠤᠮᠢᠨᠳᠠᠩ ᠤᠨ ᠵᠠᠰᠠᠭ ᠤᠨ
ᠣᠷᠳᠣᠨ ᠤ ᠶᠠᠨ ᠰᠢ ᠱᠠᠨ ᠵᠡᠷᠭᠡ ᠬᠥᠮᠦᠰ ᠦᠨ ᠡᠪᠳᠡᠯᠡᠭᠡ ᠬᠢᠬᠦ ᠪᠡᠷ ᠬᠤᠤᠪᠢᠯᠳᠤᠬᠤ ᠪᠠ
ᠲᠠᠩᠨᠠᠭᠤᠯ ᠤᠯᠠᠶᠢᠷᠠᠭᠰᠠᠨ ᠠᠵᠢᠯᠯᠠᠭ᠎ᠠ ᠬᠢᠵᠦ ᠂ ᠰᠦᠢᠶᠤᠸᠠᠨ ᠢ ᠨᠠᠶᠢᠷᠠᠮᠳᠠᠯ ᠢᠶᠠᠷ
ᠴᠢᠯᠥᠭᠡᠯᠡᠬᠦ ᠠᠵᠢᠯ ᠳ᠋ᠤ ᠲᠠᠬᠢᠨ ᠳᠠᠪᠲᠠᠨ ᠬᠠᠷᠰᠢ ᠰᠠᠭᠠᠳ ᠤᠴᠠᠷᠠᠭᠤᠯᠵᠤ᠂ ᠰᠦᠢᠶᠤᠸᠠᠨ ᠢ
ᠨᠠᠶᠢᠷᠠᠮᠳᠠᠯ ᠢᠶᠠᠷ ᠴᠢᠯᠥᠭᠡᠯᠡᠬᠦ ᠤᠳᠠᠲᠠᠯ᠎ᠠ ᠪᠡᠶᠡᠯᠡᠭᠳᠡᠵᠦ ᠳᠡᠶᠢᠯᠦᠭᠰᠡᠨ ᠦᠭᠡᠢ ᠂
ᠲᠡᠭᠡᠭᠡᠳ ᠳ᠋ᠦᠩ ᠴᠢ ᠡᠦ ᠵᠠᠩᠵᠤᠨ ᠡᠴᠡ ᠹᠦ᠋ ᠽᠦᠸᠸ ᠢ ᠵᠠᠩᠵᠤᠨ ᠥᠪᠡᠷ ᠦᠨ ᠪᠡᠶ᠎ᠡ ᠪᠡᠷ ᠢᠶ᠋ᠡᠨ
ᠰᠥᠢᠶᠤᠸᠠᠨ ᠳ᠋ᠤ ᠢᠷᠡᠬᠦ ᠶ᠋ᠢ ᠭᠤᠶᠤᠴᠢᠯᠠᠪᠠ᠃ ᠹᠦ᠋ ᠽᠦᠸᠸ ᠢ ᠵᠠᠩᠵᠤᠨ ᠰᠦᠢᠶᠤᠸᠠᠨ ᠤ ᠴᠡᠷᠢᠭ
ᠠᠩᠭᠢ ᠶ᠋ᠢᠨ ᠰᠢᠰᠲ᠋ᠧᠮ ᠪᠣᠳᠤᠯᠢᠶᠠᠨᠲᠠᠢ ᠶ᠋ᠢ ᠪᠣᠳᠤᠵᠤ ᠂ ᠵᠥᠪᠬᠡᠨ ᠳ᠋ᠦᠩ ᠴᠢ ᠡᠦ ᠵᠠᠩᠵᠤᠨ
ᠠᠮᠠᠷᠬᠠᠨ ᠡᠵᠡᠮᠰᠢᠵᠦ ᠳᠡᠶᠢᠯᠬᠦ ᠦᠭᠡᠢ ᠶ᠋ᠢ ᠮᠡᠳᠡᠪᠡ ᠃ ᠲᠡᠭᠡᠭᠡᠦᠠ ᠮᠠᠤ ᠽᠸ ᠳ᠋ᠦᠩ
ᠲᠡᠷᠢᠭᠦᠯᠡᠭᠴᠢ ᠪᠡᠷ ᠵᠥᠪᠰᠢᠶᠡᠷᠡᠭᠦᠯᠵᠦ ᠂ ᠨᠠᠶᠮᠠᠳᠤᠭᠠᠷ ᠰᠠᠷ᠎ᠠ ᠶ᠋ᠢᠨ ᠬᠣᠷᠢᠨ ᠳᠦᠷᠪᠡᠨ ᠤ
ᠡᠳᠦᠷ ᠹᠦ᠋ ᠽᠦ᠋ᠸᠸ ᠢ ᠂ ᠳ᠋ᠧᠩ ᠪᠦᠦ ᠱᠠᠨ ᠬᠣᠶᠠᠷ ᠵᠠᠩᠵᠤᠨ ᠂ ᠫᠠᠨ ᠵᠢᠶ ᠸᠸᠨ ᠨᠥᠬᠥᠳ ᠪᠠᠷ᠎ᠠ
ᠪᠣᠯᠵᠤ ᠂ ᠨᠠᠮ ᠤᠨ ᠲᠥᠪ ᠬᠣᠷᠢᠶ᠎ᠠ ᠵᠥᠪᠰᠢᠶᠡᠷᠡᠨ ᠬᠣᠷᠢᠨ ᠲᠦᠮᠡᠨ ᠲᠥᠭᠥᠷᠢᠭ ᠮᠥᠩᠭᠥᠨ ᠵᠣᠭᠣᠰ
ᠪᠣᠯᠤᠨ ᠪᠣᠰᠤᠳ ᠲᠣᠬᠣᠨᠢᠭᠤᠯᠬᠤ ᠪᠣᠳᠠᠰ ᠠᠪᠴᠤ ᠂ ᠪᠸᠢᠢᠫᠢᠡᠭ ᠡᠴᠡ ᠭᠠᠷᠴᠤ ᠂ ᠹᠧᠩ ᠵᠸᠨ
ᠪᠠᠯᠭᠠᠰᠤ ᠪᠠ ᠰᠦᠢᠶᠤᠸᠠᠨ ᠮᠣᠵᠢ ᠶ᠋ᠢᠨ ᠨᠠᠮ ᠵᠠᠰᠠᠭ ᠴᠡᠷᠢᠭ ᠦᠨ ᠤᠳᠤᠷᠢᠳᠤᠯᠭ᠎ᠠ ᠭᠤᠤ ᠺᠸ ᠯᠢᠨ ᠂
ᠶᠠᠩ ᡁᠢ ᠯᠢᠨ ᠂ ᠶᠣᠣ ᠵᠧ ᠶᠢᠨ ᠵᠡᠷᠭᠡ ᠨᠥᠬᠥᠷ ᠲᠠᠢᠣᠬᠣᠷ ᠴᠠᠭ ᠶᠠᠷᠢᠯᠴᠠᠵᠤ ᠂ ᠯᠦ ᡁᠢ ᠬᠣᠣ
ᠨᠥᠬᠦᠷ ᠪᠠᠷ᠎ᠠ ᠪᠤᠯᠵᠦ ᠂ ᠬᠣᠷᠢᠨ ᠲᠠᠪᠤᠨ ᠤ ᠦᠳᠡ ᠶ᠋ᠢᠨ ᠬᠣᠶᠢᠨᠠ ᠶ᠋ᠢᠨ ᠲᠠᠪᠤᠨ ᠴᠠᠭ ᠲᠤ
ᠭᠦᠢᠰᠦᠢ ᠳ᠋ᠦ ᠬᠦᠷᠪᠡ ᠃ ᠹᠦ᠋ ᠽᠦᠸᠸ ᠢ ᠵᠠᠩᠵᠤᠨ ᠬᠥᠮᠦᠨ ᠪᠦᠷᠢ ᠳ᠋ᠦ ᠲᠠᠪᠤᠨ ᠲᠥᠭᠥᠷᠢᠭ
ᠲᠣᠬᠣᠨᠢᠭᠤᠯᠬᠤ ᠮᠥᠩᠭᠥ ᠤᠯᠠᠮᠵᠢᠯᠠᠵᠤ ᠂ ᠬᠥᠮᠦᠨ ᠪᠦᠷᠢ ᠳ᠋ᠦ ᠬᠣᠶᠠᠷ ᠡᠰᠢᠲᠦ ᠲᠣᠬᠣᠨᠢᠭᠤᠯᠬᠤ
ᠮᠥᠩᠭᠥ ᠥᠭᠪᠡ ᠃ ᠡᠭᠦᠨ ᠤ ᠵᠡᠷᠭᠡᠴᠡᠭᠡᠪᠡᠷ ᠢᠦᠢ ᠼᠦᠨ ᠬᠤᠤ ᠂ ᠷᠦᠩ ᠰᠢᠶᠠᠩ ᠂ ᠠᠪᠤᠭᠠᠶ ᠵᠡᠷᠭᠡ
ᠵᠠᠰᠠᠭ ᠤᠨ ᠣᠷᠳᠣᠨ ᠤ ᠡᠯ᠎ᠡ ᠱᠠᠲᠤᠨ ᠤ ᠬᠥᠮᠦᠰ ᠪᠠ ᠲᠤᠬᠠᠢ ᠶ᠋ᠢᠨ ᠭᠠᠵᠠᠷ ᠤᠨ ᠮᠣᠩᠭᠤᠯ
ᠬᠢᠲᠠᠳ ᠬᠣᠲᠣᠩ ᠨᠡᠷ᠎ᠡ ᠠᠯᠳᠠᠷᠲᠤ ᠬᠥᠮᠦᠰ ᠂ ᠠᠵᠢᠯᠴᠢᠨ ᠲᠠᠷᠢᠶᠠᠴᠢᠨ ᠤ ᠲᠥᠭᠡᠯᠡᠭᠴᠢᠳ ᠦᠨᠶ
ᠡᠬᠡ ᠬᠤᠷᠠᠯ ᠤᠨ ᠲᠥᠯᠥᠭᠡᠯᠡᠭᠴᠢ ᠵᠡᠷᠭᠡ ᠬᠥᠮᠦᠰ ᠢ ᠬᠦᠯᠢᠶᠡᠨ ᠠᠪᠴᠤ ᠠᠭᠤᠯᠵᠠᠪᠠ᠃ ᠹᠦ᠋ ᠽᠦᠸᠸ ᠢ
ᠵᠠᠩᠵᠤᠨ ᠲᠤᠰ ᠲᠤᠰ ᠠᠭᠤᠯᠵᠠᠬᠤ ᠪᠠᠷ ᠳᠠᠮᠵᠢᠭᠠᠳ ᠣᠨᠴᠠ ᠵᠠᠷᠢᠮ ᠬᠥᠮᠦᠨ ᠳ᠋ᠤ ᠬᠡᠯᠡᠵᠦ
ᠰᠤᠷᠭᠠᠬᠤ ᠠᠵᠢᠯ ᠬᠢᠵᠦ ᠂ ᠵᠣᠩᠬᠢᠯᠠᠬᠤ ᠤᠯᠠᠨ ᠲᠣᠭᠠᠨ ᠤ ᠬᠥᠮᠦᠨ ᠢ ᠲᠡᠮᠡᠴᠡᠨ ᠣᠯᠤᠭᠰᠠᠨ
ᠪᠠᠶᠢᠨ᠎ᠠ ᠃ ᠡᠨᠡ ᠬᠤᠭᠤᠴᠠᠭᠠᠨ ᠳ᠋ᠤ ᠬᠡᠳᠦᠶᠢᠪᠡᠷ ᠭᠤᠸᠠᠩᠵᠧᠦ ᠳ᠋ᠤ ᠵᠢᠶᠠᠩ ᠵᠢᠶᠸ ᠱᠢ ᠂ ᠯᠢ
ᠽᠦᠡᠭ ᠿᠧᠨ ᠂ ᠶᠠᠨ ᠰᠢ ᠱᠠᠨ ᠵᠡᠷᠭᠡ ᠳᠠᠬᠢᠨ ᠳᠠᠪᠲᠠᠨ ᠹᠦ᠋ ᠽᠦᠸᠸ ᠢ ᠵᠠᠩᠵᠤᠨ ᠳ᠋ᠤ ᠴᠠᠬᠢᠯᠭᠠᠨ
ᠶᠠᠪᠤᠭᠤᠯᠵᠤ ᠂ ᠲᠡᠭᠦᠨ ᠢ ᠲᠡᠷᠰᠯᠡᠭᠦᠦ ᠯᠠᠭᠧᠷ ᠲᠦᠳᠠᠬᠢᠨ ᠪᠣᠴᠠᠬᠤ ᠶ᠋ᠢ ᠬᠦᠰᠡᠭᠰᠡᠨ
ᠪᠣᠯᠪᠠᠴᠤ᠂ ᠹᠦ᠋ ᠽᠦᠸᠸ ᠢ ᠵᠠᠩᠵᠤᠨ ᠤᠭᠳ᠋ᠤ ᠬᠠᠶᠢᠬᠤᠷᠬᠤ ᠦᠭᠡᠢ ᠪᠠᠶᠢᠪᠠ᠃ ᠬᠡᠳᠦᠶᠢᠪᠡᠷ
ᠭᠤᠮᠢᠨᠳᠠᠩ ᠤᠨ ᠲᠠᠩᠨᠠᠭᠤᠯ ᠤᠨ ᠲᠦᠷᠦᠭᠦᠦ ᠮᠣᠣ ᠷᠸᠨ ᠹᠸᠩ ᠴᠠᠬᠢᠯᠭᠠᠨ ᠮᠡᠳᠡᠭᠡ ᠪᠡᠷ
ᠬᠦᠢᠰᠦ᠋ᠢᠶ᠋ᠢᠨ ᠲᠠᠩᠨᠠᠭᠤᠯ ᠢ ᠵᠠᠷᠯᠢᠭᠳᠠᠵᠤ ᠹᠦ᠋ ᠽᠦᠸᠸ ᠢ ᠵᠠᠩᠵᠤᠨ ᠢ 《 ᠲᠤᠬᠠᠢ ᠶ᠋ᠢᠨ
ᠭᠠᠵᠠᠷ ᠲᠤᠨᠢ ᠲᠦᠷᠭᠡᠨ ᠠᠯᠠᠬᠤ ᠬᠡᠷᠡᠭᠲᠡᠢ》 ᠦ᠋ᠢᠰᠦ᠋ᠢ ᠂ ᠪᠤᠭᠤᠲᠤ ᠶ᠋ᠢᠨ ᠲᠠᠩᠨᠠᠭᠤᠯ ᠪᠠᠰᠠ
ᠤᠬᠠᠭᠤᠯᠭ᠎ᠠ ᠶ᠋ᠢᠨ ᠬᠠᠭᠤᠳᠠᠰᠤ ᠲᠠᠷᠬᠠᠭᠠᠵᠤ ᠂ ᠡᠯᠳᠡᠪ ᠢᠶ᠋ᠡᠷ ᠬᠠᠷᠢᠶᠠᠭᠰᠠᠨ ᠳ᠋ᠤ᠂ ᠹᠦ᠋
ᠽᠦᠸᠸ ᠢ ᠵᠠᠩᠵᠤᠨ ᠥᠴᠦᠬᠡᠨ ᠴᠦ ᠠᠶᠤᠵᠤ ᠰᠦᠷᠳᠡᠭᠰᠡᠨ ᠦᠭᠡᠢ ᠪᠡᠷ ᠡᠷᠡᠰ ᠰᠢᠭᠤᠷᠬᠠᠶ ᠪᠠᠷ ᠡᠷᠡᠰ
ᠰᠢᠭᠤᠷᠬᠠᠶ ᠠᠷᠭ᠎ᠠ ᠬᠡᠮᠵᠢᠶ᠎ᠡ ᠠᠪᠴᠤ ᠂ ᠭᠤᠮᠢᠨᠳᠠᠩ ᠤᠨ ᠲᠠᠩᠨᠠᠭᠤᠯ ᠤᠨ ᠪᠠᠰᠠ ᠨᠢᠭᠡᠨ ᠣᠪ
ᠮᠡᠬᠡ ᠶ᠋ᠢ ᠪᠣᠲᠠ ᠨᠢᠷᠭᠡᠭᠰᠡᠨ ᠪᠠᠶᠢᠨ᠎ᠠ ᠂ ᠪᠣᠰᠤᠯᠭ᠎ᠠ ᠶ᠋ᠢᠨ ᠠᠵᠢᠯ ᠢᠶᠡᠨ ᠤᠷᠤᠭᠰᠢᠲᠠᠶ ᠬᠢᠬᠦ
ᠬᠡᠷᠡᠭᠲᠡᠶ ᠃ ᠶᠢᠰᠦᠳᠦᠭᠡᠷ ᠰᠠᠷ᠎ᠠ ᠶ᠋ᠢᠨ ᠠᠷᠪᠠᠨ ᠲᠤᠯᠤᠭᠠᠨ ᠤ ᠡᠳᠦᠷ ᠂ ᠭᠤᠸᠠᠩᠵᠧᠦ ᠶ᠋ᠢᠨ
ᠲᠠᠯ᠎ᠠ ᠡᠴᠡ ᠴᠡᠷᠢᠭ ᠦᠨ ᠵᠠᠷᠯᠢᠭ ᠤᠨ ᠬᠡᠯᠲᠡᠰ ᠦᠨ ᠳᠠᠷᠤᠭ᠎ᠠ ᠰᠢᠤᠢ ᠶᠦᠩ ᠴᠠᠩ ᠂ ᠵᠢᠶᠠᠩ
ᠵᠢᠶᠸ ᠱᠢ ᠶ᠋ᠢᠨ ᠭᠠᠷ ᠤᠨ ᠵᠠᠬᠢᠲᠠᠯ ᠢ ᠠᠪᠴᠤ ᠨᠢᠰᠬᠡᠯ ᠢᠶ᠋ᠡᠷ ᠪᠤᠭᠤᠲᠤ ᠳ᠋ᠦ ᠬᠦᠷᠴᠦ ᠂
ᠬᠠᠮᠤᠭ ᠡᠴᠦᠰ ᠦᠨ ᠲᠠᠲᠠᠵᠤ ᠠᠪᠬᠤ ᠶᠠᠪᠤᠳᠠᠯ ᠬᠢᠬᠦ ᠪᠡᠷ ᠭᠣᠷᠢᠳᠠᠪᠠ ᠃ ᠹᠦ᠋ ᠽᠦᠸᠸ ᠢ ᠵᠠᠩᠵᠤᠨ
ᠰᠢᠤᠢ ᠶᠦᠩ ᠴᠠᠩ ᠳ᠋ᠤ ᠬᠡᠯᠡᠭᠰᠡᠨ ᠨᠢ ᠄ ᠭᠤᠮᠢᠨᠳᠠᠩ ᠨᠢᠭᠡᠨᠲᠡ ᠴᠡᠷᠢᠭ ᠦᠨ ᠰᠡᠳᠬᠢᠯ ᠂
ᠠᠷᠠᠳ ᠤᠨ ᠰᠡᠳᠬᠢᠯ ᠢ ᠠᠯᠳᠠᠵᠤ᠂ ᠶᠠᠮᠠᠷ ᠴᠤ ᠬᠦᠴᠦᠨ ᠭᠡᠳ ᠬᠣᠷᠢᠭᠯᠠᠵᠤ ᠴᠢᠳᠠᠬᠤ ᠦᠬᠡᠢ ᠂ ᠪᠢ
ᠭᠤᠸᠠᠩᠵᠧᠦ ᠳ᠋ᠤ ᠣᠴᠢᠭᠰᠠᠨ ᠴᠦ ᠶᠠᠮᠠᠷ ᠴᠤ ᠠᠷᠭ᠎ᠠ ᠪᠠᠶᠢᠬᠤ ᠦᠭᠡᠶ ᠃ ᠹᠦ᠋ ᠵᠠᠩᠵᠤᠨ ᠤᠡᠷᠡᠰ
ᠪᠠᠲᠤ ᠵᠣᠷᠢᠭ ᠰᠠᠨᠠᠭᠠᠨ ᠤ ᠨᠥᠯᠥᠭᠡᠯᠡᠯ ᠳᠣᠣᠷ᠎ᠠ ᠂ ᠡᠴᠦᠰ ᠲᠡᠬᠡᠨ ᠠᠩᠬᠠᠳᠤᠭᠠᠷ ᠬᠤᠭᠤᠴᠠᠭᠠᠨ ᠤ
ᠤᠯᠤᠰ ᠤᠨ ᠠᠷᠠᠳ ᠤᠨ ᠤᠯᠤᠰ ᠲᠥᠷᠦ ᠶ᠋ᠢᠨ ᠵᠥᠪᠯᠡᠯᠭᠡᠨ ᠤ ᠬᠤᠷᠠᠯ ᠡᠬᠢᠯᠡᠬᠦ ᠡᠴᠡ ᠡᠮᠦᠨ᠎ᠡ ᠂
ᠦᠷ ᠦᠨ ᠲᠤᠶᠠᠭ᠎ᠠ ᠶ᠋ᠢ ᠤᠭᠲᠤᠨ ᠠᠪᠴᠢᠷᠠᠵᠤ ᠂ ᠰᠥᠢᠶᠤᠸᠠᠨ ᠢ ᠨᠠᠶᠢᠷᠠᠮᠳᠠᠯ ᠢᠶᠠᠷ
ᠴᠢᠯᠥᠭᠡᠯᠡᠭᠰᠡᠨ ᠪᠠᠶᠢᠨ᠎ᠠ ᠃
1949 ᠣᠨ ᠤ 9 ᠰᠠᠷ᠎ᠠ ᠶ᠋ᠢᠨ 19 ᠤ ᠦᠳᠡ ᠶ᠋ᠢᠨ
ᠡᠮᠦᠨ᠎ᠡ ᠂ ᠳ᠋ᠦᠩ ᠴᠢ ᠡᠦ ᠵᠠᠩᠵᠤᠨ ᠲᠦᠷᠦᠭᠦᠲᠡᠶ ᠰᠦᠢᠶᠤᠸᠠᠨ ᠮᠣᠵᠢ ᠶ᠋ᠢᠨ ᠴᠡᠷᠢᠭ ᠵᠠᠰᠠᠭ ᠤᠨ
ᠺᠠᠳ᠋ᠷ ᠪᠣᠯᠤᠨ ᠣᠷᠣᠨ ᠨᠤᠲᠤᠭ ᠤᠨ ᠡᠯ᠎ᠡ ᠦᠨᠳᠦᠰᠦᠲᠡᠨ ᠤ ᠡᠯ᠎ᠡ ᠡᠲᠡᠭᠡᠳ ᠦᠨ ᠲᠥᠯᠥᠭᠡᠯᠡᠭᠴᠢ 39
ᠬᠥᠮᠦᠨ ᠂ ᠰᠦᠢᠶᠤᠸᠠᠨ ᠮᠤᠵᠢ ᠶ᠋ᠢᠨ ᠪᠠᠩᠬᠢ ᠶ᠋ᠢᠨ ᠪᠤᠭᠤᠲᠤ ᠬᠤᠪᠢᠶᠠᠷᠢ ᠪᠠᠩᠬᠢ ᠶ᠋ᠢᠨ
ᠶᠣᠰᠤᠯᠠᠯ ᠤᠨ ᠲᠠᠩᠬᠢᠮ ᠳ᠋ᠤ ᠢᠷᠠᠭᠤ ᠠᠯᠳᠠᠷᠲᠤ ᠪᠣᠰᠣᠯᠭ᠎ᠠ ᠭᠠᠷᠭᠠᠪᠠ ᠃ ᠬᠤᠷᠠᠯ ᠳᠡᠭᠡᠷ᠎ᠡ
ᠳ᠋ᠦᠩ ᠴᠢ ᠡᠦ ᠵᠠᠩᠵᠤᠨ ᠵᠡᠷᠭᠡ ᠭᠤᠴᠢ ᠶᠢᠰᠦᠨ ᠬᠥᠮᠦᠨ ᠭᠠᠷ ᠤᠨ ᠦᠰᠦᠭ ᠵᠢᠷᠤᠵᠤ᠂ ᠰᠦᠢᠶᠤᠸᠠᠨ ᠤ
ᠦᠨᠳᠦᠰᠦᠲᠡᠨ ᠨᠦᠭᠦᠳ ᠦᠨ ᠠᠷᠠᠳ ᠲᠦᠮᠡᠨ ᠢ ᠤᠳᠤᠷᠢᠳᠤᠨ ᠂ ᠪᠦᠬᠦ ᠳᠠᠷᠤᠭ᠎ᠠ ᠪᠠᠶᠢᠯᠳᠤᠭᠴᠢ ᠪᠠ
ᠡᠯ᠎ᠡ ᠱᠠᠲᠤᠨ ᠤ ᠵᠠᠰᠠᠭ ᠵᠠᠬᠢᠷᠭᠠᠨ ᠤ ᠠᠵᠢᠯᠲᠠᠳ ᠪᠣᠰᠣᠯᠭ᠎ᠠ ᠭᠠᠷᠭᠠᠭᠰᠠᠨ ᠬᠦᠰᠡᠯ
ᠡᠷᠡᠮᠡᠯᠵᠡᠯ ᠢ ᠴᠠᠬᠢᠯᠭᠠᠨ ᠢᠶᠠᠷ ᠲᠡᠷᠢᠭᠦᠯᠡᠭᠴᠢ ᠮᠠᠤ ᠽᠸ ᠳ᠋ᠦᠩ ᠂ ᠶᠡᠷᠦᠩᠬᠡᠶ ᠰᠧᠯᠢᠩ ᠵᠤ
ᠳ᠋ᠸ ᠪᠣᠯᠤᠨ ᠤᠮᠠᠷᠠᠲᠤ ᠣᠷᠣᠨ ᠤ ᠴᠡᠷᠢᠭ ᠦᠨ ᠲᠣᠭᠤᠷᠢᠭ ᠤᠨ ᠨᠢᠶᠸ ᠷᠦᠩ ᠵᠧᠨ ᠰᠧᠯᠢᠩᠶᠤᠸᠠᠨ
ᠤᠯᠤᠰ ᠲᠥᠷᠦ ᠶ᠋ᠢᠨ ᠭᠡᠰᠢᠭᠦᠨ ᠪᠦᠸᠸ ᠢ ᠪᠦᠸᠸ ᠳ᠋ᠦ ᠲᠥᠪ ᠴᠢᠩᠭ᠎ᠠ ᠪᠡᠷ ᠶᠠᠪᠤᠭᠤᠯᠤᠭᠰᠠᠨ
ᠪᠠᠶᠢᠨ᠎ᠠ ᠃ ᠪᠣᠰᠣᠯᠭ᠎ᠠ ᠭᠠᠷᠭᠠᠭᠰᠠᠨ ᠴᠠᠬᠢᠯᠭᠠᠨ ᠳ᠋ᠤ ᠲᠣᠳᠣᠷᠬᠠᠶ ᠢᠯᠡᠷᠬᠡᠶᠢᠯᠡᠬᠦ ᠳᠡᠭᠡᠨ᠄ 《
ᠠᠮᠸᠷᠢᠺᠠ ᠶ᠋ᠢᠨ ᠡᠵᠡᠷᠬᠡᠭ ᠲᠦᠷᠢᠮᠡᠭᠡᠢᠢᠳᠡᠨᠢ ᠲᠥᠰᠢᠵᠦ ᠪᠠᠶᠢᠬᠤ ᠵᠢᠶᠠᠩ ᠵᠢᠶᠸ ᠱᠢ ᠂ ᠯᠢ
ᠽᠦᠡᠭ ᠿᠧᠨ ᠂ ᠶᠠᠨ ᠰᠢ ᠱᠠᠨ ᠵᠡᠷᠭᠡ ᠲᠡᠷᠰᠯᠡᠭᠦᠦ ᠦᠯᠡᠳᠡᠭᠳᠡᠯ ᠪᠦᠯᠦᠭᠯᠡᠯ ᠤᠨ ᠨᠣᠶᠠᠷᠬᠠᠯ ᠡᠴᠠ
ᠰᠠᠯᠵᠤ ᠂ ᠠᠷᠠᠳ ᠲᠦᠮᠡᠨ ᠤ ᠲᠠᠯ᠎ᠠ ᠳ᠋ᠤ ᠡᠷᠡᠰ ᠵᠣᠭᠰᠤᠨ᠎ᠠ 》 ᠡᠢ ᠃ ᠴᠠᠬᠢᠯᠭᠠᠨ ᠳ᠋ᠤ
ᠬᠠᠮᠤᠭ ᠡᠴᠦᠰ ᠲᠦ ᠨᠡᠶᠢᠲᠡᠯᠡᠭᠰᠡᠨ ᠨᠢ ᠄ 《 ᠳᠤᠮᠳᠠᠳᠤ ᠤᠯᠤᠰ ᠤᠨ ᠡᠪ ᠬᠠᠮᠲᠤ ᠨᠠᠮ ᠤᠨ
ᠤᠳᠤᠷᠢᠳᠤᠯᠭ᠎ᠠ ᠶ᠋ᠢᠨ ᠳᠣᠣᠷ᠎ᠠ ᠂ ᠪᠦᠬᠦᠤᠯᠤᠰ ᠤᠨ ᠠᠷᠠᠳ ᠲᠦᠮᠡᠨ ᠲᠡᠶ ᠬᠠᠮᠲᠤ ᠪᠠᠷ ᠲᠡᠮᠡᠴᠡᠵᠦ ᠂
ᠡᠵᠡᠷᠬᠡᠭ ᠳᠦᠷᠢᠮᠡᠬᠡᠶᠢᠲᠡᠨ ᠤ ᠳᠤᠮᠳᠠᠳᠤ ᠤᠯᠤᠰ ᠢ ᠲᠦᠷᠢᠮᠡᠬᠡᠶᠢᠯᠡᠬᠦ ᠣᠪ ᠮᠡᠬᠡ ᠶ᠋ᠢ
ᠪᠤᠳᠠ ᠨᠢᠷᠭᠡᠵᠦ ᠂ ᠲᠡᠷᠰᠯᠡᠭᠦᠴᠦᠳ ᠤᠨ ᠠᠯᠢᠪᠠ ᠦᠯᠡᠳᠡᠭᠳᠡᠯ ᠬᠦᠴᠦᠨ ᠢ ᠤᠰᠠᠳᠬᠠᠨ ᠰᠥᠨᠥᠭᠡᠵᠦ ᠂
ᠰᠢᠨ᠎ᠡ ᠠᠷᠠᠳᠴᠢᠯᠠᠭᠰᠠᠨ ᠶᠣᠰᠤ ᠶ᠋ᠢ ᠪᠡᠶᠡᠯᠡᠭᠦᠯᠬᠦ — ᠬᠤᠪᠢᠰᠬᠠᠯᠲᠤ ᠰᠠᠨᠮᠢᠨ ᠦᠵᠡᠯ ᠢ
ᠪᠡᠶᠡᠯᠡᠭᠦᠯᠦᠨ᠎ᠡ ᠂ ᠡᠨᠭᠭᠡ ᠲᠠᠶᠢᠪᠤᠩ ᠪᠦᠳᠦᠭᠡᠨ ᠪᠠᠶᠢᠭᠤᠯᠤᠯᠲᠠ ᠶ᠋ᠢᠨ ᠰᠢᠨ᠎ᠡ ᠰᠦᠢᠶᠤᠸᠠᠨ ᠂
ᠡᠩᠬᠡ ᠲᠠᠶᠢᠪᠤᠩ ᠪᠦ᠋ᠳ᠋ᠦᠭᠡᠨ ᠪᠠᠶᠢᠭᠤᠯᠤᠯᠲᠠ ᠶ᠋ᠢᠨ ᠰᠢᠨ᠎ᠡ ᠳᠤᠮᠳᠠᠳᠤ ᠤᠯᠤᠰ ᠢ
ᠪᠠᠶᠢᠭᠤᠯᠤᠨ᠎ᠠ》 ᠃ ᠳᠤᠰ ᠡᠳᠦᠷ ᠦᠨ ᠦᠳᠡ ᠶ᠋ᠢᠨ ᠬᠣᠶᠢᠨᠠ ᠂ ᠹᠦ᠋ ᠽᠦᠸᠸ ᠢ ᠵᠠᠩᠵᠤᠨ
ᠴᠡᠷᠢᠭ ᠦᠨ ᠶᠠᠪᠤᠳᠠᠯ ᠤᠯᠤᠰ ᠲᠥᠷᠦ ᠶ᠋ᠢᠨ ᠺᠠᠲᠷ ᠤᠨ ᠬᠤᠷᠠᠯ ᠳᠡᠭᠡᠷ᠎ᠡ ᠶᠠᠷᠢᠶ᠎ᠠ ᠲᠠᠯᠪᠢᠵᠤ ᠂
ᠥᠩᠭᠡᠷᠡᠭᠰᠡᠨ ᠤ《 ᠤᠷᠪᠠᠯᠭ᠎ᠠ ᠶ᠋ᠢ ᠳᠠᠷᠤᠬᠤ》ᠭᠤ ᠵᠣᠭᠰᠣᠯᠲᠠ ᠪᠠᠨ ᠰᠢᠭᠦᠮᠵᠢᠯᠡᠭᠰᠡᠨ
ᠪᠠᠶᠢᠨ᠎ᠠ ᠂ ᠵᠠᠯᠭᠠᠭᠠᠳ ᠬᠡᠯᠡᠬᠦ ᠳᠡᠭᠡᠨ ᠤᠳᠤ ᠪᠢ ᠣᠯᠠᠨ ᠢ ᠳᠠᠭᠠᠭᠤᠯᠵᠤ᠂ ᠭᠡᠭᠡᠨ ᠰᠠᠷᠠᠭᠤᠯ
ᠳᠠᠷᠳᠠᠩ ᠵᠠᠮ ᠳᠡᠭᠡᠷ᠎ᠡ ᠶᠠᠪᠤᠨ᠎ᠠ᠂ ᠣᠯᠠᠨ ᠢᠶᠠᠷ ᠢᠶᠡᠨ ᠮᠠᠤ ᠲᠡᠷᠢᠭᠦᠯᠡᠭᠴᠢ ᠂ ᠡᠪ ᠬᠠᠮᠲᠤ
ᠨᠠᠮ ᠤᠨ ᠤᠳᠤᠷᠢᠳᠤᠯᠭ᠎ᠠ ᠳᠣᠣᠷ᠎ᠠ ᠪᠦᠬᠦ ᠰᠡᠳᠬᠢᠯ ᠪᠦᠬᠦ ᠵᠣᠷᠢᠭ ᠢᠶᠠᠷ ᠢᠶᠡᠨ ᠠᠷᠠᠳ
ᠲᠦᠮᠡᠨ ᠳ᠋ᠤ ᠦᠢᠯᠡᠴᠢᠯᠡᠬᠦ ᠬᠡᠷᠡᠭᠲᠡᠢ ᠃ᠹ ᠦ᠋ ᠽᠦᠸᠸ ᠢ ᠵᠠᠩᠵᠤᠨ ᠶᠠᠷᠢᠶ᠎ᠠ ᠲᠠᠯᠪᠢᠭᠰᠠᠨ ᠤ
ᠳᠠᠷᠠᠭ᠎ᠠ ᠂ ᠲᠡᠷᠡ ᠳᠠᠷᠤᠶ ᠳᠤᠨᠢ ᠪᠣᠯᠤᠨ ᠳ᠋ᠧᠩ ᠪᠦᠦ ᠱᠠᠨ ᠂ ᠰᠦᠨ ᠯᠠᠨ ᠹᠸᠩ ᠲᠡᠷᠭᠡᠨ ᠳ᠋ᠤ
ᠰᠠᠭᠤᠨ ᠪᠤᠴᠠᠵᠤ ᠂ ᠠᠩᠬᠠᠳᠤᠭᠠᠷ ᠬᠤᠭᠤᠴᠠᠭᠠᠨ ᠤ ᠠᠷᠠᠳ ᠤᠨ ᠤᠯᠤᠰ ᠲᠥᠷᠦ ᠶ᠋ᠢᠨ ᠵᠥᠪᠯᠡᠯᠭᠡᠨ ᠤ
ᠬᠤᠷᠠᠯᠳᠤᠭᠠᠨ ᠳ᠋ᠤ ᠣᠷᠣᠯᠴᠠᠭᠰᠠᠨ ᠪᠠᠶᠢᠨ᠎ᠠ ᠃
ᠶᠢᠰᠦᠳᠦᠭᠡᠷ ᠰᠠᠷ᠎ᠠ ᠶ᠋ᠢᠨ
ᠬᠣᠷᠢᠨ ᠤ ᠡᠳᠦᠷ ᠂ ᠮᠠᠤ ᠲᠡᠷᠢᠭᠦᠯᠡᠭᠴᠢ ᠂ ᠶᠡᠷᠦᠩᠬᠡᠶ ᠰᠧᠯᠢᠩ ᠵᠤ ᠳ᠋ᠸ ᠨᠠᠷᠳ᠋ᠦᠩ ᠴᠢ ᠡᠦ
ᠵᠠᠩᠵᠤᠨ ᠤ ᠪᠣᠰᠤᠯᠭ᠎ᠠ ᠭᠠᠷᠭᠠᠭᠰᠠᠨ ᠳ᠋ᠤ ᠲᠣᠬᠣᠨᠢᠭᠤᠯᠤᠨ ᠵᠣᠷᠢᠭᠵᠢᠭᠤᠯᠬᠤ ᠬᠠᠷᠢᠭᠤ ᠴᠠᠬᠢᠯᠭᠠᠨ
ᠮᠡᠳᠡᠭᠡ ᠶᠠᠪᠤᠭᠤᠯᠪᠠ ᠄ ᠶᠢᠰᠦᠳᠦᠭᠡᠷ ᠰᠠᠷ᠎ᠠ ᠶ᠋ᠢᠨ ᠠᠷᠪᠠ ᠶᠢᠰᠦᠨ ᠤ ᠡᠳᠦᠷ
ᠢᠯᠡᠷᠬᠡᠶᠢᠯᠡᠯᠲᠡ ᠡᠴᠠ ᠦᠵᠡᠪᠡᠯ ᠲᠠᠨᠤᠰ ᠤᠨ ᠵᠣᠭᠰᠣᠯᠲᠠ ᠪᠣᠯ ᠵᠥᠪ ᠣᠨᠣᠪᠴᠢᠲᠠᠶ ᠪᠠᠶᠢᠨ᠎ᠠ᠂
ᠲᠠ ᠨᠠᠷ ᠲᠤ ᠬᠦᠰᠡᠬᠦ ᠨᠢ ᠪᠦᠯᠬᠦᠮᠳᠡᠨ ᠨᠢᠭᠡᠳᠴᠦ ᠂ ᠴᠢᠷᠮᠠᠶᠢᠨ ᠲᠡᠪᠰᠢᠵᠦ ᠂ ᠬᠠᠭᠤᠴᠢᠨ
ᠪᠠᠶᠢᠭᠤᠯᠤᠯ ᠢ ᠥᠭᠡᠷᠡᠴᠢᠯᠡᠨ᠂ ᠰᠢᠨ᠎ᠡ ᠲᠥᠷᠦ ᠶ᠋ᠢᠨ ᠪᠣᠳᠤᠯᠭ᠎ᠠ ᠶ᠋ᠢ ᠬᠡᠷᠡᠭᠵᠢᠭᠦᠯᠵᠦ ᠂
ᠠᠷᠠᠳ ᠤᠨ ᠰᠢᠨ᠎ᠡ ᠰᠦᠢᠶᠤᠸᠠᠨ ᠤ ᠲᠥᠯᠥᠭᠡ ᠲᠡᠮᠡᠴᠡᠬᠦ ᠬᠡᠷᠡᠭᠲᠡᠢ᠃ ᠵᠠᠯᠭᠠᠭᠠᠳ
ᠨᠢᠶᠸᠰᠧᠯᠢᠩᠶᠤᠸᠠᠨ ᠂ ᠹᠦ᠋ ᠤᠯᠤᠰ ᠲᠥᠷᠦ ᠶ᠋ᠢᠨ ᠭᠡᠰᠢᠭᠦᠨ ᠬᠠᠷᠢᠭᠤ ᠴᠠᠬᠢᠯᠭᠠᠨ ᠮᠡᠳᠡᠭᠡ
ᠶᠠᠪᠤᠭᠤᠯᠵᠤ ᠂ ᠰᠦᠢᠶᠤᠸᠠᠨ ᠤ ᠨᠠᠶᠢᠷᠠᠮᠳᠠᠯ ᠢᠶᠠᠷ ᠴᠢᠯᠥᠭᠡᠯᠡᠬᠦ ᠬᠤᠷᠠᠯ ᠬᠤᠷᠠᠯᠳᠤᠭᠰᠠᠨ ᠳ᠋ᠤ
ᠬᠠᠯᠠᠭᠤᠨ ᠪᠠᠶᠠᠷ ᠬᠦᠷᠭᠡᠵᠦ ᠂ ᠰᠥᠢᠶᠤᠸᠠᠨ ᠢ ᠵᠢᠩᠬᠢᠨᠢ ᠠᠷᠠᠳ ᠤᠨ ᠴᠢᠯᠥᠭᠡᠯᠡᠭᠳᠡᠭᠰᠡᠨ ᠣᠷᠣᠨ
ᠪᠣᠯᠭᠠᠨ ᠪᠦᠲᠦᠭᠡᠨ ᠪᠠᠶᠢᠭᠤᠯᠬᠤ ᠬᠡᠷᠡᠭᠲᠡᠶ ᠪᠥᠭᠡᠳ ᠰᠦᠢᠶᠤᠸᠠᠨ ᠬᠦᠰᠡᠵᠦ ᠪᠠᠶᠢᠨ᠎ᠠ ᠂ ᠴᠡᠷᠢᠭ
ᠠᠩᠬᠢ ᠶ᠋ᠢ ᠵᠢᠩᠬᠢᠨᠢ ᠠᠷᠠᠳ ᠤᠨ ᠴᠢᠯᠥᠭᠡᠯᠡᠬᠦ ᠴᠡᠷᠢᠭ ᠪᠣᠯᠭᠠᠨ ᠥᠭᠡᠷᠡᠴᠢᠯᠡᠨ ᠪᠠᠶᠢᠭᠤᠯᠬᠤ
ᠬᠡᠷᠡᠭᠲᠡᠶ ᠭᠡᠰᠡᠨ ᠪᠠᠶᠢᠨ᠎ᠠ ᠃
ᠰᠦᠢᠶᠤᠸᠠᠨ ᠤ 《ᠶᠢᠰᠦᠨ ᠰᠠᠷ᠎ᠠ ᠶ᠋ᠢᠨ ᠠᠷᠪᠠᠨ
ᠶᠢᠰᠦᠨ 》 ᠨᠠᠶᠢᠷᠠᠮᠳᠠᠯ ᠢᠶᠠᠷ ᠴᠢᠯᠦᠭᠡᠯᠡᠬᠦ ᠶ᠋ᠢ ᠪᠡᠯᠭᠡᠯᠡᠬᠦ ᠶ᠋ᠢᠨ ᠲᠥᠯᠦᠭᠡ᠂
ᠰᠦᠢᠶᠤᠸᠠᠨ ᠤ ᠴᠡᠷᠢᠭ ᠦᠨ ᠬᠡᠷᠡᠭᠯᠡᠭᠡ ᠪᠠ ᠠᠷᠠᠳ ᠤᠨ ᠬᠡᠷᠡᠭᠯᠡᠭᠡ ᠶ᠋ᠢ ᠬᠦᠢᠰᠦ᠋ᠢ ᠵᠢᠨ ᠴᠡᠷᠢᠭ
ᠠᠷᠠᠳ ᠭᠦᠢᠰᠦᠢ ᠂ ᠪᠣᠭᠤᠲᠤ ᠂ ᠱᠠᠨ ᠪᠠᠵᠡᠷᠭᠡ ᠭᠠᠵᠠᠷ ᠲᠤ ᠲᠤᠰ ᠲᠤᠰ ᠪᠡᠯᠭᠡᠳᠡᠯ ᠦᠨ ᠶᠡᠬᠡ
ᠬᠤᠷᠠᠯ ᠬᠢᠭᠰᠡᠨ ᠪᠠᠶᠢᠨ᠎ᠠ ᠃ 1965 ᠣᠨ ᠤ ᠶᠢᠰᠦᠳᠦᠭᠡᠷ ᠰᠠᠷ᠎ᠠ ᠶ᠋ᠢᠨ ᠬᠣᠷᠢᠨ ᠲᠠᠪᠤᠨ ᠤ ᠡᠳᠦᠷ
᠂ ᠳ᠋ᠦᠩ ᠴᠢ ᠡᠦ ᠵᠠᠩᠵᠤᠨ《 ᠰᠦᠢᠶᠤᠸᠠᠨᠮᠣᠵᠢ ᠶ᠋ᠢᠨ ᠴᠡᠷᠢᠭ ᠠᠷᠠᠳ ᠤᠨ ᠪᠣᠰᠣᠯᠭ᠎ᠠ ᠵᠢᠨ ᠪᠦᠬᠦ
ᠮᠣᠵᠢ ᠶ᠋ᠢᠨ ᠠᠷᠠᠳ ᠲᠦᠮᠡᠨ ᠳᠦ ᠮᠡᠳᠡᠭᠳᠡᠬᠦ ᠪᠢᠴᠢᠭ》 ᠨᠡᠶᠢᠲᠡᠯᠡᠵᠦ ᠂
ᠰᠦᠢᠶᠤᠸᠠᠨᠮᠣᠵᠢ ᠶ᠋ᠢᠨ ᠴᠡᠷᠢᠭ ᠠᠷᠠᠳ ᠤᠨ ᠪᠣᠰᠣᠯᠭ᠎ᠠ ᠶ᠋ᠢᠨ ᠠᠴᠢ ᠬᠣᠯᠪᠣᠭᠳᠠᠯ ᠢ ᠨᠡᠩ ᠨᠠᠷᠢᠨ
ᠨᠢᠮᠪᠠᠶ ᠪᠠᠷ ᠲᠣᠳᠤᠷᠬᠠᠶᠢᠯᠠᠭᠰᠠᠨ ᠪᠠ ᠰᠦᠢᠶᠤᠸᠠᠨ ᠮᠤᠵᠢ ᠶ᠋ᠢᠨ ᠬᠣᠶᠢᠰᠢᠳᠠ ᠶ᠋ᠢᠨ
ᠢᠷᠡᠭᠡᠳᠦᠢ ᠶ᠋ᠢ ᠪᠡᠯᠭᠡᠳᠡᠵᠦ᠂ ᠠᠷᠠᠳ ᠲᠦᠮᠡᠨ ᠢ ᠵᠣᠷᠢᠭᠵᠢᠭᠤᠯᠵᠤ ᠂ ᠰᠦᠢᠶᠤᠸᠠᠨ ᠤ ᠠᠷᠠᠳ
ᠲᠦᠮᠡᠨ ᠤ ᠰᠢᠨ᠎ᠡ ᠰᠦᠢᠶᠤᠸᠠᠨ ᠤ ᠲᠥᠯᠥᠭᠡ ᠲᠡᠮᠡᠴᠡᠬᠦ ᠶ᠋ᠢ ᠵᠣᠷᠢᠭᠵᠢᠭᠤᠯᠤᠭᠰᠠᠨ ᠪᠠᠶᠢᠨ᠎ᠠ ᠃
ᠨᠠᠮ ᠤᠨ
ᠲᠥᠪ ᠬᠣᠷᠢᠶ᠎ᠠ ᠂ ᠲᠡᠷᠢᠭᠦᠯᠡᠭᠴᠢ ᠮᠠᠤ ᠽᠸ ᠳ᠋ᠦᠩ ᠦᠨ ᠳᠤᠷᠠᠳᠤᠭᠰᠠᠨ 《 ᠭᠠᠵᠠᠷ ᠣᠷᠣᠨ ᠤ
ᠴᠢᠯᠥᠭᠡᠯᠡᠭᠳᠡᠭᠰᠡᠨ ᠣᠷᠣᠨ ᠤ ᠴᠡᠷᠢᠭ ᠢᠴ ᠢᠯᠥᠭᠡᠯᠡᠬᠦ ᠴᠡᠷᠢᠭ ᠪᠣᠯᠭᠠᠬᠤ 》 ᠠᠶᠢᠯᠳᠤᠬᠤ
ᠪᠣᠳᠤᠯᠭ᠎ᠠ ᠶ᠋ᠢᠨ ᠴᠢᠭᠯᠡᠯᠲᠡ ᠶ᠋ᠢ ᠦᠳᠲᠡᠷ ᠲᠦᠷᠭᠡᠨ ᠪᠡᠶᠡᠯᠡᠭᠦᠯᠬᠦ ᠶ᠋ᠢᠨ ᠲᠥᠯᠥᠭᠡ ᠂ ᠮᠠᠨ ᠤ
ᠨᠠᠮ ᠶᠠᠭᠤᠨ ᠤ ᠡᠮᠦᠨ᠎ᠡ ᠵᠠᠰᠠᠭ ᠤᠨ ᠡᠷᠬᠡ ᠶ᠋ᠢ ᠥᠭᠡᠷᠡᠴᠢᠯᠡᠬᠦ ᠠᠵᠢᠯ ᠢ ᠭᠠᠷᠳᠡᠵᠦ ᠬᠢᠬᠦ
ᠬᠡᠷᠡᠭᠲᠡᠶ ᠃ ᠨᠢᠭᠡᠳᠦᠭᠡᠷ ᠱᠠᠳᠤ ᠳ᠋ᠦ ᠭᠦᠨᠵᠡᠭᠡᠶ ᠰᠤᠷᠤᠯᠴᠠᠵᠤ ᠂ ᠨᠠᠮ ᠤᠨ ᠲᠥᠪ ᠬᠣᠷᠢᠶ᠎ᠠ ᠂
ᠲᠡᠷᠢᠭᠦᠯᠡᠭᠴᠢ ᠮᠠᠤ ᠽᠸ ᠳ᠋ᠦᠩ ᠦᠨ ᠬᠣᠯᠪᠣᠭᠳᠠᠯ ᠪᠦᠬᠦᠢ ᠵᠢᠭᠠᠪᠤᠷᠢ ᠪᠣᠯᠤᠨ ᠤᠯᠤᠰ ᠲᠥᠷᠦ ᠶ᠋ᠢᠨ
ᠵᠥᠪᠯᠡᠯᠭᠡᠨ ᠤ ᠬᠤᠷᠠᠯᠳᠤᠭᠠᠨ ᠤ ᠪᠢᠴᠢᠭ ᠮᠠᠲ᠋ᠧᠷᠢᠶᠠᠯ ᠢ ᠰᠤᠷᠤᠯᠴᠠᠬᠤ ᠶᠠᠪᠤᠳᠠᠯ ᠪᠣᠯᠤᠨ᠎ᠠ ᠃
ᠰᠦᠢᠶᠤᠸᠠᠨ ᠤ ᠵᠡᠭᠦᠨ ᠬᠡᠰᠡᠭ ᠲᠦ᠂ ᠰᠦᠢᠶᠤᠸᠠᠨ ᠮᠣᠵᠢ ᠶ᠋ᠢᠨ ᠨᠠᠮ ᠤᠨ ᠬᠣᠷᠢᠶ᠎ᠠ ᠤ
ᠵᠣᠬᠢᠶᠠᠨ ᠪᠠᠶᠢᠭᠤᠯᠤᠯᠲᠠ ᠶ᠋ᠢᠨ ᠰᠤᠷᠤᠯᠴᠠᠭᠰᠠᠨ ᠰᠠᠭᠤᠷᠢᠨ ᠳᠡᠭᠡᠷ᠎ᠡ ᠬᠦᠢᠰᠦ᠋ᠢ ᠵᠢᠨ ᠲᠤᠬᠠᠶ
ᠲᠣᠭᠲᠠᠭᠠᠭᠰᠠᠨ 《 ᠠᠵᠢᠯ ᠠᠮᠢᠳᠤᠷᠠᠯ ᠳᠤᠮᠳᠠ ᠠᠩᠬᠠᠷᠬᠤ ᠴᠢᠬᠤᠯᠠᠲᠠᠶ ᠵᠦᠢᠯᠡᠰ ᠦᠨ ᠲᠤᠬᠠᠶ
ᠵᠢᠭᠠᠪᠤᠷᠢ 》 ᠣᠯᠤᠨ 《ᠬᠣᠶᠠᠷ ᠬᠣᠲᠠ ᠶ᠋ᠢᠨ ᠠᠵᠢᠯ ᠤᠨ ᠲᠤᠬᠠᠶ ᠲᠣᠭᠲᠠᠭᠠᠯ》 ᠲᠣᠭᠲᠠᠭᠠᠵᠤ ᠂
ᠰᠦᠢᠶᠤᠸᠠᠨ ᠮᠣᠵᠢ ᠶ᠋ᠢᠨ ᠴᠡᠷᠢᠭ ᠵᠠᠰᠠᠭ ᠤᠨ ᠡᠯ᠎ᠡ ᠪᠠᠶᠢᠭᠤᠯᠭ᠎ᠠ ᠪᠣᠯᠭᠠᠨ ᠬᠦᠢᠰᠦ᠋ᠢ ᠪᠣᠯᠤᠨ
ᠪᠤᠭᠤᠲᠤ ᠳ᠋ᠤ ᠣᠷᠤᠬᠤ ᠳ᠋ᠤ ᠭᠦᠢᠴᠡᠳ ᠪᠡᠯᠡᠳᠬᠡᠯ ᠬᠢᠬᠦ ᠬᠡᠷᠡᠭᠲᠡᠶ ᠃ ᠰᠦᠢᠶᠤᠸᠠᠨ ᠤ
ᠪᠠᠷᠠᠭᠤᠨᠳᠠᠬᠢ ᠲᠠᠯ᠎ᠠ ᠰᠤᠷᠤᠯᠴᠠᠯᠭ᠎ᠠ ᠶ᠋ᠢᠨ ᠺᠣᠮᠢᠰᠢ ᠵᠣᠬᠢᠶᠠᠨ ᠪᠠᠶᠢᠭᠤᠯᠵᠤ ᠂ ᠳ᠋ᠦᠩ ᠴᠢ
ᠡᠦ ᠵᠠᠩᠵᠤᠨ ᠡᠷᠬᠢᠯᠡᠭᠴᠢ ᠭᠡᠰᠢᠭᠦᠨ ᠪᠣᠯᠪᠠ ᠂ ᠡᠯ᠎ᠡ ᠰᠢᠶᠠᠨ ᠤ ᠰᠤᠷᠤᠯᠴᠠᠬᠤ ᠬᠤᠪᠢᠶᠠᠷᠢ
ᠨᠡᠶᠢᠭᠡᠮᠯᠢᠭ ᠢ ᠪᠠᠶᠢᠭᠤᠯᠵᠤ ᠂ ᠭᠠᠳᠠᠨ᠎ᠠ ᠲᠥᠪ ᠬᠣᠷᠢᠶᠠᠨ ᠤ ᠵᠢᠭᠠᠪᠤᠷᠢ ᠪᠣᠯᠤᠨ ᠤᠯᠤᠰ
ᠲᠥᠷᠦ ᠶ᠋ᠢᠨ ᠵᠥᠪᠯᠡᠯᠭᠡᠨ ᠤ ᠬᠤᠷᠠᠯᠳᠤᠭᠠᠨ ᠤ ᠪᠢᠴᠢᠭ ᠮᠠᠲ᠋ᠸᠷᠢᠶᠠᠯ ᠢ ᠰᠣᠷᠤᠯᠴᠠᠵᠤ᠂ ᠪᠠᠰᠠ
ᠭᠣᠣᠯᠳᠠᠯᠭ᠎ᠠ ᠲᠠᠶ ᠪᠠᠷ 《 ᠰᠢᠨ᠎ᠡ ᠠᠷᠠᠳᠴᠢᠯᠠᠭᠰᠠᠨ ᠶᠣᠰᠣᠨ ᠤ ᠲᠤᠬᠠᠶ 》ᠠ《ᠠᠳ ᠤᠨ
ᠠᠷᠠᠳᠴᠢᠯᠠᠭᠰᠠᠨ ᠳᠠᠷᠤᠩᠭᠤᠶᠢᠯᠠᠬᠤ ᠵᠠᠰᠠᠭ ᠤᠨ ᠲᠤᠬᠠᠶ 》《 ᠨᠡᠶᠢᠭᠡᠮ ᠦᠨ ᠬᠥᠭᠵᠢᠯ ᠦᠨ ᠲᠣᠪᠴᠢ
ᠲᠡᠦᠬᠡ 》 ᠡᠷᠭᠡ ᠶ᠋ᠢ ᠰᠤᠷᠤᠯᠴᠠᠭᠰᠠᠨ ᠪᠠᠶᠢᠨ᠎ᠠ᠃ ᠰᠦᠢᠶᠤᠸᠠᠨ ᠤ ᠪᠠᠷᠠᠭᠤᠨᠳᠠᠬᠢ ᠲᠠᠯ᠎ᠠ ᠪᠠᠷ
ᠵᠠᠰᠠᠭ ᠤᠨ ᠡᠷᠬᠡ ᠶ᠋ᠢ ᠨᠡᠶᠢᠯᠡᠭᠦᠯᠬᠦ ᠳ᠋ᠦ ᠵᠣᠬᠢᠴᠠᠭᠤᠯᠬᠤ ᠶ᠋ᠢᠨ ᠲᠥᠯᠦᠭᠡ᠂ ᠪᠣᠰᠣᠯᠭ᠎ᠠ
ᠭᠠᠷᠭᠠᠭᠰᠠᠨ ᠤ ᠲᠠᠷᠠᠭ᠎ᠠ ᠲᠥᠷᠦ ᠶ᠋ᠢᠨ ᠪᠣᠳᠤᠯᠭ᠎ᠠ ᠶ᠋ᠢ ᠡᠷᠡᠭᠵᠢᠭᠦᠯᠬᠦ ᠺᠣᠮᠢᠰ ᠪᠠᠶᠢᠭᠤᠯᠵᠤ ᠂
ᠤᠤᠯ ᠤᠨ《 ᠴᠡᠷᠢᠭ ᠦᠨ ᠶᠠᠪᠤᠳᠠᠯ ᠤᠯᠤᠰ ᠲᠥᠷᠦ ᠶ᠋ᠢᠨ ᠰᠢᠨᠡᠴᠢᠯᠡᠯᠲᠡ ᠺᠣᠮᠢᠰ》 ᠣᠷᠤᠯᠠᠭᠰᠠᠨ
ᠪᠠᠶᠢᠨ᠎ᠠ᠃ 《 ᠰᠢᠨ᠎ᠡ ᠲᠥᠷᠦ ᠶ᠋ᠢᠨ ᠪᠣᠳᠤᠯᠭ᠎ᠠ ᠶ᠋ᠢ ᠶᠠᠪᠤᠭᠤᠯᠬᠤ ᠬᠣᠷᠢᠶ᠎ᠠ》 ᠦᠩ ᠴᠢ ᠡᠦ
ᠵᠠᠩᠵᠤᠨ ᠢ ᠡᠷᠬᠢᠯᠡᠭᠴᠢ ᠭᠡᠰᠢᠭᠦᠨ ᠢᠶ᠋ᠡᠷ ᠲᠣᠮᠢᠯᠠᠵᠤ ᠂ ᠳᠣᠣᠷ᠎ᠠ ᠨᠢ ᠦᠢᠯᠡᠳᠪᠦᠷᠢ
ᠬᠤᠳᠠᠯᠳᠤᠭ᠎ᠠ ᠂ ᠡᠳ᠋ ᠦᠨ ᠵᠠᠰᠠᠭ ᠂ ᠬᠥᠳᠡᠭᠡ ᠠᠵᠤ ᠠᠬᠤᠶ ᠂ᠮ ᠠᠯ ᠠᠵᠤ ᠠᠬᠤᠢ ᠂ ᠬᠤᠷᠰᠢᠬᠤᠢ ᠂
ᠤᠰᠤᠨ ᠠᠰᠢᠭᠯᠠᠯᠲᠠ ᠂ ᠮᠥᠩᠭᠥᠨ ᠭᠦᠢᠯᠭᠡᠭᠡ ᠂ ᠰᠣᠶᠣᠯ ᠪᠣᠯᠪᠠᠰᠤᠷᠠᠯ ᠵᠡᠷᠭᠡ ᠶᠢᠰᠦᠨ
ᠳᠤᠭᠤᠶᠢᠯᠠᠩ ᠪᠠᠶᠢᠵᠤ᠂ ᠵᠠᠰᠠᠭ ᠤᠨ ᠡᠷᠬᠡ ᠶ᠋ᠢ ᠨᠡᠶᠢᠯᠡᠭᠦᠯᠬᠦ ᠡᠴᠡ ᠡᠮᠦᠨᠡᠬᠢ ᠰᠦᠢᠶᠤᠸᠠᠨ ᠤ
ᠪᠠᠷᠠᠭᠤᠨᠳᠠᠬᠢ ᠡᠯ᠎ᠡ ᠵᠦᠢᠯ ᠦᠨ ᠠᠵᠢᠯ ᠢ ᠬᠠᠷᠢᠭᠤᠴᠠᠨ᠎ᠠ ᠃
ᠡᠯ᠎ᠡ ᠲᠠᠯ᠎ᠠ ᠶ᠋ᠢᠨ
ᠦᠨᠳᠦᠰᠦᠨ ᠠᠵᠢᠯ ᠢ ᠵᠣᠬᠢᠰᠲᠠᠶ ᠪᠡᠯᠡᠳᠬᠡᠯ ᠬᠢᠭᠰᠡᠨ ᠤ ᠲᠠᠷᠠᠭ᠎ᠠ ᠂ ᠵᠠᠰᠠᠭ ᠤᠨ ᠡᠷᠬᠡ ᠶ᠋ᠢ
ᠨᠡᠶᠢᠯᠡᠭᠦᠯᠬᠦ ᠠᠵᠢᠯ ᠨᠢ ᠬᠣᠶᠠᠳᠤᠭᠠᠷ ᠱᠠᠲᠤᠨ ᠳ᠋ᠦ ᠣᠷᠣᠪᠠ ᠂ ᠰᠦᠢᠶᠤᠸᠠᠨ ᠤ ᠵᠡᠭᠦᠨ
ᠬᠡᠰᠡᠭ ᠦᠨ ᠪᠠ ᠰᠦᠢᠶᠤᠸᠠᠨ ᠤ ᠪᠠᠷᠠᠭᠤᠨ ᠬᠡᠰᠡᠭ ᠦᠨ ᠵᠠᠰᠠᠭ ᠤᠨ ᠡᠷᠬᠡ ᠶ᠋ᠢ ᠨᠡᠶᠢᠯᠡᠭᠦᠯᠬᠦ
ᠬᠡᠷᠡᠭᠲᠡᠢ ᠃ ᠠᠷᠪᠠᠨ ᠬᠣᠶᠠᠳᠤᠭᠠᠷ ᠰᠠᠷ᠎ᠠ ᠶ᠋ᠢᠨ ᠬᠣᠶᠠᠷ ᠤᠨ ᠡᠳᠦᠷ ᠂ ᠠᠷᠠᠳ ᠤᠨ ᠲᠥᠪ
ᠵᠠᠰᠠᠭ ᠤᠨ ᠣᠷᠳᠣᠨ ᠳᠥᠷᠪᠡᠳᠦᠭᠡᠷ ᠤᠳᠠᠭᠠᠨ ᠤ ᠬᠣᠷᠢᠶ᠎ᠠ ᠨᠢ ᠰᠦᠢᠶᠤᠸᠠᠨ ᠮᠣᠵᠢ ᠶ᠋ᠢᠨ ᠴᠡᠷᠢᠭ
ᠵᠠᠰᠠᠭ ᠤᠨ ᠬᠣᠷᠢᠶ᠎ᠠ ᠪᠣᠯᠤᠨ ᠰᠦᠢᠶᠤᠸᠠᠨ ᠮᠣᠵᠢ ᠶ᠋ᠢᠨ ᠠᠷᠠᠳ ᠤᠨ ᠵᠠᠰᠠᠭ ᠤᠨ ᠣᠷᠳᠣᠨ ᠤ
ᠲᠡᠷᠢᠭᠦᠯᠡᠭᠴᠢ ᠂ ᠳᠡᠳ᠋ ᠲᠡᠷᠢᠭᠦᠯᠡᠭᠴᠢᠳ ᠂ ᠭᠡᠰᠢᠭᠦᠳ ᠢ ᠪᠠᠲᠤᠯᠠᠭᠰᠠᠨ ᠪᠠᠶᠢᠨ᠎ᠠ ᠃ ᠠᠷᠠᠳ ᠤᠨ
ᠬᠤᠪᠢᠰᠬᠠᠯᠲᠤ ᠴᠡᠷᠢᠭ ᠦᠨ ᠶᠠᠪᠤᠳᠠᠯ ᠤᠨ ᠵᠥᠪᠯᠡᠯ ᠡᠴᠡ ᠰᠦᠢᠶᠤᠸᠠᠨ ᠤ ᠴᠡᠷᠢᠭ ᠦᠨ
ᠲᠣᠭᠤᠷᠢᠭ ᠤᠨ ᠬᠠᠷᠢᠭᠤᠴᠠᠯᠭᠠᠲᠠᠨ ᠢ ᠲᠣᠮᠢᠯᠠᠭᠰᠠᠨ ᠪᠠᠶᠢᠨ᠎ᠠ᠃ ᠲᠥᠪ ᠬᠣᠷᠢᠶᠠᠨ ᠤ
ᠤᠳᠤᠷᠢᠳᠤᠯᠭ᠎ᠠ ᠪᠣᠯᠤᠨ ᠰᠦᠢᠶᠤᠸᠠᠨ ᠮᠣᠵᠢ ᠶ᠋ᠢᠨ ᠨᠠᠮ ᠤᠨ ᠬᠣᠷᠢᠶᠠᠨ ᠤ ᠪᠣᠳᠠᠲᠠᠶ
ᠳᠣᠬᠢᠷᠠᠭᠤᠯᠭ᠎ᠠ ᠶ᠋ᠢ ᠦᠨᠳᠦᠰᠦᠯᠡᠵᠦ᠂ ᠠᠷᠪᠠᠨ ᠬᠣᠶᠠᠳᠤᠭᠠᠷ ᠰᠠᠷ᠎ᠠ ᠶ᠋ᠢᠨ ᠠᠷᠪᠠᠨ ᠤ ᠡᠳᠦᠷ
ᠬᠦᠢᠰᠦ᠋ᠢ ᠬᠣᠲᠠ ᠶ᠋ᠢᠨ ᠨᠠᠮ ᠤᠨ ᠬᠣᠷᠢᠶᠠᠨ ᠤ ᠬᠣᠶᠠᠷ ᠵᠠᠭᠤ ᠭᠠᠷᠤᠶ ᠺᠠᠳ᠋ᠷ( ᠤᠯᠠᠨ ᠲᠦᠮᠡᠨ ᠤ
ᠪᠥᠯᠬᠦᠮ ᠦᠨᠨᠢᠭᠡ ᠪᠦᠯᠦᠭ ᠺᠠᠳ᠋ᠷ ᠪᠠᠭᠲᠠᠨ᠎ᠠ ) ᠪᠣᠯᠤᠨ ᠮᠣᠵᠢᠶ᠋ᠢᠨ ᠵᠠᠰᠠᠭ ᠤᠨ ᠣᠷᠳᠣᠨ ᠡᠴᠠ
ᠨᠢᠭᠡ ᠬᠡᠰᠡᠭ ᠺᠠᠲᠷ ᠢ ᠳᠠᠭᠠᠭᠤᠯᠵᠤ ᠬᠣᠲᠠᠨ ᠳ᠋ᠦ ᠣᠷᠣᠵᠤ ᠂ ᠰᠦᠢᠶᠤᠸᠠᠨ ᠮᠣᠵᠢ ᠶ᠋ᠢᠨ ᠡᠯ᠎ᠡ
ᠪᠠᠶᠢᠭᠤᠯᠭ᠎ᠠ ᠬᠣᠲᠠᠨ ᠳ᠋ᠤ ᠬᠠᠮᠢᠶ᠎ᠠ ᠪᠦᠬᠦᠢ ᠶᠠᠪᠤᠳᠠᠯ ᠢ ᠵᠥᠪᠳᠡᠯᠴᠡᠵᠦ ᠂ ᠳᠤᠮᠳᠠᠳᠤ
ᠤᠯᠤᠰ ᠤᠨ ᠡᠪ ᠬᠠᠮᠲᠤ ᠨᠠᠮ ᠤᠨ ᠰᠦᠢᠶᠤᠸᠠᠨ ᠤ ᠵᠡᠭᠦᠨ ᠬᠡᠰᠡᠭ ᠦᠨ ᠰᠦᠢᠶᠤᠸᠠᠨ ᠮᠣᠵᠢ ᠶ᠋ᠢᠨ
ᠨᠠᠮ ᠤᠨ ᠬᠣᠷᠢᠶ᠎ᠠ ᠪᠠ ᠴᠡᠷᠢᠭ ᠵᠠᠰᠠᠭ ᠤᠨ ᠤᠳᠤᠷᠢᠳᠬᠤ ᠪᠠᠶᠢᠭᠤᠯᠤᠯᠭ᠎ᠠ ᠨᠤᠭᠤᠳ ᠂ ᠤᠯᠠᠨ
ᠲᠦᠮᠡᠨ ᠤ ᠪᠥᠯᠬᠦᠮ ᠦᠨᠺᠠᠳ᠋ᠷ ᠮᠢᠩᠭ᠎ᠠ ᠭᠠᠷᠤᠶ ᠬᠥᠮᠦᠨ ᠂ ᠭᠤᠤ ᠺᠸ ᠯᠢᠨ ᠂ ᠰᠦ ᠴᠢᠶᠠᠨ ᠢ ᠂
ᠶᠣᠣ ᠵᠧ ᠂ ᠶᠠᠩ ᡁᠢ ᠯᠢᠨ ᠂ ᠺᠦᠢ ᠪᠢ ᠵᠡᠷᠭᠡ ᠨᠥᠬᠦᠳ ᠦᠨ ᠳᠠᠭᠠᠭᠤᠯᠭ᠎ᠠ ᠳᠣᠣᠷ᠎ᠠ ᠂
ᠹᠸᠨᠭᠵᠸᠨ ᠡᠴᠡᠲᠡᠷᠭᠡᠨ ᠳ᠋ᠤ ᠰᠠᠭᠤᠵᠤ ᠬᠦᠢᠰᠦ᠋ᠢ ᠬᠦᠷᠴᠦ ᠂ ᠳ᠋ᠦᠩ ᠴᠢ ᠡᠦ ᠂ ᠰᠦᠨ ᠯᠠᠨ ᠹᠸᠩ
ᠵᠠᠩᠵᠤᠨ ᠪᠠ ᠬᠦᠢᠰᠦ᠋ᠢ ᠶ᠋ᠢᠨ ᠨᠠᠶᠮᠠᠨ ᠮᠢᠩᠭ᠎ᠠ ᠭᠠᠷᠤᠶ ᠬᠥᠮᠦᠨ ᠤ ᠬᠠᠯᠠᠭᠤᠨ ᠬᠦᠷᠢᠶᠡᠯᠡᠯ ᠢ
ᠣᠯᠵᠠᠶ ᠃ ᠰᠦᠢᠶᠤᠸᠠᠨ ᠮᠣᠵᠢ ᠶ᠋ᠢᠨ ᠴᠡᠷᠢᠭ ᠵᠠᠰᠠᠭ ᠤᠨ ᠺᠣᠮᠢᠰ ᠬᠦᠢᠰᠦ᠋ᠢ ᠳ᠋ᠦ
ᠪᠠᠶᠢᠭᠤᠯᠤᠭᠳᠠᠭᠰᠠᠨ ᠢ ᠵᠠᠷᠯᠠᠵᠤ ᠂ ᠲᠡᠷᠢᠭᠦᠯᠡᠭᠴᠢ ᠹᠦ᠋ ᠽᠦᠸᠸ ᠢ ᠂ ᠳᠡᠳ᠋ ᠲᠡᠷᠢᠭᠦᠯᠡᠭᠴᠢ
ᠭᠤᠤ ᠺᠸ ᠯᠢᠨ ᠂ ᠤᠯᠠᠭᠠᠨᠬᠦᠦ ᠂ ᠳ᠋ᠦᠩ ᠴᠢ ᠡᠦ ᠂ ᠰᠦᠨ ᠯᠠᠨ ᠹᠸᠩ ᠵᠡᠷᠭᠡ ᠭᠡᠰᠢᠭᠦᠳ ᠠᠷᠪᠠᠨ
ᠵᠢᠷᠭᠤᠭᠠᠨ ᠬᠥᠮᠦᠨ ᠣᠷᠤᠯᠴᠠᠪᠠ ᠃ ᠨᠢᠭᠡᠳᠦᠭᠡᠷ ᠰᠠᠷ᠎ᠠ ᠶ᠋ᠢᠨ ᠨᠢᠭᠡᠨ ᠤ ᠡᠳᠦᠷ ᠂ ᠰᠦᠢᠶᠤᠸᠠᠨ
ᠮᠣᠵᠢ ᠶ᠋ᠢᠨ ᠠᠷᠠᠳ ᠤᠨ ᠵᠠᠰᠠᠭ ᠤᠨ ᠣᠷᠳᠣᠨ ᠪᠣᠯᠤᠨ ᠰᠦᠢᠶᠤᠸᠠᠨ ᠮᠣᠵᠢ ᠶ᠋ᠢᠨ ᠴᠡᠷᠢᠭ ᠦᠨ
ᠲᠣᠭᠤᠷᠢᠭ ᠬᠠᠮᠲᠤ ᠪᠠᠷ ᠪᠠᠶᠢᠭᠤᠯᠤᠭᠳᠠᠭᠰᠠᠨ ᠢᠶᠡᠨ ᠲᠤᠩᠬᠠᠭᠯᠠᠵᠠᠶ ᠂ ᠰᠦᠢᠶᠤᠸᠠᠨ ᠮᠣᠵᠢ ᠶ᠋ᠢᠨ
ᠠᠷᠠᠳ ᠤᠨ ᠵᠠᠰᠠᠭ ᠤᠨ ᠣᠷᠳᠣᠨ ᠤ ᠲᠡᠷᠢᠭᠦᠯᠡᠭᠴᠢ ᠳ᠋ᠦᠩ ᠴᠢ ᠡᠦ ᠂ ᠳᠡᠳ᠋ ᠲᠡᠷᠢᠭᠦᠯᠡᠭᠴᠢ ᠶᠠᠩ
ᡁᠢ ᠯᠢᠨ ᠂ ᠺᠦᠢ ᠪᠢ ᠂ ᠰᠦᠨ ᠯᠠᠨ ᠹᠸᠩ ᠵᠡᠷᠭᠡ ᠭᠡᠰᠢᠭᠦᠨ ᠬᠣᠷᠢᠨ ᠬᠥᠮᠦᠨ ᠪᠠᠶᠢᠨ᠎ᠠ᠃
ᠰᠦᠢᠶᠤᠸᠠᠨ ᠤ ᠴᠡᠷᠢᠭ ᠦᠨ ᠲᠣᠭᠤᠷᠢᠭ ᠤᠨ ᠰᠧᠯᠢᠩ ᠹᠦ᠋ ᠽᠦᠸᠸ ᠢ ᠂ ᠤᠯᠤᠰ ᠲᠦᠷᠦ ᠶᠢᠨ ᠭᠡᠰᠢᠭᠦᠨ
ᠪᠦᠸᠸ ᠢ ᠪᠦᠸᠸ ᠂ ᠳᠡᠳ᠋ ᠰᠧᠯᠢᠩᠶᠤᠸᠠᠨ ᠤᠯᠠᠭᠠᠨᠬᠦᠦ ᠂ ᠳ᠋ᠦᠩ ᠴᠢ ᠡᠦ ᠂ ᠶᠣᠣ ᠵᠧ ᠂ ᠰᠦᠨ ᠯᠠᠨ
ᠹᠸᠩ ᠂ ᠳᠡᠳ᠋ ᠤᠯᠤᠰ ᠲᠥᠷᠦ ᠶ᠋ᠢᠨ ᠭᠡᠰᠢᠭᠦᠨ ᠭᠤᠤ ᠺᠸ ᠯᠢᠨ ᠂ ᠶᠠᠩ ᠶᠸ ᠫᠸᠩ᠂ ᠸᠠᠩ ᠺᠸ ᠵᠢᠶᠤᠨ
ᠪᠠᠶᠢᠵᠤ ᠂ ᠵᠧᠦ ᠢᠦᠢ ᠫᠸᠢ ᠤᠯᠤᠰᠲᠥᠷᠦ ᠶ᠋ᠢᠨ ᠬᠡᠯᠲᠡᠰ ᠦᠨ ᠡᠷᠬᠢᠯᠡᠭᠴᠢ ᠪᠣᠯᠪᠠ᠃ ᠲᠤᠰ ᠡᠳᠦᠷ ᠂
ᠬᠦᠢᠰᠦ᠋ᠢ ᠵᠢᠨ ᠴᠡᠷᠢᠭ ᠲᠦᠷᠪᠡᠨ ᠲᠦᠮᠡ ᠭᠠᠷᠤᠶ ᠬᠥᠮᠦᠨ ᠢ ᠦᠪᠡᠳᠡᠭᠰᠢ ᠶᠡᠬᠡ ᠪᠡᠷ
ᠬᠤᠷᠠᠯᠳᠤᠭᠤᠯᠵᠤ ᠂ ᠴᠡᠷᠢᠭ ᠵᠠᠰᠠᠭ ᠤᠨ ᠬᠣᠷᠢᠶ᠎ᠠ ᠂ ᠰᠦᠢᠶᠤᠸᠠᠨ ᠮᠣᠵᠢ ᠶ᠋ᠢᠨ ᠠᠷᠠᠳ ᠤᠨ
ᠵᠠᠰᠠᠭ ᠤᠨ ᠣᠷᠳᠣᠨ ᠂ ᠰᠦᠢᠶᠤᠸᠠᠨ ᠤ ᠴᠡᠷᠢᠭ ᠦᠨ ᠲᠣᠭᠣᠷᠢᠭ ᠪᠠᠶᠢᠭᠤᠯᠤᠭᠳᠠᠭᠰᠠᠨ ᠶᠡᠬᠡ ᠬᠤᠷᠠᠯ
ᠬᠤᠷᠠᠯᠳᠤᠭᠤᠯᠪᠠ ᠃
ᠵᠠᠰᠠᠭ ᠤᠨ ᠡᠷᠬᠡ ᠶ᠋ᠢ ᠨᠡᠶᠢᠯᠡᠭᠦᠯᠬᠦ ᠠᠵᠢᠯ ᠤᠨ
ᠭᠤᠷᠪᠠᠳᠤᠭᠠᠷ ᠱᠠᠳᠤ ᠳ᠋ᠦ ᠶᠠᠭᠤᠨ ᠤ ᠡᠮᠦᠨ᠎ᠡ ᠬᠠᠮᠲᠤ ᠪᠠᠷ ᠵᠥᠪᠳᠡᠯᠴᠡᠨ ᠂ 1950 ᠣᠨ ᠳ᠋ᠤ
ᠰᠦᠢᠶᠤᠸᠠᠨ ᠮᠣᠵᠢ ᠶ᠋ᠢᠨ ᠡᠯ᠎ᠡ ᠵᠦᠢᠯ ᠦᠨ ᠠᠵᠢᠯ ᠢ ᠪᠠᠶᠢᠷᠢᠯᠠᠭᠤᠯᠬᠤ ᠪᠣᠯᠤᠨ ᠲᠣᠬᠢᠷᠠᠭᠤᠯᠵᠤ ᠂
ᠰᠦᠢᠶᠤᠸᠠᠨ ᠮᠣᠵᠢ ᠶ᠋ᠢᠨ ᠵᠠᠰᠠᠭ ᠵᠠᠬᠢᠷᠭᠠᠨ ᠤ ᠣᠷᠣᠨ ᠤ ᠬᠤᠪᠢᠶᠠᠷᠢᠯᠠᠯ ᠂
ᠳᠡᠭᠡᠷᠡᠮ ᠢᠤᠰᠠᠳᠬᠠᠵᠤ ᠲᠠᠩᠨᠠᠭᠤᠯ ᠢ ᠠᠷᠢᠯᠭᠠᠬᠤ ᠂ ᠨᠡᠶᠢᠭᠡᠮ ᠦᠨ ᠡᠮᠬᠢ ᠵᠢᠷᠤᠮ ᠢ
ᠲᠦᠪᠰᠢᠷᠡᠭᠦᠯᠵᠦ ᠂ ᠲᠠᠷᠢᠶᠠᠯᠠᠩ ᠮᠠᠯ ᠠᠵᠤ ᠠᠬᠤᠢ ᠶ᠋ᠢ ᠰᠡᠷᠭᠦᠭᠡᠨ ᠬᠥᠭᠵᠢᠭᠦᠯᠵᠦ ᠂ ᠭᠠᠷ
ᠦᠢᠯᠡᠳᠪᠦᠷᠢ ᠂ ᠠᠵᠤ ᠦᠶᠯᠡᠳᠪᠦᠷᠢ ᠠᠭᠤᠷᠬᠠᠢ ᠶ᠋ᠢᠨ ᠦᠢᠯᠡᠳᠪᠦᠷᠢᠯᠡᠯ ᠦᠨ ᠭᠣᠣᠯᠳᠠᠯᠭ᠎ᠠ
ᠪᠣᠯᠭᠠᠭᠰᠠᠨ ᠨᠠᠶᠮᠠᠨ ᠵᠤᠷᠪᠤᠰ ᠵᠠᠰᠠᠭ ᠶᠠᠪᠤᠭᠤᠯᠬᠤ ᠴᠢᠭᠯᠡᠯᠲᠡ ᠶ᠋ᠢ ᠪᠠᠷᠢᠮᠲᠠᠯᠠᠬᠤ
ᠬᠡᠷᠡᠭᠲᠡᠶ ᠃ ᠰᠦᠢᠶᠤᠸᠠᠨ ᠮᠣᠵᠢ ᠶ᠋ᠢᠨ ᠴᠡᠷᠢᠭ ᠵᠠᠰᠠᠭ ᠤᠨ ᠺᠠᠲᠷᠴᠤᠳ ᠤᠨ ᠰᠤᠷᠤᠯᠴᠠᠬᠤ
ᠪᠥᠯᠬᠦᠮ ᠢ ᠪᠠᠶᠢᠭᠤᠯᠵᠤ ᠂ ᠤᠤᠯ ᠤᠨ ᠰᠦᠢᠶᠤᠸᠠᠨ ᠤ ᠵᠠᠰᠠᠭ ᠵᠠᠬᠢᠷᠭᠠᠨ ᠤ ᠺᠠᠲᠷ ᠤᠨ
ᠰᠤᠷᠭᠠᠭᠤᠯᠢ ᠂ ᠪᠣᠰᠣᠯᠭ᠎ᠠ ᠭᠠᠷᠭᠠᠭᠰᠠᠨ ᠺᠠᠳ᠋ᠷ ᠲᠤ ᠬᠥᠮᠦᠵᠢᠯ ᠬᠢᠵᠦ ᠂ ᠡᠯ᠎ᠡ ᠡᠲᠡᠭᠡᠳ ᠦᠨ
ᠠᠷᠠᠳ ᠤᠨ ᠲᠥᠯᠦᠭᠡᠯᠡᠭᠴᠢᠳ ᠦᠨ ᠬᠤᠷᠠᠯᠳᠤᠭᠠᠨ ᠢ ᠬᠤᠷᠠᠯᠳᠤᠭᠤᠯᠵᠤ ᠂ ᠰᠥᠢᠶᠤᠸᠠᠨ ᠢ ᠵᠢᠩᠬᠢᠨᠢ
ᠠᠷᠠᠳ ᠤᠨ ᠴᠢᠯᠥᠭᠡᠯᠡᠭᠳᠡᠭᠰᠡᠨ ᠣᠷᠣᠨ ᠪᠣᠯᠭᠠᠨ ᠪᠦᠲᠦᠭᠡᠨ ᠪᠠᠶᠢᠭᠤᠯᠬᠤ ᠬᠡᠷᠡᠭᠲᠡᠶ ᠃
ᠳᠠᠷᠠᠭᠠᠯᠠᠪᠠᠯ ᠴᠡᠷᠢᠭ ᠠᠩᠬᠢ ᠶ᠋ᠢ ᠴᠡᠭᠴᠡᠯᠡᠨ ᠪᠠᠶᠢᠭᠤᠯᠬᠤ ᠠᠵᠢᠯ ᠪᠣᠯᠤᠨ᠎ᠠ ᠂
ᠤᠮᠠᠷᠠᠲᠤ ᠣᠷᠣᠨ ᠤ ᠴᠡᠷᠢᠭ ᠦᠨ ᠲᠣᠭᠣᠷᠢᠭ ᠡᠴᠡ ᠬᠣᠶᠠᠷ ᠮᠢᠩᠭ᠎ᠠ ᠰᠢᠬᠠᠮ ᠺᠠᠳ᠋ᠷ
ᠰᠦᠢᠶᠤᠸᠠᠨ ᠤ ᠪᠠᠷᠠᠭᠤᠨ ᠳᠠᠬᠢ ᠳ᠋ᠤ ᠣᠴᠢᠵᠤ ᠪᠣᠰᠤᠯᠭ᠎ᠠ ᠶ᠋ᠢᠨ ᠴᠡᠷᠢᠭ ᠠᠩᠬᠢ ᠶ᠋ᠢᠨ
ᠥᠭᠡᠷᠡᠴᠢᠯᠡᠬᠦ ᠡᠭᠦᠷᠭᠡ ᠶ᠋ᠢ ᠡᠭᠦᠷᠭᠡᠯᠡᠬᠦ ᠬᠡᠷᠡᠭᠲᠡᠶ ᠃ ᠴᠡᠷᠢᠭ ᠠᠩᠬᠢ ᠶ᠋ᠢ ᠴᠡᠭᠴᠡᠯᠡᠨ
ᠪᠠᠶᠢᠭᠤᠯᠬᠤ ᠡᠴᠠ ᠡᠮᠦᠨ᠎ᠡ ᠂ ᠤᠷᠢᠳᠠᠪᠠᠷ ᠰᠤᠷᠤᠯᠴᠠᠨ ᠬᠥᠮᠦᠵᠢᠯ ᠬᠦᠷᠲᠡᠬᠦ ᠂ ᠨᠢᠭᠡᠳᠦᠭᠡᠷ
ᠰᠠᠷ᠎ᠠ ᠶ᠋ᠢᠨ ᠠᠷᠪᠠᠨ ᠵᠢᠷᠭᠤᠭᠠᠨ ᠤ ᠡᠳᠦᠷ ᠴᠡᠷᠢᠭ ᠂ ᠳ᠋ᠢᠸᠢᠽᠢ ᠂ ᠪᠠᠷᠢᠭᠠᠳᠠ ᠶ᠋ᠢᠨ ᠳᠠᠷᠤᠭ᠎ᠠ
ᠪᠣᠯᠤᠨ ᠰᠤᠳᠤᠯᠬᠤ ᠠᠨᠭᠬᠢ ᠳ᠋ᠦ ᠣᠷᠣᠯᠴᠠᠭᠰᠠᠨ ᠳᠡᠭᠡᠳᠦ ᠵᠡᠷᠭᠡ ᠶ᠋ᠢᠨ ᠺᠠᠲᠷ ᠤᠨ ᠵᠥᠪᠯᠡᠭᠴᠢ
ᠪᠣᠯᠵᠠᠶ 20 ᠡᠳᠦᠷ ᠰᠣᠷᠤᠯᠴᠠᠬᠤ ᠪᠣᠯᠤᠨ᠎ᠠ ᠃ ᠱᠲ᠋ᠠᠪᠴᠢᠳ ᠢ ᠴᠤᠭᠯᠠᠭᠤᠯᠤᠨ᠂ ᠬᠠᠩᠭᠠᠯᠭ᠎ᠠ ᠶ᠋ᠢᠨ
ᠬᠥᠮᠦᠰ ᠦᠨ ᠬᠤᠷᠠᠯᠳᠤᠭᠠᠨ ᠢ ᠬᠤᠷᠠᠯᠳᠤᠭᠤᠯᠵᠤ᠂ ᠠᠷᠠᠳ ᠤᠨ ᠴᠢᠯᠥᠭᠡᠯᠡᠬᠦ ᠴᠡᠷᠢᠭ ᠦᠨ
ᠱᠲ᠋ᠠᠪᠴᠢ ᠶ᠋ᠢᠨ ᠠᠵᠢᠯ ᠪᠠ ᠬᠠᠩᠭᠠᠯᠭ᠎ᠠ ᠶ᠋ᠢᠨ ᠳᠥᠷᠢᠮ ᠢ ᠰᠤᠷᠤᠯᠴᠠᠭᠰᠠᠨ ᠪᠠᠶᠢᠨ᠎ᠠ ᠃
ᠬᠣᠶᠠᠳᠤᠭᠠᠷ ᠰᠠᠷ᠎ᠠ ᠶ᠋ᠢᠨ ᠨᠢᠭᠡᠨ ᠤ ᠡᠳᠦᠷ ᠂ ᠰᠦᠢᠶᠤᠸᠠᠨ ᠮᠣᠵᠢ ᠶ᠋ᠢᠨ ᠴᠡᠷᠢᠭ ᠵᠠᠰᠠᠭ ᠤᠨ
ᠪᠥᠯᠬᠦᠮ ᠰᠤᠷᠤᠯᠭ᠎ᠠ ᠡᠬᠢᠯᠡᠵᠦ᠂ ᠪᠣᠰᠤᠯᠭ᠎ᠠ ᠶ᠋ᠢᠨ ᠴᠡᠷᠢᠭ ᠦᠨ ᠳᠠᠷᠤᠭ᠎ᠠ ᠡᠴᠡ ᠳᠡᠭᠡᠭᠰᠢᠬᠢ
ᠴᠡᠷᠢᠭ ᠦᠨ ᠺᠠᠲᠷᠴᠤᠳ ᠤᠨ ᠰᠤᠷᠤᠯᠴᠠᠬᠤ ᠪᠥᠯᠬᠦᠮ ᠢ ᠬᠦᠷᠭᠡᠵᠦ ᠰᠤᠷᠤᠯᠴᠠᠭᠤᠯᠬᠤ ᠬᠡᠷᠡᠭᠲᠡᠶ ᠃
ᠪᠠᠭᠴᠠᠯᠠᠪᠠᠯ ᠂ ᠪᠣᠰᠤᠯᠭ᠎ᠠ ᠶ᠋ᠢᠨ ᠴᠡᠷᠢᠭ ᠺᠠᠲᠷ ᠢᠡᠯᠡ ᠵᠦᠢᠯ ᠦᠨ ᠬᠡᠯᠪᠡᠷᠢ ᠪᠡᠷ
ᠳᠠᠮᠵᠢᠭᠤᠯᠤᠨ ᠂ ᠠᠷᠠᠳ ᠤᠨ ᠴᠢᠯᠥᠭᠡᠯᠡᠬᠦ ᠴᠡᠷᠢᠭ ᠦᠨ ᠲᠤᠬᠠᠶ ᠣᠶᠢᠯᠠᠭᠠᠯᠲᠠ ᠪᠠ
ᠲᠠᠨᠢᠯᠲᠠ ᠪᠡᠨ ᠭᠦᠨᠵᠡᠭᠡᠶᠢᠷᠡᠭᠦᠯᠬᠦ ᠬᠡᠷᠡᠭᠲᠡᠶ ᠃ ᠬᠣᠶᠠᠷ ᠰᠠᠷ᠎ᠠ ᠶ᠋ᠢᠨ ᠬᠣᠷᠢᠨ ᠨᠢᠭᠡᠨ ᠤ
ᠡᠳᠦᠷ ᠰᠦᠢᠶᠤᠸᠠᠨ ᠤ ᠴᠡᠷᠢᠭ ᠦᠨ ᠲᠣᠭᠤᠷᠢᠭ ᠤᠨ ᠤᠤᠯ ᠤᠨ ᠤᠮᠠᠷᠠᠲᠤ ᠣᠷᠣᠨ ᠳ᠋ᠤ ᠡᠪ ᠬᠠᠮᠲᠤ
ᠨᠠᠮ ᠢ ᠤᠰᠠᠳᠬᠠᠬᠤ ᠵᠢᠯᠣᠭᠣᠳᠬᠤ ᠭᠠᠵᠠᠷ ᠤᠨ ᠬᠠᠷᠢᠶ᠎ᠠ ᠴᠡᠷᠢᠭ ᠠᠩᠬᠢ ᠶ᠋ᠢ ᠥᠭᠡᠷᠡᠴᠢᠯᠡᠨ
ᠪᠠᠶᠢᠭᠤᠯᠵᠤ ᠳᠠᠭᠤᠰᠬᠠᠭᠠᠳ ᠂ ᠤᠤᠯ ᠤᠨ ᠠᠷᠪᠠᠨ ᠲᠤᠯᠤᠭᠠᠨ ᠳ᠋ᠢᠸᠢᠽᠢ ᠂ ᠪᠠᠷᠢᠭᠠᠳᠠ ᠶ᠋ᠢ ᠭᠤᠴᠢᠨ
ᠵᠢᠷᠭᠤᠭ᠎ᠠ ᠂ ᠭᠤᠴᠢᠨ ᠳᠣᠯᠤᠭ᠎ᠠ ᠬᠣᠶᠠᠷ ᠵᠢᠶᠤᠨ ᠪᠣᠯᠤᠨ ᠨᠢᠭᠡ ᠮᠣᠷᠢᠲᠤ ᠴᠡᠷᠢᠭ ᠦᠨ
ᠳᠥᠷᠪᠡᠳᠦᠭᠡᠷ ᠳ᠋ᠢᠸᠢᠽᠢ ᠪᠣᠯᠭᠠᠨ ᠥᠭᠡᠷᠡᠴᠢᠯᠡᠨ ᠪᠠᠶᠢᠭᠤᠯᠵᠤ ᠂ ᠡᠯ᠎ᠡ ᠴᠡᠷᠢᠭ ᠠᠨᠭᠬᠢ ᠂ ᠤᠯᠤᠰ
ᠲᠥᠷᠦ ᠶ᠋ᠢᠨ ᠰᠢᠨ᠎ᠡ ᠪᠠᠶᠢᠭᠤᠯᠤᠮᠵᠢ ᠪᠠ ᠤᠯᠤᠰ ᠲᠥᠷᠦ ᠶ᠋ᠢᠨ ᠠᠵᠢᠯ ᠤᠨ ᠳᠥᠷᠢᠮ ᠢ
ᠵᠣᠬᠢᠴᠠᠩᠭᠤᠶ ᠪᠠᠷ ᠲᠣᠭᠲᠠᠭᠠᠵᠤ ᠂ ᠠᠯᠬᠤᠮ ᠠᠯᠬᠤᠮ ᠢᠶᠠᠷ ᠴᠡᠷᠢᠭ ᠠᠩᠬᠢ ᠶ᠋ᠢ ᠵᠢᠩᠬᠢᠨᠢ
ᠠᠷᠠᠳ ᠤᠨ ᠴᠢᠯᠥᠭᠡᠯᠡᠬᠦ ᠴᠡᠷᠢᠭ ᠪᠣᠯᠭᠠᠨ ᠥᠭᠡᠷᠡᠴᠢᠯᠡᠨ ᠪᠠᠶᠢᠭᠤᠯᠬᠤ ᠬᠡᠷᠡᠭᠲᠡᠶ ᠃ 1950
ᠣᠨ ᠤ 12 ᠰᠠᠷ᠎ᠠ ᠳ᠋ᠤ ᠨᠠᠮ ᠤᠨ ᠲᠥᠪ ᠬᠣᠷᠢᠶ᠎ᠠ ᠂ ᠲᠥᠪ ᠦᠨ ᠴᠡᠷᠢᠭ ᠦᠨ ᠶᠠᠪᠤᠳᠠᠯ ᠤᠨ
ᠬᠣᠷᠢᠶᠠᠨ ᠤ ᠪᠣᠳᠠᠲᠤ ᠪᠠᠶᠢᠳᠠᠯ ᠢ ᠦᠨᠳᠦᠰᠦᠯᠡᠨ ᠂ ᠰᠦᠢᠶᠤᠸᠠᠨ ᠤ ᠴᠡᠷᠢᠭ ᠠᠩᠬᠢ ᠶ᠋ᠢ
ᠠᠷᠠᠳ ᠤᠨ ᠴᠢᠯᠥᠭᠡᠯᠡᠬᠦ ᠴᠡᠷᠢᠭ ᠦᠨ ᠬᠣᠷᠢᠨ ᠭᠤᠷᠪᠠᠳᠤᠭᠠᠷ ᠪᠢᠩᠲ᠋ᠤᠸᠠᠨ ᠪᠣᠯᠭᠠᠨ ᠥᠭᠡᠷᠡᠴᠢᠯᠡᠨ
ᠪᠠᠶᠢᠭᠤᠯᠬᠤ ᠪᠠᠷ ᠲᠣᠭᠲᠠᠵᠤ᠂ ᠳ᠋ᠦᠩ ᠴᠢ ᠡᠦ ᠰᠧᠯᠢᠩᠶᠤᠸᠠᠨ ᠂ ᠭᠤᠤ ᠺᠸ ᠯᠢᠨ ᠤᠯᠤᠰ
ᠲᠥᠷᠦ ᠶ᠋ᠢᠨ ᠭᠡᠰᠢᠭᠦᠨ ᠢᠶ᠋ᠡᠷ ᠰᠤᠩᠭᠤᠭᠳᠠᠪᠠ ᠃ ᠠᠷᠪᠠᠨ ᠬᠣᠶᠠᠳᠤᠭᠠᠷ ᠰᠠᠷ᠎ᠠ ᠶ᠋ᠢᠨ ᠬᠣᠷᠢᠨ
ᠬᠣᠶᠠᠷ ᠤᠨ ᠡᠳᠦᠷ ᠂ ᠡᠨᠡ ᠰᠠᠯᠠᠭ᠎ᠠ ᠴᠡᠷᠢᠭ ᠠᠨᠭᠭᠢ ᠵᠠᠷᠯᠢᠭ ᠬᠦᠯᠢᠶᠡᠨ ᠰᠦᠢᠶᠤᠸᠠᠨ ᠡᠴᠡ
ᠬᠥᠳᠡᠯᠵᠦ᠂ ᠾᠪᠸᠢ ᠶ᠋ᠢᠨ ᠾᠸᠩᠱᠦᠢ ᠣᠷᠴᠢᠮ ᠳ᠋ᠦ ᠴᠡᠭᠴᠡᠯᠡᠨ ᠪᠣᠯᠪᠠᠰᠤᠷᠠᠪᠠ ᠃ 1951 ᠣᠨ ᠤ 8
ᠰᠠᠷ᠎ᠠ ᠳ᠋ᠤ ᠠᠷᠠᠳ ᠤᠨ ᠴᠢᠯᠥᠭᠡᠯᠡᠬᠦ ᠴᠡᠷᠢᠭ ᠦᠨ ᠬᠣᠷᠢᠨ ᠭᠤᠷᠪᠠᠳᠤᠭᠠᠷ ᠪᠢᠩᠲ᠋ᠤᠸᠠᠨ ᠨᠢ
ᠵᠠᠷᠯᠢᠭ ᠢᠶᠠᠷ《 ᠳᠤᠮᠳᠠᠳᠤ ᠤᠯᠤᠰ ᠤᠨ ᠰᠡᠢᠢᠠ ᠳᠤᠷ᠎ᠠ ᠶ᠋ᠢᠨ ᠴᠡᠷᠢᠭ ᠦᠨ ᠠᠷᠪᠠᠨ ᠭᠤᠷᠪᠠᠳᠤᠭᠠᠷ
ᠪᠢᠩᠲ᠋ᠤᠸᠠᠨ 》 ᠵᠣᠬᠢᠶᠠᠨ ᠪᠠᠶᠢᠭᠤᠯᠵᠤ ᠂ ᠲᠤᠰ ᠵᠢᠯ ᠦᠨ 9 ᠰᠠᠷ᠎ᠠ ᠶ᠋ᠢᠨ 3 ᠤ ᠡᠳᠦᠷ
ᠰᠣᠯᠤᠩᠭᠤᠰ ᠵᠦᠭ ᠮᠣᠷᠳᠠᠵᠤ ᠤᠯᠤᠰ ᠣᠷᠤᠨ ᠢᠶᠡᠨ ᠬᠠᠮᠠᠭᠠᠯᠠᠬᠤ ᠡᠮᠦᠨ᠎ᠡ ᠹᠷᠣᠨᠲ᠋ ᠲᠤ
ᠮᠣᠷᠳᠠᠭᠰᠠᠨ ᠪᠠᠶᠢᠨ᠎ᠠ ᠃
ᠰᠦᠢᠶᠤᠸᠠᠨ ᠤ 《 ᠶᠢᠰᠦᠨ ᠰᠠᠷ᠎ᠠ ᠶ᠋ᠢᠨ ᠠᠷᠪᠠᠨ ᠶᠢᠰᠦᠨ
》 ᠪᠣᠰᠣᠯᠭ᠎ᠠ ᠪᠣᠯ ᠨᠠᠮ ᠤᠨ ᠲᠥᠪ ᠬᠣᠷᠢᠶ᠎ᠠ ᠂ ᠲᠡᠷᠢᠭᠦᠯᠡᠭᠴᠢ ᠮᠠᠤ ᠽᠸ ᠳ᠋ᠦᠩ ᠪᠦᠬᠦ
ᠤᠯᠤᠰ ᠤᠨ ᠴᠢᠯᠥᠭᠡᠯᠡᠬᠦ ᠳᠠᠢᠢᠨ ᠤ ᠪᠠᠶᠢᠳᠠᠯ ᠢ ᠦᠨᠳᠦᠰᠦᠯᠡᠨ ᠂《 ᠰᠦᠢᠶᠤᠸᠠᠨ ᠤ ᠠᠷᠭ᠎ᠠ ᠮᠠᠶᠠᠭ 》 ᠢᠡᠷ ᠡᠰ ᠲᠠᠰᠤᠷᠬᠠᠶ ᠳᠤᠷᠠᠳᠤᠨ ᠭᠠᠷᠭᠠᠭᠰᠠᠨ ᠡᠴᠡ ᠠᠮᠵᠢᠯᠲᠠ ᠣᠯᠤᠭᠰᠠᠨ ᠶᠤᠮ ᠃ 《
ᠰᠦᠢᠶᠤᠸᠠᠨ ᠤ ᠠᠷᠭ᠎ᠠ ᠮᠠᠶᠠᠭ》ᠡᠶᠢᠮᠦ ᠴᠢᠰᠤ ᠦᠯᠦ ᠤᠷᠤᠰᠬᠠᠬᠤ ᠲᠡᠮᠡᠴᠡᠯ ᠦᠨ ᠠᠷᠭ᠎ᠠ ᠪᠡᠷ
ᠭᠤᠮᠢᠨᠳᠠᠩ ᠤᠨ ᠴᠡᠷᠢᠭ ᠦᠨ ᠡᠵᠡᠯᠡᠭᠰᠡᠨ ᠣᠷᠣᠨ ᠪᠦᠰᠡ ᠶ᠋ᠢ ᠴᠢᠯᠦᠭᠡᠯᠡᠵᠦ᠂ ᠪᠦᠬᠦ ᠤᠯᠤᠰ ᠤᠨ
ᠴᠢᠯᠥᠭᠡᠯᠡᠬᠦ ᠳᠠᠢᠢᠨ ᠤ ᠳᠤᠮᠳᠠ ᠴᠣᠷ ᠤᠨ ᠭᠠᠭᠴᠠ ᠪᠠᠶᠢᠵᠤ ᠂ ᠠᠯᠤᠰ ᠬᠡᠲᠦ ᠶ᠋ᠢᠨ ᠲᠡᠦᠬᠡᠲᠦ
ᠠᠴᠢ ᠬᠣᠯᠪᠣᠭᠳᠠᠯ ᠲᠠᠶ ᠶᠤᠮ ᠃