《 ᠯᠢᠦᠶ ᠠ ᠲᠤᠬᠠᠶ ᠬᠡᠯᠡᠯᠴᠡᠭᠡᠷ 》  ᠲᠤᠭᠲᠠᠭᠰᠠᠨ ᠨᠢ

  2019-04-29

    ᠶᠠᠫᠣᠨ  ᠢ ᠡᠰᠡᠷᠭᠦᠴᠡᠬᠦ ᠲᠠᠢᠢᠨ ᠢᠯᠠᠯᠲᠠ ᠣᠯᠤᠭᠰᠠᠨ  ᠤ ᠲᠠᠷᠠᠭ᠎ᠠ ᠂ ᠵᠡᠭᠦᠨ ᠬᠣᠶᠢᠲᠤ ᠣᠷᠣᠨ ᠨᠢ ᠵᠦ᠋ᠪᠯᠡᠯᠳ᠋ᠦ ᠠᠮᠧᠷᠢᠺᠠ ᠬᠣᠶᠠᠷ ᠤᠯᠤᠰ ᠪᠠ ᠭᠣᠮᠢᠨᠳᠠᠩ ᠡᠪ ᠬᠠᠮᠲᠤ ᠨᠠᠮ ᠬᠣᠶᠠᠷ ᠨᠠᠮ  ᠤᠨ ᠪᠠᠶᠢᠯᠳᠤᠬᠤ ᠪᠤᠳᠤᠯᠭ᠎ᠠ  ᠶᠢᠨ ᠪᠤᠯᠢᠶᠠᠯᠳᠤᠬᠤ ᠴᠢᠬᠤᠯᠠ ᠭᠠᠵᠠᠷ ᠪᠤᠯᠵᠤ ᠂ ᠴᠢᠬᠤᠯᠠ ᠪᠠᠶᠢᠷᠢ ᠰᠠᠭᠤᠷᠢ ᠲᠠᠶ ᠶᠤᠮ ᠃ ᠵᠦᠪᠯᠡᠯᠳᠦ ᠬᠣᠯᠪᠣᠭᠠᠲᠤ ᠤᠯᠤᠰ  ᠤᠨ ᠤᠯᠠᠭᠠᠨ ᠴᠡᠷᠢᠭ ᠨᠢ ᠵᠡᠭᠦᠨ ᠬᠣᠶᠢᠲᠤ ᠣᠷᠣᠨ  ᠤ ᠭᠣᠣᠯ ᠵᠠᠮ ᠬᠠᠷᠢᠯᠴᠠᠭᠠᠨ  ᠤ ᠱᠤᠭᠤᠮ ᠪᠣᠯᠤᠨ ᠬᠡᠰᠡᠭ ᠶᠡᠬᠡ ᠂ ᠳᠤᠮᠳᠠ ᠵᠡᠷᠭᠡ  ᠶ᠋ᠢᠨ ᠬᠤᠳᠠ ᠶ᠋ᠢ ᠡᠵᠡᠮᠰᠢᠵᠦ ᠂ ᠭᠣᠮᠢᠨᠳᠠᠩ  ᠤᠨ ᠴᠡᠷᠢᠭ ᠨᠢ ᠴᠡᠷᠡᠭ  ᠢᠶᠡᠨ ᠲᠤᠬᠢᠷᠠᠭᠤᠯᠤᠨ ᠶᠠᠫᠣᠨ ᠢ ᠡᠰᠡᠷᠭᠦᠴᠡᠬᠦ ᠳᠠᠶᠢᠨ ᠤ ᠢᠯᠠᠯᠲᠠ  ᠶ᠋ᠢᠨ ᠦᠷ᠎ᠡ  ᠶ᠋ᠢ ᠪᠤᠯᠢᠶᠠᠬᠤ ᠪᠡᠨ ᠲᠦᠷᠭᠡᠳᠬᠡᠭᠰᠡᠨ ᠪᠠᠶᠢᠨ᠎ᠠ᠃ ᠥᠪᠥᠷ ᠮᠣᠩᠭᠣᠯ ᠤᠨ ᠵᠡᠭᠦᠨ ᠬᠡᠰᠡᠭ  ᠤᠨ ᠭᠠᠵᠠᠷ ᠣᠷᠣᠨ ( ᠳᠥᠭᠥᠮᠴᠢᠯᠡᠭᠡᠳ 《 ᠵᠡᠭᠦᠨ ᠮᠣᠩᠭᠣᠯ 》)  ᠤ ᠨᠡᠶᠢᠭᠡᠮ  ᠤᠨ ᠡᠮᠬᠢ ᠵᠢᠷᠤᠮ ᠨᠢ ᠰᠠᠮᠠᠭᠤᠷᠠᠭᠰᠠᠨ ᠪᠠᠶᠢᠨ᠎ᠠ ᠃ ᠴᠥᠭᠡᠨ ᠪᠤᠰᠤ ᠶᠠᠫᠣᠨ ᠬᠠᠭᠤᠷᠮᠠᠭ ᠴᠡᠷᠢᠭ  ᠤᠨ ᠦᠯᠡᠳᠡᠭᠳᠡᠯ ᠬᠦᠴᠦᠨ ᠂ ᠪᠤᠳᠡᠷᠡᠬᠰᠡᠠ ᠴᠡᠷᠢᠭ ᠂ ᠳᠡᠭᠡᠷᠡᠮᠴᠢᠨ ᠂ ᠬᠠᠭᠤᠷᠮᠠᠭ ᠮᠠᠨᠵᠤ ᠶ᠋ᠢᠨ ᠴᠡᠷᠢᠭ ᠴᠠᠭᠳᠠᠭ᠎ᠠ ᠬᠠᠷᠢᠯᠴᠠᠨ ᠰᠥᠯᠪᠡᠭᠡᠯᠳᠦᠵᠦ ᠂ ᠨᠡᠶᠢᠭᠡᠮ  ᠢ ᠬᠤᠬᠢᠷᠠᠭᠤᠯᠤᠨ ᠂ ᠠᠷᠠᠳ ᠲᠦᠮᠡᠨ  ᠢ ᠳᠠᠷᠤᠯᠠᠭᠰᠠᠨ ᠪᠠᠶᠢᠨ᠎ᠠ ᠃ ᠥᠪᠥᠷ ᠮᠣᠩᠭᠣᠯ  ᠤᠨ ᠡᠯ᠎ᠡ ᠦᠨᠳᠦᠰᠦᠲᠡᠨ ᠤ ᠠᠷᠠᠳ ᠲᠦᠮᠡᠨ  ᠨᠢ ᠨᠢᠭᠡᠨ ᠡᠩᠭᠡ ᠲᠠᠶᠢᠪᠤᠩ ᠠᠮᠤᠷ ᠲᠣᠭᠲᠠᠭᠤᠨ ᠨᠡᠶᠢᠭᠡᠮ  ᠤᠨ ᠣᠷᠴᠢᠨ ᠲᠣᠭᠣᠷᠢᠨ ᠂ ᠠᠮᠤᠷᠵᠢᠨ ᠲᠡᠩᠬᠡᠷᠡᠬᠦᠨ ᠭᠡᠷ ᠣᠷᠣᠨ   ᠶᠢᠨ ᠲᠡᠬᠢᠠ ᠪᠠᠶᠢᠭᠤᠯᠬᠤ ᠶ᠋ᠢ ᠲᠤᠯᠭᠠᠮ᠎ᠠ ᠱᠠᠭᠠᠷᠳᠠᠵᠤ ᠪᠠᠶᠢᠯ᠎ᠠ ᠃
    ᠵᠡᠭᠦᠨ ᠮᠣᠩᠭᠣᠯ ᠣᠷᠣᠨ  ᠤ ᠡᠯ᠎ᠡ ᠵᠦᠢᠯ  ᠤᠨ ᠤᠯᠤᠰ ᠲᠦᠷᠦ  ᠶ᠋ᠢᠨ ᠬᠦᠴᠦᠨ ᠨᠢ ᠲᠠᠶᠢᠰᠠᠨ  ᠳ᠋ᠦ ᠭᠠᠷᠴᠤ᠂ ᠬᠡᠰᠡᠭ ᠪᠦᠯᠦᠭ ᠮᠣᠩᠭᠣᠯ ᠰᠡᠬᠡᠭᠡᠷᠡᠭᠰᠡᠨ ᠳᠡᠭᠡᠳᠦ ᠳᠠᠪᠬᠤᠷᠭᠠᠲᠠᠨ ᠂ ᠢᠯᠠᠩᠭᠤᠶ᠎ᠠ ᠶᠡᠬᠡ ᠬᠡᠪᠴᠢᠶᠡᠨ ᠤ ᠮᠣᠩᠭᠣᠯ ᠵᠠᠯᠠᠭᠤᠰ ᠂ ᠳᠠᠪᠰᠢᠩᠭᠤᠶ ᠰᠤᠷᠤᠭᠴᠢᠳ ᠬᠢᠭᠡᠳ ᠵᠠᠯᠠᠭᠤ ᠴᠡᠷᠢᠭ ᠤᠨ ᠥᠪᠡᠷᠲᠡᠭᠡᠨ ᠵᠠᠰᠠᠬᠤ ᠪᠠᠷ ᠱᠠᠭᠠᠷᠳᠠᠬᠤ ᠬᠦᠰᠡᠯ ᠱᠠᠭᠠᠷᠳᠠᠯᠭ᠎ᠠ ᠨᠢ ᠨᠡᠩ ᠴᠢᠩᠭ᠎ᠠ ᠪᠤᠯᠵᠠᠢ᠃ ᠲᠡᠳᠡᠨ ᠨᠢ ᠡᠯ᠎ᠡ ᠮᠣᠩᠭᠣᠯ ᠬᠣᠰᠢᠭᠤᠨ  ᠤ ᠡᠯ᠎ᠡ ᠳᠠᠪᠬᠤᠷᠭ᠎ᠠ  ᠲᠠᠢ ᠬᠠᠮᠲᠤ ᠪᠠᠷ᠂ ᠦᠨᠳᠦᠰᠦᠲᠡᠨ  ᠤ ᠴᠢᠯᠥᠭᠡᠯᠡᠯᠲᠡ ᠶ᠋ᠢᠨ ᠲᠦᠯᠦᠭᠡ ᠶᠠᠭᠠᠷᠠᠨ ᠭᠦᠶᠦᠵᠦ ᠤᠷᠢᠶᠠᠯᠠᠨ ᠬᠠᠰᠬᠢᠷᠴᠤ ᠂ ᠤᠷᠢᠳᠤ ᠭᠠᠷᠤᠭ᠎ᠠ ᠦᠭᠡᠢ ᠬᠤᠪᠢᠰᠬᠠᠯᠲᠤ ᠤᠷᠮ᠎ᠠ ᠵᠣᠷᠢᠭ  ᠢ ᠢᠯᠡᠷᠡᠭᠦᠯᠦᠭᠰᠡᠨ ᠪᠠᠶᠢᠨ᠎ᠠ ᠃ ᠡᠭᠦᠨ ᠦ ᠳᠣᠲᠣᠷᠠᠬᠢ ᠣᠯᠠᠩᠬᠢ ᠨᠢ ᠦᠨᠳᠦᠰᠦᠲᠡᠨ  ᠤ ᠴᠢᠯᠥᠭᠡᠯᠡᠯᠲᠡ  ᠶ᠋ᠢᠨ ᠵᠥᠪ ᠵᠠᠮ ᠢ ᠡᠷᠢᠯᠬᠢᠯᠡᠭᠰᠡᠨ ᠶᠤᠮ ᠃ ᠴᠥᠭᠡᠨ ᠲᠣᠭᠠᠨ  ᠤ ᠮᠣᠩᠭᠣᠯ ᠦᠨᠳᠦᠰᠦᠲᠡᠨ ᠤ ᠳᠡᠭᠡᠳᠦ ᠳᠠᠪᠬᠤᠷᠭᠠᠲᠠᠨ ᠪᠣᠯᠤᠨ ᠶᠠᠫᠣᠨ ᠬᠠᠭᠤᠷᠮᠠᠭ ᠴᠡᠷᠢᠭ  ᠤᠨ ᠦᠢ᠎ᠡ  ᠶ᠋ᠢᠨ ᠬᠠᠭᠤᠴᠢᠨ ᠨᠣᠶᠠᠳ ᠲᠦᠰᠢᠮᠡᠳ ᠤᠨ ᠵᠠᠷᠢᠮ ᠨᠢ ᠭᠣᠮᠢᠨᠳᠠᠩ ᠢ ᠳᠠᠭᠠᠵᠤ᠂ ᠵᠠᠷᠢᠮ ᠨᠢ ᠠᠷᠤ ᠦᠪᠦᠷ  ᠮᠣᠩᠭᠣᠯ ᠨᠡᠶᠢᠯᠡᠭᠦᠯᠬᠦ ᠶ᠋ᠢ ᠵᠤᠷᠢᠭᠰᠠᠨ ᠪᠠᠶᠢᠳᠠᠭ᠃ ᠵᠡᠭᠦᠨ ᠮᠣᠩᠭᠣᠯ ᠨᠢ ᠬᠠᠮᠢᠭᠠᠰᠢ ᠤᠳᠬᠤ ᠪᠤᠢ ︖ ᠮᠣᠩᠭᠣᠯ ᠠᠷᠠᠳ ᠲᠦᠮᠡᠨ ᠤ ᠴᠢᠯᠥᠭᠡᠯᠡᠯᠲᠡ  ᠶ᠋ᠢᠨ ᠵᠥᠪ ᠤᠨᠤᠪᠴᠢᠲᠠᠢ ᠵᠠᠮ ᠨᠢ ᠬᠠᠮᠢᠭ᠎ᠠ ᠪᠠᠶᠢᠬᠤ ᠪᠤᠢ ︖ᠡᠨᠡ ᠪᠣᠯ ᠳᠤᠮᠳᠠᠳᠤ ᠤᠯᠤᠰ  ᠤᠨ ᠡᠪ ᠬᠠᠮᠲᠤ ᠨᠠᠮ  ᠪᠠ ᠵᠡᠭᠦᠨ ᠮᠣᠩᠭᠣᠯ ᠣᠷᠣᠨ  ᠤ ᠡᠯ᠎ᠡ ᠦᠨᠳᠦᠰᠦᠲᠡᠨ  ᠤ ᠠᠷᠠᠳ ᠲᠦᠮᠡᠨ  ᠤ ᠡᠮᠦᠨ᠎ᠡ ᠰᠢᠶᠳᠪᠦᠷᠢᠯᠡᠬᠦ ᠴᠢᠬᠤᠯᠠ ᠲᠠᠶ ᠠᠰᠠᠭᠤᠳᠠᠯ ᠪᠤᠯᠬᠤ ᠶᠤᠮ ᠃
    1945 ᠣᠨ  ᠤ 10 ᠰᠠᠷ᠎ᠠ  ᠳ᠋ᠤ᠂ ᠵᠡᠭᠦᠨ ᠮᠣᠩᠭᠣᠯ  ᠤᠨ ᠬᠤᠪᠢᠰᠬᠠᠯᠴᠢ ᠲᠡᠮᠦᠷᠪᠠᠭᠠᠨ᠎ᠠ ᠂ ᠬᠠᠹᠦᠩᠭ᠎ᠠ ᠂ ᠠᠰᠬᠠᠨ ᠵᠡᠷᠭᠡ ᠬᠥᠮᠦᠰ ᠤᠯᠠᠭᠠᠨᠪᠠᠭᠠᠲᠤᠷ ᠲᠤ ᠬᠦᠷᠴᠦ《 ᠠᠷᠤ ᠦᠪᠦᠷ ᠮᠤᠩᠭᠤᠯ ᠨᠡᠶᠢᠯᠡᠬᠦ》 ᠶ᠋ᠢ ᠭᠤᠶᠤᠴᠢᠯᠠᠵᠦ ᠂ ᠪᠥᠬᠥᠳᠡ ᠨᠠᠶᠢᠷᠠᠮᠳᠠᠬᠤ ᠮᠣᠩᠭᠣᠯ ᠠᠷᠠᠳ ᠤᠯᠤᠰ ᠪᠤᠯᠤᠨ ᠰᠠᠶᠢᠳ ᠨᠠᠷ  ᠤᠨ ᠵᠥᠪᠯᠡᠯ  ᠤᠨ ᠲᠡᠷᠢᠭᠦᠯᠡᠭᠴᠢ ᠴᠣᠶᠢᠪᠠᠯᠰᠠᠩ ᠲᠣᠳᠣᠷᠬᠠᠶ ᠬᠠᠷᠢᠭᠤᠯᠲᠠ ᠦᠭᠭᠦᠭᠰᠡᠨ ᠪᠠᠶᠢᠯ᠎ᠠ᠄ ᠠᠷᠤ ᠦᠪᠦᠷ ᠮᠣᠩᠭᠣᠯ ᠨᠢ ᠨᠡᠶᠢᠯᠡᠵᠦ ᠪᠣᠯᠬᠤ ᠦᠭᠡᠢ ᠂ ᠳᠤᠮᠳᠠᠳᠤ ᠤᠯᠤᠰ  ᠤᠨ ᠡᠪ ᠬᠠᠮᠲᠤ ᠨᠠᠮ ᠢ ᠡᠷᠢᠪᠡᠯ ᠰᠠᠶ᠋ᠢ ᠦᠨᠳᠦᠰᠦᠲᠡᠨ  ᠤ ᠥᠪᠡᠷᠲᠡᠭᠡᠨ ᠵᠠᠰᠠᠬᠤ ᠵᠥᠪ ᠴᠢᠭᠯᠡᠯ ᠢ ᠪᠡᠶᠡᠯᠡᠬᠦᠯᠵᠦ ᠴᠢᠳᠠᠨ᠎ᠠ ᠭᠡᠪᠡ᠃ ᠲᠡᠳᠡ ᠵᠡᠭᠦᠨ ᠮᠣᠩᠭᠣᠯ  ᠤᠨ ᠤᠯᠤᠰ ᠲᠥᠷᠥ ᠶ᠋ᠢᠨ ᠲᠥᠪ ᠸᠠᠩ ᠤᠨ ᠰᠦᠮ᠎ᠡ ( ᠣᠳᠣ ᠶ᠋ᠢᠨ ᠤᠯᠠᠭᠠᠨᠬᠣᠲᠠ ) ᠳ᠋ᠠᠭᠠᠨ ᠬᠦᠷᠴᠦ ᠢᠷᠡᠵᠦ ᠂ ᠠᠷᠤ ᠦᠪᠦᠷ ᠮᠣᠩᠭᠣᠯ ᠨᠡᠶᠢᠯᠡᠭᠦᠯᠬᠦ ᠵᠣᠷᠢᠯᠲᠠ ᠢ ᠲᠠᠶᠠᠭᠳᠠᠵᠤ ᠂ ᠥᠪᠥᠷ ᠮᠣᠩᠭᠣᠯ  ᠤᠨ ᠠᠷᠠᠳ  ᠤᠨ ᠬᠤᠪᠢᠰᠬᠠᠯᠲᠤ ᠨᠠᠮ  ᠢᠶᠠᠷ ᠦᠨᠳᠦᠰᠦᠲᠡᠨ  ᠤ ᠥᠪᠡᠷᠲᠡᠭᠡᠨ ᠵᠠᠰᠠᠬᠤ ᠶ᠋ᠢ ᠤᠳᠤᠷᠢᠳᠤᠭᠤᠯᠬᠤ ᠪᠥᠭᠡᠳ ᠳᠤᠮᠳᠠᠳᠤ ᠤᠯᠤᠰ  ᠤᠨ ᠡᠪ ᠬᠠᠮᠲᠤ ᠨᠠᠮ ᠢ ᠮᠣᠩᠭᠣᠯ ᠦᠨᠳᠦᠰᠦᠲᠡᠨ  ᠤ ᠨᠠᠶᠢᠵᠠ ᠪᠤᠯᠭᠠᠨ ᠦᠵᠡᠭᠰᠡᠨ ᠪᠠᠶᠢᠨ᠎ᠠ ᠃ 11 ᠰᠠᠷ᠎ᠠ  ᠳ᠋ᠤ ᠂ ᠨᠠᠮ  ᠤᠨ ᠲᠥᠪ ᠬᠣᠷᠢᠶᠠᠨ  ᠤ ᠵᠡᠭᠦᠨ ᠬᠣᠶᠢᠲᠤ ᠣᠷᠣᠨ  ᠤ ᠲᠤᠪᠴᠢᠶᠠᠨ ᠡᠴᠠ ᠵᠡᠭᠦᠨ ᠮᠣᠩᠭᠣᠯ ᠣᠷᠣᠨ  ᠤ ᠲᠦᠯᠦᠭᠡᠯᠡᠭᠴᠢᠳ ᠢ ᠵᠡᠭᠦᠨ ᠬᠣᠶᠢᠲᠤ ᠣᠷᠣᠨ  ᠤ ᠠᠷᠠᠳ ᠲᠦᠮᠡᠨ ᠤ ᠡᠯ᠎ᠡ ᠬᠤᠭᠤᠴᠠᠭᠠᠨ  ᠤ ᠲᠥᠯᠥᠭᠡᠯᠡᠭᠴᠢᠳ  ᠤᠨ ᠬᠤᠷᠠᠯᠳᠤᠭᠠᠨ  ᠳ᠋ᠤ ᠣᠷᠣᠯᠴᠠᠭᠤᠯᠬᠤ ᠪᠠᠷ ᠤᠨᠴᠠ ᠤᠷᠢᠵᠦ᠂ ᠵᠡᠭᠦᠨ ᠮᠣᠩᠭᠣᠯ  ᠤᠨ《 ᠠᠷᠤ ᠦᠪᠦᠷ ᠮᠣᠩᠭᠣᠯ ᠦ᠋ᠨ ᠨᠡᠶᠢᠯᠡᠬᠦ》 ᠳᠤᠷᠠᠳᠤᠯᠭ᠎ᠠ ᠳ᠋ᠤ ᠬᠦᠯᠢᠴᠡᠩᠭᠦᠶ ᠪᠡᠷ ᠰᠢᠭᠦᠮᠵᠢᠯᠡᠨ ᠬᠥᠮᠦᠵᠢᠭᠦᠯᠬᠦ ᠪᠡᠷ ᠵᠣᠷᠢᠵᠤ ᠂ ᠲᠡᠳᠡᠨ  ᠤ ᠰᠠᠨᠠᠭᠤᠯᠭ᠎ᠠ ᠪᠠ ᠥᠪᠥᠷ ᠮᠣᠩᠭᠣᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ  ᠤᠨ ᠲᠡᠷᠢᠭᠦᠯᠡᠭᠴᠢ ᠶᠦᠨ ᠽᠸ ( ᠤᠯᠠᠭᠠᠨᠬᠦᠦ ) ᠬᠠᠷᠢᠴᠠᠭ᠎ᠠ ᠬᠣᠯᠪᠣᠭ᠎ᠠ ᠠᠪᠴᠤ ᠂ ᠳᠤᠮᠳᠠᠳᠤ ᠤᠯᠤᠰ  ᠤᠨ ᠡᠪ ᠬᠠᠮᠲᠤ ᠨᠠᠮ ᠲᠠᠶ ᠬᠠᠮᠲᠤ ᠪᠠᠷ ᠥᠪᠡᠷᠲᠡᠭᠡᠨ ᠵᠠᠰᠠᠬᠤ ᠬᠥᠳᠡᠯᠭᠡᠭᠡᠨ ᠢ ᠦᠷᠨᠢᠭᠦᠯᠦᠭᠰᠡᠨ ᠪᠠᠶᠢᠨ᠎ᠠ ᠃
    ᠵᠡᠭᠦᠨ ᠮᠣᠩᠭᠣᠯ  ᠤᠨ ᠨᠠᠷᠢᠨ ᠪᠤᠳᠤᠯᠢᠶᠠᠨᠲᠠᠶ ᠪᠠᠶᠢᠳᠠᠯ  ᠤᠨ ᠡᠮᠦᠨ᠎ᠡ ᠂ ᠳᠤᠮᠳᠠᠳᠤ ᠤᠯᠤᠰ  ᠤᠨ ᠡᠪ ᠬᠠᠮᠲᠤ ᠨᠠᠮ  ᠨᠢ ᠴᠠᠭ  ᠤᠨ ᠪᠠᠶᠢᠳᠠᠯ ᠢ᠂ ᠡᠨᠡ ᠬᠦ ᠭᠠᠵᠠᠷ ᠣᠷᠣᠨ ᠤ ᠦᠨᠳᠦᠰᠦᠲᠡᠨ ᠤ ᠠᠵᠢᠯ  ᠢ ᠢᠳᠡᠪᠬᠢᠲᠠᠢ ᠨᠡᠭᠡᠭᠡᠭᠰᠡᠨ ᠪᠠᠶᠢᠨ᠎ᠠ ᠃ 12 ᠰᠠᠷ᠎ᠠ  ᠶ᠋ᠢᠨ 6  ᠦᠡᠳᠦᠷ ᠂ ᠨᠠᠮ ᠤᠨ ᠲᠥᠪ ᠬᠣᠷᠢᠶᠠᠨ  ᠤ ᠵᠡᠭᠦᠨ ᠬᠣᠶᠢᠲᠤ ᠣᠷᠣᠨ  ᠤ ᠲᠤᠪᠴᠢᠶᠠᠨ ᠤ ᠪᠠᠷᠠᠭᠤᠨ ᠮᠠᠨᠵᠤ  ᠶ᠋ᠢᠨ ᠬᠤᠪᠢᠶᠠᠷᠢ ᠲᠣᠪᠴᠢᠶ᠎ᠠ ᠪᠠᠶᠢᠭᠤᠯᠤᠭᠳᠠᠵᠤ ᠂ ᠯᠢ ᠹᠦ᠋ ᠴᠦᠨ ᠱᠦᠵᠢ  ᠶ᠋ᠢᠨ ᠲᠤᠰᠢᠶᠠᠯ  ᠢ ᠬᠠᠷᠢᠭᠤᠴᠠᠵᠤ ᠂ ᠵᠡᠭᠦᠨ ᠮᠣᠩᠭᠣᠯ ᠣᠷᠣᠨ  ᠤ ᠠᠵᠢᠯ  ᠢ ᠤᠳᠤᠷᠢᠳᠴᠤ ᠂ ᠡᠯ᠎ᠡ ᠵᠦᠢᠯ  ᠤᠨ ᠠᠷᠭ᠎ᠠ ᠶᠢ ᠠᠪᠴᠤ ᠪᠠᠶᠢᠭᠠᠳ ᠵᠡᠭᠦᠨ ᠮᠣᠩᠭᠣᠯ  ᠤᠨ ᠡᠯ᠎ᠡ ᠳᠠᠪᠬᠤᠷᠭ᠎ᠠ  ᠶ᠋ᠢᠨ ᠬᠥᠮᠦᠰ ᠲᠡᠶ ᠬᠠᠷᠢᠯᠴᠠᠵᠤ ᠂ ᠨᠠᠮ ᠤᠨ ᠦᠨᠳᠦᠰᠦᠲᠡᠨ ᠤ ᠲᠦᠷᠦ  ᠶ᠋ᠢᠨ ᠪᠤᠳᠤᠯᠭ᠎ᠠ  ᠶ᠋ᠢ ᠤᠬᠠᠭᠤᠯᠤᠭᠰᠠᠨ ᠪᠠᠶᠢᠨ᠎ᠠ ᠃
    1946 ᠣᠨ  ᠤ1 ᠰᠠᠷ᠎ᠠ  ᠳ᠋ᠤ᠂ ᠵᠡᠭᠦᠨ ᠬᠣᠶᠢᠲᠤ  ᠶ᠋ᠢᠨ ᠠᠷᠠᠳᠴᠢᠯᠠᠭᠰᠠᠨ ᠬᠣᠯᠪᠣᠭᠠᠲᠤ ᠴᠡᠷᠢᠭ  ᠤᠨ ᠪᠠᠷᠠᠭᠤᠨ ᠮᠠᠨᠵᠤ  ᠶ᠋ᠢᠨ ᠴᠡᠷᠢᠭ ᠤᠨ ᠲᠣᠭᠣᠷᠢᠭ  ᠨᠢ ᠪᠠᠶᠢᠭᠤᠯᠤᠭᠳᠠᠵᠤ ᠂ ᠯᠢᠦᠶ ᠵᠧᠩ ᠼᠤᠤ ᠰᠧᠯᠢᠩ  ᠤᠨ ᠲᠤᠰᠢᠶᠠᠯ  ᠢ ᠬᠠᠷᠢᠭᠤᠴᠠᠵᠤ ᠂ ᠯᠢ ᠹᠦ᠋ ᠴᠦᠨ ᠤᠯᠤᠰ ᠲᠦᠷᠦ ᠶ᠋ᠢᠨ ᠵᠦᠪᠯᠡᠭᠴᠢ ᠪᠤᠯᠵᠤ ᠂ ᠵᠠᠩ ᠫᠢᠩ ᠬᠤᠸᠠ ᠤᠯᠤᠰ ᠳᠦ᠋ᠷᠤ  ᠶ᠋ᠢᠨ ᠬᠡᠯᠲᠡᠰ ᠤᠨ ᠡᠷᠬᠢᠯᠡᠭᠴᠢ ᠪᠤᠯᠵᠠᠢ ᠃ 1 ᠰᠠᠷ᠎ᠠ  ᠶ᠋ᠢᠨ 16 ᠦ ᠡᠳᠦᠷ ᠂ ᠮᠣᠩᠭᠣᠯ ᠦᠨᠳᠦᠰᠦᠲᠡᠨ ᠤ ᠬᠤᠪᠢᠰᠬᠠᠯᠴᠢ ᠂ ᠳᠡᠭᠡᠳᠦ ᠳᠠᠪᠬᠤᠷᠭ᠎ᠠ  ᠶ᠋ᠢᠨ ᠲᠠᠪᠰᠢᠬᠰᠠᠨ ᠬᠥᠮᠦᠰ ᠢᠶ᠋ᠡᠷ ᠤᠳᠤᠷᠢᠳᠤᠮᠵᠢ ᠪᠤᠯᠭᠠᠭᠰᠠᠨ᠂ ᠦᠯᠡᠮᠵᠢ ᠤᠯᠠᠨ ᠳᠠᠪᠰᠢᠩᠭᠤᠶ ᠵᠠᠯᠠᠭᠤ ᠰᠡᠬᠡᠭᠡᠲᠡᠳ ᠲᠡᠶ ᠬᠠᠷᠢᠯᠴᠠᠵᠤ ᠬᠦᠷᠢᠶᠡᠯᠡᠵᠦ ᠂ ᠵᠡᠭᠦᠨ ᠮᠣᠩᠭᠣᠯ ᠤᠨ ᠠᠷᠠᠳ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠪᠠᠶᠢᠭᠤᠯᠤᠭᠳᠠᠵᠠᠶ ᠃ ᠡᠨᠡ ᠤᠨ ᠬᠠᠮᠠᠭᠠᠯᠠᠭᠰᠠᠨ ᠵᠡᠭᠦᠨ ᠮᠤᠩᠭᠤᠯ ᠤᠨ ᠮᠣᠩᠭᠣᠯ ᠦᠨᠳᠦᠰᠦᠲᠡᠨ  ᠤ ᠦᠪᠡᠷᠲᠡᠭᠡᠨ ᠵᠠᠰᠠᠬᠤ ᠵᠠᠰᠠᠭ ᠤᠨ ᠤᠷᠳᠤᠨ ᠪᠠᠶᠢᠭᠤᠯᠤᠭᠳᠠᠭᠰᠠᠨ ᠪᠠᠶᠢᠨ᠎ᠠ ᠃ ᠡᠨᠡ ᠪᠤᠯ ᠦᠨᠳᠦᠰᠦᠲᠡᠨ ᠦ ᠴᠢᠯᠥᠭᠡᠯᠡᠯᠲᠡ ᠶ᠋ᠢᠨ ᠵᠠᠮ  ᠢ ᠡᠷᠢᠯᠬᠢᠯᠡᠭᠰᠡᠨ ᠬᠤᠪᠢᠰᠬᠠᠯᠲᠤ ᠵᠠᠰᠠᠭ  ᠤᠨ ᠣᠷᠳᠣᠨ ᠪᠠᠶᠢᠵᠦ ᠂ ᠵᠥᠪᠯᠡᠯᠲᠦ ᠮᠣᠩᠭᠣᠯ ᠬᠣᠶᠠᠷ ᠤᠯᠤᠰ  ᠤᠨ ᠵᠠᠰᠠᠭ  ᠤᠨ ᠭᠠᠵᠠᠷ  ᠤᠨ ᠵᠥᠪᠰᠢᠶᠡᠷᠡᠯ ᠢ ᠣᠯᠵᠤ ᠂ ᠨᠠᠮ  ᠤᠨ ᠲᠥᠪ ᠬᠣᠷᠢᠶᠠᠨ  ᠤ ᠵᠡᠭᠦᠨ ᠬᠣᠶᠢᠲᠤ ᠣᠷᠣᠨ  ᠤ ᠲᠣᠪᠴᠢᠶ᠎ᠠ ᠪᠣᠯᠤᠨ ᠪᠠᠷᠠᠭᠤᠨ ᠮᠠᠨᠵᠤ  ᠶ᠋ᠢᠨ ᠬᠤᠪᠢᠶᠠᠷᠢ ᠲᠤᠪᠴᠢᠶ᠎ᠠ ᠨᠢ ᠪᠠᠶᠠᠷ  ᠤᠨ ᠴᠠᠬᠢᠯᠭᠠᠨ ᠴᠢᠮᠡᠭᠡ ᠶᠠᠪᠤᠭᠤᠯᠵᠤ᠂ ᠮᠡᠲᠡᠷᠡᠬᠦ ᠶ᠋ᠢᠨ ᠳᠠᠭᠠᠤ ᠪᠠᠶᠠᠷ ᠬᠦᠷᠭᠡᠭᠰᠡᠨ ᠪᠠᠶᠢᠨ᠎ᠠ ᠃ ᠵᠡᠭᠦᠨ ᠮᠣᠩᠭᠣᠯ  ᠤᠨ ᠠᠷᠠᠳ  ᠤᠨ ᠥᠪᠡᠷᠲᠡᠭᠡᠨ ᠵᠠᠰᠠᠬᠤ ᠵᠠᠰᠠᠭ  ᠤᠨ ᠣᠷᠳᠣᠨ ᠤ ᠤᠳᠤᠷᠢᠳᠤᠯᠭ᠎ᠠ ᠳᠣᠣᠷ᠎ᠠ ᠂ ᠮᠣᠩᠭᠣᠯ ᠳᠠᠪᠰᠢᠩᠭᠤᠶ ᠣᠹᠢᠼᠧᠷ  ᠠᠰᠬᠠᠨ ᠸᠠᠩ  ᠤᠨ ᠰᠦᠮ᠎ᠡ ᠳ᠋ᠤ᠂ ᠣᠷᠣᠨ ᠨᠤᠲᠤᠭ  ᠤᠨ ᠠᠷᠠᠳ  ᠤᠨ ᠴᠠᠭᠳᠠᠭᠠᠨ ᠤ ᠶᠡᠬᠡ ᠠᠩᠭᠢ ᠂ ᠵᠠᠮ ᠬᠠᠮᠠᠭᠠᠯᠠᠬᠤ ᠶᠡᠬᠡ ᠠᠩᠭᠢ ᠂ ᠳᠣᠲᠣᠷ᠎ᠠ ᠰᠡᠷᠭᠡᠶᠢᠯᠡᠬᠦ ᠶᠡᠬᠡ ᠠᠩᠬᠢ ᠵᠡᠷᠭᠡ ᠳᠠᠷᠬᠠᠶ ᠪᠤᠲᠠᠷᠬᠠᠶ ᠵᠡᠪᠰᠡᠭᠲᠦ ᠬᠦᠴᠦᠨ  ᠢ ᠡᠮᠬᠢᠯᠡᠨ ᠨᠡᠶᠢᠯᠡᠭᠦᠯᠵᠦ ᠂ ᠵᠡᠭᠦᠨ ᠮᠣᠩᠭᠣᠯ  ᠤᠨ ᠥᠪᠡᠷᠲᠡᠭᠡᠨ ᠵᠠᠰᠠᠬᠤ ᠴᠡᠷᠢᠭ  ᠢ ᠪᠠᠶᠢᠭᠤᠯᠵᠤ ᠂ ᠲᠡᠷᠡ ᠰᠧᠯᠢᠩᠶᠤᠸᠠᠨ ᠦ ᠲᠤᠰᠢᠶᠠᠯ ᠢ ᠬᠠᠷᠢᠭᠤᠴᠠᠵᠤ ᠂ ᠳᠤᠮᠳᠠᠳᠤ ᠤᠯᠤᠰ  ᠤᠨ ᠡᠪ ᠬᠠᠮᠲᠤ ᠨᠠᠮ ᠤᠨ ᠺᠠᠳ᠋ᠷ ᠲᠣᠮᠢᠯᠠᠨ ᠵᠠᠰᠠᠭ  ᠤᠨ ᠣᠷᠳᠣᠨ ᠪᠠ ᠴᠡᠷᠢᠭ  ᠠᠩᠬᠢ ᠳ᠋ᠤ ᠢᠷᠡᠵᠦ ᠬᠠᠪᠰᠤᠷᠬᠤ ᠠᠵᠢᠯ ᠬᠢᠬᠦ ᠢᠶ᠋ᠡᠷ ᠤᠷᠢᠭᠰᠠᠨ ᠪᠠᠶᠢᠨ᠎ᠠ᠃ ᠨᠠᠮ  ᠤᠨ ᠲᠥᠪ ᠬᠣᠷᠢᠶᠠᠨ  ᠤ ᠵᠡᠭᠦᠨ ᠬᠣᠶᠢᠲᠤ ᠣᠷᠣᠨ ᠤ ᠲᠣᠪᠴᠢᠶᠠᠨ  ᠡᠴᠠ ᠺᠠᠳ᠋ᠷ ᠲᠣᠮᠢᠯᠠᠨ ᠵᠡᠭᠦᠨ ᠮᠣᠩᠭᠣᠯ  ᠤᠨ ᠨᠡᠬᠡᠬᠦ ᠠᠵᠢᠯ ᠳ᠋ᠦ ᠲᠤᠮᠢᠯᠠᠨ ᠂ ᠵᠡᠭᠦᠨ ᠮᠣᠩᠭᠣᠯ ᠣᠷᠣᠨ  ᠤ ᠰᠠᠮᠠᠭᠤᠨ ᠪᠠᠶᠢᠳᠠᠯ  ᠢ ᠲᠣᠭᠲᠠᠭᠤᠨ ᠪᠤᠯᠭᠠᠬᠤ ᠳ᠋ᠤ ᠬᠠᠪᠰᠤᠷᠤᠮᠵᠢ ᠪᠤᠯᠭᠠᠬᠤ ᠪᠠᠷ ᠲᠤᠮᠢᠯᠠᠪᠠ᠃ ᠪᠠᠷᠠᠭᠤᠨ ᠮᠠᠨᠵᠤ ᠶ᠋ᠢᠨ ᠴᠡᠷᠢᠭ  ᠤᠨ ᠲᠣᠭᠣᠷᠢᠭ  ᠤᠨ ᠴᠡᠷᠢᠭ ᠬᠢᠭᠡᠳ ᠵᠡᠭᠦᠨ ᠮᠣᠩᠭᠣᠯ  ᠤᠨ ᠥᠪᠡᠷᠲᠡᠭᠡᠨ ᠵᠠᠰᠠᠬᠤ ᠴᠡᠷᠢᠭ  ᠬᠠᠮᠵᠢᠯᠴᠠᠨ ᠭᠣᠮᠢᠨᠳᠠᠩ  ᠤᠨ ᠳᠡᠭᠡᠷᠡᠮᠴᠢᠳ ᠲᠤ ᠵᠡᠪᠰᠡᠭᠲᠦ ᠴᠣᠬᠢᠯᠲᠠ ᠥᠭᠴᠦ ᠂ ᠣᠷᠣᠨ ᠨᠤᠲᠤᠭ  ᠤᠨ ᠵᠠᠰᠠᠭ ᠤᠨ ᠡᠷᠬᠡ  ᠶ᠋ᠢᠨ ᠪᠠᠶᠢᠭᠤᠯᠤᠯᠲᠠ  ᠶ᠋ᠢ ᠬᠠᠪᠰᠤᠷᠤᠨ ᠂ ᠭᠣᠮᠢᠨᠳᠠᠩ  ᠤᠨ ᠴᠡᠷᠢᠭ  ᠤᠨ ᠳᠣᠪᠲᠣᠯᠤᠯᠲᠠ  ᠶ᠋ᠢ ᠡᠰᠡᠷᠭᠦᠴᠡᠵᠦ ᠂ ᠠᠮᠤᠷ ᠲᠦᠪᠰᠢᠨ  ᠪᠠᠶᠢᠳᠠᠯ ᠢ ᠲᠣᠭᠲᠠᠭᠤ ᠪᠤᠯᠭᠠᠭᠰᠠᠨ ᠪᠠᠶᠢᠨ᠎ᠠ ᠃
    1946 ᠤᠨ ᠤ 1 ᠰᠠᠷ᠎ᠠ ᠶ᠋ᠢᠨ 25 ᠦ ᠡᠳᠦᠷ ᠂ ᠵᠡᠭᠦᠨ ᠮᠣᠩᠭᠣᠯ  ᠤᠨ ᠠᠷᠠᠳ ᠤᠨ ᠥᠪᠡᠷᠲᠡᠭᠡᠨ ᠵᠠᠰᠠᠬᠤ ᠵᠠᠰᠠᠭ  ᠤᠨ ᠣᠷᠳᠣᠨ ᠤ ᠲᠤᠳᠤᠭᠠᠲᠤ ᠶ᠋ᠢᠨ ᠰᠡᠷᠭᠡᠶᠢᠯᠡᠬᠦ ᠶᠠᠮᠤᠨ ᠦ ᠰᠠᠶᠢᠳ ᠂ ᠵᠡᠭᠦᠨ ᠮᠣᠩᠭᠣᠯ ᠤᠨ ᠥᠪᠡᠷᠲᠡᠭᠡᠨ ᠵᠠᠰᠠᠬᠤ ᠴᠡᠷᠢᠭ  ᠤᠨ ᠰᠧᠯᠢᠩ ᠠᠰᠬᠠᠨ ᠂ ᠬᠢᠩᠭᠠᠨ ᠡᠮᠦᠨᠡᠲᠦ ᠭᠠᠵᠠᠷ ᠤᠷᠤᠨ ᠤ ᠡᠷᠬᠢᠯᠡᠭᠴᠢ ᠤᠷᠲᠤ ᠵᠡᠷᠭᠡ ᠬᠦᠮᠦᠰ ᠨᠢ ᠪᠠᠷᠠᠭᠤᠨ ᠮᠠᠨᠵᠤ ᠶ᠋ᠢᠨ ᠴᠡᠷᠢᠭ  ᠤᠨ ᠲᠣᠭᠣᠷᠢᠭ  ᠤᠨ ᠤᠳᠤᠷᠢᠳᠬᠤ ᠺᠠᠲᠠᠷ ᠯᠢᠤᠢ ᠽᠸᠩ ᠼᠤᠤ ᠂ ᠯᠢ ᠹᠦ᠋ ᠴᠦᠨ ᠂ ᠵᠠᠩ ᠫᠢᠩ ᠬᠤᠸᠠ ᠤ ᠤᠷᠢᠯᠭ᠎ᠠ ᠪᠠᠷ ᠂ ᠵᠧᠩ ᠵᠢᠶᠠ ᠳᠦᠨ ᠳᠠᠷᠤᠶ ᠵᠡᠭᠦᠨ ᠬᠣᠶᠢᠲᠤ ᠣᠷᠣᠨ  ᠤ ᠠᠷᠠᠳᠴᠢᠯᠠᠭᠰᠠᠨ ᠬᠣᠯᠪᠣᠭᠠᠲᠤ ᠴᠡᠷᠢᠭ ᠂ ᠪᠠᠷᠠᠭᠤᠨ ᠮᠠᠨᠵᠤ  ᠶ᠋ᠢᠨ ᠴᠡᠷᠢᠭ  ᠤᠨ ᠲᠣᠭᠣᠷᠢᠭ ᠪᠣᠯᠤᠨ ᠵᠡᠭᠦᠨ ᠮᠣᠩᠭᠣᠯ  ᠤᠨ ᠥᠪᠡᠷᠲᠡᠭᠡᠨ ᠵᠠᠰᠠᠬᠤ ᠴᠡᠷᠢᠭ  ᠤᠨ ᠬᠠᠷᠢᠴᠠᠭᠠᠨ  ᠤ ᠠᠰᠠᠭᠤᠳᠠᠯ  ᠤᠨ ᠲᠤᠬᠠᠶ ᠵᠦᠪᠳᠡᠯᠴᠡᠭᠰᠡᠨ ᠪᠠᠶᠢᠨ᠎ᠠ ᠃ ᠠᠰᠬᠠᠨ ᠵᠡᠷᠭᠡ ᠬᠥᠮᠦᠰ ᠠᠩᠬ᠎ᠠ ᠡᠬᠢᠨ ᠳ᠋ᠦ ᠪᠡᠨ ᠲᠡᠳᠡᠨ ᠢ ᠥᠪᠡᠷ  ᠤᠨ ᠨᠠᠮ ᠡᠪᠯᠡᠯ  ᠤᠨ ᠵᠣᠬᠢᠶᠠᠨ ᠪᠠᠶᠢᠭᠤᠯᠤᠯᠲᠠ ᠂ ᠵᠠᠰᠠᠭ  ᠤᠨ ᠣᠷᠳᠣᠨ ᠪᠠ ᠴᠡᠷᠢᠭ ᠠᠩᠬᠢ ᠲᠠᠢ ᠭᠡᠵᠦ ᠪᠤᠳᠤᠵᠤ ᠂ ᠡᠪ ᠬᠠᠮᠲᠤ ᠨᠠᠮ  ᠤᠨ ᠬᠢᠲᠠᠳ ᠦᠨᠳᠦᠰᠦᠲᠡᠨ ᠤ ᠺᠠᠳ᠋ᠷᠲᠤ ᠢᠲᠡᠭᠡᠬᠦ ᠦᠭᠡᠢ ᠪᠠᠶᠢᠭᠰᠠᠨ ᠃ ᠯᠢᠦᠶ ᠵᠧᠩ ᠼᠤᠤ ᠵᠡᠷᠭᠡ ᠬᠥᠮᠦᠰ ᠪᠠ ᠠᠰᠬᠠᠨ ᠤ ᠣᠯᠠᠨ ᠤᠳᠠᠭᠠᠨ ᠤ ᠴᠢᠩ ᠦᠨᠡᠨ ᠰᠡᠳᠬᠢᠯ ᠡᠴᠡ ᠪᠡᠨ ᠶᠠᠷᠢᠯᠴᠠᠵᠤ ᠂ ᠳᠤᠮᠳᠠᠳᠤ ᠤᠯᠤᠰ  ᠤᠨ ᠡᠪ ᠬᠠᠮᠲᠤ ᠨᠠᠮ  ᠤᠨ ᠦᠨᠳᠦᠰᠦᠲᠡᠨ  ᠤ ᠲᠦᠷᠦ  ᠶ᠋ᠢᠨ ᠪᠤᠳᠤᠯᠭ᠎ᠠ  ᠶ᠋ᠢ ᠲᠠᠬᠢᠨ ᠳᠠᠪᠲᠠᠨ ᠶᠠᠷᠢᠵᠤ ᠂ ᠬᠣᠶᠠᠷ ᠲᠠᠯ᠎ᠠ ᠪᠠᠷ  ᠢᠶᠡᠨ ᠡᠴᠦᠰ ᠲᠡᠬᠡᠨ ᠵᠡᠭᠦᠨ ᠮᠣᠩᠭᠣᠯ ᠣᠷᠣᠨ  ᠤ ᠰᠠᠭᠤᠷᠢᠨ ᠭᠠᠵᠠᠷ  ᠤᠨ ᠪᠦᠲᠦᠭᠡᠨ ᠪᠠᠶᠢᠭᠤᠯᠤᠯᠲᠠ ᠪᠠ ᠴᠡᠷᠢᠭ ᠠᠩᠭᠢ  ᠶ᠋ᠢᠨ ᠤᠳᠤᠷᠢᠳᠤᠯᠭ᠎ᠠ ᠵᠡᠷᠭᠡ ᠴᠢᠬᠤᠯᠠ ᠠᠰᠠᠭᠤᠳᠠᠯ ᠤᠨ ᠲᠤᠬᠠᠶ ᠬᠠᠮᠲᠤ  ᠶ᠋ᠢᠨ ᠲᠠᠨᠢᠯᠲᠠ ᠲᠠᠶ ᠪᠤᠯᠵᠤ ᠂ ᠬᠡᠯᠡᠯᠴᠡᠭᠡᠷ ᠳᠡᠭᠡᠷ᠎ᠡ ᠭᠠᠷ  ᠤᠨ ᠦᠰᠦᠭ ᠵᠢᠷᠤᠭᠰᠠᠨ ᠢ ᠲᠡᠦᠬᠡᠨ  ᠳᠡᠭᠡᠷ᠎ᠡ《 ᠯᠢᠦᠶ ᠠ ᠤᠨ ᠲᠤᠬᠠᠶ ᠬᠡᠯᠡᠯᠴᠡᠭᠡᠷ 》 ᠭᠡᠳᠡᠭ ᠃
    《 ᠯᠢᠦᠶ ᠠ ᠦ᠋ᠨ ᠲᠤᠬᠠᠶ ᠬᠡᠯᠡᠯᠴᠡᠭᠡᠷ 》  ᠤᠨ ᠭᠣᠣᠯ ᠠᠭᠤᠯᠭ᠎ᠠ  ᠨᠢ ᠳᠣᠣᠷᠠᠬᠢ ᠮᠡᠲᠦ ᠄ ( ᠨᠢᠭᠡ ) ᠵᠡᠭᠦᠨ ᠮᠣᠩᠭᠣᠯ  ᠤᠨ ᠥᠪᠡᠷᠲᠡᠭᠡᠨ ᠵᠠᠰᠠᠬᠤ ᠴᠡᠷᠢᠭ  ᠨᠢ ᠵᠡᠭᠦᠨ ᠬᠣᠶᠢᠲᠤ ᠣᠷᠣᠨ ᠤ ᠠᠷᠠᠳᠴᠢᠯᠠᠭᠰᠠᠨ ᠬᠣᠯᠪᠣᠭᠠᠲᠤ ᠴᠡᠷᠢᠭ ᠢ ᠬᠦᠯᠢᠶᠡᠨ ᠠᠪᠴᠤ ᠂ ᠪᠠᠷᠠᠭᠤᠨ ᠮᠠᠨᠵᠤ ᠶ᠋ᠢᠨ ᠴᠡᠷᠢᠭ  ᠤᠨ ᠲᠣᠭᠣᠷᠢᠭ  ᠤᠨ ᠤᠳᠤᠷᠢᠳᠤᠯᠭ᠎ᠠ ᠪᠠ ᠵᠢᠯᠤᠭᠤᠳᠤᠯᠭ᠎ᠠ   ᠳ᠋ᠦ ᠬᠠᠮᠲᠤ ᠪᠠᠷ ᠴᠣᠬᠢᠯᠲᠠ ᠥᠭᠴᠦ ᠂ ᠲᠡᠷᠰᠯᠡᠭᠦᠦ ᠵᠡᠪᠰᠡᠭᠲᠦ ᠬᠦᠴᠦᠨ ᠢ ᠳᠠᠷᠤᠩᠭᠤᠶᠢᠯᠠᠨ᠎ᠠ ᠃ ( ᠬᠣᠶᠠᠷ ) ᠪᠠᠷᠠᠭᠤᠨ ᠮᠠᠨᠵᠤ ᠤᠨ ᠴᠡᠷᠢᠭ  ᠤᠨ ᠲᠣᠭᠣᠷᠢᠭ  ᠤᠨ ᠵᠡᠭᠦᠨ ᠮᠣᠩᠭᠣᠯ  ᠤᠨ ᠥᠪᠡᠷᠲᠡᠭᠡᠨ ᠵᠠᠰᠠᠬᠤ ᠴᠡᠷᠢᠭ  ᠲᠤ ᠤᠯᠤᠰ ᠲᠥᠷᠥ ᠶ᠋ᠢᠨ ᠠᠵᠢᠯᠳᠠᠨ ᠲᠤᠮᠢᠯᠠᠨ ᠰᠠᠭᠤᠯᠭᠠᠵᠤ ᠂ ᠤᠯᠤᠰ ᠲᠦᠷᠦ  ᠶ᠋ᠢᠨ ᠠᠵᠢᠯ  ᠢ ᠥᠷᠨᠢᠭᠦᠯᠬᠦ ᠬᠡᠷᠡᠭᠲᠡᠶ ᠃ ( ᠭᠤᠷᠪᠠ ) ᠪᠠᠷᠠᠭᠤᠨ ᠮᠠᠨᠵᠤ ᠶ᠋ᠢᠨ ᠴᠡᠷᠢᠭ  ᠤᠨ ᠲᠣᠭᠣᠷᠢᠭ  ᠨᠢ ᠵᠡᠭᠦᠨ ᠮᠣᠩᠭᠣᠯ  ᠤᠨ ᠥᠪᠡᠷᠲᠡᠭᠡᠨ ᠵᠠᠰᠠᠬᠤ ᠴᠡᠷᠢᠭ  ᠲᠤ ᠵᠡᠷ ᠵᠡᠪᠰᠡᠭ ᠂ ᠰᠤᠮᠤ ᠲᠠᠷᠢ ᠪᠣᠯᠤᠨ ᠬᠠᠩᠭᠠᠨ᠎ᠠ ᠃
《 ᠯᠢᠦᠶ ᠠ ᠲᠤᠬᠠᠶ ᠬᠡᠯᠡᠯᠴᠡᠭᠡᠷ 》 ᠨᠢ ᠪᠠᠷᠠᠭᠤᠨ ᠮᠠᠨᠵᠤ ᠬᠢᠭᠡᠳ ᠵᠡᠭᠦᠨ ᠮᠣᠩᠭᠣᠯ  ᠤᠨ ᠴᠡᠷᠢᠭ ᠬᠠᠷᠢᠴᠠᠭᠠᠨ  ᠤ ᠠᠰᠠᠭᠤᠳᠠᠯ ᠢ ᠲᠤᠬᠢᠲᠠᠢ ᠰᠢᠢᠳᠪᠦᠷᠢᠯᠡᠵᠦ᠂ ᠵᠡᠭᠦᠨ ᠮᠣᠩᠭᠣᠯ  ᠤᠨ ᠥᠪᠡᠷᠲᠡᠭᠡᠨ ᠵᠠᠰᠠᠬᠤ ᠴᠡᠷᠢᠭ ᠤᠨ ᠴᠡᠷᠢᠭ ᠪᠠᠶᠢᠭᠤᠯᠬᠤ ᠰᠢᠨ᠎ᠡ ᠪᠠᠶᠢᠳᠠᠯ  ᠢ ᠨᠡᠭᠡᠭᠡᠭᠰᠡᠨ ᠪᠠᠶᠢᠨ᠎ᠠ ᠃ ᠡᠭᠦᠨ ᠡᠴᠡ ᠬᠤᠶᠢᠰᠢ ᠂ ᠵᠡᠭᠦᠨ ᠮᠣᠩᠭᠣᠯ  ᠤᠨ ᠦᠨᠳᠦᠰᠦᠲᠡᠨ  ᠤ ᠵᠡᠪᠰᠡᠭᠲᠦ ᠬᠦᠴᠦᠨ  ᠨᠢ ᠳᠤᠮᠳᠠᠳᠤ ᠤᠯᠤᠰ  ᠤᠨ ᠡᠪ ᠬᠠᠮᠲᠤ ᠨᠠᠮ  ᠤᠨ ᠤᠳᠤᠷᠢᠳᠤᠯᠭ᠎ᠠ ᠶ᠋ᠢ ᠵᠢᠩᠬᠢᠨᠢ ᠪᠡᠷ ᠬᠦᠯᠢᠶᠠᠨ ᠠᠪᠴᠤ᠂ ᠵᠡᠭᠦᠨ ᠬᠣᠶᠢᠲᠤ ᠣᠷᠣᠨ  ᠤ ᠠᠷᠠᠳᠴᠢᠯᠠᠭᠰᠠᠨ ᠬᠣᠯᠪᠣᠭᠠᠲᠤ ᠴᠡᠷᠢᠭ ᠮᠥᠷᠥ ᠵᠡᠷᠭᠡᠴᠡᠨ ᠪᠠᠶᠢᠯᠳᠤᠵᠤ ᠂ ᠭᠣᠮᠢᠨᠳᠠᠩ  ᠤᠨ ᠴᠡᠷᠢᠭ ᠲᠤ ᠥᠪᠡᠷ  ᠢ ᠪᠡᠨ ᠬᠠᠮᠠᠭᠠᠯᠠᠵᠤ ᠭᠡᠳᠡᠷᠬᠦ ᠳᠠᠭᠠᠷᠢᠯᠲᠠ  ᠬᠢᠵᠠᠢ ᠃ ᠠᠰᠬᠠᠨ ᠵᠢᠷᠢᠮ ᠠᠶᠢᠮᠠᠭ ᠲᠤ᠂ ᠡᠯ᠎ᠡ ᠬᠤᠰᠢᠭᠤᠨ ᠤ ᠵᠡᠪᠰᠡᠭᠲᠦ ᠬᠦᠴᠦᠨ ᠢᠶᠠᠷ ᠰᠠᠭᠤᠷᠢ ᠪᠣᠯᠭᠠᠨ ᠂ ᠵᠡᠭᠦᠨ ᠮᠣᠩᠭᠣᠯ ᠤᠨ ᠥᠪᠡᠷᠲᠡᠭᠡᠨ ᠵᠠᠰᠠᠬᠤ ᠴᠡᠷᠢᠭ  ᠤᠨ ᠮᠣᠷᠢᠲᠤ ᠴᠡᠷᠢᠭ  ᠤᠨ ᠬᠣᠶᠠᠳᠤᠭᠠᠷ ᠳ᠋ᠢᠸᠢᠽᠢ ᠶ᠋ᠢ ᠵᠤᠬᠢᠶᠠᠨ ᠪᠠᠶᠢᠭᠤᠯᠵᠠᠢ ᠃ ᠴᠡᠷᠢᠭ ᠳᠠᠶᠢᠴᠢᠯᠠᠨ ᠡᠮᠦᠨᠡᠰᠢ ᠵᠤᠤ  ᠤᠳᠠ ᠠᠶᠢᠮᠠᠭ  ᠂ ᠵᠣᠰᠣᠲᠤ ᠠᠶᠢᠮᠠᠭ  ᠲᠤ ᠪᠠᠭᠤᠵᠤ ᠂ ᠤᠷᠢᠳ ᠬᠣᠵᠢᠳ ᠡᠨᠡ ᠬᠦ ᠭᠠᠵᠠᠷ ᠣᠷᠣᠨ  ᠤ ᠦᠨᠳᠦᠰᠦᠲᠡᠨ ᠤ ᠵᠡᠪᠰᠡᠭᠲᠦ ᠬᠦᠴᠦᠨ  ᠢ ᠪᠠᠶᠢᠭᠤᠯᠵᠠᠢ ᠃
    ᠬᠤᠸᠠᠶᠢᠨᠠᠨ ᠪᠠ ᠪᠠᠶ ᠴᠧᠩ ᠽᠢ ᠤᠨ ᠵᠡᠭᠦᠨ ᠬᠣᠶᠢᠲᠤ ᠣᠷᠣᠨ  ᠤ ᠠᠷᠠᠳᠴᠢᠯᠠᠭᠰᠠᠨ ᠬᠣᠯᠪᠣᠭᠠᠲᠤ ᠴᠡᠷᠢᠭ ᠤᠨ ᠨᠠᠶᠢᠳᠠᠯᠠᠭ᠎ᠠ ᠪᠠᠷ᠂ ᠵᠡᠭᠦᠨ ᠮᠣᠩᠭᠣᠯ  ᠤᠨ ᠥᠪᠡᠷᠲᠡᠭᠡᠨ ᠵᠠᠰᠠᠬᠤ ᠴᠡᠷᠢᠭ ᠤᠷᠢᠳ ᠬᠣᠵᠢᠳ ᠴᠡᠷᠢᠭ ᠲᠣᠮᠢᠯᠠᠨ ᠬᠤᠸᠠᠶᠢᠨᠠᠨ ᠢ ᠴᠢᠯᠦᠭᠡᠯᠡᠵᠦ ᠂ ᠭᠤᠮᠢᠨᠳᠠᠩ ᠤᠨ ᠪᠠᠶ ᠴᠧᠩ ᠽᠢ ᠳ᠋ᠠᠬᠢ ᠪᠦᠰᠡᠯᠡᠯᠲᠡ ᠶ᠋ᠢ ᠬᠦᠴᠦᠨ ᠦᠭᠡᠢ ᠪᠤᠯᠭᠠᠵᠤ ᠂ ᠪᠠᠷᠠᠭᠤᠨ ᠮᠠᠨᠵᠤ ᠶ᠋ᠢᠨ ᠪᠠᠶᠢᠳᠠᠯ ᠢ ᠲᠦᠪᠰᠢᠳᠭᠡᠵᠠᠢ ᠃ ᠡᠭᠦᠨ  ᠤ ᠬᠠᠮᠲᠤ ᠂ ᠠᠰᠬᠠᠨ ᠂ ᠱᠤᠸᠠᠩᠪᠤᠤ ᠴᠡᠷᠢᠭ ᠤᠳᠤᠷᠢᠳᠴᠤ ᠲᠦᠴᠢᠦᠸᠠᠨ ᠰᠢᠶᠠᠨ  ᠢ ᠲᠠᠭᠠᠷᠢᠨ ᠤᠷᠤᠵᠤ ᠂ ᠭᠣᠮᠢᠨᠳᠠᠩ ᠤ ᠤᠨ ᠮᠠ ᠬᠠᠶ ᠴᠢᠦᠸᠠᠨ ᠤ ᠶᠠᠮᠤᠨ  ᠳ᠋ᠤ ᠬᠤᠷᠢᠭᠳᠠᠭᠰᠠᠨ ᠡᠪ ᠬᠠᠮᠲᠤ ᠨᠠᠮ ᠤᠨ ᠭᠡᠰᠢᠬᠦᠨ ᠬᠤᠤ ᠪᠢᠩ ᠴᠢᠶᠤᠸᠠᠨ ᠢ ᠠᠪᠤᠷᠠᠨ ᠭᠠᠷᠭᠠᠵᠤ ᠂ ᠲᠦᠴᠢᠦᠸᠠᠨ ᠰᠢᠶᠠᠨ ᠤ ᠠᠷᠠᠳᠴᠢᠯᠠᠭᠰᠠᠨ ᠵᠠᠰᠠᠭ  ᠤᠨ ᠣᠷᠳᠣᠨ  ᠢ ᠰᠡᠷᠭᠦᠭᠡᠭᠰᠡᠨ ᠪᠠᠶᠢᠨ᠎ᠠ᠃ ᠵᠡᠭᠦᠨ ᠮᠣᠩᠭᠣᠯ  ᠤᠨ ᠥᠪᠡᠷᠲᠡᠭᠡᠨ ᠵᠠᠰᠠᠬᠤ ᠴᠡᠷᠢᠭ  ᠨᠢ ᠪᠠᠰᠠ ᠵᠠᠯᠠᠶᠢᠳ ᠬᠣᠰᠢᠭᠤ ᠳ᠋ᠡᠬᠢ ᠭᠣᠮᠢᠨᠳᠠᠩ  ᠤᠨ《 ᠭᠤᠸᠠᠩ ᠹᠦ᠋ ᠵᠢᠶᠦ᠋ᠨ》 ᠢ ᠴᠤᠬᠢᠨ ᠤᠭᠷᠠᠭᠤᠯᠵᠤ ᠂ ᠰᠣᠯᠣᠨ ᠂ ᠪᠠᠯᠠᠭᠲᠠᠶ ᠤᠨ ᠬᠤᠪᠢᠰᠬᠠᠯ  ᠤᠨ ᠡᠰᠡᠷᠭᠦᠦ ᠤᠷᠪᠠᠯᠭᠠᠨ ᠢ ᠲᠦᠪᠰᠢᠳᠬᠡᠭᠰᠡᠨ ᠪᠠᠶᠢᠨ᠎ᠠ ᠃ ᠠᠰᠬᠠᠨ ᠨᠢ ᠪᠠᠰᠠ ᠴᠡᠷᠢᠭ ᠢᠶ᠋ᠡᠨ ᠳᠠᠭᠠᠭᠤᠯᠤᠨ ᠵᠢᠷᠢᠮ ᠠᠶᠢᠮᠠᠭ ᠤᠨ ᠰᠢᠪᠠᠷᠲᠤ ᠳ᠋ᠤ ᠭᠣᠮᠢᠨᠳᠠᠩ  ᠤᠨ ᠴᠡᠷᠢᠭ ᠲᠤ ᠭᠤᠷᠪᠠᠨ ᠤᠳᠠᠭᠠᠨ ᠤ ᠳᠠᠭᠠᠷᠢᠯᠲᠠ ᠶᠠᠪᠤᠭᠤᠯᠵᠤ ᠂ ᠵᠡᠭᠦᠨ ᠮᠣᠩᠭᠣᠯ ᠪᠣᠯᠤᠨ ᠪᠦᠬᠦ ᠵᠡᠭᠦᠨ ᠬᠣᠶᠢᠲᠤ ᠣᠷᠣᠨ  ᠤ ᠪᠠᠶᠢᠳᠠᠯ ᠤᠨ ᠲᠣᠭᠲᠠᠭᠤᠨ ᠪᠠᠶᠢᠳᠠᠯ ᠂ ᠪᠠᠲᠤ ᠪᠡᠬᠢ ᠠᠷᠤ ᠲᠠᠯ᠎ᠠ ᠶ᠋ᠢᠨ ᠰᠠᠭᠤᠷᠢᠨ ᠭᠠᠵᠠᠷ ᠪᠠᠶᠢᠭᠤᠯᠬᠤ ᠳ᠋ᠦ ᠴᠢᠬᠤᠯᠠ ᠬᠤᠪᠢ ᠵᠢᠳᠬᠦᠯ ᠭᠠᠷᠭᠠᠵᠠᠶ ᠃
    1946 ᠣᠨ  ᠤ 3 ᠰᠠᠷ᠎ᠠ  ᠳ᠋ᠤ ᠂ ᠪᠠᠷᠠᠭᠤᠨ ᠮᠠᠨᠵᠤ  ᠶ᠋ᠢᠨ ᠴᠡᠷᠢᠭ  ᠤᠨ ᠲᠣᠭᠣᠷᠢᠭ ᠤᠨ ᠸᠠᠩ  ᠤᠨ ᠰᠦᠮ᠎ᠡ  ᠳ᠋ᠤ ᠰᠠᠭᠤᠭᠰᠠᠨ ᠬᠡᠷᠡᠭ ᠡᠷᠬᠢᠯᠡᠬᠦ ᠭᠠᠵᠠᠷ ᠨᠢ ᠢᠯᠡ ᠪᠡᠷ ᠪᠠᠶᠢᠭᠤᠯᠤᠭᠳᠠᠵᠤ ( ᠳᠣᠲᠣᠭᠠᠳᠤ ᠳᠠᠭᠠᠨ ᠳᠤᠮᠳᠠᠳᠤ ᠤᠯᠤᠰ  ᠤᠨ ᠡᠪ ᠬᠠᠮᠲᠤ ᠨᠠᠮ  ᠤᠨ ᠵᠡᠭᠦᠨ ᠮᠣᠩᠭᠣᠯ ᠤᠨ ᠠᠵᠢᠯ  ᠤᠨ ᠺᠣᠮᠢᠰ ) ᠂ ᠵᠠᠩ ᠼᠧ ᠪᠡᠷ ᠡᠷᠬᠢᠯᠡᠭᠴᠢ ᠪᠣᠯᠭᠠᠬᠤ ᠪᠠᠷ ᠲᠣᠭᠲᠠᠭᠠᠪᠠ ᠃ ᠵᠡᠭᠦᠨ ᠮᠣᠩᠭᠣᠯ  ᠤᠨ ᠠᠷᠠᠳ  ᠤᠨ ᠥᠪᠡᠷᠲᠡᠭᠡᠨ ᠵᠠᠰᠠᠬᠤ ᠵᠠᠰᠠᠭ  ᠤᠨ ᠣᠷᠳᠣᠨ ᠨᠢ ᠶᠡᠬᠡ ᠬᠤᠷᠠᠯ ᠬᠤᠷᠠᠯᠳᠤᠭᠤᠯᠵᠤ ᠂ ᠡᠷᠬᠢᠯᠡᠭᠴᠢ ᠵᠠᠩ ᠼᠧ  ᠶ᠋ᠢ ᠬᠠᠯᠠᠭᠤᠨ ᠢᠶᠠᠷ ᠬᠦᠯᠢᠶᠡᠨ ᠤᠭᠲᠤᠭᠰᠠᠨ ᠪᠠᠶᠢᠨ᠎ᠠ ᠃ ᠵᠠᠩ ᠼᠧ  ᠪᠠᠰᠠ ᠵᠡᠭᠦᠨ ᠮᠣᠩᠭᠣᠯ  ᠤᠨ ᠠᠷᠠᠳ  ᠤᠨ ᠥᠪᠡᠷᠲᠡᠭᠡᠨ ᠵᠠᠰᠠᠬᠤ ᠵᠠᠰᠠᠭ  ᠤᠨ ᠣᠷᠳᠣᠨ ᠤ ᠲᠤᠳᠤᠭᠠᠳᠤ ᠶ᠋ᠢᠨ ᠰᠡᠷᠭᠡᠶᠢᠯᠡᠬᠦ ᠬᠡᠯᠲᠡᠰ  ᠤᠨ ᠳᠠᠷᠤᠭ᠎ᠠ ᠪᠠᠷ ᠲᠤᠮᠢᠯᠠᠭᠳᠠᠪᠠ( ᠴᠡᠷᠢᠭ ᠠᠨᠭᠬᠢ ᠪᠣᠯᠤᠨ ᠳᠣᠲᠣᠭᠠᠳᠤ  ᠶ᠋ᠢ ᠬᠠᠮᠠᠭᠠᠯᠠᠬᠤ ᠠᠵᠢᠯ  ᠢ ᠡᠷᠬᠢᠯᠡᠨ ᠬᠠᠮᠢᠶᠠᠷᠬᠤ ) ᠃ ᠳᠤᠮᠳᠠᠳᠤ ᠤᠯᠤᠰ  ᠤᠨ ᠡᠪ ᠬᠠᠮᠲᠤ ᠨᠠᠮ  ᠤᠨ ᠪᠠᠷᠠᠭᠤᠨ ᠮᠠᠨᠵᠤ  ᠶ᠋ᠢᠨ ᠬᠤᠪᠢᠶᠠᠷᠢ ᠲᠣᠪᠴᠢᠶ᠎ᠠ ᠪᠠᠰᠠ ᠳᠤᠮᠳᠠᠳᠤ ᠤᠯᠤᠰ  ᠤᠨ ᠡᠪ ᠬᠠᠮᠲᠤ ᠨᠠᠮ  ᠤᠨ ᠺᠠᠳ᠋ᠷ ᠬᠤᠤ ᠪᠢᠩ ᠴᠢᠶᠤᠸᠠᠨ ᠂ ᠬᠤᠸᠠᠩ ᠸᠸᠨ ᠹᠸᠢ ᠂ ᠯᠢ ᠢ ᠹᠦ᠋ ᠂ ᠬᠤᠤ ᠵᠤᠤ ᠡᠾᠸᠩ ᠵᠡᠷᠭᠡ ᠶ᠋ᠢ ᠲᠤᠮᠢᠯᠠᠨ ᠂ ᠵᠡᠭᠦᠨ ᠮᠣᠩᠭᠣᠯ ᠤᠨ ᠥᠪᠡᠷᠲᠡᠭᠡᠨ ᠵᠠᠰᠠᠬᠤ ᠴᠡᠷᠢᠭ  ᠪᠠ ᠵᠡᠭᠦᠨ ᠮᠣᠩᠭᠣᠯ  ᠤᠨ ᠴᠡᠷᠢᠭ  ᠤᠨ ᠶᠠᠪᠤᠳᠠᠯ ᠤᠯᠤᠰ ᠲᠦᠷᠦ  ᠶ᠋ᠢᠨ ᠺᠠᠳ᠋ᠷ  ᠤᠨ ᠰᠤᠷᠭᠠᠭᠤᠯᠢ ᠳ᠋ᠤ ᠲᠤᠰᠢᠶᠠᠯ ᠬᠠᠷᠢᠴᠠᠭᠤᠯᠤᠭᠰᠠᠨ ᠪᠠᠶᠢᠨ᠎ᠠ ᠃

ᠵᠣᠬᠢᠶᠠᠭᠴᠢ:
ᠢᠷᠡᠯᠲᠡ: