ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ( 1945 ᠣᠨ ᠡᠴᠠ 1947 ᠣᠨ ᠪᠣᠯᠲᠠᠯ᠎ᠠ )
ᠨᠢᠭᠡ ᠂ ᠨᠠᠮ ᠤᠨ ᠲᠥᠪ ᠬᠣᠷᠢᠶᠠᠨ ᠤ ᠥᠪᠥᠷ ᠮᠣᠩᠭᠤᠯ ᠤᠨ ᠠᠵᠢᠯ ᠤᠨ ᠴᠢᠭᠯᠡᠯᠲᠡ ᠵᠢᠴᠢ ᠥᠪᠥᠷ ᠮᠣᠩᠭᠤᠯ ᠤᠨ ᠠᠵᠢᠯ ᠢ ᠪᠦᠬᠦ ᠲᠠᠯ᠎ᠠ ᠪᠠᠷ ᠥᠷᠨᠢᠭᠦᠯᠬᠦ ᠬᠡᠷᠡᠭᠲᠡᠢᠨᠠᠮ ᠤᠨ ᠲᠥᠪ ᠬᠣᠷᠢᠶᠠᠨ ᠡᠴᠠ ᠱᠠᠨ ᠰᠢ᠂ ᠴᠠᠬᠠᠷ᠂ ᠾᠸᠪᠸᠢ ᠶ᠋ᠢᠨ ᠲᠥᠪ ᠦᠨ ᠲᠣᠪᠴᠢᠶ᠎ᠠ 《 ᠥᠪᠥᠷ ᠮᠣᠩᠭᠤᠯ ᠤᠨ ᠠᠵᠢᠯ ᠤᠨ ᠴᠢᠭᠯᠡᠯᠲᠡ 》 ᠭᠡᠰᠡᠨ ᠵᠢᠭᠠᠪᠤᠷᠢ ᠥᠭᠭᠦᠭᠰᠡᠨ ᠴᠠᠬᠢᠯᠭᠠᠨ ᠮᠡᠳᠡᠭᠡ ᠮᠥᠨ ᠃
ᠲᠥᠪ ᠬᠣᠷᠢᠶ᠎ᠠ ᠡᠴᠠ ᠶᠠᠭᠤᠨ ᠤ ᠡᠮᠦᠨ᠎ᠡ ᠵᠢᠭᠠᠵᠤ ᠭᠠᠷᠭᠠᠭᠰᠠᠨ ᠨᠢ ᠄ 《 ᠣᠳᠣ ᠶ᠋ᠢᠨ ᠮᠠᠨ ᠤ ᠨᠠᠮ ᠤᠨ ᠡᠵᠡᠮᠰᠢᠯ ᠳᠡᠭᠡᠨ ᠣᠷᠣᠭᠤᠯᠵᠤ ᠂ ᠴᠠᠬᠠᠷ ᠂ ᠵᠡᠭᠦᠨ ᠬᠣᠶᠢᠲᠤ ᠣᠷᠣᠨ ᠳᠠᠬᠢ ᠂ ᠤᠮᠠᠷᠠᠲᠤ ᠣᠷᠣᠨ ᠤ ᠳᠠᠪᠠᠭᠤᠯᠢᠭ ᠲᠠᠯ᠎ᠠ ᠪᠠᠨ ᠣᠯᠵᠤ ᠂ ᠥᠪᠥᠷ ᠮᠣᠩᠭᠣᠯ ᠪᠠᠶᠢᠯᠳᠤᠬᠤ ᠪᠣᠳᠤᠯᠭ᠎ᠠ ᠶ᠋ᠢᠨ ᠲᠠᠯ᠎ᠠ ᠪᠠᠷ ᠲᠤᠶᠢᠯ ᠤᠨ ᠴᠢᠬᠤᠯᠠ ᠪᠠᠶᠢᠷᠢ ᠰᠠᠭᠤᠷᠢ ᠲᠠᠶ ᠂ ᠥᠪᠥᠷ ᠮᠣᠩᠭᠤᠯ ᠤᠨ ᠦᠨᠳᠦᠰᠦᠲᠡᠨ ᠤ ᠠᠰᠠᠭᠤᠳᠠᠯ ᠢ ᠵᠣᠬᠢᠰᠲᠠᠶ ᠰᠢᠶᠳᠪᠦᠷᠢᠯᠡᠬᠦ ᠬᠡᠷᠡᠭᠲᠡᠶ ᠂ ᠥᠪᠥᠷ ᠮᠣᠩᠭᠤᠯ ᠤᠨ ᠦᠨᠳᠦᠰᠦᠲᠡᠨ ᠤ ᠲᠤᠰ ᠪᠡᠶ᠎ᠡ ᠶ᠋ᠢᠨ ᠴᠢᠯᠦᠭᠡᠯᠡᠯᠲᠡ ᠲᠠᠢ ᠬᠣᠯᠪᠣᠭᠳᠠᠬᠤ ᠪᠠᠷ ᠪᠠᠷᠠᠬᠤ ᠦᠭᠡᠢ ᠂ ᠮᠠᠨ ᠤ ᠨᠠᠮ ᠂ ᠮᠠᠨ ᠤ ᠴᠡᠷᠢᠭ ᠲᠠᠢ ᠬᠣᠯᠪᠤᠭᠳᠠᠬᠤ ᠮᠥᠷᠲᠡᠭᠡᠨ ᠪᠠᠲᠤ ᠪᠡᠬᠢ ᠠᠷᠤ ᠲᠠᠯ᠎ᠠ ᠵᠢᠴᠢ ᠵᠦᠪᠯᠡᠯᠳᠤ ᠬᠣᠯᠪᠣᠭᠠᠲᠤ ᠤᠯᠤᠰ ᠂ ᠮᠣᠩᠭᠤᠯ ᠤᠨ ᠴᠡᠷᠢᠭ ᠰᠢᠭᠤᠳ ᠰᠤᠮᠤᠨ ( ᠬᠠᠮᠲᠤᠷᠠᠭᠰᠠᠨ )ᠠᠰᠢᠭᠲᠠᠶ ᠪᠠᠶᠢᠷᠢ ᠶ᠋ᠢ ᠤᠯᠬᠤ ᠬᠡᠷᠡᠭᠲᠡᠶ 》 ᠭᠡᠵᠦ ᠵᠠᠰᠠᠪᠠ ᠃ ᠥᠪᠥᠷ ᠮᠣᠩᠭᠤᠯ ᠤᠨ ᠦᠨᠳᠦᠰᠦᠲᠡᠨ ᠤ ᠠᠰᠠᠭᠤᠳᠠᠯ ᠢ ᠰᠢᠶᠳᠪᠦᠷᠢᠯᠡᠬᠦ ᠪᠣᠯ ᠪᠠᠲᠤ ᠪᠡᠬᠢ ᠠᠷᠤ ᠲᠠᠯ᠎ᠠ ᠪᠠ ᠵᠥᠪᠯᠡᠯᠲᠦ ᠮᠣᠩᠭᠤᠯ ᠤᠨ᠂ ᠳᠡᠯᠡᠬᠡᠶ ᠨᠡᠶᠢᠲᠡ ᠶ᠋ᠢᠨ ᠬᠠᠷᠢᠯᠴᠠᠭᠠᠨ ᠤ ᠵᠠᠮ ᠨᠡᠪᠲᠡᠷᠡᠭᠦᠯᠬᠦ ᠵᠠᠩᠭᠢᠯᠠᠭ᠎ᠠ ᠮᠥᠨ ᠪᠣᠯᠬᠤ ᠪᠠᠷ ᠪᠠᠷᠠᠬᠤ ᠦᠭᠡᠢ ᠪᠠᠰᠠ ᠴᠤ ᠥᠪᠥᠷ ᠮᠣᠩᠭᠤᠯ ᠤᠨ ᠲᠤᠶᠢᠯ ᠤᠨ ᠴᠢᠬᠤᠯᠠ ᠪᠠᠶᠢᠯᠳᠤᠬᠤ ᠪᠣᠳᠤᠯᠭ᠎ᠠ ᠶ᠋ᠢᠨ ᠪᠠᠶᠢᠷᠢ ᠰᠠᠭᠤᠷᠢ ᠶ᠋ᠢᠨ ᠭᠣᠣᠯ ᠠᠰᠠᠭᠤᠳᠠᠯ ᠮᠥᠨ ᠭᠡᠵᠡᠢ ᠃ ᠡᠶᠢᠮᠦ ᠡᠴᠡ ᠲᠥᠪ ᠬᠣᠷᠢᠶ᠎ᠠ ᠡᠴᠡ ᠥᠪᠥᠷ ᠮᠣᠩᠭᠤᠯ ᠤᠨ ᠦᠨᠳᠦᠰᠦᠲᠡᠨ ᠤ ᠠᠰᠠᠭᠤᠳᠠᠯ ᠢ ᠴᠢᠬᠤᠯᠠᠴᠢᠯᠠᠨ ᠦᠵᠡᠵᠦ ᠂ ᠡᠨᠡ ᠨᠢ ᠥᠪᠥᠷ ᠮᠣᠩᠭᠤᠯ ᠤᠨ ᠬᠤᠪᠢᠰᠬᠠᠯ ᠤᠨ ᠭᠣᠣᠯ ᠠᠰᠠᠭᠤᠳᠠᠯ ᠮᠥᠨ ᠃
ᠡᠭᠦᠨ ᠤ ᠵᠡᠷᠭᠡᠴᠡᠭᠡᠪᠡᠷ ᠂ ᠲᠥᠪ ᠬᠣᠷᠢᠶ᠎ᠠ ᠡᠴᠠ《 ᠥᠪᠥᠷ ᠮᠣᠩᠭᠤᠯ ᠤᠨ ᠦᠨᠳᠦᠰᠦᠨ ᠴᠢᠭᠯᠡᠯᠲᠡ ᠂ ᠥᠪᠡᠷᠲᠡᠭᠡᠨ ᠵᠠᠰᠠᠬᠤ ᠶ᠋ᠢ ᠬᠡᠷᠡᠭᠵᠢᠭᠦᠯᠦᠨ᠎ᠡ 》 ᠃ ᠡᠯ᠎ᠡ ᠬᠣᠰᠢᠭᠤ ᠡᠴᠠ ᠡᠬᠢᠯᠡᠵᠦ ᠂ ᠵᠣᠷᠢᠭᠲᠠᠶ ᠪᠠᠷ ᠲᠠᠢᠢᠴᠢᠯᠠᠨ ᠵᠣᠬᠢᠶᠠᠨ ᠪᠠᠶᠢᠭᠤᠯᠵᠤ ᠂ ᠮᠣᠩᠭᠣᠯ ᠦᠨᠳᠦᠰᠦᠲᠡᠨ ᠤ ᠣᠷᠣᠨ ᠨᠤᠲᠤᠭ ᠤᠨ ᠵᠠᠰᠠᠭ ᠵᠠᠬᠢᠷᠭᠠᠨ ᠤ ᠬᠥᠳᠡᠯᠭᠡᠭᠡᠨ ᠂ ᠴᠡᠪᠡᠷ ᠮᠣᠩᠭᠣᠯ ᠣᠷᠣᠨ ᠪᠦᠰᠡ ᠶ᠋ᠢᠨ ᠥᠪᠡᠷᠲᠡᠭᠡᠨ ᠵᠠᠰᠠᠬᠤ ᠵᠠᠰᠠᠭ ᠤᠨ ᠣᠷᠳᠤᠨ ᠢ ᠪᠠᠶᠢᠭᠤᠯᠵᠤ ᠂ ᠮᠣᠩᠭᠣᠯ ᠬᠢᠲᠠᠳ ᠦᠨᠳᠦᠰᠦᠲᠡᠨ ᠬᠣᠯᠢᠯᠳᠤᠨ ᠰᠠᠭᠤᠷᠢᠰᠢᠭᠰᠠᠨ ᠭᠠᠵᠠᠷ ᠪᠣᠯ ᠮᠣᠩᠭᠣᠯ ᠬᠢᠲᠠᠳ ᠬᠣᠯᠪᠣᠭᠠᠲᠤ ᠵᠠᠰᠠᠭ ᠤᠨ ᠣᠷᠳᠤᠨ ᠢ ᠪᠡᠯᠡᠳᠬᠡᠨ ᠪᠠᠶᠢᠭᠤᠯᠬᠤ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠪᠡᠯᠡᠳᠬᠡᠯ ᠺᠣᠮᠢᠰ ᠤᠨ ᠨᠢᠭᠡᠳᠦᠯᠲᠡᠶ ᠤᠳᠤᠷᠢᠳᠤᠯᠭ᠎ᠠ ᠂ ᠡᠯ᠎ᠡ ᠬᠣᠰᠢᠭᠤ ᠴᠢᠭᠤᠯᠭᠠᠨ ᠤ ᠥᠪᠡᠷᠲᠡᠭᠡᠨ ᠵᠠᠰᠠᠬᠤ ᠬᠥᠳᠡᠯᠭᠡᠭᠡᠨ ᠢ ᠬᠡᠯᠡᠵᠦ ᠪᠠᠶᠢᠨ᠎ᠠ ᠃ ᠪᠠᠰᠠ ᠨᠠᠮ ᠤᠨ ᠲᠣᠲᠤᠭᠠᠳᠤ ᠳ᠋ᠤ ᠪᠠᠶᠢᠪᠠᠯ ᠵᠣᠬᠢᠬᠤ ᠨᠢᠭᠡᠳᠦᠭᠰᠡᠨ ᠤᠳᠤᠷᠢᠳᠤᠯᠭ᠎ᠠ ᠪᠠ ᠲᠥᠷᠦ ᠶ᠋ᠢᠨ ᠪᠤᠳᠤᠯᠭ᠎ᠠ ᠮᠥᠨ ᠃
ᠲᠥᠪ ᠬᠣᠷᠢᠶᠠᠨ ᠤ ᠱᠠᠭᠠᠷᠳᠠᠯᠭ᠎ᠠ ᠶ᠋ᠢ ᠲᠣᠭᠲᠠᠭᠠᠵᠤ ᠂ ᠥᠪᠥᠷ ᠮᠣᠩᠭᠤᠯ ᠤᠨ ᠡᠯ᠎ᠡ ᠵᠦᠢᠯ ᠦᠨ ᠲᠥᠷᠦ ᠶ᠋ᠢᠨ ᠪᠣᠳᠤᠯᠭ᠎ᠠ ᠶ᠋ᠢ ᠬᠡᠷᠡᠭᠵᠢᠭᠦᠯᠬᠦ ᠳ᠋ᠦ᠂ 《 ᠡᠷᠬᠡᠪᠰᠢ ᠴᠠᠭ ᠲᠤᠨᠢ ᠲᠣᠬᠢᠷᠠᠭᠤᠯᠤᠨ ᠪᠣᠯᠭᠣᠮᠵᠢᠲᠠᠶ ᠪᠠᠶᠢᠬᠤ ᠬᠡᠷᠡᠭᠲᠡᠢ 》 ᠂ ᠲᠥᠷᠦ ᠶ᠋ᠢᠨ ᠪᠤᠳᠤᠯᠭ᠎ᠠ ᠲᠣᠭᠲᠠᠭᠠᠬᠤ ᠡᠴᠡ ᠡᠮᠦᠨ᠎ᠡ ᠂ ᠡᠷᠬᠡᠪᠰᠢ ᠪᠠᠶᠢᠴᠠᠭᠠᠨ ᠰᠤᠳᠤᠯᠤᠯᠲᠠ ᠬᠢᠵᠦ ᠂ ᠪᠥᠬᠥᠳᠡ ᠨᠠᠶᠢᠷᠠᠮᠳᠠᠬᠤ ᠮᠣᠩᠭᠣᠯ ᠠᠷᠠᠳ ᠤᠯᠤᠰ ᠪᠣᠯᠤᠨ ᠥᠪᠥᠷ ᠮᠣᠩᠭᠤᠯ ᠤᠨ ᠬᠠᠮᠲᠤᠷᠠᠭᠰᠠᠨ ᠣᠪᠣᠷ ᠣᠶᠢᠯᠠᠭᠠᠬᠤ ᠬᠡᠷᠡᠭᠲᠡᠶ ᠂ ᠪᠠᠶᠢᠴᠠᠭᠠᠯᠲᠠ ᠂ ᠶᠠᠫᠣᠨ ᠪᠠ ᠭᠤᠮᠢᠨᠳᠠᠩ ᠤᠨ ᠥᠩᠭᠡᠷᠡᠭᠰᠡᠨ ᠤ ᠬᠡᠷᠬᠢᠨ ᠨᠣᠶᠠᠷᠬᠠᠵᠤ ᠪᠠᠶᠢᠭᠰᠠᠨ ᠥᠪᠥᠷ ᠮᠣᠩᠭᠤᠯ ᠤᠨ ᠪᠠᠶᠢᠳᠠᠯ ᠵᠢᠴᠢ ᠲᠡᠭᠦᠨ ᠤ ᠬᠣᠣᠷ ᠨᠥᠯᠦᠭᠡ ᠶ᠋ᠢ᠂ ᠡᠵᠡᠮᠰᠢᠵᠦ ᠂ ᠣᠳᠣᠬᠠᠨ ᠳ᠋ᠤ ᠥᠪᠥᠷ ᠮᠣᠩᠭᠤᠯ ᠤᠨ ᠡᠯ᠎ᠡ ᠳᠠᠪᠬᠤᠷᠭ᠎ᠠ ᠶ᠋ᠢᠨ ᠬᠥᠳᠡᠯᠦᠯ ᠪᠠᠶᠢᠳᠠᠯ ᠢ ᠰᠠᠶᠢᠲᠤᠷ ᠠᠳᠬᠤᠬᠤ ᠬᠡᠷᠡᠭᠲᠡᠢ ᠃ ᠲᠥᠪ ᠬᠣᠷᠢᠶ᠎ᠠ ᠳᠠᠷᠤᠶ ᠲᠤᠬᠠᠢ ᠶ᠋ᠢᠨ ᠦᠶ᠎ᠡ ᠶ᠋ᠢᠨ ᠥᠪᠥᠷ ᠮᠣᠩᠭᠤᠯ ᠤᠨ ᠠᠵᠢᠯ ᠢ ᠳᠤᠷᠠᠳᠬᠤ ᠬᠡᠷᠡᠭᠲᠡᠶ ᠄ ᠮᠣᠩᠭᠣᠯ ᠦᠨᠳᠦᠰᠦᠲᠡᠨ ᠤ ᠡᠯ᠎ᠡ ᠳᠠᠪᠬᠤᠷᠭ᠎ᠠ ᠶ᠋ᠢᠨ ᠳᠤᠮᠳᠠ ᠢᠯᠡᠴᠢᠯᠡᠵᠦ ᠂ ᠲᠡᠦᠬᠡᠨ ᠳᠡᠭᠡᠷ᠎ᠡ ᠭᠣᠮᠢᠨᠳᠠᠩ ᠶᠠᠫᠣᠨ ᠤ ᠮᠡᠬᠡᠯᠡᠵᠦ ᠨᠣᠶᠠᠷᠬᠠᠯ ᠪᠣᠯᠤᠨ ᠥᠪᠥᠷ ᠮᠣᠩᠭᠤᠯ ᠤᠨ ᠬᠠᠮᠲᠤᠷᠠᠭᠰᠠᠨ ᠶᠠᠯᠠᠲᠤ ᠠᠵᠢᠯᠯᠠᠭ᠎ᠠ ᠶ᠋ᠢ ᠠᠷᠢᠯᠭᠠᠵᠤ ᠂ ᠮᠣᠩᠭᠣᠯᠴᠤᠳ ᠭᠤᠮᠢᠨᠳᠠᠩ ᠳᠡᠬᠢᠬᠡᠢ ᠬᠦᠰᠡᠯ ᠶ᠋ᠢ ᠤᠰᠠᠳᠬᠠᠬᠤ ᠬᠡᠷᠡᠭᠲᠡᠢ ᠃ ᠨᠢ ᠳ᠋ᠸ ᠸᠠᠩ ᠂ ᠯᠢ ᠱᠸᠤ ᠰᠢᠨ ᠵᠡᠷᠭᠡ ᠳ᠋ᠦ ᠴᠣᠬᠢᠯᠲᠠ ᠥᠭᠬᠦ ᠬᠡᠷᠡᠭᠲᠡᠶ ᠂ ᠭᠠᠭᠴᠠᠭᠠᠷᠳᠠᠭᠤᠯᠬᠤ ᠲᠥᠷᠦ ᠶ᠋ᠢᠨ ᠪᠣᠳᠤᠯᠭ᠎ᠠ ᠠᠪᠴᠤ ᠂ ᠲᠠᠮᠴᠦᠭᠳᠤᠨᠭᠷᠤᠪ ᠶ᠋ᠢ ᠡᠰᠡᠷᠭᠦᠴᠡᠬᠦ ᠂ ᠬᠠᠮᠲᠤᠷᠠᠨ ᠠᠵᠢᠯᠯᠠᠬᠤ ᠦᠭᠡᠢ ᠳᠡᠭᠡᠳᠦ ᠳᠠᠪᠬᠤᠷᠭᠠᠲᠠᠨ ᠂ ᠬᠠᠮᠤᠭ ᠤᠨ ᠶᠡᠬᠡ ᠬᠡᠮᠵᠢᠶ᠎ᠡ ᠪᠡᠷ ᠴᠣᠬᠢᠯᠲᠠ ᠥᠭᠬᠦ ᠬᠡᠪᠴᠢᠶ᠎ᠡ ᠶᠢ ᠪᠠᠭᠠᠰᠬᠠᠬᠤ ᠬᠡᠷᠡᠭᠲᠡᠶ ᠃ ᠬᠠᠭᠤᠷᠮᠠᠭ ᠴᠡᠷᠢᠭ ᠳᠣᠲᠣᠷ᠎ᠠ ᠡᠴᠠ ᠬᠠᠮᠤᠭ ᠤᠨ ᠲᠡᠷᠰᠯᠡᠭᠦᠦ ᠶ᠋ᠢ ᠨᠢ ᠭᠠᠷᠭᠠᠪᠠᠯ ᠂ ᠠᠭᠤᠴᠢᠯᠠᠬᠤ ᠲᠥᠷᠦ ᠶ᠋ᠢᠨ ᠪᠣᠳᠤᠯᠭ᠎ᠠ ᠶ᠋ᠢ ᠠᠪᠬᠤ ᠬᠡᠷᠡᠭᠲᠡᠶ ᠂ ᠴᠢᠭᠤᠯᠭᠠᠨ ᠬᠤᠰᠢᠭᠤᠳ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠤ ᠲᠣᠪᠴᠢ ᠬᠥᠲᠥᠯᠪᠦᠷᠢ ᠂ ᠣᠷᠣᠨ ᠨᠤᠲᠤᠭ ᠤᠨ ᠵᠡᠪᠰᠡᠭᠲᠦ ᠬᠦᠴᠦᠨ ᠢ ᠪᠠᠶᠢᠭᠤᠯᠵᠤ ᠂ ᠮᠣᠩᠭᠣᠯ ᠦᠨᠳᠦᠰᠦᠲᠡᠨ ᠤ ᠺᠲᠷ ᠢ ᠬᠥᠮᠦᠵᠢᠭᠦᠯᠵᠦ ᠂ ᠳᠡᠪᠰᠢᠭᠦᠯᠬᠦ ᠂ ᠮᠣᠩᠭᠤᠯ ᠤᠨ ᠵᠠᠯᠢᠬᠠᠶ ᠶ᠋ᠢ ᠢᠯᠡᠴᠢᠯᠡᠬᠦ ᠂ ᠮᠣᠩᠭᠣᠯ ᠠᠷᠠᠳ ᠤᠨ ᠰᠣᠶᠤᠯ ᠤᠨ ᠠᠰᠢᠭᠲᠠᠶ ᠂ ᠠᠵᠤ ᠠᠬᠤᠶ ᠪᠠ ᠨᠡᠶᠢᠭᠡᠮ ᠦᠨ ᠨᠡᠶᠢᠲᠡ ᠶ᠋ᠢᠨ ᠠᠰᠠᠷᠠᠮᠵᠢ ᠶ᠋ᠢᠨ ᠦᠢᠯᠡᠰ ᠲᠦ ᠠᠰᠢᠭᠲᠠᠢ ᠰᠣᠶᠤᠯ ᠤᠨ ᠬᠥᠳᠡᠯᠭᠡᠭᠡᠨ ᠢ ᠥᠷᠨᠢᠭᠦᠯᠬᠦ ᠬᠡᠷᠡᠭᠲᠡᠢ ᠃ ᠴᠡᠷᠢᠭ ᠠᠨᠭᠬᠢ ᠡᠷᠬᠡᠪᠰᠢ ᠰᠠᠬᠢᠯᠭ᠎ᠠ ᠪᠠᠲᠤ ᠶ᠋ᠢ ᠰᠠᠢᠢᠨ ᠪᠠᠶᠢᠯᠭᠠᠵᠤ ᠂ ᠮᠣᠩᠭᠣᠯ ᠠᠷᠠᠳ ᠤᠨ ᠵᠠᠩ ᠳᠠᠳᠬᠠᠯ ᠢ ᠬᠦᠨᠳᠦᠳᠬᠡᠬᠦ ᠬᠡᠷᠡᠭᠲᠡᠢ ᠂ ᠤᠯᠠᠭᠠᠨᠬᠦᠦ ᠶ᠋ᠢᠨ ᠡᠷᠭᠢᠯᠡᠨ ᠲᠣᠭᠲᠠᠭᠠᠭᠰᠠᠨ ᠮᠣᠩᠭᠤᠯ ᠴᠡᠷᠢᠭ ᠤᠨ ᠰᠠᠬᠢᠯᠭ᠎ᠠ ᠪᠠᠲᠤ ᠬᠢᠭᠡᠳ ᠡᠷᠬᠡᠪᠰᠢ ᠠᠩᠬᠠᠷᠬᠤ ᠵᠦᠢᠯ ᠂ ᠵᠣᠭᠤᠰ ᠢᠶᠠᠷ ᠬᠥᠳᠡᠯᠮᠦᠷᠢ ᠶ᠋ᠢ ᠵᠢᠷᠤᠮᠯᠠᠨ ᠰᠠᠬᠢᠬᠤ ᠬᠡᠷᠡᠭᠲᠡᠶ ᠃ ᠮᠣᠩᠭᠤᠯᠴᠤᠳ ᠤᠨ ᠳᠣᠲᠣᠷᠠᠬᠢ ᠳᠠᠪᠰᠢᠯᠲᠤ ᠬᠦᠴᠦᠨ ᠢ ᠲᠡᠳᠬᠦᠵᠦ ᠂ ᠮᠣᠩᠭᠤᠯ ᠤᠨ ᠵᠠᠯᠢᠬᠠᠢ ᠶ᠋ᠢ ᠰᠢᠢᠳᠬᠡᠵᠦ᠂ ᠲᠡᠭᠦᠨ ᠤ ᠵᠣᠭᠣᠰ ᠮᠥᠩᠭᠥ ᠡᠳ᠋ ᠪᠣᠳᠠᠰ ᠢ ᠬᠤᠷᠢᠶᠠᠨ ᠠᠪᠬᠤ ᠵᠡᠷᠭᠡ ᠠᠵᠢᠯ ᠢ ᠳᠠᠢ᠌ᠴᠢᠯᠠᠨ ᠂ ᠮᠣᠩᠭᠣᠯᠴᠤᠳ ᠥᠪᠡᠷ ᠢᠶ᠋ᠡᠨ ᠬᠢᠬᠦ ᠬᠡᠷᠡᠭᠲᠡᠶ ᠃
ᠲᠥᠪ ᠬᠣᠷᠢᠶ᠎ᠠ ᠡᠴᠠ ᠪᠠᠷᠠᠭᠤᠨ ᠮᠣᠩᠭᠤᠯ ᠤᠨ ᠤᠳᠤᠷᠢᠳᠤᠯᠭ᠎ᠠ ᠶ᠋ᠢ ᠲᠣᠳᠣᠷᠬᠠᠶ ᠪᠣᠯᠭᠠᠭᠰᠠᠨ ᠪᠠᠶᠢᠨ᠎ᠠ ᠃ ᠦᠨᠳᠦᠰᠦᠨ ᠪᠤᠳᠤᠯᠭ᠎ᠠ ᠴᠢᠭᠯᠡᠯᠲᠡ ᠶ᠋ᠢ ᠲᠥᠪ ᠬᠣᠷᠢᠶ᠎ᠠ ᠡᠴᠡ ᠲᠣᠭᠲᠠᠭᠠᠨ ᠂ ᠪᠣᠳᠠᠲᠠᠶ ᠠᠵᠢᠯ ᠢ ᠱᠠᠨ ᠰᠢ᠂ ᠴᠠᠬᠠᠷ᠂ ᠡᠾᠸᠪᠸᠢ ᠶ᠋ᠢᠨ ᠲᠥᠪ ᠦᠨ ᠲᠣᠪᠴᠢᠶ᠎ᠠ ᠪᠠ ᠱᠠᠨ ᠰᠢ ᠰᠦᠢᠶᠤᠸᠠᠨ ᠤ ᠬᠤᠪᠢᠶᠠᠷᠢ ᠲᠣᠪᠴᠢᠶ᠎ᠠ ᠲᠤᠰ ᠲᠤᠰ ᠰᠢᠶᠳᠪᠦᠷᠢᠯᠡᠬᠦ ᠬᠡᠷᠡᠭᠲᠡᠶ ᠂ ᠤᠯᠠᠭᠠᠨᠬᠦᠦ ᠳᠤᠮᠳᠠ ᠡᠴᠠ ᠬᠠᠷᠢᠯᠴᠠᠭ᠎ᠠ ᠂ ᠬᠠᠮᠲᠤ ᠶ᠋ᠢᠨ ᠠᠵᠢᠯᠯᠠᠭᠠᠨ ᠤ ᠴᠢᠭᠯᠡᠯᠲᠡ ᠪᠠ ᠨᠢᠭᠡᠳᠦᠯᠲᠡᠶ ᠠᠯᠬᠤᠮ ᠳᠠᠷᠠᠭ᠎ᠠ ᠶ᠋ᠢ ᠲᠥᠯᠥᠪᠯᠡᠬᠦ ᠂ ᠮᠣᠩᠭᠣᠯ ᠦᠨᠳᠦᠰᠦᠲᠡᠨ ᠤ ᠺᠠᠲᠷ ᠢ ᠤᠯᠠᠭᠠᠨᠬᠦᠦ ᠨᠢᠭᠡᠳᠦᠯᠲᠡᠶ ᠬᠤᠪᠢᠶᠠᠷᠢᠯᠠᠬᠤ ᠂ ᠣᠷᠣᠨ ᠨᠤᠲᠤᠭ ᠭᠣᠣᠯ ᠦᠨᠳᠦᠰᠦᠲᠡᠨ ᠤ ᠺᠠᠳ᠋ᠷ ᠪᠠᠶᠢᠬᠤ ᠬᠡᠷᠡᠭᠲᠡᠶ ᠃ ᠲᠥᠪ ᠬᠣᠷᠢᠶᠠᠨ ᠤ ᠱᠠᠨ ᠰᠢ᠂ ᠴᠠᠬᠠᠷ᠂ ᠡᠾᠸᠪᠸᠢ ᠶ᠋ᠢᠨ ᠲᠥᠪ ᠦᠨ ᠲᠣᠪᠴᠢᠶ᠎ᠠ ᠪᠠᠶᠢᠬᠤ ᠶ᠋ᠢ ᠣᠨᠴᠠᠭᠠᠶᠢᠯᠠᠨ ᠱᠠᠭᠠᠷᠳᠠᠬᠤ ᠬᠡᠷᠡᠭᠲᠡᠶ ᠂ ᠱᠠᠨ ᠰᠢ ᠰᠦᠢᠶᠤᠸᠠᠨ ᠪᠠ ᠡᡁᠸᠪᠸᠢ ᠷᠸ ᠡᡁᠸ ᠯᠢᠶᠣᠤᠨᠢᠩ ᠤᠨ ᠬᠤᠪᠢᠶᠠᠷᠢ ᠲᠣᠪᠴᠢᠶ᠎ᠠ 《 ᠪᠦᠷ ᠥᠪᠥᠷ ᠮᠣᠩᠭᠤᠯ ᠤᠨ ᠠᠰᠠᠭᠤᠳᠠᠯ ᠢ ᠬᠠᠷᠢᠭᠤᠴᠠᠨ ᠰᠤᠳᠤᠯᠬᠤ ᠲᠤᠰᠬᠠᠶ ᠬᠥᠮᠦᠨ ᠢ ᠲᠣᠭᠲᠠᠭᠠᠬᠤ ᠬᠡᠷᠡᠭᠲᠡᠶ 》 ᠭᠡᠵᠦ ᠵᠠᠰᠠᠪᠠ ᠃
ᠨᠠᠮ ᠤᠨ ᠲᠥᠪ ᠬᠣᠷᠢᠶ᠎ᠠ ᠰᠤᠳᠤᠯᠤᠨ ᠲᠣᠭᠲᠠᠭᠠᠵᠤ ᠂ ᠥᠪᠥᠷ ᠮᠣᠩᠭᠤᠯ ᠤᠨ ᠠᠵᠢᠯ ᠤᠨ ᠴᠢᠭᠯᠡᠯᠲᠡ ᠶᠠᠪᠤᠴᠠ ᠳ᠋ᠤ᠂ ᠨᠠᠮ ᠤᠨ ᠲᠥᠪ ᠬᠣᠷᠢᠶᠠᠨ ᠤ ᠪᠠᠷᠠᠭᠤᠨ ᠬᠣᠶᠢᠲᠤ ᠣᠷᠣᠨ ᠤ ᠲᠣᠪᠴᠢᠶ᠎ᠠ ᠬᠠᠷᠢᠭᠤᠴᠠᠨ ᠶᠡᠬᠡ ᠵᠤᠤ ᠠᠶᠢᠮᠠᠭ ᠤᠨ ᠪᠠ ᠠᠯᠠᠱᠠ ᠂ ᠡᠵᠡᠨ᠎ᠡ ᠬᠣᠶᠠᠷ ᠬᠣᠰᠢᠭᠤᠨ ᠤ ᠠᠵᠢᠯ ᠬᠢᠬᠦ ᠂ ᠨᠠᠮ ᠤᠨ ᠲᠥᠪ ᠬᠣᠷᠢᠶᠠᠨ ᠤ ᠵᠡᠭᠦᠨ ᠬᠣᠶᠢᠲᠤ ᠣᠷᠣᠨ ᠤ ᠲᠣᠪᠴᠢᠶ᠎ᠠ ᠂ ᠪᠠᠷᠠᠭᠤᠨ ᠮᠠᠨᠵᠤ ᠶ᠋ᠢᠨ ᠬᠤᠪᠢᠶᠠᠷᠢ ᠲᠣᠪᠴᠢᠶ᠎ᠠ ᠬᠥᠯᠥᠨ ᠪᠣᠶᠢᠷ ᠭᠠᠵᠠᠷ ᠣᠷᠣᠨ ᠪᠣᠯᠤᠨ ᠬᠢᠩᠭᠠᠨ ᠠᠶᠢᠮᠠᠭ ᠂ ᠵᠢᠷᠢᠮ ᠠᠶᠢᠮᠠᠭ ᠤᠨ ᠠᠵᠢᠯ ᠢ ᠥᠷᠨᠢᠭᠦᠯᠬᠦ ᠬᠡᠷᠡᠭᠲᠡᠢ ᠃ ᠱᠠᠨ ᠰᠢ᠂ ᠴᠠᠬᠠᠷ᠂ ᠡᠾᠸᠪᠸᠢ ᠶ᠋ᠢᠨ ᠲᠥᠪ ᠦᠨ ᠲᠣᠪᠴᠢᠶ᠎ᠠ ᠪᠠ ᠱᠠᠨ ᠰᠢ ᠰᠦᠢᠶᠤᠸᠠᠨ ᠤ ᠬᠤᠪᠢᠶᠠᠷᠢ ᠲᠣᠪᠴᠢᠶ᠎ᠠ ᠂ ᠡᡁᠸᠪᠸᠢ ᠷᠸ ᠡᡁᠸ ᠯᠢᠶᠣᠤᠨᠢᠩ ᠤᠨ ᠬᠤᠪᠢᠶᠠᠷᠢ ᠲᠣᠪᠴᠢᠶ᠎ᠠ ᠶ᠋ᠢᠨ ᠤᠳᠤᠷᠢᠳᠤᠯᠭ᠎ᠠ ᠨᠡᠭᠡᠭᠡᠵᠦ ᠂ ᠤᠯᠠᠭᠠᠨᠴᠠᠪ ᠠᠶᠢᠮᠠᠭ ᠢᠶᠠᠷ ᠳᠤᠲᠠᠭᠠᠬᠤ ᠴᠠᠬᠠᠷ ᠠᠶᠢᠮᠠᠭ ᠂ ᠰᠢᠯᠢ ᠶ᠋ᠢᠨ ᠭᠣᠣᠯ ᠠᠶᠢᠮᠠᠭ ᠂ ᠵᠣᠰᠣᠲᠤ ᠠᠶᠢᠮᠠᠭ ᠂ ᠵᠤᠤ ᠤᠳᠠ ᠠᠶᠢᠮᠠᠭ ᠤᠨ ᠠᠵᠢᠯ ᠢ ᠥᠷᠨᠢᠭᠦᠯᠵᠦ᠂ ᠲᠥᠪ ᠦᠨᠨ ᠢᠭᠡᠳᠦᠯᠲᠡᠶ ᠤᠳᠤᠷᠢᠳᠤᠯᠭ᠎ᠠ ᠳᠣᠣᠷ᠎ᠠ ᠂ ᠡᠯ᠎ᠡ ᠲᠥᠪ ᠬᠣᠷᠢᠶᠠᠨ ᠤ ᠲᠣᠪᠴᠢᠶ᠎ᠠ ᠪᠠ ᠬᠤᠪᠢᠶᠠᠷᠢ ᠲᠣᠭᠤᠷᠢᠭ ᠤᠨ ᠬᠠᠷᠢᠭᠤᠴᠠᠯᠭᠠᠲᠠᠨ ᠂ ᠥᠪᠥᠷ ᠮᠣᠩᠭᠤᠯ ᠤᠨ ᠠᠵᠢᠯ ᠢ ᠪᠦᠬᠦ ᠲᠠᠯ᠎ᠠ ᠪᠠᠷ ᠥᠷᠨᠢᠭᠦᠯᠵᠦ ᠂ ᠪᠠᠶᠢᠷᠢᠰᠢᠯ ᠢ ᠪᠤᠢ ᠪᠣᠯᠭᠠᠨ᠎ᠠ ᠃ ᠡᠭᠦᠨ ᠤ ᠬᠠᠮᠲᠤ ᠂ ᠴᠢᠭᠤᠯᠤᠯᠳᠦ ᠬᠠᠭᠠᠯᠭ᠎ᠠ ᠶ᠋ᠢ ᠰᠠᠭᠤᠷᠢᠨ ᠭᠠᠵᠠᠷ ᠪᠣᠯᠭᠠᠵᠤ ᠂ ᠰᠢᠯᠢ ᠶ᠋ᠢᠨ ᠭᠣᠣᠯ ᠴᠠᠬᠠᠷ ᠠᠶᠢᠮᠠᠭ ᠢᠶᠠᠷ ᠭᠣᠣᠯ ᠪᠣᠯᠭᠠᠵᠤ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠢ ᠶᠡᠬᠡᠪᠡᠷ ᠥᠷᠨᠢᠭᠦᠯᠵᠦ ᠂ ᠪᠦᠬᠦ ᠲᠠᠯ᠎ᠠ ᠪᠠᠷ ᠳᠡᠯᠭᠡᠷᠡᠭᠦᠯᠬᠦ ᠬᠡᠷᠡᠭᠲᠡᠶ ᠃
ᠨᠠᠶᠮᠠᠳᠤᠭᠠᠷ ᠵᠠᠮ ᠤᠨ ᠴᠡᠷᠢᠭ ᠵᠠᠨᠭᠪᠸᠢ ᠰᠢᠶᠠᠨ ᠳ᠋ᠤ ᠣᠷᠤᠭᠰᠠᠨ ᠤ ᠰᠡᠭᠦᠯᠡᠷ ᠂ ᠲᠠᠷᠢᠶ᠎ᠠ ᠡᠷᠦᠬᠡ ᠵᠡᠷᠭᠡ ᠬᠠᠭᠤᠷᠮᠠᠭ ᠴᠠᠬᠠᠷ ᠠᠶᠢᠮᠠᠭ ᠤᠨ ᠵᠠᠬᠢᠷᠭ᠎ᠠ ᠶ᠋ᠢᠨ ᠳᠠᠪᠰᠢᠯᠲᠤ ᠬᠥᠮᠦᠰ ᠢ ᠵᠣᠬᠢᠶᠠᠨ ᠪᠠᠶᠢᠭᠤᠯᠵᠤ ᠂ 8 ᠰᠠᠷ᠎ᠠ ᠶ᠋ᠢᠨ 22 ᠤ ᠡᠳᠦᠷ ᠮᠣᠩᠭᠣᠯ ᠠᠷᠠᠳ ᠤᠨ ᠴᠢᠯᠥᠭᠡᠯᠡᠬᠦ ᠵᠥᠪᠯᠡᠯ ᠢ ᠪᠠᠶᠢᠭᠤᠯᠵᠤ ᠂ ᠮᠣᠩᠭᠣᠯ ᠦᠨᠳᠦᠰᠦᠲᠡᠨ ᠤ ᠴᠢᠯᠦᠭᠡᠯᠡᠯᠲᠡ ᠶ᠋ᠢᠨ ᠲᠡᠮᠡᠴᠡᠯ ᠢ ᠲᠠᠢᠢᠴᠢᠯᠠᠨ ᠭᠡᠵᠦ ᠤᠷᠤᠯᠳᠤᠬᠰᠠᠨ ᠪᠠᠶᠢᠨ᠎ᠠ ᠃ 《 ᠥᠪᠥᠷ ᠮᠣᠩᠭᠤᠯ ᠤᠨ ᠠᠷᠠᠳ ᠤᠨ ᠪᠥᠬᠥᠳᠡ ᠨᠠᠶᠢᠷᠠᠮᠳᠠᠬᠤ ᠤᠯᠤᠰ ᠤᠨ ᠲᠦᠷ ᠴᠠᠭ ᠤᠨ ᠵᠠᠰᠠᠭ ᠤᠨ ᠣᠷᠳᠣᠨ 》 ᠪᠠᠶᠢᠭᠤᠯᠤᠭᠳᠠᠭᠰᠠᠨ ᠤ ᠳᠠᠷᠠᠭᠠᠬᠠᠨ ᠂ ᠣᠨᠴᠠ ᠺᠱᠸᠢᠢᠱ ᠪᠤᠶᠠᠨᠲᠤ ( ᠸᠠᠩ ᠽᠦᠩ ᠯᠦᠸᠧ ) ᠲᠤᠰ ᠵᠠᠰᠠᠭ ᠤᠨ ᠣᠷᠳᠣᠨ ᠤ ᠲᠥᠯᠦᠭᠡᠯᠡᠭᠴᠢᠳ ᠦᠨ ᠪᠦᠯᠬᠦᠮ ᠢ ᠳᠠᠭᠠᠭᠤᠯᠤᠨ ᠬᠦᠷᠴᠦ ᠂ ᠳᠤᠮᠳᠠᠳᠤ ᠤᠯᠤᠰ ᠤᠨ ᠡᠪ ᠬᠠᠮᠲᠤ ᠨᠠᠮ ᠪᠠ ᠨᠠᠶᠮᠠᠳᠤᠭᠠᠷ ᠵᠠᠮ ᠤᠨ ᠴᠡᠷᠢᠭ ᠲᠠᠢ ᠬᠣᠯᠪᠣᠭ᠎ᠠ ᠲᠠᠶ ᠶᠤᠮ ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠱᠠᠨ ᠰᠢ ᠴᠠᠬᠠᠷ ᠡᠾᠸᠪᠸᠢ ᠦ᠋ᠨ ᠲᠥᠪ ᠦᠨ ᠲᠣᠪᠴᠢᠶ᠎ᠠ ᠤᠯᠠᠭᠠᠨᠬᠦᠦ ᠲᠡᠷᠡ ᠳᠠᠷᠤᠶ ᠳᠤᠨᠢ ᠲᠣᠮᠢᠯᠠᠨ ᠨᠤᠷᠮ᠎ᠠ ᠂ ᠺᠦᠢ ᠪᠢ ᠂ ᠴᠧᠨ ᠪᠢᠩ ᠢᠦᠢ ᠂ ᠬᠤᠸᠠᠩ ᠵᠢᠩ ᠲᠤᠤ ᠵᠡᠷᠭᠡ ᠠᠷᠪᠠ ᠭᠠᠷᠤᠶ ᠺᠠᠳ᠋ᠷ ᠵᠢᠴᠢ ᠲᠡᠷᠡ ᠦᠶ᠎ᠡ ᠳ᠋ᠦ ᠴᠢᠭᠤᠯᠤᠯᠳᠦ ᠬᠠᠭᠠᠯᠭ᠎ᠠ ᠶ᠋ᠢᠨ ᠵᠢᠶ ᠶᠠ ᠂ ᠱᠸᠦ ᠮᠢᠩ ᠵᠢᠷᠤᠭ ᠂ ᠪᠠᠶᠠᠷᠯᠠᠵᠤ ᠤᠷᠤᠯᠳᠤᠭᠠᠨ ᠂ ᠦᠵᠦᠮᠦᠴᠢᠨ ᠮᠣᠩᠭᠣᠯ ᠦᠨᠳᠦᠰᠦᠲᠡᠨ ᠤ ᠵᠠᠯᠠᠭᠤ ᠰᠡᠬᠡᠭᠡᠲᠡᠨ ᠨᠠᠷ ᠢ ᠪᠢᠯᠢᠭᠲᠦ ᠬᠡᠮ ᠵᠡᠷᠭᠡ ᠪᠣᠯᠤᠨ᠎ᠠ ᠂ ᠨᠢᠭᠡᠨ ᠬᠠᠮᠠᠭᠠᠯᠠᠭᠴᠢ ᠶ᠋ᠢᠨ ᠰᠠᠯᠠᠭ᠎ᠠ ᠶ᠋ᠢᠨ ᠬᠠᠮᠠᠭᠠᠯᠠᠯ ᠂ ᠲᠤᠬᠠᠢ ᠶ᠋ᠢᠨ ᠦᠶ᠎ᠡ ᠶ᠋ᠢᠨ ᠰᠦᠢᠶᠤᠸᠠᠨ ᠮᠣᠩᠭᠤᠯ ᠤᠨ ᠵᠠᠰᠠᠭ ᠤᠨ ᠣᠷᠳᠣᠨ ᠰᠠᠭᠤᠭ᠎ᠠ ᠭᠠᠵᠠᠷ ᠡᠴᠠ ᠪᠠᠨ ᠱᠠᠩᠳᠤ ᠪᠠᠶᠢᠳᠠᠯ ᠢ ᠦᠨᠳᠦᠰᠦᠯᠡᠨ 10 ᠰᠠᠷ᠎ᠠ ᠶ᠋ᠢᠨ ᠡᠬᠢ ᠪᠡᠷ ᠰᠥᠨᠢᠳ ᠪᠠᠷᠠᠭᠤᠨ ᠬᠣᠰᠢᠭᠤᠨ ᠤ ᠳ᠋ᠸ ᠸᠠᠩ ᠤᠨ ᠬᠣᠷᠣᠭ᠎ᠠ ᠬᠦᠷᠬᠦ ᠪᠣᠯᠤᠨ᠎ᠠ᠃
ᠤᠯᠠᠭᠠᠨᠬᠦᠦ ᠵᠡᠷᠭᠡ ᠬᠥᠮᠦᠰ《ᠥᠪᠥᠷ ᠮᠣᠩᠭᠤᠯ ᠤᠨ ᠠᠷᠠᠳ ᠤᠨ ᠪᠥᠬᠥᠳᠡ ᠨᠠᠶᠢᠷᠠᠮᠳᠠᠬᠤ ᠤᠯᠤᠰ ᠤᠨ ᠲᠦᠷ ᠴᠠᠭ ᠤᠨ ᠵᠠᠰᠠᠭ ᠤᠨ ᠣᠷᠳᠣᠨ 》 ᠡᠯ᠎ᠡ ᠲᠠᠯ᠎ᠠ ᠶ᠋ᠢᠨ ᠬᠥᠮᠦᠰ ᠲᠡᠶ ᠥᠷᠭᠡᠨ ᠢᠶ᠋ᠡᠷ ᠣᠶᠢᠷᠠᠳᠴᠤ ᠪᠠᠶᠢᠨ᠎ᠠ ᠂ ᠢᠯᠠᠩᠭᠤᠶ᠎ᠠ ᠮᠣᠩᠭᠣᠯ ᠵᠠᠯᠠᠭᠤ ᠰᠡᠬᠡᠭᠡᠲᠡᠳ ᠦᠨ ᠳᠤᠮᠳᠠ ᠭᠦᠨᠵᠡᠭᠡᠶᠢᠷᠡᠵᠦ ᠪᠠᠶᠢᠳᠠᠯ ᠢ ᠣᠶᠢᠯᠠᠭᠠᠵᠤ ᠂ ᠲᠤᠰᠬᠠᠶ ᠶᠠᠷᠢᠯᠴᠠᠬᠤ ᠪᠠ ᠶᠠᠷᠢᠯᠴᠠᠬᠤ ᠬᠤᠷᠠᠯ ᠬᠢᠬᠦ ᠵᠡᠷᠭᠡ ᠬᠡᠯᠪᠡᠷᠢ ᠪᠡᠷ ᠳᠠᠮᠵᠢᠭᠤᠯᠤᠨ ᠂ ᠤᠬᠠᠭᠤᠯᠵᠤ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠠᠷᠠᠳᠴᠢᠯᠠᠭᠰᠠᠨ ᠲᠥᠷᠦ ᠶ᠋ᠢᠨ ᠪᠣᠳᠤᠯᠭ᠎ᠠ ᠶ᠋ᠢ ᠠᠪᠴᠤ ᠂ ᠥᠪᠥᠷ ᠮᠣᠩᠭᠣᠯ ᠣᠷᠣᠨ ᠤ ᠲᠡᠦᠬᠡ ᠪᠣᠯᠤᠨ ᠣᠳᠣᠬᠢ ᠪᠠᠶᠢᠳᠠᠯ ᠢ ᠶᠠᠷᠢᠵᠤ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠣᠳᠣᠬᠠᠨ ᠤ ᠦᠨᠳᠦᠰᠦᠲᠡᠨ ᠤ ᠣᠷᠣᠨ ᠥᠪᠥᠷ ᠮᠣᠩᠭᠤᠯ ᠤᠨ ᠦᠨᠳᠦᠰᠦᠲᠡᠨ ᠤ ᠠᠰᠠᠭᠤᠳᠠᠯ ᠢ ᠰᠢᠢᠳᠪᠦᠷᠢᠯᠡᠬᠦ ᠶ᠋ᠢ ᠵᠣᠷᠢᠵᠤ ᠂ ᠵᠢᠭᠠᠵᠤ ᠭᠠᠷᠭᠠᠭᠰᠠᠨ ᠨᠢ《 ᠳᠣᠲᠣᠭᠠᠳᠤ ᠭᠠᠳᠠᠭᠠᠳᠤ ᠮᠣᠩᠭᠣᠯ ᠪᠠ ᠥᠪᠥᠷ ᠮᠣᠩᠭᠤᠯ ᠢ ᠨᠡᠶᠢᠯᠡᠭᠦᠯᠬᠦ 》 ᠂ 《 ᠥᠪᠥᠷ ᠮᠣᠩᠭᠤᠯ ᠤᠨ ᠲᠤᠰᠠᠭᠠᠷ ᠲᠣᠭᠲᠠᠨᠢᠭᠤᠯᠬᠤ 》 ᠱᠠᠭᠠᠷᠳᠠᠯᠭ᠎ᠠ ᠪᠣᠯ ᠪᠣᠳᠠᠲᠤ ᠪᠠᠶᠢᠳᠠᠯ ᠲᠠᠶ ᠨᠡᠶᠢᠴᠡᠬᠦ ᠦᠭᠡᠢ ᠂ ᠣᠳᠣᠬᠠᠨ ᠤ ᠳᠡᠯᠡᠬᠡᠢ ᠶ᠋ᠢᠨ ᠪᠠ ᠤᠯᠤᠰ ᠤᠨ ᠲᠣᠲᠤᠭᠠᠳᠤ ᠶ᠋ᠢᠨ ᠪᠠᠶᠢᠳᠠᠯ ᠴᠤ ᠵᠥᠪᠰᠢᠶᠡᠷᠡᠬᠦ ᠦᠭᠡᠢ ᠪᠥᠭᠡᠳ ᠮᠣᠩᠭᠣᠯ ᠦᠨᠳᠦᠰᠦᠲᠡᠨ ᠤ ᠴᠢᠯᠦᠭᠡᠯᠡᠯᠲᠡ ᠳ᠋ᠦ ᠠᠰᠢᠭ ᠦᠭᠡᠢ ᠶᠤᠮ ᠃ ᠤᠯᠠᠭᠠᠨᠬᠦᠦ ᠵᠡᠷᠭᠡ ᠬᠥᠮᠦᠰ ᠵᠢᠷᠭᠠᠯᠠᠩ ᠵᠡᠷᠭᠡ ᠬᠠᠭᠤᠷᠮᠠᠭ ᠮᠣᠩᠭᠤᠯ ᠤᠨ ᠬᠢᠵᠠᠭᠠᠷ ᠣᠷᠣᠨ ᠤ ᠳᠡᠭᠡᠳᠦ ᠵᠡᠷᠭᠡ ᠶ᠋ᠢᠨ ᠨᠣᠶᠠᠳ ᠲᠦᠰᠢᠮᠡᠳ ᠦᠨ ᠳᠠᠶᠢᠴᠢᠯᠠᠬᠤ ᠂ 《 ᠳᠣᠲᠣᠭᠠᠳᠤ ᠭᠠᠳᠠᠭᠠᠳᠤ ᠮᠣᠩᠭᠣᠯ ᠪᠠ ᠥᠪᠥᠷ ᠮᠣᠩᠭᠤᠯ ᠢ ᠨᠡᠶᠢᠯᠡᠭᠦᠯᠬᠦ 》 ᠪᠠ 《 ᠥᠪᠥᠷ ᠮᠣᠩᠭᠤᠯ ᠤᠨ ᠲᠤᠰᠠᠭᠠᠷ ᠲᠣᠭᠲᠠᠨᠢᠭᠤᠯᠬᠤ 》 ᠬᠠᠭᠤᠷᠮᠠᠴᠢ ᠴᠢᠨᠠᠷ ᠂ ᠮᠡᠬᠡᠯᠡᠬᠦ ᠰᠢᠨᠵᠢᠲᠡᠶ ᠪᠠᠶᠢᠪᠠ ᠃ ᠡᠭᠦᠨ ᠤ ᠤᠯᠠᠮ ᠡᠴᠠ ᠂ ᠥᠷᠭᠡᠨ ᠣᠯᠠᠨ ᠮᠣᠩᠭᠣᠯ ᠵᠠᠯᠠᠭᠤ ᠰᠡᠬᠡᠭᠡᠲᠡᠨ ᠪᠠ ᠪᠤᠶᠠᠨᠲᠤ ᠵᠡᠷᠭᠡ ᠨᠢᠭᠡ ᠪᠦᠯᠦᠭ ᠮᠣᠩᠭᠣᠯ ᠳᠡᠭᠡᠳᠦ ᠳᠠᠪᠬᠤᠷᠭ᠎ᠠ ᠶ᠋ᠢᠨ ᠬᠥᠮᠦᠰ ᠢ ᠲᠡᠮᠡᠴᠡᠨ ᠣᠯᠵᠤ ᠂ ᠲᠡᠳᠡᠨ ᠢ ᠮᠠᠨ ᠤ ᠨᠠᠮ ᠤᠨ ᠵᠠᠰᠠᠭ ᠤᠨ ᠭᠠᠵᠠᠷ ᠢ ᠥᠭᠡᠷᠡᠴᠢᠯᠡᠨ ᠪᠠᠶᠢᠭᠤᠯᠬᠤ ᠵᠥᠪᠰᠢᠶᠡᠷᠡᠯ ᠢ ᠤᠯᠬᠤ ᠬᠡᠷᠡᠭᠲᠡᠶ ᠃ ᠤᠯᠠᠭᠠᠨᠬᠦᠦ ᠳᠤᠷᠠᠳᠤᠨ ᠭᠠᠷᠭᠠᠭᠰᠠᠨ ᠨᠢ ᠂ ᠲᠦᠷ ᠵᠠᠰᠠᠭ ᠤᠨ ᠭᠠᠵᠠᠷ ᠮᠣᠩᠭᠤᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠭᠡᠵᠦ ᠥᠭᠡᠷᠡᠴᠢᠯᠡᠨ ᠨᠡᠷᠡᠯᠡᠬᠦ ᠬᠡᠷᠡᠭᠲᠡᠶ ᠂ ᠥᠭᠡᠷᠡᠴᠢᠯᠡᠨ ᠪᠠᠶᠢᠭᠤᠯᠤᠭᠰᠠᠨ ᠵᠠᠰᠠᠭ ᠤᠨ ᠭᠠᠵᠠᠷ ᠪᠣᠯ ᠮᠥᠨ ᠯᠡ ᠲᠦᠷ ᠴᠠᠭ ᠤᠨ ᠴᠢᠨᠠᠷᠲᠠᠶ ᠶᠤᠮ ᠂ ᠬᠣᠵᠢᠮ ᠪᠠᠰᠠ ᠥᠪᠥᠷ ᠮᠣᠩᠭᠤᠯ ᠤᠨ ᠠᠷᠠᠳ ᠤᠨ ᠲᠥᠯᠦᠭᠡᠯᠡᠭᠴᠢᠳ ᠦᠨ ᠶᠡᠬᠡ ᠬᠤᠷᠠᠯ ᠬᠤᠷᠠᠯᠳᠤᠭᠤᠯᠵᠤ ᠂ ᠵᠢᠩᠬᠢᠨᠢ ᠵᠠᠰᠠᠭ ᠤᠨ ᠣᠷᠳᠣᠨ ᠪᠤᠢ ᠪᠣᠯᠤᠭᠰᠠᠨ ᠶᠤᠮ ᠃ ᠰᠥᠨᠢᠳ ᠪᠠᠷᠠᠭᠤᠨ ᠬᠣᠰᠢᠭᠤ ᠰᠠᠭᠤᠭ᠎ᠠ ᠵᠥᠪᠯᠡᠯᠲᠦ ᠮᠣᠩᠭᠤᠯ ᠤᠨ ᠬᠣᠯᠪᠣᠭᠠᠲᠤ ᠴᠡᠷᠢᠭ ᠦᠨ ᠲᠥᠯᠥᠭᠡᠯᠡᠭᠴᠢ ᠤᠯᠠᠭᠠᠨᠬᠦᠦ ᠶ᠋ᠢᠨ ᠰᠠᠨᠠᠯ ᠢ ᠡᠰᠡᠷᠭᠦᠴᠡᠵᠦ ᠂ ᠲᠡᠭᠡᠭᠡᠳ ᠵᠥᠪᠯᠡᠯᠲᠦ ᠮᠣᠩᠭᠤᠯ ᠤᠨ ᠬᠣᠯᠪᠣᠭᠠᠲᠤ ᠴᠡᠷᠢᠭ ᠦᠨ ᠲᠥᠯᠥᠭᠡᠯᠡᠭᠴᠢ ᠭᠠᠷᠴᠤ ᠰᠢᠷᠦᠭᠦᠨ ᠮᠠᠷᠭᠤᠯᠳᠤᠭᠠᠨ ᠡᠭᠦᠰᠴᠡᠶ ᠂ ᠬᠠᠮᠤᠭ ᠰᠡᠭᠦᠯ ᠳᠦᠨᠢ ᠮᠥᠨ ᠯᠡ ᠥᠭᠡᠷᠡᠴᠢᠯᠡᠨ ᠪᠠᠶᠢᠭᠤᠯᠬᠤ ᠡᠨᠡ ᠬᠦ ᠵᠠᠰᠠᠭ ᠤᠨ ᠣᠷᠳᠤᠨ ᠢ ᠪᠠᠶᠢᠭᠤᠯᠬᠤ ᠬᠡᠷᠡᠭᠲᠡᠶ ᠃ ᠪᠣᠶᠠᠨᠳᠠᠯᠠᠢ ᠠᠷᠭ᠎ᠠ ᠪᠤᠰᠤ ᠰᠠᠭᠤᠷᠢᠨ ᠡᠴᠡ ᠪᠠᠨ ᠪᠠᠭᠤᠪᠠ ᠂ ᠭᠡᠪᠡᠴᠦ ᠵᠠᠰᠠᠭ ᠤᠨ ᠣᠷᠳᠣᠨ ᠤ ᠭᠡᠰᠢᠭᠦᠨ ᠵᠡᠷᠭᠡ ᠲᠤᠰᠢᠶᠠᠯ ᠢ ᠦᠯᠡᠳᠡᠭᠡᠭᠰᠡᠭᠡᠷ ᠪᠠᠶᠢᠯ᠎ᠠ ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠠᠯ᠎ᠠ ᠶ᠋ᠢᠨ ᠵᠠᠰᠠᠭ ᠤᠨ ᠣᠷᠳᠣᠨ ᠵᠡᠷᠭᠡ 5 ᠬᠥᠮᠦᠨ ᠣᠷᠣᠯᠴᠠᠵᠠᠶ ᠂ ᠤᠯᠠᠭᠠᠨᠬᠦᠦ ᠲᠡᠷᠢᠭᠦᠯᠡᠭᠴᠢ ᠪᠥᠭᠡᠳ ᠴᠡᠷᠢᠭ ᠦᠨ ᠶᠠᠪᠤᠳᠠᠯ ᠤᠨ ᠬᠡᠯᠲᠡᠰ ᠦᠨ ᠳᠠᠷᠤᠭ᠎ᠠ ᠂ ᠳᠤᠮᠳᠠᠳᠤ ᠤᠯᠤᠰ ᠤᠨ ᠳᠣᠲᠣᠭᠠᠳᠤ ᠬᠡᠷᠡᠭ ᠲᠦ ᠠᠵᠤ ᠠᠬᠤᠢ ᠶ᠋ᠢᠨ ᠬᠡᠯᠲᠡᠰ ᠦᠨ ᠳᠠᠷᠤᠭ᠎ᠠ ᠂ ᠡᠷᠦᠬᠡ ᠶ᠋ᠢᠨ ᠴᠡᠷᠢᠭ ᠦᠨ ᠶᠠᠪᠤᠳᠠᠯ ᠤᠨ ᠬᠡᠯᠲᠡᠰ ᠦᠨ ᠳᠡᠳ᠋ ᠳᠠᠷᠤᠭ᠎ᠠ ᠪᠠᠶᠢᠪᠠ ᠃ ᠨᠢᠭᠡ ᠪᠦᠯᠦᠭ ᠵᠠᠯᠠᠭᠤ ᠰᠡᠬᠡᠭᠡᠲᠡᠳ ᠪᠣᠯᠤᠨ ᠳᠡᠭᠡᠳᠦ ᠳᠠᠪᠬᠤᠷᠭ᠎ᠠ ᠶ᠋ᠢᠨ ᠬᠥᠮᠦᠰ ᠦᠨ ᠵᠠᠰᠠᠭ ᠤᠨ ᠣᠷᠳᠣᠨ ᠰᠣᠩᠭᠣᠭᠳᠠᠨ ᠤᠷᠤᠭᠰᠠᠨ ᠪᠠᠶᠢᠨ᠎ᠠ ᠃ ᠲᠤᠬᠠᠢ ᠶ᠋ᠢᠨ ᠭᠠᠵᠠᠷ ᠤᠨ ᠠᠮᠤ ᠪᠤᠳᠠᠭ᠎ᠠ ᠶ᠋ᠢᠨ ᠲᠠᠯ᠎ᠠ ᠪᠠᠷ ᠬᠦᠴᠢᠷᠳᠡᠯ ᠲᠡᠶ ᠂ ᠲᠦᠯᠡᠰᠢ ᠰᠢᠲᠠᠭᠠᠯᠭ᠎ᠠ ᠳᠤᠲᠠᠭᠳᠠᠵᠤ ᠂ ᠵᠠᠮ ᠬᠠᠷᠢᠯᠴᠠᠭ᠎ᠠ ᠳᠥᠭᠥᠮ ᠦᠭᠡᠢ ᠵᠡᠷᠭᠡ ᠰᠢᠯᠲᠠᠭᠠᠨ ᠡᠴᠡ ᠪᠤᠯᠵᠤ ᠂ ᠵᠠᠰᠠᠭ ᠤᠨ ᠣᠷᠳᠣᠨ ᠳ᠋ᠥ ᠨᠡᠭᠦᠪᠡ ᠃ ᠤᠯᠠᠭᠠᠨᠬᠦᠦ ᠵᠡᠷᠭᠡ ᠨᠠᠮ ᠤᠨ ᠲᠥᠪ ᠬᠣᠷᠢᠶ᠎ᠠ ᠪᠣᠯᠤᠨ ᠥᠪᠥᠷ ᠮᠣᠩᠭᠤᠯ ᠤᠨ ᠬᠠᠮᠲᠤᠷᠠᠭᠰᠠᠨ ᠠᠵᠢᠯ ᠤᠨ ᠦᠨᠳᠦᠰᠦᠨ ᠴᠢᠭᠯᠡᠯᠲᠡ ᠶᠣᠰᠣᠭᠠᠷ ᠂ ᠮᠣᠩᠭᠣᠯ ᠦᠨᠳᠦᠰᠦᠲᠡᠨ ᠤ ᠳᠠᠪᠰᠢᠩᠭᠤᠶ ᠵᠠᠯᠠᠭᠤ ᠰᠡᠬᠡᠭᠡᠲᠡᠳ ᠲᠡᠶ ᠬᠠᠷᠢᠯᠴᠠᠵᠤ ᠂ ᠪᠥᠯᠬᠦᠮᠳᠡᠯ ᠢ ᠣᠨᠴᠠ ᠺᠱᠸᠢᠢᠱ ᠪᠤᠶᠠᠨᠲᠤ ᠲᠦᠷᠦᠭᠦᠲᠡᠶ ᠨᠢᠭᠡ ᠪᠦᠯᠦᠭ ᠮᠣᠩᠭᠣᠯᠴᠤᠳ ᠲᠦᠪᠡᠭᠳᠡ ᠶ᠋ᠢᠨ ᠳᠡᠭᠡᠳᠦ ᠳᠠᠪᠬᠤᠷᠭ᠎ᠠ ᠶ᠋ᠢᠨ ᠥᠮᠦᠰ ᠂ 《 ᠥᠪᠥᠷ ᠮᠣᠩᠭᠤᠯ ᠤᠨ ᠠᠷᠠᠳ ᠤᠨ ᠪᠥᠬᠥᠳᠡ ᠨᠠᠶᠢᠷᠠᠮᠳᠠᠬᠤ ᠤᠯᠤᠰ ᠤᠨ ᠲᠦᠷ ᠴᠠᠭ ᠤᠨ ᠵᠠᠰᠠᠭ ᠤᠨ ᠣᠷᠳᠣᠨ 》ᠠᠰᠠᠭᠤᠳᠠᠯ ᠢ ᠠᠮᠵᠢᠯᠲᠠ ᠲᠠᠶ ᠪᠠᠷ ᠰᠢᠶᠳᠪᠦᠷᠢᠯᠡᠵᠡᠶ ᠂ ᠰᠢᠯᠢ ᠶ᠋ᠢᠨ ᠭᠣᠣᠯ ᠴᠠᠬᠠᠷ ᠬᠣᠶᠠᠷ ᠠᠶᠢᠮᠠᠭ ᠲᠤ ᠣᠷᠴᠢᠮ ᠵᠣᠷᠢᠵᠤ ᠂ 《 ᠳᠣᠲᠣᠭᠠᠳᠤ ᠭᠠᠳᠠᠭᠠᠳᠤ ᠮᠣᠩᠭᠣᠯ ᠪᠠ ᠥᠪᠥᠷ ᠮᠣᠩᠭᠤᠯ ᠢ ᠨᠡᠶᠢᠯᠡᠭᠦᠯᠬᠦ 》 ᠂ 《 ᠥᠪᠥᠷ ᠮᠣᠩᠭᠤᠯ ᠢ ᠲᠤᠰᠠᠭᠠᠷ ᠲᠣᠭᠲᠠᠨᠢᠭᠤᠯᠬᠤ 》 ᠬᠦᠴᠦᠨ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠭᠰᠠᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠵᠠᠮ ᠳ᠋ᠤ ᠤᠷᠤᠭᠰᠠᠨ ᠪᠠᠶᠢᠨ᠎ᠠ ᠃
9 ᠰᠠᠷ᠎ᠠ ᠶ᠋ᠢᠨ 30 ᠤ ᠡᠳᠦᠷ ᠮᠣᠩᠭᠣᠯ ᠠᠷᠠᠳ ᠤᠨ ᠴᠢᠯᠥᠭᠡᠯᠡᠬᠦ ᠵᠥᠪᠯᠡᠯ ᠢ ᠪᠦᠦ ᠶᠤᠸᠠᠨ ( ᠣᠳᠣ ᠶ᠋ᠢᠨᠳᠠᠶᠢᠹᠤᠰᠸ ᠂ ᠪᠦᠦ ᠴᠠᠩ ) ᠬᠤᠷᠠᠯᠳᠤᠭᠤᠯᠵᠤ ᠂ ᠴᠠᠬᠠᠷ ᠤᠨ ᠴᠢᠭᠤᠯᠭᠠᠨ ᠤ ᠡᠯ᠎ᠡ ᠬᠣᠰᠢᠭᠤᠨ ᠤ ᠪᠥᠭᠦᠳᠡ ᠶ᠋ᠢᠨ ᠪᠠ ᠲᠥᠯᠦᠭᠡᠯᠡᠭᠴᠢᠳ ᠦᠨ ᠬᠠᠮᠲᠤᠷᠠᠭᠰᠠᠨ ᠬᠤᠷᠠᠯ ᠬᠢᠵᠦ ᠂ ᠨᠡᠶᠢᠲᠡ 16 ᠬᠥᠮᠦᠨ ᠬᠤᠷᠠᠯ ᠳ᠋ᠤ ᠣᠷᠣᠯᠴᠠᠪᠠ ᠃ ᠬᠤᠷᠠᠯ ᠳ᠋ᠤ ᠳᠡᠯᠡᠬᠡᠢ ᠶ᠋ᠢᠨ ᠪᠠ ᠤᠯᠤᠰ ᠤᠨ ᠲᠣᠲᠤᠭᠠᠳᠤ ᠶ᠋ᠢᠨ ᠪᠠᠶᠢᠳᠠᠯ ᠪᠠ ᠨᠠᠮ ᠤᠨ ᠦᠨᠳᠦᠰᠦᠲᠡᠨ ᠤ ᠲᠥᠷᠦ ᠶ᠋ᠢᠨ ᠪᠣᠳᠤᠯᠭ᠎ᠠ ᠶ᠋ᠢ ᠤᠬᠠᠭᠤᠯᠵᠤ ᠂ ᠶᠠᠷᠢᠯᠴᠠᠵᠤ ᠂ ᠥᠪᠥᠷ ᠮᠣᠩᠭᠤᠯ ᠤᠨ ᠦᠨᠳᠦᠰᠦᠲᠡᠨ ᠤ ᠬᠥᠳᠡᠯᠭᠡᠭᠡᠨ ᠤ ᠴᠢᠭᠯᠡᠯ ᠮᠥᠨ ᠃ ᠬᠠᠮᠤᠭ ᠡᠴᠦᠰ ᠲᠦ ᠡᠯ᠎ᠡ ᠬᠣᠰᠢᠭᠤᠨ ᠤ ᠪᠥᠯᠬᠦᠮᠳᠡᠯ ᠦᠨ ᠪᠠ ᠲᠥᠯᠦᠭᠡᠯᠡᠭᠴᠢᠳ ᠦᠨ ᠰᠠᠨᠠᠯ ᠨᠢᠭᠡᠲᠡᠶ ᠪᠡᠷ ᠱᠠᠭᠠᠷᠳᠠᠵᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠂ ᠴᠠᠬᠠᠷ ᠠᠶᠢᠮᠠᠭ ᠤᠨ ᠡᠯ᠎ᠡ ᠮᠣᠩᠭᠣᠯ ᠬᠣᠰᠢᠭᠤ ᠬᠠᠮᠲᠤᠷᠠᠨ ᠬᠡᠷᠡᠭ ᠡᠷᠬᠢᠯᠡᠬᠦ ᠭᠠᠵᠠᠷ ᠪᠠᠶᠢᠭᠤᠯᠬᠤ ᠪᠠᠷ ᠲᠣᠭᠲᠠᠭᠠᠪᠠ ᠃ 《 ᠥᠪᠥᠷ ᠮᠣᠩᠭᠤᠯ ᠤᠨ ᠠᠷᠠᠳ ᠤᠨ ᠪᠥᠬᠥᠳᠡ ᠨᠠᠶᠢᠷᠠᠮᠳᠠᠬᠤ ᠤᠯᠤᠰ ᠤᠨ ᠲᠦᠷ ᠴᠠᠭ ᠤᠨ ᠵᠠᠰᠠᠭ ᠤᠨ ᠣᠷᠳᠣᠨ 》 ᠨᠡᠭᠦᠵᠦ ᠣᠴᠢᠭᠠᠳ ᠵᠠᠨᠭᠪᠸᠢ ᠳᠠᠷᠠᠭ᠎ᠠ ᠂ ᠤᠯᠠᠭᠠᠨᠬᠦᠦ ᠳᠡᠭᠡᠷ᠎ᠡ ᠳᠤᠷᠠᠳᠤᠭᠰᠠᠨ ᠰᠠᠨᠠᠭᠤᠯᠭ᠎ᠠ ᠬᠡᠷᠡᠭ ᠡᠷᠬᠢᠯᠡᠬᠦ ᠭᠠᠵᠠᠷ ᠢ ᠴᠠᠬᠠᠷ ᠠᠶᠢᠮᠠᠭ ᠤᠨ ᠵᠠᠰᠠᠭ ᠤᠨ ᠣᠷᠳᠣᠨ ᠂ ᠱᠠᠭᠠᠷᠳᠠᠯᠭ᠎ᠠ ᠪᠠᠷ ᠯᠠᠪᠯᠠᠯᠲᠠ ᠪᠣᠯᠭᠠᠵᠤ ᠂ ᠰᠦᠢᠶᠤᠸᠠᠨ ᠮᠣᠵᠢ ᠶ᠋ᠢᠨ ᠵᠠᠰᠠᠭ ᠤᠨ ᠣᠷᠳᠣᠨ ᠪᠣᠯᠤᠨ ᠰᠦᠢᠶᠤᠸᠠᠨ ᠥᠪᠥᠷ ᠮᠣᠩᠭᠤᠯ ᠤᠨ ᠴᠡᠷᠢᠭ ᠦᠨ ᠲᠣᠭᠤᠷᠢᠭ ᠤᠨ ᠰᠸᠯᠢᠩᠪᠦ᠋ ᠶ᠋ᠢᠨ ᠠᠯᠪᠠᠨ ᠵᠠᠷ ᠨᠡᠶᠢᠲᠡᠯᠡᠵᠦ ᠂ 11 ᠵᠦᠶᠯ ᠦᠨ ᠲᠥᠷᠦ ᠶ᠋ᠢᠨ ᠪᠣᠳᠤᠯᠭ᠎ᠠ ᠶ᠋ᠢᠨ ᠠᠭᠤᠯᠭ᠎ᠠ ᠶ᠋ᠢᠨ ᠲᠤᠬᠠᠶ ᠂ ᠴᠠᠬᠠᠷ ᠠᠶᠢᠮᠠᠭ ᠤᠨ ᠡᠯ᠎ᠡ ᠬᠣᠰᠢᠭᠤ ᠲᠥᠷᠦ ᠶ᠋ᠢᠨ ᠪᠣᠳᠤᠯᠭ᠎ᠠ ᠶ᠋ᠢ ᠲᠣᠭᠲᠠᠭᠠᠵᠤ ᠪᠣᠯᠤᠨ᠎ᠠ ᠃
10 ᠰᠠᠷ᠎ᠠ ᠶ᠋ᠢᠨ27 ᠤ ᠡᠳᠦᠷ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠱᠠᠨ ᠰᠢ ᠴᠠᠬᠠᠷ ᠡᠾᠸᠪᠸᠢ ᠶ᠋ᠢᠨ ᠲᠥᠪ ᠦᠨ ᠲᠣᠪᠴᠢᠶ᠎ᠠ ᠨᠠᠮ ᠤᠨ ᠲᠥᠪ ᠬᠣᠷᠢᠶᠠᠨ ᠳ᠋ᠤ ᠨᠠᠷᠢᠨ ᠲᠣᠳᠣᠷᠬᠠᠶ ᠮᠡᠳᠡᠭᠦᠯᠵᠦ ᠥᠷᠨᠢᠭᠦᠯᠵᠦ ᠂ ᠰᠢᠯᠢ ᠶ᠋ᠢᠨ ᠭᠣᠣᠯ ᠴᠠᠬᠠᠷ ᠠᠶᠢᠮᠠᠭ ᠤᠨ ᠠᠵᠢᠯᠯᠠᠬᠤ ᠪᠠ ᠰᠢᠶᠳᠪᠦᠷᠢᠯᠡᠬᠦ ᠬᠡᠷᠡᠭᠲᠡᠶ 》 ᠂ ᠥᠪᠥᠷ ᠮᠣᠩᠭᠤᠯ ᠤᠨ ᠠᠷᠠᠳ ᠤᠨ ᠪᠥᠬᠥᠳᠡ ᠨᠠᠶᠢᠷᠠᠮᠳᠠᠬᠤ ᠤᠯᠤᠰ ᠤᠨ ᠲᠦᠷ ᠴᠠᠭ ᠤᠨ ᠵᠠᠰᠠᠭ ᠤᠨ ᠣᠷᠳᠣᠨ 》 ᠪᠠᠶᠢᠳᠠᠯ ᠢ ᠵᠢᠭᠠᠵᠤ ᠪᠠᠶᠢᠨ᠎ᠠ ᠃ 11 ᠰᠠᠷ᠎ᠠ ᠶ᠋ᠢᠨ 8 ᠤ ᠡᠳᠦᠷ ᠪᠣᠯᠤᠨ 9 ᠤ ᠡᠳᠦᠷ ᠂ ᠱᠠᠨ ᠰᠢ ᠴᠠᠬᠠᠷ ᠡᠾᠸᠪᠸᠢ ᠶ᠋ᠢᠨ ᠲᠥᠪ ᠦᠨ ᠲᠣᠪᠴᠢᠶ᠎ᠠ ᠲᠥᠪ ᠬᠣᠷᠢᠶ᠎ᠠ ᠬᠣᠶᠠᠷ ᠤᠳᠠᠭ᠎ᠠ ᠴᠠᠬᠢᠯᠭᠠᠨ ᠮᠡᠳᠡᠭᠡ ᠶᠠᠪᠤᠭᠤᠯᠵᠤ ᠂ ᠢᠩᠭᠢᠭᠡᠳ ᠤᠯᠠᠭᠠᠨᠬᠦᠦ ᠶ᠋ᠢᠨ ᠰᠠᠨᠠᠯ ᠢ ᠳᠤᠷᠠᠳᠪᠠ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠪᠣᠯ ᠨᠢᠭᠡᠨ ᠤᠯᠠᠨ ᠲᠦᠮᠡᠨ ᠤ ᠪᠦᠯᠬᠦᠮ ᠂ ᠪᠠᠰᠠ 《 ᠪᠠᠶᠢᠭᠤᠯᠭ᠎ᠠ ᠶ᠋ᠢᠨᠰᠢᠨᠵᠢ ᠴᠢᠨᠠᠷ 》 ᠪᠦᠬᠦᠢ ᠵᠠᠰᠠᠭ ᠤᠨ ᠣᠷᠳᠣᠨ ᠤ ᠵᠥᠪᠯᠡᠯᠭᠡ ᠥᠭᠬᠦ ᠂ ᠲᠡᠭᠦᠨ ᠤ《ᠡᠯ᠎ᠡ ᠠᠶᠢᠮᠠᠭ ᠬᠣᠰᠢᠭᠤ ᠪᠦᠯᠬᠦᠮᠳᠡᠨ ᠸᠠᠩ ᠭᠦᠩ ᠂ ᠯᠠᠮᠠ ᠪᠣᠯᠤᠨ ᠰᠡᠬᠡᠭᠡᠲᠡᠨ ᠂ ᠬᠣᠵᠢᠮ ᠪᠠᠶᠢᠭᠤᠯᠤᠭᠳᠠᠭᠰᠠᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ 》 ᠭᠡᠵᠦ ᠵᠠᠰᠠᠪᠠ ᠃ 11 ᠰᠠᠷ᠎ᠠ ᠶ᠋ᠢᠨ10 ᠤ ᠡᠳᠦᠷ ᠂ ᠨᠠᠮ ᠤᠨ ᠲᠥᠪ ᠬᠣᠷᠢᠶᠠᠨ ᠤ ᠱᠠᠨ ᠰᠢ ᠴᠠᠬᠠᠷ ᠡᠾᠸᠪᠸᠢ ᠶ᠋ᠢᠨ ᠲᠥᠪ ᠦᠨ ᠲᠣᠪᠴᠢᠶ᠎ᠠ ᠬᠠᠷᠢᠭᠤ ᠴᠠᠬᠢᠯᠭᠠᠨ ᠮᠡᠳᠡᠭᠡ ᠢᠯᠡᠭᠡᠪᠡ ᠄ 《 ᠥᠪᠥᠷ ᠮᠣᠩᠭᠤᠯ ᠤᠨ ᠠᠵᠢᠯ ᠤᠨ ᠲᠤᠬᠠᠶ ᠂ ᠲᠠ ᠨᠠᠷ ᠤᠷᠢᠳᠠᠪᠠᠷ ᠪᠠᠶᠢᠭᠤᠯᠤᠭᠳᠠᠭᠰᠠᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠤᠨ ᠵᠥᠪᠰᠢᠶᠡᠷᠡᠯ ᠢ ᠤᠯᠬᠤ ᠬᠡᠷᠡᠭᠲᠡᠶ ᠂ ᠬᠥᠲᠥᠯᠪᠦᠷᠢ ᠨᠡᠶᠢᠲᠡᠯᠡᠵᠦ ᠂ ᠥᠷᠭᠡᠨ ᠣᠯᠠᠨ ᠮᠣᠩᠭᠣᠯ ᠂ ᠬᠣᠵᠢᠮ ᠥᠪᠥᠷ ᠮᠣᠩᠭᠤᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠪᠠᠶᠢᠭᠤᠯᠬᠤ ᠴᠢᠭᠯᠡᠯᠲᠡ ᠂ ᠣᠳᠣᠬᠠᠨ ᠳ᠋ᠤ ᠡᠯ᠎ᠡ ᠮᠤᠵᠢ ᠣᠷᠤᠨ ᠳ᠋ᠤ ᠮᠣᠩᠭᠣᠯ ᠠᠷᠠᠳ ᠣᠷᠣᠨ ᠨᠤᠲᠤᠭ ᠤᠨ ᠴᠢᠨᠠᠷᠲᠠᠶ ᠥᠪᠡᠷᠲᠡᠭᠡᠨ ᠵᠠᠰᠠᠬᠤ ᠵᠠᠰᠠᠭ ᠤᠨ ᠣᠷᠳᠣᠨ ᠪᠠᠶᠢᠭᠤᠯᠤᠭᠳᠠᠬᠤ ᠪᠣᠯᠤᠨ᠎ᠠ ᠂ ᠲᠤᠰ ᠪᠦᠷᠢ ᠰᠦᠢᠶᠤᠸᠠᠨ ᠂ ᠴᠠᠬᠠᠷ ᠂ ᠿᠸᠾᠸ ᠮᠣᠵᠢ ᠶ᠋ᠢᠨ ᠵᠠᠰᠠᠭ ᠤᠨ ᠣᠷᠳᠣᠨ ᠤᠳᠤᠷᠢᠳᠬᠤ ᠬᠡᠷᠡᠭᠲᠡᠶ 》 ᠭᠡᠵᠦ ᠵᠠᠰᠠᠪᠠ ᠃ 11 ᠰᠠᠷ᠎ᠠ ᠶ᠋ᠢᠨ 23 ᠤ ᠡᠳᠦᠷ ᠂ ᠱᠠᠨ ᠰᠢ ᠴᠠᠬᠠᠷ ᠡᠾᠸᠪᠸᠢ ᠶ᠋ᠢᠨ ᠲᠥᠪ ᠦᠨ ᠲᠣᠪᠴᠢᠶ᠎ᠠ 《 ᠣᠳᠣ ᠪᠣᠯ ᠥᠪᠥᠷ ᠮᠣᠩᠭᠤᠯ ᠤᠨ ᠲᠥᠷᠥ ᠶᠢᠨ ᠪᠣᠳᠤᠯᠭ᠎ᠠ ᠶ᠋ᠢᠨ ᠬᠡᠳᠦᠨ ᠭᠣᠣᠯ ᠠᠭᠤᠯᠭ᠎ᠠ 》 ᠄ ᠨᠢᠭᠡ ᠳ᠋ᠦ ᠂ ᠵᠠᠰᠠᠭ ᠤᠨ ᠡᠷᠬᠡ ᠶ᠋ᠢ ᠪᠠᠶᠢᠭᠤᠯᠵᠤ ᠂ ᠣᠷᠣᠨ ᠪᠦᠰᠡ ᠶ᠋ᠢᠨ ᠴᠢᠨᠠᠷᠲᠠᠶ ᠥᠪᠡᠷᠲᠡᠭᠡᠨ ᠵᠠᠰᠠᠬᠤ ᠡᠯ᠎ᠡ ᠠᠶᠢᠮᠠᠭ ᠬᠤᠰᠢᠭᠤ ᠶ᠋ᠢ ᠪᠠᠶᠢᠭᠤᠯᠵᠤ ᠂ ᠥᠪᠡᠷᠲᠡᠭᠡᠨ ᠵᠠᠰᠠᠬᠤ ᠡᠷᠬᠡ ᠶ᠋ᠢ ᠪᠠᠭᠲᠠᠭᠠᠭᠰᠠᠨ ᠡᠯ᠎ᠡ ᠳᠠᠪᠬᠤᠷᠭ᠎ᠠ ᠂ ᠰᠣᠩᠭᠣᠭᠰᠠᠨ ᠪᠥᠭᠡᠳ ᠡᠯ᠎ᠡ ᠮᠣᠵᠢ ᠶ᠋ᠢᠨ ᠵᠠᠰᠠᠭ ᠤᠨ ᠣᠷᠳᠣᠨ ᠤ ᠲᠥᠯᠦᠭᠡᠯᠡᠭᠴᠢ ᠶ᠋ᠢ ᠣᠷᠣᠯᠴᠠᠭᠤᠯᠬᠤ ᠬᠡᠷᠡᠭᠲᠡᠶ ᠂ ᠦᠨᠳᠦᠰᠦᠲᠡᠨ ᠤ ᠥᠪᠡᠷᠲᠡᠭᠡᠨ ᠰᠢᠶᠳᠪᠦᠷᠢᠯᠡᠬᠦ ᠂ ᠡᠷᠬᠡ ᠴᠢᠯᠥᠭᠡ ᠡᠷᠬᠡ ᠲᠡᠭᠰᠢ ᠬᠣᠯᠪᠤᠭ᠎ᠠ ᠶ᠋ᠢᠨ ᠵᠠᠷᠴᠢᠮ ᠤᠨ ᠳᠣᠣᠷ᠎ᠠ ᠬᠦᠯᠢᠶᠡᠵᠦ ᠂ ᠡᠯ᠎ᠡ ᠮᠣᠵᠢ ᠶ᠋ᠢᠨ ᠵᠠᠰᠠᠭ ᠤᠨ ᠣᠷᠳᠤᠨ ᠢ ᠤᠳᠤᠷᠢᠳᠬᠤ ᠬᠡᠷᠡᠭᠲᠡᠢ ᠃ᠡᠯ᠎ᠡ ᠮᠣᠵᠢ ᠶ᠋ᠢᠨ ᠵᠠᠰᠠᠭ ᠤᠨ ᠣᠷᠳᠣᠨ ᠤ ᠬᠠᠪᠰᠤᠷᠤᠯᠭ᠎ᠠ ᠪᠠ ᠥᠭᠡᠷᠡᠴᠢᠯᠡᠨ ᠵᠠᠰᠠᠵᠤ ᠂ ᠡᠯ᠎ᠡ ᠠᠶᠢᠮᠠᠭ ᠬᠣᠰᠢᠭᠤ ᠵᠠᠰᠠᠭ ᠂ ᠠᠵᠤ ᠠᠬᠤᠶ ᠪᠠ ᠰᠣᠶᠤᠯ ᠤᠨ ᠂ ᠮᠣᠩᠭᠣᠯ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠂ ᠥᠪᠥᠷ ᠮᠣᠩᠭᠤᠯ ᠤᠨ ᠨᠢᠭᠡᠳᠦᠯᠲᠡᠶ ᠥᠪᠡᠷᠲᠡᠭᠡᠨ ᠵᠠᠰᠠᠬᠤ ᠵᠠᠰᠠᠭ ᠤᠨ ᠣᠷᠳᠤᠨ ᠢ ᠪᠠᠶᠢᠭᠤᠯᠬᠤ ᠬᠡᠷᠡᠭᠲᠡᠶ ᠃ ᠬᠣᠶᠠᠷ ᠲᠤ ᠂ ᠤᠯᠠᠨ ᠲᠦᠮᠡᠨᠴᠢ ᠬᠥᠳᠡᠯᠭᠡᠭᠡᠨ ᠄ ᠥᠪᠥᠷ ᠮᠣᠩᠭᠤᠯ ᠤᠨ ᠡᠯ᠎ᠡ ᠳᠠᠪᠬᠤᠷᠭ᠎ᠠ ᠶ᠋ᠢᠨ ᠠᠷᠠᠳ ᠲᠦᠮᠡᠨ ᠢ ᠲᠠᠢᠢᠴᠢᠯᠠᠨ ᠵᠣᠬᠢᠶᠠᠨ ᠪᠠᠶᠢᠭᠤᠯᠵᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠂ ᠲᠡᠷᠡ ᠪᠣᠯ ᠤᠯᠠᠨ ᠲᠦᠮᠡᠨᠴᠢ ᠬᠥᠳᠡᠯᠭᠡᠭᠡᠨ ᠤ ᠨᠢᠭᠡᠳᠦᠯᠲᠡᠶ ᠤᠳᠤᠷᠢᠳᠬᠤ ᠪᠠᠶᠢᠭᠤᠯᠭ᠎ᠠ ᠪᠣᠯᠬᠤ ᠶᠤᠮ ᠂ ᠣᠳᠣ ᠶ᠋ᠢᠨ ᠡᠭᠦᠷᠭᠡ ᠪᠣᠯ ᠤᠯᠠᠨ ᠲᠦᠮᠡᠨ ᠢ ᠲᠠᠢᠢᠴᠢᠯᠠᠨ ᠂ ᠡᠯ᠎ᠡ ᠬᠣᠰᠢᠭᠤ ᠴᠢᠭᠤᠯᠭᠠᠨ ᠤ ᠵᠠᠰᠠᠭ ᠪᠠᠶᠢᠭᠤᠯᠬᠤ ᠪᠠ ᠥᠭᠡᠷᠡᠴᠢᠯᠡᠬᠦ ᠂ ᠡᠭᠦᠰᠭᠡᠨ ᠪᠠᠶᠢᠭᠤᠯᠤᠭᠰᠠᠨ ᠡᠯ᠎ᠡ ᠵᠦᠢᠯ ᠦᠨ ᠠᠷᠠᠳ ᠲᠦᠮᠡᠨ ᠳ᠋ᠦ ᠦᠢᠯᠡᠴᠢᠯᠡᠬᠦ ᠠᠰᠠᠷᠠᠮᠵᠢ ᠶ᠋ᠢᠨ ᠶᠠᠪᠤᠳᠠᠯ ᠮᠥᠨ ᠃ ᠢᠷᠡᠭᠡᠳᠦᠢ ᠶ᠋ᠢᠨ ᠬᠣᠯᠪᠣᠭᠠᠨ ᠤ ᠰᠠᠭᠤᠷᠢ ᠳᠡᠭᠡᠷ᠎ᠡ ᠪᠠᠶᠢᠭᠤᠯᠤᠭᠰᠠᠨ ᠥᠪᠥᠷ ᠮᠣᠩᠭᠣᠯ ᠨᠢᠭᠡᠳᠦᠯᠲᠡᠶ ᠥᠪᠡᠷᠲᠡᠭᠡᠨ ᠵᠠᠰᠠᠬᠤ ᠵᠠᠰᠠᠭ ᠤᠨ ᠣᠷᠳᠤᠨ ᠢ ᠪᠠᠶᠢᠭᠤᠯᠬᠤ ᠬᠡᠷᠡᠭᠲᠡᠶ ᠃ ᠭᠤᠷᠪᠠ ᠳ᠋ᠤ ᠂ ᠥᠪᠥᠷ ᠮᠣᠩᠭᠤᠯ ᠤᠨ ᠠᠷᠠᠳ ᠤᠨ ᠥᠪᠡᠷ ᠢ ᠪᠡᠨ ᠬᠠᠮᠠᠭᠠᠯᠠᠬᠤ ᠴᠡᠷᠢᠭ ᠢᠪᠡᠯᠡᠳᠬᠡᠨ ᠪᠠᠶᠢᠭᠤᠯᠬᠤ ᠂ ᠰᠡᠷᠭᠦᠭᠡᠬᠦ ᠪᠠ ᠣᠷᠣᠨ ᠲᠣᠭ᠎ᠠ ᠶ᠋ᠢ ᠠᠶᠢᠮᠠᠭ ᠬᠣᠰᠢᠭᠤᠨ ᠤ ᠠᠮᠤᠷ ᠢ ᠬᠠᠮᠠᠭᠠᠯᠠᠬᠤ ᠠᠩᠭᠢ ᠂ ᠡᠷᠦᠬᠡ ᠶ᠋ᠢᠨ ᠴᠡᠷᠢᠭ ᠂ ᠬᠠᠭᠤᠴᠢᠨ ᠴᠡᠷᠢᠭ ᠢ ᠥᠭᠡᠷᠡᠴᠢᠯᠡᠬᠦ ᠪᠠ ᠴᠡᠷᠢᠭ ᠦᠨ ᠶᠠᠪᠤᠳᠠᠯ ᠤᠨ ᠺᠠᠳ᠋ᠷ ᠢ ᠬᠥᠮᠦᠵᠢᠭᠦᠯᠦᠨ᠎ᠡ᠃ ᠨᠠᠮ ᠤᠨ ᠲᠥᠪ ᠬᠣᠷᠢᠶ᠎ᠠ ᠪᠠ ᠱᠠᠨ ᠰᠢ ᠴᠠᠬᠠᠷ ᠡᠾᠸᠪᠸᠢ ᠶ᠋ᠢᠨ ᠲᠥᠪ ᠦᠨ ᠲᠣᠪᠴᠢᠶ᠎ᠠ ᠨᠢ ᠢᠳᠡᠪᠬᠢᠲᠡᠶ ᠲᠡᠮᠵᠢᠵᠤ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠂ ᠤᠢᠯᠦ ᠪᠠᠷᠠᠨ ᠪᠠᠰᠠ ᠬᠣᠯᠪᠣᠭᠠᠲᠤ ᠬᠤᠷᠠᠯ ᠤᠨ ᠦᠨᠳᠦᠰᠦᠨ ᠴᠢᠭᠯᠡᠯᠲᠡ ᠪᠣᠯᠤᠨ ᠡᠯ᠎ᠡ ᠵᠦᠢᠯ ᠦᠨ ᠪᠣᠳᠠᠲᠠᠶ ᠲᠥᠷᠦ ᠶ᠋ᠢᠨ ᠪᠣᠳᠤᠯᠭ᠎ᠠ ᠶ᠋ᠢ ᠲᠣᠭᠲᠠᠭᠠᠵᠤ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠤᠨ ᠪᠠᠶᠢᠭᠤᠯᠤᠭᠳᠠᠭᠰᠠᠨ ᠰᠠᠢᠢᠨ ᠨᠥᠭᠦᠴᠡᠯ ᠢ ᠪᠦᠷᠢᠯᠳᠦᠭᠦᠯᠵᠦ ᠥᠭᠴᠡᠶ ᠃
ᠬᠣᠶᠠᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠪᠠᠶᠢᠭᠤᠯᠤᠭᠳᠠᠭᠰᠠᠨ
ᠳᠤᠮᠳᠠᠳᠤ ᠤᠯᠤᠰ ᠤᠨ ᠡᠪ ᠬᠠᠮᠲᠤ ᠨᠠᠮ ᠤᠨ ᠱᠠᠨ ᠰᠢ ᠴᠠᠬᠠᠷ ᠾᠸᠪᠸᠢ ᠵᠢᠨ ᠲᠥᠪ ᠦᠨ ᠲᠣᠪᠴᠢᠶᠠᠨ ᠤ ᠰᠢᠭᠤᠳ ᠤᠳᠤᠷᠢᠳᠤᠯᠭ᠎ᠠ ᠳᠣᠣᠷ᠎ᠠ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠤᠨ ᠺᠣᠮᠢᠰ ᠡᠴᠠ ᠴᠢᠭᠤᠯᠤᠯᠲᠤ ᠬᠠᠭᠠᠯᠭ᠎ᠠ ᠬᠣᠲᠠᠨ᠎ᠠ ᠪᠠᠢ᠌ᠭᠤᠯᠤᠭᠳᠠᠪᠠ ᠂ ᠤᠯᠠᠭᠠᠨᠬᠦᠦ ᠶ᠋ᠢ ᠪᠡᠯᠡᠳᠬᠡᠯ ᠺᠣᠮᠢᠰ ᠤᠨ ᠲᠡᠷᠢᠭᠦᠯᠡᠭᠴᠢ ᠪᠡᠷ ᠰᠤᠩᠭᠤᠪᠠ᠃ ᠪᠡᠯᠡᠳᠬᠡᠯ ᠺᠣᠮᠢᠰ ᠨᠢ ᠳᠣᠣᠷ᠎ᠠ ᠪᠠᠨ ᠨᠠᠷᠢᠨ ᠪᠢᠴᠢᠭ ᠦᠨ ᠭᠠᠵᠠᠷ ᠬᠢᠭᠡᠳ ᠶᠡᠷᠦᠩᠬᠡᠶ ᠶᠠᠪᠤᠳᠠᠯ ᠤᠨ ᠭᠠᠵᠠᠷ ᠂ ᠶᠡᠬᠡ ᠬᠤᠷᠠᠯ ᠤᠨ ᠪᠡᠯᠡᠳᠬᠡᠯ ᠠᠵᠢᠯ ᠬᠡᠷᠡᠭ ᠢ ᠪᠣᠳᠠᠲᠠᠶ ᠬᠠᠷᠢᠭᠤᠴᠠᠭᠤᠯᠬᠤ ᠬᠡᠷᠡᠭᠲᠡᠶ ᠃ ᠡᠯ᠎ᠡ ᠬᠣᠰᠢᠭᠤ ᠴᠢᠭᠤᠯᠭᠠᠨ ᠤ ᠲᠥᠯᠥᠭᠡᠯᠡᠭᠴᠢ ᠵᠠᠯᠭᠠᠭ᠎ᠠ ᠪᠠᠷ ᠢᠷᠡᠵᠤ ᠶᠠᠷᠢᠯᠴᠠᠵᠤ ᠂ ᠴᠢᠭᠤᠯᠤᠯᠳᠦ ᠬᠠᠭᠠᠯᠭ᠎ᠠ ᠳ᠋ᠦ ᠣᠴᠢᠵᠤ ᠨᠡᠷ᠎ᠡ ᠪᠡᠨ ᠮᠡᠳᠡᠭᠦᠯᠬᠦ ᠬᠡᠷᠡᠭᠲᠡᠶ ᠮᠥᠷᠲᠡᠭᠡᠨ ᠡᠯ᠎ᠡ ᠵᠦᠢᠯ ᠦᠨ ᠰᠠᠨᠠᠯ ᠵᠥᠪᠯᠡᠯᠭᠡ ᠂ ᠪᠡᠯᠡᠳᠬᠡᠯ ᠺᠣᠮᠢᠰ ᠪᠠᠰᠠ 15 ᠤ ᠡᠳᠦᠷ ᠪᠠᠶᠢᠭᠤᠯᠤᠭᠳᠠᠭᠰᠠᠨ ᠲᠥᠯᠦᠭᠡᠯᠡᠭᠴᠢᠳ ᠦᠨ ᠬᠢᠷᠢ ᠬᠡᠮ ᠢ ᠬᠢᠨᠠᠨ ᠪᠠᠶᠢᠴᠠᠭᠠᠬᠤ ᠺᠣᠮᠢᠰ ᠪᠣᠯᠤᠨ ᠰᠠᠨᠠᠯ ᠵᠥᠪᠯᠡᠯᠭᠡ ᠶ᠋ᠢ ᠬᠢᠨᠠᠨ ᠪᠠᠶᠢᠴᠠᠭᠠᠬᠤ ᠺᠣᠮᠢᠰ ᠶ᠋ᠢ ᠵᠣᠬᠢᠶᠠᠨ ᠪᠠᠶᠢᠭᠤᠯᠪᠠ ᠃ ᠶᠡᠬᠡ ᠬᠤᠷᠠᠯ ᠤᠨ ᠲᠥᠯᠦᠭᠡᠯᠡᠭᠴᠢ ᠶ᠋ᠢᠨ ᠬᠢᠷᠢ ᠬᠡᠮ ᠢ《 ᠨᠢᠭᠡ ᠳ᠋ᠦ᠂ ᠥᠪᠥᠷ ᠮᠣᠩᠭᠤᠯᠴᠤᠳ ᠤᠨ ᠳᠤᠮᠳᠠ ᠨᠡᠷ᠎ᠡ ᠬᠥᠨᠳᠦ ᠲᠠᠢ ᠪᠠᠶᠢᠬᠤ ᠬᠡᠷᠡᠭᠲᠡᠢ ᠃ ᠬᠣᠶᠠᠷ ᠲᠦ ᠂ ᠥᠪᠥᠷ ᠮᠣᠩᠭᠤᠯ ᠤᠨ ᠴᠢᠯᠦᠭᠡᠯᠡᠯᠲᠡ ᠶ᠋ᠢᠨ ᠬᠥᠳᠡᠯᠭᠡᠭᠡᠨ ᠳ᠋ᠤ ᠦᠵᠡᠭᠦᠯᠬᠦ ᠬᠤᠪᠢ ᠨᠡᠮᠡᠷᠢ ᠦᠵᠡᠭᠦᠯᠦᠭᠰᠡᠨ ᠪᠠᠶᠢᠬᠤ ᠬᠡᠷᠡᠭᠲᠡᠢ ᠃ ᠭᠤᠷᠪᠠ ᠳ᠋ᠦ ᠂ ᠶᠠᠫᠤᠨ ᠢ ᠡᠰᠡᠷᠭᠦᠴᠡᠬᠦ ᠳᠠᠢᠢᠨ ᠳ᠋ᠦ ᠣᠷᠣᠯᠴᠠᠵᠤ ᠥᠩᠭᠡᠷᠡᠭᠰᠡᠨ ᠪᠠᠶᠢᠬᠤ ᠬᠡᠷᠡᠭᠲᠡᠢ 》 ᠵᠡᠷᠭᠡ ᠨᠥᠭᠦᠴᠡᠯ ᠢ ᠦᠨᠳᠦᠰᠦᠯᠡᠵᠦ ᠬᠢᠨᠠᠨ ᠪᠠᠶᠢᠴᠠᠭᠠᠬᠤ ᠬᠡᠷᠡᠭᠲᠡᠶ ᠃ 21 ᠤ ᠡᠳᠦᠷ ᠂ ᠪᠡᠯᠡᠳᠬᠡᠯ ᠺᠣᠮᠢᠰ ᠨᠢ ᠪᠠᠰᠠ ᠶᠡᠬᠡ ᠬᠤᠷᠠᠯ ᠳ᠋ᠤ ᠣᠷᠣᠯᠴᠠᠭᠰᠠᠨ ᠲᠥᠯᠥᠭᠡᠯᠡᠭᠴᠢ ᠡᠳᠦᠶ ᠲᠡᠳᠦᠶ ᠳᠤᠭᠤᠶᠢᠯᠠᠩ ᠪᠣᠯᠭᠠᠨ ᠂ ᠬᠠᠷᠢᠯᠴᠠᠨ ᠰᠤᠳᠤᠯᠵᠤ ᠂ ᠰᠠᠨᠠᠯ ᠵᠥᠪᠯᠡᠯᠭᠡ ᠵᠢᠴᠢ ᠶᠠᠷᠢᠯᠴᠠᠭᠰᠠᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠤᠨ ᠳᠥᠷᠢᠮ ᠦᠨᠲᠥᠰᠦᠯ ᠪᠣᠯᠤᠨ᠎ᠠ ᠃ 25 ᠤ ᠡᠳᠦᠷ ᠬᠤᠷᠠᠯᠳᠤᠭᠤᠯᠤᠭᠰᠠᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠪᠠᠶᠢᠭᠤᠯᠤᠭᠳᠠᠬᠤ ᠶᠡᠬᠡ ᠬᠤᠷᠠᠯ ᠪᠡᠯᠡᠳᠬᠡᠯ ᠬᠤᠷᠠᠯ ᠬᠢᠪᠡ ᠃ ᠪᠡᠯᠡᠳᠬᠡᠯ ᠺᠣᠮᠢᠰ ᠤᠨ ᠲᠡᠷᠢᠭᠦᠯᠡᠭᠴᠢ ᠤᠯᠠᠭᠠᠨᠬᠦᠦ ᠲᠣᠳᠣᠷᠬᠠᠶᠢᠯᠠᠬᠤ ᠪᠡᠯᠡᠳᠬᠡᠯ ᠬᠤᠷᠠᠯᠳᠤᠭᠠᠨ ᠢ ᠬᠤᠷᠠᠯᠳᠤᠭᠤᠯᠵᠤ ᠠᠴᠢ ᠬᠣᠯᠪᠣᠭᠳᠠᠯ ᠲᠠᠶ ᠪᠥᠭᠡᠳ ᠬᠤᠷᠠᠯ ᠤᠨ ᠪᠡᠯᠡᠳᠬᠡᠯ ᠬᠢᠭᠰᠡᠨ ᠶᠠᠪᠤᠴᠠ ᠶ᠋ᠢᠨ ᠲᠤᠬᠠᠶ ᠶᠡᠬᠡ ᠬᠤᠷᠠᠯ ᠳ᠋ᠦ ᠮᠡᠳᠡᠭᠦᠯᠬᠦ ᠬᠡᠷᠡᠭᠲᠡᠶ ᠃ ᠪᠡᠯᠡᠳᠬᠡᠯ ᠬᠤᠷᠠᠯ ᠤᠨ ᠰᠣᠩᠭᠣᠭᠤᠯᠢ ᠳ᠋ᠤ ᠤᠯᠠᠭᠠᠨᠬᠦᠦ ᠂ ᠺᠦᠢ ᠪᠢ ᠂ ᠤᠯᠠᠭᠠᠨ ᠂ ᠰᠦ ᠵᠢᠶᠠᠨ ᠰᠢᠶᠤᠤ ᠂ ᠬᠦᠰᠡᠬᠦᠶ ᠵᠡᠷᠭᠡ 9 ᠬᠥᠮᠦᠨ ᠶᠡᠬᠡ ᠬᠤᠷᠠᠯ ᠤᠨ ᠲᠡᠷᠢᠭᠦᠯᠡᠭᠴᠢᠳ ᠦᠨ ᠪᠥᠯᠬᠦᠮ ᠦᠨ ᠪᠦᠷᠢᠯᠳᠦᠬᠦᠨ ᠲᠡᠶ ᠪᠠᠲᠤᠯᠠᠭᠰᠠᠨ ᠤ ᠬᠠᠮᠲᠤ ᠶᠡᠬᠡ ᠬᠤᠷᠠᠯ ᠤᠨ ᠬᠡᠷᠡᠭ ᠵᠥᠪᠯᠡᠬᠦ ᠳᠦᠷᠢᠮ ᠂ ᠬᠤᠷᠠᠯ ᠤᠨ ᠲᠦᠷᠢᠮ ᠪᠣᠯᠤᠨ ᠰᠤᠩᠭᠠᠭᠤᠯᠢ ᠶ᠋ᠢᠨ ᠬᠠᠤᠯᠢ ᠶ᠋ᠢ ᠥᠩᠭᠡᠷᠡᠪᠡ᠃
1945 ᠣᠨ ᠤ11 ᠰᠠᠷ᠎ᠠ ᠶ᠋ᠢᠨ26 ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠪᠠᠶᠢᠭᠤᠯᠤᠭᠳᠠᠬᠤ ᠶᠡᠬᠡ ᠬᠤᠷᠠᠯ ᠴᠢᠭᠤᠯᠤᠯᠲᠤ ᠬᠠᠭᠠᠯᠭ᠎ᠠ ᠬᠣᠲᠠ ᠶ᠋ᠢᠨᠬᠤᠯᠠ ᠳᠠᠭᠠᠨ ᠵᠤᠸᠠᠩ ᠶᠣᠰᠤᠯᠠᠯ ᠤᠨ ᠲᠢᠩᠬᠢᠮ ᠳ᠋ᠤ ᠦᠪᠳᠡᠭᠰᠢ ᠶᠡᠬᠡ ᠪᠡᠷ ᠬᠤᠷᠠᠯᠳᠤᠪᠠ ᠃ ᠲᠤᠬᠠᠢ ᠶ᠋ᠢᠨ ᠦᠶ᠎ᠡ ᠶ᠋ᠢᠨ ᠶᠡᠬᠡ ᠵᠤᠦ ᠂ ᠤᠯᠠᠭᠠᠨᠴᠠᠪ ᠂ ᠪᠠᠶᠠᠨᠲᠠᠯ᠎ᠠ ᠂ ᠰᠢᠯᠢ ᠶ᠋ᠢᠨ ᠭᠣᠣᠯ ᠂ ᠴᠠᠬᠠᠷ ᠂ ᠵᠤᠦ ᠤᠳᠠ ᠂ ᠵᠣᠰᠣᠲᠤ ᠂ ᠵᠡᠷᠭᠡ 8 ᠠᠶᠢᠮᠠᠭ ᠪᠣᠯᠤᠨ ᠠᠯᠠᠱᠠ ᠂ ᠡᠵᠡᠨ᠎ᠡ ᠂ ᠵᠡᠭᠦᠨ ᠪᠤᠳᠬ᠎ᠠ ᠂ ᠰᠣᠯᠣᠨ ᠵᠡᠷᠭᠡ 36 ᠬᠣᠰᠢᠭᠤᠨ ᠤ ᠲᠥᠯᠥᠭᠡᠯᠡᠭᠴᠢ ᠬᠢᠭᠡᠳ ᠬᠣᠯᠪᠣᠭᠳᠠᠯ ᠪᠦᠬᠦᠢ ᠴᠡᠷᠢᠭ ᠦᠨ ᠶᠠᠪᠤᠳᠠᠯ ᠤᠯᠤᠰ ᠲᠥᠷᠦ ᠶ᠋ᠢᠨ ᠪᠦᠯᠬᠦᠮ ᠪᠠ ᠰᠤᠷᠭᠠᠭᠤᠯᠢ ᠶ᠋ᠢᠨ ᠲᠥᠯᠥᠭᠡᠯᠡᠭᠴᠢ ᠨᠡᠢᠢᠲᠡ 79 ᠬᠥᠮᠦᠨ ᠶᠡᠬᠡ ᠬᠤᠷᠠᠯ ᠳ᠋ᠦ ᠣᠷᠣᠯᠴᠠᠵᠠᠶ ᠃ ᠬᠤᠷᠠᠯ ᠤᠨ ᠲᠠᠯᠠᠪᠠᠢ ᠲᠥᠪ ᠬᠢᠴᠢᠶᠡᠩᠭᠦᠶ ᠪᠠᠶᠢᠵᠤ ᠂ ᠭᠣᠣᠯ ᠳᠤᠮᠳᠠ ᠨᠢ ᠰᠦᠨ ᠵᠦᠩ ᠱᠠᠨ ᠠᠪᠤᠭᠠᠢ ᠶ᠋ᠢᠨ ᠬᠥᠷᠦᠭ ᠢ ᠡᠯᠭᠦᠵᠦ ᠂ ᠲᠡᠷᠢᠭᠦᠯᠡᠭᠴᠢ ᠮᠠᠤ ᠽᠸ ᠳ᠋ᠦᠩ ᠪᠣᠯᠤᠨ ᠮᠣᠩᠭᠤᠯ ᠤᠨ ᠠᠯᠳᠠᠷᠲᠤ ᠬᠤᠪᠢᠰᠬᠠᠯ ᠤᠨ ᠤᠳᠤᠷᠢᠳᠤᠭᠴᠢ ᠰᠦᠬᠡᠪᠠᠭᠠᠲᠤᠷ ᠤᠨ ᠲᠤᠮᠤ ᠵᠢᠷᠤᠮᠠᠯ ᠬᠦᠷᠦᠭ ᠢ ᠡᠯᠭᠦᠭᠰᠡᠨ ᠪᠠᠶᠢᠨ᠎ᠠ ᠃ ᠬᠤᠷᠠᠯ ᠤᠨ ᠲᠠᠯᠠᠪᠠᠢ ᠶ᠋ᠢᠨ ᠡᠷᠭᠢᠨ ᠲᠣᠭᠣᠷᠢᠨ ᠳ᠋ᠦ ᠤᠳᠠᠭ᠎ᠠ ᠡᠯᠭᠦᠭᠡ ᠡᠯ᠎ᠡ ᠠᠶᠢᠮᠠᠭ ᠬᠣᠰᠢᠭᠤ ᠪᠣᠯᠤᠨ ᠡᠯ᠎ᠡ ᠬᠣᠯᠪᠣᠭᠳᠠᠯ ᠪᠦᠬᠦᠢ ᠪᠠᠶᠢᠭᠤᠯᠭ᠎ᠠ ᠂ ᠪᠦᠯᠬᠦᠮ ᠬᠦᠷᠭᠡᠭᠰᠡᠨ ᠪᠠᠶᠠᠷ ᠤᠨ ᠵᠡᠡᠭᠰᠠ ᠂ ᠡᠭᠦᠨ ᠤ ᠳᠣᠲᠣᠷ᠎ᠠ ᠳᠤᠮᠳᠠᠳᠤ ᠤᠯᠤᠰ ᠤᠨ ᠡᠪ ᠬᠠᠮᠲᠤ ᠨᠠᠮ ᠤᠨ ᠱᠠᠨ ᠰᠢ ᠴᠠᠬᠠᠷ ᠾᠸᠪᠸᠢ ᠵᠢᠨ ᠲᠥᠪ ᠦᠨ ᠲᠣᠪᠴᠢᠶᠠᠨ ᠤ ᠪᠠᠶᠠᠷ ᠤᠨ ᠵᠡᠡᠭᠰᠠ ᠭᠡᠰᠡᠨ ᠪᠢᠴᠢᠭᠡᠰᠦ ᠪᠢᠴᠢᠵᠦ ᠥᠭᠭᠦᠭᠰᠡᠨ 《 ᠥᠪᠥᠷ ᠮᠣᠩᠭᠤᠯ ᠤᠨ ᠦᠨᠳᠦᠰᠦᠲᠡᠨ ᠤ ᠪᠦᠷᠢᠮᠦᠰᠦᠨ ᠴᠢᠯᠥᠭᠡᠯᠡᠯᠲᠡ ᠳ᠋ᠤ ᠬᠣᠰᠢᠭᠤᠴᠢ 》 ᠂ ᠱᠠᠨ ᠰᠢ ᠴᠠᠬᠠᠷ ᠡᠾᠸᠪᠸᠢ ᠶ᠋ᠢᠨ ᠬᠢᠵᠠᠭᠠᠷ ᠣᠷᠣᠨ ᠤ ᠵᠥᠪᠯᠡᠯᠭᠡᠨ ᠤ ᠬᠤᠷᠠᠯ ᠤᠨ ᠭᠡᠰᠡᠨ ᠪᠢᠴᠢᠭᠡᠰᠦ ᠪᠢᠴᠢᠵᠦ ᠥᠭᠭᠦᠭᠰᠡᠨ 《 ᠮᠣᠩᠭᠣᠯ ᠠᠷᠠᠳ ᠲᠦᠮᠡᠨ ᠤ ᠴᠢᠯᠦᠭᠡᠯᠡᠯᠲᠡ ᠶ᠋ᠢ ᠣᠯᠬᠤ ᠭᠡᠷᠡᠯᠲᠦ ᠴᠠᠮᠬᠠᠭ ᠮᠥᠨ 》 ᠃ ᠦᠳᠡ ᠶ᠋ᠢᠨ ᠡᠮᠦᠨᠡᠬᠢ 11 ᠴᠠᠭ ᠲᠤ ᠂ ᠶᠡᠬᠡ ᠬᠤᠷᠠᠯ ᠵᠢᠩᠬᠢᠨᠢ ᠪᠡᠷ ᠡᠬᠢᠯᠡᠪᠡ ᠃ ᠲᠥᠯᠥᠭᠡᠯᠡᠭᠴᠢᠳ ᠶᠠᠭᠤᠨ ᠤ ᠡᠮᠦᠨ᠎ᠡ ᠬᠤᠪᠢᠰᠬᠠᠯ ᠤᠨ ᠤᠳᠤᠷᠢᠳᠤᠭᠴᠢ ᠬᠥᠷᠥᠭ ᠵᠢᠷᠤᠭᠰᠠᠨ ᠨᠢ ᠪᠠᠶᠠᠷ ᠬᠦᠷᠭᠡᠶ᠎ᠡ ᠪᠥᠭᠡᠳ ᠪᠤᠢ ᠪᠦᠬᠦᠢ ᠦᠨᠳᠦᠰᠦᠲᠡᠨ ᠤ ᠴᠢᠯᠦᠭᠡᠯᠡᠯᠲᠡ ᠶ᠋ᠢᠨ ᠦᠢᠯᠡᠰ ᠦᠨ ᠲᠥᠯᠥᠭᠡ ᠠᠮᠢ ᠪᠡᠶ᠎ᠡ ᠪᠡᠨ ᠦᠷᠡᠭᠳᠡᠭᠦᠯᠦᠭᠰᠡᠨ ᠬᠤᠪᠢᠰᠬᠠᠯ ᠤᠨ ᠪᠠᠭᠠᠲᠤᠷᠴᠤᠳ ᠢ ᠭᠤᠷᠪᠠᠨ ᠮᠢᠨᠦ᠋ᠲ ᠨᠠᠮᠠᠨᠴᠢᠯᠠᠨ ᠭᠠᠰᠢᠭᠤᠳᠠᠪᠠ ᠃ ᠵᠠᠯᠭᠠᠭᠠᠳ ᠤᠯᠠᠭᠠᠨᠬᠦᠦ ᠲᠥᠯᠦᠭᠡᠯᠡᠭᠴᠢᠳ ᠦᠨ ᠶᠡᠬᠡ ᠬᠤᠷᠠᠯ ᠤᠨ ᠲᠡᠷᠢᠭᠦᠯᠡᠭᠴᠢᠳ ᠦᠨ ᠪᠥᠯᠬᠦᠮ ᠦᠨ ᠬᠤᠷᠠᠯ ᠡᠬᠢᠯᠡᠬᠦ ᠦᠭᠡ ᠬᠡᠯᠡᠵᠦ ᠂ ᠲᠡᠷᠡ ᠬᠡᠯᠡᠭᠰᠡᠨ ᠨᠢ ᠄ 《 ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠤᠨ ᠪᠠᠶᠢᠭᠤᠯᠤᠭᠳᠠᠭᠰᠠᠨ ᠨᠢ ᠥᠪᠥᠷ ᠮᠣᠩᠭᠤᠯ ᠤᠨ ᠲᠡᠦᠬᠡᠨ ᠳᠡᠭᠡᠷ᠎ᠡ ᠴᠦ ᠠᠭᠤᠤ ᠶᠡᠬᠡ ᠲᠡᠦᠬᠡᠲᠦ ᠠᠴᠢ ᠬᠣᠯᠪᠣᠭᠳᠠᠯ ᠪᠦᠬᠦᠢ ᠤᠯᠤᠰ ᠲᠥᠷᠦ ᠶ᠋ᠢᠨ ᠬᠡᠷᠡᠭ ᠪᠣᠯᠤᠨ᠎ᠠ ᠃ ᠥᠨᠥᠳᠦᠷ ᠦᠨ ᠥᠪᠥᠷ ᠮᠣᠩᠭᠣᠯ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠠᠯᠠᠭᠤᠨ ᠲᠤᠰᠠᠯᠠᠮᠵᠢ ᠶ᠋ᠢᠨ ᠳᠣᠣᠷ᠎ᠠ ᠂ ᠨᠢᠭᠡᠨᠲᠡ ᠡᠬᠢᠯᠡᠨ ᠡᠷᠬᠡ ᠴᠢᠯᠥᠭᠡ ᠪᠡᠨ ᠣᠯᠤᠭᠰᠠᠨ ᠪᠥᠭᠡᠳ ᠣᠳᠣ ᠶᠠᠭ ᠪᠦᠬᠦ ᠥᠪᠥᠷ ᠮᠣᠩᠭᠣᠯ ᠵᠦᠭ ᠤᠬᠤᠷᠢᠬᠤ ᠶ᠋ᠢ ᠨᠢ ᠣᠷᠣᠨ ᠨᠤᠲᠤᠭ ᠤᠨ ᠥᠪᠡᠷᠲᠡᠭᠡᠨ ᠵᠠᠰᠠᠬᠤ ᠶ᠋ᠢ ᠵᠦᠭ ᠲᠡᠪᠰᠢᠨ ᠠᠭᠢᠭᠰᠠᠨ ᠪᠠᠶᠢᠨ᠎ᠠ ᠂》 《 ᠥᠨᠥᠳᠦᠷ ᠥᠪᠥᠷ ᠮᠣᠩᠭᠤᠯ ᠤᠨ ᠦᠨᠳᠦᠰᠦᠲᠡᠨ ᠤ ᠭᠠᠭᠴᠠ ᠬᠦ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠶ᠋ᠢᠨ ᠳᠤᠤᠷ᠎ᠠ ᠂ ᠡᠯ᠎ᠡ ᠠᠷᠠᠳᠴᠢᠯᠠᠭᠰᠠᠨ ᠨᠠᠮ ᠪᠦᠯᠦᠭ ᠂ ᠠᠷᠠᠳᠴᠢᠯᠠᠭᠰᠠᠨ ᠬᠥᠮᠦᠰ ᠦᠨ ᠳᠡᠮᠵᠢᠯᠭᠡ ᠪᠡᠷ ᠰᠠᠶ᠋ᠢ ᠲᠤᠶᠢᠯᠪᠤᠷᠢᠲᠠᠶ ᠴᠢᠯᠦᠭᠡᠯᠡᠯᠲᠡ ᠶ᠋ᠢ ᠰᠠᠶ᠋ᠢ ᠲᠡᠭᠦᠨ ᠤ ᠭᠡᠷᠡᠯ ᠰᠠᠴᠤᠷᠠᠩᠭᠤᠶ ᠢᠷᠡᠭᠡᠳᠦᠶ ᠮᠦᠨ ᠃ 》 ᠲᠡᠷᠡ ᠶᠡᠬᠡ ᠬᠤᠷᠠᠯ ᠤᠨ ᠡᠯ᠎ᠡ ᠵᠦᠢᠯ ᠦᠨ ᠰᠢᠢᠳᠪᠦᠷᠢ ᠶ᠋ᠢ ᠬᠤᠷᠠᠯ ᠳ᠋ᠦ ᠣᠷᠣᠯᠴᠠᠭᠰᠠᠨ ᠲᠥᠯᠥᠭᠡᠯᠡᠭᠴᠢᠳ 》 ᠭᠡᠵᠦ ᠤᠷᠢᠶᠠᠯᠠᠭᠰᠠᠨ ᠠᠪᠴᠢᠷᠠᠭᠰᠠᠨ ᠡᠯ᠎ᠡ ᠠᠶᠢᠮᠠᠭ ᠬᠣᠰᠢᠭᠤ ᠂ ᠰᠤᠯᠠ ᠵᠠᠳᠠᠭᠠᠶ ᠂ ᠪᠠᠶᠢᠭ᠎ᠠ ᠮᠣᠩᠭᠣᠯ ᠠᠷᠠᠳ ᠲᠦᠮᠡᠨ ᠢ ᠵᠣᠬᠢᠶᠠᠨ ᠪᠠᠶᠢᠭᠤᠯᠬᠤ ᠂ ᠳᠠᠶᠢᠴᠢᠯᠠᠬᠤ ᠂ ᠲᠤᠶᠢᠯᠪᠤᠷᠢᠲᠠᠶ ᠪᠡᠶᠡᠯᠡᠭᠦᠯᠬᠦ ᠶ᠋ᠢᠨ ᠲᠥᠯᠥᠭᠡ ᠪᠦᠬᠦ ᠥᠪᠥᠷ ᠮᠣᠩᠭᠣᠯ ᠣᠷᠣᠨ ᠪᠠᠶᠢᠭᠤᠯᠬᠤ ᠪᠠᠷ ᠲᠡᠮᠡᠴᠡᠬᠦ ᠶᠠᠪᠤᠳᠠᠯ ᠪᠣᠯᠤᠨ᠎ᠠ ᠃ 》
ᠶᠡᠬᠡ ᠬᠤᠷᠠᠯ ᠳ᠋ᠦ ᠤᠷᠢᠯᠭ᠎ᠠ ᠪᠠᠷ ᠣᠷᠣᠯᠴᠠᠭᠰᠠᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠱᠠᠨ ᠰᠢ ᠴᠠᠬᠠᠷ ᠡᠾᠸᠪᠸᠢ ᠶ᠋ᠢᠨ ᠲᠥᠪ ᠦᠨ ᠲᠣᠪᠴᠢᠶ᠎ᠠ ᠂ ᠱᠠᠨ ᠰᠢ ᠴᠠᠬᠠᠷ ᠾᠧᠪᠧ ᠶ᠋ᠢᠨ ᠴᠡᠷᠢᠭ ᠦᠨ ᠲᠣᠭᠤᠷᠢᠭ ᠤᠨ ᠲᠥᠯᠥᠭᠡᠯᠡᠭᠴᠢ ᠯᠢᠦ ᠯᠠᠨ ᠲᠤᠤ ᠶᠠᠷᠢᠶᠠᠨ ᠳᠠᠭᠠᠨ ᠶᠡᠬᠡ ᠬᠤᠷᠠᠯ ᠤᠨ ᠢᠯᠠᠯᠲᠠ ᠲᠠᠶ ᠬᠤᠷᠠᠯᠳᠤᠭᠰᠠᠨ ᠳ᠋ᠤ ᠬᠠᠯᠠᠭᠤᠨ ᠪᠠᠶᠠᠷ ᠬᠦᠷᠭᠡᠵᠦ ᠪᠠᠶᠢᠨ᠎ᠠ ᠂ ᠲᠡᠭᠦᠨ ᠤ ᠥᠭᠰᠥᠨ ᠨᠡᠬᠡᠮᠵᠢᠯᠡᠬᠦ ᠮᠣᠩᠭᠣᠯ ᠦᠨᠳᠦᠰᠦᠲᠡᠨ ᠤ ᠤᠴᠠᠷᠠᠭᠰᠠᠨ ᠦᠨᠳᠦᠰᠦᠲᠡᠨ ᠤ ᠳᠠᠷᠤᠯᠠᠯ ᠪᠠ ᠦᠨᠳᠦᠰᠦᠲᠡᠨ ᠤ ᠴᠢᠯᠦᠭᠡᠯᠡᠯᠲᠡ ᠶ᠋ᠢᠨ ᠲᠡᠮᠡᠴᠡᠯ ᠦᠨ ᠲᠡᠦᠬᠡ ᠨᠢ ᠵᠣᠭᠰᠣᠭᠠᠭᠠᠳ ᠄ 《 ᠥᠪᠥᠷ ᠮᠣᠩᠭᠤᠯ ᠤᠨ ᠦᠨᠳᠦᠰᠦᠲᠡᠨ ᠤ ᠦᠨᠳᠦᠰᠦᠲᠡᠨ ᠢᠶ᠋ᠡᠨ ᠴᠢᠯᠥᠭᠡᠯᠡᠬᠦ ᠴᠣᠷ ᠤᠨ ᠭᠠᠭᠴᠠ ᠵᠠᠮ ᠮᠥᠨ ᠂ ᠭᠠᠭᠴᠠ ᠬᠦ ᠳᠤᠮᠳᠠᠳᠤ ᠤᠯᠤᠰ ᠤᠨ ᠡᠪ ᠬᠠᠮᠲᠤ ᠨᠠᠮ ᠂ ᠨᠠᠶᠮᠠᠳᠤᠭᠠᠷ ᠵᠠᠮ ᠤᠨ ᠴᠡᠷᠢᠭ ᠬᠢᠭᠡᠳ ᠠᠷᠠᠳᠴᠢᠯᠠᠭᠰᠠᠨ ᠳᠠᠪᠰᠢᠯᠲᠤ ᠬᠥᠮᠦᠰ ᠲᠠᠢ ᠳᠣᠲᠣᠨᠣ ᠪᠠᠷ ᠬᠠᠮᠲᠤᠷᠠ ᠠᠵᠢᠯᠯᠠᠪᠠᠯ ᠰᠠᠶ᠋ᠢ ᠥᠪᠥᠷ ᠮᠣᠩᠭᠤᠯ ᠤᠨ ᠦᠨᠳᠦᠰᠦᠲᠡᠨ ᠤ ᠵᠢᠩᠬᠢᠨᠢ ᠥᠪᠡᠷᠲᠡᠭᠡᠨ ᠵᠠᠰᠠᠬᠤ ᠪᠠ ᠦᠨᠳᠦᠰᠦᠲᠡᠨ ᠨᠦᠭᠦᠳ ᠡᠷᠬᠡ ᠲᠡᠭᠰᠢ ᠪᠠᠶᠢᠬᠤ 》 ᠭᠡᠵᠦ ᠵᠠᠰᠠᠪᠠ ᠃ ᠲᠡᠷᠡ ᠬᠡᠯᠡᠭᠰᠡᠨ ᠨᠢ ᠄ 《 ᠪᠢᠳᠡ ᠳᠤᠮᠳᠠᠳᠤ ᠤᠯᠤᠰ ᠤᠨ ᠡᠪ ᠬᠠᠮᠲᠤ ᠨᠠᠮ ᠪᠠ ᠨᠠᠶᠮᠠᠳᠤᠭᠠᠷ ᠵᠠᠮ ᠤᠨ ᠴᠡᠷᠢᠭ ᠳᠤᠷᠠᠲᠠᠶ᠎ᠠ ᠥᠪᠥᠷ ᠮᠣᠩᠭᠣᠯ ᠣᠷᠣᠨ ᠨᠤᠲᠤᠭ ᠤᠨ ᠵᠠᠬᠢᠷᠭᠠᠨ ᠤ ᠬᠥᠳᠡᠯᠭᠡᠭᠡᠨ ᠤ ᠬᠠᠮᠤᠭ ᠤᠨ ᠶᠡᠬᠡ ᠪᠣᠯᠬᠤᠶᠢᠴᠠ ᠬᠦᠴᠦᠨ ᠬᠠᠪᠰᠤᠷᠴᠤ ᠰᠠᠶᠢᠬᠠᠨ ᠶᠤᠮ ᠃ 》 ᠱᠠᠨ ᠰᠢ ᠴᠠᠬᠠᠷ ᠡᠾᠸᠪᠸᠢ ᠢᠢᠨ ᠬᠢᠵᠠᠭᠠᠷ ᠣᠷᠣᠨ ᠤ ᠵᠥᠪᠯᠡᠯᠭᠡᠨ ᠤ ᠬᠤᠷᠠᠯ ᠤᠨ ᠳᠠᠷᠤᠭ᠎ᠠ ᠴᠧᠩ ᠹᠠᠩ ᠡᠦ ᠂ ᠴᠠᠬᠠᠷ ᠮᠣᠵᠢ ᠶ᠋ᠢᠨ ᠲᠡᠷᠢᠭᠦᠯᠡᠭᠴᠢ ᠨᠡᠷ ᠰᠡᠳᠬᠢᠯ ᠪᠢᠯᠬᠠᠮ᠎ᠠ ᠶᠠᠷᠢᠶ᠎ᠠ ᠲᠠᠯᠪᠢᠪᠠ ᠂ ᠮᠣᠩᠭᠣᠯ ᠬᠢᠲᠠᠳ ᠦᠨᠳᠦᠰᠦᠲᠡᠨ ᠤ ᠪᠥᠯᠬᠦᠮᠳᠡᠯ ᠦᠨ ᠴᠢᠬᠤᠯᠠ ᠴᠢᠨᠠᠷ ᠢ ᠰᠠᠨᠠᠯ ᠨᠢᠭᠡᠲᠡᠶ ᠴᠢᠬᠤᠯᠠᠴᠢᠯᠠᠭᠰᠠᠨ ᠪᠠᠶᠢᠨ᠎ᠠ ᠃ ᠲᠥᠯᠥᠭᠡᠯᠡᠭᠴᠢ ᠪᠠᠲᠤ ᠪᠠ ᠴᠠᠬᠠᠷ ᠠᠶᠢᠮᠠᠭ ᠤᠨ ᠬᠥᠪᠡᠭᠡᠲᠦ ᠴᠠᠭᠠᠨ ᠬᠣᠰᠢᠭᠤ ᠲᠥᠯᠥᠭᠡᠯᠡᠭᠴᠢ ᠬᠠᠰ ᠸᠴᠢᠷᠪᠠᠨᠢ ᠲᠤᠰ ᠲᠤᠰ ᠶᠠᠷᠢᠶ᠎ᠠ ᠲᠠᠯᠪᠢᠪᠠ ᠂ ᠠᠪᠴᠤ ᠢᠷᠡᠭᠰᠡᠨ ᠵᠣᠴᠢᠳ ᠳᠤᠷᠠᠳᠤᠭᠰᠠᠨ ᠮᠠᠰᠢ ᠤᠯᠠᠨ ᠡᠷᠬᠢᠮ ᠨᠠᠨᠳᠢᠨ ᠵᠢᠭᠠᠪᠤᠷᠢ ᠪᠠ ᠴᠢᠩ ᠰᠡᠳᠬᠢᠯ ᠦᠨ ᠬᠦᠰᠡᠯ ᠨᠢ ᠪᠠᠶᠠᠷᠯᠠᠨ ᠲᠠᠯᠠᠷᠬᠠᠵᠤ ᠦᠨᠡᠨᠴᠢ ᠪᠡᠷ ᠬᠦ᠋ᠯᠢᠶᠡᠨ ᠠᠪᠴᠤ ᠂ ᠬᠣᠶᠢᠰᠢᠳᠠ ᠡᠷᠡᠰ ᠢᠯᠡᠷᠬᠡᠶᠢᠯᠡᠬᠦ ᠬᠡᠷᠡᠭᠲᠡᠶ ᠵᠣᠷᠢᠭ ᠰᠢᠭᠤᠳᠴᠤ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠤᠨ ᠤᠳᠤᠷᠢᠳᠤᠯᠭ᠎ᠠ ᠳᠣᠣᠷ᠎ᠠ ᠂ ᠥᠪᠥᠷ ᠮᠣᠩᠭᠤᠯ ᠤᠨ ᠠᠷᠠᠳ ᠲᠦᠮᠡᠨ ᠤ ᠴᠢᠯᠦᠭᠡᠯᠡᠯᠲᠡ ᠶ᠋ᠢᠨ ᠦᠢᠯᠡᠰ ᠦᠨ ᠲᠥᠯᠥᠭᠡ ᠡᠴᠦᠰ ᠲᠦᠨᠢ ᠲᠤᠯᠲᠠᠯ᠎ᠠ ᠲᠡᠮᠡᠴᠡᠬᠦ ᠬᠡᠷᠡᠭᠲᠡᠶ ᠃
27 ᠤ ᠡᠳᠦᠷ ᠂ ᠤᠯᠠᠭᠠᠨᠬᠦᠦ ᠶᠡᠬᠡ ᠬᠤᠷᠠᠯ ᠳ᠋ᠤ 《 ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠤᠨ ᠣᠳᠣᠬᠠᠨ ᠤ ᠠᠵᠢᠯ ᠤᠨ ᠴᠢᠭᠯᠡᠯᠲᠡ ᠶ᠋ᠢᠨ ᠲᠤᠬᠠᠶ ᠰᠠᠨᠠᠯ ᠬᠡᠷᠡᠭ 》 ᠭᠡᠬᠦ ᠢᠯᠡᠳᠬᠡᠯ ᠬᠢᠪᠡ ᠃ ᠲᠡᠷᠡ ᠢᠯᠡᠳᠬᠡᠯ ᠳᠡᠭᠡᠨ ᠶᠠᠭᠤᠨ ᠤ ᠡᠮᠦᠨ᠎ᠡ ᠲᠣᠳᠣᠷᠬᠠᠶ ᠵᠢᠭᠠᠵᠤ ᠭᠠᠷᠭᠠᠭᠰᠠᠨ ᠨᠢ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠪᠣᠯ ᠥᠪᠥᠷ ᠮᠣᠩᠭᠤᠯ ᠤᠨ ᠦᠨᠳᠦᠰᠦᠲᠡᠨ ᠤ ᠪᠦᠷᠢᠮᠦᠰᠦᠨ ᠴᠢᠯᠥᠭᠡᠯᠡᠯᠲᠡ ᠳ᠋ᠤ ᠵᠣᠬᠢᠶᠠᠨ ᠪᠠᠶᠢᠭᠤᠯᠤᠭᠴᠢ ᠪᠠ ᠤᠳᠤᠷᠢᠳᠤᠭᠴᠢ ᠪᠣᠯ ᠥᠪᠥᠷ ᠮᠣᠩᠭᠤᠯ ᠤᠨ ᠤᠯᠠᠨ ᠲᠦᠮᠡᠨᠴᠢ ᠬᠦᠳᠡᠯᠭᠡᠭᠡᠨ ᠢ ᠲᠠᠢᠢᠴᠢᠯᠠᠨ ᠤᠳᠤᠷᠢᠳᠬᠤ ᠪᠠᠶᠢᠭᠤᠯᠤᠯᠭ᠎ᠠ ᠮᠥᠨ ᠂ ᠮᠥᠨ ᠴᠦ ᠥᠪᠥᠷ ᠮᠣᠩᠭᠤᠯ ᠤᠨ ᠠᠷᠠᠳᠴᠢᠯᠠᠭᠰᠠᠨ ᠵᠠᠰᠠᠭ ᠤᠨ ᠣᠷᠳᠤᠨ ᠢ ᠵᠠᠪᠠᠯ ᠥᠩᠭᠡᠷᠡᠬᠦ ᠬᠡᠷᠡᠭᠲᠡᠶ ᠬᠥᠭᠥᠷᠭᠡ ᠮᠥᠨ ᠃ 27 ᠤ ᠡᠳᠦᠷ ᠂ ᠶᠡᠬᠡ ᠬᠤᠷᠠᠯ ᠢᠶᠠᠷ ᠠᠷᠢᠯᠴᠠᠨ ᠪᠠᠲᠤᠯᠠᠵᠤ ᠂ ᠬᠠᠮᠲᠤ ᠪᠣᠯᠭᠠᠨ ᠵᠢᠩᠬᠢᠨᠢ ᠪᠡᠷ ᠲᠣᠭᠲᠠᠭᠠᠬᠤ ᠳᠤ ᠲᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠤᠨ ᠣᠳᠣᠬᠠᠨ ᠤ ᠠᠵᠢᠯ ᠤᠨ ᠴᠢᠭᠯᠡᠯᠲᠡ 》 ᠪᠣᠯᠬᠤ ᠶᠤᠮ ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠤᠨ ᠠᠵᠢᠯ ᠤᠨ ᠴᠢᠭᠯᠡᠯᠲᠡ ᠪᠣᠯ ᠄ ( ᠨᠢᠭᠡ ) ᠤᠯᠤᠰ ᠲᠥᠷᠦ ᠶ᠋ᠢᠨ ᠲᠠᠯ᠎ᠠ ᠪᠠᠷ ᠄ ᠥᠪᠡᠷᠲᠡᠭᠡᠨ ᠵᠠᠰᠠᠬᠤ ᠬᠥᠳᠡᠯᠭᠡᠭᠡᠨ ᠢᠶ᠋ᠡᠷ ᠳᠠᠮᠵᠢᠭᠤᠯᠤᠨ ᠂ ᠶᠠᠭᠤᠨ ᠤ ᠡᠮᠦᠨ᠎ᠡ ᠡᠯ᠎ᠡ ᠴᠢᠭᠤᠯᠭᠠᠨ ᠬᠤᠰᠢᠭᠤᠳ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠪᠠᠶᠢᠭᠤᠯᠬᠤ ᠂ ᠦᠨᠳᠦᠰᠦᠲᠡᠨ ᠨᠦᠭᠦᠳ ᠡᠷᠬᠡ ᠲᠡᠭᠰᠢ ᠪᠠᠶᠢᠬᠤ ᠬᠢᠭᠡᠳ ᠠᠷᠠᠳᠴᠢᠯᠠᠯ ᠡᠷᠬᠡ ᠴᠢᠯᠥᠭᠡᠨ ᠤ ᠵᠠᠷᠴᠢᠮ ᠢᠷᠸᠾᠸ ᠴᠠᠬᠠᠷ ᠰᠦᠢᠶᠤᠸᠠᠨ ᠵᠡᠷᠭᠡ ᠮᠣᠵᠢ ᠶ᠋ᠢᠨ ᠵᠠᠰᠠᠭ ᠤᠨ ᠣᠷᠳᠣᠨ ᠤ ᠤᠳᠤᠷᠢᠳᠤᠯᠭ᠎ᠠ ᠳᠣᠣᠷ᠎ᠠ ᠲᠤᠰ ᠲᠤᠰ ᠬᠦᠯᠢᠶᠡᠨ ᠠᠪᠴᠠᠶ ᠃ ᠡᠯ᠎ᠡ ᠮᠣᠵᠢ ᠶ᠋ᠢᠨ ᠵᠠᠰᠠᠭ ᠤᠨ ᠣᠷᠳᠣᠨ ᠤ ᠬᠠᠪᠰᠤᠷᠤᠯᠭ᠎ᠠ ᠳᠣᠣᠷ᠎ᠠ ᠂ ᠥᠪᠥᠷ ᠮᠣᠩᠭᠤᠯ ᠤᠨ ᠡᠯ᠎ᠡ ᠠᠶᠢᠮᠠᠭ ᠬᠣᠰᠢᠭᠤ ᠤᠯᠤᠰ ᠲᠤᠢᠷᠦ ᠂ ᠴᠡᠷᠢᠭ ᠦᠨ ᠂ ᠰᠣᠶᠣᠯ ᠪᠣᠯᠪᠠᠰᠤᠷᠠᠯ ᠵᠡᠷᠭᠡ ᠦᠢᠯᠡᠰ ᠢᠠᠯᠬᠤᠮ ᠠᠯᠬᠤᠮ ᠢᠶᠠᠷ ᠪᠡᠶᠡᠯᠡᠭᠦᠯᠵᠦ ᠂ ᠪᠥᠬᠥ ᠥᠪᠥᠷ ᠮᠣᠩᠭᠤᠯ ᠤᠨ ᠥᠪᠡᠷᠲᠡᠭᠡᠨ ᠵᠠᠰᠠᠬᠤ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠪᠠᠶᠢᠭᠤᠯᠬᠤ ᠬᠡᠷᠡᠭᠲᠡᠢ ᠃( ᠬᠣᠶᠠᠷ ) ᠴᠡᠷᠢᠭ ᠦᠨ ᠶᠠᠪᠤᠳᠠᠯ ᠤᠨ ᠲᠠᠯ᠎ᠠ ᠪᠠᠷ ᠄ ᠠᠷᠠᠳ ᠲᠦᠮᠡᠨ ᠳ᠋ᠤ ᠦᠢᠯᠡᠴᠢᠯᠡᠬᠦ ᠂ ᠥᠪᠥᠷ ᠮᠣᠩᠭᠤᠯ ᠤᠨ ᠠᠷᠠᠳ ᠤᠨ ᠥᠪᠡᠷ ᠢ ᠪᠡᠨ ᠬᠠᠮᠠᠭᠠᠯᠠᠬᠤ ᠴᠡᠷᠢᠭ ᠂ ᠴᠡᠪᠡᠷᠯᠡᠵᠦ ᠴᠢᠳᠠᠬᠤ ᠬᠢᠯᠢ ᠶ᠋ᠢᠨ ᠳᠣᠲᠣᠷᠠᠬᠢ ᠲᠡᠷᠰᠯᠡᠭᠦᠴᠦᠳ ᠪᠣᠯᠤᠨ ᠹᠠᠱᠢᠰ ᠤᠨ ᠦᠯᠡᠳᠡᠭᠳᠡᠯ ᠬᠦᠴᠦᠨ ᠢ ᠠᠷᠢᠯᠭᠠᠬᠤ ᠂ ᠠᠷᠠᠳ ᠲᠦᠮᠡᠨ ᠤ ᠠᠮᠢ ᠨᠠᠰᠤ ᠡᠳ᠋ ᠬᠦᠷᠦᠡᠭᠭᠡ ᠪᠣᠯᠤᠨ ᠠᠷᠠᠳᠴᠢᠯᠠᠯ ᠂ ᠡᠷᠬᠡ ᠴᠢᠯᠥᠭᠡ ᠂ ᠬᠤᠪᠢᠰᠬᠠᠯ ᠤᠨ ᠨᠡᠶᠢᠭᠡᠮ ᠦᠨ ᠡᠮᠬᠢ ᠵᠢᠷᠤᠮ ᠢ ᠪᠡᠬᠢᠵᠢᠭᠦᠯᠬᠦ ᠬᠡᠷᠡᠭᠲᠡᠢ ᠃( ᠭᠤᠷᠪᠠ ) ᠠᠵᠤ ᠠᠬᠤᠢ ᠶ᠋ᠢᠨ ᠲᠠᠯ᠎ᠠ ᠪᠠᠷ ᠂ ᠠᠵᠤ ᠠᠬᠤᠢ ᠶ᠋ᠢᠨ ᠲᠥᠷᠦ ᠶ᠋ᠢᠨ ᠪᠣᠳᠤᠯᠭ᠎ᠠ ᠶ᠋ᠢ ᠪᠣᠯᠭᠠᠬᠤ ᠪᠠᠷ ᠲᠣᠭᠲᠠᠭᠠᠵᠤ ᠂ ᠠᠷᠠᠳ ᠲᠦᠮᠡᠨ ᠤ ᠠᠰᠢᠭ ᠲᠤᠰᠠ ᠶ᠋ᠢᠨ ᠲᠥᠯᠥᠭᠡ ᠦᠢᠯᠡᠴᠢᠯᠡᠵᠦ ᠪᠠᠶᠢᠳᠠᠭ ᠂ ᠡᠷᠬᠢᠮᠯᠡᠬᠦ ᠬᠠᠮᠲᠤᠷᠠᠯᠴᠠᠭ᠎ᠠ ᠠᠷᠠᠯᠵᠢᠶ᠎ᠠ ᠶ᠋ᠢᠨ ᠦᠢᠯᠡᠰ ᠂ ᠴᠠᠭᠠᠵᠠᠯᠠᠬᠤ ᠪᠠ ᠵᠠᠯᠢᠬᠠᠶ ᠬᠤᠳᠠᠯᠳᠤᠭᠠᠴᠢᠨ ᠢ ᠴᠠᠭᠠᠵᠠᠯᠠᠵᠤ ᠂ ᠬᠢᠨᠢ ᠲᠡᠩᠴᠡᠭᠦᠦ ᠪᠤᠰᠤ ᠥᠷᠲᠡᠭᠲᠦ ᠰᠣᠯᠢᠯᠴᠠᠭ᠎ᠠ ᠪᠠ ᠠᠷᠠᠯᠵᠢᠶᠠᠨ ᠤ ᠮᠡᠬᠡᠯᠡᠵᠦ ᠂ ᠮᠣᠩᠭᠣᠯ ᠦᠨᠳᠦᠰᠦᠲᠡᠨ ᠤ ᠠᠷᠠᠳ ᠲᠦᠮᠡᠨ ᠤ ᠮᠠᠯ ᠠᠵᠤ ᠠᠬᠤᠢ ᠶ᠋ᠢᠨ ᠦᠢᠯᠡᠳᠪᠦᠷᠢᠯᠡᠯ ᠢ ᠬᠥᠭᠵᠢᠭᠦᠯᠵᠦ ᠂ ᠤᠤᠯ ᠤᠨ ᠭᠠᠷ ᠦᠢᠯᠡᠳᠪᠦᠷ ᠢ ᠷᠢᠶᠠᠨ ᠠᠪᠴᠤ ᠂ ᠳᠠᠶᠢᠰᠤᠨ ᠪᠠ ᠬᠠᠭᠤᠷᠮᠠᠭ ᠡᠲᠡᠭᠡᠳ ᠦᠨ ᠡᠳ᠋ ᠬᠦᠷᠦᠡᠭᠭᠡ ᠂ ᠠᠷᠠᠳ ᠲᠦᠮᠡᠨ ᠳ᠋ᠦ ᠠᠰᠢᠭ ᠲᠠᠶ ᠦᠢᠯᠡᠰ ᠪᠠ ᠶᠠᠳᠠᠭᠤ ᠵᠦᠳᠡᠭᠦᠦ ᠠᠷᠠᠳ ᠲᠥᠮᠡᠨ ᠢ ᠲᠡᠳᠬᠦᠬᠦ ᠬᠡᠷᠡᠭᠲᠡᠢ ᠃ ( ᠳᠦᠷᠪᠡ ) ᠰᠣᠶᠣᠯ ᠰᠤᠷᠭᠠᠨ ᠬᠥᠮᠦᠵᠢᠯ ᠦᠨ ᠲᠠᠯ᠎ᠠ ᠪᠠᠷ ᠂ ᠴᠢᠭᠯᠡᠯᠲᠡ ᠪᠠ ᠬᠡᠯᠡᠵᠦ ᠰᠤᠷᠭᠠᠬᠤ ᠠᠷᠭ᠎ᠠ ᠮᠠᠶ᠋ᠢᠭ ᠠᠪᠴᠤ ᠂ ᠦᠢᠯᠡᠳᠪᠦᠷᠢᠯᠡᠯ ᠪᠠ ᠰᠤᠷᠤᠯᠴᠠᠯᠭ᠎ᠠ ᠲᠠᠶ ᠤᠶᠠᠯᠳᠤᠭᠤᠯᠵᠤ ᠂ ᠠᠯᠢ ᠴᠢᠳᠠᠬᠤ ᠪᠠᠷ ᠲᠦᠷᠭᠡᠨ ᠰᠡᠷᠭᠦᠭᠡᠵᠦ ᠂ ᠡᠯ᠎ᠡ ᠠᠶᠢᠮᠠᠭ ᠬᠣᠰᠢᠭᠤ ᠬᠠᠭᠤᠴᠢᠨ ᠰᠤᠷᠭᠠᠭᠤᠯᠢ ᠂ ᠥᠪᠥᠷ ᠮᠣᠩᠭᠤᠯ ᠤᠨ ᠳᠡᠭᠡᠳᠦ ᠰᠤᠷᠭᠠᠭᠤᠯᠢ ᠪᠠ ᠣᠬᠣᠷ ᠬᠤᠭᠤᠴᠠᠭᠠᠨ ᠤ ᠳᠠᠪᠲᠠᠨ ᠪᠣᠯᠪᠠᠰᠤᠷᠠᠭᠤᠯᠤᠯ ᠠᠩᠬᠢ ᠶ᠋ᠢ ᠪᠠᠶᠢᠭᠤᠯᠬᠤ ᠬᠡᠷᠡᠭᠲᠡᠶ ᠪᠥᠭᠡᠳ ᠮᠣᠩᠭᠣᠯ ᠦᠨᠳᠦᠰᠦᠲᠡᠨ ᠤ ᠺᠠᠲᠷ ᠢ ᠬᠥᠮᠦᠵᠢᠭᠦᠯᠬᠦ ᠬᠡᠷᠡᠭᠲᠡᠶ ᠃ ( ᠲᠠᠪᠤ ) ᠡᠮ ᠡᠮᠨᠡᠯᠭᠡ ᠡᠷᠡᠭᠦᠯ ᠬᠠᠮᠠᠭᠠᠯᠠᠯ ᠤᠨ ᠦᠢᠯᠡᠰ ᠦᠨ ᠲᠠᠯ᠎ᠠ ᠪᠠᠷ ᠂ ᠡᠯ᠎ᠡ ᠠᠶᠢᠮᠠᠭ ᠬᠣᠰᠢᠭᠤ ᠨᠢᠭᠡ ᠰᠠᠭᠤᠷᠢ ᠵᠢᠵᠢᠭ ᠬᠡᠯᠪᠡᠷᠢ ᠶ᠋ᠢᠨ ᠡᠮᠨᠡᠯᠭᠡ ᠶ᠋ᠢᠨ ᠬᠣᠷᠢᠶ᠎ᠠ ᠪᠠᠶᠢᠭᠤᠯᠵᠤ ᠂ ᠰᠦᠢᠳᠬᠡᠯ ᠬᠤᠷᠢᠶᠠᠬᠤ ᠦᠭᠡᠢ ᠪᠡᠷ ᠂ ᠮᠣᠩᠭᠣᠯ ᠦᠨᠳᠦᠰᠦᠲᠡᠨ ᠤ ᠠᠷᠠᠳ ᠲᠦᠮᠡᠨ ᠤ ᠡᠪᠡᠳᠴᠢᠨ ᠦᠵᠡᠭᠦᠯᠬᠦ ᠂ ᠵᠣᠬᠢᠶᠠᠨ ᠪᠠᠶᠢᠭᠤᠯᠬᠤ ᠪᠠ ᠯᠠᠮᠠ ᠡᠮᠴᠢ ᠶ᠋ᠢ ᠥᠭᠡᠷᠡᠴᠢᠯᠡᠬᠦ ᠂ ᠬᠢᠲᠠᠳ ᠡᠮᠨᠡᠯᠭᠡ ᠵᠡᠷᠭᠡ ᠡᠮ ᠡᠮᠨᠡᠯᠭᠡ ᠶ᠋ᠢᠨ ᠠᠵᠢᠯᠲᠠᠨ ᠂ ᠠᠷᠠᠳ ᠲᠦᠮᠡᠨ ᠤ ᠲᠥᠯᠥᠭᠡ ᠂ ᠦᠢᠯᠡᠳᠪᠦᠷᠢᠯᠡᠯ ᠳ᠋ᠤ ᠦᠢᠯᠡᠴᠢᠯᠡᠬᠦ ᠪᠥᠭᠡᠳ ᠮᠠᠯ ᠡᠮᠨᠡᠯᠭᠡ ᠶ᠋ᠢᠨ ᠠᠰᠠᠭᠤᠳᠠᠯ ᠢ ᠵᠣᠬᠢᠰᠲᠠᠶ ᠰᠢᠶᠳᠪᠦᠷᠢᠯᠡᠵᠦ ᠂ ᠮᠠᠯ ᠤᠨ ᠦᠬᠦᠯᠲᠡ ᠶ᠋ᠢᠨ ᠨᠣᠷᠮ᠎ᠠ ᠶ᠋ᠢ ᠪᠠᠭᠠᠰᠬᠠᠬᠤ ᠬᠡᠷᠡᠭᠲᠡᠶ ᠃( ᠵᠢᠷᠭᠤᠭ᠎ᠠ ) ᠯᠠᠮᠠ ᠂ ᠱᠠᠰᠢᠨ ᠰᠢᠲᠦᠬᠦ ᠪᠠ ᠱᠠᠰᠢᠨ ᠦᠯᠦ ᠰᠢᠲᠦᠬᠦ ᠡᠷᠬᠡ ᠴᠢᠯᠥᠭᠡᠲᠡᠶ ᠪᠠᠶᠢᠬᠤ ᠲᠥᠷᠦ ᠶ᠋ᠢᠨ ᠪᠣᠳᠤᠯᠭ᠎ᠠ ᠶ᠋ᠢ ᠠᠪᠴᠤ ᠂ ᠪᠠᠨᠳᠢ ᠨᠢ ᠬᠡᠯᠡᠵᠦ ᠤᠬᠠᠭᠠᠷᠠᠭᠤᠯᠬᠤ ᠠᠷᠭ᠎ᠠ ᠮᠠᠶᠢᠭ ᠢᠶᠠᠷ ᠲᠡᠮᠡᠴᠡᠨ ᠤᠯᠬᠤ ᠤᠬᠠᠭᠠᠨ ᠰᠣᠶᠣᠯ ᠪᠣᠯᠪᠠᠰᠤᠷᠠᠯ ᠂ ᠡᠩ ᠦᠨ ᠯᠠᠮᠠ ᠦᠨᠳᠦᠰᠦᠲᠡᠨ ᠤ ᠦᠢᠯᠡᠰ ᠦ᠋ᠨ ᠦᠢᠯᠡᠴᠢᠯᠡᠭᠡᠨ ᠤ ᠪᠥᠭᠡᠳ ᠯᠠᠮᠠ ᠶ᠋ᠢᠨ ᠰᠦᠮ᠎ᠡ ᠶ᠋ᠢᠨ ᠡᠳ᠋ ᠬᠥᠷᠦᠩᠭᠡ ᠶ᠋ᠢ ᠬᠠᠮᠠᠭᠠᠯᠠᠬᠤ ᠬᠡᠷᠡᠭᠲᠡᠶ ᠃( ᠳᠤᠯᠤᠭ᠎ᠠ ) ᠦᠨᠳᠦᠰᠦᠲᠡᠨ ᠤ ᠬᠠᠷᠢᠴᠠᠭᠠᠨ ᠤ ᠲᠠᠯ᠎ᠠ ᠪᠠᠷ ᠂ ᠥᠩᠭᠡᠷᠡᠭᠰᠡᠨ ᠳ᠋ᠤ ᠬᠢᠲᠠᠳ ᠤᠨ ᠳᠡᠭᠡᠷᠡᠩᠭᠦᠶ ᠦᠵᠡᠯ ᠪᠠ ᠶᠠᠫᠣᠨ ᠤ ᠹᠠᠱᠢᠰ ᠢᠯᠡᠴᠢᠯᠡᠬᠦ ᠬᠠᠳᠬᠤᠨ ᠵᠠᠪᠰᠠᠷᠳᠠᠭᠤᠯᠬᠤ ᠬᠤᠤᠪᠢᠯᠳᠤᠯᠭ᠎ᠠ ᠂ ᠥᠷᠭᠡᠨ ᠳᠡᠯᠭᠡᠷ ᠤᠬᠠᠭᠤᠯᠵᠤ ᠂ ᠮᠣᠩᠭᠣᠯ ᠬᠢᠲᠠᠳ ᠠᠷᠠᠳ ᠲᠦᠮᠡᠨ ᠨᠢᠭᠲᠠᠷᠠᠨ ᠪᠥᠯᠬᠦᠮᠳᠡᠪᠡᠯ ᠰᠠᠶ᠋ᠢ ᠥᠪᠥᠷ ᠮᠣᠩᠭᠤᠯ ᠤᠨ ᠴᠢᠯᠦᠭᠡᠯᠡᠯᠲᠡ ᠶ᠋ᠢ ᠣᠯᠵᠤ ᠴᠢᠳᠠᠨ᠎ᠠ᠂ ᠦᠨᠳᠦᠰᠦᠲᠡᠨ ᠨᠦᠭᠦᠳ ᠡᠷᠬᠡ ᠲᠡᠭᠰᠢ ᠪᠠᠶᠢᠬᠤ ᠵᠣᠭᠰᠣᠯᠲᠠ ᠳᠡᠭᠡᠷ᠎ᠡ ᠵᠣᠭᠰᠣᠵᠤ ᠂ ᠮᠣᠩᠭᠣᠯ ᠬᠢᠲᠠᠳ ᠠᠷᠠᠳ ᠤᠯᠠᠨ ᠤ ᠠᠰᠢᠭ ᠲᠤᠰᠠ ᠶ᠋ᠢ ᠨᠡᠮᠡᠭᠳᠡᠭᠦᠯᠬᠦ ᠪᠡᠷ ᠡᠭᠦᠰᠴᠡ ᠪᠡᠨ ᠪᠤᠯᠭᠠᠵᠤ ᠂ ᠮᠣᠩᠭᠣᠯ ᠬᠢᠲᠠᠳ ᠦᠨᠳᠦᠰᠦᠲᠡᠨ ᠬᠣᠯᠢᠯᠳᠤᠨ ᠰᠠᠭᠤᠷᠢᠰᠢᠭᠰᠠᠨ ᠭᠠᠵᠠᠷ ᠣᠷᠣᠨ ᠳ᠋ᠤ ᠭᠠᠵᠠᠷ ᠲᠠᠷᠢᠶᠠᠨ ᠠᠰᠠᠭᠤᠳᠠᠯ ᠢ ᠵᠥᠪ ᠢᠶ᠋ᠡᠷ ᠰᠢᠶᠳᠪᠦᠷᠢᠯᠡᠬᠦ ᠬᠡᠷᠡᠭᠲᠡᠶ ᠃ ( ᠨᠠᠶᠮᠠ ) ᠤᠬᠠᠭᠤᠯᠭ᠎ᠠ ᠶ᠋ᠢᠨ ᠲᠠᠯ᠎ᠠ ᠪᠠᠷ ᠂ ᠴᠠᠭ ᠲᠣᠬᠢᠶᠠᠯ ᠪᠥᠬᠦᠨ ᠢ ᠠᠰᠢᠭᠯᠠᠬᠤ ᠬᠡᠷᠡᠭᠲᠡᠶ ᠂ ᠮᠣᠩᠭᠣᠯ ᠦᠨᠳᠦᠰᠦᠲᠡᠨ ᠤ ᠠᠷᠠᠳ ᠲᠦᠮᠡᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠦᠨᠳᠦᠰᠦᠲᠡᠨ ᠤ ᠲᠥᠷᠦ ᠶ᠋ᠢᠨ ᠪᠤᠳᠤᠯᠭ᠎ᠠ ᠂ ᠭᠤᠮᠢᠨᠳᠠᠩ ᠤᠨ ᠲᠡᠷᠰᠯᠡᠭᠦᠴᠦᠳ ᠪᠠ ᠶᠠᠫᠣᠨ ᠹᠠᠱᠢᠰ ᠤᠨ ᠮᠡᠬᠡᠯᠡᠬᠦ ᠤᠬᠠᠭᠤᠯᠭ᠎ᠠ ᠂ ᠮᠣᠩᠭᠣᠯ ᠠᠷᠠᠳ ᠲᠦᠮᠡᠨ ᠦᠨᠡᠬᠡᠷ ᠦᠨᠳᠦᠰᠦᠲᠡᠨ ᠤ ᠴᠢᠯᠦᠭᠡᠯᠡᠯᠲᠡ ᠶ᠋ᠢᠨ ᠵᠠᠮ ᠢ ᠲᠣᠳᠤᠷᠬᠠᠢ ᠲᠠᠨᠢᠨ᠎ᠠ ᠃( ᠶᠢᠰᠦ ) ᠬᠠᠭᠤᠴᠢᠨ ᠲᠥᠷᠦ ᠶ᠋ᠢᠨ ᠠᠵᠢᠯᠳᠠᠨ ᠳ᠋ᠦ ᠠᠪᠴᠤ ᠬᠡᠯᠡᠪᠡᠯ ᠂ ᠮᠣᠩᠭᠣᠯ ᠭᠠᠵᠠᠷ ᠤᠨ ᠹᠠᠱᠢᠰ ᠤᠨ ᠦᠯᠡᠳᠡᠭᠳᠡᠯ ᠬᠦᠴᠦᠨ ᠢ ᠲᠤᠶᠢᠯᠪᠤᠷᠢᠲᠠᠶ ᠠᠷᠢᠯᠭᠠᠬᠤ ᠬᠡᠷᠡᠭᠲᠡᠶ ᠂ ᠥᠩᠭᠡᠷᠡᠭᠰᠡᠨ ᠳ᠋ᠦ ᠬᠠᠭᠤᠷᠮᠠᠭ ᠵᠠᠰᠠᠭ ᠢ ᠥᠭᠡᠷᠡᠴᠢᠯᠡᠬᠦ ᠳᠣᠲᠣᠷᠠᠬᠢ ᠠᠵᠢᠯᠲᠠᠨ ᠂ ᠲᠡᠭᠦᠨ ᠢ ᠲᠠᠬᠢᠨ ᠮᠣᠩᠭᠣᠯ ᠦᠨᠳᠦᠰᠦᠲᠡᠨ ᠳ᠋ᠦ ᠥᠢᠯᠡᠴᠢᠯᠡᠭᠦᠯᠬᠦ ᠬᠡᠷᠡᠭᠲᠡᠶ ᠃( ᠠᠷᠪᠠ ) ᠡᠯ᠎ᠡ ᠴᠢᠭᠤᠯᠭᠠᠨ ᠬᠤᠰᠢᠭᠤᠳ ᠤᠨ ᠵᠠᠰᠠᠭ ᠤᠨ ᠣᠷᠳᠣᠨ ᠤ ᠡᠯ᠎ᠡ ᠮᠣᠵᠢ ᠶ᠋ᠢᠨ ᠵᠠᠰᠠᠭ ᠤᠨ ᠣᠷᠳᠣᠨ ᠳ᠋ᠤ ᠰᠠᠨᠠᠭᠤᠯᠭ᠎ᠠ ᠭᠠᠷᠭᠠᠵᠤ ᠪᠣᠯᠤᠨ᠎ᠠ ᠂ ᠠᠷᠤ ᠮᠣᠩᠭᠣᠯ ᠯᠤᠭ᠎ᠠ ᠬᠠᠷᠢᠯᠴᠠᠬᠤ ᠠᠷᠠᠯᠵᠢᠶ᠎ᠠ ᠶ᠋ᠢᠨ ᠡᠪᠲᠡᠷᠡᠭᠦᠯᠬᠦ ᠠᠰᠠᠭᠤᠳᠠᠯ ᠢ ᠰᠢᠢᠳᠪᠦᠷᠢᠯᠡᠵᠦ᠂ ᠥᠪᠥᠷ ᠮᠣᠩᠭᠤᠯ ᠤᠨ ᠠᠵᠤ ᠠᠬᠤᠢ ᠶ᠋ᠢ ᠬᠥᠭᠵᠢᠭᠦᠯᠬᠦ ᠬᠡᠷᠡᠭᠲᠡᠶ ᠃
ᠶᠡᠬᠡ ᠬᠤᠷᠠᠯ ᠳᠡᠭᠡᠷ᠎ᠡ ᠪᠠᠰᠠ ᠶᠠᠷᠢᠯᠴᠠᠵᠤ ᠪᠠᠲᠤᠯᠠᠭᠰᠠᠨ 《 ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠤᠨ ᠪᠦᠯᠦᠭ 》 ᠪᠣᠯᠤᠨ᠎ᠠ ᠃ 《 ᠬᠣᠯᠪᠤᠭᠠᠲᠤ ᠬᠤᠷᠠᠯ ᠤᠨ ᠪᠦᠯᠦᠭ 》 ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠤᠨ ᠵᠣᠷᠢᠯᠲᠠ ᠪᠣᠯ ᠄ 《 ᠥᠪᠥᠷ ᠮᠣᠩᠭᠤᠯ ᠤᠨ ᠡᠯ᠎ᠡ ᠳᠠᠪᠬᠤᠷᠭ᠎ᠠ ᠶ᠋ᠢᠨ ᠬᠥᠮᠦᠰ ᠲᠡᠶ ᠪᠦᠯᠬᠦᠮᠳᠡᠵᠦ ᠂ ᠬᠠᠮᠲᠤᠷᠠᠭᠰᠠᠨ ᠳᠤᠮᠳᠠᠳᠤ ᠤᠯᠤᠰ ᠤᠨ ᠡᠪ ᠬᠠᠮᠲᠤ ᠨᠠᠮ ᠪᠣᠯᠤᠨ ᠡᠯ᠎ᠡ ᠠᠷᠠᠳᠴᠢᠯᠠᠭᠰᠠᠨ ᠨᠠᠮ ᠪᠦᠯᠦᠭ ᠂ ᠡᠯ᠎ᠡ ᠠᠷᠠᠳᠴᠢᠯᠠᠭᠰᠠᠨ ᠬᠥᠮᠦᠰ ᠂ ᠤᠯᠠᠨ ᠲᠦᠮᠡᠨ ᠢ ᠳᠠᠢᠢᠴᠢᠯᠠᠨ ᠵᠣᠬᠢᠶᠠᠨ ᠪᠠᠶᠢᠭᠤᠯᠬᠤ ᠥᠪᠥᠷ ᠮᠣᠩᠭᠤᠯ ᠤᠨ ᠠᠷᠠᠳ ᠲᠦᠮᠡᠨ ᠹᠠᠱᠢᠰ ᠤᠨ ᠦᠯᠡᠳᠡᠭᠳᠡᠯ ᠢ ᠲᠤᠶᠢᠯᠪᠤᠷᠢᠲᠠᠶ ᠠᠷᠢᠯᠭᠠᠵᠤ ᠂ ᠭᠣᠮᠢᠨᠳᠠᠩ ᠤᠨ ᠳᠣᠲᠣᠷᠠᠬᠢ ᠲᠡᠷᠰᠯᠡᠭᠦᠴᠦᠳ ᠢᠡᠷᠡᠰ ᠡᠰᠡᠷᠭᠦᠴᠡᠵᠦ ᠂ ᠬᠢᠲᠠᠳ ᠤᠨ ᠳᠡᠭᠡᠷᠡᠩᠭᠦᠶ ᠦᠵᠡᠯ ᠦᠨ ᠲᠥᠷᠦ ᠶ᠋ᠢᠨ ᠪᠣᠳᠣᠯᠭ᠎ᠠ ᠂ ᠥᠪᠥᠷ ᠮᠣᠩᠭᠤᠯ ᠤᠨ ᠦᠨᠳᠦᠰᠦᠲᠡᠨ ᠤ ᠡᠷᠬᠡ ᠲᠡᠭᠰᠢ ᠂ ᠡᠭᠦᠨ ᠳ᠋ᠤ ᠡᠯ᠎ᠡ ᠳᠠᠪᠬᠤᠷᠭ᠎ᠠ ᠶ᠋ᠢᠨ ᠣᠷᠣᠨ ᠨᠤᠲᠤᠭ ᠤᠨ ᠴᠢᠨᠠᠷᠲᠠᠶ ᠠᠷᠠᠳᠴᠢᠯᠠᠭᠰᠠᠨ ᠥᠪᠡᠷᠲᠡᠭᠡᠨ ᠵᠠᠰᠠᠬᠤ ᠵᠠᠰᠠᠭ ᠮᠥᠨ ᠃ ᠠᠷᠠᠳ ᠲᠦᠮᠡᠨ ᠤᠠ ᠰᠢᠭ ᠲᠤᠰᠠ ᠶ᠋ᠢ ᠬᠢᠵᠦ ᠪᠠᠶᠢᠭ᠎ᠠ ᠤᠯᠤᠰ ᠲᠤᠢᠷᠦ ᠂ ᠴᠡᠷᠢᠭ ᠂ ᠰᠣᠶᠣᠯ ᠪᠣᠯᠪᠠᠰᠤᠷᠠᠯ ᠵᠡᠷᠭᠡ ᠰᠢᠨ᠎ᠡ ᠪᠦᠳᠦᠭᠡᠨ ᠪᠠᠶᠢᠭᠤᠯᠤᠯᠲᠠ ᠂ ᠥᠪᠥᠷ ᠮᠣᠩᠭᠤᠯ ᠢ ᠪᠦᠷᠢᠮᠦᠰᠦᠨ ᠴᠢᠯᠥᠭᠡᠯᠡᠬᠦ ᠂ ᠴᠢᠯᠥᠭᠡᠲᠦ ᠬᠣᠯᠪᠤᠭ᠎ᠠ ᠶ᠋ᠢ ᠪᠡᠶᠡᠯᠡᠭᠦᠯᠬᠦ ᠶ᠋ᠢᠨ ᠲᠥᠯᠥᠭᠡ ᠰᠢᠨ᠎ᠡ ᠠᠷᠠᠳᠴᠢᠯᠠᠭᠰᠠᠨ ᠶᠣᠰᠣᠨ ᠤ ᠰᠢᠨ᠎ᠡ ᠳᠤᠮᠳᠠᠳᠤ ᠤᠯᠤᠰ ᠢ ᠪᠠᠶᠢᠭᠤᠯᠬᠤ ᠶ᠋ᠢᠨ ᠲᠥᠯᠥᠭᠡ ᠲᠡᠮᠡᠴᠡᠬᠦ ᠶᠠᠪᠤᠳᠠᠯ ᠪᠣᠯᠤᠨ᠎ᠠ ᠃ 》 ᠬᠣᠯᠪᠣᠭᠠᠲᠤ ᠬᠤᠷᠠᠯ ᠤᠨ ᠠᠷᠠᠳᠴᠢᠯᠠᠯ ᠲᠦᠪᠯᠡᠷᠡᠯ ᠦᠨ ᠶᠣᠰᠣ ᠪᠠᠷ ᠵᠣᠬᠢᠶᠠᠨ ᠪᠠᠶᠢᠭᠤᠯᠤᠯᠲᠠ ᠶ᠋ᠢᠨ ᠵᠠᠷᠴᠢᠮ ᠪᠣᠯᠭᠠᠵᠤ ᠂ ᠭᠠᠷᠭᠠᠬᠤ ᠭᠦᠢᠴᠡᠳᠬᠡᠬᠦ ᠬᠣᠷᠢᠶ᠎ᠠ ᠂ ᠪᠠᠶᠢᠩᠭᠤ ᠶ᠋ᠢᠨ ᠬᠣᠷᠢᠶ᠎ᠠ ᠂ ᠭᠦᠢᠴᠡᠳᠬᠡᠬᠦ ᠬᠣᠷᠢᠶᠠᠨ ᠤ ᠳᠣᠲᠣᠷ᠎ᠠ ᠨᠢᠭᠡ ᠬᠥᠮᠦᠨ ᠢ ᠰᠣᠩᠭᠣᠨ ᠭᠠᠷᠭᠠᠵᠤ ᠪᠠᠶᠢᠭᠰᠠᠨ ᠪᠥᠭᠡᠳ ᠪᠠᠶᠢᠩᠭᠤ ᠶ᠋ᠢᠨ ᠬᠣᠷᠢᠶᠠᠨ ᠤ ᠲᠡᠷᠢᠭᠦᠯᠡᠭᠴᠢ ᠶ᠋ᠢᠨ ᠲᠤᠰᠢᠶᠠᠯ ᠢ ᠡᠭᠦᠷᠭᠡᠯᠡᠵᠦ ᠪᠠᠶᠢᠨ᠎ᠠ ᠃ ᠬᠣᠯᠪᠣᠭᠠᠲᠤ ᠬᠤᠷᠠᠯ ᠨᠢ ᠳᠣᠣᠷ᠎ᠠ ᠪᠠᠨ ᠵᠣᠬᠢᠶᠠᠨ ᠪᠠᠶᠢᠭᠤᠯᠬᠤ ᠬᠡᠯᠲᠡᠰ ᠂ ᠤᠬᠠᠭᠤᠯᠬᠤ ᠬᠡᠯᠲᠡᠰ ᠂ ᠴᠡᠷᠢᠭ ᠦᠨ ᠶᠠᠪᠤᠳᠠᠯ ᠤᠨ ᠶᠠᠮᠤᠨ ᠂ ᠡᠮᠡᠭᠲᠡᠶᠢᠴᠦᠳ ᠦᠨ ᠬᠡᠯᠲᠡᠰ ᠂ ᠨᠠᠷᠢᠨ ᠪᠢᠴᠢᠭ ᠦᠨ ᠭᠠᠵᠠᠷ ᠂ ᠡᠯ᠎ᠡ ᠠᠶᠢᠮᠠᠭ ᠳᠣᠲᠣᠷ᠎ᠠ ᠬᠤᠪᠢᠶᠠᠷᠢ ᠺᠣᠮᠢᠰ ᠪᠠᠶᠢᠭᠤᠯᠵᠤ ᠂ ᠬᠣᠯᠪᠣᠭᠠᠲᠤ ᠬᠤᠷᠠᠯ ᠤᠨ ᠭᠦᠢᠴᠡᠳᠬᠡᠬᠦ ᠬᠣᠷᠢᠶᠠᠨ ᠤ ᠰᠢᠭᠤᠳ ᠤᠳᠤᠷᠢᠳᠤᠯᠭ᠎ᠠ ᠶ᠋ᠢ ᠬᠦᠯᠢᠶᠡᠬᠦ ᠂ ᠳᠡᠳ᠋ ᠡᠷᠬᠢᠯᠡᠭᠴᠢ ᠲᠤᠰ ᠪᠦᠷᠢ ᠨᠢᠭᠡ ᠬᠥᠮᠦᠨ ᠂ ᠳᠣᠣᠷ᠎ᠠ ᠨᠢ ᠵᠣᠬᠢᠶᠠᠨ ᠪᠠᠶᠢᠭᠤᠯᠤᠯᠲᠠ ᠂ ᠤᠬᠠᠭᠤᠯᠭ᠎ᠠ ᠂ ᠴᠡᠷᠢᠭ ᠂ ᠵᠠᠯᠠᠭᠤᠰ ᠂ ᠡᠮᠡᠭᠲᠡᠶᠢᠴᠦᠳ ᠂ ᠨᠠᠷᠢᠨ ᠪᠢᠴᠢᠭᠡᠴᠢ ᠵᠡᠷᠭᠡ ᠵᠢᠷᠭᠤᠭᠠᠨ ᠰᠠᠯᠠᠭ᠎ᠠ ᠪᠠᠶᠢᠨ᠎ᠠ ᠃ ᠡᠯ᠎ᠡ ᠬᠣᠰᠢᠭᠤ ᠪᠠᠶᠢᠭᠤᠯᠤᠭᠰᠠᠨ ᠰᠠᠯᠪᠤᠷᠢ ᠬᠤᠷᠠᠯ ᠂ ᠠᠶᠢᠮᠠᠭ ᠤᠨ ᠬᠤᠪᠢᠶᠠᠷᠢ ᠬᠤᠷᠠᠯ ᠢ ᠰᠢᠭᠤᠳ ᠤᠳᠤᠷᠢᠳᠴᠤ ᠂ ᠳᠡᠳ᠋ ᠡᠷᠬᠢᠯᠡᠭᠴᠢ ᠲᠤᠰ ᠪᠦᠷᠢ ᠨᠢᠭᠡ ᠬᠥᠮᠦᠨ ᠃ ᠡᠯ᠎ᠡ ᠰᠤᠮᠤ ᠪᠠᠰᠠ ᠰᠤᠮᠤ ᠪᠠᠶᠢᠭᠤᠯᠤᠭᠰᠠᠨ ᠰᠠᠯᠪᠤᠷᠢ ᠬᠤᠷᠠᠯ ᠂ ᠬᠣᠰᠢᠭᠤᠨ ᠤ ᠰᠠᠯᠪᠤᠷᠢ ᠬᠤᠷᠠᠯ ᠰᠢᠭᠤᠳ ᠤᠳᠤᠷᠢᠳᠴᠠᠶ ᠃ ᠠᠵᠢᠯᠴᠢᠨ ᠤ ᠡᠪᠯᠡᠯ ᠦᠨ ᠭᠡᠰᠢᠭᠦᠳ ᠦᠨ ᠳᠤᠭᠤᠶᠢᠯᠠᠩ ᠤᠨ ᠭᠡᠰᠢᠭᠦᠨ 3 ᠡᠴᠠ ᠳᠡᠭᠡᠭᠰᠢ ᠪᠠᠶᠢᠭᠤᠯᠵᠤ ᠪᠣᠯᠤᠨ᠎ᠠ ᠂ ᠰᠤᠮᠤ ᠰᠠᠯᠪᠤᠷᠢ ᠬᠤᠷᠠᠯ ᠤᠳᠤᠷᠢᠳᠤᠯᠭ᠎ᠠ ᠪᠠᠶᠢᠬᠤ ᠬᠡᠷᠡᠭᠲᠡᠶ ᠶᠤᠮ ᠃ 《 ᠪᠦᠯᠦᠭ 》 ᠳᠤ ᠪᠠᠰᠠ ᠬᠣᠯᠪᠣᠭᠠᠲᠤ ᠬᠤᠷᠠᠯ ᠤᠨ ᠲᠥᠯᠦᠭᠡᠯᠡᠭᠴᠢᠳ ᠦᠨ ᠶᠡᠬᠡ ᠬᠤᠷᠠᠯ ᠪᠣᠯᠤᠨ ᠭᠦᠢᠴᠡᠳᠬᠡᠬᠦ ᠺᠣᠮᠢᠰ ᠵᠢᠴᠢ ᠡᠯ᠎ᠡ ᠱᠠᠲᠤᠨ ᠤ ᠵᠣᠬᠢᠶᠠᠨ ᠪᠠᠶᠢᠭᠤᠯᠤᠯᠲᠠ ᠶ᠋ᠢᠨ ᠬᠤᠷᠠᠯᠳᠤᠭᠠᠨ ᠤ ᠴᠠᠭ ᠂ ᠭᠡᠰᠢᠭᠦᠨ ᠤ ᠬᠢᠷᠢ ᠬᠡᠮ ᠂ ᠡᠷᠬᠡ ᠂ ᠡᠭᠦᠷᠭᠡ ᠵᠡᠷᠭᠡ ᠃
ᠨᠢᠭᠡ ᠯᠡ ᠡᠳᠦᠷ ᠲᠦ ᠂ ᠶᠡᠬᠡ ᠬᠤᠷᠠᠯ ᠢᠶᠠᠷ ᠶᠠᠷᠢᠯᠴᠠᠨ ᠪᠠᠲᠤᠯᠠᠭᠠᠳ ᠂ ᠬᠤᠷᠠᠯ ᠳ᠋ᠤ ᠣᠷᠣᠯᠴᠠᠭᠰᠠᠨ ᠲᠥᠯᠥᠭᠡᠯᠡᠭᠴᠢᠳ ᠳᠤᠷᠠᠳᠤᠨ ᠭᠠᠷᠭᠠᠭᠰᠠᠨ 《ᠡᠯ᠎ᠡ ᠠᠶᠢᠮᠠᠭ ᠬᠣᠰᠢᠭᠤ ᠠᠵᠤ ᠠᠬᠤᠢ ᠶ᠋ᠢᠨᠪᠦᠲᠦᠭᠡᠨ ᠪᠠᠶᠢᠭᠤᠯᠤᠯᠲᠠ ᠶ᠋ᠢᠨ ᠲᠤᠬᠠᠶ ᠰᠠᠨᠠᠯ ᠵᠥᠪᠯᠡᠯᠭᠡ 》 《 ᠭᠠᠮᠰᠢᠭᠳᠠᠭᠰᠠᠨ ᠠᠷᠠᠳ ᠢ ᠲᠡᠳᠬᠦᠬᠦ ᠲᠤᠬᠠᠶ ᠰᠠᠨᠠᠯ ᠵᠥᠪᠯᠡᠯᠭᠡ 》 《 ᠮᠠᠯ ᠠᠵᠤ ᠠᠬᠤᠢ ᠶ᠋ᠢ ᠬᠥᠭᠵᠢᠭᠦᠯᠦᠨ ᠮᠠᠨᠳᠤᠭᠤᠯᠬᠤ ᠲᠤᠬᠠᠶ ᠵᠥᠪᠯᠡᠯᠭᠡ 》 ᠂ ᠡᠯ᠎ᠡ ᠠᠶᠢᠮᠠᠭ ᠬᠣᠰᠢᠭᠤ ᠴᠢᠬᠤᠯᠠ ᠪᠦᠬᠦᠢ ᠵᠠᠮ ᠬᠠᠷᠢᠯᠴᠠᠭ᠎ᠠ ᠬᠣᠯᠪᠣᠭᠠᠨ ᠤ ᠲᠤᠬᠠᠶ ᠰᠠᠨᠠᠯ ᠵᠥᠪᠯᠡᠯᠭᠡ 》 《 ᠥᠪᠥᠷ ᠮᠣᠩᠭᠤᠯ ᠤᠨ ᠳᠡᠭᠡᠳᠦ ᠰᠤᠷᠭᠠᠭᠤᠯᠢ ᠶ᠋ᠢᠡᠭᠦᠳᠦᠨ ᠪᠠᠶᠢᠭᠤᠯᠬᠤ ᠲᠤᠬᠠᠶ ᠪᠣᠯᠪᠠᠰᠤᠷᠠᠯ ᠤᠨ ᠠᠩᠬᠢ ᠶ᠋ᠢ ᠪᠥᠭᠡᠳ ᠲᠦᠷᠭᠡᠨ ᠡᠭᠦᠰᠭᠡᠨ ᠪᠠᠶᠢᠭᠤᠯᠤᠭᠰᠠᠨ ᠡᠯ᠎ᠡ ᠠᠶᠢᠮᠠᠭ ᠬᠣᠰᠢᠭᠤᠨ ᠤ ᠰᠤᠷᠭᠠᠭᠤᠯᠢ ᠶ᠋ᠢᠨ ᠬᠡᠷᠡᠭ 》 ᠂ 《ᠰᠢᠨ᠎ᠡ ᠠᠷᠠᠳᠴᠢᠯᠠᠭᠰᠠᠨ ᠶᠣᠰᠣᠨ ᠤᠰᠤᠷᠭᠠᠨ ᠬᠥᠮᠦᠵᠢᠯ ᠦᠨ ᠲᠤᠬᠠᠶ ᠵᠣᠷᠢᠯᠲᠠ ᠶ᠋ᠢ ᠲᠠᠬᠢᠨ ᠰᠤᠷᠬᠤ ᠪᠢᠴᠢᠭ ᠨᠠᠶᠢᠷᠠᠭᠤᠯᠤᠨ ᠬᠢᠨᠠᠬᠤ ᠲᠥᠰᠦᠯ 》 ᠂ 《 ᠰᠣᠨᠢᠨ ᠤ ᠬᠣᠷᠢᠶ᠎ᠠ ᠪᠠᠶᠢᠭᠤᠯᠬᠤ ᠲᠤᠬᠠᠶ ᠂ ᠬᠡᠪᠯᠡᠬᠦ ᠦᠢᠯᠡᠳᠪᠦᠷᠢ ᠂ ᠨᠠᠶᠢᠷᠠᠭᠤᠯᠤᠨ ᠣᠷᠴᠢᠭᠤᠯᠬᠤ ᠭᠠᠵᠠᠷ ᠲᠤ ᠲᠣᠬᠢᠷᠠᠭᠤᠯᠤᠭᠰᠠᠨ ᠳ᠋ᠤ᠂ 《ᠨᠣᠮ ᠤᠨ ᠰᠠᠩ ᠤᠨ ᠬᠡᠷᠡᠭ 》 ᠂ ᠡᠮ ᠡᠮᠨᠡᠯᠭᠡ ᠡᠷᠡᠭᠦᠯ ᠬᠠᠮᠠᠭᠠᠯᠠᠯ ᠡᠷᠡᠭᠦᠯᠵᠢᠯ ᠦᠨ ᠠᠵᠢᠯ ᠢ ᠨᠡᠶᠢᠳᠡᠮ ᠬᠡᠷᠡᠭᠵᠢᠭᠦᠯᠦᠨ ᠬᠡᠷᠡᠭ ᠦᠨᠲᠤᠬᠠᠶ 》 ᠂ 《 ᠱᠠᠰᠢᠨ ᠰᠢᠲᠦᠯᠭᠡ ᠵᠠᠷᠴᠢᠮ ᠢ ᠲᠣᠭᠲᠠᠭᠠᠬᠤ ᠲᠤᠬᠠᠶ ᠰᠠᠨᠠᠯ ᠵᠥᠪᠯᠡᠯᠭᠡ 》 ᠂ ᠡᠯ᠎ᠡ ᠠᠶᠢᠮᠠᠭ ᠬᠣᠰᠢᠭᠤᠨ ᠤᠠᠷᠠᠳ ᠲᠦᠮᠡᠨ ᠤ ᠥᠪᠡᠷ ᠢ ᠪᠡᠨ ᠬᠠᠮᠠᠭᠠᠯᠠᠬᠤ ᠵᠡᠪᠰᠡᠭᠲᠦ ᠬᠦᠴᠦᠨ ᠢ ᠵᠣᠬᠢᠶᠠᠨ ᠪᠠᠶᠢᠭᠤᠯᠬᠤ ᠲᠤᠬᠠᠶ ᠰᠠᠨᠠᠯ ᠵᠥᠪᠯᠡᠯᠭᠡ 》 ᠂ 《ᠰᠡᠢᠢᠠ ᠳᠤᠷ᠎ᠠ ᠶ᠋ᠢᠨ ᠴᠡᠷᠢᠭ ( ᠡᠷᠦᠬᠡ ᠶ᠋ᠢᠨ ᠴᠡᠷᠢᠭ)》 ᠦ᠋ᠨ ᠲᠤᠬᠠᠶ ᠵᠡᠷᠭᠡ ᠰᠠᠨᠠᠯ ᠵᠥᠪᠯᠡᠯᠭᠡ ᠨᠢ ᠂ ᠡᠭᠦᠨ ᠳ᠋ᠦ ᠠᠵᠤ ᠠᠬᠤᠢ ᠂ ᠰᠣᠶᠣᠯ ᠂ ᠰᠤᠷᠭᠠᠨ ᠬᠥᠮᠦᠵᠢᠯ ᠂ ᠴᠡᠷᠢᠭ ᠂ ᠡᠮᠴᠢᠯᠡᠭᠡ ᠡᠷᠡᠭᠦᠯ ᠬᠠᠮᠠᠭᠠᠯᠠᠯ ᠂ ᠱᠠᠰᠢᠨ ᠰᠤᠷᠲᠠᠬᠤᠨ ᠵᠡᠷᠭᠡ ᠤᠯᠠᠨ ᠲᠠᠯ᠎ᠠ ᠶ᠋ᠢᠨ ᠠᠭᠤᠯᠭ᠎ᠠ ᠲᠠᠶ ᠂ ᠥᠪᠥᠷ ᠮᠣᠩᠭᠤᠯ ᠤᠨ ᠠᠵᠢᠯ ᠤᠨ ᠡᠯ᠎ᠡ ᠲᠠᠯ᠎ᠠ ᠳ᠋ᠦ ᠬᠣᠯᠪᠣᠭᠳᠠᠵᠤ ᠂ ᠲᠥᠯᠥᠭᠡᠯᠡᠭᠴᠢᠳ ᠡᠵᠡᠨ ᠬᠥᠮᠦᠨ ᠤ ᠪᠠᠶᠢᠷᠢ ᠰᠠᠭᠤᠷᠢ ᠂ ᠥᠪᠥᠷ ᠮᠣᠩᠭᠤᠯ ᠤᠨ ᠡᠯ᠎ᠡ ᠦᠨᠳᠦᠰᠦᠲᠡᠨ ᠤ ᠠᠷᠠᠳ ᠲᠦᠮᠡᠨ ᠤ ᠬᠦᠰᠡᠯ ᠰᠠᠨᠠᠭ᠎ᠠ ᠶ᠋ᠢ ᠢᠯᠡᠳᠬᠡᠵᠡᠶ ᠃
28 ᠤ ᠡᠳᠦᠷ ᠦᠨ ᠦᠳᠡ ᠶ᠋ᠢᠨ ᠡᠮᠦᠨ᠎ᠡ ᠂ ᠬᠤᠷᠠᠯ ᠳ᠋ᠦ ᠣᠷᠣᠯᠴᠠᠭᠰᠠᠨ ᠪᠦᠬᠦ ᠲᠥᠯᠥᠭᠡᠯᠡᠭᠴᠢ ᠠᠷᠠᠳᠴᠢᠯᠠᠯ ᠤᠨ ᠠᠭᠤᠷ ᠠᠮᠢᠰᠬᠤᠯ ᠳᠤᠮᠳᠠ ᠣᠷᠣᠯᠴᠠᠭᠰᠠᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠤᠨ ᠭᠦᠢᠴᠡᠳᠬᠡᠬᠦ ᠬᠣᠷᠢᠶᠠᠨ ᠤ ᠭᠡᠰᠢᠭᠦᠨ ᠢ ᠰᠣᠩᠭᠣᠬᠤ ᠬᠡᠷᠡᠭᠲᠡᠶ ᠃ ᠤᠯᠠᠭᠠᠨᠬᠦᠦ ( ᠶᠦᠨ ᠽᠸ ) ᠂ ᠺᠦᠢ ᠪᠢ ᠂ ᠤᠯᠠᠭᠠᠨ ᠂ᠮᠧᠩᠽᠢ ᠢᠦᠢ ᠂ ᠦᠯᠵᠡᠢ ᠂ ᠬᠤᠷᠴᠠᠪᠢᠯᠢᠭ᠌᠂ ᠰᠦ ᠵᠢᠶᠠᠨ ᠰᠢᠶᠤᠤ ᠂ ᠲᠢᠶᠠᠨ ᠰᠢᠶᠸ ᠠᠨ᠂ ᠴᠧᠨ ᠪᠢᠩ ᠢᠦᠢ ᠂ ᠳ᠋ᠠᠮᠪᠠ ᠂ ᠲᠧᠷᠨᠠᠲ᠋ᠧ ᠮᠣᠳᠣᠨ ᠬᠥᠪᠴᠢ ᠼᠠᠢ ᠴᠣᠷᠵᠢ ᠂ ᠰᠠᠶ᠋ᠢ ᠰᠢ ᠶᠠᠷᠠᠺᠦ᠋ᠢ ᠂ ᠰᠦᠩ ᠵᠢᠨ ᠂ ᠰᠠ ᠮᠥ ᠫᠢ ᠂ ᠬᠠᠨ ᠰᠢᠨ ᠮᠢᠨ ᠂ ᠲᠧᠷᠨᠠᠲ᠋ᠧ ᠮᠣᠳᠣᠨ ᠬᠥᠪᠴᠢ ᠶᠦᠩ ᠷᠦᠩ ᠵᠡᠷᠭᠡ 21 ᠬᠥᠮᠦᠨ ᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠤᠨ ᠭᠦᠢᠴᠡᠳᠬᠡᠬᠦ ᠬᠣᠷᠢᠶᠠᠨ ᠤ ᠭᠡᠰᠢᠭᠦᠨ ᠮᠥᠨ ᠃ ᠡᠳᠡᠭᠡᠷ ᠭᠡᠰᠢᠭᠦᠳ ᠥᠪᠥᠷ ᠮᠣᠩᠭᠤᠯ ᠤᠨ ᠶᠡᠬᠡᠩᠬᠢ ᠬᠡᠰᠡᠭ ᠨᠢ ᠠᠶᠢᠮᠠᠭ ᠬᠣᠰᠢᠭᠤ ᠂ ᠪᠥᠭᠡᠳ ᠮᠣᠩᠭᠣᠯ ᠬᠢᠲᠠᠳ ᠵᠡᠷᠭᠡ ᠦᠨᠳᠦᠰᠦᠲᠡᠨ ᠤ ᠡᠯ᠎ᠡ ᠳᠠᠪᠬᠤᠷᠭ᠎ᠠ ᠶ᠋ᠢᠨ ᠬᠥᠮᠦᠰ ᠢ ᠪᠠᠭᠲᠠᠭᠠᠭᠰᠠᠨ ᠂ ᠡᠭᠦᠨ ᠤ ᠳᠣᠲᠣᠷ᠎ᠠ ᠠᠵᠢᠯᠴᠢᠨ ᠂ ᠵᠠᠯᠠᠭᠤ ᠰᠤᠷᠤᠭᠴᠢᠳ ᠂ ᠨᠤᠲᠤᠭ ᠤᠨ ᠡᠷᠬᠡᠲᠡᠨ ᠂ ᠸᠠᠩ ᠭᠦᠩ ᠵᠡᠷᠭᠡ ᠃ ᠢᠯᠠᠩᠭᠤᠶ᠎ᠠ ᠮᠣᠩᠭᠣᠯ ᠦᠨᠳᠦᠰᠦᠲᠡᠨ ᠭᠡᠵᠦ ᠨᠢᠭᠡ ᠡᠮᠡᠭᠲᠡᠶ ᠲᠥᠯᠥᠭᠡᠯᠡᠭᠴᠢ ᠤᠯᠠᠭᠠᠨ ᠴᠦ ᠭᠡᠰᠢᠭᠦᠨ ᠪᠥᠭᠡᠳ ᠤᠯᠠᠭᠠᠨᠬᠦᠦ ᠵᠡᠷᠭᠡᠴᠡᠭᠡ ᠫᠢᠶᠣᠣ ᠲᠡᠷᠢᠭᠦᠨ ᠳ᠋ᠤ ᠣᠷᠣᠵᠤ ᠂ ᠡᠨᠡ ᠨᠢ ᠥᠪᠥᠷ ᠮᠣᠩᠭᠤᠯ ᠤᠨ ᠲᠡᠦᠬᠡᠨ ᠳᠡᠭᠡᠷ᠎ᠡ ᠠᠩᠬ᠎ᠠ ᠤᠳᠠᠭ᠎ᠠ ᠭᠠᠷᠴᠤ ᠪᠠᠶᠢᠨ᠎ᠠ ᠃ ᠵᠠᠯᠭᠠᠭᠠᠳ ᠶᠡᠬᠡ ᠬᠤᠷᠠᠯ ᠬᠠᠯᠠᠭᠤᠨ ᠠᠭᠤᠷ ᠠᠮᠢᠰᠬᠤᠯ ᠳᠤᠮᠳᠠ ᠪᠠᠲᠤᠯᠠᠵᠤ ᠂ 《 ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠪᠠᠶᠢᠭᠤᠯᠤᠭᠳᠠᠬᠤ ᠶᠡᠬᠡ ᠬᠤᠷᠠᠯ ᠤᠨ ᠲᠤᠩᠬᠠᠭ 》 ᠂ 《 ᠪᠦᠬᠦ ᠤᠯᠤᠰ ᠲᠤ ᠲᠣᠲᠤᠭᠠᠳᠤ ᠶ᠋ᠢᠨ ᠳᠠᠶᠢᠨ ᠢ ᠡᠰᠡᠷᠭᠦᠴᠡᠬᠦ ᠴᠠᠬᠢᠯᠭᠠᠨ ᠮᠡᠳᠡᠭᠡ ᠭᠠᠷᠭᠠᠬᠤ 》 ᠂ 《 ᠲᠡᠷᠢᠭᠦᠯᠡᠭᠴᠢ ᠮᠠᠤ ᠽᠸ ᠳ᠋ᠦᠩ ᠂ ᠶᠡᠷᠦᠩᠬᠡᠶ ᠰᠧᠯᠢᠩ ᠵᠤ ᠳ᠋ᠸ ᠳ᠋ᠦ ᠴᠠᠬᠢᠯᠭᠠᠨ ᠮᠡᠳᠡᠭᠡ ᠪᠡᠷ ᠲᠠᠯᠠᠷᠬᠠᠬᠤ 》 ᠵᠡᠷᠭᠡ ᠪᠢᠴᠢᠭ ᠮᠠᠲ᠋ᠸᠷᠢᠶᠠᠯ ᠢ ᠵᠢᠭᠠᠵᠤ ᠪᠠᠶᠢᠨ᠎ᠠ ᠃ ᠥᠪᠥᠷ ᠮᠣᠩᠭᠤᠯ ᠤᠨ ᠠᠷᠠᠳ ᠲᠦᠮᠡᠨ ᠤ ᠲᠡᠦᠬᠡᠨ ᠬᠤᠪᠢ ᠵᠠᠶᠠᠭᠠᠨ ᠤ ᠰᠢᠨ᠎ᠡ ᠴᠠᠭ ᠦᠶ᠎ᠡ ᠶ᠋ᠢᠨ ᠡᠬᠢᠯᠡᠯᠲᠡ ᠶ᠋ᠢ ᠬᠠᠯᠠᠭᠤᠨ ᠢᠶᠠᠷ ᠪᠡᠯᠭᠡᠯᠡᠬᠦ》 ᠶ᠋ᠢᠨ ᠲᠥᠯᠥᠭᠡ ᠥᠷᠭᠡᠨ ᠳᠡᠯᠭᠡᠷ ᠲᠠᠢᠢᠴᠢᠯᠠᠨ ᠥᠪᠥᠷ ᠮᠣᠩᠭᠤᠯ ᠤᠨ ᠠᠷᠠᠳ ᠲᠦᠮᠡᠨ ᠤ ᠠᠷᠠᠳᠴᠢᠯᠠᠯ ᠢᠶᠠᠷ ᠥᠪᠡᠷᠲᠡᠭᠡᠨ ᠵᠠᠰᠠᠬᠤ ᠶ᠋ᠢ ᠪᠡᠶᠡᠯᠡᠭᠦᠯᠬᠦ ᠂ ᠶᠡᠬᠡ ᠬᠤᠷᠠᠯ ᠤᠨ ᠲᠥᠯᠦᠭᠡᠯᠡᠭᠴᠢᠳ ᠦᠨ ᠰᠠᠨᠠᠯ ᠨᠢᠭᠡᠲᠡᠶ ᠪᠠᠲᠤᠯᠠᠵᠤ ᠪᠠᠶᠢᠭᠤᠯᠤᠭᠳᠠᠭᠰᠠᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠣᠯᠪᠣᠭᠠᠲᠤ ᠬᠤᠷᠠᠯ ᠂ ᠥᠪᠥᠷ ᠮᠣᠩᠭᠤᠯ ᠤᠨ ᠠᠷᠠᠳ ᠤᠨ ᠦᠨᠳᠦᠰᠦᠲᠡᠨ ᠤ ᠴᠢᠯᠦᠭᠡᠯᠡᠯᠲᠡ ᠶ᠋ᠢᠨ ᠵᠠᠮ ᠪᠢᠰᠢ ᠶᠤᠮ ᠃ ᠶᠡᠬᠡ ᠬᠤᠷᠠᠯ ᠡᠴᠡ ᠰᠠᠨᠠᠯ ᠨᠢᠭᠡᠲᠡᠶ ᠬᠦᠰᠡᠬᠦ ᠨᠢ ᠂ ᠥᠪᠥᠷ ᠮᠣᠩᠭᠤᠯ ᠤᠨ ᠠᠷᠠᠳ ᠲᠦᠮᠡᠨ ᠴᠥᠮ ᠲᠤᠶᠢᠯᠪᠤᠷᠢᠲᠠᠶ ᠴᠢᠯᠦᠭᠡᠯᠡᠯᠲᠡ ᠶ᠋ᠢᠨ ᠲᠥᠯᠥᠭᠡ ᠂ ᠭᠠᠭᠴᠠ ᠬᠦ ᠳᠤᠮᠳᠠᠳᠤ ᠤᠯᠤᠰ ᠤᠨ ᠡᠪ ᠬᠠᠮᠲᠤ ᠨᠠᠮ ᠢ ᠬᠦᠷᠢᠶᠡᠯᠡᠵᠦ ᠂ ᠥᠪᠥᠷ ᠮᠣᠩᠭᠤᠯ ᠤᠨ ᠠᠷᠠᠳ ᠲᠦᠮᠡᠨ ᠤ ᠴᠢᠯᠥᠭᠡᠯᠡᠯᠲᠡ 》 ᠃ ᠶᠡᠬᠡ ᠬᠤᠷᠠᠯ ᠳ᠋ᠤ ᠣᠷᠣᠯᠴᠠᠭᠰᠠᠨ ᠲᠥᠯᠦᠭᠡᠯᠡᠭᠴᠢᠳ ᠢ ᠭᠤᠮᠢᠨᠳᠠᠩ ᠤᠨ ᠲᠣᠲᠤᠭᠠᠳᠤ ᠶ᠋ᠢᠨ ᠲᠠᠢᠢᠨ ᠳᠡᠭᠳᠡᠭᠡᠬᠦ ᠶᠠᠯᠠᠲᠤ ᠠᠵᠢᠯᠯᠠᠭ᠎ᠠ ᠶ᠋ᠢ ᠴᠢᠩᠭ᠎ᠠ ᠵᠢᠮᠡᠯᠡᠬᠦ ᠶ᠋ᠢ ᠤᠷᠢᠶᠠᠯᠠᠵᠤ ᠪᠠᠶᠢᠨ᠎ᠠ ᠂ ᠪᠦᠬᠦ ᠤᠯᠤᠰ ᠤᠨ ᠦᠨᠳᠦᠰᠦᠲᠡᠨ ᠨᠤᠭᠦᠳ