ᠶᠡᠬᠡ ᠵᠤᠤ ᠠᠶᠢᠮᠠᠭ ᠤᠨ ᠬᠡᠷᠡᠭ ᠬᠤᠪᠢᠰᠤᠯ
1939
ᠣᠨ ᠳ᠋ᠤ᠂ ᠭᠣᠮᠢᠨᠳᠠᠩ ᠤᠨ ᠲᠡᠷᠰᠡᠯᠬᠦᠦ ᠡᠲᠡᠭᠡᠳ ᠡᠴᠡ《 ᠶᠠᠫᠣᠨ ᠢ ᠨᠠᠵᠠᠭᠠᠢ ᠪᠡᠷ
ᠡᠰᠡᠷᠭᠦᠴᠡᠨ ᠂ ᠡᠪ ᠬᠠᠮᠲᠤ ᠨᠠᠮ ᠶ᠋ᠢ ᠢᠳᠡᠪᠬᠢᠲᠡᠶ ᠪᠡᠷ ᠡᠰᠡᠷᠭᠦᠴᠡᠬᠦ 》 ᠲᠦᠷᠦ ᠶ᠋ᠢᠨ
ᠪᠤᠳᠤᠯᠭ᠎ᠠ ᠶᠠᠪᠤᠭᠠᠳᠠᠭᠤᠯᠤᠨ᠂ ᠶᠡᠬᠡ ᠵᠤᠤ ᠠᠶᠢᠮᠠᠭ ᠤᠨ ᠶᠠᠫᠣᠨ ᠢ ᠡᠰᠡᠷᠭᠦᠴᠡᠬᠦ ᠴᠡᠷᠢᠭ
ᠪᠣᠯᠤᠨ ᠶᠠᠫᠣᠨ ᠢ ᠡᠰᠡᠷᠭᠦᠴᠡᠬᠦ ᠳᠠᠪᠰᠢᠯᠲᠤ ᠬᠦᠴᠦᠨ ᠢ ᠰᠢᠬᠠᠨ ᠭᠠᠷᠭᠠᠵᠤ ᠂ ᠶᠡᠬᠡ ᠵᠤᠤ
ᠠᠶᠢᠮᠠᠭ ᠤᠨ ᠡᠯ᠎ᠡ ᠦᠨᠳᠦᠰᠦᠲᠡᠨ ᠤ ᠠᠷᠠᠳ ᠲᠦᠮᠡᠨ ᠪᠠ ᠸᠠᠩ ᠭᠦᠩ ᠢ ᠡᠵᠡᠮᠰᠢᠯ ᠳ᠋ᠦ ᠪᠡᠨ
ᠤᠷᠤᠭᠤᠯᠵᠤ ᠂ ᠬᠢᠲᠠᠳ ᠤᠨ ᠳᠡᠭᠡᠷᠡᠩᠭᠦᠶ ᠦᠵᠡᠯ ᠤᠨ ᠳᠠᠷᠤᠯᠠᠯ ᠪᠠ ᠲᠡᠷᠰᠯᠡᠭᠦᠦ
ᠨᠣᠶᠠᠷᠬᠠᠯ ᠢ ᠬᠡᠷᠡᠭᠵᠢᠭᠦᠯᠬᠦ ᠭᠡᠪᠡ ᠃ 1941 ᠤᠨ ᠡᠴᠡ 1942 ᠤᠨ ᠪᠣᠯᠲᠠᠯ᠎ᠠ ᠂《 ᠲᠣᠭᠣᠷᠢᠮ
ᠢᠷᠭᠡᠨ ᠤ ᠬᠡᠷᠡᠭ ᠡᠷᠬᠢᠯᠡᠬᠦ ᠭᠠᠵᠠᠷ 》 ᠂ ᠳᠠᠯᠠᠳ ᠬᠤᠰᠢᠭᠤᠨ ᠤ《 ᠲᠠᠢᠢᠨ ᠤ ᠦᠢ᠎ᠡ ᠶ᠋ᠢᠨ ᠠᠷᠠᠳ
ᠤᠯᠠᠨ ᠤ ᠳᠤᠭᠤᠶᠢᠯᠠᠩ ᠪᠣᠯᠪᠠᠰᠤᠷᠠᠯ ᠤᠨ ᠭᠠᠵᠠᠷ 》 ᠂ 《 ᠬᠠᠩᠭᠢᠨ ᠬᠤᠰᠢᠭᠤᠨ ᠤ ᠪᠣᠷᠣᠲᠣᠬᠣᠶ
ᠣᠷᠣᠯᠠᠨ ᠬᠠᠭᠠᠯᠪᠤᠷᠢᠯᠠᠵᠤ ᠭᠠᠵᠠᠷ 》 ᠢ ᠪᠦᠬᠦ ᠠᠶᠢᠮᠠᠭ ᠤᠨ ᠬᠡᠪᠴᠢᠶᠡᠨ ᠳᠣᠲᠣᠷ᠎ᠠ ᠠᠯᠪᠠ ᠪᠠᠷ
ᠵᠣᠬᠢᠶᠠᠨ ᠪᠠᠶᠢᠭᠤᠯᠤᠭᠰᠠᠨ ᠪᠠᠶᠢᠨ᠎ᠠ᠃ ᠲᠡᠳᠡ ᠠᠯᠪᠠᠳᠠᠯᠭ᠎ᠠ ᠪᠠᠷ ᠸᠠᠩ ᠭᠦᠩ ᠪᠠ ᠠᠮᠤᠷ ᠶ᠋ᠢ
ᠬᠠᠮᠠᠭᠠᠯᠠᠬᠤ ᠴᠡᠷᠢᠭ ᠪᠠᠶᠢᠯᠳᠤᠭᠴᠢᠳ ᠶ᠋ᠢ ᠭᠣᠮᠢᠨᠳᠠᠩ ᠳ᠋ᠤ ᠤᠷᠤᠭᠤᠯᠵᠠᠢ᠃ ᠡᠳᠡᠭᠡᠷ ᠴᠡᠷᠢᠭ
ᠵᠠᠰᠠᠭ ᠤᠨ ᠪᠠᠶᠢᠭᠤᠯᠤᠯᠭ᠎ᠠ ᠪᠠ ᠳᠠᠨᠭᠨᠠᠭᠤᠯ ᠤᠨ ᠵᠣᠬᠢᠶᠠᠨ ᠪᠠᠶᠢᠭᠤᠯᠤᠯᠲᠠ ᠨᠢ ᠮᠣᠩᠭᠣᠯ
ᠬᠣᠰᠢᠭᠤᠨ ᠤ ᠳᠣᠲᠣᠭᠠᠳᠤ ᠵᠠᠰᠠᠭ ᠲᠤ ᠪᠠᠯᠠᠮᠠᠳ ᠠᠭᠠᠰᠢᠯᠠᠵᠦ ᠂ ᠮᠤᠩᠭᠤᠯ ᠬᠤᠰᠢᠭᠤᠨ ᠤ
ᠵᠠᠰᠠᠭ ᠤᠨ ᠠᠵᠢᠯ ᠳ᠋ᠤ ᠭᠠᠷ ᠳᠦᠷᠦᠬᠦ ᠶ᠋ᠢᠨ ᠬᠠᠮᠲᠤ ᠮᠣᠩᠭᠣᠯ ᠬᠣᠰᠢᠭᠤᠨ ᠤ ᠬᠠᠮᠢᠶᠠᠷᠬᠤ
ᠡᠷᠬᠡ ᠶ᠋ᠢ ᠢᠯᠡ ᠪᠡᠷ ᠡᠵᠡᠮᠰᠢᠭᠰᠡᠨ ᠪᠠᠶᠢᠨ᠎ᠠ ᠃ ᠴᠧᠨ ᠴᠠᠩ ᠵᠢᠶᠸ ᠵᠡᠷᠭᠡ ᠭᠣᠮᠢᠨᠳᠠᠩ ᠤᠨ
ᠲᠡᠷᠰᠯᠡᠭᠦᠴᠦᠳ ᠂ ᠶᠡᠬᠡ ᠵᠤᠤ ᠠᠶᠢᠮᠠᠭ ᠲᠤ ᠬᠢᠲᠠᠳ ᠤᠨ ᠳᠡᠭᠡᠷᠡᠩᠭᠦᠶ ᠦᠵᠡᠯ ᠤᠨ
ᠲᠦᠷᠦ ᠶ᠋ᠢᠨ ᠪᠤᠳᠤᠯᠭ᠎ᠠ ᠶ᠋ᠢ ᠬᠡᠷᠡᠭᠵᠢᠬᠦᠯᠵᠦ᠂ ᠮᠣᠩᠭᠣᠯ ᠦᠨᠳᠦᠰᠦᠲᠡᠨ ᠤ ᠵᠠᠩ
ᠳᠠᠳᠬᠠᠯ ᠢᠥᠯᠥ ᠬᠠᠶᠢᠬᠤᠷᠤᠨ ᠂ ᠮᠣᠩᠭᠣᠯ ᠦᠭᠡ ᠶᠠᠷᠢᠭᠤᠯᠬᠤ ᠦᠭᠡᠢ ᠂ ᠮᠣᠩᠭᠤᠯ ᠬᠤᠪᠴᠠᠰᠤ
ᠡᠮᠦᠰᠦᠭᠦᠯᠬᠦ ᠦᠭᠡᠢ ᠂ ᠴᠢᠨᠠᠭᠰᠢᠯᠠᠪᠠᠯ ᠮᠣᠩᠭᠣᠯ ᠦᠨᠳᠦᠰᠦᠲᠡᠨ ᠤ ᠵᠠᠩ ᠳᠠᠳᠬᠠᠯ ᠢ
ᠲᠤᠶᠢᠯᠪᠤᠷᠢᠲᠠᠶ ᠬᠦᠴᠦᠨ ᠦᠭᠡᠢ ᠪᠣᠯᠭᠠᠭᠰᠠᠨ ᠡᠴᠠ ᠮᠣᠩᠭᠣᠯ ᠦᠨᠳᠦᠰᠦᠲᠡᠨ ᠤ ᠠᠷᠠᠳ ᠲᠦᠮᠡᠨ ᠤ
ᠡᠰᠡᠷᠭᠦᠴᠡᠯ ᠢ ᠤᠯᠤᠭᠰᠠᠨ ᠪᠠᠶᠢᠨ᠎ᠠ ᠃ ᠭᠣᠮᠢᠨᠳᠠᠩ ᠤᠨ ᠲᠡᠷᠰᠯᠡᠬᠦᠦᠡᠲᠡᠭᠡᠳ ᠤᠨ ᠡᠳᠡᠭᠡᠷ
ᠠᠵᠢᠯᠯᠠᠭ᠎ᠠ ᠨᠢ ᠮᠣᠩᠭᠣᠯ ᠬᠤᠰᠢᠭᠤᠨ ᠤ ᠳᠡᠭᠡᠳᠦ ᠳᠠᠪᠬᠤᠷᠭᠠᠲᠠᠨ ᠬᠢᠭᠡᠳ ᠠᠷᠠᠳ ᠣᠯᠠᠨ ᠤ
ᠬᠣᠭᠣᠷᠣᠨᠳᠣᠬᠢ ᠵᠥᠷᠢᠴᠡ ᠢ ᠤᠯᠠᠮ ᠨᠢᠭᠡ ᠠᠯᠬᠤᠮ ᠬᠤᠷᠴᠠᠳᠬᠠᠭᠰᠠᠨ ᠶᠤᠮ ᠃
ᠴᠡᠷᠢᠭ ᠤᠨ
ᠶᠠᠪᠤᠳᠠᠯ ᠤᠨ ᠲᠠᠯ᠎ᠠ ᠪᠠᠷ ᠂ ᠴᠧᠨ ᠴᠠᠩ ᠵᠢᠶᠸ ᠡᠴᠠ ᠶᠡᠬᠡ ᠵᠤᠤ ᠠᠶᠢᠮᠠᠭ ᠤᠨ ᠰᠠᠬᠢᠭᠤᠯ
ᠴᠡᠷᠢᠭ ᠤᠨ ᠶᠡᠷᠦᠩᠬᠡᠶ ᠰᠧᠯᠢᠩ ᠬᠢᠭᠡᠳ ᠶᠡᠬᠡ ᠵᠤᠤ ᠠᠶᠢᠮᠠᠭ ᠤᠨ ᠠᠮᠤᠷ ᠢ ᠬᠠᠮᠠᠭᠠᠯᠠᠬᠤ
ᠨᠣᠶᠠᠳ ᠤᠨ ᠵᠠᠬᠢᠷᠭᠠᠨ ᠤ ᠳᠡᠳ᠋ ᠳᠠᠷᠤᠭ᠎ᠠ ᠶ᠋ᠢᠨ ᠲᠤᠰᠢᠶᠠᠯ ᠳ᠋ᠤ ᠭᠠᠷᠤᠭᠰᠠᠨ ᠤ ᠳᠠᠷᠠᠭ᠎ᠠ ᠂
《 ᠨᠠᠮ ᠵᠠᠰᠠᠭ ᠴᠡᠷᠢᠭ ᠤᠨ ᠨᠢᠭᠡ ᠡᠰᠢᠵᠢᠯᠳᠡ 》ᠵᠢ ᠬᠡᠷᠡᠭᠵᠢᠭᠦᠯᠦᠨ ᠂ ᠶᠡᠬᠡ ᠡᠷᠬᠡ ᠶ᠋ᠢ
ᠭᠠᠭᠴᠠᠭᠠᠷ ᠡᠵᠡᠮᠰᠢᠨ ᠂ ᠶᠡᠬᠡ ᠵᠤᠤ ᠠᠶᠢᠮᠠᠭ ᠤᠨ 《 ᠨᠤᠲᠤᠭ ᠤᠨ ᠬᠠᠭᠠᠨ 》 ᠪᠤᠯᠪᠠ ᠃ ᠲᠡᠷᠡ
ᠡᠯ᠎ᠡ ᠬᠣᠰᠢᠭᠤᠨ ᠤ ᠠᠮᠤᠷ ᠢ ᠬᠠᠮᠠᠭᠠᠯᠠᠬᠤ ᠴᠡᠷᠢᠭ ᠠᠩᠭᠢ ᠶ᠋ᠢᠨ ᠣᠷᠣᠨ ᠲᠤᠭ᠎ᠠ ᠶ᠋ᠢ
ᠬᠢᠵᠠᠭᠠᠷᠯᠠᠨ᠂ 《 ᠨᠢᠭᠡᠳᠦᠯᠲᠡᠶ ᠲᠥᠯᠥᠪᠯᠡᠵᠦ ᠂ ᠬᠣᠭᠣᠯᠠ ᠬᠦᠨᠡᠰᠦ ᠴᠤᠭᠯᠠᠭᠠᠬᠤ 》 ᠨᠡᠷ᠎ᠡ ᠪᠡᠷ
ᠴᠡᠷᠢᠭ ᠤᠨ ᠬᠦᠨᠡᠰᠦ ᠶ᠋ᠢ ᠵᠣᠭᠰᠣᠭᠠᠵᠤ ᠂ ᠠᠮᠤᠷ ᠢ ᠬᠠᠮᠠᠭᠠᠯᠠᠬᠤ ᠴᠡᠷᠢᠭ ᠠᠡᠭᠬᠢ ᠤᠨ
ᠣᠷᠣᠨ ᠨᠤᠲᠤᠭ ᠡᠴᠠ ᠲᠠᠲᠠᠪᠦᠷᠢᠯᠠᠬᠦ ᠶ᠋ᠢ ᠵᠤᠭᠰᠤᠭᠠᠭᠰᠠᠨ ᠪᠦᠭᠡᠳ ᠨᠢᠭᠡᠳᠦᠯᠲᠡᠶ
ᠲᠥᠯᠥᠪᠵᠢᠭᠦᠯᠭᠡ ᠪᠡᠷ ᠬᠤᠷᠢᠶᠠᠭᠰᠠᠨ ᠠᠮᠤ ᠬᠦᠨᠡᠰᠦ ᠶ᠋ᠢ ᠴᠤ ᠠᠮᠤᠷ ᠢ ᠬᠠᠮᠠᠭᠠᠯᠠᠬᠤ ᠴᠡᠷᠢᠭ
ᠠᠩᠭᠢ ᠳ᠋ᠦ ᠥᠭᠬᠦ ᠦᠭᠡᠢ ᠪᠤᠯᠪᠠ᠃ ᠠᠵᠤ ᠠᠬᠤᠶ ᠶ᠋ᠢᠨ ᠲᠠᠯ᠎ᠠ ᠪᠠᠷ ᠂ ᠭᠣᠮᠢᠨᠳᠠᠩ ᠤᠨ
ᠲᠡᠷᠰᠯᠡᠭᠦᠴᠦᠳ ᠵᠦᠢᠯ ᠵᠦᠢᠯ ᠤᠨ ᠠᠷᠭ᠎ᠠ ᠪᠠᠷᠢᠯ ᠢ ᠬᠡᠷᠡᠭᠯᠡᠨ ᠮᠥᠯᠵᠢᠯ ᠳᠡᠭᠡᠷᠡᠮᠳᠡᠯ ᠬᠢᠵᠦ
᠂ ᠭᠠᠶᠢᠯᠢ ᠭᠤᠪᠴᠢᠭᠤᠷ ᠢ ᠬᠦᠨᠳᠦᠷᠡᠭᠦᠯᠵᠦ ᠂ ᠲᠠᠷᠢᠶᠠᠨ ᠭᠠᠵᠠᠷ ᠢ ᠶᠡᠬᠡ ᠪᠡᠷ
ᠬᠠᠭᠠᠯᠪᠦᠷᠢᠯᠠᠨ ᠂ ᠶᠡᠬᠡ ᠵᠤᠤ ᠠᠶᠢᠮᠠᠭ ᠤᠨ ᠠᠷᠠᠳ ᠲᠦᠮᠡᠨ ᠢ ᠭᠠᠯ ᠤᠰᠤᠨ ᠤ ᠭᠠᠰᠢᠭᠤᠨ
ᠵᠣᠪᠠᠯᠠᠩ ᠳ᠋ᠤ ᠲᠦᠯᠬᠢᠨ ᠤᠷᠤᠭᠤᠯᠤᠭᠰᠠᠨ ᠶᠤᠮ ᠃
ᠴᠧᠨ ᠴᠠᠩ ᠵᠢᠶᠸ ᠡᠴᠠ ᠵᠢᠶᠠᠩ ᠵᠢᠶᠸ
ᠱᠢ ᠪᠠᠷ ᠲᠦᠰᠢᠭ ᠪᠣᠯᠭᠠᠵᠤ ᠂ ᠣᠷᠳᠣᠰ ᠤᠨ ᠳᠣᠯᠣᠭᠠᠨ ᠬᠣᠰᠢᠭᠤᠨ ᠤ ᠨᠣᠶᠠᠳ ᠵᠥᠪᠰᠢᠶᠡᠷᠡᠬᠦ
ᠡᠰᠡᠬᠦ ᠶ᠋ᠢ ᠬᠠᠶᠢᠬᠤᠷᠬᠤ ᠦᠭᠡᠢ ᠪᠠᠷ ᠭᠠᠭᠴᠠᠭᠠᠷ ᠲᠣᠯᠣᠭᠠᠶ ᠮᠡᠳᠡᠨ ᠭᠠᠳᠠᠷ ᠣᠷᠣᠨ ᠡᠴᠠ
ᠰᠢᠯᠵᠢᠨ ᠢᠷᠡᠭᠰᠡᠨ ᠲᠠᠷᠢᠶᠠᠴᠢᠨ ᠢᠶᠠᠷ《 ᠬᠠᠮᠢᠭ᠎ᠠ ᠭᠠᠵᠠᠷ ᠪᠠᠶᠢᠪᠠᠯ ᠲᠡᠷᠡ ᠭᠠᠵᠠᠷ ᠢ
ᠬᠠᠭᠠᠯᠪᠤᠷᠢᠯᠠᠬᠤ 》 ᠂ 《 ᠡᠨᠡ ᠪᠣᠯ ᠲᠥᠪ ᠬᠣᠷᠢᠶᠠᠨ ᠤ ᠵᠠᠷᠯᠢᠭ ᠂ ᠬᠡᠨ ᠲᠡᠭᠠᠬᠤ ᠤᠢᠭᠡᠢ ᠪᠣᠯ
ᠬᠡᠨ ᠢ ᠪᠠᠷᠢᠪᠴᠢᠯᠠᠨ᠎ᠠ 》 ᠭᠡᠰᠡᠨ ᠪᠠᠶᠢᠨ᠎ᠠ ᠃ ᠲᠡᠭᠦᠨ ᠡᠴᠡ ᠶᠡᠬᠡ ᠵᠤᠤ ᠠᠶᠢᠮᠠᠭ ᠤᠨ
ᠬᠡᠪᠴᠢᠶᠡᠨ ᠳ᠋ᠤ ᠪᠡᠯᠴᠢᠭᠡᠷ ᠡᠴᠠ ᠣᠪᠤᠭ᠎ᠠ ᠰᠦᠮ᠎ᠡ ᠬᠡᠶᠢᠳ ᠬᠦᠷᠲᠡᠯ᠎ᠡ ᠬᠤᠷᠢᠭᠠᠲᠤ ᠭᠠᠵᠠᠷ
ᠪᠠᠶᠢᠭᠤᠯᠵᠤ ᠂ ᠴᠢᠨᠠᠭᠰᠢᠯᠠᠨ ᠴᠢᠩᠭᠢᠰ ᠬᠠᠭᠠᠨ ᠤ ᠨᠠᠢᠮᠠᠨ ᠴᠠᠭᠠᠨ ᠭᠡᠷ ᠤᠨ ᠣᠷᠴᠢᠨ ᠳ᠋ᠠᠬᠢ
ᠬᠤᠷᠢᠭᠠᠲᠤ ᠭᠠᠵᠠᠷ ᠢ ᠴᠤ ᠬᠠᠭᠠᠯᠪᠦᠷᠢᠯᠠᠭᠰᠠᠨ ᠪᠠᠶᠢᠨ᠎ᠠ ᠃ ᠲᠡᠳᠡ ᠵᠡᠪᠰᠡᠭᠲᠦ ᠴᠡᠷᠢᠭ
ᠠᠩᠬᠢ ᠶ᠋ᠢᠨ ᠬᠠᠮᠠᠭᠠᠯᠠᠯᠲᠠ ᠳᠣᠣᠷ᠎ᠠ ᠬᠠᠭᠠᠯᠪᠦᠷᠢᠯᠠᠭᠰᠠᠨ ᠪᠣᠯᠬᠤᠷ᠂ ᠮᠠᠯᠴᠢᠳ ᠪᠠ ᠴᠡᠷᠢᠭ
ᠠᠨᠭᠬᠢ ᠶ᠋ᠢᠨ ᠬᠣᠭᠣᠷᠣᠨᠳᠣᠬᠢ ᠲᠡᠮᠡᠴᠡᠯ ᠲᠠᠰᠤᠷᠠᠯᠳ᠋ᠠ ᠭᠠᠷᠴᠤ ᠂ ᠭᠠᠷ ᠲᠠᠭᠠᠨ ᠵᠡᠪᠰᠡᠭ ᠦᠭᠡᠢ
ᠮᠠᠯᠴᠢᠳ ᠤᠨ ᠵᠡᠪᠰᠡᠭᠲᠦ ᠴᠡᠷᠢᠭ ᠠᠨᠭᠭᠢ ᠶ᠋ᠢᠨ ᠴᠡᠷᠢᠭ ᠲᠦ ᠠᠯᠠᠭᠳᠠᠭᠰᠠᠨ ᠤᠴᠢᠷ ᠶᠠᠪᠤᠳᠠᠯ
ᠵᠥᠩᠳᠡᠭᠡᠨ ᠭᠠᠷᠳᠠᠭ ᠪᠠᠶᠢᠯ᠎ᠠ ᠃
1942 11 ᠰᠠᠷ᠎ᠠ ᠶ᠋ᠢᠨ 10 ᠦ ᠦᠳᠡ ᠳ᠋ᠦ ᠂
ᠱᠠᠭᠲᠤᠷᠵᠠᠪ ᠡᠵᠡᠨ ᠴᠢᠩᠭᠢᠰ ᠤᠨ ᠣᠩᠭᠣᠨ ᠤ ᠲᠠᠬᠢᠯᠭ᠎ᠠ ᠶ᠋ᠢᠨ ᠡᠳᠦᠷ ᠢ ᠳᠠᠯᠢᠮᠳᠠᠭᠤᠯᠤᠨ᠂
ᠣᠷᠳᠣᠰ ᠤᠨ 7 ᠬᠣᠰᠢᠭᠤᠨ ᠤ ᠨᠣᠶᠠᠳ ᠢ ᠴᠤᠭᠯᠠᠭᠠᠤᠯᠤᠨ ᠬᠡᠷᠬᠢᠨ ᠭᠠᠵᠠᠷ ᠰᠢᠷᠣᠶ
ᠬᠠᠭᠠᠯᠪᠤᠷᠢᠯᠠᠬᠤ ᠲᠤᠬᠠᠢ ᠬᠤᠷᠠᠯ ᠬᠤᠷᠠᠯᠳᠤᠭᠰᠠᠨ ᠳ᠋ᠤ ᠤᠯᠠᠨ ᠢᠶᠠᠷ ᠢᠶᠡᠨ ᠭᠠᠵᠠᠷ
ᠬᠠᠭᠠᠯᠪᠤᠷᠢᠯᠠᠬᠤ ᠶ᠋ᠢ ᠡᠷᠡᠰ ᠡᠰᠡᠷᠭᠦᠴᠡᠵᠦ ᠂ ᠴᠧᠨ ᠴᠠᠩ ᠵᠢᠶᠸ ᠲᠠᠢ ᠨᠢᠭᠤᠷᠳᠡᠨ
ᠶᠠᠷᠢᠯᠴᠠᠬᠤ ᠪᠠᠷ ᠰᠢᠢᠳᠪᠡ᠃ ᠱᠠᠭᠲᠤᠷᠵᠠᠪ ᠡᠴᠠ ᠴᠧᠨ ᠴᠠᠩ ᠵᠢᠶᠸ ᠤᠨ ᠬᠠᠷᠬᠢᠰ ᠪᠠᠯᠠᠮᠠᠳ
ᠪᠠᠶᠢᠳᠠᠯ ᠢᠶᠠᠷ ᠣᠷᠳᠣᠰ ᠤᠨ ᠳᠣᠯᠣᠭᠠᠨ ᠬᠣᠰᠢᠭᠤᠨ ᠤ ᠡᠯ᠎ᠡ ᠳᠠᠪᠬᠤᠷᠭ᠎ᠠ ᠶ᠋ᠢᠨ ᠠᠷᠠᠳ
ᠲᠦᠮᠡᠨ ᠢ ᠨᠢᠳᠦᠨ ᠳ᠋ᠡᠭᠡᠨ ᠬᠠᠪᠴᠢᠬᠤ ᠦᠭᠡᠢ ᠂ ᠵᠡᠪᠰᠡᠭᠲᠦ ᠰᠦᠷᠳᠡᠭᠦᠯᠦᠯ ᠢᠶᠠᠷ ᠭᠠᠵᠠᠷ
ᠬᠠᠭᠠᠯᠪᠤᠷᠢᠯᠠᠬᠤ ᠳ᠋ᠤ ᠮᠠᠰᠢ ᠳᠤᠷ᠎ᠠ ᠦᠭᠡᠶᠢᠴᠡᠵᠦ ᠂ ᠲᠡᠷᠡ ᠬᠡᠯᠡᠯᠴᠡᠭᠡ ᠬᠢᠬᠦ ᠪᠡᠷ
ᠳᠠᠮᠵᠢᠭᠤᠯᠤᠨ ᠬᠠᠭᠠᠯᠪᠤᠷᠢᠯᠠᠬᠤ ᠶ᠋ᠢ ᠬᠣᠷᠢᠭᠯᠠᠨ ᠵᠣᠭᠰᠠᠭᠠᠵᠦ ᠴᠢᠳᠠᠬᠤ ᠦᠭᠡᠢ ᠭᠡᠳᠡᠭ ᠢ
ᠰᠡᠷᠡᠵᠦ ᠮᠡᠳᠡᠪᠡ ᠃ ᠳᠠᠷᠠᠭ᠎ᠠ ᠵᠢᠯ ᠤᠨ ᠪᠢᠯᠢᠭ ᠤᠨ ᠤᠯᠠᠷᠢᠯ ᠤᠨ ᠭᠤᠷᠪᠠᠳᠤᠭᠠᠷ
ᠰᠠᠷ᠎ᠠ ᠶ᠋ᠢᠨ ᠬᠣᠷᠢᠨ ᠨᠢᠭᠡᠨ ᠦ ᠡᠳᠦᠷ ᠂ ᠴᠢᠩᠭᠢᠰ ᠬᠠᠭᠠᠨ ᠤ ᠳᠠᠬᠢᠯᠭ᠎ᠠ ᠶ᠋ᠢᠨ ᠦᠶ᠎ᠡ ᠪᠠᠷ
ᠴᠧᠨ ᠴᠠᠩ ᠵᠢᠶᠸ ᠢᠤᠷᠢᠵᠤ ᠂ ᠤᠯᠠᠨ ᠢᠶᠠᠷ ᠢᠶᠡᠨ ᠰᠠᠨᠠᠯ ᠨᠢᠭᠡᠲᠡᠶ ᠪᠡᠷ ᠱᠠᠭᠠᠷᠳᠠᠯᠠᠭ᠎ᠠ
ᠳᠤᠷᠠᠳᠤᠨ ᠂ ᠭᠠᠵᠠᠷ ᠬᠠᠭᠠᠯᠪᠤᠷᠢᠯᠠᠬᠤ ᠶ᠋ᠢ ᠨᠢ ᠵᠣᠭᠰᠤᠭᠠᠬᠤ ᠭᠡᠪᠡ᠃ ᠬᠡᠷᠪᠡ ᠲᠡᠭᠦᠨ ᠡᠴᠡ
ᠦᠬᠦᠨ ᠪᠠᠷᠢᠮᠲᠠᠯᠠᠵᠦ ᠂ ᠨᠢᠭᠡ ᠵᠤᠷᠢᠭ ᠢᠶᠠᠷ ᠬᠠᠭᠠᠯᠪᠦᠷᠢᠯᠠᠪᠠᠯ ᠲᠡᠭᠦᠨ ᠢ ᠪᠠᠷᠢᠪᠴᠢᠯᠠᠬᠤ
ᠪᠠᠷ ᠰᠢᠢᠳᠴᠠᠢ ᠃ ᠳᠣᠯᠣᠭᠠᠨ ᠬᠣᠰᠢᠭᠤᠨ ᠡᠴᠠ ᠴᠡᠷᠢᠭ ᠮᠣᠷᠢ ᠪᠡᠯᠡᠳᠬᠡᠵᠦ ᠂ ᠵᠡᠪᠰᠡᠭᠲᠦ
ᠴᠡᠷᠢ ᠢᠶᠠᠷ ᠬᠠᠭᠠᠯᠪᠦᠷᠢᠯᠠᠬᠤ ᠶ᠋ᠢ ᠡᠰᠡᠷᠭᠦᠴᠡᠬᠦ ᠪᠡᠷ ᠲᠤᠭᠲᠠᠪᠠ ᠃
ᠲᠤᠬᠠᠢ ᠶ᠋ᠢᠨ
ᠦᠶ᠎ᠡ ᠳ᠋ᠦ ᠂ ᠭᠣᠮᠢᠨᠳᠠᠩ ᠤᠨ ᠲᠡᠷᠰᠯᠡᠭᠦᠴᠦᠳ ᠶᠡᠬᠡ ᠵᠤᠤ ᠠᠶᠢᠮᠠᠭ ᠲᠤ ᠬᠤᠯᠪᠤᠭ᠎ᠠ ᠰᠦᠯᠪᠡᠭᠡ
ᠪᠠᠶᠢᠭᠤᠯᠵᠤ ᠂᠂ ᠡᠯ᠎ᠡ ᠬᠤᠰᠢᠭᠤᠨ ᠳ᠋ᠤ ᠳᠠᠩᠨᠠᠭᠤᠯ ᠲᠣᠮᠢᠯᠠᠵᠤ ᠂ ᠲᠡᠳᠡᠨ ᠢ ᠪᠠᠶᠢᠳᠠᠯ ᠢ ᠴᠠᠭ
ᠢᠮᠠᠭᠲᠠ ᠠᠩᠬᠠᠷᠴᠤ ᠪᠠᠶᠢᠯ᠎ᠠ᠃ ᠵᠠᠰᠠᠭ᠋ᠤ ᠬᠣᠰᠢᠭᠤᠨ ᠳ᠋ᠤ ᠲᠤᠮᠢᠯᠠᠭᠰᠠᠨ ᠲᠠᠩᠨᠠᠭᠤᠯ
ᠪᠠᠶᠠᠨᠰᠠᠩ ᠨᠢ ᠠᠷᠠᠳ ᠢ ᠳᠠᠷᠤᠯᠠᠵᠦ ᠂ ᠮᠤᠩᠭᠤᠯ ᠦᠨᠳᠦᠰᠦᠲᠡᠨ ᠦ ᠪᠡᠨ ᠠᠰᠢᠭ ᠲᠤᠰᠠ ᠶ᠋ᠢ
ᠬᠤᠳᠠᠯᠳᠤᠭᠰᠠᠨ ᠠᠵᠢᠯᠯᠠᠭ᠎ᠠ ᠬᠢᠪ ᠃ ᠲᠡᠷᠡᠪᠡᠷ ᠮᠤᠩᠭᠤᠯ ᠬᠦᠮᠦᠨ ᠢᠶ᠋ᠡᠷ ᠤᠪᠯᠠᠵᠦ ᠂
ᠱᠠᠭᠲᠤᠷᠵᠠᠪ ᠪᠤᠯᠤᠨ ᠵᠠᠰᠠᠭ ᠬᠤᠰᠢᠭᠤᠨ ᠤ ᠨᠤᠶᠠᠳ ᠤᠨ ᠢᠲᠡᠭᠡᠯ ᠢ ᠤᠯᠤᠭᠰᠠᠨ ᠤ ᠳᠠᠷᠠᠭ᠎ᠠ ᠤᠷᠢᠳ
ᠬᠤᠵᠢᠳ ᠤ ᠬᠢᠯᠢ ᠳᠡᠬᠢ ᠮᠣᠩᠭᠣᠯ ᠵᠠᠰᠠᠭ ᠤᠨ ᠬᠤᠷᠠᠯ ᠤᠨ ᠡᠳ᠋ ᠤᠨ ᠶᠠᠪᠤᠳᠠᠯ ᠤᠨ ᠰᠠᠯᠠᠭᠠᠨ
ᠳᠠᠷᠤᠭ᠎ᠠ ᠂ ᠭᠤᠮᠢᠨᠳᠠᠩ ᠤᠨ ᠰᠦᠢᠶᠤᠸᠠᠨ ᠮᠤᠵᠢ ᠶ᠋ᠢᠨ ᠮᠣᠩᠭᠣᠯ ᠬᠣᠰᠢᠭᠤᠨ ᠤ ᠨᠠᠮ ᠤᠨ
ᠬᠡᠯᠲᠡᠰ ᠤᠨ ᠲᠤᠰᠬᠠᠶ ᠲᠥᠯᠥᠭᠡᠯᠡᠭᠴᠢ ᠂ ᠠᠮᠤᠷ ᠢ ᠬᠠᠮᠠᠭᠠᠯᠠᠬᠤ ᠰᠧᠯᠢᠩᠪᠦ᠋ ᠶ᠋ᠢᠨ ᠬᠣᠷᠢᠶᠠᠨ
ᠳᠠᠷᠤᠭ᠎ᠠ ᠭᠡᠬᠦ ᠮᠡᠲᠦ ᠶ᠋ᠢᠨ ᠨᠠᠶᠮᠠ ᠂ ᠶᠢᠰᠦᠨ ᠴᠢᠬᠤᠯᠠ ᠲᠤᠰᠢᠶᠠᠯ ᠢ ᠬᠠᠷᠢᠭᠤᠴᠠᠭᠰᠠᠨ
ᠪᠠᠶᠢᠨ᠎ᠠ ᠃ ᠱᠠᠭᠲᠤᠷᠵᠠᠪ ᠠᠶᠢᠮᠠᠭ ᠤᠨ ᠳᠠᠷᠤᠭ᠎ᠠ ᠨᠠᠨᠵᠢᠩ ᠪᠠ ᠴᠦᠩᠴᠢᠩ ᠳ᠋ᠦ ᠤᠴᠢᠬᠤ ᠳ᠋ᠤ
ᠪᠠᠶᠠᠨ ᠰᠠᠩ ᠡᠴᠠ ᠲᠡᠭᠦᠨ ᠦ ᠤᠷᠢᠰᠢᠭᠤᠯᠤᠭᠴᠢ ᠶ᠋ᠢᠨ ᠬᠤᠪᠢ ᠪᠠᠷ ᠲᠡᠭᠦᠨ ᠢ ᠳᠠᠭᠠᠯᠳᠤᠨ
ᠤᠯᠴᠠᠶᠢᠪᠠ ᠃ ᠪᠠᠶᠠᠨᠰᠠᠩ ᠡᠴᠠ ᠤᠷᠴᠢᠭᠤᠯᠤᠭᠴᠢ ᠶ᠋ᠢᠨ ᠭᠠᠷᠤᠯ ᠤᠨ ᠳᠦᠭᠦᠮ ᠢ ᠠᠰᠢᠭᠯᠠᠵᠤ ᠂
ᠭᠣᠮᠢᠨᠳᠠᠩ ᠤᠨ ᠳᠡᠭᠡᠳᠦ ᠵᠡᠷᠭᠡ ᠶ᠋ᠢᠨ ᠲᠤᠰᠢᠶᠠᠯᠲᠠᠳ ᠪᠠ ᠭᠣᠮᠢᠨᠳᠠᠩ ᠤᠨ ᠲᠠᠨᠭᠨᠠᠭᠤᠯ ᠤᠨ
ᠪᠠᠶᠢᠭᠤᠯᠤᠯᠭ᠎ᠠ ᠤᠨ ᠴᠡᠷᠢᠭ ᠤᠨ ᠶᠠᠪᠤᠳᠠᠯ ᠤᠨ ᠬᠣᠷᠢᠶᠠᠨ ᠤ ᠪᠠᠶᠢᠴᠠᠭᠠᠨ ᠪᠦᠷᠢᠳᠬᠡᠬᠦ
ᠠᠵᠢᠯᠳᠠᠨ ᠲᠠᠢ ᠨᠢᠭᠲᠠ ᠬᠠᠷᠢᠴᠠᠭ᠎ᠠ ᠪᠠᠶᠢᠭᠤᠯᠵᠠᠢ ᠃ ᠲᠡᠷᠡ ᠪᠠᠰᠠ ᠲᠤᠳᠤᠭᠠᠲᠤ ᠵᠠᠰᠠᠭ ᠲᠤ ᠭᠠᠷ
ᠳᠦᠷᠦᠨ ᠂ ᠭᠣᠮᠢᠨᠳᠠᠩ ᠤᠨ ᠲᠡᠷᠰᠯᠡᠭᠦᠴᠦᠳ ᠤᠨ ᠶᠡᠬᠡ ᠵᠤᠤ ᠠᠶᠢᠮᠠᠭ ᠳ᠋ᠠᠬᠢ ᠨᠢᠲᠦ ᠴᠢᠬᠢ᠃
ᠲᠡᠷᠡᠪᠡᠷ ᠬᠤᠪᠢ ᠬᠦᠮᠦᠨ ᠬᠦᠴᠦ ᠪᠡᠨ ᠥᠷᠭᠡᠳᠬᠡᠬᠦ ᠶ᠋ᠢᠨ ᠲᠥᠯᠥᠭᠡ ᠂ ᠬᠠᠶᠢᠯᠠᠰᠤᠨ ᠬᠤᠳᠠ ᠡᠴᠡ
ᠵᠦᠦ ᠳ᠋ᠠ ᠭᠤᠸᠠᠩ ᠬᠡᠮᠡᠬᠦ ᠴᠡᠷᠢᠭ ᠦᠨ ᠡᠷᠭᠡᠲᠡᠨ ᠦ ᠲᠠᠩᠨᠠᠭᠤᠯ ᠤᠨ ᠲᠦᠷᠦᠭᠦᠦ ᠶ᠋ᠢ ᠵᠠᠯᠠᠵᠦ
ᠠᠪᠴᠢᠷᠠᠵᠤ᠂ ᠱᠠᠭᠳᠤᠷᠵᠠᠪ ᠠᠶᠢᠮᠠᠭ ᠤᠨ ᠳᠠᠷᠤᠭ᠎ᠠ ᠶ᠋ᠢᠨ ᠨᠡᠷ᠎ᠡ ᠪᠡᠷ ᠲᠡᠭᠦᠨ ᠢ 《 ᠠᠮᠤᠷ ᠢ
ᠬᠠᠮᠠᠭᠠᠯᠠᠬᠤ ᠨᠣᠶᠠᠳ ᠤᠨ ᠵᠠᠬᠢᠷᠭ᠎ᠠ 》 ᠶ᠋ᠢᠨ ᠬᠣᠰᠢᠭᠤᠴᠢ ᠬᠤᠷᠠᠩᠳᠠ ᠶ᠋ᠢᠨ ᠲᠤᠰᠢᠶᠠᠯ ᠳ᠋ᠤ
ᠭᠠᠷᠭᠠᠪᠠ᠃ ᠵᠦᠦ ᠳ᠋ᠠ ᠭᠤᠤᠸᠠᠩ ᠶᠡᠭᠡ ᠵᠣᠣ ᠠᠶᠢᠮᠠᠭ ᠲᠤ ᠢᠷᠡᠭᠰᠡᠨ ᠦ ᠳᠠᠷᠠᠭ᠎ᠠ᠂
ᠭᠤᠮᠢᠭᠲᠠᠩ ᠤᠨ ᠵᠠᠰᠠᠭ ᠬᠤᠰᠢᠭᠤᠨ ᠤ ᠪᠤᠯᠪᠠᠰᠤᠷᠠᠯ ᠤᠨ ᠠᠩᠬᠢ᠂ ᠪᠠᠶᠠᠨ ᠲᠣᠯᠣᠭᠠᠶ ( ᠤᠳᠤᠭ
ᠬᠣᠰᠢᠭᠤ ) ᠪᠣᠯᠪᠠᠰᠤᠷᠠᠯ ᠤᠨ ᠠᠩᠬᠢ ᠶ᠋ᠢ ᠡᠷᠬᠢᠯᠡᠨ ᠪᠠᠶᠢᠭᠤᠯᠵᠤ ᠂ ᠲᠠᠩᠨᠠᠭᠤᠯ ᠤᠨ
ᠠᠵᠢᠯᠯᠠᠭ᠎ᠠ ᠶ᠋ᠢ ᠦᠷᠨᠢᠭᠦᠯᠵᠠᠢ ᠃ ᠡᠳᠡᠭᠡᠷ ᠲᠠᠩᠨᠠᠭᠤᠤᠯ ᠤᠨ ᠲᠦᠷᠦᠬᠦᠦ ᠶ᠋ᠢ ᠳᠠᠭᠠᠯᠳᠤᠨ
ᠶᠡᠬᠡ ᠵᠤᠤ ᠠᠶᠢᠮᠠᠭ ᠲᠤ ᠢᠷᠡᠭᠰᠡᠨ ᠵᠢᠵᠢᠭ ᠲᠠᠩᠨᠠᠭᠤᠯ ᠤᠳ ᠨᠢ ᠶᠡᠬᠡ ᠵᠤᠤ ᠠᠶᠢᠮᠠᠭ ᠤᠨ ᠡᠯ᠎ᠡ
ᠭᠠᠵᠠᠷ ᠣᠷᠣᠨ ᠪᠤᠯᠤᠨ ᠪᠠᠶᠢᠭᠤᠯᠭ᠎ᠠ ᠳ᠋ᠤ ᠲᠠᠩᠨᠠᠭᠤᠯ ᠤᠨ ᠠᠵᠢᠯᠯᠠᠭ᠎ᠠ ᠦᠷᠨᠢᠭᠦᠯᠪᠡ ᠃
ᠮᠥᠨ
ᠵᠢᠯ ᠤᠨ 11 ᠰᠠᠷ᠎ᠠ ᠳ᠋ᠤ᠂ ᠱᠠᠭᠲᠤᠷᠵᠠᠪ ᠡᠴᠠ ᠰᠦᠢᠶᠤᠸᠠᠨ ᠤ ᠬᠢᠯᠢ ᠳ᠋ᠡᠬᠢ ᠮᠣᠩᠭᠣᠯ
ᠵᠠᠰᠠᠭ ᠤᠨ ᠬᠤᠷᠠᠯ ᠤᠨ ᠰᠠᠯᠠᠭᠠᠨ ᠳᠠᠷᠤᠭ᠎ᠠ ᠾᠧ ᠱᠸᠤ ᠵᠦᠩ ᠶ᠋ᠢ ᠴᠦᠩᠴᠢᠩ ᠳ᠋ᠦ ᠲᠤᠮᠢᠯᠠᠵᠤ ᠂
ᠵᠢᠶᠠᠩ ᠵᠢᠶᠸ ᠱᠢ ᠂ ᠮᠣᠩᠭᠣᠯ ᠲᠥᠪᠡᠳ ᠤᠨ ᠬᠣᠷᠢᠶ᠎ᠠ ᠵᠢᠴᠢ ᠲᠡᠭᠦᠨ ᠤ ᠬᠣᠯᠪᠣᠭᠳᠠᠯ ᠪᠦᠬᠦᠢ
ᠪᠠᠶᠢᠭᠤᠯᠭ᠎ᠠ ᠳ᠋ᠤ ᠬᠠᠷᠢᠭᠤ ᠮᠡᠳᠡᠭᠦᠯᠦᠯᠲᠡ ᠬᠢᠵᠦ ᠂ ᠮᠣᠩᠭᠣᠯ ᠵᠠᠰᠠᠭ ᠤᠨ ᠬᠤᠷᠠᠯ ᠪᠠ
ᠰᠦᠢᠶᠤᠸᠠᠨ ᠮᠤᠵᠢ ᠶ᠋ᠢᠨ ᠵᠠᠰᠠᠭ ᠶ᠋ᠢᠨ ᠣᠷᠳᠣᠨ ᠂ ᠴᠧᠨ ᠴᠠᠩ ᠵᠢᠶᠸ ᠦ ᠬᠣᠭᠣᠷᠣᠨᠳᠣᠬᠢ
ᠬᠠᠭᠠᠯᠪᠤᠷᠢᠯᠠᠬᠤ ᠠᠰᠠᠭᠤᠳᠠᠯ ᠤᠨ ᠲᠠᠯ᠎ᠠ ᠪᠠᠷ ᠬᠢ ᠵᠠᠭᠤᠷᠠᠯᠳᠤᠭᠠᠨ ᠵᠡᠷᠭᠡ ᠶ᠋ᠢ ᠲᠣᠬᠢᠲᠠᠢ
ᠰᠢᠢᠳᠪᠦᠷᠢᠯᠡᠬᠦ ᠶ᠋ᠢ ᠱᠠᠭᠠᠷᠳᠠᠭᠰᠠᠨ ᠪᠠᠶᠢᠨ᠎ᠠ᠃ ᠲᠡᠷᠡ ᠵᠢᠯ ᠤᠨ 12 ᠰᠠᠷ᠎ᠠ ᠳ᠋ᠤ ᠂
ᠪᠠᠶᠠᠨᠰᠠᠩ ᠪᠤᠯᠤᠨ ᠪᠣᠯᠤᠨ ᠴᠧᠨ ᠴᠠᠩ ᠵᠢᠶᠸ ᠶ᠋ᠢ ᠲᠤᠮᠢᠯᠠᠵᠤ ᠭᠠᠵᠠᠷ ᠰᠢᠷᠣᠶ ᠬᠠᠭᠠᠯᠪᠤᠷᠢᠯᠠᠬᠤ
ᠠᠰᠠᠭᠤᠳᠠᠯ ᠤᠨ ᠲᠤᠬᠠᠶ ᠵᠥᠪᠳᠡᠯᠴᠡᠪᠡ ᠃ ᠱᠠᠭᠲᠤᠷᠵᠠᠪ ᠡᠴᠠ ᠪᠠᠶᠠᠨᠰᠠᠩ ᠳ᠋ᠤ᠄ 《 ᠡᠨᠡ
ᠤᠳᠠᠭ᠎ᠠ ᠴᠧᠨ ᠴᠠᠩ ᠵᠢᠶᠸ ᠤᠨ ᠣᠪᠣᠷ ᠤᠨ ᠲᠠᠯ᠎ᠠ ᠪᠠᠷ ᠬᠤᠪᠢᠷᠠᠯᠲᠠ ᠢ ᠠᠩᠬᠠᠷᠴᠤ ᠂
ᠲᠡᠭᠦᠨ ᠡᠴᠠ ᠬᠠᠭᠠᠯᠪᠦᠷᠢᠯᠠᠬᠤ ᠲᠤᠬᠠᠢ ᠦᠵᠡᠯᠲᠡ ᠨᠢ ᠬᠤᠪᠢᠷᠠᠯᠲᠠ ᠲᠠᠢ ᠡᠰᠡᠬᠦ ᠂ ᠳᠠᠬᠢᠨ
ᠵᠦᠪᠳᠡᠯᠴᠡᠬᠦ ᠤᠷᠤᠨ ᠵᠠᠢ ᠪᠠᠶᠢᠬᠤ ᠡᠰᠡᠬᠦ ᠲᠤᠬᠠᠢ ᠭᠤᠤᠯᠯᠠᠨ ᠠᠵᠢᠭᠯᠠᠨ᠎ᠠ ᠃ ᠬᠡᠷᠪᠡ
ᠦᠩᠭᠡᠷᠡᠭᠰᠡᠨ ᠡᠴᠡ ᠤᠪᠤᠷ ᠨᠢ ᠰᠠᠶᠢᠨ ᠪᠠᠶᠢᠪᠠᠯ ᠂ ᠪᠢᠳᠡ ᠪᠠᠰᠠ ᠵᠤᠬᠢᠬᠤ ᠬᠤᠪᠢᠷᠠᠯᠲᠠ ᠲᠠᠢ
ᠪᠤᠯᠤᠨ᠎ᠠ》 ᠬᠡᠮᠡᠨ ᠵᠠᠬᠢᠵᠠᠢ ᠃ ᠪᠠᠶᠠᠨᠰᠠᠩ ᠳ᠋ᠦᠩᠱᠧᠩ ᠳ᠋ᠤ ᠬᠦᠷᠦᠭᠰᠡᠨ ᠦ ᠳᠠᠷᠠᠭ᠎ᠠ ᠂
ᠦᠪᠡᠷ ᠢᠶ᠋ᠡᠨ ᠡᠵᠡᠨ ᠮᠡᠳᠡᠵᠦ ᠂᠂ ᠴᠧᠨ ᠴᠠᠩ ᠵᠢᠶᠸ ᠤᠨ ᠶᠡᠬᠡ ᠬᠡᠪᠴᠢᠶ᠎ᠡ ᠪᠡᠷ ᠠᠲᠠᠷ
ᠬᠠᠭᠠᠯᠪᠤᠷᠢᠯᠠᠵᠤ ᠶ᠋ᠢ ᠵᠥᠪᠰᠢᠶᠡᠷᠡᠭᠰᠡᠨ ᠪᠦᠭᠡᠳ ᠬᠠᠷᠢᠵᠦ ᠢᠷᠡᠭᠰᠡᠨ ᠦ ᠬᠤᠶᠢᠨ᠎ᠠ ᠦᠨᠡᠨ
ᠪᠠᠶᠢᠳᠠᠯ ᠢ ᠬᠠᠷᠢᠭᠤ ᠳᠤᠰᠬᠠᠬᠭᠰᠠᠨ ᠦᠭᠡᠢ ᠶᠤᠮ ᠃ ᠤᠳᠠᠯ ᠦᠭᠡᠢ ᠡᠨᠡᠬᠦ ᠤᠴᠢᠷ ᠨᠢ
ᠱᠠᠭᠲᠤᠷᠵᠠᠪ ᠤᠨ ᠴᠢᠬᠢᠨ ᠳ᠋ᠦ ᠤᠷᠤᠵᠦ ᠂ ᠵᠠᠰᠠᠭ ᠬᠤᠰᠢᠭᠤᠨ ᠤ ᠠᠮᠤᠷ ᠢ ᠬᠠᠮᠠᠭᠠᠯᠠᠬᠤ ᠳᠠᠷᠤᠭ᠎ᠠ
ᠪᠤᠯᠤᠨ ᠬᠤᠰᠢᠭᠤᠨ ᠤ ᠡᠯ᠎ᠡ ᠨᠤᠶᠠᠳ ᠡᠴᠠ ᠪᠠᠶᠠᠨᠰᠠᠩ ᠢ ᠨᠢᠭᠤᠴᠠ ᠪᠠᠷ ᠠᠯᠠᠬᠤ ᠰᠠᠨᠠᠯ ᠢ
ᠨᠢᠭᠡᠲᠦᠯᠲᠠᠢ ᠳᠡᠪᠰᠢᠬᠦᠯᠦᠭᠰᠡᠨ ᠪᠠᠶᠢᠨ᠎ᠠ ᠃ ᠪᠠᠶᠠᠩᠰᠠᠩ ᠡᠴᠠ ᠠᠶᠢᠮᠠᠭ ᠤᠨ ᠳᠠᠷᠠᠭ᠎ᠠ
ᠱᠠᠭᠲᠤᠷᠵᠠᠪ ᠢ ᠤᠯᠠᠨ ᠵᠢᠯ ᠳᠠᠭᠠᠭᠰᠠᠨ ᠤᠴᠢᠷ ᠲᠡᠭᠦᠨ ᠢ ᠠᠯᠠᠬᠤ ᠶᠠᠪᠤᠳᠠᠯ ᠢ ᠦᠯᠦ
ᠵᠦᠪᠰᠢᠶᠡᠷᠡᠵᠦ ᠂ ᠨᠤᠲᠤᠭ ᠲᠤ ᠨᠢ ᠬᠠᠷᠢᠭᠤᠯᠪᠠ ᠡᠶᠢᠮᠦ ᠶ᠋ᠢᠨ ᠲᠤᠯᠠᠳᠠ ᠤᠴᠢᠷᠪᠠᠲᠤ ᠪᠤᠯᠤᠤᠨᠠ
ᠯᠤᠤᠯᠠᠢ ᠡᠴᠠ ᠪᠠᠶᠠᠨᠰᠠᠩ ᠢ ᠨᠢᠭᠤᠴᠠ ᠪᠠᠷ ᠠᠯᠠᠭᠰᠠᠨ ᠪᠠᠶᠢᠨ᠎ᠠ ᠃ ᠲᠡᠳᠡ ᠬᠣᠰᠢᠭᠤ
ᠬᠠᠮᠠᠭᠠᠯᠠᠬᠤ ᠰᠠᠯᠠᠭ᠎ᠠ ᠴᠡᠷᠢᠭ ᠤᠨ ᠲᠠᠪᠤᠳᠤᠭᠠᠷ ᠰᠤᠨᠤᠮ᠎ᠠ ᠡᠴᠠ ᠱᠠᠨᠵᠢᠮᠢᠲᠢᠪ ᠂
ᠡᠷᠳᠡᠨᠢᠳᠠᠯᠠᠢ ᠂ ᠷᠠᠰᠢᠮᠠ ᠭᠤᠷᠪᠠᠨ ᠢ ᠴᠡᠷᠢᠭ ᠳᠠᠭᠠᠭᠤᠯᠵᠤ᠂ 1943 ᠤᠨ ᠤ 2 ᠰᠠᠷ᠎ᠠ ᠶ᠋ᠢᠨ
21 ᠦ ᠡᠳᠦᠷ ᠪᠠᠶᠠᠩᠠᠯ ᠤᠨ ᠡᠮᠦᠨᠡᠲᠦ ᠯᠤᠪᠲᠤ ᠪᠠᠯᠠᠷ ᠲᠤ ᠢᠤᠢ ᠯᠢᠨ ᠡᠴᠡ ᠪᠤᠴᠠᠵᠤ ᠪᠠᠶᠢᠭᠰᠠᠨ
ᠪᠠᠶᠠᠨᠰᠠᠩ ᠢ ᠠᠯᠠᠭᠰᠠᠨ ᠪᠠᠶᠢᠨ᠎ᠠ ᠃
ᠬᠡᠷᠡᠭ ᠡᠭᠦᠰᠦᠭᠰᠡᠨ ᠦ ᠳᠠᠷᠠᠭ᠎ᠠ ᠂ ᠣᠷᠳᠣᠰ
ᠠᠷᠠᠳ ᠲᠦᠮᠡᠨ ᠡᠴᠡ ᠪᠠᠶᠠᠷᠯᠠᠵᠦ᠂ ᠬᠥᠮᠦᠨ ᠤᠴᠠᠷᠠᠪᠠᠯ ᠬᠡᠯᠡᠵᠦ ᠮᠣᠳᠣ ᠦᠵᠡᠪᠡᠯ ᠪᠢᠴᠢᠵᠠᠢ ᠃
ᠠᠶᠢᠮᠠᠭ ᠤᠨ ᠳᠠᠷᠤᠭ᠎ᠠ ᠱᠠᠭᠳᠤᠷᠵᠠᠪ ᠪᠠ ᠵᠠᠰᠠᠭ ᠬᠤᠰᠢᠭᠤᠨ ᠤ ᠬᠣᠰᠢᠭᠤᠨ ᠤ ᠨᠣᠶᠠᠳ ᠤᠨ
ᠲᠡᠷᠢᠭᠦᠨ ᠴᠢᠬᠤᠯᠠ ᠡᠭᠦᠷᠭᠡ ᠨᠢ ᠲᠤᠰ ᠤᠴᠢᠷ ᠢ ᠬᠡᠷᠬᠢᠨ ᠰᠢᠶᠳᠪᠦᠷᠢᠯᠡᠬᠦ ᠲᠤᠬᠠᠶ ᠪᠤᠳᠤᠯᠬᠢᠯᠠᠯ
ᠪᠤᠯᠤᠨ᠎ᠠ᠃ ᠴᠧᠨ ᠴᠠᠩ ᠵᠢᠶᠸ ᠡᠴᠡ ᠡᠭᠦᠨ ᠢ ᠬᠠᠷᠢᠭᠤ ᠠᠪᠴᠤ ᠳᠠᠷᠤᠩᠭᠤᠶᠢᠯᠠᠬᠤ ᠶᠡᠬᠡ ᠰᠠᠶᠢᠬᠠᠨ
ᠵᠠᠪᠰᠢᠶᠠᠨ ᠬᠡᠮᠡᠨ ᠦᠵᠡᠵᠦ ᠪᠠᠶᠢᠯ᠎ᠠ ᠃ ᠲᠣᠬᠢᠶᠠᠯ ᠬᠦᠯᠢᠶᠡᠵᠦ ᠪᠠᠶᠢᠭᠰᠠᠨ ᠴᠧᠨ ᠴᠠᠩ
ᠵᠢᠶᠸ ᠳ᠋ᠤ ᠠᠪᠴᠤ ᠬᠡᠯᠡᠪᠡᠯ ᠂ ᠪᠠᠶᠠᠨᠰᠠᠩᠤᠨ ᠦᠬᠦᠯ ᠨᠢ ᠲᠡᠭᠦᠨ ᠡᠴᠡ
ᠱᠠᠭᠲᠤᠷᠵᠠᠪ ᠲᠤᠳᠠᠷᠤᠯᠲᠠ ᠦᠵᠡᠭᠦᠯᠵᠦ ᠲᠤᠬᠢᠶᠠᠯ ᠪᠤᠯᠵᠤ ᠪᠠᠶᠢᠯ᠎ᠠ᠃ ᠴᠧᠨ ᠴᠠᠩ ᠵᠢᠶᠸ ᠡᠴᠠ
ᠭᠣᠮᠢᠨᠳᠠᠩ ᠤᠨ ᠮᠣᠷᠢᠲᠤ ᠴᠡᠷᠢᠭ ᠤᠨ ᠳᠣᠯᠣᠳᠤᠭᠠᠷ ᠳ᠋ᠢᠸᠢᠽᠢ ᠢ ᠵᠠᠬᠢᠷᠤᠨ ᠵᠠᠰᠠᠭ
ᠬᠣᠰᠢᠭᠤᠨ ᠤ ᠬᠢᠵᠠᠭᠠᠷ ᠳ᠋ᠠᠬᠢ ᠡᠵᠡᠨ ᠬᠣᠷᠣᠭ᠎ᠠ ᠪᠠ ᠵᠠᠶᠢᠰᠢᠨ ᠵᠤᠤ ᠶ᠋ᠢ ᠡᠵᠡᠯᠡᠭᠰᠡᠨ
ᠪᠠᠶᠢᠨ᠎ᠠ ᠃ ᠵᠠᠰᠠᠭ ᠬᠤᠰᠢᠭᠤᠨ ᠳ᠋ᠤ ᠰᠠᠭᠤᠭ᠎ᠠ ᠪᠠᠠᠶᠨᠰᠠᠩ ᠤᠨ ᠬᠠᠮᠰᠠᠭᠠᠲᠠᠸᠠᠩ ᠯᠠᠨ ᠢᠦ (
ᠥᠭᠡᠷ᠎ᠡ ᠨᠡᠷ᠎ᠡ ᠸᠠᠩ ᠯᠢ ᠰᠢᠨ ᠂ ᠴᠧᠨ ᠴᠠᠩ ᠵᠢᠶᠸ ᠡᠴᠡ ᠲᠤᠮᠢᠯᠠᠭᠰᠠᠨ ᠮᠣᠩᠭᠣᠯ ᠵᠠᠰᠠᠭ ᠤᠨ
ᠬᠤᠷᠠᠯ ᠤᠨ ᠨᠠᠷᠢᠨ ᠪᠢᠴᠢᠭᠡᠴᠢ ) ᠂ ᠬᠥ᠋ ᠵᠤᠤ ᠵᠦᠩ ( ᠥᠭᠡᠷ᠎ᠡ ᠨᠡᠷ᠎ᠡ ᠬᠥ᠋ ᠯᠢᠸᠸ ᠰᠠᠨ ᠂
ᠶᠡᠬᠡ ᠵᠤᠤ ᠠᠶᠢᠮᠠᠭ ᠤᠨ ᠠᠮᠤᠷ ᠢ ᠬᠠᠮᠠᠭᠠᠯᠠᠬᠤ ᠨᠣᠶᠠᠳ ᠤᠨ ᠵᠠᠬᠢᠷᠭᠠᠨ ᠤ ᠳᠡᠳ᠋ ᠨᠣᠶᠠᠨ ᠂
ᠴᠧᠨ ᠴᠠᠩ ᠵᠢᠶᠸ ᠤᠨ ᠲᠡᠭᠡᠭᠡᠪᠦᠷᠢ ᠶ᠋ᠢᠨ ᠶᠡᠬᠡ ᠠᠩᠭᠢ ᠶ᠋ᠢᠨ ᠳᠠᠷᠤᠭ᠎ᠠ ᠂ ᠮᠣᠩᠭᠣᠯ
ᠵᠠᠰᠠᠭ ᠤᠨ ᠬᠤᠷᠠᠯ ᠤᠨ ᠭᠡᠰᠢᠬᠦᠨ ) ᠵᠡᠷᠭᠡ ᠬᠥᠮᠦᠰ ᠮᠣᠷᠢᠲᠤ ᠴᠡᠷᠢᠭ ᠤᠨ ᠳᠣᠯᠣᠳᠤᠭᠠᠷ
ᠳ᠋ᠢᠸᠢᠽᠢ ᠵᠢᠡᠷ ᠲᠦᠰᠢᠭ ᠪᠣᠯᠭᠠᠵᠤ ᠂《 ᠪᠠᠶᠠᠨᠰᠠᠩ ᠳ᠋ᠤ ᠦᠰᠢᠶ᠎ᠡ ᠠᠪᠴᠤ ᠦᠭᠬᠦ》 ᠬᠡᠮᠡᠨ
ᠴᠤᠤᠬᠢᠯᠳᠤᠭᠰᠠᠨ ᠪᠠᠶᠢᠨ᠎ᠠ ᠃ ᠪᠠᠴᠢᠮ ᠪᠠᠶᠢᠳᠠᠯ ᠳ᠋ᠤ ᠬᠠᠨᠳᠤᠭᠤᠯᠤᠨ ᠂ ᠤᠤᠯ ᠤᠨ ᠵᠦᠪᠳᠡᠯᠴᠡᠨ
ᠲᠤᠬᠢᠷᠠᠯᠴᠠᠭᠰᠠᠨ ᠪᠢᠯᠢᠭ ᠤᠨ ᠤᠯᠠᠷᠢᠯ ᠤᠨ ᠭᠤᠷᠪᠠᠳᠤᠭᠠᠷ ᠰᠠᠷ᠎ᠠ ᠶ᠋ᠢᠨ ᠬᠣᠷᠢᠨ ᠨᠢᠭᠡᠨ ᠦ
ᠡᠳᠦᠷ ᠴᠢᠩᠭᠢᠰ ᠬᠠᠭᠠᠨ ᠤ ᠲᠠᠬᠢᠯᠭ᠎ᠠ ᠶ᠋ᠢᠨ ᠵᠠᠪᠰᠢᠶᠠᠨ ᠢᠶ᠋ᠡᠷ ᠴᠧᠨ ᠴᠠᠩ ᠵᠢᠶᠸ ᠶ᠋ᠢᠨ ᠠᠲᠠᠷ
ᠬᠠᠭᠠᠯᠪᠤᠷᠢᠯᠠᠬᠤ ᠲᠥᠯᠥᠪᠯᠡᠭᠡ ᠨᠢ ᠬᠣᠭᠣᠰᠣᠳᠠᠭᠰᠠᠨ ᠶᠤᠮ᠃ ᠯᠤᠤᠯᠠᠢ ᠡᠴᠠ ᠵᠡᠪᠰᠡᠭ ᠠᠳᠬᠤᠵᠤ ᠂
ᠵᠡᠪᠰᠡᠭᠲᠦ ᠬᠦᠴᠦᠨ ᠢᠶᠠᠷ ᠭᠣᠮᠢᠨᠳᠠᠩ ᠤᠨ ᠳᠠᠷᠤᠩᠭᠤᠶᠢᠯᠠᠯ ᠢ ᠡᠰᠡᠷᠭᠦᠴᠡᠪᠡᠯ
ᠰᠠᠶᠢᠥᠪᠡᠷ ᠤᠨ ᠭᠠᠵᠠᠷ ᠰᠢᠷᠤᠢ ᠪᠠᠨ ᠬᠠᠮᠠᠭᠠᠯᠠᠵᠦ ᠴᠢᠳᠠᠨ᠎ᠠ ᠬᠡᠮᠡᠨ ᠦᠵᠡᠵᠦ ᠂ ᠤᠷᠢᠳᠴᠢᠯᠠᠨ
ᠪᠣᠰᠣᠯᠭ᠎ᠠ ᠭᠠᠷᠭᠠᠬᠤ ᠰᠠᠨᠠᠭᠤᠯᠭ᠎ᠠ ᠳᠤᠷᠠᠳᠪᠠ ᠃ ᠲᠡᠭᠡᠭᠡᠳ ᠵᠠᠰᠠᠭ ᠬᠣᠰᠢᠭᠤᠨ ᠤ ᠮᠠᠯᠴᠢᠳ ᠪᠠ
ᠠᠮᠤᠷ ᠢ ᠬᠠᠮᠠᠭᠠᠯᠠᠬᠤ ᠴᠡᠷᠢᠭ ᠪᠣᠯᠤᠨ ᠠᠶᠢᠮᠠᠭ ᠤᠨ ᠳᠠᠷᠤᠭ᠎ᠠ ᠱᠠᠭᠳᠤᠷᠵᠠᠪ ᠢᠶᠠᠷ
ᠲᠤᠯᠤᠭᠠᠶᠢᠯᠠᠭᠤᠯᠤᠭᠰᠠᠨ ᠨᠢᠭᠡ ᠪᠦᠯᠦᠭ ᠮᠣᠩᠭᠣᠯ ᠦᠨᠳᠦᠰᠦᠲᠡᠨ ᠤ ᠳᠡᠭᠡᠳᠦ ᠳᠠᠪᠬᠤᠷᠭᠠᠲᠠᠨ ᠲᠠᠶ
ᠬᠠᠮᠲᠤ ᠪᠣᠰᠣᠯᠭ᠎ᠠ ᠭᠠᠷᠭᠠᠭᠰᠠᠨ ᠪᠠᠶᠢᠨ᠎ᠠ ᠃
3 ᠰᠠᠷ᠎ᠠ ᠶ᠋ᠢᠨ 26 ᠦ ᠡᠳᠦᠷ ᠤᠨ
ᠥᠷᠯᠥᠭᠡ ᠶ᠋ᠢᠨ 4 ᠴᠠᠭ ᠲᠤ ᠂ ᠤᠴᠢᠷᠪᠠᠲᠤ᠂ ᠪᠠᠲᠤᠪᠠᠶᠠᠷ ᠂ ᠯᠤᠤᠯᠠᠢᠵᠡᠷᠭᠡ ᠬᠦᠮᠦᠰ ᠵᠠᠰᠠᠭ
ᠬᠤᠰᠢᠭᠤᠨ ᠤ ᠸᠠᠩ ᠤᠨ ᠬᠤᠷᠤᠭᠠᠨ ᠳ᠋ᠤ ᠠᠮᠤᠷ ᠢ ᠬᠠᠮᠠᠭᠠᠯᠠᠬᠤ ᠴᠡᠷᠢᠭ ᠠᠩᠭᠢ ᠶ᠋ᠢᠨ
ᠪᠠᠶᠢᠯᠳᠤᠭᠴᠢ ᠨᠡᠢᠢᠳᠡ 400 ᠭᠠᠷᠤᠶ ᠬᠥᠮᠦᠨ ᠢ ᠴᠤᠭᠯᠠᠭᠤᠯᠤᠨ ᠤᠷᠪᠠᠯᠭ᠎ᠠ ᠭᠠᠷᠭᠠᠭᠰᠠᠨ
ᠪᠠᠶᠢᠨ᠎ᠠ ᠃ ᠲᠡᠳᠡᠨ ᠡᠴᠡ《 ᠭᠣᠮᠢᠨᠳᠠᠩ ᠤᠨ ᠠᠲᠠᠷ ᠬᠠᠭᠠᠯᠪᠤᠷᠢᠯᠠᠬᠤ ᠢ ᠡᠷᠡᠰ ᠡᠰᠡᠷᠭᠦᠴᠡᠵᠦ ᠂
ᠬᠠᠳᠤᠯᠠᠩ ᠪᠡᠯᠴᠢᠭᠡᠷ᠂ ᠠᠮᠢ ᠠᠬᠤᠢ ᠶ᠋ᠢ ᠬᠠᠮᠠᠭᠠᠯᠠᠨ᠎ᠠ 》 ᠬᠡᠮᠡᠨ ᠲᠠᠩᠭᠠᠷᠢᠭᠯᠠᠵᠦ᠂ ᠥᠤᠤ
ᠵᠡᠪᠰᠡᠭ ᠬᠦᠳᠡᠯᠭᠡᠬᠦ ᠦᠭᠡᠢ ᠪᠡᠷ ᠭᠤᠮᠢᠨᠳᠠᠩ ᠤᠨ ᠡᠯ᠎ᠡ ᠪᠠᠶᠢᠭᠤᠯᠤᠭ᠎ᠠ ᠶ᠋ᠢᠨ ᠳᠦᠷᠦᠬᠦᠦ ᠶ᠋ᠢ
ᠪᠠᠷᠢᠪᠴᠢᠯᠠᠨ ᠂ ᠵᠦᠪᠯᠡᠯᠴᠡᠭᠡᠷ ᠬᠢᠵᠦ ᠂ ᠠᠲᠠᠷ ᠬᠠᠭᠠᠯᠪᠦᠷᠢᠯᠠᠬᠤ ᠶ᠋ᠢ ᠵᠤᠭᠰᠤᠭᠠᠬᠤ ᠪᠠᠷ
ᠲᠤᠬᠢᠷᠠᠯᠴᠠᠪᠠ ᠃ ᠲᠤᠰ ᠡᠳᠦᠷ ᠤᠨ ᠣᠷᠣᠶ ᠱᠠ ᠸᠠᠩ ᠤᠨ ᠤᠷᠳᠤᠨ ᠢ ᠬᠤᠷᠠᠯ ᠬᠤᠷᠠᠯᠳᠤᠭᠤᠯᠵᠤ ᠂
ᠮᠣᠩᠭᠣᠯ ᠵᠠᠰᠠᠭ ᠤᠨ ᠬᠤᠷᠠᠯ ᠤᠨ ᠭᠡᠰᠢᠭᠦᠳ ᠪᠤᠯᠤᠨ ᠵᠠᠰᠠᠭ ᠬᠣᠰᠢᠭᠤᠨ ᠤ ᠨᠣᠶᠠᠳ ᠣᠷᠣᠯᠴᠠᠭᠰᠠᠨ
ᠪᠠᠴᠢᠮ ᠬᠣᠯᠪᠣᠭᠠᠲᠤ ᠬᠤᠷᠠᠯᠳᠤᠭᠠᠨ ᠶᠠᠪᠤᠭᠳᠠᠭᠤᠯᠵᠠᠢ ᠃ ᠬᠤᠷᠠᠯ ᠡᠴᠠ ᠤᠳᠤᠬᠢ ᠪᠠᠶᠢᠳᠠᠯ ᠢ
ᠬᠡᠷᠬᠢᠨ ᠠᠷᠭᠠᠴᠠᠬᠤ ᠲᠤᠬᠠᠶ ᠶᠠᠷᠢᠯᠴᠠᠪᠠ ᠃ ᠢᠩᠬᠢᠵᠦ ᠭᠣᠮᠢᠨᠳᠠᠩ ᠤᠨ ᠲᠥᠪ ᠬᠣᠷᠢᠶᠠᠨ ᠳ᠋ᠤ
ᠴᠠᠬᠢᠯᠭᠠᠨ ᠮᠡᠳᠡᠭᠡ ᠢᠯᠡᠭᠡᠵᠦ ᠂ ᠬᠡᠷᠡᠭ ᠬᠤᠪᠢᠰᠤᠯ ᠤᠨ ᠰᠢᠯᠲᠠᠭᠠᠨ ᠶ᠋ᠢ ᠲᠠᠶᠢᠯᠪᠦᠷᠢᠯᠠᠬᠤ ᠃
ᠳᠠᠷᠤᠶ ᠲᠦᠷᠭᠡᠨ ᠠᠷᠭ᠎ᠠ ᠠᠪᠴᠠᠯ ᠠᠪᠴᠤ᠂ ᠨᠠᠶᠢᠷᠠᠮᠳᠠᠯ ᠢᠶ᠋ᠡᠷ ᠰᠢᠢᠳᠪᠦᠷᠢᠯᠡᠵᠦ ᠂ ᠠᠳᠡᠷ
ᠬᠠᠭᠠᠯᠪᠤᠷᠢᠯᠠᠬᠤ ᠶ᠋ᠢ ᠵᠤᠭᠰᠤᠭᠠᠬᠤ ᠃ ᠳ᠋ᠧᠩ ᠪᠦᠦ ᠱᠠᠨ ᠂ ᠭᠤᠤ ᠱᠤᠸᠠᠩ ᠳ᠋ᠤ ᠴᠢᠬᠢᠯᠭᠠᠨ
ᠮᠡᠳᠡᠭᠡ ᠶᠠᠪᠤᠭᠤᠯᠵᠤ ᠂ ᠴᠧᠨ ᠴᠠᠩ ᠵᠢᠶᠸ ᠶ᠋ᠢ ᠢᠳᠬᠠᠬᠤ ᠪᠠᠷ ᠳᠠᠮᠵᠢᠨ ᠂ ᠨᠠᠶᠢᠷᠠᠮᠳᠠᠯ ᠢᠶᠠᠷ
ᠰᠢᠢᠳᠪᠦᠷᠢᠯᠡᠬᠦ ᠃ ᠫᠢᠤᠨᠧᠷ ᠵᠦᠨ ᠢᠢᠦᠢ ᠯᠢᠨ ᠳ᠋ᠦ ᠲᠤᠮᠢᠯᠠᠵᠤ ᠂ ᠳ᠋ᠧᠩ ᠪᠦᠦ ᠱᠠᠨ ᠲᠠᠢ
ᠬᠣᠯᠪᠣᠭ᠎ᠠ ᠠᠪᠤᠭᠤᠯᠵᠤ ᠂ ᠡᠪᠯᠡᠷᠡᠭᠦᠯᠬᠦ ᠠᠵᠢᠯ ᠬᠢᠬᠦ ᠃ ᠡᠾᠸ ᠵᠢᠢ ᠱᠸᠦ ᠶ᠋ᠢ
ᠭᠣᠮᠢᠨᠳᠠᠩ ᠤᠨ ᠮᠣᠷᠢᠲᠤ ᠴᠡᠷᠢᠭ ᠤᠨ ᠳᠣᠯᠣᠳᠤᠭᠠᠷ ᠳ᠋ᠢᠸᠢᠽᠢ ᠳ᠋ᠤ ᠲᠤᠮᠢᠯᠠᠨ ᠂ ᠵᠠᠰᠠᠭ
ᠬᠤᠰᠢᠭᠤᠨ ᠳ᠋ᠤ ᠦᠯᠦ ᠬᠠᠯᠳᠠᠬᠤ ᠶ᠋ᠢ ᠪᠠᠲᠤᠯᠠᠬᠤ ᠵᠡᠷᠭᠡ ᠶ᠋ᠢ ᠬᠤᠷᠠᠯ ᠡᠴᠠ ᠲᠤᠭᠲᠠᠭᠰᠠᠨ
ᠪᠠᠶᠢᠨ᠎ᠠ ᠃
ᠮᠣᠷᠢᠲᠤ ᠴᠡᠷᠢᠭ ᠤᠨ ᠳᠣᠯᠣᠳᠤᠭᠠᠷ ᠳ᠋ᠢᠸᠢᠽᠢ ᠳ᠋ᠤ ᠲᠣᠮᠢᠯᠠᠭᠰᠠᠨ
ᠬᠦᠮᠦᠨ ᠢ ᠨᠦᠭᠦᠭᠡ ᠲᠠᠯ᠎ᠠ ᠡᠴᠠ ᠪᠠᠷᠢᠪᠴᠢᠯᠠᠨ ᠂ ᠪᠤᠴᠠᠨ ᠬᠠᠷᠢᠭᠤᠯᠤᠭᠰᠠᠨ ᠦᠭᠡᠢ ᠃ 4
ᠰᠠᠷ᠎ᠠ ᠶ᠋ᠢᠨ 1 ᠦ ᠡᠳᠦᠷ ᠂ ᠴᠧᠨ ᠴᠠᠩ ᠵᠢᠶᠸ ᠭᠡᠨᠡᠳᠲᠡ ᠱᠠ ᠸᠠᠩ ᠳ᠋ᠦ ᠴᠠᠬᠢᠯᠭᠠᠨ ᠮᠡᠳᠡᠭᠡ
ᠢᠷᠡᠭᠦᠯᠵᠦ᠂ ᠨᠠᠶᠢᠷᠠᠮᠳᠠᠯ ᠢᠶᠠᠷ ᠰᠢᠶᠳᠪᠦᠷᠢᠯᠡᠬᠦ ᠲᠤᠬᠠᠢ ᠵᠦᠪᠰᠢᠶᠡᠷᠡᠬᠦ ᠰᠠᠨᠠᠯ ᠢ
ᠶᠠᠷᠢᠵᠤ᠂ ᠵᠠᠰᠠᠭ ᠬᠤᠰᠢᠭᠤᠨ ᠤ ᠠᠮᠤᠷ ᠢ ᠬᠠᠮᠠᠭᠠᠯᠠᠬᠤ ᠠᠨᠭᠭᠢ ᠪᠦᠷᠢᠮᠦᠰᠦᠨ ᠤᠬᠤᠷᠢᠨ
ᠭᠠᠷᠭᠠᠬᠤ ᠪᠠᠷ ᠨᠦᠭᠦᠴᠡᠯ ᠪᠤᠯᠭᠠᠬᠤ ᠲᠤᠬᠠᠢ ᠳᠤᠷᠠᠳᠤᠭᠰᠠᠨ ᠪᠠᠶᠢᠨ᠎ᠠ᠃ ᠠᠶᠢᠮᠠᠭ ᠤᠨ ᠳᠠᠷᠤᠭ᠎ᠠ
ᠱᠠᠭᠳᠤᠷᠵᠠᠪ ᠪᠤᠯᠤᠨᠵᠠᠰᠠᠭ ᠬᠤᠰᠢᠭᠤᠨ ᠤ ᠡᠯ᠎ᠡ ᠨᠣᠶᠠᠨ᠂ ᠴᠡᠷᠢᠭ ᠠᠷᠠᠳ ᠡᠴᠡ ᠲᠡᠭᠦᠨ ᠦ ᠨᠤᠶᠠᠳ
ᠲᠦᠰᠢᠮᠡᠯ ᠪᠠ ᠠᠷᠠᠳ ᠤᠨ ᠵᠡᠪᠰᠡᠭᠲᠦ ᠬᠦᠴᠦᠨ ᠢ ᠠᠷᠢᠯᠴᠠᠭᠠᠵᠤ ᠂ ᠴᠡᠷᠢᠭ ᠠᠷᠠᠳ ᠢ ᠬᠠᠮᠲᠤ
ᠳ᠋ᠤᠨᠢ ᠤᠰᠠᠳᠬᠠᠬᠤ ᠣᠪ ᠮᠡᠬᠡ ᠶ᠋ᠢ ᠮᠡᠳᠡᠭᠰᠡᠨ ᠤᠴᠢᠷ ᠲᠡᠭᠦᠨ ᠦ ᠱᠠᠭᠠᠷᠳᠠᠯᠭ᠎ᠠ ᠶ᠋ᠢ
ᠵᠦᠪᠰᠢᠶᠡᠷᠡᠭᠰᠡᠨ ᠦᠭᠡᠢ ᠪᠠᠶᠢᠯ᠎ᠠ ᠃
4
ᠰᠠᠷ᠎ᠠ ᠶ᠋ᠢᠨ 2 ᠤ ᠡᠳᠦᠷ ᠂ ᠭᠣᠮᠢᠨᠳᠠᠩ ᠤᠨ ᠮᠣᠷᠢᠲᠤ ᠴᠡᠷᠢᠭ ᠤᠨ ᠳᠣᠯᠣᠳᠤᠭᠠᠷ
ᠳ᠋ᠢᠸᠢᠽᠢ ᠤᠨ ᠬᠣᠷᠢᠳᠤᠭᠠᠷ ᠬᠣᠷᠢᠶ᠎ᠠ ᠤᠨ ᠾᠧ ᠳ᠋ᠢ ᠭᠤᠸᠠᠩ ᠡᠴᠠ ᠭᠡᠨᠡᠳᠲᠡ ᠸᠠᠩ ᠤᠨ
ᠬᠣᠷᠣᠭ᠎ᠠ ᠶ᠋ᠢ ᠪᠦᠰᠡᠯᠡᠨ ᠠᠪᠤᠪᠠ ᠃ ᠬᠣᠶᠠᠷ ᠲᠠᠯ᠎ᠠ ᠪᠠᠷ ᠪᠠᠨ ᠪᠦᠲᠦᠨ ᠡᠳᠦᠷ ᠪᠠᠶᠢᠯᠳᠤᠵᠤ ᠂
ᠨᠡᠬᠡᠮᠵᠢᠯᠡᠨ ᠴᠣᠬᠢᠬᠤ ᠪᠠᠶᠢᠯᠳᠤᠭᠠᠨ ᠳ᠋ᠤ ᠬᠡᠷᠡᠭᠯᠡᠬᠦ ᠫᠤᠤ ᠶ᠋ᠢ ᠴᠤ ᠬᠡᠷᠡᠭᠯᠡᠪᠡ ᠃
ᠠᠮᠤᠷ ᠢ ᠬᠠᠮᠠᠭᠠᠯᠠᠬᠤ ᠴᠡᠷᠢᠭ ᠪᠠᠶᠢᠯᠳᠤᠭᠴᠢᠳ ᠨᠢ ᠶᠡᠷᠦ ᠡᠴᠡ ᠡᠶᠢᠮᠦ ᠶᠡᠬᠡ
ᠪᠠᠶᠢᠯᠳᠤᠭᠠᠨ ᠳ᠋ᠦ ᠣᠷᠣᠯᠴᠠᠭᠰᠠᠨ ᠦᠭᠡᠶ ᠪᠠᠶᠢᠭᠰᠠᠨ ᠴᠤ ᠨᠢᠭᠡᠳ ᠨᠢᠭᠡ ᠪᠡᠷ ᠪᠠᠨ ᠲᠤᠶᠢᠯ ᠤᠨ
ᠡᠷᠡᠯᠬᠡᠭ ᠪᠠᠭᠠᠲᠤᠷᠯᠢᠭ ᠪᠠᠶᠢᠯ᠎ᠠ᠃ ᠠᠮᠤᠷ ᠢ ᠬᠠᠮᠠᠭᠠᠯᠠᠬᠤ ᠠᠨᠭᠭᠢ ᠶ᠋ᠢᠨ ᠡᠷᠡᠯᠬᠡᠭ
ᠪᠠᠭᠠᠲᠤᠷᠯᠢᠭ ᠪᠡᠷ ᠲᠡᠮᠡᠴᠡᠭᠰᠡᠨ ᠦ ᠳ᠋ᠦᠩ ᠳ᠋ᠦ ᠂ ᠳᠠᠶᠢᠰᠤᠨ ᠤ ᠰᠢᠷᠬᠠᠲᠤᠯ ᠬᠡᠴᠡᠬᠦᠦ
ᠪᠠᠶᠢᠯ᠎ᠠ᠃ ᠲᠤᠰ ᠡᠳᠦᠷ ᠤᠨ ᠦᠳᠡ ᠶ᠋ᠢᠨ ᠬᠣᠶᠢᠨᠠ ᠂ ᠭᠣᠮᠢᠨᠳᠠᠩ ᠤᠨ ᠴᠡᠷᠢᠭ ᠤᠨ ᠬᠣᠭᠣᠯᠠ
ᠢᠳᠡᠬᠦ ᠵᠠᠪᠰᠢᠶᠠᠨ ᠢ ᠳᠠᠯᠢᠮᠳᠠᠭᠤᠯᠤᠨ ᠂ ᠱᠠ ᠸᠠᠩ ᠰᠡᠩᠳᠡ ᠮᠡᠩᠳᠡ ᠴᠢᠬᠤᠯᠠ ᠪᠢᠴᠢᠭ ᠬᠠᠷ᠎ᠠ ᠂
ᠳᠠᠩᠰᠠ ᠡᠪᠬᠡᠮᠡᠯ ᠪᠠ ᠳᠠᠷᠤᠮᠠᠯᠠᠯ ᠪᠡᠨ ᠡᠮᠬᠢᠯᠡᠨ ᠠᠪᠴᠤ ᠂ ᠭᠡᠷ ᠪᠦᠯᠢ ᠪᠣᠯᠤᠨ ᠭᠤᠴᠢ ᠭᠠᠷᠤᠶ
ᠴᠡᠷᠢᠭ ᠢᠶᠡᠨ ᠠᠪᠴᠤ ᠂ ᠰᠢᠭᠤᠷᠭᠠᠨ ᠳᠤᠮᠳᠠᠭᠤᠷ ᠤᠬᠤᠷᠢᠨ ᠭᠠᠷᠤᠭᠰᠠᠨ ᠪᠠᠶᠢᠨ᠎ᠠ᠃ ᠤᠴᠢᠷᠪᠠᠲᠤ
ᠪᠠ ᠠᠮᠤᠷ ᠢ ᠬᠠᠮᠠᠭᠠᠯᠠᠬᠤ ᠴᠡᠷᠢᠭ ᠴᠦ ᠤᠷᠢᠳ ᠬᠣᠵᠢᠳ ᠤᠬᠤᠷᠢᠨ ᠭᠠᠷᠴᠠᠢ ᠃ 4 ᠰᠠᠷ᠎ᠠ ᠶ᠋ᠢᠨ
2 ᠦᠡᠳᠦᠷ ᠂ ᠲᠡᠳᠡ ᠲᠠᠶᠢᠭ᠎ᠠ ᠰᠦᠮ᠎ᠡ ᠶ᠋ᠢᠨ ᠪᠠᠷᠠᠭᠤᠨ ᠬᠠᠭᠤᠴᠢᠨ ᠳ᠋ᠤ ᠤᠢ ᠰᠢᠭᠤᠶ ᠶᠢᠨ
ᠲᠤᠲᠤᠷ᠎ᠠ ᠬᠤᠨᠤᠭᠯᠠᠵᠤ ᠂ 4 ᠰᠠᠷ᠎ᠠ ᠶ᠋ᠢᠨ 3 ᠦ ᠡᠳᠦᠷ ᠮᠠᠯᠴᠢᠨ ᠤ ᠭᠡᠷ ᠲᠦ ᠬᠤᠨᠤᠭᠯᠠᠵᠤ ᠂
ᠦᠷᠭᠦᠯᠵᠢᠯᠡᠨ ᠪᠠᠷᠠᠭᠤᠨᠰᠢ ᠤᠷᠤᠭᠰᠢᠯᠠᠭᠰᠠᠨ ᠪᠠᠶᠢᠨ᠎ᠠ ᠃ 4 ᠰᠠᠷ᠎ᠠ ᠶ᠋ᠢᠨ 5 ᠦ ᠡᠳᠦᠷ ᠂ ᠱᠠ
ᠸᠠᠩ ᠵᠡᠷᠭᠡ ᠬᠦᠮᠦᠰ ᠦᠦᠰᠢᠨ ᠬᠤᠰᠢᠭᠤᠨ ᠳ᠋ᠤ ᠬᠦᠷᠴᠦ ᠮᠠᠯᠴᠢᠨ ᠦᠯᠵᠡᠢ ᠪᠢᠯᠢᠭᠲᠦ ᠶ᠋ᠢᠨ
ᠭᠡᠷ ᠲᠦᠭᠡᠷ ᠭᠤᠷᠪᠠᠨ ᠡᠳᠦᠷ ᠰᠠᠭᠤᠵᠠᠶ ᠃ ᠡᠨᠡ ᠬᠤᠭᠤᠴᠠᠭᠠᠨ ᠳ᠋ᠦ ᠪᠤᠭᠤᠲᠤ ᠶ᠋ᠢᠨ ᠬᠠᠭᠤᠷᠮᠠᠭ
ᠮᠣᠩᠭᠣᠯ ᠤᠨ ᠵᠠᠰᠠᠭ ᠤᠨ ᠣᠷᠳᠣᠨ ᠤ ᠰᠠᠭᠤᠭ᠎ᠠ ᠪᠦᠯᠦᠭ ᠵᠠᠰᠠᠭ ᠬᠣᠰᠢᠭᠤᠨ ᠤ
ᠯᠣᠪᠰᠠᠩᠳᠠᠨᠵᠢᠨ ᠡᠴᠠ ᠱᠠ ᠸᠠᠩ ᠢ ᠢᠳᠬᠠᠨ ᠪᠤᠭᠤᠲᠤ ᠤᠷᠤᠭᠤ ᠶᠠᠪᠤᠭᠤᠯᠪᠠ᠃ ᠱᠠ ᠸᠠᠩ ᠡᠷᠡᠰ
ᠲᠡᠪᠴᠢᠵᠦ ᠂ ᠪᠠᠷᠠᠭᠤᠨ ᠦᠦᠰᠢᠨ ᠬᠤᠰᠢᠭᠤᠨ ᠤ ᠡᠪ ᠬᠠᠮᠲᠤ ᠨᠠᠮ ᠲᠠᠶ ᠬᠣᠯᠪᠣᠭ᠎ᠠ ᠠᠪᠤᠪᠠ᠃ ᠱᠠ
ᠸᠠᠩ ᠡᠴᠠ ᠪᠠᠨᠰᠡᠸᠷ ᠢ ᠲᠤᠮᠢᠯᠠᠨ ᠪᠠᠷᠠᠭᠤᠨ ᠦᠦᠰᠢᠨ ᠤ ᠴᠢᠯᠥᠭᠡᠯᠡᠭᠳᠡᠭᠰᠡᠨ ᠣᠷᠣᠨ ᠪᠠᠲᠤ ᠶ᠋ᠢᠨ
ᠳᠤᠬᠤᠢ ᠳ᠋ᠤ ᠶᠠᠪᠤᠭᠤᠯᠵᠤ ᠂ ᠡᠪ ᠬᠠᠮᠲᠤ ᠨᠠᠮ ᠲᠠᠶ ᠬᠠᠷᠢᠯᠴᠠᠭ᠎ᠠ ᠠᠪᠤᠪᠠ᠃ ᠠᠯᠪᠠᠨ
ᠵᠠᠬᠢᠳᠠᠯ ᠳ᠋ᠤ ᠪᠢᠴᠢᠭᠰᠡᠨ ᠨᠢ ᠄ 《 ᠪᠢᠳᠡ ᠭᠣᠮᠢᠨᠳᠠᠩ ᠤᠨ ᠠᠲᠠᠷ ᠬᠠᠭᠠᠯᠪᠤᠷᠢᠯᠠᠬᠤ ᠶ᠋ᠢ
ᠡᠰᠡᠷᠭᠦᠴᠡᠵᠦ ᠂ ᠵᠡᠪᠰᠡᠭᠲᠦ ᠮᠥᠷᠭᠥᠯᠳᠦᠭᠡᠨ ᠡᠭᠦᠰᠬᠡᠭᠰᠡᠨ ᠲᠤᠯᠠ ᠡᠷᠬᠢᠮ ᠨᠠᠮ ᠡᠴᠠ
ᠪᠢᠳᠡ ᠢ ᠬᠠᠪᠰᠤᠷᠴᠤ ᠭᠣᠮᠢᠨᠳᠠᠩ ᠤᠨ ᠴᠡᠷᠢᠭ ᠶ᠋ᠢ ᠴᠣᠬᠢ ᠤᠬᠤᠷᠢᠭᠤᠯᠬᠤ ᠶ᠋ᠢ ᠬᠦᠰᠡᠵᠦ
ᠪᠠᠶᠢᠨ᠎ᠠ 》 ᠭᠡᠵᠡᠢ ᠃ 4 ᠰᠠᠷ᠎ᠠ ᠶ᠋ᠢᠨ 9 ᠦ ᠡᠳᠦᠷ ᠂ ᠱᠠ ᠸᠠᠩ ᠲᠡᠨᠳᠡ ᠡᠴᠡ ᠮᠣᠷᠳᠠᠵᠤ ᠂ 4
ᠰᠠᠷ᠎ᠠ ᠶ᠋ᠢᠨ ᠳᠤᠮᠳᠠᠴᠢ ᠪᠠᠷ ᠤᠳᠤᠭ ᠬᠤᠰᠢᠭᠤᠨ ᠤ ᠰᠦᠮᠡᠳᠦ ᠪᠠᠲᠤ ( ᠥᠭᠡᠷ᠎ᠡ ᠪᠡᠷ ᠬᠡᠯᠡᠪᠡᠯ
ᠪᠠᠲᠤ ᠤᠴᠢᠷ ) ᠭᠡᠷ ᠨᠢ ᠰᠠᠷ᠎ᠠ ᠰᠢᠬᠠᠮ ᠴᠠᠭ ᠪᠤᠯᠤᠭᠰᠠᠨ ᠪᠠᠶᠢᠵᠠᠢ᠃
ᠲᠤᠬᠠᠶ ᠶ᠋ᠢᠨ
ᠦᠶ᠎ᠡ ᠳ᠋ᠦ ᠴᠧᠨ ᠴᠠᠩ ᠵᠢᠶᠸ ᠤᠨ ᠬᠠᠲᠠᠭᠤ ᠰᠢᠷᠦᠭᠦᠨ ᠮᠥᠯᠵᠢᠯ ᠳᠠᠷᠤᠯᠠᠯ ᠢ ᠦᠦᠰᠢᠨ
ᠬᠤᠰᠢᠭᠤᠨ ᠤ ᠴᠡᠷᠢᠭ ᠠᠷᠠᠳ ᠠᠲᠠᠷ ᠬᠠᠭᠠᠯᠪᠤᠷᠢᠯᠠᠬᠤ ᠵᠡᠪᠰᠡᠭᠲᠤ ᠲᠡᠮᠡᠴᠡᠯ ᠳ᠋ᠦ
ᠬᠠᠮᠵᠢᠯᠴᠠᠬᠤ ᠶ᠋ᠢᠨ ᠲᠥᠯᠥᠭᠡ ᠂ ᠪᠥᠬᠥ ᠠᠶᠢᠮᠠᠭ ᠠᠯᠢ ᠡᠷᠲᠡ ᠨᠢᠭᠤᠴᠠ ᠪᠠᠷ ᠪᠡᠯᠡᠳᠬᠡᠯ ᠬᠢᠵᠦ
ᠪᠠᠶᠢᠪᠠ ᠃ ᠱᠠ ᠸᠠᠩ ᠢᠶᠠᠷ ᠲᠣᠯᠣᠭᠠᠶᠢᠯᠠᠭᠤᠯᠤᠭᠰᠠᠨ ᠵᠠᠰᠠᠭ ᠬᠤᠰᠢᠭᠤᠨ ᠤ ᠴᠠᠷᠢᠭᠠᠨ ᠠᠷᠠᠳ
ᠠᠲᠠᠷ ᠬᠠᠭᠠᠯᠪᠤᠷᠢᠯᠠᠬᠤ ᠢ ᠬᠣᠷᠢᠭᠯᠠᠬᠤ ᠶ᠋ᠢᠨ ᠲᠥᠯᠥᠭᠡ ᠂ 3 ᠰᠠᠷ᠎ᠠ ᠶ᠋ᠢᠨ 26 ᠶ᠋ᠢᠨ ᠬᠡᠷᠡᠭ
ᠬᠤᠪᠢᠰᠤᠯ ᠤᠨ ᠴᠢᠮᠡᠭᠡ ᠶ᠋ᠢ ᠰᠤᠨᠤᠰᠤᠭᠰᠠᠨ ᠤ ᠳᠠᠷᠠᠭ᠎ᠠ ᠂ ᠡᠪ ᠬᠠᠮᠲᠤ ᠨᠠᠮ ᠤᠨ ᠰᠢᠭᠤᠳ
ᠤᠳᠤᠷᠢᠳᠤᠯᠭ᠎ᠠ ᠳᠣᠣᠷ᠎ᠠ ᠦᠦᠰᠢᠨ ᠬᠤᠰᠢᠭᠤᠨ ᠳ᠋ᠤ ᠵᠡᠪᠰᠡᠭᠲᠦ ᠪᠣᠰᠣᠯᠭ᠎ᠠ ᠭᠠᠷᠭᠠᠭᠰᠠᠨ
ᠪᠠᠶᠢᠨ᠎ᠠ ᠃
4ᠰᠠᠷ᠎ᠠ ᠶ᠋ᠢᠨ 6 ᠦ ᠤᠷᠤᠢ ᠂ ᠴᠢ ᠵᠢᠢ ᠱᠠᠨ ᠡᠴᠠ ᠭᠦᠩᠴᠢᠭ ᠳᠤᠩᠷᠤᠪ ᠂
ᠪᠠᠲᠤᠪᠠᠶᠠᠨ ᠂ ᠪᠠᠪᠤᠳᠤᠷᠵᠢ ᠂ ᠴᠤᠭᠲᠤᠤᠴᠢᠷ ᠵᠡᠷᠭᠡ 30 ᠭᠠᠷᠤᠶ ᠴᠡᠷᠢᠭ ᠵᠠᠰᠠᠭ ᠤᠨ
ᠲᠤᠰᠢᠶᠠᠯᠲᠠᠨ ᠪᠠ ᠠᠶᠢᠯ ᠰᠠᠭᠠᠬᠠᠯᠲᠠ ᠶ᠋ᠢᠨ ᠬᠢᠨ ᠢ ᠥᠪᠡᠷ ᠤᠨ ᠭᠡᠷ ᠲᠡᠬᠡᠨ ᠳᠠᠭᠤᠳᠠᠵᠤ
ᠠᠪᠠᠴᠢᠭᠠᠳ ᠄ 《 ᠥᠨᠥᠳᠦᠷ ᠲᠠ ᠨᠠᠷ ᠢ ᠳᠠᠭᠤᠳᠠᠵᠤ ᠨᠢᠭᠡ ᠤᠴᠢᠷ ᠢ ᠵᠦᠪᠳᠡᠶᠡ ᠭᠡᠵᠦ ᠪᠣᠳᠣᠵᠤ
ᠪᠠᠢ᠌ᠨ᠎ᠠ ᠂ ᠴᠧᠨ ᠴᠠᠩ ᠵᠢᠶᠸ ᠡᠴᠡ ᠮᠠᠨ ᠤ ᠲᠤᠪᠴᠢᠩᠳᠤᠷᠵᠢ ᠲᠤᠰᠠᠯᠠᠭᠴᠢ ᠢ ᠠᠯᠠᠭᠰᠠᠨ
ᠥᠰᠢᠶ᠎ᠡ ᠢ ᠠᠪᠬᠤ ᠬᠡᠷᠡᠭᠲᠡᠢ᠂ ᠤᠳᠤ ᠵᠠᠰᠠᠭ ᠬᠣᠰᠢᠭᠤ ᠨᠢᠭᠡᠨᠲᠡ ᠬᠦᠳᠡᠯᠦᠯᠴᠡᠨ ᠂ ᠪᠢᠳᠡ ᠴᠤ
ᠬᠠᠷᠠᠵᠤ ᠰᠠᠭᠤᠭᠠᠳ ᠯᠡ ᠪᠤᠯᠬᠤ ᠦᠭᠡᠢ ᠃ ᠪᠢᠳᠡ ᠵᠠᠰᠠᠭ ᠬᠤᠰᠢᠭᠤᠨ ᠤ ᠪᠤᠰᠤᠯᠭ᠎ᠠ ᠶ᠋ᠢ ᠳᠡᠮᠵᠢᠬᠦ
ᠬᠡᠷᠡᠭᠲᠡᠢ ᠃ ᠡᠶᠢᠮᠦ ᠶ᠋ᠢᠨ ᠲᠤᠯᠠᠳᠠᠵᠡᠪᠰᠡᠭ ᠪᠠᠷᠢᠵᠦ ᠢᠯᠡ ᠬᠤᠪᠢᠰᠬᠠᠯ ᠬᠢᠬᠦ ᠬᠡᠷᠡᠭᠲᠡᠶ 》
ᠭᠡᠵᠦ ᠶᠠᠷᠢᠪᠠ᠃ ᠪᠦᠭᠦᠳᠡ ᠤᠯᠠᠨ ᠲᠡᠭᠦᠨ ᠦ ᠵᠤᠷᠢᠯᠲᠠ ᠶ᠋ᠢ ᠬᠦᠷᠢᠶᠡᠯᠡᠵᠠᠢ ᠃ ᠲᠡᠳᠡ ᠤᠯᠠᠨ
ᠲᠦᠮᠡᠨ ᠢ ᠲᠠᠢᠢᠴᠢᠯᠡᠨ ᠂ ᠲᠡᠷᠡ ᠰᠥᠨᠢ ᠳ᠋ᠤᠨᠢ ᠲᠤᠰ ᠲᠤᠰ ᠲᠠᠭᠠᠨ ᠭᠠᠷᠴᠤ ᠂ ᠴᠡᠷᠢᠭ ᠠᠷᠠᠳ
ᠣᠷᠣᠯᠴᠠᠭᠰᠠᠨ ᠪᠣᠰᠣᠯᠭ᠎ᠠ ᠭᠠᠷᠭᠠᠪᠠ ᠃ 4 ᠰᠠᠷ᠎ᠠ ᠶ᠋ᠢᠨ 7 ᠤ ᠡᠳᠦᠷ ᠂ ᠪᠣᠰᠣᠯᠭ᠎ᠠ ᠶ᠋ᠢᠨ
ᠴᠡᠷᠢᠭ ᠠᠷᠠᠳ ᠡᠴᠠ ᠴᠢ ᠹᠦ᠋ ᠯᠢᠤᠢ᠂ ᠭᠦᠩᠴᠢᠭ ᠬᠣᠶᠠᠷ ᠭᠠᠵᠠᠷ ᠴᠤᠭᠯᠠᠷᠠᠨ᠂ ᠨᠠᠷᠠ ᠰᠢᠩᠭᠡᠬᠦ
ᠦᠶ᠎ᠡ ᠳ᠋ᠦ ᠮᠤᠷᠳᠠᠵᠤ ᠂ ᠲᠡᠷᠡ ᠰᠥᠨᠢ ᠪᠣᠯᠬᠤ ᠳ᠋ᠦ ᠡᠾᠸᠨᠠᠨ ᠤ ᠱᠢ ᠹᠠ ᠰᠦᠮ᠎ᠡ ᠳ᠋ᠡ ᠬᠡᠳᠦᠨ
ᠡᠳᠦᠷ ᠪᠤᠯᠪᠠ ᠃ ᠮᠦᠨ ᠴᠡᠷᠢᠭ ᠠᠩᠭᠢ ᠶ᠋ᠢ ᠴᠡᠭᠴᠡᠯᠡᠬᠦ ᠠᠵᠢᠯ ᠳ᠋ᠦ ᠪᠡᠯᠡᠳᠬᠡᠵᠦ ᠂
ᠴᠡᠷᠢᠭ ᠤᠨ ᠬᠦᠨᠡᠰᠦ ᠪᠠ ᠤᠨᠤᠯᠭ᠎ᠠ ᠶ᠋ᠢᠨ ᠲᠡᠵᠢᠭᠡᠯ ᠪᠣᠷᠳᠣᠭ᠎ᠠ ᠢ ᠪᠡᠯᠡᠳᠬᠡᠬᠰᠡᠨ ᠪᠠᠶᠢᠨ᠎ᠠ ᠃
ᠴᠢ ᠵᠢᠨ ᠱᠠᠨ ᠪᠤᠰᠤᠯᠭ᠎ᠠ ᠶ᠋ᠢᠨ ᠴᠡᠷᠢᠭ ᠠᠷᠠᠳ ᠢ ᠳᠠᠭᠠᠭᠤᠯᠤᠨ ᠰᠦᠮ᠎ᠡ ᠳ᠋ᠦ ᠢᠷᠡᠵᠦ ᠂ ᠭᠠᠵᠠᠷ
ᠲᠦᠷᠢᠶᠡᠰᠦᠯᠡᠨ ᠲᠠᠷᠢᠶ᠎ᠠ ᠲᠠᠷᠢᠬᠤ ᠲᠤᠬᠠᠢ ᠵᠦᠪᠳᠡᠯᠴᠡᠵᠦ ᠂ ᠣᠷᠣᠶ ᠨᠢ ᠵᠡᠭᠦᠨ ᠦᠦᠰᠢᠨ
ᠠᠩᠭᠢ ᠶ᠋ᠢᠨ ᠭᠠᠷᠤᠳᠢ ᠂ ᠪᠠᠳᠪᠠ ᠬᠤᠶᠠᠷ ᠰᠠᠯᠠᠭᠠᠨ ᠴᠡᠷᠢᠭ 30 ᠬᠥᠮᠦᠨ ᠳᠠᠭᠠᠭᠤᠯᠤᠨ ᠭᠠᠵᠠᠷ
ᠲᠦᠷᠢᠶᠡᠰᠦᠯᠡᠨ ᠲᠠᠷᠢᠶ᠎ᠠ ᠲᠠᠷᠢᠬᠤ ᠶᠠᠪᠤᠳᠠᠯ ᠢ ᠰᠡᠢᠳᠪᠦᠷᠢᠯᠡᠭᠰᠡᠨ ᠢ ᠮᠡᠳᠡᠪᠡ ᠃ ᠴᠢ ᠵᠢᠢ
ᠰᠠᠨ ᠡᠴᠠ ᠬᠣᠶᠠᠷ ᠰᠠᠯᠠᠭᠠᠨ ᠳᠠᠷᠤᠭ᠎ᠠ ᠳᠠᠭᠤᠳᠠᠵᠤ ᠂ ᠪᠣᠰᠣᠯᠭ᠎ᠠ ᠭᠠᠷᠭᠠᠬᠤ ᠨᠠᠷᠢᠨ
ᠠᠭᠤᠯᠭ᠎ᠠ ᠶ᠋ᠢ ᠶᠠᠷᠢᠯᠴᠠᠵᠤ ᠂ ᠰᠡᠳᠬᠢᠯ ᠨᠢᠷᠭᠡᠭᠲᠦᠨ ᠬᠠᠮᠲᠤ ᠪᠠᠷ ᠬᠦᠴᠦᠯᠡᠬᠦ ᠲᠤᠬᠠᠢ
ᠵᠤᠷᠢᠭ ᠢᠶᠡᠨ ᠢᠯᠡᠳᠬᠡᠵᠠᠢ ᠃
ᠡᠨᠡ ᠦᠶ᠎ᠡ ᠳ᠋ᠤ ᠡᠪ ᠬᠠᠮᠲᠤ ᠨᠠᠮ ᠤᠨ ᠭᠡᠰᠢᠬᠦᠨ ᠰᠢᠤᠢ
ᠽᠢ ᠢᠦ ᠂ ᠼᠤᠤ ᠳ᠋ᠦᠩ ᠾᠢᠨᠥᠬᠥᠳ ᠴᠦ ᠢᠷᠡᠵᠠᠢ ᠃ ᠬᠠᠮᠲᠤ ᠪᠠᠷ ᠪᠣᠰᠣᠯᠭ᠎ᠠ ᠭᠠᠷᠭᠠᠬᠤ ᠴᠠᠭ ᠂
ᠠᠯᠬᠤᠮ ᠂ ᠠᠷᠭ᠎ᠠ ᠶ᠋ᠢ ᠲᠣᠭᠲᠠᠭᠰᠠᠨ ᠰᠠᠭᠤᠷᠢᠨ ᠳᠡᠭᠡᠷ᠎ᠡ ᠂ ᠴᠡᠷᠢᠭ ᠠᠷᠠᠳ ᠪᠦᠯᠬᠦᠮᠳᠡᠨ
ᠨᠢᠭᠡᠳᠴᠦ ᠂ ᠭᠣᠮᠢᠨᠳᠠᠩ ᠤᠨ ᠲᠠᠩᠨᠠᠭᠤᠯ ᠪᠠ ᠴᠡᠷᠢᠭ ᠤᠨ ᠬᠤᠸᠠᠷᠠᠨ ᠤ ᠴᠡᠷᠢᠭ ᠤᠨ ᠲᠤᠰᠬᠠᠶ
ᠪᠣᠯᠪᠠᠰᠤᠷᠠᠯ ᠬᠢᠵᠦ ᠪᠠᠶᠢᠭ᠎ᠠ ᠲᠡᠷᠰᠯᠡᠭᠦᠴᠦᠳ ᠢ ᠰᠢᠢᠳᠬᠡᠬᠦ ᠪᠡᠷ ᠳᠠᠮᠵᠢᠨ ᠵᠤᠪᠠᠯᠠᠩ ᠳ᠋ᠤ
ᠤᠨᠠᠭᠰᠠᠨ ᠮᠠᠯᠴᠢᠨ ᠲᠦᠮᠡᠨ ᠢ ᠠᠪᠤᠷᠠᠨ ᠭᠠᠷᠭᠠᠭᠰᠠᠨ ᠪᠠᠶᠢᠨ᠎ᠠ ᠃ 4 ᠰᠠᠷ᠎ᠠ ᠶ᠋ᠢᠨ 13 ᠡᠳᠦᠷ
ᠨᠠᠷᠢᠨ ᠭᠤᠤᠯ ᠤᠨ ᠵᠡᠭᠦᠨ ᠡᠷᠭᠢ ᠤᠨ ᠦᠯᠦᠩ ᠳ᠋ᠦ ᠬᠤᠨᠤᠭᠯᠠᠬᠤ ᠬᠦᠷᠲᠡᠯ᠎ᠡ ᠂ ᠴᠡᠷᠢᠭ ᠠᠷᠠᠳ
ᠨᠢ ᠵᠠᠭᠤ ᠢᠯᠡᠭᠦᠦ ᠪᠤᠯᠤᠭᠰᠠᠨ ᠪᠠᠶᠢᠨ᠎ᠠ ᠃ ᠬᠤᠶᠠᠳᠤᠭᠠᠷ ᠡᠳᠦᠷ ᠦᠨ ᠦᠷᠯᠦᠭᠡ ᠂ ᠴᠢ ᠵᠢᠢ
ᠱᠠᠨ ᠬᠡᠷᠡᠭ ᠦᠨ ᠡᠮᠦᠨ᠎ᠡ ᠡᠩᠬᠡ ᠮᠠᠩᠯᠠᠢ ᠳ᠋ᠤ ᠴᠢᠮᠡᠭᠡ ᠶᠠᠪᠤᠭᠤᠯᠵᠤ ᠂ ᠴᠡᠷᠢᠭ ᠤᠨ ᠲᠤᠰᠬᠠᠶ
ᠪᠣᠯᠪᠠᠰᠤᠷᠠᠯ ᠲᠠᠶ ᠮᠣᠩᠭᠣᠯ ᠠᠬ᠎ᠠ ᠳᠡᠭᠦᠦ ᠨᠡᠷ ᠲᠠᠢ ᠬᠠᠮᠲᠤ ᠪᠠᠷ ᠪᠣᠰᠣᠯᠭ᠎ᠠ ᠭᠠᠷᠭᠠᠪᠠ ᠃
ᠪᠣᠰᠣᠯᠭ᠎ᠠ ᠶ᠋ᠢᠨ ᠳᠠᠷᠠᠭ᠎ᠠ ᠂ ᠴᠡᠷᠢᠭ ᠦᠨ ᠨᠤᠶᠠᠨ ᠤ ᠬᠤᠷᠠᠯ ᠬᠤᠷᠠᠯᠳᠤᠭᠤᠯᠵᠤ ᠂ ᠴᠡᠷᠢᠭ
ᠠᠡᠭᠬᠢ ᠤᠨ ᠤᠷᠤᠨ ᠲᠤᠭ᠎ᠠ ᠶ᠋ᠢ ᠳᠠᠬᠢᠨ ᠪᠠᠶᠢᠷᠢᠯᠠᠭᠤᠯᠵᠤ ᠂ ᠰᠢᠨ᠎ᠡ ᠣᠹᠢᠼᠧᠷ ᠶ᠋ᠢ ᠰᠤᠩᠭᠤᠨ
ᠭᠠᠷᠠᠭᠠᠪᠠ ᠃ ᠡᠨᠡ ᠨᠢ ᠡᠭᠦᠰᠴᠦ ᠮᠡᠳᠡᠬᠦ ᠲᠦᠷᠢᠮᠡᠬᠡᠶᠢᠯᠡᠯ ᠢ ᠡᠰᠡᠷᠭᠦᠴᠡᠬᠦ ᠂ ᠨᠤᠲᠤᠭ
ᠤᠰᠤ ᠪᠠᠨ ᠬᠠᠮᠠᠭᠠᠯᠠᠬᠤ ᠳ᠋ᠦ ᠠᠰᠢᠭᠲᠠᠢ ᠶᠤᠮ᠃ ᠤᠤᠯ ᠤᠨ ᠬᠣᠶᠠᠷ ᠮᠣᠩᠭᠣᠯ ᠫᠠᠷᠲ᠋ᠢᠽᠠᠨ
ᠠᠩᠬᠢ ᠶ᠋ᠢ ᠦᠦᠰᠢᠨ ᠬᠤᠰᠢᠭᠤᠨ ᠤ ᠠᠮᠤᠷ ᠢ ᠬᠠᠮᠠᠭᠠᠯᠠᠬᠤ ᠳ᠋ᠢᠸᠢᠽᠢ ᠪᠤᠯᠭᠠᠨ ᠦᠭᠡᠷᠡᠴᠢᠯᠡᠵᠦ ᠂
ᠤᠤᠯ ᠤᠨ ᠬᠣᠶᠠᠷ ᠶᠡᠬᠡ ᠠᠩᠭᠢ ᠂ ᠳᠥᠷᠪᠡᠨ ᠳᠤᠮᠳᠠ ᠠᠩᠭᠢ ᠂ ᠰᠧᠯᠢᠩᠪᠦ᠋ ᠶ᠋ᠢᠨ ᠰᠢᠭᠤᠳ
ᠬᠠᠷᠢᠶᠠᠲᠤ ᠲᠠᠩᠨᠠᠯᠲᠠ ᠶ᠋ᠢᠨ ᠰᠤᠮᠤᠨ ᠰᠠᠭᠤᠷᠢᠨ ᠳᠡᠭᠡᠷ᠎ᠡ ᠰᠢᠨ᠎ᠡ ᠪᠡᠷ ᠬᠣᠶᠠᠷ ᠬᠣᠷᠢᠶ᠎ᠠ
ᠴᠡᠷᠢᠭ ᠳᠥᠷᠪᠡᠨ ᠰᠤᠮᠤ ᠶ᠋ᠢ ᠨᠡᠮᠡᠭᠳᠡᠬᠦᠯᠵᠦ ᠂ ᠶᠡᠷᠦᠩᠬᠡᠶ ᠣᠷᠣᠨ ᠲᠣᠭ᠎ᠠ ᠨᠢ ᠲᠦᠷᠪᠡᠨ
ᠬᠣᠷᠢᠶ᠎ᠠ ᠬᠡᠳᠦᠨ ᠰᠤᠮᠤ ᠪᠤᠯᠪᠠ᠃ ᠴᠢ ᠢᠦᠢ ᠱᠠᠨ ᠪᠤᠰᠤᠯᠭ᠎ᠠ ᠶ᠋ᠢ ᠳᠡᠮᠵᠢᠭᠰᠡᠨ ᠤᠴᠢᠷ᠂
ᠶᠡᠷᠦᠩᠬᠡᠶ ᠰᠧᠯᠢᠩ ᠤᠨ ᠲᠤᠰᠢᠶᠠᠯ ᠶ᠋ᠢ ᠬᠠᠷᠢᠭᠤᠴᠠᠵᠤ᠂ ᠴᠢ ᠵᠢᠢ ᠱᠠᠨ ᠴᠤᠸᠠᠨ ᠡᠴᠠ
ᠨᠢᠭᠡᠳᠦᠭᠡᠷ ᠪᠦᠯᠬᠦᠮ ᠦᠨ ᠳᠠᠷᠤᠭ᠎ᠠ᠂ ᠡᠩᠬᠡ ᠮᠠᠩᠯᠠᠢ ᠡᠴᠠ ᠰᠧᠯᠢᠩᠪᠦ᠋ ᠶ᠋ᠢᠨᠱᠲ᠋ᠠᠪ ᠤᠨ
ᠲᠤᠰᠢᠶᠠᠯ ᠢ ᠬᠣᠶᠠᠳᠤᠭᠠᠷ ᠬᠣᠷᠢᠶᠠᠨ ᠤ ᠬᠤᠷᠢᠶᠠᠨ ᠳᠠᠷᠤᠭ᠎ᠠ ᠤ ᠲᠤᠰᠢᠶᠠᠯ ᠢ ᠬᠠᠪᠰᠤᠷᠭᠠᠨ
ᠬᠠᠷᠢᠭᠤᠴᠠᠵᠤ ᠂ ᠠᠯᠪᠢᠨᠪᠶᠠᠷ᠂ ᠥᠯᠵᠡᠶ ᠬᠣᠶᠠᠭᠤᠯᠠ ᠬᠣᠶᠠᠷ ᠬᠤᠶᠠᠳᠤᠭᠠᠷ ᠬᠤᠷᠢᠶᠠᠨ ᠤ ᠳᠡᠳ᠋
ᠬᠤᠷᠢᠶᠠᠨ ᠳᠠᠷᠤᠭ᠎ᠠ ᠶ᠋ᠢᠨ ᠲᠤᠰᠢᠶᠠᠯ ᠬᠠᠷᠢᠭᠤᠴᠠᠵᠤ᠂ ᠪᠠᠲᠤᠤᠴᠢᠷ ᠂ ᠵᠢᠭᠡᠵᠢᠵᠠᠪ ᠶᠡᠬᠡ
ᠠᠨᠭᠭᠢ ᠶ᠋ᠢᠨ ᠳᠠᠷᠤᠭ᠎ᠠ ᠪᠣᠯᠵᠥ ᠂ ᠪᠠᠰᠠ ᠬᠡᠳᠦᠨ ᠰᠤᠮᠤᠨ ᠳᠠᠷᠤᠭ᠎ᠠ ᠪᠠ ᠳᠤᠮᠳᠠ ᠠᠩᠭᠢ ᠶ᠋ᠢᠨ
ᠳᠠᠷᠤᠭ᠎ᠠ ᠲᠣᠮᠢᠯᠠᠭᠰᠠᠨ ᠪᠠᠶᠢᠨ᠎ᠠ ᠃
ᠵᠠᠰᠠᠭ ᠂ ᠦᠦᠰᠢᠨ ᠬᠣᠶᠠᠷ ᠬᠣᠰᠢᠭᠤᠨ ᠤ
ᠪᠤᠤᠯᠭᠠ ᠨᠢ ᠭᠣᠮᠢᠨᠳᠠᠩ ᠤᠨ ᠵᠠᠰᠠᠭ ᠤᠨ ᠣᠷᠳᠣᠨ ᠢ ᠲᠤᠷᠭᠢᠭᠤᠯᠪᠠ ᠃ 4 ᠰᠠᠷ᠎ᠠ ᠶ᠋ᠢᠨ 6 ᠤ
ᠡᠳᠦᠷ ᠂ ᠹᠦ᠋ ᠽᠦᠸᠸ ᠢᠢᠨ ᠡᠴᠡ ᠵᠠᠷᠯᠢᠭ ᠤᠠᠭᠤᠯᠭᠠᠨᠬᠣᠶᠢᠲᠤ ᠮᠣᠷᠢᠲᠤ ᠴᠡᠷᠢᠭ ᠤᠨ
ᠳᠣᠯᠣᠳᠤᠭᠠᠷ ᠳ᠋ᠢᠸᠢᠽᠢ 21 ᠪᠦᠯᠬᠦᠮ ( ᠬᠤᠷᠢᠶᠠᠨ ᠳᠠᠷᠤᠭ᠎ᠠ ᠬᠤᠤ ᠹᠸᠩ ᠲᠠᠢ ) ᠶ᠋ᠢ ᠶᠡᠬᠡ
ᠵᠤᠤ ᠠᠶᠢᠮᠠᠭ ᠲᠤ ᠵᠠᠰᠠᠭ ᠬᠤᠰᠢᠭᠤᠨ ᠤ ᠪᠤᠰᠤᠯᠭ᠎ᠠ ᠶ᠋ᠢ ᠳᠠᠷᠤᠩᠭᠤᠶᠢᠯᠠᠬᠤ ᠪᠡᠷ ᠲᠤᠮᠢᠯᠠᠪᠠ ᠃
ᠭᠣᠮᠢᠨᠳᠠᠩ ᠤᠨ ᠮᠣᠷᠢᠲᠤ ᠴᠡᠷᠢᠭ ᠤᠨ ᠳᠣᠯᠣᠳᠤᠭᠠᠷ ᠳ᠋ᠢᠸᠢᠽᠢ ᠤᠨ 21 ᠳ᠋ᠦ᠋ᠭᠡᠷ ᠬᠣᠷᠢᠶ᠎ᠠ 4
ᠰᠠᠷ᠎ᠠ ᠶ᠋ᠢᠨ 8 ᠤ ᠡᠳᠦᠷ ᠬᠠᠲᠤᠨ ᠭᠤᠤᠯ ᠢ ᠭᠡᠲᠦᠯᠵᠦ᠂ ᠬᠠᠩᠭᠢᠨ ᠬᠤᠰᠢᠭᠤᠨ ᠤ ᠬᠢᠯᠢ ᠳ᠋ᠦ
ᠤᠷᠤᠪᠠ ᠃ 4 ᠰᠠᠷ᠎ᠠ ᠶ᠋ᠢᠨ 18 ᠡᠳᠦᠷ᠂ ᠬᠠᠩᠬᠠᠶᠢᠨ ᠬᠤᠰᠢᠭᠤᠨ ᠳ᠋ᠤ ᠬᠦᠷᠦᠭᠰᠡᠨ ᠬᠦᠷᠡᠯ ᠳ᠋ᠦ
ᠰᠢᠨ᠎ᠡ ᠬᠣᠷᠢᠨ ᠵᠢᠷᠭᠤᠳᠤᠭᠠᠷ ᠬᠤᠷᠢᠶ᠎ᠠ ᠲᠠᠢ ᠨᠡᠶᠢᠯᠡᠭᠰᠡᠨ ᠪᠠᠶᠢᠨ᠎ᠠ ᠃ ᠬᠣᠷᠢᠨ ᠵᠢᠷᠭᠤᠳᠤᠭᠠᠷ
ᠱᠢ ᠶ᠋ᠢᠨ ᠾᠧ ᠸᠧᠨ ᠳ᠋ᠢᠩ ᠳ᠋ᠢᠸᠢᠽᠢ ᠶ᠋ᠢᠨ ᠳᠠᠷᠤᠭ᠎ᠠ ᠨᠢ ᠬᠤᠷᠠᠯ ᠬᠤᠷᠠᠯᠳᠤᠭᠤᠯᠵᠤ ᠂
ᠤᠷᠢᠳ ᠢᠶᠠᠷ ᠦᠦᠰᠢᠨ ᠬᠤᠰᠢᠭᠤᠨ ᠤ ᠪᠤᠰᠤᠯᠭ᠎ᠠ ᠶ᠋ᠢᠨ ᠴᠡᠷᠢᠭ ᠢ ᠤᠷᠢᠳᠤᠪᠠᠷ ᠳᠠᠭᠠᠷᠢᠪᠠᠯ
ᠴᠤᠯᠬᠤᠶᠢᠨᠠᠮ ᠬᠡᠮᠡᠨ ᠦᠵᠡᠵᠡᠢ ᠃ ᠬᠡᠷᠪᠡ ᠲᠦᠪᠰᠢᠳᠬᠡᠵᠦ ᠴᠢᠳᠠᠪᠠᠯ ᠂ ᠪᠤᠰᠤᠳ ᠬᠡᠳᠦᠨ
ᠬᠣᠰᠢᠭᠤ ᠨᠢ ᠬᠥᠩᠭᠡᠨ ᠢᠶ᠋ᠡᠷ ᠬᠥᠳᠡᠯᠵᠦ ᠴᠢᠳᠠᠬᠤ ᠦᠭᠡᠢ ᠬᠡᠮᠡᠨ ᠦᠵᠡᠵᠦ ᠦᠦᠰᠢᠨ ᠬᠣᠰᠢᠭᠤ
ᠵᠦᠭ ᠤᠷᠤᠭᠰᠢᠯᠠᠪᠠ ᠃ 4 ᠰᠠᠷ᠎ᠠ ᠶ᠋ᠢᠨ 22 ᠤ ᠡᠳᠦᠷ ᠂ ᠶᠡᠬᠡ ᠵᠤᠤ ᠠᠶᠢᠮᠠᠭ ᠤᠨ ᠰᠠᠬᠢᠭᠤᠯ
ᠴᠡᠷᠢᠭ ᠤᠨ ᠳᠡᠳ᠋ ᠶᠡᠷᠦᠩᠬᠡᠶ ᠰᠧᠯᠢᠩ ᠬᠤᠸᠠᠩ ᠲᠦᠦᠲᠦᠩ ᠷᠧᠨ ᠵᠡᠭᠦᠨ ᠱᠤᠭᠤᠮ ᠢᠶᠠᠷ ᠮᠣᠷᠢᠲᠤ
ᠴᠡᠷᠢᠭ ᠤᠨ ᠳᠣᠯᠣᠳᠤᠭᠠᠷ ᠳ᠋ᠢᠸᠢᠽᠢ 20 ᠳ᠋ᠤᠭᠠᠷ ᠪᠦᠯᠬᠦᠮ ᠂ ᠰᠢᠨ᠎ᠡ ᠬᠣᠷᠢᠨ ᠵᠢᠷᠭᠤᠳᠤᠭᠠᠷ
ᠳ᠋ᠢᠸᠢᠽᠢ ᠶ᠋ᠢᠨ 77 ᠳ᠋ᠤᠭᠠᠷ ᠬᠣᠷᠢᠶ᠎ᠠ ᠵᠢᠯᠤᠭᠤᠳᠤᠨ᠂ ᠴᠠᠭᠠᠨ ᠰᠦᠮ᠎ᠡ ᠵᠦᠭ ᠳᠤᠪᠲᠤᠯᠤᠭᠰᠠᠨ
ᠪᠠᠶᠢᠨ᠎ᠠ᠃ ᠾᠧ ᠸᠧᠨ ᠳ᠋ᠢᠩ ᠪᠠᠷᠠᠭᠤᠨ ᠹᠷᠣᠨᠲ᠋ ᠢᠶ᠋ᠡᠷ ᠮᠣᠷᠢᠲᠤ ᠴᠡᠷᠢᠭ ᠤᠨ ᠳᠣᠯᠣᠳᠤᠭᠠᠷ
ᠳ᠋ᠢᠸᠢᠽᠢ 21 ᠳ᠋ᠦ᠋ᠭᠡᠷ ᠪᠦᠯᠬᠦᠮ ᠂ ᠰᠢᠨ᠎ᠡ ᠬᠣᠷᠢᠨ ᠵᠢᠷᠭᠤᠳᠤᠭᠠᠷ ᠱᠢ ᠶ᠋ᠢᠨ 78 ᠳ᠋ᠤᠭᠠᠷ
ᠬᠣᠷᠢᠶ᠎ᠠ ᠶ᠋ᠢ ᠵᠢᠯᠤᠭᠤᠳᠴᠤ ᠂ ᠬᠠᠩᠭᠢᠨ ᠬᠤᠰᠢᠭᠤᠨ ᠡᠴᠠ ᠦᠦᠰᠢᠨ ᠬᠣᠰᠢᠭᠤ ᠤᠷᠤᠭᠤ ᠳᠣᠪᠲᠣᠯᠵᠠᠶ
᠃ ᠡᠨᠡ ᠬᠢᠷᠢ ᠦᠦᠰᠢᠨ ᠬᠤᠰᠢᠭᠤᠨ ᠤ ᠡᠸᠤ ᠪᠤᠤ ᠱᠠᠨ( ᠡᠷᠳᠡᠨᠢᠲᠤᠭᠲᠠᠬᠤ) ᠨᠢ ᠪᠠᠳᠪᠠ
ᠰᠠᠯᠪᠤᠷᠢ ᠠᠩᠭᠢ ᠶ᠋ᠢᠨ ᠳᠠᠷᠤᠭ᠎ᠠ ᠠᠮᠠᠨ ᠡᠴᠠ ᠴᠢ ᠵᠢᠢ ᠱᠠᠨ ᠤ ᠪᠣᠰᠣᠯᠭ᠎ᠠ ᠶ᠋ᠢ ᠣᠯᠵᠤ
ᠮᠡᠳᠡᠵᠦ᠂ ᠲᠡᠷᠡ ᠾᠧ ᠸᠧᠨ ᠳ᠋ᠢᠩ ᠳ᠋ᠦ ᠴᠡᠷᠢᠭ ᠦᠨ ᠬᠤᠸᠠᠷᠠᠨ ᠳ᠋ᠤ ᠳᠤᠲᠠᠭᠠᠨ ᠤᠴᠢᠵᠦ ᠂
ᠪᠠᠶᠢᠳᠠᠯ ᠢ ᠮᠡᠳᠡᠭᠳᠡᠪᠡ ᠃ ᠮᠦᠨ ᠴᠤ ᠭᠣᠮᠢᠨᠳᠠᠩ ᠤᠨ ᠴᠡᠷᠢᠭ ᠲᠤ ᠵᠠᠮᠴᠢᠯᠠᠨ᠂ ᠦᠦᠰᠢᠨ
ᠬᠤᠰᠢᠭᠤᠨ ᠡᠴᠠ ᠪᠠᠭ᠎ᠠ ᠵᠠᠶᠢᠲᠠᠢ ᠭᠠᠵᠠᠷ ᠲᠤ ᠨᠢᠭᠡ ᠦᠦᠰᠢᠨ ᠬᠤᠰᠢᠭᠤᠨ ᠤ ᠠᠮᠤᠷ ᠢ
ᠬᠠᠮᠠᠭᠠᠯᠠᠬᠤ ᠠᠨᠭᠭᠢ ᠶ᠋ᠢᠨ ᠴᠡᠷᠢᠭ ᠲᠠᠢ ᠠᠭᠤᠯᠵᠠᠭᠰᠠᠨ ᠪᠠᠶᠢᠨ᠎ᠠ ᠃ ᠲᠡᠭᠦᠨ ᠪᠠᠷ ᠳᠠᠮᠵᠢᠨ
ᠪᠣᠰᠣᠯᠭ᠎ᠠ ᠶ᠋ᠢᠨ ᠴᠡᠷᠢᠭ ᠤᠨ ᠰᠦᠷ ᠳᠠᠯᠠᠶᠢᠴᠠᠲᠠᠶ ᠪᠥᠭᠡᠳ ᠴᠢ ᠢᠦᠢ ᠱᠠᠨ ᠶᠡᠷᠦᠩᠬᠡᠢ
ᠰᠧᠯᠢᠩ ᠤᠨ ᠲᠤᠰᠢᠶᠠᠯ ᠢ ᠬᠠᠷᠢᠭᠤᠴᠠᠵᠤ ᠪᠠᠶᠢᠬᠤ ᠶ᠋ᠢ ᠮᠡᠳᠡᠵᠦ᠂ ᠬᠡᠷᠪᠡ ᠦᠷᠭᠦᠯᠵᠢᠯᠡᠨ
ᠭᠣᠮᠢᠨᠳᠠᠩ ᠤᠨ ᠴᠡᠷᠢᠭ ᠲᠤ ᠵᠠᠮᠴᠢᠯᠠᠨ ᠨᠤᠲᠤᠭ ᠲᠤ ᠪᠠᠨ ᠤᠷᠤᠰᠪᠠᠯ ᠪᠤᠰᠤᠯᠭ᠎ᠠ ᠶ᠋ᠢᠨ
ᠴᠡᠷᠢᠭ ᠲᠦ ᠰᠢᠢᠳᠬᠡᠭᠳᠡᠬᠦ ᠶ᠋ᠢ ᠰᠡᠷᠡᠵᠦ ᠮᠡᠳᠡᠵᠡᠢ ᠃ ᠢᠩᠬᠢᠵᠦ ᠯᠠᠮᠠ ᠪᠤᠯᠵᠤ ᠤᠲᠤᠭ
ᠬᠤᠰᠢᠭᠤᠨ ᠳ᠋ᠤ ᠨᠢᠭᠤᠨ ᠳᠠᠯᠲᠠᠯᠠᠭᠰᠠᠨ ᠪᠠᠶᠢᠨ᠎ᠠ ᠃ 4 ᠰᠠᠷ᠎ᠠ ᠶ᠋ᠢᠨ 20 ᠤ ᠡᠳᠦᠷ ᠦᠨ
ᠣᠷᠴᠢᠮ ᠂ ᠭᠣᠮᠢᠨᠳᠠᠩ ᠤᠨ ᠬᠣᠷᠢᠨ ᠵᠢᠷᠭᠤᠳᠤᠭᠠᠷ ᠳ᠋ᠢᠸᠢᠽᠢ ᠶ᠋ᠢᠨ 77 ᠬᠣᠷᠢᠶ᠎ᠠ ᠶᠤᠸᠠᠢ ᠶᠣᠣ
ᠲᠠᠩ ᠤᠨ ᠴᠡᠷᠢᠭ ᠠᠨᠭᠬᠢ ᠵᠠᠰᠠᠭ ᠬᠤᠰᠢᠭᠤᠨ ᠡᠴᠠ ᠪᠠᠷᠠᠭᠤᠨᠰᠢ ᠳᠣᠪᠲᠣᠯᠬᠤ ᠦᠶᠡᠰ ᠂
ᠬᠦᠬᠡᠮᠤᠳᠤ ᠪᠣᠯᠤᠨ ᠥᠯᠵᠡᠶ ᠵᠢᠷᠭᠠᠯ ᠨᠥᠬᠥᠷ ᠤᠨ ᠳᠠᠭᠠᠭᠤᠯᠤᠭᠰᠠᠨ ᠨᠢᠭᠡ ᠰᠤᠮᠤ ᠲᠠᠢ
ᠪᠠᠶᠢᠯᠳᠤᠵᠤ ᠂ ᠰᠠᠬᠢᠨ ᠬᠠᠮᠠᠭᠠᠯᠠᠵᠤ ᠪᠠᠶᠢᠭᠰᠠᠨ ᠨᠢᠭᠡ ᠰᠠᠯᠠᠭ᠎ᠠ ᠴᠡᠷᠢᠭ ᠠᠩᠬᠢ ᠨᠢ
ᠲᠤᠰᠠᠯᠠᠬᠤ ᠪᠠᠷ ᠢᠷᠡᠵᠠᠢ ᠃᠃ ᠭᠣᠮᠢᠨᠳᠠᠩ ᠤᠨ ᠴᠡᠷᠢᠭ ᠠᠩᠬᠢ ᠨᠢ ᠨᠠᠷᠢᠯᠢᠭ ᠰᠡᠢᠢᠠ ᠵᠡᠪᠰᠡᠭ
ᠲᠣᠨᠣᠭᠯᠠᠯ ᠳ᠋ᠦ ᠪᠡᠨ ᠲᠦᠰᠢᠭᠯᠡᠨ ᠰᠢᠷᠦᠭᠦᠨ ᠳᠠᠭᠠᠷᠢᠵᠦ ᠪᠠᠶᠢᠭᠰᠠᠨ ᠴᠤ ᠪᠣᠰᠣᠯᠭ᠎ᠠ ᠶ᠋ᠢᠨ
ᠴᠡᠷᠢᠭ ᠴᠤ ᠡᠷᠡᠯᠬᠡᠭ ᠪᠠᠭᠠᠲᠤᠷᠯᠢᠭ ᠢᠶᠠᠷ ᠲᠡᠮᠡᠴᠡᠵᠦ ᠂ 10 ᠭᠠᠷᠤᠶ ᠳᠠᠶᠢᠰᠤᠨ ᠠᠯᠠᠵᠦ ᠂ 30
ᠭᠠᠷᠤᠶ ᠬᠥᠮᠦᠨ ᠢ ᠰᠢᠷᠬᠠᠳᠤᠭᠤᠯᠵᠠᠢ᠃ ᠬᠣᠶᠠᠷ ᠡᠲᠡᠭᠡᠳ ᠤᠨ ᠴᠡᠷᠢᠭ ᠤᠨ ᠬᠦᠴᠦ ᠶᠡᠬᠡ
ᠵᠥᠷᠢᠶ᠎ᠡ ᠲᠡᠶ ᠤᠴᠢᠷ ᠪᠣᠰᠣᠯᠭ᠎ᠠ ᠶ᠋ᠢᠨ ᠴᠡᠷᠢᠭ ᠰᠠᠨᠠᠭᠠᠴᠢᠯᠠᠭ᠎ᠠ ᠲᠠᠶ ᠪᠠᠷ ᠬᠣᠶᠢᠨᠠ
ᠤᠬᠤᠷᠢᠵᠤ ᠭᠠᠷᠪᠠ ᠃ 4 ᠰᠠᠷ᠎ᠠ ᠶ᠋ᠢᠨ 21 ᠦ ᠡᠳᠦᠷ ᠦᠨ ᠦᠳᠡ ᠶ᠋ᠢᠨ ᠬᠣᠶᠢᠨᠠ ᠂
ᠭᠣᠮᠢᠨᠳᠠᠩ ᠤᠨ ᠮᠣᠷᠢᠲᠤ ᠴᠡᠷᠢᠭ ᠤᠨ ᠳᠣᠯᠣᠳᠤᠭᠠᠷ ᠳ᠋ᠢᠸᠢᠽᠢ 21 ᠳ᠋ᠦ᠋ᠭᠡᠷ ᠪᠦᠯᠬᠦᠮ ᠪᠠ
ᠬᠣᠷᠢᠨ ᠵᠢᠷᠭᠤᠳᠤᠭᠠᠷ ᠱᠢ ᠶ᠋ᠢᠨ 78 ᠳ᠋ᠤᠭᠠᠷ ᠬᠣᠷᠢᠶ᠎ᠠ ᠦᠤᠰᠢᠨ ᠵᠤᠤ ᠣᠶᠢᠷᠠᠲᠤᠵᠤ
ᠪᠠᠶᠢᠯ᠎ᠠ᠃ ᠭᠠᠯᠰᠠᠩᠨᠤᠷᠪᠤ᠋ ᠴᠡᠷᠢᠭ ᠠᠩᠬᠢ ᠪᠠᠨ ᠳᠠᠭᠠᠭᠤᠯᠤᠨ ᠭᠣᠮᠢᠨᠳᠠᠩ ᠤᠨ ᠮᠣᠷᠢᠲᠤ
ᠴᠡᠷᠢᠭ ᠪᠠᠶᠠᠪᠠᠭᠠᠨ ᠴᠡᠷᠢᠭ ᠬᠠᠮᠲᠤᠷᠠᠭᠰᠠᠨ ᠠᠩᠬᠢ ᠶ᠋ᠢ ᠤᠭᠲᠤᠨ ᠪᠠᠶᠢᠯᠳᠤᠵᠤ ᠂ ᠬᠡᠰᠡᠭ
ᠳᠠᠶᠢᠰᠤᠨ ᠢ ᠴᠣᠬᠢᠵᠤ ᠠᠯᠠᠭᠰᠠᠨ ᠤ ᠳᠠᠷᠠᠭ᠎ᠠ ᠳᠠᠷᠤᠶ ᠲᠦᠷᠭᠡᠨ ᠤᠬᠤᠷᠢᠵᠤ ᠭᠠᠷᠪᠠ ᠃ ᠲᠡᠷᠡ
ᠡᠳᠦᠷ ᠂ ᠭᠣᠮᠢᠨᠳᠠᠩ ᠤᠨ ᠴᠡᠷᠢᠭ ᠦᠤᠰᠢᠨ ᠵᠤᠤ ᠢ ᠡᠵᠡᠯᠡᠵᠦ ᠂ ᠰᠦᠮ᠎ᠡ ᠬᠡᠶᠢᠳ ᠤᠨ ᠡᠳ᠋
ᠬᠦᠷᠦᠩᠭᠡ ᠪᠠ ᠣᠶᠢᠷ᠎ᠠ ᠬᠠᠪᠢ ᠶ᠋ᠢᠨ ᠮᠠᠯᠴᠢᠨ ᠡᠷᠦᠬᠡ ᠪᠣᠯᠭᠠᠨ ᠬᠦᠷᠲᠡᠯ᠎ᠡ
ᠳᠡᠭᠡᠷᠡᠮᠳᠡᠭᠦᠯᠦᠭᠰᠡᠨ ᠪᠠᠶᠢᠯ᠎ᠠ᠃ 4 ᠰᠠᠷ᠎ᠠ ᠶ᠋ᠢᠨ 23 ᠤ ᠡᠳᠦᠷ᠂ ᠮᠣᠷᠢᠲᠤ ᠴᠡᠷᠢᠭ ᠦᠨ 21
ᠬᠣᠷᠢᠶ᠎ᠠ ᠦᠷᠭᠦᠯᠵᠢᠯᠡᠨ ᠤᠷᠤᠬᠰᠢ ᠲᠠᠪᠰᠢᠵᠤ ᠴᠢᠳᠠᠬᠤ ᠦᠭᠡᠢ ᠪᠠᠶᠢᠵᠠᠢ᠃ 23 ᠦ ᠡᠳᠦᠷ ᠤᠨ
ᠰᠢᠷ᠎ᠠ ᠪᠦᠷᠦᠶ ᠂ 21 ᠪᠦᠯᠬᠦᠮ ᠭᠠᠳᠠ ᠮᠡᠷᠡᠶᠢᠨ ᠰᠦᠨᠡᠰᠦ ᠤᠷᠴᠢᠮ ᠬᠦᠷᠬᠦ ᠦᠶᠡᠰ ᠂
ᠦᠯᠵᠡᠶᠢᠵᠢᠷᠭᠠᠯ ᠰᠤᠮᠤᠨ ᠳᠠᠷᠤᠭ᠎ᠠ ᠨᠢ ᠴᠡᠷᠢᠭ ᠠᠩᠬᠢ ᠪᠠᠨ ᠳᠠᠭᠠᠭᠤᠯᠤᠨ ᠯᠢᠦ ᠯᠢᠨ ᠳᠤᠮᠳᠠ
ᠪᠦᠭᠬᠦᠵᠦ ᠂ ᠳᠤᠮᠳᠠᠬᠢ ᠪᠠᠷᠳᠠᠭ᠎ᠠ ᠶ᠋ᠢ ᠠᠰᠢᠭᠯᠠᠨ ᠤᠬᠤᠷᠢᠨ ᠭᠠᠷᠴᠤ ᠂ ᠳᠠᠶᠢᠰᠤᠨ ᠢ
ᠬᠠᠷᠢᠯᠴᠠᠨ ᠳᠤᠯᠤᠯᠳᠤᠭᠤᠯᠪᠠ ᠃ ᠳᠠᠶᠢᠰᠤᠨ ᠤ ᠳᠠᠶᠢᠨ ᠳ᠋ᠤ ᠰᠢᠷᠬᠠᠲᠤᠭᠰᠠᠨ ᠬᠦᠮᠦᠨᠨᠢ 30
ᠭᠠᠷᠤᠶ ᠪᠠᠶᠢᠪᠠ ᠃ 23 ᠤ ᠤᠷᠤᠢ ᠂ ᠭᠣᠮᠢᠨᠳᠠᠩ ᠤᠨ ᠴᠡᠷᠢᠭ ᠮᠡᠶᠢᠷᠡᠨ ᠰᠦᠮ᠎ᠡ ᠶ᠋ᠢ ᠡᠵᠡᠯᠡᠨ ᠂
ᠮᠠᠷᠭᠠᠰᠢ ᠨᠢ ᠲᠡᠳᠡ ᠨᠢᠭᠡ ᠶᠡᠬᠡ ᠪᠡᠷ ᠳᠡᠭᠡᠷᠡᠮᠳᠡᠯᠭᠡ ᠶᠠᠪᠤᠭᠤᠯᠵᠤ ᠂ ᠰᠦᠮ᠎ᠡ ᠳ᠋ᠦ ᠭᠠᠯ
ᠲᠠᠯᠪᠢᠪᠠ᠃ 25 ᠤ ᠡᠳᠦᠷ ᠂ ᠬᠤᠤ ᠹᠸᠩ ᠲᠠᠢ ᠶ᠋ᠢᠨ ᠮᠤᠷᠢᠲᠤ ᠴᠡᠷᠢᠭ ᠤᠨ ᠬᠣᠷᠢᠶ᠎ᠠ ᠪᠠ ᠵᠤᠤ
ᠤᠳᠠ ᠦ ᠶᠠᠪᠠᠭᠠᠨ ᠴᠡᠷᠢᠭ ᠤᠨ ᠬᠣᠷᠢᠶ᠎ᠠ ᠤᠴᠠᠷᠠᠵᠤ᠂ 30 ᠭᠠᠵᠠᠷ ᠥᠷᠭᠡᠨ ᠤᠷᠳᠤ ᠮᠣᠭᠠᠶ ᠶ᠋ᠢᠨ
ᠬᠡᠯᠪᠡᠷᠢᠲᠡᠶ ᠵᠢᠭᠰᠠᠭᠠᠯ ᠵᠢᠭᠰᠠᠵᠤ᠂ ᠮᠣᠷᠢᠲᠤ ᠴᠡᠷᠢᠭ ᠨᠢ ᠡᠮᠦᠨ᠎ᠡ ᠨᠢ ᠂ ᠶᠠᠪᠠᠭᠠᠨ ᠴᠡᠷᠢᠭ
ᠨᠢ ᠬᠣᠶᠢᠨᠠ ᠂ ᠪᠠᠷᠠᠭᠤᠨ ᠡᠴᠠ ᠵᠡᠭᠦᠨᠰᠢ ᠱᠦᠭᠦᠷᠳᠡᠯᠲᠡ ᠶᠠᠪᠤᠭᠤᠯᠵᠤ ᠂ ᠦᠦᠰᠢᠨ᠂ ᠵᠠᠰᠠᠭ
ᠬᠣᠶᠠᠷ ᠬᠣᠰᠢᠭᠤᠨ` ᠤ ᠪᠣᠰᠣᠯᠭ᠎ᠠ ᠶ᠋ᠢᠨ ᠴᠡᠷᠢᠭ ᠤᠨ ᠬᠣᠯᠪᠣᠭ᠎ᠠ ᠶ᠋ᠢ ᠲᠠᠰᠤᠯᠪᠠ᠃ 27 ᠤ
ᠡᠳᠦᠷ ᠂ ᠬᠣᠶᠠᠷ ᠵᠠᠮ ᠤᠨ ᠭᠣᠮᠢᠨᠳᠠᠩ ᠤᠨ ᠴᠡᠷᠢᠭ ᠲᠦᠭᠦᠷᠢᠲᠠᠢ ᠰᠦᠮ᠎ᠡ ᠳ᠋ᠤ
ᠨᠡᠶᠢᠯᠡᠭᠰᠡᠨ ᠤ ᠳᠠᠷᠠᠭ᠎ᠠ ᠂ ᠾᠧ ᠸᠧᠨ ᠳ᠋ᠢᠩ ᠡᠴᠡ ᠬᠤᠤ ᠹᠸᠩ ᠲᠠᠢ ᠪᠤᠯᠤᠨ ᠵᠤᠤ ᠤᠳᠠ ᠦ
ᠬᠤᠶᠠᠷ ᠬᠤᠷᠢᠶ᠎ᠠ ᠶ᠋ᠢ ᠳᠠᠶᠢᠴᠢᠯᠠᠨ ᠦᠷᠭᠦᠯᠵᠢᠯᠡᠨ ᠵᠡᠭᠦᠨᠰᠢ ᠱᠦᠭᠦᠷᠳᠡᠯᠲᠡ ᠬᠢᠵᠦ᠂ 28 ᠤ
ᠡᠳᠦᠷ ᠰᠢᠨ᠎ᠡ ᠵᠡᠭᠡᠯᠢᠳ᠋ᠤ ᠬᠦᠷᠴᠦ ᠂ 29 ᠳ᠋ᠤ ᠡᠳᠦᠷ ᠮᠡᠶᠢᠷᠡᠨ ᠰᠦᠮ᠎ᠡ ᠳ᠋ᠤ ᠪᠤᠴᠠᠵᠠᠢ᠃
5
ᠰᠠᠷ᠎ᠠ ᠶ᠋ᠢᠨ 2 ᠤ ᠡᠳᠦᠷ ᠂ ᠾᠧ ᠸᠧᠨ ᠳ᠋ᠢᠩ ᠤᠨ ᠵᠠᠬᠢᠷᠤᠭᠰᠠᠨ ᠴᠡᠷᠢᠭ ᠠᠩᠬᠢ ᠨᠢ
ᠠᠷᠴᠠᠪᠠᠶᠠᠷ ᠲᠤᠵᠢᠡᠷ ᠦᠦᠰᠢᠨ ᠬᠤᠰᠢᠭᠤᠨ ᠤ ᠪᠣᠰᠣᠯᠭ᠎ᠠ ᠶ᠋ᠢᠨ ᠴᠡᠷᠢᠭ ᠤᠷᠠᠬᠠᠨ ᠳ᠋ᠦ ᠤᠷᠤᠵᠤ᠂
ᠬᠡᠳᠦᠨ ᠠᠷᠪᠠᠨ ᠬᠥᠮᠦᠨ ᠰᠢᠷᠬᠠᠳᠤᠭᠰᠠᠨ ᠪᠠᠶᠢᠨ᠎ᠠ ᠃ 5 ᠰᠠᠷ᠎ᠠ ᠶ᠋ᠢᠨ 5 ᠤ ᠡᠳᠦᠷ ᠦᠨ ᠥᠷᠯᠥᠭᠡ
᠂ ᠳᠠᠪᠴᠠᠭ ᠵᠡᠭᠦᠨᠰᠢ 40 ᠭᠠᠷᠤᠶ ᠳᠣᠲᠣᠷᠠᠬᠢ ᠮᠢᠩ ᠱᠠ ᠯᠢᠶᠠᠩ ᠨᠢᠭᠡ ᠤᠷᠤᠨ ᠳ᠋ᠤ ᠂ ᠦᠦᠰᠢᠨ
ᠬᠤᠰᠢᠭᠤᠨ ᠤ ᠪᠣᠰᠣᠯᠭ᠎ᠠ ᠶ᠋ᠢᠨ ᠴᠡᠷᠢᠭ ᠭᠠᠵᠠᠷ ᠤᠨ ᠪᠠᠶᠢᠴᠠ ᠶ᠋ᠢ ᠬᠦᠢᠴᠡᠳ ᠠᠰᠢᠭᠯᠠᠵᠤ ᠂ 21
ᠳ᠋ᠦ᠋ᠭᠡᠷ ᠪᠦᠯᠬᠦᠮ ᠲᠠᠢ ᠰᠢᠷᠦᠭᠦᠨ ᠲᠡᠮᠡᠴᠡᠯ ᠥᠷᠨᠢᠭᠦᠯᠵᠦ ᠂ ᠳᠠᠶᠢᠰᠤᠨ ᠤ ᠬᠡᠳᠦ ᠤᠳᠠᠭᠠᠨ ᠤ
ᠬᠡᠳᠡᠷᠬᠥ ᠲᠠᠭᠠᠷᠢᠯᠳᠠ ᠶ᠋ᠢ ᠴᠣᠬᠢᠨ ᠳᠣᠪᠲᠣᠯᠵᠤ ᠂ ᠠᠷᠪᠠ ᠭᠠᠷᠤᠶ ᠳᠠᠶᠢᠰᠤᠨ ᠢ ᠠᠯᠠᠵᠤ
ᠰᠢᠷᠬᠠᠲᠤᠭᠤᠯᠵᠠᠶ ᠃ ᠰᠡᠭᠦᠯᠡᠷ ᠨᠢ 21 ᠬᠣᠷᠢᠶ᠎ᠠ ᠪᠡᠯᠡᠳᠬᠡᠯ ᠬᠦᠴᠦᠨ ᠪᠡᠨ ᠰᠢᠯᠵᠢᠬᠦᠯᠦᠨ ᠂
ᠴᠤᠬᠢᠯᠲᠠ ᠶᠠᠪᠤᠭᠤᠯᠪᠠ ᠃ ᠪᠣᠰᠣᠯᠭ᠎ᠠ ᠶ᠋ᠢᠨ ᠴᠡᠷᠢᠭ ᠤᠨ ᠬᠦᠴᠦᠨ ᠪᠠᠭᠤᠷᠠᠶ ᠡᠴᠠ ᠪᠤᠯᠵᠤ
ᠪᠦᠰᠡᠯᠡᠯᠲᠡ ᠶ᠋ᠢ ᠰᠢᠪᠲᠤᠯᠤᠭᠰᠠᠨ ᠤ ᠳᠠᠷᠠᠭ᠎ᠠ ᠤᠬᠤᠷᠢᠵᠤ ᠭᠠᠷᠪᠠ ᠃ ᠲᠤᠰ ᠡᠳᠦᠷ ᠤᠨ
ᠦᠳᠡ ᠶ᠋ᠢᠨ ᠬᠣᠶᠢᠨᠠ ᠂ ᠭᠣᠮᠢᠨᠳᠠᠩ ᠵᠡᠭᠦᠨ ᠂ ᠪᠠᠷᠠᠭᠤᠨ ᠬᠣᠶᠠᠷ ᠱᠤᠭᠤᠮ ᠢᠶᠠᠷ ᠲᠡᠷᠭᠡ
ᠳᠠᠪᠴᠠᠭ ᠬᠦᠷᠴᠦ᠂ ᠸᠠᠩ ᠤᠨ ᠬᠣᠷᠣᠭ᠎ᠠ ᠶ᠋ᠢ ᠡᠵᠡᠯᠡᠨ ᠶᠠᠮᠤᠨ ᠪᠠ ᠴᠡᠷᠢᠭ ᠤᠨ ᠬᠤᠸᠠᠷᠠᠨ ᠢ
ᠡᠵᠡᠯᠡᠪᠡ᠃ 5 ᠰᠠᠷ᠎ᠠ ᠶ᠋ᠢᠨ 7 ᠤ ᠡᠳᠦᠷ᠂ ᠴᠢ ᠢᠦᠢ ᠱᠠᠨ ᠲᠣᠭᠣᠷᠢᠮ ᠰᠦᠮ᠎ᠡ ᠬᠦᠷᠴᠦ ᠂ ᠾᠧ
ᠸᠧᠨ ᠳ᠋ᠢᠩ ᠳ᠋ᠦ ᠪᠠᠭᠤᠵᠤ ᠦᠭᠭᠦᠨ᠂ ᠲᠤᠰ ᠣᠷᠣᠶ ᠨᠢ ᠳ᠋ᠢᠩ ᠾᠧ ᠸᠧᠨ ᠵᠢᠯᠣᠭᠣᠳᠬᠤ ᠭᠠᠵᠠᠷ
ᠬᠤᠨᠤᠭᠯᠠᠪᠠ ᠃ 5 ᠰᠠᠷ᠎ᠠ ᠶ᠋ᠢᠨ 8 ᠤ ᠡᠳᠦᠷ ᠂ ᠾᠧ ᠸᠧᠨ ᠳ᠋ᠢᠩ ᠪᠣᠯᠤᠨ ᠴᠢ ᠢᠦᠢ ᠱᠠᠨ ᠸᠠᠩ ᠤᠨ
ᠬᠤᠷᠤᠭ᠎ᠠ ᠳ᠋ᠤ ᠪᠤᠴᠠᠨ ᠢᠷᠡᠪᠡ᠃ 5 ᠰᠠᠷ᠎ᠠ ᠶ᠋ᠢᠨ 9 ᠤ ᠡᠳᠦᠷ ᠂ ᠴᠢ ᠢᠦᠢ ᠱᠠᠨ ᠡᠴᠡ
ᠠᠮᠤᠷ ᠢ ᠬᠠᠮᠠᠭᠠᠯᠠᠬᠤ ᠴᠡᠷᠢᠭ ᠠᠩᠭᠢ ᠳ᠋ᠦ ᠵᠠᠷᠯᠢᠭ ᠪᠠᠭᠤᠯᠭᠠᠵᠦ ᠂ ᠤᠤᠯ ᠤᠷᠤᠨ ᠳ᠋ᠠᠭᠠᠨ
ᠰᠡᠷᠭᠡᠶᠢᠯᠡᠨ ᠰᠠᠬᠢᠭᠰᠠᠨ ᠪᠠᠶᠢᠨ᠎ᠠ ᠃
5 ᠰᠠᠷ᠎ᠠ ᠶ᠋ᠢᠨ 10 ᠤ ᠡᠳᠦᠷ ᠂
ᠭᠣᠮᠢᠨᠳᠠᠩ ᠤᠨ ᠴᠡᠷᠢᠭ ᠠᠨᠭᠭᠢ ᠦᠷᠭᠦᠯᠵᠢᠯᠡᠨ ᠪᠠᠷᠠᠭᠤᠨᠰᠢ ᠤᠷᠤᠭᠰᠢᠯᠠᠵᠤ ᠂
ᠪᠣᠰᠣᠯᠭ᠎ᠠ ᠶ᠋ᠢᠨ ᠴᠡᠷᠢᠭ ᠠᠩᠭᠢ ᠨᠢᠭᠤᠷᠳᠠᠨ ᠪᠠᠶᠢᠯᠳᠤᠵᠤ ᠂ ᠰᠠᠯᠠᠭᠠᠨ ᠳᠠᠷᠤᠭ᠎ᠠ
ᠪᠠᠶᠠᠨᠪᠠᠲᠤᠪᠡᠶᠡ ᠦᠷᠡᠭᠳᠡᠵᠦ ᠂ ᠪᠠᠶᠢᠯᠳᠤᠭᠴᠢ ᠰᠠᠬᠢᠶᠠᠨ ᠫᠤᠤ ᠵᠡᠪᠰᠡᠭ ᠢᠶ᠋ᠡᠨ ᠲᠤᠰᠢᠶᠠᠵᠠᠢ᠃
ᠴᠢ ᠵᠢᠨ ᠰᠠᠨ ᠠᠷᠪᠠᠭᠠᠳ ᠴᠡᠷᠢᠭ( 4 ᠰᠠᠷ᠎ᠠ ᠶ᠋ᠢᠨ 24 ᠤ ᠡᠳᠦᠷ ) ᠪᠠᠨ ᠳᠠᠭᠠᠭᠤᠯᠤᠨ ᠴᠢ
ᠢᠦᠢ ᠱᠠᠨ ᠤ ᠨᠢᠭᠡ ᠵᠠᠬᠢᠳᠠᠯ ᠲᠠᠢ ᠳ᠋ᠢᠩᠪᠢᠶᠠᠨ ᠳ᠋ᠤ ᠬᠦᠷᠴᠦ ᠂ ᠳᠤᠮᠳᠠᠳᠤ ᠤᠯᠤᠰ ᠤᠨ ᠡᠪ
ᠬᠠᠮᠲᠤ ᠨᠠᠮ ᠤᠨ ᠭᠤᠷᠪᠠᠨ ᠬᠢᠵᠠᠭᠠᠷ ᠣᠷᠣᠨ ᠤ ᠣᠨᠴᠠᠭᠠᠶ ᠬᠣᠷᠢᠶᠠᠨ ᠳ᠋ᠤ ᠪᠣᠰᠣᠯᠭ᠎ᠠ
ᠭᠠᠷᠭᠠᠭᠰᠠᠨ ᠪᠠᠶᠢᠳᠠᠯ ᠢ ᠬᠡᠯᠡᠬᠦ ᠶ᠋ᠢᠨ ᠬᠠᠮᠲᠤ ᠲᠤᠰᠠᠯᠠᠮᠵᠢ ᠭᠤᠶᠤᠵᠦ ᠪᠠᠶᠢᠭᠰᠠᠨ
ᠬᠤᠭᠤᠴᠠᠭᠠᠨ ᠳ᠋ᠦ᠂ ᠱᠲ᠋ᠠᠪ ᠤᠨ ᠳᠠᠷᠤᠭ᠎ᠠ ᠡᠩᠬᠡ ᠮᠠᠩᠯᠠᠢ ᠴᠡᠷᠢᠭ ᠤᠨ ᠶᠠᠪᠤᠳᠠᠯ ᠤᠨ
ᠠᠵᠢᠯ ᠢ ᠡᠷᠬᠢᠯᠡᠭᠰᠡᠨ ᠪᠠᠶᠢᠨ᠎ᠠ᠃ ᠠᠯᠠᠭ ᠲᠣᠯᠣᠭᠠᠶ ᠪᠠᠶᠢᠯᠳᠤᠭᠠᠨ ᠤ ᠳᠠᠷᠠᠭ᠎ᠠ ᠂ ᠲᠡᠷᠡ
ᠪᠣᠰᠣᠯᠭ᠎ᠠ ᠶ᠋ᠢᠨ ᠴᠡᠷᠢᠭ ᠢ ᠳᠠᠭᠠᠭᠤᠯᠤᠨ ᠪᠠᠲᠤ ᠳᠤᠬᠤᠢ ᠴᠢᠯᠥᠭᠡᠯᠡᠭᠳᠡᠭᠰᠡᠨ ᠣᠷᠣᠨ ᠳ᠋ᠦ
ᠤᠬᠤᠷᠢᠪᠠ ᠃ ᠡᠩᠬᠡ ᠮᠠᠩᠯᠠᠢ ᠴᠡᠷᠢᠭ ᠳᠠᠭᠠᠭᠤᠯᠤᠨ ᠪᠠᠷᠠᠭᠤᠨᠰᠢ ᠶᠠᠪᠤᠵᠤ
ᠵᠢᠷᠤᠬᠠᠶᠢᠴᠢᠨ ᠤ ᠳ᠋ᠤ ᠬᠣᠨᠣᠭᠯᠠᠬᠤ ᠦᠶ᠎ᠡ ᠳ᠋ᠦ ᠂ ᠲᠡᠭᠦᠨ ᠤ ᠬᠠᠮᠠᠭᠠᠯᠠᠭᠴᠢ ᠨᠠᠮᠦᠯᠡᠨ ᠭᠡᠷ
ᠨᠤᠲᠤᠭ ᠡᠴᠠ ᠪᠠᠨ ᠬᠤᠯᠠ ᠰᠠᠯᠬᠤ ᠳᠤᠷ᠎ᠠ ᠦᠭᠡᠶ ᠡᠪ ᠬᠠᠮᠲᠤ ᠨᠠᠮ ᠳ᠋ᠤ ᠪᠠᠭᠤᠨ ᠦᠭᠴᠦ ᠂ ᠡᠩᠬᠡ
ᠮᠠᠩᠯᠠᠢ ᠶ᠋ᠢ ᠠᠯᠠᠵᠤ ᠲᠡᠭᠦᠨ ᠢ ᠪᠡᠶ᠎ᠡ ᠪᠡᠨ ᠬᠣᠣᠷᠯᠠᠭᠰᠠᠨ ᠶᠠᠷᠢᠶ᠎ᠠ ᠲᠠᠷᠬᠠᠭᠠᠵᠠᠢ ᠃
ᠪᠣᠰᠣᠯᠭ᠎ᠠ ᠶ᠋ᠢᠨ ᠴᠡᠷᠢᠭ ᠵᠢᠯᠣᠭᠣᠳᠬᠤ ᠬᠥᠮᠦᠨ ᠦᠭᠡᠶ ᠡᠴᠠ ᠪᠤᠯᠵᠤ ᠪᠤᠳᠠᠷᠠᠵᠦ ᠵᠡᠭᠦᠨ ᠦᠦᠰᠢᠨ
ᠨᠤᠲᠤᠭ ᠲᠠᠶ ᠴᠡᠷᠢᠭ ᠂ ᠶᠡᠬᠡᠩᠬᠢ ᠬᠡᠰᠡᠭ ᠨᠢ ᠭᠡᠷ ᠲᠡᠬᠡᠨ ᠪᠤᠴᠠᠵᠤ ᠂ ᠪᠠᠷᠠᠭᠤᠨ ᠦᠦᠰᠢᠨ
ᠲᠠᠪᠤᠨ ᠣᠷᠣᠨ ᠤ ᠴᠡᠷᠢᠭ ᠶᠡᠬᠡ ᠴᠡᠷᠢᠭ ᠨᠢ ᠴᠢ ᠵᠢᠨ ᠱᠠᠨ ᠂ ᠸᠠᠩ ᠶᠤᠸᠠᠢ ᠹᠸᠩ ᠤᠨ ᠦᠷᠭᠡᠳᠬᠡᠨ
ᠪᠠᠶᠢᠭᠤᠯᠤᠭᠰᠠᠨ ᠰᠠᠭᠤᠷᠢᠨ ᠭᠠᠵᠠᠷ ᠲᠤ ᠬᠦᠷᠴᠦ ᠂ ᠡᠪ ᠬᠠᠮᠲᠤ ᠨᠠᠮ ᠤᠨ ᠤᠳᠤᠷᠢᠳᠤᠯᠭ᠎ᠠ ᠶ᠋ᠢ
ᠳᠠᠭᠠᠪᠠ ᠃
ᠡᠨᠡ ᠬᠤᠭᠤᠷᠤᠨᠲᠤ ᠂ ᠡᠪ ᠬᠠᠮᠲᠤ ᠨᠠᠮ ᠲᠠᠢ ᠬᠤᠯᠪᠤᠭ᠎ᠠ ᠠᠠᠪᠬᠤ ᠳ᠋ᠤ
ᠲᠤᠮᠢᠯᠠᠭᠰᠠᠨ ᠵᠠᠰᠠᠭ ᠠᠩᠬᠢ ᠶ᠋ᠢᠨ ᠰᠡᠷᠢ ᠪᠦᠷᠢᠨ ᠤᠲᠤᠭ ᠬᠤᠰᠢᠭᠤᠨ ᠤ ᠪᠠᠲᠤ ᠶ᠋ᠢᠨ ᠭᠡᠷ ᠲᠦ
ᠪᠤᠴᠠᠵᠤ ᠢᠷᠡᠨ ᠂ ᠱᠠᠸᠠᠩ ᠳ᠋ᠤ ᠡᠪ ᠬᠠᠮᠲᠤ ᠨᠠᠮ ᠤᠨ ᠼᠤᠤ ᠺᠠᠢ ᠴᠧᠩ ᠂ ᠵᠤᠤ ᠲᠤ ᠸᠩ ᠲᠠᠢ
ᠬᠠᠷᠢᠯᠴᠠᠭᠰᠠᠨ ᠢ ᠬᠠᠷᠢᠭᠤ ᠮᠡᠳᠡᠭᠦᠯᠵᠦ ᠂ ᠡᠪ ᠬᠠᠮᠲᠤ ᠨᠠᠮ ᠤᠨ ᠵᠤᠷᠢᠯᠲᠠ ᠶ᠋ᠢ
ᠳᠠᠮᠵᠢᠭᠤᠯᠤᠭᠰᠠᠨ ᠪᠠᠶᠢᠨ᠎ᠠ ᠃ ᠳᠠᠷᠤᠢ ᠄ 《ᠱᠠ ᠸᠠᠩ ᠤᠨ ᠠᠮᠤᠷ ᠲᠦᠪᠰᠢᠨ ᠢ ᠪᠠᠲᠤᠯᠠᠬᠤ ᠶ᠋ᠢᠨ
ᠲᠤᠰᠠᠳᠠ᠂ ᠡᠪ ᠬᠠᠮᠲᠤ ᠨᠠᠮ ᠤᠨ ᠲᠠᠯ᠎ᠠ ᠡᠴᠠ ᠦᠦᠰᠢᠨ ᠬᠤᠰᠢᠭᠤᠨ ᠤ ᠪᠠᠷᠠᠭᠤᠨ ᠬᠡᠰᠡᠭ ᠶ᠋ᠢᠨ
ᠵᠠᠩᠭᠤᠲᠤ ᠲᠦ ᠬᠦᠷᠴᠦ ᠢᠷᠡᠬᠦ ᠶ᠋ᠢ ᠪᠠᠶᠠᠰᠤᠯᠳᠤᠨ ᠤᠭᠲᠤᠵᠤ ᠂ ᠠᠷᠪᠠᠭᠠᠳ ᠬᠠᠮᠠᠭᠠᠯᠠᠭᠴᠢ
ᠲᠤᠮᠢᠯᠠᠵᠦ ᠱᠠ ᠸᠠᠩ ᠢ ᠬᠠᠮᠠᠭᠠᠯᠠᠨ᠎ᠠ 》 ᠭᠡᠰᠡᠨ ᠪᠠᠶᠢᠨ᠎ᠠ ᠃ ᠡᠨᠡ ᠦᠶᠡᠰ ᠲᠦ ᠂ ᠤᠳᠤᠭ
ᠬᠤᠰᠢᠭᠤᠨ ᠤ ᠴᠡᠷᠢᠭ ᠦᠨ ᠶᠡᠬᠡ ᠡᠷᠬᠡ ᠶ᠋ᠢ ᠡᠵᠡᠮᠰᠢᠭᠰᠡᠨ ᠷᠠᠰᠢᠶᠠᠨ ᠰᠦᠮ᠎ᠡ ᠶ᠋ᠢᠨ ᠯᠠᠮᠠ ᠵᠠᠩ
ᠸᠸᠨ ᠰᠢᠤᠸᠠᠨ ᠡᠴᠡ ᠪᠢᠴᠢᠭᠡᠴᠢ ᠪᠡᠨ ᠲᠤᠮᠢᠯᠠᠵᠦ( ᠠᠷᠪᠢᠨᠬᠡᠰᠢᠭ) ᠱᠠ ᠸᠠᠩ ᠤᠨ ᠠᠮᠤᠷ ᠢ
ᠡᠷᠢᠵᠦ ᠂ ᠠᠮᠤ ᠬᠦᠨᠡᠰᠦ ᠶ᠋ᠢ ᠨᠢ ᠤᠶᠢᠷᠠᠳᠤᠭᠤᠯᠤᠨ ᠦᠭᠴᠦ ᠂ ᠲᠡᠭᠦᠨ ᠢ ᠪᠤᠶᠢᠳᠠ ᠪᠦᠭᠯᠡᠬᠦᠦ
ᠪᠦᠭᠡᠳ ᠨᠠᠮ ᠰᠡᠯᠡᠬᠦᠦ ᠭᠠᠵᠠᠷ ᠰᠠᠭᠤᠬᠤ ᠶ᠋ᠢ ᠵᠤᠷᠢᠵᠠᠢ ᠃ ᠡᠨᠡ ᠨᠢ ᠱᠠ ᠸᠠᠩ ᠳ᠋ᠤ
ᠲᠤᠯᠭᠠᠷᠠᠭᠰᠠᠨ ᠬᠦᠴᠢᠷ ᠠᠰᠠᠭᠤᠳᠠᠯ ᠃ ᠬᠡᠷᠪᠡ ᠰᠢᠭᠤᠳ ᠦᠦᠰᠢᠨ ᠬᠤᠰᠢᠭᠤᠨ ᠤ ᠴᠢᠯᠥᠭᠡᠯᠡᠭᠳᠡᠭᠰᠡᠨ
ᠣᠷᠣᠨ — ᠵᠠᠩᠭᠤᠲᠤ ᠳ᠋ᠤ ᠰᠠᠭᠤᠷᠢᠰᠢᠪᠠᠯ ᠵᠠᠩ ᠸᠸᠨ ᠰᠢᠤᠶᠠᠨ ᠡᠴᠠ ᠲᠡᠭᠦᠨ ᠢᠡᠪ ᠬᠠᠮᠲᠤ
ᠨᠠᠮ ᠳ᠋ᠦ ᠪᠠᠭᠤᠵᠤ ᠦᠭᠭᠦᠭᠰᠡᠨ ᠲᠤᠬᠠᠢ ᠶᠠᠷᠢᠬᠤ ᠡᠴᠠ ᠠᠶᠤᠨ᠎ᠠ ᠃ ᠲᠡᠶᠢᠮᠦ ᠡᠴᠡ ᠲᠤᠯᠠᠳᠠ᠂ ᠡᠪ
ᠬᠠᠮᠲᠤ ᠨᠠᠮ ᠤᠨ ᠬᠤᠯᠪᠤᠭᠠᠴᠢᠨ ᠲᠠᠢ ᠰᠦᠨᠢ ᠪᠡᠷ ᠬᠤᠯᠪᠤᠭ᠎ᠠ ᠠᠪᠴᠤ ᠶᠠᠪᠤᠭᠰᠠᠨ ᠪᠠᠶᠢᠨ᠎ᠠ ᠃
ᠡᠨᠡ ᠨᠢ ᠡᠪ ᠬᠠᠮᠲᠤ ᠨᠠᠮ ᠳ᠋ᠤ 《 ᠤᠤᠯᠭᠠᠯᠠᠭᠳᠠᠭᠰᠠᠨ 》 ᠭᠡᠬᠦ ᠬᠠᠭᠤᠷᠮᠠᠭ ᠪᠠᠶᠢᠳᠠᠯ ᠢ
ᠦᠵᠡᠬᠦᠯᠬᠦ ᠶ᠋ᠢᠨ ᠲᠦᠯᠦᠭᠡ ᠪᠤᠯᠤᠨ᠎ᠠ ᠃ ᠲᠤᠰ ᠣᠷᠣᠶ ᠨᠢ ᠨᠢᠭᠡ ᠴᠠᠭ ᠦᠢ᠎ᠡ ᠪᠡᠷ ᠂ ᠦᠦᠰᠢᠨ
ᠬᠤᠰᠢᠭᠤᠨ ᠤ ᠴᠢᠯᠥᠭᠡᠯᠡᠭᠳᠡᠭᠰᠡᠨ ᠣᠷᠣᠨ ᠵᠦᠭ ᠴᠢᠭᠯᠡᠨ ᠂ 5 ᠰᠠᠷ᠎ᠠ ᠶ᠋ᠢᠨ 8 ᠦ ᠡᠳᠦᠷ
ᠦᠦᠰᠢᠨ ᠬᠤᠰᠢᠭᠤᠨ ᠤ ᠠᠵᠢᠯᠯᠠᠬᠤ ᠬᠤᠷᠢᠶᠠᠨ ᠤ ᠳᠡᠳ᠋ ᠱᠦᠵᠢ ᠼᠤᠤ ᠪᠦ᠋ ᠴᠧᠩ ᠡᠴᠠ ᠬᠡᠳᠦᠨ
ᠠᠷᠪᠠᠨ ᠴᠡᠷᠢᠭ ᠳᠠᠭᠠᠭᠤᠯᠤᠨ ᠱᠠ ᠸᠠᠩ ᠢ ᠬᠠᠮᠠᠭᠠᠯᠠᠨ ᠦᠦᠰᠢᠨ ᠬᠤᠰᠢᠭᠤᠨ ᠤ ᠪᠦᠸᠸ ᠯᠦᠸᠸ
ᠾᠦᠸᠸ ᠪᠠᠭ᠎ᠠ ᠰᠦᠮ᠎ᠡ ᠳ᠋ᠦ ᠠᠪᠠᠭᠠᠰᠢᠨ ᠰᠠᠭᠤᠯᠭᠠᠭᠰᠠᠨ ᠪᠠᠶᠢᠨ᠎ᠠ᠃ ᠱᠠ ᠸᠠᠩ ᠤᠨ ᠭᠡᠷ
ᠪᠦᠯᠢ ᠶ᠋ᠢᠨ ᠬᠢᠨ ᠪᠤᠯᠤᠨ ᠳᠠᠭᠠᠭᠰᠠᠳ ᠨᠢ ᠨᠡᠶᠢᠲᠡ ᠵᠠᠭᠤ ᠰᠢᠬᠠᠮ ᠬᠥᠮᠦᠨ ᠡᠨᠳᠡ ᠢᠷᠡᠵᠡᠢ ᠃
ᠭᠤᠷᠪᠠᠨ ᠲᠠᠯ᠎ᠠ ᠶ᠋ᠢᠨ ᠮᠣᠩᠭᠣᠯ ᠬᠢᠲᠠᠳ ᠮᠣᠷᠢᠲᠤ ᠴᠡᠷᠢᠭ ᠤᠨ ᠠᠩᠭᠢ ᠶ᠋ᠢᠨ ᠳᠠᠷᠤᠭ᠎ᠠ ᠼᠤᠤ
ᠳᠦᠩ ᠾᠢ ᠶᠠᠭᠤᠨ ᠤ ᠡᠮᠦᠨ᠎ᠡ ᠬᠦᠷᠦᠯᠴᠡᠨ ᠢᠷᠡᠵᠦ ᠂ ᠱᠠ ᠸᠠᠩ ᠢ ᠵᠤᠴᠢᠯᠠᠵᠦ ᠂ ᠬᠤᠨᠤᠭ
ᠲᠤᠬᠢᠷᠠᠭᠤᠯᠤᠭᠰᠠᠨ ᠪᠠᠶᠢᠨ᠎ᠠ ᠃ ᠰᠠᠬᠢᠨ ᠬᠠᠮᠠᠭᠠᠯᠠᠬᠤ ᠭᠤᠷᠪᠠᠳᠤᠭᠠᠷ ᠳ᠋ᠢᠸᠢᠽᠢ ᠶ᠋ᠢᠨ
ᠳᠠᠷᠤᠭ᠎ᠠ ᠾᠧ ᠵᠢᠨ ᠨᠢᠶᠠᠨ᠂ ᠤᠯᠤᠰ ᠲᠦᠷᠦ ᠶ᠋ᠢᠨ ᠵᠦᠪᠯᠡᠭᠴᠢ ᠡᠷᠦᠭᠡ ᠶ᠋ᠢᠨ ᠴᠡᠷᠢᠭ ᠤᠨ
ᠰᠠᠯᠠᠭᠠᠨ ᠳᠠᠷᠤᠭ᠎ᠠ ᠭᠣᠤ ᠪᠥᠸᠧ ᠂ ᠪᠠᠷᠢᠭᠠᠳᠠ ᠶ᠋ᠢᠨ ᠬᠠᠩᠭᠠᠯᠭ᠎ᠠ ᠶ᠋ᠢᠨ ᠭᠠᠵᠠᠷ ᠤᠨ ᠡᠳ᠋ ᠤᠨ
ᠵᠠᠰᠠᠭ ᠤᠨ ᠰᠠᠯᠠᠭᠠᠨ ᠳᠠᠷᠤᠭ᠎ᠠ ᠬᠤᠢ ᡁᠢ ᠭᠣᠣ ᠂ ᠱᠠᠨᠰᠢ ᠭᠠᠨᠰᠦ ᠨᠢᠩᠰᠢᠶᠠ ᠶ᠋ᠢᠨ ᠬᠢᠵᠠᠭᠠᠷ
ᠣᠷᠣᠨ ᠤ ᠦᠨᠳᠦᠰᠦᠲᠡᠨ ᠤ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠵᠣᠣ ᠲᠤᠩ ᠷᠦ᠋᠂ ᠯᠢᠦ
ᠠᠨ ᠭᠦᠸᠸ ( ᠡᠮᠴᠢ )᠂ ᠼᠤᠤ ᠳ᠋ᠦᠩ ᠾᠢ ᠡᠴᠡ ᠱᠠ ᠸᠠᠩ ᠢ ᠦᠵᠡᠬᠦ ᠪᠡᠷ ᠬᠦᠷᠦᠯᠴᠡᠨ ᠢᠷᠡᠵᠦ
ᠲᠤᠬᠤᠨᠢᠭᠤᠯᠪᠠ ᠃
ᠱᠠ ᠸᠠᠩ ᠡᠴᠡ ᠾᠧ ᠵᠢᠨ ᠨᠢᠶᠠᠨ ᠵᠡᠷᠭᠡ ᠡᠪ ᠬᠠᠮᠲᠤ ᠨᠠᠮ ᠤᠨ
ᠤᠳᠤᠷᠢᠳᠤᠯᠭ᠎ᠠ ᠶ᠋ᠢᠨ ᠤᠯᠤᠰ ᠲᠦᠷᠤ ᠶ᠋ᠢᠨ ᠲᠡᠮᠡᠴᠡᠯ ᠶᠠᠪᠤᠭᠤᠯᠬᠤ ᠰᠠᠨᠠᠭᠤᠯᠭ᠎ᠠ ᠶ᠋ᠢ ᠬᠦᠯᠢᠶᠡᠨ
ᠠᠪᠴᠤ᠂ ᠬᠡᠷᠡᠭ ᠬᠤᠪᠢᠰᠤᠯ ᠢ ᠨᠠᠶᠢᠷᠠᠮᠳᠠᠯ ᠢᠶᠠᠷ ᠰᠢᠶᠳᠪᠦᠷᠢᠯᠡᠬᠦ ᠵᠣᠷᠢᠯᠲᠠ ᠪᠠᠨ ᠂ 5
ᠰᠠᠷ᠎ᠠ ᠶ᠋ᠢᠨ 12 ᠶ᠋ᠢᠨ ᠡᠳᠦᠷ ᠱᠠ ᠸᠠᠩ ᠡᠴᠠ《 ᠶᠡᠬᠡ ᠵᠤᠤ ᠠᠶᠢᠮᠠᠭ ᠤᠨ ᠬᠡᠷᠡᠭ
ᠬᠤᠪᠢᠰᠤᠯ ᠤᠨ ᠲᠤᠬᠠᠶ ᠴᠠᠬᠢᠯᠭᠠᠨ ᠮᠡᠳᠡᠭᠡ 》 ᠶ᠋ᠢ ᠪᠦᠬᠦ ᠤᠯᠤᠰ ᠲᠤ ᠲᠠᠷᠬᠠᠭᠠᠵᠦ ᠂
ᠭᠣᠮᠢᠨᠳᠠᠩ ᠤᠨ ᠶᠡᠬᠡ ᠵᠤᠤ ᠠᠶᠢᠮᠠᠭ ᠲᠤ ᠦᠢᠯᠡᠳᠦᠭᠰᠡᠨ ᠶᠠᠯᠠᠲᠤ ᠠᠵᠢᠯᠯᠠᠭ᠎ᠠ ᠶ᠋ᠢ ᠵᠠᠭᠠᠯᠳᠤᠵᠤ
᠂ ᠶᠡᠬᠡ ᠵᠤᠤ ᠠᠶᠢᠮᠠᠭ ᠤᠨ ᠠᠰᠠᠭᠤᠳᠠᠯ ᠢ ᠰᠢᠢᠳᠪᠦᠷᠢᠯᠡᠬᠦ ᠲᠤᠬᠠᠶ ᠵᠢᠷᠭᠤᠭᠠᠨ
ᠱᠠᠭᠠᠷᠳᠠᠯᠭ᠎ᠠ ᠶ᠋ᠢ ᠳᠤᠷᠠᠳᠤᠭᠰᠠᠨ ᠪᠠᠶᠢᠨ᠎ᠠ ᠃
ᠬᠣᠭᠣᠷᠣᠨᠳᠣᠬᠢ ᠬᠠᠷᠢᠴᠠᠭ᠎ᠠ ᠪᠠᠨ
ᠤᠯᠠᠮ ᠨᠢᠭᠡ ᠠᠯᠬᠤᠮ ᠴᠢᠩᠭᠠᠳᠬᠠᠬᠤ ᠶ᠋ᠢᠨ ᠲᠤᠰᠠᠳᠠ᠂ ᠵᠤᠤ ᠲᠤᠩ ᠷᠦ᠋ ᠂ ᠾᠧ ᠵᠢᠨ ᠨᠢᠶᠠᠨ ᠂
ᠤᠴᠢᠷ ᠶᠡᠬᠡᠲᠦ ᠭᠤᠷᠪᠠᠨ ᠬᠦᠮᠦᠨ ᠲᠠᠢ ᠠᠨᠳᠠ ᠪᠤᠯᠤᠯᠴᠠᠪᠠ ᠃ ᠾᠧ ᠶᠢᠨ ᠨᠢᠶᠠᠨ ᠡᠴᠠ ᠱᠠ
ᠸᠠᠩ ᠳ᠋ᠤ ᠲᠠᠪᠤᠨ ᠭᠠᠷ ᠫᠤᠤ ᠪᠠ ᠲᠣᠷᠭ᠎ᠠ ᠳᠤᠷᠳᠤᠩ ᠪᠦ᠋ᠰ ᠪᠠᠷᠠᠭᠠᠨ ᠪᠡᠯᠡᠭᠯᠡᠵᠦ ᠂ ᠱᠠ
ᠸᠠᠩ ᠡᠴᠡ ᠲᠡᠭᠦᠨ ᠳ᠋ᠦ ᠨᠢᠭᠡᠨ ᠬᠡᠭᠡᠷ ᠮᠤᠷᠢ ᠪᠡᠯᠡᠭ ᠪᠤᠯᠭᠠᠨ ᠪᠠᠷᠢᠪᠠ᠃ 5 ᠰᠠᠷ᠎ᠠ ᠶ᠋ᠢᠨ
ᠰᠡᠭᠦᠯᠴᠢ ᠪᠡᠷ ᠱᠠ ᠸᠠᠩ ᠪᠤᠯᠤᠨ ᠲᠡᠭᠦᠨ ᠦ ᠭᠡᠷ ᠪᠦᠯᠢ ᠶ᠋ᠢᠨ ᠬᠢᠨ ᠬᠢᠭᠡᠳ ᠲᠠᠭᠠᠭᠰᠠᠳ ᠨᠢ
ᠵᠢᠩ ᠪᠢᠶᠠᠨ ᠰᠢᠶᠠᠨ ᠤ ᠳᠠᠷᠤᠭ᠎ᠠ ᠶ᠋ᠢᠨ ᠬᠠᠮᠢᠶᠠᠷᠤᠯᠳᠠ ᠳᠤᠤᠷᠠᠬᠢ ᠵᠠᠩᠭᠤᠲᠤ ᠳ᠋ᠤ ᠡᠭᠦᠨ
ᠰᠠᠭᠤᠷᠢᠰᠢᠭᠰᠠᠨ ᠪᠠᠶᠢᠨ᠎ᠠ ᠃ ᠴᠤᠤᠲᠠᠢ ᠣᠷᠴᠢᠮ ᠰᠠᠬᠢᠨ ᠰᠠᠭᠤᠵᠤ ᠪᠠᠶᠢᠭᠰᠠᠨ ᠵᠠᠰᠠᠭ
ᠬᠣᠰᠢᠭᠤᠨ ᠤ ᠠᠮᠤᠷ ᠢ ᠬᠠᠮᠠᠭᠠᠯᠠᠬᠤ ᠴᠡᠷᠢᠭ ᠮᠦᠨ ᠱᠠ ᠸᠠᠩ ᠨᠡᠭᠦᠵᠦ ᠢ ᠳᠠᠭᠠᠵᠦ ᠨᠡᠭᠦᠵᠦ
ᠤᠴᠢᠭᠰᠠᠨ ᠪᠠᠶᠢᠨ᠎ᠠ᠃ ᠠᠮᠤᠷ ᠢ ᠬᠠᠮᠠᠭᠠᠯᠠᠬᠤ ᠴᠡᠷᠢᠭ ᠂ ᠱᠠ ᠸᠠᠩ ᠭᠡᠷ ᠪᠦᠯᠢ ᠬᠢᠭᠡᠳ
ᠠᠶᠤᠯ ᠡᠴᠡ ᠵᠠᠶᠢᠯᠠᠵᠤ ᠤᠴᠢᠭᠰᠠᠨ ᠮᠠᠯᠴᠢᠳ ᠪᠠᠷᠤᠭ 1000 ᠰᠢᠬᠠᠮ ᠬᠥᠮᠦᠨ ᠴᠤᠭᠯᠠᠷᠠᠭᠰᠠᠨ
ᠪᠠᠶᠢᠯ᠎ᠠ ᠃
6 ᠰᠠᠷ᠎ᠠ ᠶ᠋ᠢᠨ 10 ᠦᠡᠳᠦᠷ ᠂ ᠴᠢ ᠢᠦᠢ ᠱᠠᠨ 200 ᠭᠠᠷᠤᠶ ᠮᠣᠷᠢᠲᠤ
ᠴᠡᠷᠢᠭ ᠳᠠᠭᠠᠭᠤᠯᠵᠤ ᠂ ᠾᠧ ᠸᠧᠨ ᠳ᠋ᠢᠩ ᠤᠨ ᠬᠣᠷᠢᠨ ᠵᠢᠷᠭᠤᠳᠤᠭᠠᠷ ᠳ᠋ᠢᠶᠢᠽᠢ ᠶ᠋ᠢ ᠬᠠᠮᠵᠢᠨ
ᠪᠠᠷᠠᠭᠤᠨ ᠦᠦᠰᠢᠨ ᠬᠤᠰᠢᠭᠤᠨ ᠤ ᠬᠤᠪᠢᠰᠬᠠᠯ ᠤᠨ ᠰᠠᠭᠤᠷᠢᠨ ᠭᠠᠵᠠᠷ ᠲᠤ ᠳᠠᠭᠠᠷᠢᠯᠲᠠ
ᠶᠠᠪᠤᠭᠤᠯᠪᠠ᠃ ᠴᠢ ᠢᠦᠢ ᠱᠠᠨ ᠱᠠᠷᠯᠢᠭ ᠰᠦᠮ᠎ᠡ ᠪᠠ ᠪᠠᠷᠠᠭᠤᠨ ᠠᠯᠪᠠᠨ ᠶᠠᠮᠤᠨ ᠢ ᠡᠵᠡᠯᠡᠨ ᠂
ᠦᠬᠡᠷ ᠮᠠᠯ ᠶ᠋ᠢ ᠨᠢ ᠳᠡᠭᠡᠷᠡᠮᠳᠡᠵᠦ ᠂ ᠠᠯᠲᠠ ᠮᠥᠩᠭᠥᠨ ᠂ ᠡᠳ᠋ ᠬᠥᠷᠥᠩᠭᠡ ᠶ᠋ᠢ ᠨᠢ ᠪᠤᠯᠢᠶᠠᠨ
ᠳᠡᠭᠡᠷᠡᠮᠳᠡᠭᠰᠡᠨ ᠪᠠᠶᠢᠨ᠎ᠠ ᠃ ᠴᠢ ᠵᠢᠨ ᠱᠠᠨ ᠡᠴᠠ ᠪᠣᠰᠣᠯᠭ᠎ᠠ ᠶ᠋ᠢᠨ ᠴᠡᠷᠢᠭ ᠢ ᠳᠠᠶᠢᠴᠢᠯᠠᠨ
ᠠᠷᠪᠠᠨ ᠬᠡᠳᠦᠨ ᠡᠳᠦᠷ ᠤᠨ ᠫᠠᠷᠲ᠋ᠢᠽᠠᠨ ᠳᠠᠢᠢᠨ ᠬᠢᠵᠦ ᠂ ᠴᠢ ᠢᠦᠢ ᠱᠠᠨ ᠤ ᠴᠡᠷᠢᠭ ᠢ ᠬᠦᠭᠡᠭᠡᠨ
ᠶᠠᠪᠤᠭᠤᠯᠵᠠᠶ ᠃
ᠵᠠᠰᠠᠭ ᠬᠣᠰᠢᠭᠤᠨ ᠦ ᠠᠮᠤᠷ ᠢ ᠬᠠᠮᠠᠭᠠᠯᠠᠬᠤ ᠴᠡᠷᠢᠭ ᠠᠩᠭᠢ ᠨᠢ
ᠵᠠᠩᠭᠤᠲᠤ ᠳ᠋ᠤ ᠰᠠᠷ᠎ᠠ ᠰᠢᠬᠠᠮ ᠰᠠᠭᠤᠵᠤ ᠂ ᠬᠢᠲᠠᠳ ᠦᠨᠳᠦᠰᠦᠲᠡᠨ ᠤ ᠠᠮᠢᠳᠤᠷᠠᠯ ᠤᠨ ᠵᠠᠩ
ᠳᠠᠳᠬᠠᠯ ᠳ᠋ᠤ ᠳᠠᠳᠬᠤ ᠦᠬᠡᠢ ᠤᠴᠢᠷ ᠱᠠ ᠸᠠᠩ ᠪᠣᠯᠤᠨ ᠠᠮᠤᠷ ᠢ ᠬᠠᠮᠠᠭᠠᠯᠠᠬᠤ ᠠᠩᠭᠢ ᠴᠡᠷᠢᠭ
ᠬᠢᠭᠡᠳ ᠠᠷᠠᠳ ᠨᠢ 6 ᠰᠠᠷ᠎ᠠ ᠶ᠋ᠢᠨ ᠰᠡᠭᠦᠯᠴᠢ ᠪᠡᠷ ᠪᠠᠷᠠᠭᠤᠨ ᠦᠦᠰᠢᠨ ᠦ ᠴᠢᠯᠥᠭᠡᠯᠡᠭᠳᠡᠭᠰᠡᠨ
ᠣᠷᠣᠨ ᠳ᠋ᠦ ᠶᠡᠬᠡ ᠰᠢᠪᠡᠷ ᠰᠦᠮ᠎ᠡ ᠳ᠋ᠦ ᠰᠢᠯᠵᠢᠨ ᠢᠷᠡᠭᠰᠡᠨ ᠪᠠᠶᠢᠨ᠎ᠠ ᠃ ᠡᠨᠳᠡ ᠢᠷᠡᠭᠰᠡᠨ ᠦ
ᠬᠤᠶᠢᠨ᠎ᠠ ᠵᠤᠤ ᠲᠤᠩ ᠷᠦ᠋ ᠪᠠᠷ ᠡᠷᠬᠢᠯᠡᠭᠴᠢ ᠂ ᠼᠤᠤ ᠳ᠋ᠦᠩ ᠾᠢ᠂ ᠭᠣᠤ ᠪᠥᠸᠧ ᠪᠡᠷ ᠳᠡᠳ᠋
ᠡᠷᠬᠢᠯᠡᠭᠴᠢ ᠪᠤᠯᠭᠠᠭᠰᠠᠨ᠂ ᠶᠦᠨ ᠰᠢᠶᠠᠩ ᠱᠸᠩ ᠂ ᠯᠢ ᠽᠢ ᠮᠢᠶᠠᠨ ᠂ ᠰᠢᠤᠢ ᠵᠢᠶ ᠱᠠᠨ ᠂ ᠵᠠᠩ
ᠵᠢᠩ ᠶᠤᠸᠠᠨ ᠂ ᠬᠦᠢ ᡁᠢ ᠭᠣᠣ ᠢᠶᠠᠷ ᠠᠵᠢᠯᠲᠠᠨ ᠪᠤᠤᠯᠭᠰᠠᠨ ᠬᠦᠮᠦᠰ ᠨᠢ ᠳᠡᠲᠡᠨ ᠢ
ᠦᠷᠲᠡᠭᠡᠨ ᠡᠴᠡ ᠲᠤᠰᠴᠤ᠂ ᠱᠠ ᠸᠠᠩ ᠪᠤᠯᠤᠨ ᠠᠮᠤᠷ ᠢ ᠬᠠᠮᠠᠭᠠᠯᠠᠬᠤ ᠴᠡᠷᠢᠭ ᠦᠨ ᠬᠤᠭᠤᠯᠠ
ᠬᠦᠨᠡᠰᠦ ᠂ ᠬᠤᠨᠤᠭᠯᠠᠬᠤ ᠠᠰᠠᠭᠤᠳᠠᠯ ᠂᠂ ᠫᠤᠤ ᠵᠡᠪᠰᠡᠭ ᠳᠠᠷᠢ ᠰᠤᠮᠤ ᠂ ᠡᠮ ᠡᠮᠨᠡᠯᠭᠡ ᠵᠡᠷᠭ
ᠡᠣᠯᠠᠨ ᠲᠠᠯ᠎ᠠ ᠶ᠋ᠢᠨ ᠠᠰᠠᠭᠤᠳᠠᠯ ᠢ ᠲᠤᠬᠢᠨᠠᠭᠤᠯᠤᠨ ᠦᠭᠭᠦᠭᠰᠡᠨ ᠪᠠᠶᠢᠨ᠎ᠠ ᠃ ᠲᠡᠳᠡ ᠲᠤᠯᠤᠭᠠᠢ
ᠰᠠᠭᠠᠯᠢ ᠶ᠋ᠢᠨ ᠦᠨᠢᠶ᠎ᠡ ᠬᠤᠳᠠᠯᠳᠤᠨ ᠠᠪᠴᠤ ᠂ ᠡᠳᠦᠷ ᠪᠦᠷᠢ ᠶᠡᠬᠡ ᠰᠢᠪᠠᠷ ᠰᠦᠮ᠎ᠡ ᠳ᠋ᠤ
ᠬᠦᠷᠭᠡᠵᠦ ᠥᠭᠳᠡᠭ ᠃ ᠴᠡᠷᠢᠭ ᠦᠨ ᠮᠤᠷᠢ ᠨᠢ ᠴᠤ ᠲᠠᠯ᠎ᠠ ᠨᠤᠲᠤᠭ ᠲᠤ ᠪᠡᠯᠴᠢᠭᠡᠵᠦ ᠪᠤᠯᠬᠤ
ᠤᠴᠢᠷ ᠡᠴᠠ ᠲᠡᠵᠢᠭᠡᠯ ᠡᠪᠡᠰᠦ ᠪᠣᠷᠳᠣᠭ᠎ᠠ ᠶ᠋ᠢᠨ ᠬᠠᠩᠭᠠᠯᠭ᠎ᠠ ᠶ᠋ᠢᠨ ᠠᠰᠠᠭᠤᠳᠠᠯ ᠨᠢ
ᠭᠦᠩᠭᠡᠷᠡᠪᠡ᠃ ᠠᠮᠤᠷ ᠢ ᠬᠠᠮᠠᠭᠠᠯᠠᠬᠤ ᠴᠡᠷᠢᠭ ᠨᠢ ᠨᠠᠮ ᠤᠨ ᠬᠠᠯᠠᠮᠵᠢᠯᠠᠯ ᠬᠠᠷᠠᠭᠠᠯᠵᠠᠯ ᠳ᠋ᠤ
ᠶᠡᠬᠡ ᠬᠠᠨᠤᠮᠵᠢᠲᠠᠢ ᠪᠠᠶᠢᠵᠦ ᠪᠠᠶᠢᠯ᠎ᠠ᠃ ᠬᠥᠮᠦᠰ ᠤᠨ ᠰᠡᠳᠬᠢᠯ ᠴᠤ ᠲᠣᠭᠲᠠᠭᠤᠨ ᠪᠤᠯᠵᠤ ᠂
ᠱᠠ ᠸᠠᠩ ᠡᠴᠠ ᠯᠤᠤᠯᠠᠢ ᠶ᠋ᠢ ᠨᠢᠭᠡᠳᠦᠭᠡᠷ ᠰᠤᠮᠤᠨ ᠤ ᠰᠤᠮᠤᠨ ᠳᠠᠷᠤᠭ᠎ᠠ ᠪᠠᠷ ᠳᠡᠪᠰᠢᠭᠦᠯᠵᠦ ᠂
ᠪᠠᠯᠵᠠᠨᠨᠤᠷᠪᠤ᠋ ᠶ᠋ᠢ ᠬᠤᠶᠠᠳᠤᠬᠭᠠᠷ ᠰᠤᠮᠤᠨ ᠤ ᠰᠤᠮᠤᠨ ᠳᠠᠷᠤᠭ᠎ᠠ ᠪᠠᠷ ᠳᠡᠪᠰᠢᠬᠦᠯᠪᠡ᠃ 7
ᠰᠠᠷ᠎ᠠ ᠶ᠋ᠢᠨ 7 ᠦ ᠡᠳᠦᠷ ᠂ ᠶᠠᠫᠣᠨ ᠢ ᠡᠰᠡᠷᠭᠦᠴᠡᠭᠰᠡᠨ ᠵᠢᠷᠭᠤᠭᠠᠨ ᠵᠢᠯ ᠤᠨ ᠤᠢ ᠶ᠋ᠢ
ᠳᠤᠷᠠᠰᠬᠠᠬᠤ ᠶ᠋ᠢᠨ ᠲᠦᠯᠦᠭᠡ ᠂ ᠴᠡᠷᠢᠭ ᠠᠷᠠᠳ ᠢ ᠲᠤᠬᠢᠨᠠᠭᠤᠯᠬᠤ ᠶᠡᠬᠡ ᠬᠤᠷᠠᠯ ᠢ
ᠶᠠᠪᠤᠭᠳᠠᠭᠤᠯᠵᠤ ᠂᠂ ᠵᠤᠤ ᠲᠤᠩ ᠷᠦ᠋ ᠪᠠ ᠵᠢᠩᠪᠢᠶᠠᠨ ᠰᠢᠶᠠᠨ ᠤ ᠬᠠᠷᠢᠭᠤᠴᠠᠯᠭᠠᠲᠠᠨ ᠡᠴᠠ
ᠮᠣᠩᠭᠣᠯ ᠬᠢᠲᠠᠳ ᠦᠨᠳᠦᠰᠦᠲᠡᠨ ᠤ ᠠᠷᠠᠳ ᠲᠦᠮᠡᠨ ᠢ ᠳᠠᠭᠠᠭᠤᠯᠤᠨ ᠵᠠᠰᠠᠭ ᠂ ᠦᠦᠰᠢᠨ ᠤ
ᠪᠣᠰᠣᠯᠭ᠎ᠠ ᠶ᠋ᠢᠨ ᠴᠡᠷᠢᠭ ᠢ ᠲᠤᠬᠢᠨᠠᠭᠤᠯᠤᠭᠰᠠᠨ ᠪᠠᠶᠢᠨ᠎ᠠ ᠃ ᠪᠣᠰᠣᠯᠭ᠎ᠠ ᠶ᠋ᠢᠨ ᠴᠡᠷᠢᠭ
ᠠᠷᠠᠳ ᠨᠢ ᠲᠤᠶᠢᠯ ᠤᠨ ᠶᠡᠬᠡ ᠵᠤᠷᠢᠭᠵᠢᠭᠤᠯᠤᠯ ᠢ ᠤᠯᠤᠭᠰᠠᠨ ᠪᠠᠶᠢᠨ᠎ᠠ ᠃
ᠶᠡᠬᠡ ᠵᠤᠤ
ᠠᠶᠢᠮᠠᠭ ᠤᠨ ᠬᠡᠷᠡᠭ ᠬᠤᠪᠢᠰᠤᠯ ᠤᠨ ᠡᠬᠢᠨ ᠤ ᠦᠶ᠎ᠡ ᠳ᠋ᠤ ᠂ ᠭᠣᠮᠢᠨᠳᠠᠩ ᠤᠨ ᠮᠤᠵᠢᠭᠤᠳᠠ
ᠪᠦᠯᠦᠭᠳᠡᠨ ᠨᠢ ᠳᠠᠪᠠᠭᠤᠯᠢᠭ ᠴᠡᠷᠢᠭ ᠤᠨ ᠬᠦᠴᠦᠨ ᠳᠡᠭᠡᠨ ᠡᠷᠳᠡᠵᠦ ᠂ ᠵᠡᠪᠰᠡᠭᠲᠦ ᠬᠦᠴᠦ ᠢᠶᠠᠷ
ᠪᠤᠰᠤᠯᠭ᠎ᠠ ᠶ᠋ᠢ ᠳᠠᠷᠤᠩᠭᠤᠶᠢᠯᠠᠬᠤ ᠭᠡᠰᠡᠨ ᠪᠤᠯᠪᠠᠴᠤ ᠪᠡᠶᠡᠯᠡᠭᠳᠡᠭᠰᠡᠨ ᠦᠭᠡᠢ ᠃ 5
ᠰᠠᠷ᠎ᠠ ᠳ᠋ᠤ ᠂ ᠱᠠ ᠸᠠᠩ ᠤᠨ ᠠᠯᠢᠪᠠ ᠲᠤᠰᠢᠶᠠᠯ ᠢ ᠬᠦᠴᠦᠨ ᠤᠢᠭᠡᠢ ᠪᠤᠯᠭᠠᠵᠦ ᠂
ᠲᠦᠪᠰᠢᠨᠵᠢᠷᠭᠠᠯ ᠨᠢ ᠶᠡᠬᠡ ᠵᠤᠤ ᠠᠶᠢᠮᠠᠭ ᠤᠨ ᠠᠶᠢᠮᠠᠭ ᠤᠨ ᠳᠠᠷᠤᠭ᠎ᠠ ᠂ ᠮᠤᠩᠭᠤᠯ ᠤᠨ
ᠵᠠᠰᠠᠭ ᠤᠨ ᠤᠷᠳᠤᠨ ᠤ ᠬᠤᠷᠢᠶᠠᠨ ᠳᠠᠷᠤᠭ᠎ᠠ ᠂ ᠠᠮᠤᠷ ᠢ ᠬᠠᠮᠠᠭᠠᠯᠠᠬᠤ ᠨᠣᠶᠠᠳ ᠤᠨ
ᠵᠠᠬᠢᠷᠭ᠎ᠠ ᠶ᠋ᠢᠨ ᠳᠠᠷᠤᠭ᠎ᠠ ᠨᠣᠶᠠᠨ ᠤ ᠲᠤᠰᠢᠶᠠᠯ ᠳ᠋ᠤ ᠲᠤᠮᠢᠯᠠᠭᠳᠠᠰᠭᠰᠠᠨ ᠪᠠᠶᠢᠨ᠎ᠠ ᠃ ᠮᠦᠨ
ᠲᠦ᠋ ᠸᠠᠩ ᠤᠨ ᠠᠷᠠᠳ ᠲᠦᠮᠡᠨ ᠦ ᠳᠤᠮᠳᠠᠬᠢ ᠨᠦᠯᠦᠭᠡᠷ ᠢ ᠠᠰᠢᠭᠯᠠᠵᠦ ᠪᠤᠰᠤᠯᠭ᠎ᠠ ᠶ᠋ᠢᠨ ᠴᠡᠷᠢᠭ ᠢ
ᠠᠯᠪᠠᠳᠠᠵᠤ ᠪᠠᠶᠢᠭᠠᠳ ᠳᠠᠷᠤᠩᠭᠤᠶᠢᠯᠠᠯ ᠢᠶᠡᠨ ᠵᠤᠭᠰᠤᠭᠠᠬᠤ ᠶ᠋ᠢ ᠬᠦᠰᠡᠭᠰᠡᠨ ᠪᠠᠶᠢᠨ᠎ᠠ ᠃
ᠡᠨᠡ ᠦᠶᠡᠰ ᠱᠠᠸᠠᠩ ᠪᠣᠯᠤᠨ ᠠᠮᠤᠷ ᠢ ᠬᠠᠮᠠᠭᠠᠯᠠᠬᠤ ᠴᠡᠷᠢᠭ ᠨᠢ ᠴᠢᠯᠥᠭᠡᠯᠡᠭᠳᠡᠭᠰᠡᠨ
ᠣᠷᠣᠨ ᠳ᠋ᠦ ᠤᠴᠢᠵᠦ ᠂ ᠵᠠᠰᠠᠭ ᠂ ᠦᠦᠰᠢᠨ ᠤ ᠪᠣᠰᠣᠯᠭ᠎ᠠ ᠶᠢᠨ ᠴᠡᠷᠢᠭ ᠨᠢ ᠨᠢᠭᠡᠨ ᠰᠠᠯᠠᠭ᠎ᠠ
ᠬᠦᠴᠦᠨ ᠪᠤᠯᠤᠨ ᠨᠢᠭᠡᠳᠪᠡ ᠃ 5 ᠰᠠᠷ᠎ᠠ ᠶ᠋ᠢᠨ12 ᠦ ᠡᠳᠦᠷ ᠂ ᠱᠠ ᠸᠠᠩ ᠤᠨ ᠴᠡᠷᠢᠭ
ᠨᠠᠶᠮᠠᠳᠤᠭᠠᠷ ᠵᠠᠮ ᠤᠨ ᠴᠡᠷᠢᠭ ᠲᠤ ᠪᠠᠭᠤᠨ ᠦᠭᠭᠦᠭᠰᠡᠨ ᠢ ᠪᠦᠬᠦ ᠤᠯᠤᠰ ᠲᠤ ᠲᠤᠩᠬᠠᠭᠯᠠᠭᠰᠠᠨ
ᠮᠡᠳᠡᠭᠡ ᠨᠢ ᠨᠢᠭᠡᠨ ᠦᠶ᠎ᠡ ᠭᠤᠮᠢᠨᠳᠠᠩ ᠤᠨ ᠵᠠᠰᠠᠭ ᠤᠨ ᠤᠷᠳᠤᠨ ᠢ ᠳᠤᠷᠭᠢᠭᠤᠯᠤᠭᠰᠠᠨ
ᠪᠠᠶᠢᠨ᠎ᠠ᠃ ᠨᠢᠭᠡᠨ ᠦᠶ᠎ᠡ ᠶᠠᠷᠢᠶ᠎ᠠ ᠬᠡᠯᠡᠯᠴᠡᠭᠡ ᠳᠡᠯᠭᠡᠷᠡᠵᠦ ᠂ ᠪᠦᠬᠦ ᠤᠯᠤᠰ ᠤᠨ ᠡᠯ᠎ᠡ
ᠡᠲᠡᠭᠡᠳ ᠡᠴᠠ ᠮᠣᠩᠭᠣᠯ ᠦᠨᠳᠦᠰᠦᠲᠡᠨ ᠤ ᠠᠷᠠᠳ ᠲᠦᠮᠡᠨ ᠢ ᠳᠠᠷᠤᠩᠭᠤᠶᠢᠯᠠᠭᠰᠠᠨ ᠡᠳᠡᠭᠡᠳ ᠢ
ᠪᠤᠷᠤᠭᠤᠰᠢᠶᠠᠨ ᠵᠢᠮᠡᠯᠡᠭᠰᠡᠨ ᠪᠠᠶᠢᠨ᠎ᠠ ᠃ ᠵᠢᠶᠠᠩ ᠵᠢᠶᠸ ᠱᠢ ᠡᠴᠡ ᠬᠤᠤ ᠽᠤᠩ ᠨᠠᠨ ᠢ
ᠵᠠᠷᠯᠢᠭᠲᠤᠨ ᠱᠠᠨᠰᠢ ᠶ᠋ᠢᠨ ᠬᠣᠶᠢᠲᠤ ᠬᠡᠰᠡᠭ ᠢ ᠪᠦᠰᠡᠯᠡᠨ ᠳᠠᠭᠠᠷᠢᠬᠤ ᠵᠠᠷᠯᠢᠭ ᠪᠠᠭᠤᠯᠭᠠᠵᠦ ᠂
ᠱᠠ ᠸᠠᠩ ᠢ ᠪᠤᠴᠠᠭᠠᠬᠤ ᠮᠡᠳᠡᠭ ᠢ ᠶᠠᠨ ᠠᠨ ᠳ᠋ᠤ ᠴᠠᠬᠢᠯᠭᠠᠨ ᠮᠡᠳᠡᠭᠡ ᠪᠡᠷ ᠶᠠᠪᠤᠭᠤᠯᠤᠭᠰᠠᠨ
ᠪᠠᠶᠢᠨ᠎ᠠ᠃ ᠭᠣᠮᠢᠨᠳᠠᠩ ᠤᠨ ᠵᠠᠰᠠᠭ ᠤᠨ ᠣᠷᠳᠣᠨ ᠡᠴᠠ ᠵᠡᠪᠰᠡᠭᠲᠦ ᠬᠦᠴᠦᠨ ᠪᠠᠷ
ᠰᠢᠶᠳᠪᠦᠷᠢᠯᠡᠵᠦ ᠴᠢᠳᠠᠬᠤ ᠦᠬᠡᠢ ᠮᠥᠷᠲᠡᠭᠡᠨ ᠤᠯᠤᠰ ᠲᠦᠷᠦ ᠶ᠋ᠢᠨ ᠶᠠᠷᠢᠶ᠎ᠠ ᠬᠡᠯᠡᠯᠴᠡᠭᠡᠨ ᠤ
ᠲᠠᠯ᠎ᠠ ᠪᠠᠷ ᠰᠠᠨᠠᠭᠠᠴᠢᠯᠠᠭᠠᠲᠤ ᠪᠤᠰᠤ ᠪᠠᠶᠢᠳᠠᠯ ᠲᠤ ᠪᠠᠶᠢᠵᠦ ᠂ ᠠᠷᠭ᠎ᠠ ᠪᠤᠰᠤ ᠵᠡᠪᠰᠡᠭᠲᠦ
ᠬᠦᠴᠦᠨ ᠢᠶᠠᠷ ᠳᠠᠷᠤᠵᠤ ᠲᠦᠪᠰᠢᠳᠬᠡᠬᠦ ᠠᠷᠭ᠎ᠠ ᠪᠤᠳᠤᠯᠭ᠎ᠠ ᠪᠠᠨ ᠬᠤᠪᠢᠷᠠᠭᠤᠯᠵᠤ ᠂《ᠤᠯᠤᠰ
ᠲᠦᠷᠦ ᠢᠶᠠᠷ ᠢᠯᠪᠢᠨ ᠲᠣᠬᠣᠨᠢᠭᠤᠯᠬᠤ 》 ᠠᠷᠭ᠎ᠠ ᠶ᠋ᠢ ᠬᠡᠷᠡᠭᠯᠡᠬᠦ ᠢᠶᠠᠷ ᠲᠤᠭᠲᠠᠪᠠ ᠃ ᠮᠥᠨ
ᠵᠢᠯ ᠤᠨ 6 ᠰᠠᠷ᠎ᠠ ᠡᠴᠠ ᠡᠬᠢᠯᠡᠨ ᠂ ᠵᠢᠶᠠᠩ ᠵᠢᠶᠸ ᠱᠢ ᠡᠴᠠ ᠹᠦ᠋ ᠽᠦᠸᠸ ᠢ ᠂ ᠬᠤ ᠽᠦᠩ ᠨᠠᠨ ᠂
ᠳ᠋ᠧᠩ ᠪᠦᠦ ᠱᠠᠨ ᠂ ᠮᠠ ᠬᠣᠩ ᠺᠦᠢ ᠵᠡᠷᠭᠡ ᠵᠧᠩ ᠵᠠᠰᠠᠭ ᠴᠡᠷᠢᠭ ᠦᠨ ᠴᠢᠬᠤᠯᠠ ᠲᠤᠰᠢᠶᠠᠯᠲᠠᠳ ᠲᠤ
ᠵᠠᠷᠯᠢᠭ ᠪᠠᠭᠤᠯᠭᠠᠵᠦ ᠂ ᠤᠯᠤᠰ ᠲᠦᠷᠦ ᠶ᠋ᠢᠨ ᠠᠷᠭ᠎ᠠ ᠮᠡᠬᠡ ᠢᠶ᠋ᠡᠷ ᠶᠡᠬᠡ ᠵᠤᠤ ᠠᠶᠢᠮᠠᠭ ᠤᠨ
ᠠᠰᠠᠭᠤᠳᠠᠯ ᠢ ᠨᠠᠶᠢᠷᠠᠮᠳᠤᠯ ᠢᠶᠠᠷ ᠰᠢᠢᠳᠪᠦᠷᠢᠯᠡᠬᠦ ᠶ᠋ᠢ ᠪᠤᠳᠤᠭᠰᠠᠨ ᠪᠠᠶᠢᠨ᠎ᠠ᠃ 6 ᠂ 7
ᠰᠠᠷ᠎ᠠ ᠳ᠋ᠦ ᠬᠥᠮᠦᠨ ᠲᠣᠮᠢᠯᠠᠨ ᠱᠠ ᠸᠠᠩ ᠶ᠋ᠢᠨ ᠪᠤᠴᠠᠨ ᠢᠷᠡᠬᠦ ᠠᠵᠢᠯ ᠬᠢᠪᠡ᠃ ᠰᠦᠢᠶᠤᠸᠠᠨ
ᠮᠤᠵᠢ ᠶ᠋ᠢᠨ ᠪᠦᠯᠦᠭ ᠤᠨ ᠤᠤᠯ ᠤᠨ ᠮᠣᠩᠭᠣᠯ ᠤᠨ ᠬᠡᠷᠡᠭ ᠶᠠᠪᠤᠳᠠᠯ ᠤᠨ ᠳᠠᠷᠤᠭ᠎ᠠ ᠴᠧᠨ ᠢᠦᠢ
ᠵᠢᠶᠠᠢᠦᠢ ᠯᠢᠨ ᠳ᠋ᠤ ᠬᠦᠷᠴᠦ ᠂ ᠳ᠋ᠧᠩ ᠪᠦᠦ ᠱᠠᠨ ᠵᠢᠴᠢ 22 ᠳ᠋ᠤᠭᠠᠷ ᠠᠷᠮᠢ ᠶ᠋ᠢᠨ ᠳᠠᠷᠤᠭ᠎ᠠ
ᠭᠤᠤ ᠭᠤᠸᠠᠩ ᠴᠧᠩ ᠵᠡᠷᠭᠡ ᠬᠦᠮᠦᠰ ᠢ ᠱᠠᠭᠠᠷᠳᠠᠵᠦ ᠱᠠᠸᠠᠩ ᠲᠠᠢ ᠬᠠᠷᠢᠯᠴᠠᠵᠤ ᠂ ᠱᠠ ᠸᠠᠩ ᠢ
ᠢᠳᠬᠠᠵᠦ ᠬᠠᠷᠢᠭᠤᠯᠬᠤ ᠭᠡᠪᠡ ᠃ ᠪᠠᠰᠠ ᠰᠦᠢᠶᠤᠸᠠᠨ ᠮᠤᠵᠢ ᠶ᠋ᠢᠨ ᠲᠤᠰᠢᠶᠠᠯ ᠳ᠋ᠤ ᠪᠠᠶᠢᠭᠰᠠᠨ
ᠮᠣᠩᠭᠣᠯ ᠶᠠᠪᠤᠳᠠᠯ ᠤᠨ ᠳᠤᠭᠤᠶᠢᠯᠠᠩ ᠶ᠋ᠢᠨ ᠳᠠᠷᠤᠭ᠎ᠠ ᠸᠠᠩ ᠷᠧᠨ ᡁᠢ ᠢ ᠤᠳᠤᠭ ᠬᠣᠰᠢᠭᠤ ᠤ
ᠷᠠᠰᠢᠶᠠᠨ ᠭᠣᠣᠯ ᠰᠦᠮ᠎ᠡ ᠳ᠋ᠤ ᠲᠤᠮᠢᠯᠠᠵᠤ ᠂ ᠵᠠᠩ ᠸᠸᠨ ᠰᠢᠤᠸᠠᠨ ᠢ ᠱᠠ ᠸᠠᠩ ᠲᠠᠢ ᠬᠣᠯᠪᠣᠭ᠎ᠠ
ᠠᠪᠤᠭᠤᠯᠤᠨ ᠢᠳᠬᠠᠵᠤ ᠪᠤᠴᠠᠯᠭᠠᠬᠤ ᠭᠡᠰᠡᠨ ᠪᠠᠶᠢᠨ᠎ᠠ᠃ ᠨᠠᠶᠮᠠᠳᠤᠭᠠᠷ ᠪᠠᠶᠢᠯᠳᠤᠭᠠᠨ ᠤ
ᠣᠷᠣᠨ ᠤ ᠳᠡᠳ᠋ ᠳᠠᠷᠤᠭ᠎ᠠ ᠶ᠋ᠢᠨ ᠨᠢᠭᠡ ᠪᠤᠯᠬᠤ ᠨᠢᠩᠰᠢᠶᠠ ᠮᠤᠵᠢ ᠶ᠋ᠢᠨ ᠲᠡᠷᠢᠭᠦᠯᠡᠭᠴᠢ ᠮᠠ
ᠬᠣᠩ ᠺᠦᠢ ᠡᠴᠡ ᠮᠤᠵᠢ ᠶ᠋ᠢᠨ ᠵᠠᠰᠠᠭ ᠤᠨ ᠣᠷᠳᠣᠨ ᠤ ᠵᠦᠪᠯᠡᠭᠴᠢ ᠵᠤᠤ ᠮᠦ ᠶ᠋ᠢ ᠲᠤᠮᠢᠯᠠᠨ ᠱᠠ
ᠸᠠᠩ ᠢ ᠪᠤᠴᠠᠵᠤ ᠢᠷᠡᠬᠦ ᠶ᠋ᠢ ᠢᠳᠬᠠᠬᠤ ᠠᠵᠢᠯ ᠢ ᠬᠠᠷᠢᠭᠤᠴᠠᠪᠠ᠃ ᠭᠤᠤ ᠱᠤᠸᠠᠩ ᠴᠸᠩ ᠡᠴᠡ ᠸᠠᠩ
ᠭᠦᠩ ( ᠳᠡᠳ᠋ᠭᠠᠵᠠᠷ ᠤᠨᠳᠠᠷᠤᠭᠠ ) ᠂ ᠹᠸᠩ ᠡᠯ ᠵᠧᠩ ( ᠳ᠋ᠧᠩ ᠪᠦᠦ ᠱᠠᠨ ᠤ ᠨᠠᠷᠢᠨ
ᠪᠢᠴᠢᠭᠡᠴᠢ ) ᠂ ᠰᠢᠤᠢ ᠢᠦᠢ ᠬᠦᠢ ( ᠰᠦᠢᠶᠤᠸᠠᠨ ᠮᠤᠵᠢ ᠶ᠋ᠢᠨ ᠢᠦᠶ ᠯᠢᠨ ᠳ᠋ᠦ ᠰᠠᠭᠤᠭ᠎ᠠ
ᠬᠡᠷᠡᠭ ᠡᠷᠬᠢᠯᠡᠬᠦ ᠭᠠᠵᠠᠷ ᠤᠨ ᠣᠨᠴᠠ ᠲᠣᠮᠢᠯᠠᠭᠰᠠᠨ ᠲᠥᠯᠥᠭᠡᠯᠡᠭᠴᠢ ) ᠡᠴᠠ ᠱᠠ ᠸᠠᠩ ᠶ᠋ᠢ
ᠦᠦᠰᠢᠨ ᠬᠤᠰᠢᠭᠤᠨ ᠳ᠋ᠤ ᠪᠤᠴᠠᠬᠤ ᠶ᠋ᠢ ᠢᠳᠬᠠᠭᠰᠠᠨ ᠪᠠᠶᠢᠨ᠎ᠠ ᠃ ᠨᠠᠶᠮᠠᠳᠤᠭᠠᠷ ᠪᠠᠶᠢᠯᠳᠤᠭᠠᠨ ᠤ
ᠣᠷᠣᠨ ᠤ ᠳᠡᠳ᠋ ᠳᠠᠷᠤᠭ᠎ᠠ ᠬᠤᠤ ᠽᠦᠩ ᠨᠠᠨ ᠬᠦᠴᠦ ᠪᠡᠨ ᠥᠷᠭᠡᠳᠬᠡᠬᠦ ᠶ᠋ᠢᠨ ᠲᠥᠯᠥᠭᠡ ᠂
ᠮᠣᠩᠭᠣᠯ ᠬᠤᠰᠢᠭᠤᠳ ᠢ ᠡᠵᠡᠮᠳᠡᠵᠦ ᠂ ᠱᠠᠨᠰᠢ ᠭᠠᠨᠰᠦ ᠨᠢᠩᠰᠢᠶᠠ ᠶ᠋ᠢᠨ ᠬᠢᠵᠠᠭᠠᠷ
ᠣᠷᠣᠨ ᠢ ᠶ᠋ᠢᠨ ᠤᠯᠠᠮ ᠨᠢᠭᠡ ᠠᠯᠬᠤᠮ ᠪᠢᠲᠡᠭᠦᠮᠵᠢᠯᠡᠬᠦ ᠪᠡᠷ ᠳᠠᠮᠵᠢᠨ ᠲᠥᠪ ᠤᠨ ᠴᠡᠷᠢᠭ ᠤᠨ
ᠰᠤᠷᠭᠠᠭᠤᠯᠢ ᠤᠨ ᠳᠣᠯᠣᠳᠤᠭᠠᠷ ᠰᠠᠯᠪᠤᠷᠢ ᠰᠤᠷᠭᠠᠭᠤᠯᠢ ᠶ᠋ᠢᠨ ᠳᠡᠭᠡᠳᠦ ᠵᠡᠷᠭᠡ ᠶ᠋ᠢᠨ ᠪᠠᠭᠰᠢ
ᠯᠢᠶᠠᠩᠵᠥᠩ ᠱᠠᠨ ᠢ ᠲᠤᠮᠢᠯᠠᠨ ᠨᠢᠭᠡ ᠮᠡᠳᠡᠭᠡᠯᠡᠯ ᠤᠨ ᠠᠩᠬᠢ ᠪᠠ ᠨᠢᠭᠡ ᠴᠠᠬᠢᠯᠭᠠᠨ
ᠮᠡᠳᠡᠭᠡᠨ ᠤ ᠮᠠᠰᠢᠨ ᠢ ᠠᠪᠴᠤ 7 ᠰᠠᠷ᠎ᠠ ᠶ᠋ᠢᠨ ᠳᠤᠮᠳᠠᠴᠢ ᠪᠠᠷ ᠷᠠᠰᠢᠶᠠᠨ ᠭᠣᠣᠯ ᠰᠦᠮ᠎ᠡ ᠳ᠋ᠦ
ᠬᠦᠷᠦᠭᠰᠡᠨ ᠪᠠᠶᠢᠨ᠎ᠠ᠃ ᠬᠡᠳᠦᠨ ᠡᠳᠦᠷ ᠤᠨ ᠳᠠᠷᠠᠭ᠎ᠠ ᠂ ᠤᠤᠯ ᠤᠨ ᠰᠦᠢᠶᠤᠸᠠᠨ ᠤ ᠬᠢᠯᠢ ᠳᠡᠬᠢ
ᠮᠣᠩᠭᠣᠯ ᠬᠤᠰᠢᠭᠤᠳ ᠤᠨ ᠥᠪᠡᠷᠲᠡᠭᠡᠨ ᠵᠠᠰᠠᠬᠤ ᠬᠤᠷᠠᠯ ᠤᠨ ᠰᠤᠷᠭᠠᠨ ᠬᠥᠮᠦᠵᠢᠯ ᠤᠨ
ᠭᠠᠵᠠᠷ ᠤᠨ ᠡᠷᠬᠢᠯᠡᠭᠴᠢ ᠂ ᠱᠠ ᠸᠠᠩ ᠤᠨ ᠤᠷᠴᠢᠭᠤᠯᠤᠭᠴᠢ ᠪᠠ ᠨᠠᠷᠢᠨ ᠪᠢᠴᠢᠭᠡᠴᠢ ᠶ᠋ᠢᠨ
ᠲᠤᠰᠢᠶᠠᠯ ᠢ ᠬᠠᠷᠢᠭᠤᠴᠠᠵᠤ ᠦᠩᠭᠡᠷᠡᠭᠰᠡᠨ ᠾᠧ ᠱᠸᠤ ᠵᠦᠩ ᠴᠤ ᠷᠠᠰᠢᠶᠠᠨ ᠰᠦᠮ᠎ᠡ ᠳ᠋ᠤ ᠢᠷᠡᠪᠡ (
ᠲᠡᠷᠡ ᠶᠡᠬᠡ ᠵᠤᠤ ᠠᠶᠢᠮᠠᠭ ᠤᠨ ᠬᠡᠷᠡᠭ ᠬᠤᠪᠢᠰᠤᠯ ᠭᠠᠷᠬᠤ ᠡᠴᠠ ᠡᠮᠦᠨᠡᠬᠢ 1942 ᠣᠨ ᠤ11
ᠰᠠᠷ᠎ᠠ ᠳ᠋ᠤ᠂ ᠱᠠ ᠸᠠᠩ ᠤᠨ ᠲᠤᠮᠢᠯᠠᠯᠲᠠ ᠪᠠᠷ ᠴᠦᠩᠴᠢᠩ ᠲᠤ ᠬᠦᠷᠴᠦ ᠠᠲᠠᠷ
ᠬᠠᠭᠠᠯᠪᠦᠷᠢᠯᠠᠬᠤ ᠶ᠋ᠢ ᠳᠤᠰᠬᠠᠬᠤ ᠪᠠᠷ ᠤᠴᠢᠵᠦ ᠪᠠᠶᠢᠭᠰᠠᠨ ᠲᠤᠯᠠ ᠡᠨᠡ ᠦᠶ᠎ᠡ ᠪᠤᠯᠬᠤ ᠳ᠋ᠤ
ᠴᠢᠬᠤᠯᠠ ᠬᠦᠮᠦᠨ ᠳ᠋ᠦ ᠲᠤᠭᠠᠴᠠᠭᠳᠠᠵᠤ ᠂ ᠱᠠ ᠸᠠᠩ ᠢ ᠢᠳᠬᠠᠨ ᠪᠤᠴᠠᠨ ᠠᠪᠠᠭᠠᠴᠢᠬᠤ ᠪᠠᠷ
ᠢᠷᠡᠭᠰᠡᠨ ᠪᠠᠶᠢᠨ᠎ᠠ ) ᠃ ᠵᠢᠶᠠᠩ ᠵᠢᠶᠸ ᠱᠢ ᠲᠠᠢ ᠢᠷᠡᠬᠦ ᠡᠴᠡ ᠡᠮᠦᠨ᠎ᠡ ᠵᠤᠯᠭᠠᠵᠦ ᠂
ᠭᠣᠮᠢᠨᠳᠠᠩ ᠤᠨ ᠴᠡᠷᠢᠭ ᠤᠨ ᠶᠠᠪᠤᠳᠠᠯ ᠤᠨ ᠬᠣᠷᠢᠶᠠᠨ ᠤ ᠵᠠᠬᠢᠳᠠᠯ ᠪᠠ ᠲᠦᠮᠡᠨ
ᠲᠥᠭᠥᠷᠢᠭ ᠤᠨ ᠲᠣᠬᠣᠨᠢᠭᠤᠯᠤᠯ ᠤᠨ ᠮᠥᠩᠭᠥ ᠲᠠᠢ ᠬᠦᠷᠦᠯᠴᠡᠨ ᠢᠷᠡᠭᠰᠡᠨ ᠪᠠᠶᠢᠨ᠎ᠠ ᠃ .
ᠭᠣᠮᠢᠨᠳᠠᠩ ᠤᠨ
ᠡᠯ᠎ᠡ ᠪᠦᠯᠦᠭ ᠤᠨ ᠬᠦᠮᠦᠰ ᠨᠢ ᠤᠳᠤᠭ ᠬᠤᠰᠢᠭᠤᠨ ᠳ᠋ᠤ ᠴᠤᠭᠯᠠᠷᠠᠵᠤ ᠂ ᠱᠠ ᠸᠠᠩ ᠶ᠋ᠢ
ᠪᠤᠴᠠᠭᠠᠬᠤ ᠬᠠᠷᠢᠭᠤᠯᠬᠤ ᠠᠵᠢᠯ ᠤᠨ ᠲᠤᠬᠠᠢ ᠶᠠᠭᠠᠷᠠᠯᠳᠤᠵᠤ ᠂ ᠶᠠᠩ ᠸᠸᠨ ᠰᠢᠤᠶᠠᠨ ᠡᠳᠡᠭᠡᠷ
ᠬᠥᠮᠦᠰ ᠢ ᠲᠤᠬᠢᠨᠠᠭᠤᠯᠬᠤ ᠶ᠋ᠢᠨ ᠲᠤᠰᠠᠳᠠ ᠭᠤᠤᠯ ᠳᠦᠷᠢ ᠪᠤᠯᠵᠤ ᠪᠠᠶᠢᠯ᠎ᠠ᠃ ᠲᠡᠷᠡ ᠹᠦ᠋ ᠽᠦᠸᠸ ᠢ
᠂ ᠴᠧᠨ ᠴᠠᠩ ᠵᠢᠶᠸ ᠤᠨ ᠲᠤᠮᠢᠯᠠᠭᠰᠠᠨ ᠬᠥᠮᠦᠰ ᠲᠤ ᠤᠪᠤᠷ ᠬᠦᠢᠲᠡᠨ ᠪᠠᠶᠢᠵᠦ ᠂ ᠮᠠ ᠬᠣᠩ
ᠺᠦᠢ ᠤᠨ ᠲᠤᠮᠢᠯᠠᠭᠰᠠᠨ ᠬᠥᠮᠦᠰ ᠲᠤ ᠬᠠᠯᠠᠭᠤᠮᠰᠤᠭ ᠳᠣᠲᠣᠨᠣ ᠣᠪᠣᠷ ᠠᠪᠴᠤ ᠪᠠᠶᠢᠯ᠎ᠠ ᠃ ᠵᠠᠩ
ᠸᠸᠨ ᠰᠢᠤᠶᠠᠨ ᠡᠴᠠ ᠳᠠᠮᠵᠢᠨᠱᠠ ᠸᠠᠩ ᠵᠡᠭᠦᠨ ᠭᠠᠷᠤᠨ ᠲᠤᠰᠠᠯᠠᠭᠴᠢ ᠠᠮᠤᠭᠤᠯᠠᠩ ᠢ ᠲᠤᠮᠢᠯᠠᠨ
ᠬᠣᠶᠠᠷ ᠤᠳᠠᠭ᠎ᠠ ᠷᠠᠰᠢᠶᠠᠨ ᠭᠣᠣᠯ ᠰᠦᠮ᠎ᠡ ᠳ᠋ᠤ ᠬᠦᠷᠴᠦ ᠂ ᠲᠡᠭᠦᠨ ᠲᠠᠢ ᠵᠦᠪᠳᠡᠯᠴᠡᠭᠰᠡᠨ
ᠪᠠᠶᠢᠨ᠎ᠠ ᠃ ᠠᠮᠤᠭᠤᠯᠠᠩ ᠡᠴᠠ ᠴᠧᠨ ᠴᠠᠩ ᠵᠢᠶᠸ ᠶ᠋ᠢᠨ ᠡᠷᠬᠡ ᠲᠤᠰᠢᠶᠠᠯ ᠢ ᠤᠭᠴᠠᠷᠠᠭᠤᠯᠬᠤ
ᠲᠤᠬᠠᠢ ᠂ ᠠᠳᠡᠷ ᠬᠠᠭᠠᠯᠪᠤᠷᠢᠯᠠᠬᠤ ᠶ᠋ᠢ ᠴᠠᠭᠠᠵᠠᠯᠠᠬᠤ ᠲᠤᠬᠠᠢ ᠂ ᠬᠣᠬᠢᠷᠠᠯ ᠢ ᠨᠦᠬᠦᠪᠦᠷᠢᠯᠡᠬᠦ
ᠲᠤᠬᠠᠢ ᠳᠤᠷᠠᠳᠤᠯᠲᠠ ᠶ᠋ᠢ ᠳᠤᠷᠠᠳᠪᠠ ᠃
7 ᠰᠠᠷ᠎ᠠ ᠶ᠋ᠢᠨ ᠰᠡᠭᠦᠯᠴᠢ ᠪᠡᠷ ᠂ ᠾᠧ
ᠱᠸᠤ ᠵᠦᠩ ᠂ ᠴᠢ ᠡᠸᠨ ᠴᠧᠩ ᠦᠦᠰᠢᠨ ᠬᠤᠰᠢᠭᠤᠨ ᠳ᠋ᠤ ᠢᠷᠡᠵᠦ ᠂ ᠱᠠ ᠸᠠᠩ ᠬᠢᠭᠡᠳ ᠲᠡᠭᠦᠨ ᠤ
ᠳᠠᠭᠠᠭᠰᠠᠳ ᠲᠠᠢ ᠠᠭᠤᠯᠵᠠᠵᠦ ᠂ ᠴᠦᠩᠴᠢᠩ ᠳ᠋ᠤ ᠪᠠᠶᠢᠭᠰᠠᠨ ᠬᠡᠳᠦᠨ ᠰᠠᠷ᠎ᠠ ᠶ᠋ᠢᠨ
ᠠᠵᠢᠯᠯᠠᠭ᠎ᠠ ᠶ᠋ᠢᠨ ᠪᠠᠶᠢᠳᠠᠯ ᠢ ᠬᠠᠷᠢᠭᠤ ᠮᠡᠳᠡᠬᠦᠯᠦᠯᠲᠡ ᠬᠢᠭᠰᠡᠨ ᠪᠠᠶᠢᠨ᠎ᠠ ᠃ ᠱᠠ
ᠸᠠᠩ ᠡᠴᠠ ᠴᠡᠷᠢᠭ ᠤᠨ ᠶᠠᠪᠤᠳᠠᠯ ᠤᠨ ᠬᠣᠷᠢᠶᠠᠨ ᠤ ᠵᠠᠬᠢᠳᠠᠯ ᠢ ᠠᠪᠴᠢᠷᠠᠭᠰᠠᠨ ᠦᠭᠡᠢ ᠳ᠋ᠦ
ᠰᠡᠵᠢᠭ ᠲᠠᠢ ᠪᠠᠶᠢᠭᠰᠠᠨ ᠴᠤᠴᠢ ᠡᠸᠨ ᠴᠧᠩ ᠪᠠᠲᠤᠯᠠᠭᠰᠠᠨ ᠤ ᠳᠠᠷᠠᠭ᠎ᠠ ᠂ ᠰᠡᠵᠢᠭᠠᠯᠳ᠋ᠠᠷᠠᠪᠠ᠋ ᠃
ᠲᠤᠬᠠᠢ ᠶ᠋ᠢᠨ ᠦᠶ᠎ᠡ ᠳ᠋ᠦ᠂ ᠵᠠᠰᠠᠭ ᠬᠤᠰᠢᠭᠤᠨ ᠤ ᠴᠡᠷᠢᠭ ᠠᠷᠠᠳ ᠨᠢ ᠨᠤᠲᠤᠭ ᠤᠰᠤ ᠡᠴᠡ ᠪᠡᠨ
ᠰᠠᠯᠤᠭᠠᠳᠨᠢᠭᠡᠨᠲ ᠤᠳᠠᠭᠰᠠᠨ ᠲᠤᠯᠠ ᠪᠦᠷ ᠨᠤᠲᠤᠭ ᠲᠠᠭᠠᠨ ᠪᠤᠴᠠᠬᠤ ᠪᠠᠷ ᠭᠤᠶᠤᠴᠢᠯᠠᠵᠤ
ᠪᠠᠶᠢᠯ᠎ᠠ᠃ ᠲᠡᠭᠡᠭᠡᠳ ᠱᠠ ᠸᠠᠩ ᠲᠠᠢ ᠵᠦᠪᠳᠡᠯᠴᠡᠭᠰᠡᠨ ᠦ ᠳᠠᠷᠠᠭ᠎ᠠ ᠤᠳᠤᠭ ᠬᠤᠰᠢᠭᠤᠨ ᠳ᠋ᠤ
ᠨᠡᠭᠦᠵᠦ ᠶᠠᠪᠤᠬᠤ ᠪᠠᠷ ᠲᠤᠭᠲᠠᠭᠰᠠᠨ ᠪᠠᠶᠢᠨ᠎ᠠ᠃ ᠬᠤᠶᠠᠳᠤᠭᠠᠷ ᠡᠳᠦᠷ ᠨᠢ᠂ ᠱᠠ ᠸᠠᠩ ᠪᠤᠯᠤᠨ
ᠲᠡᠭᠦᠨ ᠦ ᠲᠡᠭᠠᠬᠰᠡᠠ ᠵᠠᠭᠤᠭᠠᠳ ᠬᠥᠮᠦᠨ ᠦᠦᠰᠢᠨ ᠬᠤᠰᠢᠭᠤᠨ ᠡᠴᠠ ᠮᠤᠷᠳᠠᠵᠤ ᠂ 8 ᠰᠠᠷ᠎ᠠ ᠶ᠋ᠢᠨ
ᠡᠯᠳᠡᠪ ᠬᠣᠶᠠᠷ ᠢᠢᠡᠷ ᠢᠶᠠᠷ ᠤᠳᠤᠭ ᠬᠤᠰᠢᠭᠤᠨ ᠤ ᠴᠠᠶᠢᠳᠠᠮ ᠳ᠋ᠤ ᠬᠦᠷᠴᠦ ᠬᠤᠨᠤᠭᠯᠠᠬᠰᠠᠨ
ᠪᠠᠶᠢᠨ᠎ᠠ᠃ ᠬᠡᠳᠦᠨ ᠡᠳᠦᠷ ᠤᠨ ᠲᠠᠷᠠᠭ᠎ᠠ ᠂ ᠱᠠ ᠸᠠᠩ ᠷᠠᠰᠢᠶᠠᠨ ᠭᠣᠣᠯ ᠰᠦᠮ᠎ᠡ ᠳ᠋ᠤ ᠬᠦᠷᠴᠦ᠂
ᠡᠯ᠎ᠡ ᠡᠲᠡᠭᠡᠳ ᠦᠨ ᠬᠢᠨ ᠬᠦᠨᠲᠦ ᠪᠡᠷ ᠤᠭᠲᠤᠨ ᠠᠪᠤᠭᠰᠠᠨ ᠪᠠᠶᠢᠨ᠎ᠠ ᠃
ᠷᠠᠰᠢᠶᠠᠨ
ᠭᠤᠤᠤᠯᠯᠠᠬᠤ ᠰᠦᠮ᠎ᠡ ᠳ᠋ᠦ ᠱᠠ ᠸᠠᠩ ᠬᠢᠭᠡᠳ ᠲᠡᠭᠦᠨ ᠦ ᠭᠠᠷ ᠳᠣᠣᠷᠠᠬᠢ ᠲᠤᠰᠢᠶᠠᠯᠲᠠᠳ ᠨᠢᠵᠠᠩ
ᠸᠸᠨ ᠰᠢᠤᠶᠠᠨ ᠂ ᠯᠢᠶᠠᠨ ᠵᠦᠩ ᠱᠠᠨᠱᠠᠨ ᠂ ᠴᠧᠨ ᠢᠦᠢ ᠵᠢᠶᠠ ᠂ ᠸᠠᠩ ᠷᠧᠨ ᡁᠢ ᠂ ᠵᠤᠤ ᠮᠦᠦ ᠂ ᠾᠧ
ᠱᠸᠤ ᠵᠦᠩ ᠵᠡᠷᠭᠡ ᠡᠯ᠎ᠡ ᠲᠠᠯ᠎ᠠ ᠶ᠋ᠢᠨ ᠲᠦᠯᠦᠭᠡᠯᠡᠭᠴᠢᠳ ᠲᠠᠢᠱᠠ ᠸᠠᠩ ᠤᠨ
ᠬᠤᠰᠢᠭᠤᠨ ᠳ᠋ᠤ ᠪᠠᠨ ᠬᠠᠷᠢᠵᠦ ᠢᠷᠡᠭᠰᠡᠨ ᠠᠰᠠᠭᠤᠳᠠᠯ ᠤᠨ ᠲᠤᠬᠠᠢ ᠭᠤᠷᠪᠠᠨ ᠡᠳᠦᠷ ᠦᠨ
ᠬᠡᠯᠡᠯᠴᠡᠭᠡᠷ ᠶᠠᠪᠤᠭᠳᠠᠭᠤᠯᠤᠭᠰᠠᠨ ᠪᠠᠶᠢᠨ᠎ᠠ ᠃ ᠳᠠᠬᠢᠨ ᠳᠠᠪᠲᠠᠨ ᠬᠡᠯᠡᠯᠴᠡᠬᠦ ᠪᠡᠷ ᠳᠠᠮᠵᠢᠨ ᠂
ᠭᠣᠮᠢᠨᠳᠠᠩ ᠤᠨ ᠲᠠᠯ᠎ᠠ ᠡᠴᠠ ᠱᠠ ᠸᠠᠩ ᠳᠤᠷᠠᠳᠤᠭᠰᠠᠨ ᠨᠥᠬᠥᠴᠡᠯ ᠢ ᠬᠦᠯᠢᠶᠡᠨ ᠠᠪᠤᠭᠰᠠᠨ
ᠪᠠᠶᠢᠨ᠎ᠠ ᠃ ᠲᠤᠰ ᠰᠠᠷ᠎ᠠ ᠳ᠋ᠦ ᠂ ᠭᠣᠮᠢᠨᠳᠠᠩ ᠤᠨ ᠵᠠᠰᠠᠭ ᠤᠨ ᠣᠷᠳᠣᠨ ᠡᠴᠠ ᠴᠧᠨ ᠴᠠᠩ
ᠵᠢᠶᠸ ᠤᠨ ᠶᠡᠬᠡ ᠵᠤᠤ ᠠᠶᠢᠮᠠᠭ ᠳ᠋ᠠᠬᠢ ᠰᠠᠬᠢᠭᠤᠯ ᠴᠡᠷᠢᠭ ᠶᠡᠷᠦᠩᠬᠡᠶ ᠰᠧᠯᠢᠩ ᠤᠨ ᠲᠤᠰᠢᠶᠠᠯ ᠢ
ᠬᠦᠴᠦᠨ ᠦᠭᠡᠢ ᠪᠤᠯᠭᠠᠵᠦ ᠂ ᠶᠡᠬᠡ ᠵᠤᠤ ᠠᠶᠢᠮᠠᠭ ᠡᠴᠠ ᠰᠢᠵᠢᠮᠯᠡᠭᠦᠯᠦᠨ ᠶᠠᠪᠤᠭᠤᠯᠤᠭᠰᠠᠨ
ᠪᠠᠶᠢᠨ᠎ᠠ᠃ ᠳᠠᠷᠠᠭ᠎ᠠ ᠨᠢ ᠂ ᠮᠣᠷᠢᠲᠤ ᠴᠡᠷᠢᠭ ᠤᠨ ᠳᠤᠯᠤᠳᠤᠭᠠᠷ ᠳ᠋ᠢᠸᠢᠽᠢ ᠶ᠋ᠢᠨ
ᠳ᠋ᠢᠸᠢᠽᠢ ᠶ᠋ᠢᠨ ᠳᠠᠷᠤᠭ᠎ᠠ ᠵᠦᠦ ᠵᠢᠤ ᠯᠢᠨ ᠦ ᠲᠤᠰᠢᠶᠠᠯ ᠢ ᠬᠦᠴᠦᠨ ᠦᠭᠡᠢ ᠪᠤᠯᠭᠠᠵᠦ ᠂ 20
ᠳ᠋ᠤᠭᠠᠷ ᠬᠣᠷᠢᠶᠠᠨ ᠤ ᠬᠤᠷᠢᠶᠠᠨ ᠳᠠᠷᠤᠭ᠎ᠠ ᠾᠧ ᠳ᠋ᠢ ᠭᠤᠸᠠᠩ ᠢ ᠪᠠᠷᠢᠪᠴᠢᠯᠠᠪᠠ ( ᠬᠣᠵᠢᠮ ᠨᠢ
ᠨᠢᠭᠤᠴᠠ ᠪᠡᠷ ᠰᠤᠯᠠᠯᠠᠪᠠ ) ᠃ ᠡᠭᠦᠨ ᠤ ᠳᠠᠭᠠᠤ ᠳ᠋ᠤ ᠂ ᠠᠳ᠋ᠠᠷ ᠬᠠᠭᠠᠯᠪᠦᠷᠢᠯᠠᠬᠤ ᠶ᠋ᠢ ᠲᠦᠷ
ᠵᠤᠭᠰᠤᠭᠠᠬᠤ ᠵᠠᠷᠯᠢᠭ ᠪᠠᠭᠤᠯᠭᠠᠭᠰᠠᠨ ᠪᠠᠶᠢᠨ᠎ᠠ
9 ᠰᠠᠷ᠎ᠠ ᠶ᠋ᠢᠨ 3 ᠤ ᠡᠳᠦᠷ ᠂
ᠱᠠ ᠸᠠᠩ ᠤᠳᠤᠭ ᠬᠤᠰᠢᠭᠤᠨ ᠡᠴᠠ ᠷᠠᠰᠢᠶᠠᠨ ᠭᠣᠣᠯ ᠰᠦᠮ᠎ᠡ ᠵᠦᠭ ᠮᠣᠷᠳᠠᠵᠤ ᠂ 10 ᠰᠠᠷ᠎ᠠ ᠶ᠋ᠢᠨ
1 ᠤᠨ ᠡᠳᠦᠷ ᠵᠠᠰᠠᠭ ᠬᠤᠰᠢᠭᠤᠨ ᠤ ᠸᠠᠩ ᠤᠨ ᠤᠷᠳᠤᠨ ᠳ᠋ᠤ ᠪᠠᠨ ᠪᠤᠴᠠᠪᠠ᠃ 11 ᠰᠠᠷ᠎ᠠ ᠶ᠋ᠢᠨ
11 ᠤ ᠡᠳᠦᠷ ᠂ ᠭᠣᠮᠢᠨᠳᠠᠩ ᠤᠨ ᠵᠠᠰᠠᠭ ᠤᠨ ᠣᠷᠳᠣᠨ ᠡᠴᠠ ᠱᠠᠭᠳᠤᠷᠵᠠᠪ ᠤᠨ ᠰᠦᠢᠶᠤᠸᠠᠨ
ᠮᠣᠩᠭᠣᠯ ᠤᠨ ᠵᠠᠰᠠᠭ ᠤᠨ ᠬᠤᠷᠠᠯ ᠤᠨ ᠳᠠᠷᠤᠭ᠎ᠠ᠂ ᠶᠡᠬᠡ ᠵᠤᠤ ᠠᠶᠢᠮᠠᠭ ᠤᠨ ᠠᠶᠢᠮᠠᠭ ᠤᠨ
ᠳᠠᠷᠤᠭ᠎ᠠ ᠂ ᠶᠡᠬᠡ ᠵᠤᠤ ᠠᠶᠢᠮᠠᠭ ᠤᠨ ᠠᠮᠤᠷ ᠢ ᠬᠠᠮᠠᠭᠠᠯᠠᠬᠤ ᠨᠣᠶᠠᠨ ᠤ ᠲᠤᠰᠢᠶᠠᠯ ᠢ
ᠰᠡᠷᠭᠦᠭᠡᠵᠦ᠂ ᠲᠦᠪᠰᠢᠨᠵᠢᠷᠭᠠᠯ ᠨᠢ ᠳᠡᠭᠡᠷᠡᠬᠢ ᠲᠤᠰᠢᠶᠠᠯ ᠤᠨ ᠳᠡᠳ᠋ ᠳᠠᠷᠤᠭ᠎ᠠ ᠶ᠋ᠢᠨ
ᠪᠠᠶᠢᠷᠢᠨ ᠳ᠋ᠤ ᠭᠠᠷᠤᠭᠰᠠᠨ ᠪᠠᠶᠢᠨ᠎ᠠ ᠃ 12 ᠰᠠᠷ᠎ᠠ ᠶ᠋ᠢᠨ 26 ᠤ ᠡᠳᠦᠷ ᠂ ᠭᠣᠮᠢᠨᠳᠠᠩ ᠤᠨ
ᠴᠡᠷᠢᠭ ᠤᠨ ᠶᠠᠪᠤᠳᠠᠯ ᠤᠨ ᠬᠣᠷᠢᠶᠠᠨ ᠤ ᠠᠯᠪᠠᠨ ᠲᠢᠩᠬᠢᠮ ᠤᠨ ᠳᠡᠳ᠋ ᠡᠷᠬᠢᠯᠡᠭᠴᠢ ᠶᠣᠣ
ᠽᠦᠩ ᠂ ᠮᠣᠩᠭᠣᠯ ᠲᠦᠪᠡᠳ ᠦᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠴᠥ᠋ ᠮᠢᠩ ᠱᠠᠨ
ᠵᠡᠷᠭᠡ ᠬᠦᠮᠦᠰ ᠹᠦ᠋ ᠽᠦᠸᠸ ᠢ ᠶ᠋ᠢᠨ ᠳᠡᠮᠵᠢᠯᠡᠭᠡ ᠳᠤᠤᠷ᠎ᠠ ᠵᠠᠰᠠᠭ ᠬᠤᠰᠢᠭᠤᠨ ᠳ᠋ᠤ ᠬᠦᠷᠴᠦ ᠂
ᠦᠦᠰᠢᠨ ᠬᠣᠰᠢᠭᠤ ᠶ᠋ᠢ ᠲᠤᠬᠤᠨᠢᠭᠤᠯᠵᠦ ᠂ 800 ᠲᠦᠮᠡᠨ ᠲᠥᠭᠥᠷᠢᠭ ᠤᠨ ᠲᠣᠬᠣᠨᠢᠭᠤᠯᠬᠤ ᠮᠥᠩᠭᠥ
ᠲᠠᠷᠬᠠᠭᠰᠠᠨ ᠪᠠᠶᠢᠨ᠎ᠠ ᠃ ( ᠡᠭᠦᠨ ᠤ ᠳᠣᠲᠣᠷ᠎ᠠ ᠦᠦᠰᠢᠨ ᠬᠤᠰᠢᠭᠤᠨ ᠳ᠋ᠤ 200 ᠲᠦᠮᠡᠨ
ᠲᠥᠭᠥᠷᠢᠭ ᠦᠭᠪᠡ ) ᠃ ᠡᠨᠡ ᠨᠢ ᠱᠠ ᠸᠠᠩ ᠳ᠋ᠦ ᠳᠠᠷᠤᠯᠲᠠ ᠦᠵᠡᠭᠦᠯᠵᠦ ᠂ ᠤᠸᠴᠢᠷᠪᠠᠲᠤ ᠶ᠋ᠢᠨ
ᠪᠠᠷᠠᠭᠤᠨ ᠲᠤᠰᠠᠯᠠᠭᠴᠢ ᠪᠠ ᠠᠮᠤᠷ ᠢ ᠬᠠᠮᠠᠭᠠᠯᠠᠬᠤ ᠰᠧᠯᠢᠩ ᠶ᠋ᠢᠨ ᠲᠤᠰᠢᠶᠠᠯ ᠢ ᠨᠢ
ᠤᠭᠴᠠᠷᠠᠭᠤᠯᠵᠤ ᠂ ᠴᠢ ᠸᠸᠨ ᠴᠢᠨ ᠲᠡᠭᠦᠨ ᠦ ᠤᠷᠤᠨ ᠳ᠋ᠤ ᠭᠠᠷᠤᠭᠰᠠᠨ ᠪᠠᠶᠢᠨ᠎ᠠ᠃
《
ᠶᠡᠬᠡ ᠵᠤᠤ ᠠᠶᠢᠮᠠᠭ ᠤᠨ ᠬᠡᠷᠡᠭ ᠬᠤᠪᠢᠰᠤᠯ 》 ᠪᠣᠯ ᠶᠠᠫᠣᠨ ᠢ ᠡᠰᠡᠷᠭᠦᠴᠡᠬᠦ ᠲᠠᠢᠢᠨ ᠤ
ᠦᠢ᠎ᠡ ᠳ᠋ᠤ ᠭᠣᠮᠢᠨᠳᠠᠩ ᠡᠴᠠ ᠡᠪ ᠬᠠᠮᠲᠤ ᠨᠠᠮ ᠢ ᠡᠰᠡᠷᠭᠦᠴᠡᠬᠦ ᠣᠷᠴᠢᠨ ᠳ᠋ᠦ ᠡᠭᠦᠰᠴᠦ ᠱᠠ
ᠸᠠᠩ ᠤᠨ ᠭᠣᠮᠢᠨᠳᠠᠩ ᠤᠨ ᠴᠡᠷᠢᠭ ᠤᠨ ᠡᠷᠬᠡᠲᠡᠨ ᠤ ᠠᠲᠠᠷ ᠬᠠᠭᠠᠯᠪᠦᠷᠢᠯᠠᠬᠤ ᠪᠠ ᠬᠢᠲᠠᠳ ᠤᠨ
ᠳᠡᠭᠡᠷᠡᠩᠬᠦᠢ ᠦᠵᠡᠯ ᠢ ᠡᠰᠡᠷᠭᠦᠴᠡᠭᠰᠡᠨ ᠨᠢ ᠨᠢᠭᠡᠨ ᠤᠳᠠᠭᠠᠨ ᠦ ᠨᠡᠯᠢᠶᠡᠳ ᠶᠡᠬᠡ
ᠨᠥᠯᠥᠭᠡ ᠭᠠᠷᠭᠠᠭᠰᠠᠨ ᠲᠡᠮᠡᠴᠡᠯ ᠪᠣᠯᠤᠨ᠎ᠠ ᠃ 《 ᠶᠡᠬᠡ ᠵᠤᠤ ᠠᠶᠢᠮᠠᠭ ᠤᠨ ᠬᠡᠷᠡᠭ ᠬᠤᠪᠢᠰᠤᠯ
》 ᠤᠨ ᠳᠤᠮᠳᠠ ᠂ ᠳᠤᠮᠳᠠᠳᠤ ᠤᠯᠤᠰ ᠤᠨ ᠡᠪ ᠬᠠᠮᠲᠤ ᠨᠠᠮ ᠪᠣᠰᠣᠯᠭ᠎ᠠ ᠶ᠋ᠢᠨ ᠴᠡᠷᠢᠭ ᠠᠷᠠᠳ
ᠬᠠᠯᠠᠭᠤᠨ ᠢᠶᠠᠷ ᠬᠠᠯᠠᠮᠵᠢᠯᠠᠵᠦ ᠂ ᠭᠣᠮᠢᠨᠳᠠᠩ ᠤᠨ ᠦᠨᠳᠦᠰᠦᠲᠡᠨ ᠳ᠋ᠦ ᠳᠠᠷᠤᠯᠲᠠ ᠦᠵᠡᠬᠦᠯᠬᠦ
ᠲᠦᠷᠦ ᠶ᠋ᠢᠨ ᠪᠤᠳᠤᠯᠭ᠎ᠠ ᠲᠠᠢ ᠢᠯᠡ ᠲᠣᠳᠣ ᠬᠠᠷᠢᠴᠠᠭᠤᠯᠤᠯ ᠪᠣᠯᠤᠭᠰᠠᠨ ᠪᠠᠶᠢᠨ᠎ᠠ ᠃