ᠲᠠᠯᠠᠨ ᠬᠠᠷ᠎ᠠ ᠶ᠋ᠢᠨ ᠶᠠᠫᠣᠨ ᠢ ᠡᠰᠡᠷᠭᠦᠴᠡᠬᠦ ( 1938 ᠣᠨ ᠡᠴᠡ 1945 ᠣᠨ ᠪᠣᠯᠲᠠᠯ᠎ᠠ )

  2019-04-25

    ᠳᠠᠯᠠᠨ ᠬᠠᠷ᠎ᠠ ᠠᠭᠤᠯᠠ  ᠶ᠋ᠢᠨ ᠶᠠᠫᠣᠨ  ᠢ ᠡᠰᠡᠷᠭᠦᠴᠡᠬᠦ ᠰᠠᠭᠤᠷᠢᠨ ᠭᠠᠵᠠᠷ ᠨᠢ ᠳᠠᠯᠠᠨ ᠬᠠᠷ᠎ᠠ ᠠᠭᠤᠯᠠ ᠶ᠋ᠢᠨ ᠭᠦᠨ ᠳ᠋ᠦ ᠣᠷᠤᠰᠢᠳᠠᠭ᠂ ᠠᠭᠤᠯᠠᠨ ᠤ ᠳᠣᠲᠣᠷ᠎ᠠ ᠰᠥᠷᠯᠢᠭ ᠠᠭᠤᠯᠠᠰ ᠰᠡᠬᠦᠶᠢᠯᠴᠡᠵᠦ ᠂ ᠨᠠᠢᠮᠠᠨ ᠶᠡᠬᠡ ᠥᠷᠭᠢᠯ ᠪᠣᠯᠬᠤ( ᠪᠠᠷᠠᠭᠤᠨ ᠤᠪᠤᠭ᠎ᠠ ᠠᠭᠤᠯᠠ ᠂ ᠵᠡᠭᠦᠨ ᠤᠪᠤᠭ᠎ᠠ ᠠᠭᠤᠯᠠ ᠂ ᠬᠤᠸᠠ ᠵᠢᠶᠠᠨ ᠱᠠᠨ ᠂ ᠶᠡᠬᠡ ᠳᠡᠪᠰᠡᠭ ᠠᠭᠤᠯᠠ ᠂ ᠵᠢᠵᠢᠭ ᠳᠡᠪᠰᠡᠭ ᠠᠭᠤᠯᠠ ᠂ ᠳ᠋ᠠ ᠲᠸ ᠱᠠᠨᠠᠭᠤᠯᠠ ᠂ ᠶᠢᠨ ᠬᠥᠩ ᠱᠠᠨ ) ᠪᠠᠷᠠᠭᠤᠨ ᠡᠴᠡ ᠵᠡᠭᠦᠨᠰᠢ ᠪᠡᠨ ᠳᠠᠷᠠᠭᠠᠯᠠᠨ ᠵᠢᠭᠰᠠᠵᠤ ᠂ ᠠᠭᠤᠯᠠᠨ  ᠤ ᠬᠣᠭᠣᠷᠣᠨᠳᠣ ᠲᠠᠪᠤᠨ ᠶᠡᠬᠡ ᠭᠣᠣᠯ ( ᠵᠢᠤ ᠼᠠᠢ ᠭᠧᠤ ᠂ ᠰᠢᠶᠤᠤ ᠶᠣᠣ ᠽᠢ ᠭᠧᠤ ᠂ ᠯᠣᠣ ᠯᠠᠶ ᠭᠤᠦ ᠂ ᠳ᠋ᠸᠱᠧᠩ ᠭᠧᠤ ᠂ ᠯᠢ ᠴᠢᠭᠧᠤ ) ᠵᠢᠴᠢ 30 ᠭᠠᠷᠤᠶ ᠰᠠᠯᠪᠤᠷᠢ ᠭᠣᠣᠯ ᠤᠷᠤᠰᠴᠤ ᠪᠠᠶᠢᠳᠠᠭ ᠂ ᠴᠢᠶᠠᠩ ᠫᠠᠨ ᠾᠸ ᠭᠣᠣᠯ ᠂ ᠳ᠋ᠸ ᠱᠸᠩ ᠾᠸ ᠭᠣᠣᠯ ᠨᠢ ᠤᠷᠤᠰᠬᠠᠯ ᠲᠠᠰᠤᠷᠠᠬᠤ ᠦᠭᠡᠢ ᠪᠠᠶᠢᠳᠠᠭ ᠃ ᠬᠠᠮᠤᠭ ᠥᠨᠳᠥᠷ ᠣᠷᠭᠢᠯ ᠨᠢ ᠳᠠᠯᠠᠢ ᠶ᠋ᠢᠨ ᠲᠥᠪᠰᠢᠨ ᠡᠴᠡ ᠳᠡᠭᠡᠭᠰᠢ 2255 ᠮᠸᠲ᠋ᠷ ᠪᠠᠶᠢᠳᠠᠭ ᠂ ᠳᠤᠮᠳᠠᠴᠢ ᠳᠠᠯᠠᠢ ᠶ᠋ᠢᠨ ᠲᠥᠪᠰᠢᠨ ᠨᠢ 1700 ᠮᠧᠲ᠋ᠷ ᠪᠠᠶᠢᠳᠠᠭ ᠂ ᠠᠭᠤᠯᠠ ᠭᠠᠩᠭ᠎ᠠ ᠭᠦᠨ ᠂ ᠤᠢ ᠮᠣᠳᠣ ᠢᠭᠴᠤ ᠰᠠᠬᠤᠯᠢᠭ ᠪᠠᠶᠢᠵᠤ᠂ ᠭᠠᠵᠠᠷ ᠤᠨ ᠪᠠᠶᠢᠴᠠ ᠨᠢ ᠮᠠᠰᠢ ᠶᠡᠬᠡ ᠪᠡᠷᠬᠡ ᠪᠠᠷᠲᠠᠭᠠᠲᠠᠶ ᠂ ᠶᠠᠫᠣᠨ ᠢ ᠡᠰᠡᠷᠭᠦᠴᠡᠬᠦ ᠳᠠᠢᠢᠨ  ᠤ ᠳᠠᠯᠠᠨ ᠬᠠᠷ᠎ᠠ ᠠᠭᠤᠯᠠ ᠶ᠋ᠢᠨ ᠰᠠᠭᠤᠷᠢᠨ ᠭᠠᠵᠠᠷ ᠨᠢ ᠣᠨᠴᠠ ᠲᠣᠭᠲᠠᠭᠰᠠᠨ ᠣᠷᠣᠨ ᠪᠠᠶᠢᠷᠢ ᠂ ᠪᠦᠬᠦᠶᠢᠯᠡ ᠲᠠᠯᠠᠨ ᠬᠠᠷ᠎ᠠ  ᠶ᠋ᠢᠨ ᠶᠠᠫᠣᠨ  ᠢ ᠡᠰᠡᠷᠭᠦᠴᠡᠬᠦ ᠫᠠᠷᠲ᠋ᠢᠽᠠᠨ ᠰᠠᠭᠤᠷᠢᠨ ᠭᠠᠵᠠᠷ  ‍ᠤᠨ ᠲᠥᠪ ᠣᠷᠣᠨ ᠪᠦᠰᠡ ᠪᠣᠯᠤᠨ᠎ᠠ ᠃
    ᠲᠠᠯᠠᠨ ᠬᠠᠷ᠎ᠠ ᠶ᠋ᠢᠨ ᠶᠠᠫᠣᠨ  ᠢ ᠡᠰᠡᠷᠭᠦᠴᠡᠬᠦ ᠰᠠᠭᠤᠷᠢᠨ ᠭᠠᠵᠠᠷ ᠪᠣᠯ ᠪᠦᠬᠦ ᠤᠯᠤᠰ ᠤᠨ ᠠᠯᠳᠠᠷᠲᠤ ᠬᠢᠵᠠᠭᠠᠷ ᠣᠷᠣᠨ ᠂ ᠤᠯᠠᠭᠠᠨᠬᠦᠦ ᠂ ᠯᠢ ᠵᠢᠩ ᠴᠢᠤᠸᠠᠨ ᠂ ᠸᠠᠩ ᠷᠦᠸᠸ ᠹᠸᠢ ᠂ ᠬᠤᠤ ᠰᠢᠸ ᠱᠠᠨ ᠵᠡᠷᠭᠡ ᠠᠬᠠᠮᠠᠳ ᠨᠢᠭᠡᠦᠶ᠎ᠡ ᠶ᠋ᠢᠨ ᠦᠭᠡᠶᠢᠭᠦᠦ ᠠᠩᠬᠢ ᠶ᠋ᠢᠨ ᠬᠤᠪᠢᠰᠬᠠᠯᠴᠢᠳ ᠡᠨᠳᠡ ᠤᠯᠠ ᠮᠥᠷ ᠢᠶ᠋ᠡᠨ ᠦᠯᠡᠳᠡᠭᠡᠭᠰᠡᠨ ᠪᠠᠶᠢᠨ᠎ᠠ ᠃
    1938 ᠣᠨ  ᠤ 5 ᠰᠠᠷ᠎ᠠ  ᠳ᠋ᠦ᠂ ᠮᠠᠤ ᠽᠸ ᠳ᠋ᠦᠩ ᠦᠨ ᠴᠠᠬᠢᠯᠭᠠᠨ ᠮᠡᠳᠡᠭᠡ ᠪᠡᠷ 《 ᠵᠦ ᠳ᠋ᠸ ᠂ ᠫᠸᠩ ᠳ᠋ᠸ ᠬᠤᠸᠠᠢ ᠂ ᠾᠧ ᠯᠦᠡᠭ ᠂ ᠭᠤᠸᠠᠨ ᠰᠢᠶᠠᠩ ᠶᠢᠩ ᠂ ᠰᠢᠶᠤᠤ ᠺᠸ ᠵᠡᠷᠭᠡ《ᠤᠮᠠᠷᠠᠰᠢ ᠳᠠᠯᠠᠨ ᠬᠠᠷ᠎ᠠ ᠠᠭᠤᠯᠠ ᠶ᠋ᠢᠨ ᠰᠤᠳᠠᠯ ᠳᠠᠭᠠᠤ ᠫᠠᠷᠲ᠋ᠢᠽᠠᠨ ᠰᠠᠭᠤᠷᠢᠨ ᠭᠠᠵᠠᠷ ᠢ ᠪᠠᠶᠢᠭᠤᠯᠬᠤ ᠨᠢ ᠮᠠᠰᠢ ᠴᠢᠬᠤᠯᠠ ᠠᠴᠢ ᠬᠣᠯᠪᠣᠭᠳᠠᠯ ᠲᠠᠶ ᠶᠤᠮ ᠂ ᠲᠠ ᠨᠠᠷ ᠪᠠᠷᠢᠨ ᠳᠣᠣᠷ᠎ᠠ ᠪᠠᠨ ᠡᠨᠡ ᠤᠴᠢᠷ  ᠢ ᠪᠣᠳᠣᠯᠬᠢᠯᠠᠬᠤ ᠬᠡᠷᠡᠭᠲᠡᠶ 》 ᠭᠡᠪᠡ ᠃ 8 ᠰᠠᠷ᠎ᠠ  ᠶ᠋ᠢᠨ ᠰᠡᠭᠦᠯᠴᠢ ᠪᠡᠷ ᠂ ᠲᠠᠯᠠᠨ ᠬᠠᠷ᠎ᠠ ᠶ᠋ᠢᠨ ᠶᠠᠫᠣᠨ  ᠢ ᠡᠰᠡᠷᠭᠦᠴᠡᠬᠦ ᠰᠠᠭᠤᠷᠢᠨ ᠭᠠᠵᠠᠷ ᠤᠨ ᠫᠠᠷᠲ᠋ᠢᠽᠠᠨ ᠠᠡᠭᠬᠢ ᠨᠢ 2300 ᠢᠯᠡᠭᠦᠦ ᠬᠥᠮᠦᠨ ᠂ ᠨᠠᠶᠮᠠᠳᠤᠭᠠᠷ ᠵᠠᠮ ᠤᠨ ᠴᠡᠷᠢᠭ ᠦᠨ 120 ᠳ᠋ᠤᠭᠠᠷ ᠳ᠋ᠢᠸᠢᠽᠢ ᠶ᠋ᠢᠨ 358 ᠳ᠋ᠤᠭᠠᠷ ᠪᠠᠷᠢᠭᠠᠳᠠ ᠶ᠋ᠢᠨ  715 ᠬᠣᠷᠢᠶ᠎ᠠ ᠶ᠋ᠢᠨ ᠤᠯᠤᠰ ᠲᠥᠷᠦ ᠶ᠋ᠢᠨ ᠭᠡᠰᠢᠭᠦᠨ ᠯᠢ ᠵᠢᠩ ᠴᠢᠤᠸᠠᠨ ᠪᠣᠯᠤᠨ ᠵᠥᠪᠯᠡᠭᠴᠢ ᠳᠠᠷᠤᠭ᠎ᠠ ᠶᠣᠣ ᠵᠧ ᠶᠢᠨ ᠳᠠᠭᠠᠭᠤᠯᠤᠨ ᠂ ᠪᠣᠷᠣᠭᠠᠨ ᠤ ᠳᠤᠮᠳᠠ ᠫᠢᠩ — ᠰᠦᠢ ᠲᠡᠮᠦᠷ ᠵᠠᠮ ᠢ ᠥᠩᠭᠡᠷᠡᠵᠦ ᠂ ᠳᠠᠶᠢᠰᠤᠨ  ᠤ ᠰᠡᠷᠭᠡᠶᠢᠯᠡᠯᠲᠡ  ᠶ᠋ᠢᠨ ᠱᠤᠭᠤᠮ  ᠢ ᠳᠠᠪᠠᠵᠤ ᠂ ᠦᠴᠤᠸᠠᠨ ᠰᠢᠶᠠᠨ  ᠤ ᠬᠢᠯᠢ  ᠳ᠋ᠤ ᠣᠷᠣᠬᠤ ᠂ 9 ᠰᠠᠷ᠎ᠠ  ᠶ᠋ᠢᠨ 1 ᠤ ᠡᠳᠦᠷ ᠳᠠᠯᠠᠨ ᠬᠠᠷ᠎ᠠ ᠠᠭᠤᠯᠠ ᠳ᠋ᠤ ᠬᠦᠷᠦᠭᠰᠡᠨ ᠪᠠᠶᠢᠨ᠎ᠠ ᠃ ᠲᠡᠷᠡᠭ᠎ᠠ ᠨᠢ ᠤᠯᠠᠭᠠᠨᠬᠤᠸᠠ ᠪᠠᠯᠭᠠᠰᠤ ᠶ᠋ᠢ ᠪᠠᠶᠢᠯᠳᠤᠨ ᠠᠪᠴᠤ ᠂ ᠶᠠᠫᠤᠨ ᠢ ᠡᠰᠡᠷᠭᠦᠴᠡᠬᠦ ᠤᠬᠠᠭᠤᠯᠭ᠎ᠠ ᠥᠷᠨᠢᠭᠦᠯᠵᠦ ᠂ ᠯᠢ ᠵᠢᠩ ᠴᠢᠤᠸᠠᠨ ᠴᠡᠷᠢᠭ ᠢᠶ᠋ᠡᠨ ᠳᠠᠭᠠᠭᠤᠯᠤᠨ ᠣᠷᠣᠵᠤ ᠦᠴᠤᠸᠠᠨ ᠰᠢᠶᠠᠨ ᠤ ᠵᠢᠩ ᠡᠯ ᠭᠸᠦ ᠳ᠋ᠦ ᠰᠠᠭᠤᠷᠢᠰᠢᠪᠠ ᠂ ᠵᠢᠩ ᠡᠯ ᠭᠸᠦ ᠶ᠋ᠢᠨᠯᠢᠦ ᠭᠧᠤ ᠮᠧᠨ ᠲᠣᠰᠬᠣᠨ  ᠳ᠋ᠦ ᠠᠩᠬ᠎ᠠ ᠤᠳᠠᠭ᠎ᠠ ᠶ᠋ᠢᠨ ᠬᠤᠷᠠᠯ ᠬᠢᠵᠦ ᠂ ᠬᠥᠳᠡᠭᠡ ᠲᠣᠰᠬᠣᠨ  ᠤ ᠦᠨᠳᠦᠰᠦᠨ ᠱᠠᠲᠤᠨ ᠤ ᠶᠠᠫᠤᠨ ᠢ ᠡᠰᠡᠷᠭᠦᠴᠡᠬᠦ ᠵᠠᠰᠠᠭ ᠢ ᠪᠠᠶᠢᠭᠤᠯᠬᠤ ᠂ ᠴᠡᠷᠢᠭ ᠦᠨ ᠶᠠᠪᠤᠳᠠᠯ ᠤᠨ ᠪᠠᠶᠢᠷᠢᠯᠠᠭᠤᠯᠤᠯᠲᠠ ᠵᠡᠷᠭᠡ ᠠᠰᠠᠭᠤᠳᠠᠯ ᠢ ᠰᠣᠳᠤᠯᠵᠤ ᠶᠠᠷᠢᠯᠴᠠᠪᠠ ᠃ 10 ᠰᠠᠷ᠎ᠠ  ᠳ᠋ᠤ᠂ ᠳᠠᠯᠠᠨ ᠬᠠᠷ᠎ᠠ ᠠᠭᠤᠯᠠ ᠶ᠋ᠢᠨ ᠮᠣᠩᠭᠣᠯ ᠬᠢᠲᠠᠳ ᠤᠨ ᠶᠠᠫᠣᠨ ᠢ ᠡᠰᠡᠷᠭᠦᠴᠡᠬᠦ ᠫᠠᠷᠲ᠋ᠢᠽᠠᠨ ᠠᠡᠭᠬᠢ ᠬᠦᠢᠰᠦ᠋ᠢ ᠰᠢᠶᠠᠨ ᠤ ᠮᠢᠶᠠᠨ ᠫᠦ ᠶᠣᠣ ᠽᠢ ᠲᠣᠰᠬᠣᠨ ᠬᠢᠭᠡᠳ ᠰᠠᠯᠪᠤᠷᠢ ᠠᠩᠬᠢ ᠶ᠋ᠢᠨ ᠭᠣᠣᠯ ᠬᠦᠴᠦᠨ ᠤ ᠴᠡᠷᠢᠭ ᠠᠩᠬᠢ ᠲᠠᠢ ᠢᠯᠠᠯᠲᠠ ᠲᠠᠶ ᠪᠠᠷ ᠠᠭᠤᠯᠵᠠᠪᠠ ᠃ ᠡᠭᠦᠨ ᠡᠴᠡ ᠡᠬᠢᠯᠡᠨ ᠳᠠᠯᠠᠨ ᠬᠠᠷ᠎ᠠ ᠠᠭᠤᠯᠠᠨ ᠤ ᠴᠡᠷᠢᠭ ᠠᠷᠠᠳ ᠦᠴᠤᠸᠠᠨ ᠢᠶᠠᠷ ᠲᠥᠪ ᠪᠣᠯᠭᠠᠵᠤ ᠂ ᠰᠢᠷᠭᠠᠭᠤ ᠬᠠᠲᠠᠭᠤᠵᠢᠯᠲᠠᠶ ᠫᠠᠷᠲ᠋ᠢᠽᠠᠨ ᠳᠠᠢᠢᠨ ᠢ ᠥᠷᠨᠢᠭᠦᠯᠪᠡ ᠃
    1939 ᠣᠨ ᠳ᠋ᠦ ᠦᠴᠤᠸᠠᠨ ᠰᠢᠶᠠᠨ ᠤ ᠳᠣᠲᠣᠷᠠᠬᠢ ᠬᠤᠸᠠᠩ ᠬᠤᠸᠠ ᠸᠥᠸᠸ ᠫᠦ᠋᠂ ᠵᠢᠩ ᠡᠯ ᠭᠸᠦ ᠂ ᠸᠠᠨ ᠵᠢᠶᠠ ᠭᠧᠤ ᠂ ᠳᠧ ᠱᠧᠩ ᠭᠧᠤ ᠂ ᠯᠢ ᠴᠢᠭᠣᠣ ᠂ ᠡᠯ ᠰᠧ ᠳ᠋ᠤᠤ ᠸᠠ ᠵᠢᠴᠢ ᠮᠠ ᠴᠠᠩ ᠯᠢᠶᠠᠩ ᠂ ᠲᠡᠮᠡᠭᠡᠨ ᠳᠠᠯᠠᠪᠠᠢ ᠨᠢ ᠴᠥᠮ ᠲᠠᠯᠠᠨ ᠬᠠᠷ᠎ᠠ ᠶ᠋ᠢᠨ ᠶᠠᠫᠣᠨ  ᠢ ᠡᠰᠡᠷᠭᠦᠴᠡᠬᠦ ᠰᠠᠭᠤᠷᠢᠨ ᠭᠠᠵᠠᠷ ᠤᠨ ᠭᠣᠣᠯ ᠣᠷᠣᠨ ᠪᠣᠯᠪᠠ ᠃ ᠨᠠᠶᠮᠠᠳᠤᠭᠠᠷ ᠵᠠᠮ ᠤᠨ ᠴᠡᠷᠢᠭ ᠳᠠᠯᠠᠨ ᠬᠠᠷ᠎ᠠ ᠠᠭᠤᠯᠠ ᠳ᠋ᠦ ᠢᠷᠡᠭᠰᠡᠨ ᠡᠴᠡ ᠰᠡᠭᠦᠯᠡᠷ᠂ ᠰᠠᠯᠪᠤᠷᠢ ᠠᠩᠬᠢ ᠶ᠋ᠢᠨ ᠵᠠᠬᠢᠷᠭᠠᠨ ᠤ ᠲᠥᠪ ᠨᠢ ᠵᠢᠩ ᠡᠯ ᠭᠸᠦ ᠳ᠋ᠦ ᠰᠠᠭᠤᠷᠢᠰᠢᠵᠤ᠂ ᠡᠯ᠎ᠡ ᠭᠠᠵᠠᠷ ᠤᠨ ᠲᠠᠷᠠᠬᠠᠶ ᠪᠤᠲᠠᠷᠬᠠᠶ ᠪᠠᠶᠢᠯᠳᠤᠭᠠᠨ ᠢ ᠵᠢᠯᠤᠭᠤᠳᠴᠤ ᠪᠠᠶᠢᠪᠠ᠂ ᠪᠠᠶᠢᠯᠳᠤᠭᠴᠢ ᠶ᠋ᠢ ᠦᠷᠭᠦᠯᠵᠢ ᠡᠨᠳᠡ ᠠᠮᠠᠷᠠᠵᠤ ᠂ ᠵᠢᠩ ᠡᠯ ᠭᠸᠦ ᠤ ᠯᠠᠨ ᠲᠦᠮᠡᠨ ᠬᠢᠭᠡᠳ ᠨᠠᠶᠮᠠᠳᠤᠭᠠᠷ ᠵᠠᠮ ᠤᠨ ᠴᠡᠷᠢᠭ ᠵᠣᠪᠠᠭᠤᠷᠢ ᠵᠦᠳᠡᠭᠦᠷᠢ ᠠᠮᠰᠠᠵᠤ ᠪᠠᠶᠢᠭᠠᠳ ᠡᠪ ᠬᠠᠮᠲᠤ ᠬᠤᠪᠢᠶᠠᠵᠤ ᠢᠳᠡᠵᠦ ᠬᠤᠭᠤᠯᠵᠤ ᠮᠥᠯᠵᠢᠬᠦ ᠂ ᠨᠤᠢᠭᠡᠠ ᠭᠡᠷ ᠲᠦ ᠰᠤᠷᠭᠠᠭᠤᠯᠢ ᠲᠠᠶ ᠪᠣᠯᠵᠤ ᠂ ᠶᠠᠩ ᡁᠢ ᠯᠢᠨ ᠤᠯᠠᠨ ᠲᠦᠮᠡᠨ  ᠤ ᠰᠠᠭᠤᠵᠤ ᠪᠠᠶᠢᠭᠰᠠᠨ ᠭᠡᠷ ᠲᠦ ᠰᠠᠭᠤᠵᠤ ᠂ ᠶᠣᠣ ᠵᠧ ᠶᠢᠨ ᠴᠠᠬᠢᠯᠭᠠᠨ ᠮᠡᠳᠡᠭᠡ ᠬᠣᠭᠣᠯᠠᠶ ᠭᠧᠤ ᠽᠢ ᠰᠠᠭᠤᠵᠤ ᠂ 1940 ᠣᠨ  ᠤ ᠬᠠᠪᠤᠷ ᠂ ᠳᠠᠯᠠᠨ ᠬᠠᠷ᠎ᠠ ᠠᠭᠤᠯᠠ ᠶ᠋ᠢᠨ ᠨᠠᠮ ᠵᠠᠰᠠᠭ ᠤᠨ ᠪᠠᠶᠢᠭᠤᠯᠭ᠎ᠠ ᠪᠣᠯᠤᠨ ᠰᠠᠯᠪᠤᠷᠢ ᠠᠩᠬᠢ ᠶ᠋ᠢᠨ ᠰᠧᠯᠢᠩᠪᠦ᠋ ᠵᠢᠩ ᠡᠯ ᠭᠸᠦ  ᠳ᠋ᠦ ᠨᠡᠭᠦᠪᠡ᠃ ᠵᠠᠬᠢᠷᠭᠠᠨ  ᠤ ᠰᠸᠯᠢᠩᠪᠦ ᠨᠢ ᠳ᠋ᠸᠱᠧᠩ ᠭᠧᠤ ᠳ᠋ᠦ ᠪᠠᠶᠢᠭᠰᠠᠨ ᠬᠤᠭᠤᠴᠠᠭᠠᠨ  ᠳ᠋ᠤ᠂ ᠰᠢᠶᠠᠨ  ᠤ ᠬᠤᠲᠠ ᠪᠠ ᠪᠠᠷᠠᠭᠤᠨ ᠤᠯᠠᠭᠠᠨ ᠪᠤᠯᠠᠭ ᠶᠠᠫᠣᠨ ᠬᠠᠭᠤᠷᠮᠠᠭ ᠴᠡᠷᠢᠭ ᠂ 800 ᠭᠠᠷᠤᠶ ᠬᠥᠮᠦᠨ ᠳᠠᠭᠠᠷᠢᠯᠲᠠ ᠬᠢᠭᠰᠡᠨ ᠳ᠋ᠤ᠂ ᠰᠧᠯᠢᠩᠪᠦ᠋ ᠶ᠋ᠢᠨ ᠤᠷᠢᠳᠴᠢᠯᠠᠨ ᠮᠡᠳᠡᠭᠰᠡᠨ ᠮᠡᠳᠡᠭᠡ ᠣᠯᠵᠤ ᠪᠦᠭᠭᠦᠭᠦᠯ ᠲᠠᠯᠪᠢᠪᠠ ᠃ ᠰᠢᠷᠦᠭᠦᠨ ᠪᠠᠶᠢᠯᠳᠤᠭᠰᠠᠨ ᠤ ᠳᠠᠷᠠᠭ᠎ᠠ ᠂ ᠶᠠᠫᠣᠨ ᠴᠡᠷᠢᠭ ᠪᠠ ᠬᠠᠭᠤᠷᠮᠠᠭ ᠴᠡᠷᠢᠭ ᠢ ᠶᠡᠬᠡ ᠪᠡᠷ ᠠᠯᠠᠵᠤ ᠰᠢᠷᠬᠠᠲᠤᠭᠤᠯᠪᠠ ᠂ ᠰᠧᠯᠢᠩᠪᠦ᠋ ᠠᠭᠤᠯᠠ ᠰᠢᠭᠤᠢ ᠳ᠋ᠤ ᠲᠥᠰᠢᠭᠯᠡᠵᠦ ᠠᠮᠤᠷ ᠲᠥᠪᠰᠢᠨ ᠢᠶ᠋ᠡᠷ ᠤᠬᠤᠷᠢᠪᠠ᠃
    ᠯᠢ ᠴᠢ ᠭᠸᠦ ᠶ᠋ᠢᠨ ᠲᠡᠮᠡᠭᠡᠨ ᠳᠠᠯᠠᠪᠠᠢ ᠨᠢ ᠰᠠᠯᠪᠤᠷᠢ ᠠᠩᠬᠢ ᠶ᠋ᠢᠨ 3 ᠳ᠋ᠤᠭᠠᠷ ᠬᠣᠷᠢᠶᠠᠨ ᠤ ᠠᠷᠤ ᠲᠠᠯ᠎ᠠ ᠶ᠋ᠢᠨ ᠪᠠᠶᠢᠭᠤᠯᠭ᠎ᠠ ᠶ᠋ᠢᠨ ᠰᠠᠭᠤᠭ᠎ᠠ ᠭᠠᠵᠠᠷ ᠪᠣᠯᠤᠨ᠎ᠠ ᠃ ᠭᠠᠯ ᠬᠠᠩᠭᠠᠯᠭ᠎ᠠ ᠶ᠋ᠢᠨ ᠭᠠᠵᠠᠷ ᠂ ᠵᠡᠪᠰᠡᠭ ᠵᠠᠰᠠᠬᠤ ᠭᠠᠵᠠᠷ ᠂ ᠬᠤᠪᠴᠠᠰᠤᠨ  ᠤ ᠦᠢᠯᠡᠳᠪᠦᠷᠢ ᠪᠠ ᠡᠮᠨᠡᠯᠭᠡ  ᠶ᠋ᠢᠨ ᠭᠠᠵᠠᠷ ᠵᠡᠷᠭᠡ ᠪᠠᠶᠢᠳᠠᠭ ᠂ ᠨᠠᠶᠮᠠᠨ ᠵᠢᠯ ᠦᠨ ᠶᠠᠫᠣᠨ  ᠢ ᠡᠰᠡᠷᠭᠦᠴᠡᠬᠦ ᠲᠠᠢᠢᠨ ᠤ ᠳᠤᠮᠳᠠ ᠂ ᠨᠠᠶᠮᠠᠳᠤᠭᠠᠷ ᠵᠠᠮ ᠤᠨ ᠴᠡᠷᠢᠭ ᠦᠨ 3 ᠳ᠋ᠤᠭᠠᠷ ᠬᠣᠷᠢᠶᠠᠨ  ᠤ ᠠᠷᠤ ᠲᠠᠯ᠎ᠠ ᠶ᠋ᠢᠨ ᠰᠠᠭᠤᠷᠢᠨ ᠭᠠᠵᠠᠷ ᠶᠡᠷᠦ ᠨᠢ ᠲᠡᠮᠡᠭᠡᠨ ᠲᠠᠯᠠᠪᠠᠢ ᠳ᠋ᠤ ᠪᠠᠶᠢᠵᠤ ᠂ ᠡᠴᠦᠰ ᠦᠨ ᠢᠯᠠᠯᠲᠠ ᠶ᠋ᠢ ᠣᠯᠳᠠᠯ᠎ᠠ ᠪᠠᠶᠢᠪᠠ᠃
    ᠲᠠᠯᠠᠨ ᠬᠠᠷ᠎ᠠ  ᠶ᠋ᠢᠨ ᠶᠠᠫᠣᠨ  ᠢ ᠡᠰᠡᠷᠭᠦᠴᠡᠬᠦ ᠰᠠᠭᠤᠷᠢᠨ ᠭᠠᠵᠠᠷ ᠤᠨ ᠨᠠᠮ ᠵᠠᠰᠠᠭ ᠤᠨ ᠪᠠᠶᠢᠭᠤᠯᠤᠯᠲᠠ ᠪᠣᠯ 1938 ᠣᠨ  ᠤ 12 ᠰᠠᠷ᠎ᠠ  ᠳ᠋ᠤ ᠂ ᠦᠴᠦᠸᠠᠨ ᠰᠢᠶᠠᠨ ᠪᠠ ᠣᠷᠤᠨ ᠨᠤᠲᠤᠭ ᠤᠨ ᠳᠠᠶᠢᠴᠢᠯᠠᠯᠲᠠ ᠶ᠋ᠢᠨ ᠵᠥᠪᠯᠡᠯ ᠨᠢ ᠰᠢᠯ ᠬᠠᠳᠠ ᠭᠠᠴᠠᠭ᠎ᠠ ᠳ᠋ᠦ ᠪᠠᠶᠢᠭᠤᠯᠤᠭᠳᠠᠵᠤ ᠂ ᠸᠠᠩ ᠵᠢᠩ ᠲᠠᠩ ᠡᠷᠬᠢᠯᠡᠭᠴᠢ ᠂ ᠯᠢ ᠴᠢ ᠳᠡᠳ᠋ ᠡᠷᠬᠢᠯᠡᠭᠴᠢ ᠂ ᠬᠤᠤ ᠰᠢᠸ ᠱᠠᠨ ᠬᠤᠪᠢᠶᠠᠷᠢᠯᠠᠬᠤ ᠭᠠᠵᠠᠷ ᠤᠨ ᠬᠡᠯᠲᠡᠰ ᠦᠨ ᠬᠡᠯᠲᠡᠰ ᠦᠨ ᠳᠠᠷᠤᠭ᠎ᠠ᠂ ᠶᠠᠫᠤᠨ ᠢ ᠡᠰᠡᠷᠭᠦᠴᠡᠨ ᠤᠯᠤᠰ ᠢᠶᠡᠨ ᠠᠪᠤᠷᠠᠬᠤ ᠬᠤᠷᠠᠯ ᠨᠢ ᠳᠠᠶᠢᠴᠢᠯᠠᠯᠲᠠ ᠶ᠋ᠢᠨ ᠺᠣᠮᠢᠰ ᠤᠨ ᠰᠠᠶᠢᠨ ᠢᠶᠠᠷ ᠰᠢᠯᠵᠢᠯᠲᠡ ᠬᠢᠵᠦ ᠴᠢᠳᠠᠬᠤ ᠪᠣᠯᠤᠨ᠎ᠠ ᠂ ᠲᠠᠷᠢᠶᠠᠴᠢᠨ  ᠤ ᠡᠪᠯᠡᠯ ᠂ ᠡᠮᠡᠭᠲᠡᠶᠢᠴᠦᠳ ᠦᠨ ᠵᠥᠪᠯᠡᠯ ᠵᠡᠷᠭᠡ ᠂ ᠬᠣᠵᠢᠮ ᠨᠢ ᠲᠡᠮᠡᠴᠡᠯ ᠦᠨ ᠱᠠᠭᠠᠷᠳᠠᠯᠭ᠎ᠠ ᠶ᠋ᠢ ᠦᠨᠳᠦᠰᠦᠯᠡᠵᠦ ᠂ ᠶᠠᠫᠤᠨ ᠢ ᠡᠰᠡᠷᠭᠦᠴᠡᠬᠦ ᠠᠷᠠᠳᠴᠢᠯᠠᠭᠰᠠᠨ ᠵᠠᠰᠠᠭ ᠤᠨ ᠳᠠᠶᠢᠴᠢᠯᠠᠯᠲᠠ ᠶ᠋ᠢᠨ ᠺᠣᠮᠢᠰ ᠤᠨ ᠰᠠᠶᠢᠨ ᠢᠶᠠᠷ ᠰᠢᠯᠵᠢᠯᠲᠡ ᠬᠢᠵᠦ ᠴᠢᠳᠠᠬᠤ ᠪᠣᠯᠤᠨ᠎ᠠ ᠃ ᠡᠪ ᠬᠠᠮᠲᠤ ᠨᠠᠮ ᠤᠨ ᠰᠦᠢᠶᠤᠸᠠᠨ ᠮᠣᠵᠢ ᠶ᠋ᠢᠨ ᠨᠠᠮ ᠤᠨ ᠬᠣᠷᠢᠶ᠎ᠠ ᠶ᠋ᠢ ᠪᠠᠶᠢᠭᠤᠯᠵᠤ ᠂ ᠪᠣᠷᠤᠲᠣᠬᠤᠢ ᠶ᠋ᠢᠨ ᠨᠠᠮ ᠤᠨ ᠠᠵᠢᠯᠯᠠᠭ᠎ᠠ ᠶ᠋ᠢ ᠪᠣᠷᠤ ᠲᠣᠬᠤᠢ ᠂ ᠰᠦᠢᠵᠦ᠋ᠩ ᠂ ᠭᠦᠢᠲ᠋ᠣᠣ᠂ ᠰᠦᠢᠳᠦᠩ ᠳᠦᠷᠪᠡᠨ ᠲᠣᠭᠣᠷᠢᠭ ᠬᠤᠪᠢᠶᠠᠨ ᠢᠳᠡᠪᠬᠢᠲᠡᠶ ᠪᠡᠷ ᠨᠠᠮ ᠤᠨ ᠭᠡᠰᠢᠭᠦᠨ ᠡᠯᠰᠡᠬᠦ ᠬᠡᠷᠡᠭᠲᠡᠶ ᠃ 1942 ᠣᠨ ᠤ ᠬᠠᠪᠤᠷ ᠂ ᠡᠮᠦᠨᠡᠲᠦ ᠤᠯᠠᠭᠠᠨ ᠪᠣᠭᠯᠠᠭ ᠤᠨ ᠨᠠᠮ ᠤᠨ ᠡᠭᠦᠷ ᠢ ᠪᠠᠶᠢᠭᠤᠯᠵᠤ ᠂ ᠦᠴᠤᠸᠠᠨ ᠰᠢᠶᠠᠨ  ᠤ ᠠᠩᠬᠠᠳᠠᠭᠴᠢ ᠦᠨᠳᠦᠰᠦᠨ ᠱᠠᠲᠤᠨ  ᠤ ᠨᠠᠮ ᠤᠨ ᠡᠭᠦᠷ  ᠪᠣᠯᠤᠨ᠎ᠠ ᠃ ᠶᠠᠫᠤᠨ ᠢ ᠡᠰᠡᠷᠭᠦᠴᠡᠬᠦ ᠳᠠᠢᠢᠨ  ᠤ ᠬᠤᠭᠤᠴᠠᠭᠠᠨ  ᠳ᠋ᠤ ᠂ ᠳᠠᠯᠠᠨ ᠬᠠᠷ᠎ᠠ ᠠᠭᠤᠯᠠ ᠶ᠋ᠢᠨ ᠰᠠᠯᠪᠤᠷᠢ ᠴᠡᠷᠢᠭ ᠠᠩᠬᠢ ᠦᠴᠤᠸᠠᠨ ᠳ᠋ᠦ ᠤᠯᠠᠨ ᠤᠳᠠᠭ᠎ᠠ ᠨᠠᠮ ᠤᠨ ᠲᠥᠯᠦᠭᠡᠯᠡᠭᠴᠢᠳ ᠦᠨ ᠬᠤᠷᠠᠯ ᠢ ᠬᠤᠷᠠᠯᠳᠤᠭᠤᠯᠵᠤ ᠂ ᠠᠵᠢᠯ ᠢᠶᠡᠨ ᠳ᠋ᠦᠩᠨᠡᠬᠦ ᠵᠠᠳᠠᠯᠤᠯᠲᠠ ᠳᠠᠶᠢᠰᠤᠨ ᠢ ᠡᠰᠡᠷᠭᠦᠴᠡᠬᠦ ᠲᠡᠮᠡᠴᠡᠯ ᠦᠨ ᠪᠠᠶᠢᠳᠠᠯ ᠢ ᠶᠠᠷᠢᠯᠴᠠᠵᠤ ᠂ ᠬᠣᠶᠢᠰᠢᠳᠠ ᠶ᠋ᠢᠨ ᠲᠡᠮᠡᠴᠡᠯ ᠦᠨ ᠴᠢᠭᠯᠡᠯᠲᠡ ᠪᠠ ᠡᠭᠦᠷᠭᠡ ᠶ᠋ᠢ ᠵᠢᠭᠠᠵᠤ ᠭᠠᠷᠭᠠᠪᠠ᠃
    ᠳᠠᠯᠠᠨ ᠬᠠᠷ᠎ᠠ ᠠᠭᠤᠯᠠ ᠶ᠋ᠢᠨ ᠰᠠᠭᠤᠷᠢᠨ ᠭᠠᠵᠠᠷ  ᠢ ᠡᠭᠦᠳᠦᠨ ᠪᠠᠶᠢᠭᠤᠯᠬᠤ ᠂ ᠶᠠᠫᠤᠨ ᠢ ᠡᠰᠡᠷᠭᠦᠴᠡᠬᠦ ᠫᠠᠷᠲ᠋ᠢᠽᠠᠨ ᠳᠠᠢᠢᠨ  ᠤ ᠶᠠᠪᠤᠴᠠ  ᠳ᠋ᠤ᠂ ᠦᠴᠤᠸᠠᠨ ᠤ ᠦᠨᠳᠦᠰᠦᠲᠡᠨ ᠨᠤᠭᠦᠳ ᠤᠨ ᠠᠷᠠᠳ ᠲᠦᠮᠡᠨ ᠲᠡᠶ ᠪᠦᠯᠬᠦᠮᠳᠡᠵᠦ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠶᠠᠫᠤᠨ ᠢ ᠡᠰᠡᠷᠭᠦᠴᠡᠬᠦ ᠲᠤᠭ ᠤᠨ ᠳᠣᠣᠷ᠎ᠠ ᠂ ᠴᠡᠷᠢᠭ ᠳᠠᠢᠢᠨ ᠳ᠋ᠤ ᠣᠷᠣᠯᠴᠠᠬᠤ ᠂ ᠬᠡᠦᠬᠡᠳ ᠢᠶ᠋ᠡᠨ ᠬᠠᠶᠢᠷᠠᠯᠠᠬᠤ ᠡᠬᠡ ᠶ᠋ᠢᠨ ᠰᠡᠳᠬᠢᠯ ᠂ ᠴᠡᠷᠢᠭ ᠢᠶ᠋ᠡᠨ ᠬᠦᠷᠢᠶᠡᠯᠡᠬᠦ ᠶᠠᠭᠠᠷᠠᠨ ᠵᠠᠰᠠᠭ ᠂ ᠵᠢᠶᠤᠤ ᠱᠢ ᠱᠸᠤ ᠮᠥᠷᠥ ᠵᠣᠪᠠᠯᠠᠩ ᠤᠯᠤᠰ  ᠢᠶ᠋ᠡᠨ ᠠᠪᠤᠷᠠᠬᠤ ᠲᠤᠰᠢᠶᠠᠯ ᠂ ᠮᠡᠳᠡᠭᠡ ᠰᠡᠯᠲᠡ ᠳᠠᠮᠵᠢᠭᠤᠯᠬᠤ ᠂ ᠰᠢᠷᠬᠠᠲᠠᠨ ᠳᠠᠮᠨᠠᠬᠤ ᠂ ᠬᠠᠮᠠᠭᠠᠯᠠᠬᠤ ᠂ ᠰᠢᠷᠬᠠᠲᠤᠭᠰᠠᠳ  ᠢ ᠴᠢᠮᠡᠭᠡ ᠶ᠋ᠢ ᠳᠤᠭᠤᠯᠤᠮᠠᠭᠴᠠ ᠨᠦᠬᠡᠨ ᠭᠡᠷ ᠮᠠᠯᠲᠠᠬᠤ ᠂ ᠴᠡᠷᠢᠭ ᠦᠨ ᠱᠠᠬᠠᠶ ᠬᠢᠬᠦ ᠁ ᠴᠡᠷᠢᠭ ᠠᠷᠠᠳ ᠨᠢᠭᠡ ᠭᠡᠷ  ᠂ ᠡᠨᠡ ᠬᠦ ᠬᠤᠭᠤᠴᠠᠭᠠᠨ ᠳ᠋ᠤ ᠮᠠᠰᠢ ᠣᠯᠠᠨ ᠬᠥᠮᠦᠨ ᠦ ᠰᠡᠳᠬᠢᠯ ᠢ ᠳᠣᠭᠳᠤᠯᠠᠭᠤᠯᠤᠭᠰᠠᠨ ᠤᠴᠢᠷ ᠭᠠᠷᠴᠠᠢ ᠃ ᠡᠮᠦᠨ᠎ᠡ ᠹᠷᠣᠨᠲ᠋  ᠶ᠋ᠢ ᠲᠤᠰᠠᠯᠠᠬᠤ ᠦᠶ᠎ᠡ ᠶ᠋ᠢᠨ ᠡᠮᠡᠭᠲᠡᠶᠢᠴᠦᠳ ᠦᠨ ᠡᠮᠡᠭᠲᠡᠶ ᠴᠡᠷᠢᠭ ᠦᠨ ᠪᠠᠶᠢᠯᠳᠤᠭᠴᠢᠳ ᠢᠳᠡᠵᠦ ᠡᠮᠦᠰᠬᠦ ᠶ᠋ᠢ ᠬᠦᠷᠭᠡᠵᠦ᠂ ᠮᠡᠳᠡᠭᠳᠡᠭᠰᠡᠨ ᠤ ᠲᠡᠷᠡᠭ᠎ᠠ ᠡᠷᠡᠭᠦᠳᠡᠨ ᠲᠠᠮᠤᠯᠠᠵᠤ ᠂ ᠲᠡᠭᠦᠨ ᠡᠴᠡ ᠨᠠᠶᠮᠠᠳᠤᠭᠠᠷ ᠵᠠᠮ ᠤᠨ ᠴᠡᠷᠢᠭ ᠦᠨ ᠰᠠᠭᠤᠷᠢᠨ ᠭᠠᠵᠠᠷ ᠂ ᠴᠡᠷᠢᠭ ᠦᠨ ᠬᠡᠷᠡᠭᠰᠡᠯ ᠦᠨ ᠬᠥᠮᠥᠷᠭᠡ ᠨᠢ ᠬᠠᠮᠢᠭ᠎ᠠ ᠪᠠᠶᠢᠬᠤ ᠶ᠋ᠢ ᠠᠰᠠᠭᠤᠬᠤ ᠳ᠋ᠤ ᠲᠡᠷᠡ ᠶᠡᠷᠦ ᠨᠢ ᠬᠡᠯᠡᠭᠰᠡᠨ ᠦᠭᠡᠶ ᠂ ᠪᠠᠰᠠ ᠴᠠᠭᠠᠨ ᠰᠥᠨᠢ ᠲᠡᠭᠡᠷᠮ᠎ᠡ ᠬᠦᠷᠭᠡᠵᠦ ᠂ 《 ᠨᠠᠢᠮᠠᠳᠤᠭᠠᠷ ᠵᠠᠮ ᠤᠨ ᠴᠡᠷᠢᠭ ᠬᠤᠳᠠᠯᠳᠤᠨ ᠠᠪᠬᠤ 》 ᠵᠠᠩ ᠷᠦᠨ ᠰᠢ ᠂ ᠵᠠᠩ ᠡᠯ ᠠᠮᠢ ᠪᠡᠶ᠎ᠡ ᠪᠡᠨ ᠬᠠᠶᠢᠬᠤᠷᠤᠯ ᠦᠭᠡᠢ ᠰᠠᠳᠤᠨ ᠢᠶᠡᠨ ᠠᠪᠤᠷᠠᠭᠰᠠᠨ ᠂ ᠬᠠᠨ ᠰᠠᠨ ᠮᠠᠤ ᠶ᠋ᠢᠨ ᠦᠬᠦᠬᠦ ᠪᠡᠷ ᠰᠢᠢᠳᠴᠦ ᠡᠳ᠋ ᠪᠣᠳᠠᠰ ᠢᠶᠡᠨ ᠬᠠᠮᠠᠭᠠᠯᠠᠭᠰᠠᠨ ᠂ ᠭᠠᠵᠠᠷ ᠳᠣᠣᠷᠠᠬᠢ ᠬᠤᠪᠴᠠᠰᠤᠨ ᠤ ᠦᠢᠯᠡᠳᠪᠦᠷᠢ ᠵᠡᠷᠭᠡ ᠶᠠᠫᠤᠨ ᠢ ᠡᠰᠡᠷᠭᠦᠴᠡᠭᠰᠡᠨ ᠬᠡᠷᠡᠭ ᠶᠠᠪᠤᠳᠠᠯ ᠪᠠᠶᠢᠨ᠎ᠠ ᠃
    ᠲᠠᠯᠠᠨ ᠬᠠᠷ᠎ᠠ ᠶ᠋ᠢᠨ ᠶᠠᠫᠤᠨ ᠢ ᠡᠰᠡᠷᠭᠦᠴᠡᠬᠦ ᠭᠣᠣᠯ ᠪᠠᠶᠢᠯᠳᠤᠭᠠᠨ ᠄ ᠤᠯᠠᠭᠠᠨᠬᠤᠸᠠ ᠶ᠋ᠢ ᠪᠠᠶᠢᠯᠳᠤᠨ ᠠᠪᠴᠤ ᠂ ᠡᠦ ᠭᠦᠩ ᠪᠠ ᠶ᠋ᠢᠨ ᠪᠦᠭᠭᠦᠨ ᠴᠣᠬᠢᠬᠤ ᠪᠠᠶᠢᠯᠳᠤᠭᠠᠨ ᠂ ᠬᠤᠤ ᠣᠷᠣᠨ ᠤ ᠵᠠᠰᠠᠭ ᠤᠨ ᠵᠠᠰᠠᠭ ᠤᠨ ᠣᠷᠳᠤᠨ ᠤ ᠡᠰᠡᠷᠭᠦ ᠳᠠᠭᠠᠷᠢᠯᠲᠠ ᠶ᠋ᠢᠨ ᠪᠠᠶᠢᠯᠳᠤᠭᠠᠨ ᠂ ᠳ᠋ᠸ ᠱᠸᠩ ᠭᠸᠦ  ᠶ᠋ᠢᠨ ᠠᠮᠤ ᠪᠤᠳᠠᠭ᠎ᠠ ᠶ᠋ᠢ ᠬᠠᠮᠠᠭᠠᠯᠠᠬᠤ ᠪᠠᠶᠢᠯᠳᠤᠭᠠᠨ᠂ ᠡᠯ ᠹᠸᠨ ᠽᠢ ᠶ᠋ᠢᠨ ᠪᠠᠶᠢᠯᠳᠤᠭᠠᠨ ᠂ ᠱᠢ ᠡᠯ ᠳ᠋ᠸᠩ ᠦᠨ ᠪᠥᠭᠬᠦᠬᠦ ᠪᠠᠶᠢᠯᠳᠤᠭᠠᠨ ᠂ ᠵᠢᠶ ᠱᠧᠩ ᠺᠦᠢ ᠶ᠋ᠢᠨ ᠪᠠᠶᠢᠯᠳᠤᠭᠠᠨ ᠂ ᠱᠠᠩ ᠮᠢᠶᠣᠣ ᠭᠸᠦ ᠶ᠋ᠢᠨ ᠪᠠᠶᠢᠯᠳᠤᠭᠠᠨ ᠂ ᠭᠦ᠋ ᠱᠢ ᠪᠠ ᠶ᠋ᠢᠨ ᠪᠠᠶᠢᠯᠳᠤᠭᠠᠨ ᠵᠡᠷᠭᠡ ᠪᠠᠶᠢᠨ᠎ᠠ ᠃ ᠶᠠᠫᠤᠨ ᠢ ᠡᠰᠡᠷᠭᠦᠴᠡᠬᠦ ᠬᠠᠷᠠᠰᠠᠯᠲᠤ ᠬᠡᠷᠡᠭ ᠲᠦ ᠄ ᠰᠢ ᠱᠦᠢ ᠭᠧᠤ ᠶ᠋ᠢᠨ ᠬᠠᠷᠠᠰᠠᠯᠲᠤ ᠬᠡᠷᠡᠭ ᠂ ᠵᠢᠩ ᠡᠯ ᠭᠧᠤ ᠵᠢᠨ ᠬᠠᠷᠠᠰᠠᠯᠳ᠋ᠦ ᠬᠡᠷᠡᠭ ᠂ ᠴᠠᠭᠠᠨ ᠲᠤᠭ ᠤᠨ ᠬᠠᠷᠠᠰᠠᠯᠳᠤ ᠬᠡᠷᠡᠭ ᠂ ᠬᠠ ᠶᠠᠨ ᠬᠤ ᠳ᠋ᠦᠩ ᠦᠨ ᠬᠠᠷᠠᠰᠠᠯᠳᠤ ᠬᠡᠷᠡᠭ ᠵᠡᠷᠭᠡ ᠪᠠᠶᠢᠨ᠎ᠠ ᠃ ᠲᠠᠯᠠᠨ ᠬᠠᠷ᠎ᠠ ᠶ᠋ᠢᠨ ᠶᠠᠫᠤᠨ ᠢ ᠡᠰᠡᠷᠭᠦᠴᠡᠬᠦ ᠰᠠᠭᠤᠷᠢᠨ ᠭᠠᠵᠠᠷ ᠲᠤ ᠤᠳᠤ ᠪᠠᠶᠢᠭ᠎ᠠ ᠵᠠᠬᠢᠷᠭᠠᠨ  ᠤ ᠭᠠᠵᠠᠷ ᠂ ᠡᠮᠨᠡᠯᠭᠡ ᠶ᠋ᠢᠨ ᠠᠩᠭᠢ ᠂ ᠵᠢᠭᠠᠨ ᠵᠢᠯᠣᠭᠣᠳᠬᠤ ᠠᠩᠭᠢ ᠂ ᠷᠠᠳᠢᠣ᠋ ᠬᠣᠷᠢᠶ᠎ᠠ ᠵᠡᠷᠭᠡ ᠬᠠᠭᠤᠴᠢᠳ ᠪᠠᠶᠢᠨ᠎ᠠ ᠂ ᠯᠢ ᠵᠢᠩ ᠴᠢᠤᠸᠠᠨ ᠂ ᠶᠣᠣ ᠵᠧ  ᠵᠡᠷᠭᠡ ᠤᠳᠤᠷᠢᠳᠬᠤ ᠬᠥᠮᠦᠰ ᠨᠦᠬᠡᠨ ᠭᠡᠷ ᠲᠦ ᠰᠠᠭᠤᠵᠤ ᠥᠩᠭᠡᠷᠡᠭᠰᠡᠨ ᠪᠠ ᠠᠵᠢᠯᠯᠠᠬᠤ  ᠳ᠋ᠦ ᠬᠡᠷᠡᠭᠯᠡᠬᠦ ᠲᠡᠭᠡᠷᠮ᠎ᠡ ᠂ ᠬᠠᠳᠠᠭᠠᠯᠠᠵᠤ ᠪᠠᠶᠢᠭ᠎ᠠ ᠨᠠᠶᠮᠠᠳᠤᠭᠠᠷ ᠵᠠᠮ ᠤᠨ ᠴᠡᠷᠢᠭ ᠦᠨ ᠪᠠᠶᠢᠯᠳᠤᠭᠠᠨ  ᠳ᠋ᠦ ᠬᠡᠷᠡᠭᠯᠡᠵᠦ ᠥᠩᠭᠡᠷᠡᠭᠰᠡᠨ ᠷᠠᠳᠢᠣ᠋ ᠂ ᠰᠡᠯᠡᠮ᠎ᠡ ᠂ ᠭᠠᠷᠨᠠᠲᠠ᠂ ᠬᠣᠪᠣᠩ ᠂ ᠠᠮᠤ ᠪᠤᠳᠠᠭᠠᠨ  ᠤ ᠤᠭᠤᠲᠠ ᠂ ᠬᠡᠲᠡᠪᠴᠢ ᠵᠡᠷᠭᠡ ᠬᠣᠪᠣᠷ ᠨᠠᠨᠳᠢᠨ ᠲᠡᠦᠬᠡ ᠶ᠋ᠢᠨ ᠳᠤᠷᠠᠰᠬᠠᠯᠲᠤ ᠵᠦᠢᠯ ᠂ ᠯᠢ ᠴᠢ ᠭᠸᠦ ᠂ ᠬᠤᠤ ᠰᠢᠸ ᠱᠠᠨ ᠵᠡᠷᠭᠡ ᠠᠬᠠᠮᠠᠳ ᠨᠢᠭᠡ ᠦᠶ᠎ᠡ ᠶ᠋ᠢᠨ ᠤᠳᠤᠷᠢᠳᠬᠤ ᠬᠥᠮᠦᠰ ᠦᠨ ᠪᠠᠶᠢᠭᠤᠯᠤᠭᠰᠠᠨ 《 ᠬᠤᠤ ᠨᠤᠲᠤᠭ ᠤᠨ ᠵᠠᠰᠠᠭ ᠤᠨ ᠣᠷᠳᠣᠨ》ᠤᠬ ᠭᠠᠵᠠᠷ ᠲᠤᠨᠢ ᠶᠡᠬᠡ ᠬᠡᠮᠵᠢᠶᠡᠨ ᠤ ᠬᠤᠪᠢᠰᠬᠠᠯ ᠤᠨ ᠲᠡᠦᠬᠡ ᠶ᠋ᠢᠨ ᠲᠤᠷᠰᠬᠠᠯᠳᠥ ᠵᠦᠢᠯ ᠢ ᠬᠠᠳᠠᠭᠠᠯᠠᠵᠤ ᠪᠠᠶᠢᠨ᠎ᠠ ᠃ ᠰᠠᠭᠤᠷᠢᠨ ᠭᠠᠵᠠᠷ ᠲᠤ ᠯᠢ ᠵᠢᠩ ᠴᠢᠤᠸᠠᠨ ᠂ ᠶᠣᠣ ᠵᠧ ᠂ ᠶᠠᠩ ᡁᠢ ᠯᠢᠨ ᠵᠡᠷᠭᠡ ᠦᠯᠡᠮᠵᠢ ᠤᠯᠠᠨ ᠬᠤᠪᠢᠰᠬᠠᠯᠲᠤ ᠠᠬᠠᠮᠠᠳ ᠨᠢᠭᠡ ᠦᠶ᠎ᠡ ᠶ᠋ᠢᠨ ᠬᠢᠨ ᠤ ᠬᠥᠬᠡᠮᠳᠦᠭ ᠶᠡᠬᠡ ᠠᠭᠤᠯᠠ ᠤᠰᠤᠨ ᠳ᠋ᠤ ᠤᠯᠠ ᠮᠥᠷ ᠢᠶ᠋ᠡᠨ ᠦᠯᠡᠳᠡᠭᠡᠵᠦ ᠂ ᠲᠠᠯᠠᠨ ᠬᠠᠷ᠎ᠠ ᠶ᠋ᠢᠨ ᠶᠠᠫᠣᠨ  ᠢ ᠡᠰᠡᠷᠭᠦᠴᠡᠬᠦ ᠴᠡᠷᠢᠭ ᠠᠷᠠᠳ ᠤᠨ ᠡᠷᠡᠯᠬᠡᠭ ᠪᠠᠭᠠᠲᠤᠷᠯᠢᠭ  ᠢᠶᠠᠷ ᠳᠠᠶᠢᠰᠤᠨ ᠢ ᠡᠰᠡᠷᠭᠦᠴᠡᠭᠰᠡᠨ ᠪᠠᠭᠠᠲᠤᠷᠯᠢᠭ ᠦᠢᠯᠡ ᠠᠵᠢᠯᠯᠠᠭ᠎ᠠ ᠦᠯᠡᠳᠡᠭᠰᠡᠨ ᠶᠤᠮ᠃
    ᠲᠠᠯᠠᠨ ᠬᠠᠷ᠎ᠠ ᠶ᠋ᠢᠨ ᠶᠠᠫᠣᠨ  ᠢ ᠡᠰᠡᠷᠭᠦᠴᠡᠬᠦ ᠫᠠᠷᠲ᠋ᠢᠽᠠᠨ ᠰᠠᠭᠤᠷᠢᠨ ᠭᠠᠵᠠᠷ ᠢ ᠡᠭᠦᠰᠭᠡᠨ ᠪᠠᠶᠢᠭᠤᠯᠤᠭᠰᠠᠨ ᠡᠴᠠ ᠡᠬᠢᠯᠡᠵᠦ ᠂ ᠨᠠᠶᠮᠠᠳᠤᠭᠠᠷ ᠵᠠᠮ ᠤᠨ ᠴᠡᠷᠢᠭ ᠪᠣᠯᠤᠨ ᠮᠣᠩᠭᠣᠯ ᠬᠢᠲᠠᠳ ᠡᠯ᠎ᠡ ᠦᠨᠳᠦᠰᠦᠲᠡᠨ ᠤ ᠠᠷᠠᠳ ᠲᠦᠮᠡᠨ  ᠤ ᠶᠠᠫᠣᠨ  ᠤ ᠡᠵᠡᠷᠬᠡᠭ ᠳᠦ᠋ᠷᠢᠮᠡᠬᠡᠢᠢᠲᠡᠨ ᠲᠠᠢ ᠴᠥᠬᠥᠷᠡᠰᠢ ᠦᠭᠡᠢ ᠦᠬᠦᠵᠦ ᠰᠡᠭᠡᠬᠦ  ᠶ᠋ᠢᠨ ᠲᠡᠡᠮᠴᠡᠯ ᠬᠢᠭᠰᠡᠨ ᠶᠤᠮ ᠃ 1938 ᠣᠨ ᠤ 9 ᠰᠠᠷ᠎ᠠ ᠡᠴᠠ 1942 ᠣᠨ ᠤ 10 ᠰᠠᠷ᠎ᠠ ᠪᠣᠯᠲᠠᠯᠠᠬᠢ ᠳᠥᠷᠪᠡᠨ ᠵᠢᠯ ᠦᠨ ᠬᠤᠭᠤᠴᠠᠭᠠᠨ ᠳ᠋ᠤ 500 ᠭᠠᠷᠤᠶ ᠤᠳᠠᠭᠠᠨ  ᠤ ᠶᠡᠬᠡ ᠪᠠᠭ᠎ᠠ ᠪᠠᠶᠢᠯᠳᠤᠭᠠᠨ ᠢ ᠥᠷᠨᠢᠭᠦᠯᠵᠦ ᠂ ᠳᠤᠮᠳᠠᠴᠢ ᠪᠠᠷ ᠵᠢᠯ ᠪᠦᠷᠢ 100 ᠭᠠᠷᠤᠶ ᠤᠳᠠᠭ᠎ᠠ ᠂ ᠪᠠᠷᠤᠭ ᠯᠠ ᠭᠤᠷᠪᠠ ᠬᠣᠨᠣᠭ ᠪᠣᠯᠬᠤ ᠪᠦᠷᠢ ᠨᠢᠭᠡ ᠤᠳᠠᠭ᠎ᠠ ᠶ᠋ᠢᠨ ᠪᠠᠶᠢᠯᠳᠤᠭᠠᠨ ᠡᠭᠦᠰᠴᠦ ᠪᠠᠶᠢᠵᠠᠢ᠃ ᠳᠥᠷᠪᠡᠨ ᠵᠢᠯ ᠦᠨ ᠬᠤᠭᠤᠴᠠᠭᠠᠨ ᠳ᠋ᠤ ᠂ ᠨᠡᠶᠢᠲᠡ 2000 ᠭᠠᠷᠤᠢ ᠶᠠᠫᠣᠨ ᠴᠡᠷᠢᠭ ᠪᠠ ᠬᠠᠭᠤᠷᠮᠠᠭ ᠴᠡᠷᠢᠭ ᠢ ᠠᠯᠠᠵᠤ ᠰᠢᠷᠬᠠᠳᠠᠭᠤᠯᠵᠤ ᠂ 1000 ᠭᠠᠷᠤᠢ ᠬᠥᠮᠦᠨ ᠢ ᠣᠯᠵᠠᠯᠠᠭᠰᠠᠨ ᠪᠠᠶᠢᠪᠠ ᠃ ᠨᠠᠶᠮᠠᠳᠤᠭᠠᠷ ᠵᠠᠮ ᠤᠨ ᠴᠡᠷᠢᠭ ᠦᠨ ᠺᠠᠳ᠋ᠷ ᠪᠠᠶᠢᠯᠳᠤᠭᠴᠢ 1600 ᠭᠠᠷᠤᠶ ᠬᠥᠮᠦᠨ ᠦᠬᠦᠵᠦ ᠰᠢᠷᠬᠠᠲᠤᠭᠰᠠᠨ ᠪᠢᠯᠡ ᠃ ᠲᠡᠳᠡᠨ  ᠤ ᠠᠷᠢᠭᠤᠨ ᠴᠢᠰᠤ ᠪᠠ ᠠᠮᠢ ᠨᠠᠰᠤ ᠪᠠᠷ ᠢᠶᠡᠨ ᠴᠢᠬᠤᠯᠠ ᠪᠠᠶᠢᠯᠳᠤᠬᠤ ᠪᠣᠳᠤᠯᠭ᠎ᠠ ᠶ᠋ᠢᠨ ᠠᠴᠢ ᠬᠣᠯᠪᠣᠭᠳᠠᠯ ᠲᠠᠶ ᠡᠭᠦᠷᠭᠡ ᠶ᠋ᠢ ᠢᠯᠠᠯᠲᠠ ᠲᠠᠶ ᠪᠠᠷ ᠪᠡᠶᠡᠯᠡᠭᠦᠯᠦᠭᠰᠡᠨ ᠶᠤᠮ ᠃ ᠲᠠᠯᠠᠨ ᠬᠠᠷ᠎ᠠ ᠶ᠋ᠢᠨ ᠶᠠᠫᠤᠨ ᠢ ᠡᠰᠡᠷᠭᠦᠴᠡᠬᠦ ᠬᠠᠮᠤᠭ ᠤᠨ ᠬᠦᠴᠢᠷᠳᠡᠯᠲᠡᠢ ᠴᠠᠭ ᠦᠶ᠎ᠡ ᠳ᠋ᠦ ᠮᠣᠩᠭᠣᠯ ᠬᠢᠲᠠᠳ ᠡᠯ᠎ᠡ ᠦᠨᠳᠦᠰᠦᠲᠡᠨ ᠤ ᠠᠷᠠᠳ ᠲᠦᠮᠡᠨ ᠮᠥᠷᠥ ᠵᠡᠷᠭᠡᠴᠡᠨ ᠴᠢᠰᠤ ᠤᠷᠤᠰᠬᠠᠨ ᠪᠠᠶᠢᠯᠳᠤᠵᠤ ᠂ ᠮᠠᠰᠢ ᠤᠯᠠᠨ ᠡᠭᠡ ᠣᠷᠣᠨᠴᠢ ᠴᠢᠬᠡᠴᠢ ᠵᠢᠷᠤᠮᠲᠠᠨ ᠪᠣᠯᠤᠨ ᠠᠷᠠᠳ ᠣᠯᠠᠨ ᠡᠷᠬᠢᠮ ᠨᠠᠨᠳᠢᠨ ᠠᠮᠢ ᠨᠠᠰᠤ ᠪᠠᠨ ᠵᠣᠷᠢᠭᠤᠯᠤᠭᠰᠠᠨ ᠶᠤᠮ ᠂ ᠲᠣᠭ᠎ᠠ ᠲᠣᠮᠰᠢ ᠦᠭᠡᠢ ᠤᠯᠠᠨ ᠮᠠᠭᠲᠠᠨ ᠳᠠᠭᠤᠯᠠᠭᠤᠰᠢᠲᠠᠶ ᠰᠡᠳᠬᠢᠯ ᠢ ᠬᠥᠳᠡᠯᠭᠡᠬᠦ ᠪᠠᠭᠠᠲᠤᠷᠯᠢᠭ ᠲᠤᠤᠯᠢᠰ ᠮᠥᠨ ᠃ ᠪᠠᠭᠠᠲᠤᠷᠴᠤᠳ ᠤᠨ ᠴᠢᠭᠴᠢ ᠰᠢᠳᠤᠷᠭᠤ ᠰᠡᠳᠬᠢᠯ ᠵᠢᠷᠦᠬᠡ ᠳᠤᠮᠳᠠᠳᠤ ᠤᠯᠤᠰ ᠤᠨ ᠠᠷᠠᠳ ᠲᠦᠮᠡᠨ  ᠤ ᠶᠠᠫᠤᠨ ᠢ ᠡᠰᠡᠷᠭᠦᠴᠡᠬᠦ ᠳᠠᠢᠢᠨ ᠤ ᠲᠡᠦᠬᠡᠨ  ᠳ᠋ᠤ ᠥᠨᠢᠳᠡ ᠰᠠᠴᠤᠷᠠᠵᠤ ᠂ ᠬᠤᠪᠢᠰᠬᠠᠯᠲᠤ ᠪᠠᠭᠠᠲᠤᠷᠴᠤᠳ ᠤᠨ ᠴᠥᠬᠦᠷᠡᠰᠢ ᠦᠭᠡᠢ ᠲᠡᠮᠡᠴᠡᠬᠦ ᠬᠤᠪᠢᠰᠬᠠᠯ ᠤᠨ ᠵᠣᠷᠢᠭ ᠰᠠᠨᠠᠭ᠎ᠠ ᠳᠠᠯᠠᠨ ᠬᠠᠷ᠎ᠠ ᠠᠭᠤᠯᠠᠨ ᠤ ᠬᠥᠷᠦᠰᠦ ᠰᠢᠷᠤᠢ ᠳ᠋ᠤ ᠮᠥᠩᠬᠡᠳᠡ ᠣᠷᠤᠰᠢᠬᠤ ᠶᠤᠮ ᠃

ᠵᠣᠬᠢᠶᠠᠭᠴᠢ:
ᠢᠷᠡᠯᠲᠡ: