ᠰᠦᠢᠶᠤᠸᠠᠨ ᠮᠣᠵᠢ ᠶ᠋ᠢᠨ ᠶᠠᠫᠣᠨ ᠢ ᠡᠰᠡᠷᠭᠦᠴᠡᠬᠦ ᠲᠠᠢᠢᠨ
ᠶᠠᠫᠣᠨ ᠤ ᠡᠵᠡᠷᠬᠡᠭ ᠲᠦᠷᠢᠮᠡᠬᠡᠶᠢᠯᠡᠭᠴᠢᠳ ᠴᠠᠬᠠᠷ ᠮᠣᠵᠢ ᠶ᠋ᠢᠨ ᠬᠣᠶᠢᠲᠤ ᠬᠡᠰᠡᠭ ᠦᠨ6 ᠰᠢᠶᠠᠨ ᠢ ᠡᠵᠡᠯᠡᠭᠰᠡᠨ ᠤ ᠲᠠᠷᠠᠭ᠎ᠠ ᠠᠯᠬᠤᠮ ᠠᠯᠬᠤᠮ ᠢᠶᠠᠷ ᠰᠦᠢᠶᠤᠸᠠᠨ ᠣᠷᠣᠨ ᠳᠠᠬᠢ ᠲᠦᠷᠢᠮᠡᠬᠡᠶᠢᠯᠡᠯ ᠢ ᠱᠠᠯᠠᠪᠳᠠᠨ ᠬᠢᠭᠰᠡᠨ ᠪᠠᠶᠢᠨ᠎ᠠ ᠃ ᠡᠩ ᠲᠡᠷᠢᠭᠦᠨ ᠳ᠋ᠦ ᠰᠦᠢᠶᠤᠸᠠᠨ ᠣᠷᠣᠨ ᠤ ᠲᠠᠩᠨᠠᠭᠤᠯ ᠤᠨ ᠪᠠᠶᠢᠭᠤᠯᠭ᠎ᠠ ᠶ᠋ᠢ ᠪᠠᠶᠢᠭᠤᠯᠬᠤ ᠂ ᠢᠤᠢ ᠱᠠᠨ ᠰᠢ ᠯᠠᠩ ᠬᠦᠢᠰᠦ᠋ᠢ ᠲᠠᠩᠨᠠᠭᠤᠯ ᠤᠨ ᠪᠠᠶᠢᠭᠤᠯᠭ᠎ᠠ ᠶ᠋ᠢᠨ ᠳᠠᠷᠤᠭ᠎ᠠ ᠪᠣᠯᠵᠤ᠂ ᠨᠢᠭᠡ ᠪᠦᠯᠦᠭ ᠶᠠᠫᠣᠨ ᠬᠥᠮᠦᠰ ᠹᠧᠩ ᠵᠡᠸᠨ ᠂ ᠵᠢᠨᠢᠩ ᠂ ᠰᠠᠭᠠᠯᠢᠴᠢᠨ ᠂ ᠪᠤᠭᠤᠲᠤ ᠣᠷᠴᠢᠮ ᠲᠡᠨᠭᠨᠡᠭᠤᠯ ᠤᠨ ᠰᠦᠯᠵᠢᠶ᠎ᠡ ᠪᠠᠶᠢᠭᠤᠯᠤᠨ ᠲᠤᠰᠭᠠᠢᠯᠠᠨ ᠮᠡᠳᠡᠭᠡ ᠴᠤᠭᠯᠠᠭᠤᠯᠬᠤ ᠂ ᠦᠨᠳᠦᠰᠦᠲᠡᠨ ᠤ ᠬᠠᠷᠢᠴᠠᠭ᠎ᠠ ᠶ᠋ᠢ ᠬᠠᠳᠬᠤᠨ ᠵᠠᠪᠰᠠᠷᠳᠠᠭᠤᠯᠬᠤ ᠂ ᠦᠨᠳᠦᠰᠦᠲᠡᠨ ᠤ ᠳᠡᠭᠡᠳᠦ ᠳᠠᠪᠬᠤᠷᠭᠠᠲᠠᠨ ᠢ ᠲᠠᠲᠠᠵᠤ ᠂ ᠨᠡᠶᠢᠭᠡᠮ ᠦᠨ ᠡᠮᠬᠢ ᠵᠢᠷᠤᠮ ᠢ ᠡᠪᠳᠡᠬᠦ ᠰᠠᠮᠠᠭᠤᠷᠠᠭᠤᠯᠬᠤ ᠠᠵᠢᠯᠯᠠᠭ᠎ᠠ ᠬᠢᠳᠡᠭ ᠃
ᠶᠠᠫᠣᠨ ᠤ ᠭᠤᠸᠠᠨ ᠳ᠋ᠦᠩ ᠵᠢᠶᠦ᠋ᠨ ᠴᠡᠷᠢᠭ ᠦᠨ ᠬᠤᠸᠠᠳᠧ ᠲᠠᠩᠨᠠᠭᠤᠯ ᠤᠨ ᠪᠠᠶᠢᠭᠤᠯᠭ᠎ᠠ ᠶ᠋ᠢᠨ ᠳᠠᠷᠤᠭ᠎ᠠ ᠲᠠᠨᠠᠺᠠ ᠶ᠋ᠢᠨ ᠳᠡᠮᠵᠢᠯᠭᠡ ᠪᠡᠷ 5 ᠰᠠᠷ᠎ᠠ ᠶ᠋ᠢᠨ12 ᠤ ᠡᠳᠦᠷ ᠬᠤᠸᠠᠳ᠋ᠸ ᠳᠦ《 ᠮᠣᠩᠭᠤᠯ ᠤᠨ ᠴᠡᠷᠢᠭ ᠦᠨ ᠵᠠᠰᠠᠭ ᠤᠨ ᠣᠷᠳᠤᠨ 》 ᠢ ᠪᠠᠶᠢᠭᠤᠯᠵᠤ ᠂ 2 ᠴᠡᠷᠢᠭ 8 ᠳ᠋ᠢᠸᠢᠽᠢ ᠶ᠋ᠢᠨ ᠲᠦᠮᠡ ᠭᠠᠷᠤᠶ ᠬᠠᠭᠤᠷᠮᠠᠭ ᠮᠣᠩᠭᠣᠯ ᠴᠡᠷᠢᠭ ᠂ ᠳ᠋ᠡᠮᠴᠡᠭᠳᠤᠩᠯᠦᠪᠦ ᠶᠡᠷᠦᠩᠬᠡᠶ ᠰᠧᠯᠢᠩ ᠪᠥᠭᠡᠳ ᠬᠣᠶᠠᠳᠤᠭᠠᠷ ᠠᠷᠮᠢ ᠶ᠋ᠢᠨ ᠠᠷᠮᠢ ᠶ᠋ᠢᠨ ᠳᠠᠷᠤᠭ᠎ᠠ ᠂ ᠯᠢ ᠱᠸᠤ ᠰᠢᠨ ᠳᠡᠳ᠋ ᠶᠡᠷᠦᠩᠬᠡᠶ ᠰᠧᠯᠢᠩ ᠪᠥᠭᠡᠳ ᠨᠢᠭᠡᠳᠦᠭᠡᠷ ᠴᠡᠷᠢᠭ ᠦᠨ ᠴᠡᠷᠢᠭ ᠦᠨ ᠳᠠᠷᠤᠭ᠎ᠠ ᠪᠠᠶᠢᠪᠠ ᠃ ᠥᠭᠡᠷ᠎ᠡ ᠸᠠᠩ ᠶᠢᠩ ᠶᠡᠷᠦᠩᠬᠡᠶ ᠰᠧᠯᠢᠩ ᠂ ᠵᠠᠩ ᠹᠠᠩ ᠯᠢᠩ᠂ ᠯᠸᠢ ᠵᠦᠩ ᠲᠢᠶᠠᠨ ᠳᠡᠳ᠋ ᠰᠧᠯᠢᠩ ᠢᠶ᠋ᠡᠷ ᠪᠥᠷᠢᠯᠳᠦᠭᠰᠡᠨ ᠶᠡᠬᠡ ᠬᠠᠨ ᠤ᠋ ᠪᠣᠰᠤᠯᠭ᠎ᠠ ᠶ᠋ᠢᠨ ᠴᠡᠷᠢᠭ ᠪᠣᠢ ᠪᠣᠯᠪᠠ ᠃ ᠪᠠᠰᠠ ᠸᠠᠩ ᠳ᠋ᠣᠣ ᠶᠢ ᠢᠶ᠋ᠡᠷ ᠶᠡᠷᠦᠩᠬᠡᠶ ᠰᠧᠯᠢᠩ ᠢᠶ᠋ᠡᠨ ᠪᠣᠯᠭᠠᠭᠰᠠᠨ ᠪᠠᠷᠠᠭᠤᠨ ᠬᠣᠶᠢᠲᠤ ᠣᠷᠣᠨ ᠤ ᠡᠪ ᠬᠠᠮᠲᠤ ᠨᠠᠮ ᠢ ᠰᠡᠷᠭᠡᠶᠢᠯᠡᠬᠦ ᠥᠪᠡᠷᠲᠡᠭᠡᠨ ᠵᠠᠰᠠᠬᠤ ᠴᠡᠷᠢᠭ ᠪᠠᠶᠢᠭᠤᠯᠤᠭᠳᠠᠪᠠ ᠃. ᠶᠠᠫᠣᠨ ᠤ ᠭᠤᠸᠠᠨ ᠳ᠋ᠦᠩ ᠵᠢᠶᠦ᠋ᠨ ᠡᠴᠡ ᠴᠡᠷᠢᠭ ᠦᠨ ᠳᠠᠷᠤᠭ᠎ᠠ ᠲᠣᠮᠢᠯᠠᠵᠤ ᠬᠠᠭᠤᠷᠮᠠᠭ ᠮᠣᠩᠭᠣᠯ ᠴᠡᠷᠢᠭ ᠪᠣᠯᠤᠨ ᠸᠠᠩ ᠶᠢᠩ ᠦᠨ ᠪᠣᠰᠤᠯᠭ᠎ᠠ ᠶ᠋ᠢᠨ ᠴᠡᠷᠢᠭ ᠦᠨ ᠰᠤᠷᠭᠠᠭᠴᠢ ᠪᠠᠷ ᠲᠣᠮᠢᠯᠠᠬᠤ ᠶ᠋ᠢᠨ ᠬᠠᠮᠲᠤ ᠢᠳᠡᠪᠬᠢᠲᠡᠢ ᠪᠡᠷ ᠴᠡᠷᠢᠭ ᠦᠨ ᠬᠦᠴᠦᠨ ᠢᠶ᠋ᠡᠨ ᠪᠠᠶᠢᠷᠢᠰᠢᠭᠤᠯᠪᠠ ᠃ ᠳ᠋ᠸ ᠸᠠᠩ ᠢᠶᠠᠷ ᠬᠤᠸᠠ ᠳ᠋ᠸ ᠶ᠋ᠢ ᠰᠠᠬᠢᠭᠤᠯᠵᠤ ᠂ ᠯᠢ ᠱᠧᠤ ᠰᠢᠨ ᠢᠶ᠋ᠡᠷ ᠵᠠᠩᠪᠸᠢ ᠪᠣᠯᠤᠨ ᠮᠢᠶᠣᠣ ᠲᠠᠨ ᠢ ᠰᠠᠬᠢᠭᠤᠯᠤᠨ᠂ ᠸᠠᠩ ᠶᠢᠩ ᠦᠨ ᠴᠡᠷᠢᠭ ᠢᠶ᠋ᠡᠷ ᠱᠠᠩ ᠶᠢ ᠂ ᠱᠠᠩ ᠳ᠋ᠦ᠋ ᠶ᠋ᠢ ᠰᠠᠬᠢᠭᠤᠯᠵᠤ ᠂ ᠳ᠋ᠸ ᠸᠠᠩ ᠤᠨ ᠰᠢᠳᠠᠷ ᠴᠡᠷᠢᠭ ᠪᠣᠯᠬᠤ ᠬᠠᠭᠤᠷᠮᠠᠭ ᠮᠣᠩᠭᠣᠯ ᠴᠡᠷᠢᠭ ᠦᠨ ᠳᠣᠯᠣᠳᠤᠭᠠᠷ ᠳ᠋ᠢᠸᠢᠽᠢ ᠶ᠋ᠢᠨ ᠴᠡᠷᠢᠭ ᠢᠶ᠋ᠡᠷ ᠪᠠᠲᠤᠬᠠᠭᠠᠯᠭ᠎ᠠ ᠶ᠋ᠢ ᠰᠠᠬᠢᠭᠤᠯᠵᠤ᠂ ᠷᠸᠾᠸ ᠶ᠋ᠢᠨ ᠬᠠᠭᠤᠷᠮᠠᠭ ᠮᠠᠨᠵᠤ ᠶ᠋ᠢᠨ5000 ᠮᠣᠷᠢᠲᠤ ᠴᠡᠷᠢᠭ ᠢ ᠴᠤᠭᠯᠠᠭᠤᠯᠤᠨ ᠳᠣᠯᠣᠨ ᠨᠠᠭᠤᠷ ᠂ ᠭᠦ᠋ ᠶᠤᠸᠠᠨ ᠣᠷᠴᠢᠮ ᠢ ᠰᠠᠬᠢᠭᠤᠯᠪᠠ ᠃ ᠶᠠᠫᠣᠨ ᠤ ᠴᠡᠷᠢᠭ ᠦᠨ ᠨᠢᠰᠬᠡᠯ ᠲᠠᠰᠤᠷᠠᠯᠲᠠ ᠦᠭᠡᠢ ᠬᠦᠢᠰᠦ᠋ᠢ ᠂ ᠪᠣᠭᠤᠲᠤ ᠂ ᠪᠠᠲᠤᠬᠠᠭᠠᠯᠭ᠎ᠠ ᠂ ᠲᠣᠣ ᠯᠢᠨ ᠂ ᠵᠢᠨᠢᠩ ᠤᠨ ᠣᠭᠲᠠᠷᠭᠤᠢ ᠪᠠᠷ ᠴᠠᠭᠳᠠᠨ ᠪᠠᠶᠢᠴᠠᠭᠠᠵᠤ ᠂ ᠨᠢᠭᠡᠳᠦᠭᠡᠷ ᠹᠷᠣᠨᠲ᠋ ᠲᠤ ᠳᠡᠭᠡᠭᠦᠷ ᠬᠠᠶᠢᠨ ᠲᠡᠩᠨᠡᠬᠤ ᠂ ᠮᠠᠰᠢᠨ ᠲᠡᠷᠭᠡ ᠨᠢ ᠡᠳᠦᠷ ᠰᠥᠨᠢ ᠦᠭᠡᠢ ᠪᠡᠷ ᠫᠤᠤ ᠵᠡᠪᠰᠡᠭ ᠰᠤᠮᠤ ᠳᠠᠷᠢ ᠵᠡᠷᠭᠡ ᠴᠡᠷᠢᠭ ᠦᠨ ᠬᠡᠷᠡᠭᠯᠡᠭᠡᠨ ᠤ ᠡᠳ᠋ ᠪᠣᠳᠠᠰ ᠢ ᠲᠡᠭᠡᠭᠡᠪᠦᠷᠢᠯᠡᠵᠦ ᠪᠠᠶᠢᠪᠠ ᠃
8 ᠰᠠᠷ᠎ᠠ ᠶᠢᠨ ᠦᠢ᠎ᠡ ᠪᠡᠷ ᠭᠤᠸᠠᠨ ᠳ᠋ᠦᠩ ᠵᠢᠶᠦ᠋ᠨ ᠴᠡᠷᠢᠭ ᠦᠨ ᠱᠲ᠋ᠠᠪ ᠤᠨ ᠳᠠᠷᠤᠭ᠎ᠠ ᠢᠲ᠋ᠠᠭᠠᠺᠠᠢ ᠰᠦᠢᠶᠤᠸᠠᠨ ᠳ᠋ᠤ ᠬᠦᠷᠴᠦ《 ᠠᠶᠢᠯᠴᠢᠯᠠᠯᠲᠠ 》 ᠬᠢᠵᠦ ᠂ ᠰᠦᠢᠶᠤᠸᠠᠨ ᠮᠣᠵᠢ ᠶ᠋ᠢᠨ ᠲᠡᠷᠢᠭᠦᠯᠡᠭᠴᠢ ᠹᠦ᠋ ᠽᠦᠸᠸ ᠢ ᠵᠠᠩᠵᠤᠨ ᠢ ᠲᠠᠲᠠᠬᠤ ᠪᠠᠷ ᠣᠷᠤᠯᠳᠤᠭᠰᠠᠨ ᠳ᠋ᠤ ᠤᠴᠠᠷᠠᠭᠰᠠᠨ ᠹᠦ᠋ ᠽᠦ᠋ᠸᠸ ᠢ ᠵᠠᠩᠵᠤᠨ ᠰᠢᠷᠦᠭᠦᠨ ᠦᠭᠡ ᠪᠡᠷ ᠲᠡᠪᠴᠢᠭᠰᠡᠨ ᠪᠠᠶᠢᠪᠠ ᠃ ᠹᠦ᠋ ᠽᠦᠸᠸ ᠢ ᠵᠠᠩᠵᠤᠨ ᠶᠠᠫᠣᠨ ᠤ ᠲᠠᠩᠨᠠᠭᠤᠯ ᠤᠨ ᠪᠠᠶᠢᠭᠤᠯᠭ᠎ᠠ ᠶ᠋ᠢᠨ ᠰᠦᠢᠶᠤᠸᠠᠨ ᠣᠷᠣᠨ ᠳᠠᠬᠢ ᠬᠥᠳᠡᠯᠭᠡᠭᠡᠨ ᠢ ᠴᠢᠩᠭ᠎ᠠ ᠬᠢᠵᠠᠭᠠᠷᠯᠠᠭᠰᠠᠨ ᠪᠥᠭᠡᠳ ᠵᠡᠪᠰᠡᠭᠲᠦ ᠬᠦᠴᠦᠨ ᠢᠶᠠᠷ ᠶᠠᠫᠣᠨ ᠴᠡᠷᠢᠭ ᠦᠨ ᠪᠣᠭᠤᠲᠤ ᠶ᠋ᠢᠨ ᠨᠢᠰᠬᠡᠯ ᠦᠨ ᠲᠠᠯᠠᠪᠤᠷ ᠲᠤ ᠨᠢᠰᠬᠡᠯ ᠦᠨ ᠬᠥᠮᠦᠷᠭᠡ ᠪᠠᠶᠢᠭᠤᠯᠬᠤ ᠶ᠋ᠢ ᠬᠣᠷᠢᠭᠯᠠᠪᠠ᠃ ᠰᠦᠢᠶᠤᠸᠠᠨ ᠢ ᠳᠣᠪᠲᠣᠯᠬᠤ ᠭᠡᠰᠡᠨ ᠲᠦᠷᠢᠮᠡᠬᠡᠶᠢᠯᠡᠭᠴᠢᠳ ᠦᠨ ᠵᠡᠷᠯᠢᠭ ᠰᠠᠨᠠᠭ᠎ᠠ ᠶ᠋ᠢᠨ ᠡᠮᠦᠨ᠎ᠡ ᠂ ᠹᠦ᠋ ᠽᠦᠸᠸ ᠢ ᠭᠤᠮᠢᠨᠳᠠᠩ ᠤᠨ ᠰᠦᠢᠶᠤᠸᠠᠨ ᠤ ᠴᠡᠷᠢᠭ ᠠᠷᠠᠳ ᠢ ᠵᠢᠯᠤᠭᠤᠳᠤᠨ ᠡᠷᠡᠰ ᠰᠢᠭᠤᠷᠬᠠᠶ ᠪᠠᠷ ᠰᠦᠢᠶᠤᠸᠠᠨ ᠮᠣᠵᠢ ᠶ᠋ᠢᠨ ᠶᠠᠫᠤᠨ ᠢ ᠡᠰᠡᠷᠭᠦᠴᠡᠬᠦ ᠳᠠᠶᠢᠨ ᠢ ᠬᠢᠭᠰᠡᠨ ᠪᠠᠶᠢᠨ᠎ᠠ ᠃ ᠲᠤᠰ ᠵᠢᠯ ᠦᠨ 7 ᠰᠠᠷ᠎ᠠ ᠶ᠋ᠢᠨ ᠡᠬᠢ ᠪᠡᠷ ᠂ ᠬᠠᠭᠤᠷᠮᠠᠭ ᠪᠠᠷᠠᠭᠤᠨ ᠬᠣᠶᠢᠲᠤ ᠣᠷᠣᠨ ᠤ ᠡᠪ ᠬᠠᠮᠲᠤ ᠨᠠᠮ ᠢ ᠰᠡᠷᠭᠡᠶᠢᠯᠡᠬᠦ ᠥᠪᠡᠷᠲᠡᠭᠡᠨ ᠵᠠᠰᠠᠬᠤ ᠴᠡᠷᠢᠭ ᠰᠢᠩ ᠾᠧ ᠰᠢᠶᠠᠨ ᠳ᠋ᠦ ᠬᠠᠯᠳᠠᠵᠤ ᠪᠠᠶᠢᠪᠠ ᠃ ᠡᠨᠡ ᠤᠳᠠᠭᠠᠨ ᠤ ᠶᠠᠫᠣᠨ ᠴᠡᠷᠢᠭ ᠦᠨ ᠰᠦᠢᠶᠤᠸᠠᠨ ᠢ ᠲᠦᠷᠢᠮᠡᠬᠡᠶᠢᠯᠡᠬᠦ ᠭᠡᠰᠡᠨ ᠠᠵᠢᠯᠯᠠᠭ᠎ᠠ ᠨᠢ ᠭᠤᠮᠢᠨᠳᠠᠩ ᠤᠨ ᠴᠡᠷᠢᠭ ᠲᠦ ᠲᠡᠪᠴᠢᠭᠳᠡᠪᠡ᠃ 7 ᠰᠠᠷ᠎ᠠ ᠶ᠋ᠢᠨ 30 ᠤ ᠡᠳᠦᠷ ᠂ ᠸᠠᠩ ᠳ᠋ᠣᠣ ᠢ ᠪᠡᠶ᠎ᠡ ᠪᠡᠷ ᠢᠶ᠋ᠡᠨ 2000 ᠭᠠᠷᠤᠶ ᠬᠠᠭᠤᠷᠮᠠᠭ ᠴᠡᠷᠢᠭ ᠢ ᠵᠢᠯᠤᠭᠤᠳᠤᠨ ᠰᠦᠢᠶᠤᠸᠠᠨ ᠤ ᠵᠡᠭᠦᠨ ᠬᠡᠰᠡᠭ ᠦᠨ ᠬᠣᠩᠬᠢᠯᠳᠤ ᠪᠠ ᠲᠡᠮᠦᠷᠲᠡᠢ ᠶ᠋ᠢ ᠳᠣᠪᠲᠤᠯᠪᠠ᠃ 8 ᠰᠠᠷ᠎ᠠ ᠶ᠋ᠢᠨ 2 ᠤ ᠡᠳᠦᠷ ᠂ ᠭᠤᠮᠢᠨᠳᠠᠩ ᠤᠨ ᠵᠢᠨᠢᠩ ᠳ᠋ᠤ ᠰᠠᠭᠤᠭ᠎ᠠ ᠴᠡᠷᠢᠭ ᠭᠡᠳᠡᠷᠭᠦ ᠴᠣᠬᠢᠵᠤ ᠂ ᠳᠠᠶᠢᠰᠤᠨ ᠤ ᠬᠠᠭᠠᠰ ᠢ ᠠᠯᠠᠵᠤ ᠰᠢᠷᠬᠠᠳᠠᠭᠤᠯᠪᠠ ᠃ ᠸᠠᠩ ᠳ᠋ᠣᠣ ᠢ ᠱᠠᠩ ᠳ᠋ᠦ᠋ ᠳ᠋ᠦ ᠲᠤᠲᠠᠭᠠᠵᠤ ᠣᠴᠢᠭᠰᠠᠨ ᠳ᠋ᠤ ᠶᠠᠫᠣᠨ ᠴᠡᠷᠢᠭ ᠲᠦ ᠫᠤᠤᠳᠠᠨ ᠠᠯᠠᠭᠳᠠᠪᠠ᠃
10 ᠰᠠᠷ᠎ᠠ ᠶ᠋ᠢᠨ 5 ᠤ ᠡᠳᠦᠷ ᠂ ᠲᠠᠨᠠᠺᠠ ᠯᠦ᠋ᠩᠬᠢ ᠬᠤᠸᠠᠳᠧ ᠳ᠋ᠤ ᠰᠦᠢᠶᠤᠸᠠᠨ ᠢ ᠳᠣᠪᠲᠣᠯᠬᠤ ᠴᠡᠷᠢᠭ ᠦᠨ ᠶᠠᠪᠤᠳᠠᠯ ᠤᠨ ᠬᠤᠷᠠᠯ ᠢ ᠬᠤᠷᠠᠯᠳᠤᠭᠤᠯᠵᠤ ᠂ ᠳ᠋ᠠᠮᠴᠡᠭᠳᠣᠩᠯᠦᠪᠦ ᠂ ᠯᠢ ᠱᠸᠤ ᠰᠢᠨ ᠂ ᠸᠠᠩ ᠶᠢᠩ᠂ ᠵᠦᠸᠸ ᠱᠢ ᠬᠠᠢ ᠂ ᠸᠠᠩ ᠬᠠᠢ ᠫᠸᠩ ᠵᠡᠷᠭᠡ ᠬᠥᠮᠦᠰ ᠬᠤᠷᠠᠯ ᠳ᠋ᠤ ᠣᠷᠣᠯᠴᠠᠵᠠᠶ ᠃ ᠬᠤᠷᠠᠯ ᠳ᠋ᠤ ᠴᠡᠷᠢᠭ ᠦᠨ ᠬᠦᠴᠦᠨ ᠢᠶ᠋ᠡᠨ ᠪᠠᠶᠢᠷᠢᠯᠠᠭᠤᠯᠵᠤ ᠂ 3 ᠵᠠᠮ ᠬᠤᠪᠢᠶᠠᠨ ᠪᠠᠶᠢᠯᠳᠤᠭᠠᠨ ᠬᠢᠬᠦ ᠪᠡᠷ ᠲᠣᠭᠲᠠᠪᠠ ᠂ ᠯᠢ ᠱᠧᠦ ᠰᠢᠨ ᠬᠠᠭᠤᠷᠮᠠᠭ ᠮᠣᠩᠭᠣᠯ ᠴᠡᠷᠢᠭ ᠦᠨ ᠨᠢᠭᠡᠳᠦᠭᠡᠷ ᠠᠷᠮᠢ ᠶ᠋ᠢ ᠳᠠᠭᠠᠭᠤᠯᠤᠨ ᠰᠢᠩ ᠾᠸ ᠣᠷᠴᠢᠮ ᠢ ᠰᠠᠬᠢᠨ᠎ᠠ ᠂ ᠳ᠋ᠸ ᠸᠠᠩ ᠬᠠᠭᠤᠷᠮᠠᠭ ᠮᠣᠩᠭᠣᠯ ᠴᠡᠷᠢᠭ ᠦᠨ ᠬᠣᠶᠠᠳᠤᠭᠠᠷ ᠠᠷᠮᠢ ᠶ᠋ᠢ ᠵᠢᠯᠤᠭᠤᠳᠴᠤ ᠲᠡᠮᠦᠷᠲᠡᠢ ᠣᠷᠴᠢᠮ ᠵᠠᠷᠯᠢᠭ ᠬᠦᠯᠢᠶᠡᠨ᠂ ᠰᠢᠭᠤᠳ ᠪᠠᠲᠤ ᠬᠠᠭᠠᠯᠭ᠎ᠠ ᠶ᠋ᠢ ᠳᠠᠭᠠᠷᠢᠨ ᠡᠵᠡᠯᠡᠬᠦ ᠪᠡᠷ ᠪᠡᠯᠡᠳᠬᠡᠨ᠎ᠡ ᠂ ᠸᠠᠩ ᠢᠩ ᠰᠠᠭᠤᠭ᠎ᠠ ᠴᠡᠷᠢᠭ ᠠᠩᠭᠢ ᠪᠠᠨ ᠳᠠᠭᠠᠭᠤᠯᠤᠨ ᠲᠦ᠋ ᠴᠧᠩ ᠽᠢ ᠶ᠋ᠢ ᠰᠠᠬᠢᠵᠤ ᠂ ᠬᠣᠩᠬᠢᠯᠳᠤ ᠶ᠋ᠢ ᠤᠷᠢᠳᠤᠪᠠᠷ ᠡᠵᠡᠯᠡᠬᠦ ᠪᠡᠷ ᠣᠷᠤᠯᠳᠤᠵᠤ ᠳᠠᠷᠠᠭ᠎ᠠ ᠨᠢ ᠪᠠᠲᠤᠬᠠᠭᠠᠯᠭ᠎ᠠ ᠂ ᠬᠣᠩᠬᠢᠯᠲᠤ ᠪᠠᠷ ᠳᠠᠮᠵᠢᠨ ᠭᠦᠢᠰᠦᠢ ᠶ᠋ᠢ ᠡᠵᠡᠯᠡᠨ ᠂ ᠵᠢᠨᠢᠩ ᠂ ᠪᠣᠭᠣᠲᠤ᠂ ᠬᠡᠲᠣᠣ ᠳᠤ ᠪᠦᠬᠦ ᠨᠤᠲᠤᠭ ᠳᠡᠪᠢᠰᠬᠡᠷ ᠢ ᠡᠵᠡᠯᠡᠬᠦ ᠵᠣᠷᠢᠯᠭ᠎ᠠ ᠳ᠋ᠤ ᠪᠠᠨ ᠬᠦᠷᠦᠨ᠎ᠡ ᠃ 10 ᠰᠠᠷ᠎ᠠ ᠡᠴᠡ ᠡᠬᠢᠯᠡᠨ ᠪᠠᠶᠢᠯᠳᠤᠭᠠᠨ ᠳᠠᠭᠤᠰᠴᠤ᠂ ᠴᠡᠷᠢᠭ ᠠᠩᠬᠢ ᠳ᠋ᠤ ᠴᠠᠯᠢᠩ ᠥᠭᠴᠦ ᠂ ᠪᠠᠶᠢᠯᠳᠤᠭᠠᠨ ᠳ᠋ᠦ ᠬᠡᠷᠡᠭᠰᠡᠬᠦ ᠵᠡᠪᠰᠡᠭ ᠂ ᠰᠤᠮᠤ ᠲᠠᠷᠢ ᠵᠡᠷᠭᠡ ᠨᠥᠬᠥᠪᠥᠷᠢ ᠶ᠋ᠢ ᠴᠥᠮ ᠶᠠᠫᠣᠨ ᠤ ᠲᠠᠯ᠎ᠠ ᠬᠠᠷᠢᠭᠤᠴᠠᠬᠤ ᠬᠡᠷᠡᠭᠲᠡᠶ ᠃ ᠲᠤᠬᠠᠢ ᠶ᠋ᠢᠨ ᠦᠶ᠎ᠡ ᠳ᠋ᠦ ᠂ ᠶᠠᠫᠣᠨ ᠴᠡᠷᠢᠭ ᠦᠨ ᠵᠢᠯᠤᠭᠤᠳᠤᠯᠭ᠎ᠠ ᠳᠣᠣᠷᠠᠬᠢ ᠴᠡᠷᠢᠭ ᠠᠡᠭᠬᠢ ᠳ᠋ᠦ ᠯᠢ ᠱᠧᠦ ᠰᠢᠨ ᠤ ᠬᠠᠭᠤᠷᠮᠠᠭ ᠮᠣᠩᠭᠣᠯ ᠴᠡᠷᠢᠭ ᠨᠢ ᠪᠠᠷᠤᠭ ᠲᠦᠮᠡ ᠭᠠᠷᠤᠶ ᠬᠥᠮᠦᠨ ᠂ ᠸᠠᠩ ᠶᠢᠩ ᠦᠨ ᠬᠠᠭᠤᠷᠮᠠᠭ ᠴᠡᠷᠢᠭ ᠪᠠᠷᠤᠭ 1.3 ᠲᠦᠮᠡᠨ ᠬᠥᠮᠦᠨ ᠂ ᠵᠦᠸᠸ ᠱᠢ ᠬᠠᠢ ᠶ᠋ᠢᠨ ᠬᠠᠭᠤᠷᠮᠠᠭ ᠴᠠᠬᠠᠷ ᠤᠨ ᠮᠣᠩᠭᠤᠯ ᠤᠨ ᠠᠮᠤᠷ ᠢ ᠬᠠᠮᠠᠭᠠᠯᠠᠬᠤ ᠠᠩᠭᠢ ᠵᠢᠴᠢ ᠬᠠᠭᠤᠷᠮᠠᠭ ᠴᠡᠷᠢᠭ ᠵᠡᠷᠭᠡ ᠨᠢ ᠲᠦᠮᠡ ᠭᠠᠷᠤᠶ ᠬᠥᠮᠦᠨ ᠂ ᠶᠠᠫᠣᠨ ᠴᠡᠷᠢᠭ ᠦᠨ ᠬᠠᠭᠤᠷᠮᠠᠭ ᠴᠡᠷᠢᠭ ᠲᠦ ᠲᠣᠮᠢᠯᠠᠭᠰᠠᠨ ᠴᠡᠶᠢᠭ ᠦᠨ ᠰᠤᠷᠭᠠᠭᠴᠢ ᠨᠠᠷ ᠲᠠᠢ ᠬᠠᠮᠲᠤ ᠨᠡᠶᠢᠲᠡ 4 ᠲᠦᠮᠡᠨ ᠴᠡᠷᠢᠭ ᠢ ᠴᠤᠭᠯᠠᠭᠤᠯᠵᠤ᠂ ᠰᠦᠢᠶᠤᠸᠠᠨ ᠢ ᠲᠦᠷᠢᠮᠡᠬᠡᠶᠢᠯᠡᠬᠦ ᠳᠠᠶᠢᠨ ᠡᠭᠦᠰᠦᠮᠡᠷ ᠪᠣᠯᠤᠭᠠᠳ ᠪᠠᠶᠢᠪᠠ ᠃
ᠲᠦᠷᠢᠮᠡᠬᠡᠶᠢᠯᠡᠭᠴᠢᠳ ᠦᠨ ᠤᠯᠠᠶᠢᠷᠠᠭᠰᠠᠨ ᠣᠮᠣᠭ ᠰᠥᠷ ᠦᠨ ᠡᠮᠦᠨ᠎ᠡ ᠂ ᠹᠦ᠋ ᠽᠦ᠋ᠸᠸ ᠢ ᠬᠠᠷᠢᠭᠤᠴᠠᠯᠭ᠎ᠠ ᠬᠦᠨᠳᠦ ᠶᠡᠬᠡ ᠪᠠᠶᠢᠬᠤ ᠪᠠᠨ ᠲᠠᠨᠢᠵᠤ ᠣᠯᠤᠭᠰᠠᠨ ᠪᠠᠶᠢᠨ᠎ᠠ ᠃ ᠲᠡᠷᠡ ᠨᠢᠭᠡ ᠲᠠᠯ᠎ᠠ ᠪᠠᠷ ᠭᠤᠮᠢᠨᠳᠠᠩ ᠤᠨ ᠡᠷᠬᠡ ᠪᠠᠷᠢᠭᠴᠢᠳ ᠲᠤ ᠰᠦᠢᠶᠤᠸᠠᠨ ᠤ ᠠᠮᠤᠷ ᠲᠦᠪᠰᠢᠨ ᠤᠯᠤᠰ ᠣᠷᠣᠨ ᠤ ᠢᠷᠡᠭᠡᠳᠦᠶ ᠲᠠᠢ ᠬᠣᠯᠪᠤᠭᠳᠠᠬᠤ ᠶ᠋ᠢ ᠰᠠᠨᠠᠭᠤᠯᠵᠤ ᠂ ᠵᠡᠭᠦᠨ ᠬᠣᠶᠢᠲᠤ ᠣᠷᠣᠨ ᠤ ᠬᠠᠭᠤᠴᠢᠨ ᠵᠠᠮ ᠢᠶᠠᠷ ᠳᠠᠬᠢᠵᠤ ᠶᠠᠪᠤᠵᠤ ᠪᠣᠯᠬᠤ ᠦᠭᠡᠢ ᠂ ᠨᠥᠭᠦᠭᠡ ᠲᠠᠯ᠎ᠠ ᠪᠠᠷ ᠨᠢᠭᠤᠴᠠ ᠪᠡᠷ ᠡᠯ᠎ᠡ ᠱᠠᠲᠤᠨ ᠤ ᠴᠡᠷᠢᠭ ᠵᠠᠰᠠᠭ ᠤᠨ ᠬᠥᠮᠦᠰ ᠦᠨ ᠬᠤᠷᠠᠯᠳᠤᠭᠠᠨ ᠢ ᠬᠤᠷᠠᠯᠳᠤᠭᠤᠯᠵᠤ ᠂ ᠳᠠᠶᠢᠰᠤᠨ ᠲᠠᠶ ᠪᠠᠶᠢᠯᠳᠤᠬᠤ ᠪᠣᠳᠤᠯᠭ᠎ᠠ ᠶ᠋ᠢ ᠲᠣᠭᠲᠠᠭᠠᠵᠤ ᠂ ᠶᠠᠫᠤᠨ ᠢ ᠡᠰᠡᠷᠭᠦᠴᠡᠬᠦ ᠴᠡᠷᠢᠭ ᠢ ᠲᠣᠮᠢᠯᠠᠨ ᠂ ᠨᠣᠮ ᠳᠡᠪᠲᠡᠷ ᠲᠠᠷᠬᠠᠭᠠᠬᠤ ᠪᠠᠷ ᠳᠠᠮᠵᠢᠭᠤᠯᠤᠨ ᠳᠠᠷᠤᠭ᠎ᠠ ᠪᠠᠶᠢᠯᠳᠤᠭᠴᠢᠳ ᠢ ᠵᠣᠷᠢᠭᠵᠢᠭᠤᠯᠵᠤ ᠬᠠᠷᠭᠢᠰ ᠳᠠᠶᠢᠰᠤᠨ ᠢ ᠬᠠᠮᠲᠤ ᠪᠠᠷ ᠬᠣᠷᠣᠰᠴᠤ ᠂ ᠵᠠᠪᠠᠯ ᠢᠯᠠᠬᠤ ᠢᠲᠡᠭᠡᠯ ᠵᠣᠷᠢᠭ ᠪᠠ ᠡᠷᠡᠰ ᠵᠣᠷᠢᠭ ᠢ ᠪᠤᠢ ᠪᠣᠯᠭᠠᠵᠤ ᠂ ᠢᠳᠡᠪᠬᠢᠲᠡᠢ ᠪᠡᠷ ᠴᠡᠷᠢᠭ ᠳᠠᠶᠢᠨ ᠤ ᠪᠡᠯᠡᠳᠬᠡᠯ ᠬᠢᠵᠦ ᠡᠬᠢᠯᠡᠪᠡ ᠃
11 ᠰᠠᠷ᠎ᠠ ᠶ᠋ᠢᠨ 12 ᠤ ᠡᠳᠦᠷ ᠂ ᠶᠠᠫᠣᠨ ᠴᠡᠷᠢᠭ ᠦᠨ ᠵᠠᠷᠯᠢᠭ ᠢᠶ᠋ᠡᠷ ᠂ ᠸᠠᠩ ᠢᠩ ᠡᠮᠦᠨ᠎ᠡ ᠹᠠᠷᠣᠨᠲ ᠤᠨ ᠶᠡᠷᠦᠩᠬᠡᠶ ᠵᠢᠯᠤᠭᠤᠳᠤᠭᠴᠢ ᠪᠣᠯᠵᠤ ᠂ ᠱᠢ ᠢᠦᠢ ᠱᠠᠨ ᠂ ᠶᠠᠩ ᠱᠸᠦ ᠴᠧᠩ ᠬᠣᠶᠠᠷ ᠮᠣᠷᠢᠲᠤ ᠴᠡᠷᠢᠭ ᠦᠨ ᠪᠠᠷᠢᠭᠠᠳᠠ ᠪᠣᠯᠤᠨ ᠵᠢᠨ ᠰᠢᠶᠠᠨ ᠵᠠᠩ ᠤᠨ ᠨᠢᠭᠡ ᠶᠠᠪᠠᠭᠠᠨ ᠴᠡᠷᠢᠭ ᠦᠨ ᠪᠠᠷᠢᠭᠠᠳᠠ ᠪᠣᠯᠤᠨ ᠬᠣᠶᠠᠷ ᠶᠡᠬᠡ ᠫᠤᠤᠲᠤ ᠴᠡᠷᠢᠭ ᠦᠨ ᠰᠣᠮᠤ ᠶ᠋ᠢ ᠵᠠᠬᠢᠷᠴᠤ ᠬᠣᠩᠬᠢᠯᠳᠤ ᠳ᠋ᠤ ᠬᠠᠯᠳᠠᠯᠭ᠎ᠠ ᠬᠢᠵᠦ ᠂ ᠡᠭᠦᠨ ᠤ ᠬᠠᠮᠲᠤ 3 ᠶᠠᠫᠤᠨ ᠤ ᠴᠡᠷᠢᠭ ᠦᠨ ᠨᠢᠰᠬᠡᠯ ᠳᠡᠯᠪᠡᠴᠢᠯᠲᠡ ᠬᠢᠪᠡ ᠃ ᠲᠤᠬᠠᠢ ᠶ᠋ᠢᠨ ᠦᠢ᠎ᠡ ᠳ᠋ᠦ ᠬᠣᠩᠬᠢᠯᠳᠤ ᠶ᠋ᠢ ᠰᠡᠷᠭᠡᠶᠢᠯᠡᠨ ᠰᠠᠭᠤᠵᠤ ᠪᠠᠶᠢᠭᠰᠠᠨ ᠭᠤᠮᠢᠨᠳᠠᠩ ᠤᠨ ᠴᠡᠷᠢᠭ ᠵᠥᠪᠬᠡᠨ ᠨᠢᠭᠡ ᠶᠠᠪᠠᠭᠠᠨ ᠴᠡᠷᠢᠭ ᠦᠨ ᠰᠣᠮᠤ ᠪᠠ ᠬᠣᠶᠠᠷ ᠮᠣᠷᠢᠲᠤ ᠴᠡᠷᠢᠭ ᠦᠨ ᠰᠣᠮᠤᠴᠢ ᠴᠠᠬᠠᠷ ᠤᠨ ᠰᠢᠯᠤᠭᠤᠨ ᠰᠢᠷ᠎ᠠ ᠬᠣᠰᠢᠭᠤᠨ ᠤ ᠮᠣᠩᠭᠣᠯ ᠮᠣᠷᠢᠲᠤ ᠴᠡᠷᠢᠭ ᠪᠠ ᠲᠤᠬᠠᠢ ᠶ᠋ᠢᠨ ᠭᠠᠵᠠᠷ ᠤᠨ ᠥᠪᠡᠷ ᠢ ᠪᠡᠨ ᠬᠠᠮᠠᠭᠠᠯᠠᠬᠤ ᠠᠩᠭᠢ ᠵᠠᠭᠤ ᠭᠠᠷᠤᠶ ᠬᠥᠮᠦᠨ ᠯᠠ ᠪᠠᠶᠢᠪᠠ᠃ 13 ᠤ ᠡᠳᠦᠷ ᠦᠨ ᠰᠥᠨᠢ ᠂ ᠶᠠᠫᠣᠨ ᠴᠡᠷᠢᠭ ᠪᠠ ᠬᠠᠭᠤᠷᠮᠠᠭ ᠴᠡᠷᠢᠭ ᠬᠣᠩᠬᠢᠯᠳᠤ ᠵᠦᠭ ᠰᠢᠷᠦᠭᠦᠨ ᠳᠣᠪᠲᠣᠯᠤᠯᠲᠠ ᠬᠢᠵᠦ ᠂ ᠬᠣᠶᠠᠷ ᠲᠠᠯ᠎ᠠ ᠪᠠᠷ ᠢᠶᠡᠨ ᠰᠥᠨᠢ ᠲᠣᠵᠢ ᠰᠢᠷᠦᠭᠦᠨ ᠪᠠᠶᠢᠯᠳᠤᠭᠠᠳ ᠂ 14 ᠤ ᠡᠳᠦᠷ ᠦᠨ ᠦᠳᠡ ᠶ᠋ᠢᠨ ᠡᠮᠦᠨ᠎ᠡ ᠶᠠᠫᠣᠨ ᠴᠡᠷᠢᠭ ᠬᠠᠭᠤᠷᠮᠠᠭ ᠴᠡᠷᠢᠭ ᠢ ᠴᠣᠬᠢᠨ ᠤᠬᠤᠷᠢᠭᠤᠯᠪᠠ ᠃ 15 ᠤ ᠡᠳᠦᠷ ᠂ ᠶᠠᠫᠣᠨ ᠬᠠᠭᠤᠷᠮᠠᠭ ᠴᠡᠷᠢᠭ ᠦᠨ ᠮᠢᠩᠭ᠎ᠠ ᠭᠠᠷᠤᠶ ᠨᠢᠰᠬᠡᠯ ᠂ ᠶᠡᠬᠡ ᠫᠤᠤ ᠶ᠋ᠢᠨ ᠬᠠᠮᠠᠭᠠᠯᠠᠯ ᠳᠣᠣᠷ᠎ᠠ ᠳᠠᠬᠢᠨ ᠨᠢᠭᠡ ᠤᠳᠠᠭ᠎ᠠ ᠰᠢᠷᠦᠭᠦᠨ ᠳᠣᠪᠲᠣᠯᠵᠤ ᠂ ᠳᠠᠬᠢᠨ ᠨᠢᠭᠡ ᠤᠳᠠᠭ᠎ᠠ ᠭᠤᠮᠢᠨᠳᠠᠩ ᠤᠨ ᠰᠠᠬᠢᠭᠤᠯ ᠴᠡᠷᠢᠭ ᠲᠦ ᠴᠣᠬᠢᠨ ᠤᠬᠤᠷᠢᠭᠳᠠᠪᠠ ᠃ ᠲᠤᠬᠠᠢ ᠶ᠋ᠢᠨ ᠡᠳᠦᠷ ᠲᠦ ᠭᠤᠮᠢᠨᠳᠠᠩ ᠤᠨ ᠬᠦᠴᠦᠨ ᠨᠡᠮᠡᠬᠦ ᠴᠡᠷᠢᠭ ᠠᠩᠭᠢ ᠬᠦᠷᠦᠯᠴᠡᠨ ᠢᠷᠡᠵᠦ ᠂ ᠣᠮᠣᠭ ᠰᠦᠷ ᠨᠢ ᠶᠡᠬᠡᠪᠡᠷ ᠪᠠᠳᠠᠷᠠᠪᠠ ᠃ 16 ᠤ ᠡᠳᠦᠷ ᠦᠨ ᠥᠷᠯᠥᠭᠡ ᠂ ᠲᠠᠨᠠᠺᠠ ᠯᠦ᠋ᠩᠬᠢ ᠪᠡᠶ᠎ᠡ ᠪᠡᠷ ᠢᠶ᠋ᠡᠨ ᠶᠠᠫᠣᠨ ᠴᠡᠷᠢᠭ ᠬᠠᠭᠤᠷᠮᠠᠭ ᠴᠡᠷᠢᠭ ᠦᠨ ᠪᠠᠷᠤᠭ 5000 ᠬᠥᠮᠦᠨ ᠢ ᠵᠢᠯᠤᠭᠤᠳᠴᠤ ᠂ ᠶᠡᠬᠡ ᠫᠤᠤ ᠪᠣᠯᠤᠨ ᠬᠤᠶᠠᠭᠲᠤ ᠲᠡᠷᠭᠡ ᠂ ᠨᠢᠰᠬᠡᠯ ᠦᠨ ᠬᠠᠮᠠᠭᠠᠯᠠᠯ ᠳᠣᠣᠷ᠎ᠠ ᠬᠣᠩᠬᠢᠯᠳᠤ ᠵᠦᠭ ᠰᠢᠷᠦᠭᠦᠨ ᠳᠣᠪᠲᠤᠯᠤᠯᠲᠠ ᠬᠢᠵᠦ ᠂ ᠨᠡᠶᠢᠲᠡ 7 ᠤᠳᠠᠭ᠎ᠠ ᠳᠠᠭᠠᠷᠢᠯᠲᠠ ᠶᠠᠪᠤᠭᠤᠯᠪᠠ᠃ ᠭᠤᠮᠢᠨᠳᠠᠩ ᠤᠨ ᠰᠠᠬᠢᠭᠤᠯ ᠴᠡᠷᠢᠭ ᠮᠣᠩᠭᠣᠯ ᠬᠢᠲᠠᠳ ᠠᠷᠠᠳ ᠲᠦᠮᠡᠨ ᠤ ᠬᠦᠴᠦᠲᠡᠶ ᠳᠡᠮᠵᠢᠯᠭᠡ ᠶ᠋ᠢᠨ ᠳᠣᠣᠷ᠎ᠠ ᠬᠦᠴᠦᠷᠬᠡᠭ ᠳᠠᠶᠢᠰᠤᠨ ᠡᠴᠡ ᠠᠶᠤᠬᠤ ᠦᠭᠡᠶ ᠂ ᠡᠷᠡᠯᠬᠡᠭ ᠪᠠᠭᠠᠲᠤᠷᠯᠢᠭ ᠢᠶᠠᠷ ᠡᠰᠡᠷᠭᠦᠴᠡᠨ ᠲᠤᠯᠵᠤ ᠂ ᠵᠠᠯᠭᠠᠭ᠎ᠠ ᠪᠠᠷ ᠳᠠᠶᠢᠰᠤᠨ ᠤ ᠳᠠᠭᠠᠷᠢᠯᠲᠠ ᠶ᠋ᠢ ᠴᠣᠬᠢᠨ ᠤᠬᠤᠷᠢᠭᠤᠯᠪᠠ ᠃ ᠰᠢᠷᠦᠭᠦᠨ ᠪᠠᠶᠢᠯᠳᠤᠵᠤ ᠪᠠᠶᠢᠭᠰᠠᠨ ᠦᠶ᠎ᠡ ᠳ᠋ᠤ ᠂ ᠹᠦ᠋ ᠽᠦᠸᠸ ᠢ ᠪᠠᠶ᠎ᠡ ᠪᠠᠷ ᠢᠶᠡᠨ ᠬᠦᠷᠴᠦ ᠡᠮᠦᠨ᠎ᠡ ᠹᠷᠣᠨᠲ᠋ ᠲᠤ ᠳᠠᠶᠢᠨ ᠵᠢᠯᠣᠭᠣᠳᠴᠤ ᠂ ᠵᠠᠷᠯᠢᠭ ᠪᠠᠭᠤᠯᠭᠠᠨ ᠰᠦᠢᠶᠤᠸᠠᠨ ᠤ ᠵᠡᠭᠦᠨ ᠬᠡᠰᠡᠭ ᠦᠨ ᠰᠠᠬᠢᠨ ᠬᠠᠮᠠᠭᠠᠯᠠᠬᠤ ᠳᠡᠳ᠋ ᠶᠡᠷᠦᠩᠬᠡᠶ ᠵᠢᠯᠤᠭᠤᠳᠤᠭᠴᠢ ᠳ᠋ᠦᠩ ᠴᠢ ᠡᠦ ᠶ᠋ᠢ ᠴᠡᠷᠢᠭ ᠢᠶ᠋ᠡᠨ ᠳᠠᠭᠠᠭᠤᠯᠤᠨ ᠬᠣᠩᠬᠢᠯᠲᠤ ᠶ᠋ᠢᠨ ᠵᠡᠭᠦᠨ ᠬᠣᠶᠢᠨᠠ ᠪᠠᠶᠢᠭ᠎ᠠ ᠳ᠋ᠠ ᠯᠠᠲᠣᠰᠬᠣᠨ ᠂ ᠲᠦ᠋ ᠴᠧᠩ ᠽᠢ ᠳ᠋ᠤ ᠪᠠᠶᠢᠭᠤᠯᠤᠭᠰᠠᠨ ᠲᠠᠨᠠᠺᠠ ᠯᠣᠩᠭᠢ ᠪᠣᠯᠤᠨᠸᠠᠩ ᠶᠢᠩ ᠦᠨ ᠵᠢᠯᠣᠭᠣᠳᠬᠤ ᠭᠠᠵᠠᠷ ᠢ ᠭᠡᠨᠡᠳᠡᠭᠦᠯᠦᠨ ᠳᠠᠭᠠᠷᠢᠵᠤ ᠂ ᠡᠭᠦᠨ ᠤ ᠬᠠᠮᠲᠤ ᠴᠡᠷᠢᠭ ᠲᠣᠮᠢᠯᠠᠨᠳ᠋ᠠ ᠯᠠᠲᠣᠰᠬᠣᠨ ᠂ ᠲᠦ᠋ ᠴᠧᠩ ᠽᠢ ᠶ᠋ᠢᠨ ᠵᠡᠭᠦᠨᠳᠡᠬᠢ ᠣᠷᠣᠨ ᠤ ᠲᠤᠰᠠᠯᠠᠬᠤ ᠪᠡᠷ ᠢᠷᠡᠭᠰᠡᠨ ᠳᠠᠶᠢᠰᠤᠨ ᠢ ᠴᠣᠬᠢᠵᠤ ᠤᠬᠤᠷᠢᠭᠤᠯᠪᠠ ᠃ 18 ᠤ ᠡᠳᠦᠷ ᠂ ᠭᠤᠮᠢᠨᠳᠠᠩ ᠤᠨ ᠴᠡᠷᠢᠭ ᠪᠦᠬᠦ ᠱᠣᠭᠤᠮ ᠢᠶᠠᠷ ᠭᠡᠳᠡᠷᠭᠦ ᠳᠠᠭᠠᠷᠢᠯᠲᠠ ᠬᠢᠵᠦ ᠂ ᠳᠠᠶᠢᠰᠤᠨ ᠤ ᠵᠢᠯᠣᠭᠣᠳᠬᠤ ᠭᠠᠵᠠᠷ ᠂ ᠶᠠᠫᠣᠨ ᠴᠡᠷᠢᠭ ᠪᠠ ᠬᠠᠭᠤᠷᠮᠠᠭ ᠴᠡᠷᠢᠭ ᠪᠥ᠋ᠬᠦ ᠹᠠᠷᠣᠨᠲ ᠢᠶᠠᠷ ᠢᠶᠡᠨ ᠰᠦᠢᠷᠡᠵᠦ᠂ ᠱᠠᠩ ᠳ᠋ᠦ᠋ ᠵᠦᠭ ᠲᠤᠲᠠᠭᠠᠨ᠂ ᠭᠤᠮᠢᠨᠳᠠᠩ ᠤᠨ ᠣᠷᠢᠲᠤ ᠴᠡᠷᠢᠭ ᠲᠦ ᠴᠠᠬᠠᠷ ᠤᠨ ᠬᠢᠯᠢ ᠳᠣᠲᠣᠷ᠎ᠠ ᠬᠦᠷᠲᠡᠯ᠎ᠡ ᠨᠡᠬᠡᠮᠵᠢᠯᠡᠭᠳᠡᠭᠰᠡᠨ ᠪᠠᠶᠢᠨ᠎ᠠ ᠃ ᠬᠣᠩᠬᠢᠯᠲᠤ ᠶ᠋ᠢᠨ ᠳᠠᠶᠢᠯᠠᠯᠳᠤᠭᠠᠨ ᠨᠢ ᠨᠡᠶᠢᠲᠡ 5 ᠡᠳᠦᠷ ᠰᠢᠷᠦᠭᠦᠨ ᠪᠠᠶᠢᠯᠳᠤᠭᠠᠳ ᠂ ᠳᠠᠶᠢᠰᠤᠨ ᠤ ᠴᠡᠷᠢᠭ ᠢ ᠬᠡᠳᠦᠨ ᠵᠠᠭᠤᠨ ᠬᠥᠮᠦᠨ ᠰᠥᠨᠦᠭᠡᠵᠦ᠂ 300 ᠭᠠᠷᠤᠶ ᠬᠥᠮᠦᠨ ᠣᠯᠵᠠᠯᠠᠵᠤ ᠂ ᠠᠷᠪᠠᠭᠠᠳ ᠮᠠᠰᠢᠨ ᠲᠡᠷᠭᠡᠴᠢ ᠷᠠᠳᠢᠣ᠋ ᠵᠡᠷᠭᠡ ᠪᠤᠰᠤᠳ ᠡᠳ᠋ ᠪᠣᠳᠠᠰ ᠣᠯᠵᠠᠯᠠᠪᠠ ᠃ ᠹᠦ᠋ ᠽᠦᠸᠸ ᠢ ᠶ᠋ᠢᠨ ᠴᠡᠷᠢᠭ ᠴᠦ ᠬᠦᠨᠳᠦ ᠶᠡᠬᠡ ᠦᠨ᠎ᠡ ᠥᠷᠲᠡᠭ ᠭᠠᠷᠭᠠᠭᠰᠠᠨ ᠶᠤᠮ ᠃ ᠰᠦᠢᠶᠤᠸᠠᠨ ᠤ ᠶᠠᠫᠤᠨ ᠢ ᠡᠰᠡᠷᠭᠦᠴᠡᠬᠦ ᠳᠠᠢᠢᠨ ᠤ ᠠᠩᠬᠠᠨ ᠤ ᠢᠯᠠᠯᠲᠠ ᠨᠢ ᠶᠠᠫᠣᠨ ᠴᠡᠷᠢᠭ ᠪᠠ ᠬᠠᠭᠤᠷᠮᠠᠭ ᠴᠡᠷᠢᠭ ᠦᠨ ᠣᠮᠣᠭ ᠰᠥᠷ ᠲᠦ ᠬᠦᠨᠳᠦ ᠴᠣᠬᠢᠯᠲᠠ ᠥᠭᠴᠦ ᠂ ᠰᠦᠢᠶᠤᠸᠠᠨ ᠤ ᠡᠯ᠎ᠡ ᠦᠨᠳᠦᠰᠦᠲᠡᠨ ᠨᠤᠭᠦᠳ ᠤᠨ ᠴᠡᠷᠢᠭ ᠠᠷᠠᠳ ᠤᠨ ᠲᠡᠮᠡᠴᠡᠯ ᠦᠨ ᠵᠣᠷᠢᠭ ᠢ ᠬᠥᠭᠵᠢᠭᠡᠨ ᠪᠠᠳᠠᠷᠠᠭᠤᠯᠵᠤ ᠂ ᠪᠠᠲᠤ ᠬᠠᠭᠠᠯᠭ᠎ᠠ ᠶ᠋ᠢᠨ ᠳᠠᠶᠢᠯᠠᠯᠳᠤᠭᠠᠨ ᠳ᠋ᠦ ᠰᠠᠭᠤᠷᠢ ᠲᠠᠯᠪᠢᠵᠤ ᠥᠭᠭᠦᠭᠰᠡᠨ ᠪᠠᠶᠢᠨ᠎ᠠ ᠃
ᠪᠠᠲᠤ ᠬᠠᠭᠠᠯᠭ᠎ᠠ ᠨᠢ ᠭᠦᠢᠰᠦᠢ ᠡᠴᠡ ᠪᠠᠷᠤᠭ 170 ᠺᠢᠯᠣᠮᠧᠲ᠋ᠷ ᠵᠠᠶᠢᠲᠠᠶ ᠂ ᠰᠦᠢᠶᠤᠸᠠᠨ ᠤ ᠬᠣᠶᠢᠲᠤ ᠬᠡᠰᠡᠭ ᠦᠨ ᠱᠠᠰᠢᠨ ᠰᠤᠷᠲᠠᠬᠤᠨ ᠂ ᠵᠠᠮ ᠬᠠᠷᠢᠯᠴᠠᠭᠠᠨ ᠤ ᠴᠢᠬᠤᠯᠠ ᠭᠠᠵᠠᠷ ᠂ ᠰᠦᠮ᠎ᠡ ᠬᠡᠶᠢᠳ ᠦᠨ ᠪᠠᠷᠢᠯᠭ᠎ᠠ ᠨᠢ ᠠᠪᠤᠷᠭᠤ ᠰᠦᠷᠯᠢᠭ ᠂ ᠭᠠᠵᠠᠷ ᠤᠨ ᠪᠠᠶᠢᠴᠠ ᠪᠠᠷᠲᠠᠭ᠎ᠠ ᠶᠡᠬᠡᠲᠡᠶ ᠂ ᠶᠡᠷᠦ ᠡᠴᠡ ᠴᠡᠷᠢᠭ ᠦᠨ ᠶᠠᠪᠤᠳᠠᠯ ᠤᠨ ᠵᠠᠪᠠᠯ ᠪᠤᠯᠢᠶᠠᠯᠳᠤᠬᠤ ᠭᠠᠵᠠᠷ ᠶᠤᠮ ᠃ ᠬᠣᠩᠬᠢᠯᠲᠤ ᠶ᠋ᠢ ᠬᠠᠮᠠᠭᠠᠯᠠᠬᠤ ᠲᠠᠢᠢᠨ ᠢᠯᠠᠭᠳᠠᠭᠰᠠᠨ ᠤ ᠲᠠᠷᠠᠭ᠎ᠠ ᠂ ᠲᠠᠨᠠᠺᠠ ᠯᠦ᠋ᠩᠬᠢ ᠲᠡᠷᠡ ᠳᠠᠷᠤᠶ ᠸᠠᠩ ᠶᠢᠩ ᠦᠨ ᠬᠠᠭᠤᠷᠮᠠᠭ ᠴᠡᠷᠢᠭ ᠂ ᠵᠢᠨ ᠰᠢᠶᠠᠨ ᠵᠠᠩ ᠂ ᠱᠢ ᠢᠦᠢ ᠱᠠᠨ ᠤ ᠬᠠᠭᠤᠷᠮᠠᠭ ᠮᠣᠩᠭᠣᠯ ᠴᠡᠷᠢᠭ ᠦᠨ ᠬᠡᠯᠲᠡᠰ ᠲᠠᠢ ᠬᠠᠪᠰᠤᠷᠤᠨ ᠮᠦ ᠺᠸ ᠳ᠋ᠧᠩ ᠪᠣᠣ ᠶ᠋ᠢᠨ ᠴᠡᠷᠢᠭ ᠲᠠᠢ ᠬᠠᠮᠲᠤ ᠪᠠᠲᠤ ᠬᠠᠭᠠᠯᠭ᠎ᠠ ᠶ᠋ᠢ ᠪᠠᠲᠤ ᠰᠠᠬᠢᠬᠤ ᠬᠡᠷᠡᠭᠲᠡᠶ ᠪᠥᠭᠡᠳ ᠰᠦᠢᠶᠤᠸᠠᠨ ᠤ ᠬᠣᠶᠢᠲᠤ ᠬᠡᠰᠡᠭ ᠦᠨ ᠡᠯ᠎ᠡ ᠭᠠᠵᠠᠷ ᠵᠦᠭ ᠳᠣᠪᠲᠤᠯᠬᠤ ᠪᠠᠷ ᠪᠡᠯᠡᠳᠬᠡᠪᠡ ᠃ 11 ᠰᠠᠷ᠎ᠠ ᠶ᠋ᠢᠨ 23 ᠤ ᠡᠳᠦᠷ ᠂ ᠤᠮᠠᠷᠠᠲᠤ ᠴᠠᠬᠠᠷ ᠤᠨ ᠮᠠᠰᠢᠨ ᠲᠡᠷᠭᠡ ᠶᠡᠬᠡ ᠬᠡᠮᠵᠢᠶᠡᠨ ᠤ ᠫᠤᠤ ᠵᠡᠪᠰᠡᠭ ᠂ ᠰᠤᠮᠤ ᠲᠠᠷᠢ ᠶ᠋ᠢ ᠪᠠᠲᠤ ᠬᠠᠭᠠᠯᠭ᠎ᠠ ᠳ᠋ᠤ ᠵᠥᠭᠡᠭᠡᠪᠦᠷᠢᠯᠡᠨ ᠬᠦᠷᠭᠡᠪᠡ ᠃ 24 ᠤ ᠡᠳᠦᠷ ᠂ ᠵᠠᠯᠭᠠᠯᠳᠤᠭᠠᠪᠠᠷ 5000 ᠬᠠᠭᠤᠷᠮᠠᠭ ᠮᠣᠩᠭᠣᠯ ᠴᠡᠷᠢᠭ ᠢ ᠪᠠᠲᠤ ᠬᠠᠭᠠᠯᠭ᠎ᠠ ᠳ᠋ᠤ ᠵᠥᠭᠡᠭᠡᠪᠦᠷᠢᠯᠡᠨ ᠬᠦᠷᠭᠡᠪᠡ ᠃ ᠹᠦ᠋ ᠽᠦᠸᠸ ᠢ ᠶᠠᠫᠣᠨ ᠬᠠᠭᠤᠷᠮᠠᠭ ᠴᠡᠷᠢᠭ ᠦᠨ ᠴᠡᠷᠢᠭ ᠦᠨ ᠮᠡᠳᠡᠭᠡ ᠶ᠋ᠢ ᠮᠡᠳᠡᠭᠰᠡᠨ ᠤ ᠳᠠᠷᠠᠭ᠎ᠠ ᠲᠡᠷᠡ ᠳᠠᠷᠤᠶ ᠳᠤᠨᠢ ᠴᠡᠷᠢᠭ ᠦᠨ ᠶᠠᠪᠤᠳᠠᠯ ᠤᠨ ᠬᠤᠷᠠᠯ ᠬᠤᠷᠠᠯᠳᠤᠭᠤᠯᠵᠤ ᠂ ᠪᠠᠲᠤ ᠬᠠᠭᠠᠯᠭ᠎ᠠ ᠶ᠋ᠢ ᠡᠪᠬᠡᠭᠦᠯᠦᠨ ᠠᠪᠬᠤ ᠲᠥᠯᠦᠪᠯᠡᠭᠡ ᠶ᠋ᠢ ᠰᠤᠳᠤᠯᠤᠨ ᠲᠣᠭᠲᠠᠭᠠᠵᠤ ᠂ ᠰᠦᠢᠶᠤᠸᠠᠨ ᠤ ᠬᠣᠶᠢᠲᠤ ᠬᠡᠰᠡᠭ ᠲᠡᠬᠢ ᠪᠠᠲᠤᠯᠠᠨ ᠬᠠᠮᠠᠭᠠᠯᠠᠯᠲᠠ ᠶ᠋ᠢᠨ ᠳᠡᠳ᠋ ᠶᠡᠷᠦᠩᠬᠡᠶ ᠵᠢᠯᠤᠭᠤᠳᠤᠭᠴᠢ ᠰᠦᠨ ᠴᠠᠩ ᠱᠸᠩ ᠂ ᠰᠦᠨ ᠯᠠᠨ ᠹᠸᠩ ᠢ ᠪᠠᠲᠤ ᠬᠠᠭᠠᠯᠭ᠎ᠠ ᠶ᠋ᠢ ᠪᠤᠴᠠᠭᠠᠨ ᠠᠪᠬᠤ ᠳᠠᠶᠢᠯᠠᠯᠳᠤᠭᠠᠨ ᠤ ᠡᠮᠦᠨ᠎ᠡ ᠹᠷᠣᠨᠲ ᠤᠨ ᠶᠡᠷᠦᠩᠬᠡᠶ ᠳᠡᠳ᠋ ᠵᠢᠯᠤᠭᠤᠳᠤᠬᠴᠢ ᠂ ᠶᠠᠪᠠᠭᠠᠨ ᠴᠡᠷᠢᠭ ᠮᠣᠷᠢᠲᠤ ᠴᠡᠷᠢᠭ ᠲᠤᠰ ᠲᠤᠰ 3 ᠬᠣᠷᠢᠶ᠎ᠠ ᠪᠠ ᠶᠡᠬᠡ ᠫᠤᠤᠲᠤ ᠴᠡᠷᠢᠭ ᠂ ᠬᠤᠶᠠᠭᠲᠤ ᠲᠡᠷᠭᠡ ᠠᠩᠬᠢ ᠵᠡᠷᠭᠡ ᠶ᠋ᠢ 11 ᠰᠠᠷ᠎ᠠ ᠶ᠋ᠢᠨ 22 ᠤ ᠡᠳᠦᠷ ᠪᠠᠲᠤ ᠬᠠᠭᠠᠯᠭ᠎ᠠ ᠡᠴᠠ ᠵᠡᠭᠦᠨ ᠡᠮᠦᠨᠡᠰᠢ ᠳᠠᠯᠠᠨ ᠲᠠᠪᠤᠨ ᠺᠢᠯᠣᠮᠧᠲ᠋ᠷ ᠵᠠᠶᠢᠲᠠᠶ ᠡᠯ ᠹᠸᠨ ᠽᠢ ᠤ ᠯᠤᠨ ᠭᠦᠩ ᠬᠤ ᠲᠦᠩ ᠳ᠋ᠦ ᠲᠥᠪᠯᠡᠷᠡᠭᠦᠯᠦᠨ ᠪᠠᠶᠢᠷᠢᠰᠢᠭᠤᠯᠪᠠ ᠃ 23 ᠤ ᠡᠳᠦᠷ ᠦᠨ ᠰᠥᠨᠢ ᠶ᠋ᠢᠨ 12 ᠴᠠᠭ ᠲᠤ ᠂ ᠴᠡᠷᠢᠭ ᠠᠨᠭᠭᠢ ᠲᠣᠭᠲᠠᠭᠰᠠᠨ ᠴᠠᠭ ᠲᠠᠭᠠᠨ ᠪᠠᠲᠤ ᠬᠠᠭᠠᠯᠭ᠎ᠠ ᠶ᠋ᠢᠨ ᠣᠶᠢᠷᠠᠯᠴᠠᠭ᠎ᠠ ᠳᠠᠭᠠᠷᠢᠬᠤ ᠣᠷᠣᠨ ᠪᠠᠶᠢᠷᠢ ᠳ᠋ᠦ ᠬᠦᠷᠴᠦ ᠂ ᠵᠠᠷᠯᠢᠭ ᠪᠠᠭᠤᠮᠠᠭᠴᠠ ᠡᠯ᠎ᠡ ᠳᠠᠭᠠᠷᠢᠯᠲᠠ ᠶ᠋ᠢᠨ ᠭᠠᠵᠠᠷ ᠵᠦᠭ ᠰᠢᠷᠦᠭᠦᠨ ᠳᠠᠭᠠᠷᠢᠯᠲᠠ ᠶᠠᠪᠤᠭᠤᠯᠪᠠ ᠃ ᠶᠠᠫᠣᠨ ᠴᠡᠷᠢᠭ ᠬᠠᠭᠤᠷᠮᠠᠭ ᠴᠡᠷᠢᠭ ᠬᠡᠳᠦᠶᠢᠪᠡᠷ ᠪᠠᠲᠤ ᠪᠡᠬᠢᠯᠡᠯᠲᠡ ᠪᠠᠶᠢᠬᠤ ᠪᠣᠯᠪᠠᠴᠤ ᠬᠠᠰᠢᠵᠤ ᠬᠣᠷᠢᠭᠯᠠᠬᠤ ᠬᠥᠮᠦᠨ ᠦᠭᠡᠢ᠂ ᠫᠤᠤ ᠶ᠋ᠢᠨ ᠳᠠᠭᠤᠨ ᠳᠤᠤᠭᠠᠷᠬᠤ ᠦᠶ᠎ᠡ ᠳ᠋ᠤ ᠰᠠᠶ᠋ᠢ ᠵᠡᠭᠦᠳᠦᠨ ᠡᠴᠡ ᠪᠡᠨ ᠰᠣᠴᠢᠨ ᠰᠡᠷᠢᠭᠡᠳ ᠂ ᠶᠠᠭᠠᠷᠠᠨ ᠳᠠᠶᠢᠨ ᠳ᠋ᠤ ᠣᠷᠤᠯᠴᠠᠭᠰᠠᠨ ᠪᠠᠶᠢᠨ᠎ᠠ ᠃ ᠶᠠᠫᠤᠨ ᠴᠡᠷᠢᠭ ᠦᠨ ᠲᠠᠩᠨᠠᠭᠤᠯ ᠤᠨ ᠪᠠᠶᠢᠭᠤᠯᠭ᠎ᠠ ᠶ᠋ᠢᠨ ᠳᠠᠷᠤᠭ᠎ᠠ ᠱᠸᠩ ᠳ᠋ᠣᠣ ᠵᠢᠶᠣᠣ ᠹᠠᠩ ᠪᠡᠶ᠎ᠡ ᠪᠡᠷ ᠢᠶ᠋ᠡᠨ ᠬᠦᠷᠴᠦ 3 ᠂ 4 ᠴᠠᠭ ᠰᠢᠷᠦᠭᠦᠨ ᠪᠠᠶᠢᠯᠳᠤᠪᠠ ᠃ ᠦᠦᠷ ᠭᠡᠭᠡᠷᠡᠬᠦ ᠳ᠋ᠦ ᠮᠦᠨ ᠪᠠᠲᠤ ᠬᠠᠭᠠᠯᠭ᠎ᠠ ᠶ᠋ᠢ ᠡᠵᠡᠯᠡᠵᠦ ᠳᠡᠶᠢᠯᠦᠭᠰᠡᠨ ᠦᠭᠡᠢ ᠃ ᠦᠦᠷ ᠭᠡᠭᠡᠷᠡᠭᠰᠡᠨ ᠤ ᠳᠠᠷᠠᠭ᠎ᠠ ᠳᠠᠶᠢᠰᠤᠨ ᠤ ᠲᠤᠰᠠᠯᠠᠬᠤ ᠴᠡᠷᠢᠭ ᠲᠣᠮᠢᠯᠠᠬᠤ ᠶ᠋ᠢ ᠰᠡᠷᠭᠡᠶᠢᠯᠡᠬᠦ ᠶ᠋ᠢᠨ ᠲᠥᠯᠥᠭᠡ ᠂ ᠵᠠᠷᠯᠢᠭ ᠪᠠᠭᠤᠯᠭᠠᠨ ᠶᠡᠬᠡ ᠫᠤᠤᠲᠤ ᠴᠡᠷᠢᠭ ᠦᠨ ᠰᠢᠷᠦᠭᠦᠨ ᠳᠠᠭᠠᠷᠢᠯᠲᠠ ᠵᠢᠴᠢ ᠬᠤᠶᠠᠭᠲᠤ ᠲᠡᠷᠭᠡ ᠠᠨᠭᠭᠢ ᠪᠠ ᠶᠠᠪᠠᠭᠠᠨ ᠴᠡᠷᠢᠭ ᠦᠨ ᠰᠢᠷᠦᠭᠦᠨ ᠳᠠᠭᠠᠷᠢᠯᠳᠠ ᠳᠣᠣᠷ᠎ᠠ ᠶᠠᠫᠣᠨ ᠴᠡᠷᠢᠭ ᠬᠠᠭᠤᠷᠮᠠᠭ ᠴᠡᠷᠢᠭ ᠠᠭᠠᠵᠢᠮ ᠢᠶᠠᠷ ᠴᠢᠳᠠᠯ ᠬᠦᠷᠬᠦ ᠦᠭᠡᠢ ᠪᠣᠯᠪᠠ ᠃ ᠡᠭᠦᠨ ᠤ ᠳᠡᠭᠡᠷ᠎ᠡ ᠬᠠᠭᠤᠷᠮᠠᠭ ᠮᠣᠩᠭᠣᠯ ᠴᠡᠷᠢᠭ ᠦᠨ 20 ᠭᠠᠷᠤᠶ ᠳᠠᠷᠤᠭ᠎ᠠ ᠪᠠᠶᠢᠯᠳᠤᠭᠴᠢᠳ ᠵᠡᠪᠰᠡᠭ ᠢᠶ᠋ᠡᠨ ᠭᠡᠳᠡᠷᠭᠦ ᠬᠠᠨᠳᠤᠭᠤᠯᠤᠨ ᠂ ᠳᠣᠲᠣᠷ᠎ᠠ ᠭᠠᠳᠠᠨ᠎ᠠ ᠡᠴᠡ ᠬᠠᠪᠰᠤᠷᠤᠭᠰᠠᠨ ᠡᠴᠠ ᠳᠠᠶᠢᠰᠤᠨ ᠡᠴᠦᠰ ᠲᠡᠬᠡᠨ ᠢᠯᠠᠭᠳᠠᠭᠰᠠᠨ ᠪᠠᠶᠢᠨ᠎ᠠ ᠃ ᠱᠧᠩ ᠳ᠋ᠣᠣ ᠵᠢᠶᠣᠣ ᠹᠠᠩ ᠂ ᠮᠦ ᠺᠸ ᠳ᠋ᠧᠩ ᠪᠦᠦ ᠵᠡᠷᠭᠡ ᠶᠠᠫᠣᠨ ᠴᠡᠷᠢᠭ ᠪᠠ ᠬᠠᠭᠤᠷᠮᠠᠭ ᠴᠡᠷᠢᠭ ᠮᠠᠰᠢᠨ ᠲᠡᠷᠭᠡ ᠪᠡᠷ ᠵᠠᠮ ᠪᠤᠯᠢᠶᠠᠨ ᠳᠤᠲᠠᠭᠠᠪᠠ ᠃ 24 ᠤ ᠡᠳᠦᠷ ᠦᠨ ᠥᠷᠯᠦᠭᠡ ᠶ᠋ᠢᠨ 8 ᠴᠠᠭ ᠲᠤ ᠶᠠᠫᠣᠨ ᠴᠡᠷᠢᠭ ᠪᠠ ᠬᠠᠭᠤᠷᠮᠠᠭ ᠴᠡᠷᠢᠭ ᠦᠨ ᠦᠯᠡᠳᠡᠭᠳᠡᠯ ᠢ ᠪᠦ᠋ᠬᠦᠨ ᠢ ᠰᠥᠨᠥᠭᠡᠵᠦ ᠂ ᠪᠠᠲᠤ ᠬᠠᠭᠠᠯᠭ᠎ᠠ ᠶ᠋ᠢ ᠪᠤᠴᠠᠭᠠᠨ ᠠᠪᠴᠢᠷᠠᠭᠰᠠᠨ ᠪᠠᠶᠢᠨ᠎ᠠ ᠃ ᠡᠨᠡ ᠤᠳᠠᠭᠠᠨ ᠤ ᠳᠠᠶᠢᠯᠠᠯᠳᠤᠭᠠᠨ ᠨᠢ 300 ᠭᠠᠷᠤᠶ ᠳᠠᠶᠢᠰᠤᠨ ᠢ ᠤᠰᠳᠬᠠᠵᠦ᠂ 600 ᠭᠠᠷᠤᠶ ᠬᠥᠮᠦᠨ ᠢ ᠰᠢᠷᠬᠠᠳᠠᠭᠤᠯᠵᠤ ᠂ 400 ᠭᠠᠷᠤᠶ ᠬᠥᠮᠦᠨ ᠢ ᠣᠯᠵᠠᠯᠠᠵᠤ ᠂ ᠶᠡᠬᠡ ᠫᠤᠤ 9 ᠡᠭᠦᠳᠡ ᠂ 600 ᠭᠠᠷᠤᠶ ᠫᠤᠤ ᠂ ᠷᠠᠳᠢᠣ᠋ 3 ᠂ ᠴᠢᠶ᠋ᠢᠦ 500 ᠭᠠᠷᠤᠶ ᠰᠠᠭᠤᠯᠠᠭ᠎ᠠ ᠂ ᠠᠮᠤ ᠪᠤᠳᠠᠭ᠎ᠠ 2 ᠲᠦᠮᠡᠨ ᠤᠭᠤᠲᠠ ᠵᠢᠴᠢ ᠪᠤᠰᠤᠳ ᠡᠯ᠎ᠡ ᠵᠦᠢᠯ ᠦᠨ ᠴᠡᠷᠢᠭ ᠦᠨ ᠪᠠᠭᠠᠵᠢ ᠬᠡᠷᠡᠭᠰᠡᠯ ᠂ ᠭᠠᠵᠠᠷ ᠤᠨ ᠵᠢᠷᠤᠭ ᠵᠢᠴᠢ ᠠᠭᠲᠠ ᠪᠠ ᠶᠡᠬᠡ ᠬᠡᠮᠵᠢᠶᠡᠨ ᠤ ᠰᠤᠮᠤ ᠲᠠᠷᠢ ᠵᠡᠷᠭᠡ ᠶ᠋ᠢ ᠣᠯᠵᠠᠯᠠᠪᠠ ᠃ ᠹᠦ᠋ ᠽᠦᠸᠸ ᠢ ᠶ᠋ᠢᠨ ᠴᠡᠷᠢᠭ ᠠᠡᠭᠬᠢ 300 ᠭᠠᠷᠤᠶ ᠬᠥᠮᠦᠨ ᠰᠢᠷᠬᠠᠲᠤᠭᠰᠠᠨ ᠪᠠᠶᠢᠨ᠎ᠠ ᠃ ᠶᠠᠫᠣᠨ ᠴᠡᠷᠢᠭ ᠪᠠ ᠬᠠᠭᠤᠷᠮᠠᠭ ᠴᠡᠷᠢᠭ ᠢᠯᠠᠭᠳᠠᠭᠰᠠᠨ ᠳ᠋ᠤ ᠪᠠᠨ ᠬᠣᠷᠤᠰᠴᠤ᠂ ᠡᠳᠦᠷ ᠰᠥᠨᠢ ᠳᠠᠷᠠᠭᠠᠯᠠᠨ ᠨᠢᠰᠬᠡᠯ ᠲᠣᠮᠢᠯᠠᠨ ᠲᠠᠩᠨᠠᠬᠤ ᠂ ᠳᠡᠯᠪᠡᠴᠢᠬᠦ ᠠᠵᠢᠯᠯᠠᠭ᠎ᠠ ᠬᠢᠵᠦ ᠪᠠᠶᠢᠪᠠ ᠃ 12 ᠰᠠᠷ᠎ᠠ ᠶ᠋ᠢᠨ 3 ᠤ ᠡᠳᠦᠷ ᠂ ᠱᠧᠩ ᠳ᠋ᠣᠣ ᠵᠢᠶᠣᠣ ᠹᠠᠩ ᠂ ᠸᠠᠩ ᠶᠢᠩ ᠦᠨ ᠬᠠᠭᠤᠷᠮᠠᠭ ᠴᠡᠷᠢᠭ ᠪᠣᠯᠤᠨ ᠳᠡᠳ᠋ ᠰᠧᠯᠢᠩ ᠯᠸᠢ ᠵᠦᠩ ᠲᠢᠶᠠᠨ ᠬᠠᠭᠤᠷᠮᠠᠭ ᠴᠡᠷᠢᠭ 4000 ᠭᠠᠷᠤᠶ ᠬᠥᠮᠦᠨ ᠢ ᠳᠠᠭᠠᠭᠤᠯᠵᠤ ᠳᠠᠬᠢᠵᠤ ᠪᠠᠲᠤ ᠬᠠᠭᠠᠯᠭ᠎ᠠ ᠳ᠋ᠤ ᠬᠠᠯᠳᠠᠭᠰᠠᠨ ᠪᠠᠶᠢᠪᠠ᠃ ᠰᠦᠨ ᠯᠠᠨ ᠹᠸᠩ ᠦᠨ ᠴᠡᠷᠢᠭ ᠠᠡᠭᠬᠢ ᠭᠡᠳᠡᠷᠭᠦ ᠴᠣᠬᠢᠵᠤ ᠂ ᠳᠠᠶᠢᠰᠤᠨ ᠤ ᠴᠡᠷᠢᠭ ᠢ 500 ᠭᠠᠷᠤᠶ ᠬᠥᠮᠦᠨ ᠤᠰᠠᠳᠬᠠᠵᠤ ᠂ 200 ᠭᠠᠷᠤᠶ ᠬᠥᠮᠦᠨ ᠣᠯᠵᠠᠯᠠᠭᠳᠠᠪᠠ ᠂ ᠯᠸᠢ ᠵᠦᠩ ᠲᠢᠶᠠᠨ ᠰᠤᠮᠤᠨ ᠳ᠋ᠤ ᠣᠨᠣᠭᠳᠠᠵᠤ ᠠᠮᠢ ᠪᠠᠨ ᠠᠯᠳᠠᠵᠤ ᠂ ᠦᠯᠡᠳᠡᠭᠰᠡᠨ ᠳᠠᠶᠢᠰᠤᠨ ᠨᠢ ᠪᠤᠳᠠᠷᠠᠨ ᠲᠤᠲᠠᠭᠠᠭᠰᠠᠨ ᠪᠠᠶᠢᠨ᠎ᠠ ᠂ ᠪᠠᠲᠤ ᠬᠠᠭᠠᠯᠭ᠎ᠠ ᠶ᠋ᠢᠨ ᠳᠠᠶᠢᠯᠠᠯᠳᠤᠭᠠᠨ ᠳᠠᠬᠢᠨᠲᠠ ᠢᠯᠠᠯᠲᠠ ᠤᠯᠪᠠ ᠃
ᠬᠣᠩᠬᠢᠯᠳᠤ ᠂ ᠪᠠᠲᠤ ᠬᠠᠭᠠᠯᠭ᠎ᠠ ᠶ᠋ᠢᠨ ᠳᠠᠶᠢᠯᠠᠯᠳᠤᠭᠠᠨ ᠤ ᠳᠠᠷᠠᠭ᠎ᠠ ᠂ ᠬᠠᠭᠤᠷᠮᠠᠭ ᠴᠡᠷᠢᠭ ᠯᠡᠭᠸᠷ ᠡᠮᠬᠢ ᠵᠠᠮᠪᠠᠷᠠᠭ᠎ᠠ ᠦᠭᠡᠶ ᠂ ᠴᠡᠷᠢᠭ ᠦᠨ ᠰᠡᠳᠬᠢᠯ ᠰᠠᠮᠠᠭᠤᠷᠠᠵᠤ᠂ ᠣᠯᠠᠩᠬᠢ ᠳᠠᠷᠤᠭ᠎ᠠ ᠪᠠᠶᠢᠯᠳᠤᠭᠴᠢᠳ ᠶᠠᠫᠣᠨ ᠴᠡᠷᠢᠭ ᠦᠨ ᠡᠵᠡᠮᠰᠢᠯ ᠡᠴᠡ ᠰᠠᠯᠬᠤ ᠪᠠᠷ ᠣᠷᠤᠯᠳᠤᠪᠠ᠃ ᠹᠦ᠋ ᠽᠦ᠋ᠸᠸ ᠢ ᠪᠠᠰᠠ ᠠᠯᠪᠠᠨ ᠵᠠᠷ ᠭᠠᠷᠭᠠᠵᠤ ᠂ ᠬᠠᠭᠤᠷᠮᠠᠭ ᠮᠣᠩᠭᠣᠯ ᠴᠡᠷᠢᠭ ᠲᠦ ᠥᠷᠦᠰᠢᠶᠡᠯ ᠦᠵᠡᠭᠦᠯᠵᠦ᠂ ᠪᠠᠭᠤᠵᠤ ᠥᠭᠭᠦᠭᠰᠡᠳ ᠳᠠᠷᠤᠭ᠎ᠠ ᠪᠠᠶᠢᠯᠳᠤᠭᠴᠢᠳ ᠢᠶᠡᠬᠡ ᠪᠡᠷ ᠱᠠᠩᠨᠠᠵᠤ ᠂ ᠭᠡᠪᠡᠴᠦ ᠴᠡᠷᠢᠭ ᠦᠨ ᠳᠣᠲᠣᠷᠠᠬᠢ ᠪᠦ᠋ᠬᠦ ᠶᠠᠫᠣᠨ ᠴᠡᠷᠢᠭ ᠦᠨ ᠵᠥᠪᠯᠡᠭᠴᠢ ᠶ᠋ᠢ ᠤᠰᠠᠳᠬᠠᠬᠤ ᠪᠠᠷ ᠨᠥᠭᠦᠴᠡᠯ ᠪᠣᠯᠭᠠᠪᠠ ᠃ 12 ᠳ᠋ᠤᠭᠠᠷ ᠰᠠᠷ᠎ᠠ ᠶ᠋ᠢᠨ 7 ᠂ 8 ᠬᠣᠶᠠᠷ ᠡᠳᠦᠷ ᠂ ᠸᠠᠩ ᠶᠢᠩ ᠦᠨ ᠪᠣᠰᠤᠯᠭ᠎ᠠ ᠶ᠋ᠢᠨ ᠴᠡᠷᠢᠭ ᠂ ᠱᠢ ᠢᠦᠢ ᠱᠠᠨ ᠂ ᠵᠢᠨ ᠰᠢᠶᠠᠨ ᠵᠠᠩ ᠤᠨ4000 ᠭᠠᠷᠤᠶ ᠴᠡᠷᠢᠭ ᠳᠤᠰ ᠪᠠᠷᠢᠭᠠᠳᠠ ᠶ᠋ᠢᠨ ᠲᠣᠲᠤᠷᠠᠬᠢ ᠶᠠᠫᠣᠨ ᠴᠡᠷᠢᠭ ᠦᠨ ᠵᠥᠪᠯᠡᠭᠴᠢ 20 ᠭᠠᠷᠤᠶ ᠬᠥᠮᠦᠨ ᠢ ᠪᠥᠭᠦᠳᠡ ᠶ᠋ᠢ ᠠᠯᠠᠨ ᠂ ᠮᠦ ᠺᠸ ᠳ᠋ᠧᠩ ᠪᠣᠣ ᠶ᠋ᠢᠨ ᠬᠠᠭᠤᠷᠮᠠᠭ ᠮᠣᠩᠭᠣᠯ ᠴᠡᠷᠢᠭ ᠦᠨ ᠦᠯᠡᠳᠡᠭᠳᠡᠯ ᠴᠡᠷᠢᠭ 2000 ᠭᠠᠷᠤᠶ ᠬᠥᠮᠦᠨ ᠢ ᠤᠰᠠᠳᠬᠠᠵᠤ ᠂ ᠪᠦᠬᠦ ᠴᠡᠷᠢᠭ ᠦᠨ ᠣᠯᠵᠠ ᠶ᠋ᠢ ᠳᠡᠭᠡᠭᠰᠢ ᠲᠤᠰᠢᠶᠠᠵᠤ ᠂ 9 ᠤ ᠡᠳᠦᠷ ᠵᠢᠩᠬᠢᠨᠢ ᠪᠡᠷ ᠴᠠᠬᠢᠯᠭᠠᠨ ᠵᠠᠷ ᠲᠠᠷᠬᠠᠭᠠᠳ ᠪᠣᠰᠣᠯᠭ᠎ᠠ ᠭᠠᠷᠭᠠᠪᠠ ᠃ ᠱᠢ ᠢᠦᠢ ᠱᠠᠨ ᠂ ᠵᠢᠨ ᠰᠢᠶᠠᠨ ᠵᠠᠩ ᠂ ᠮᠦ ᠺᠸ ᠳ᠋ᠧᠩ ᠪᠣᠣ ᠶ᠋ᠢᠨ ᠬᠡᠷᠡᠭ ᠨᠢ ᠶᠠᠫᠣᠨ ᠴᠡᠷᠢᠭ ᠬᠠᠭᠤᠷᠮᠠᠭ ᠴᠡᠷᠢᠭ ᠦᠨ ᠬᠦᠴᠦ ᠶ᠋ᠢ ᠶᠡᠬᠡ ᠪᠡᠷ ᠪᠠᠭᠤᠷᠠᠭᠤᠯᠵᠤ ᠂ ᠹᠦ᠋ ᠽᠦᠸᠸ ᠢ ᠶ᠋ᠢᠨ ᠴᠡᠷᠢᠭ ᠦᠨ ᠣᠮᠣᠭ ᠰᠦᠷ ᠨᠢ ᠪᠠᠳᠠᠷᠠᠵᠤ ᠂ ᠡᠨᠡ ᠬᠦ ᠠᠰᠢᠭᠲᠠᠶ ᠪᠠᠶᠢᠳᠠᠯ ᠳ᠋ᠤ ᠴᠢᠭᠯᠡᠭᠦᠯᠦᠨ ᠂ ᠹᠦ᠋ ᠽᠦ᠋ᠸᠸ ᠢ ᠵᠠᠷᠯᠢᠭ ᠪᠠᠭᠤᠯᠭᠠᠵᠤ ᠂ ᠶᠠᠫᠣᠨ ᠴᠡᠷᠢᠭ ᠬᠠᠭᠤᠷᠮᠠᠭ ᠴᠡᠷᠢᠭ ᠦᠨ ᠰᠦᠢᠶᠤᠸᠠᠨ ᠳᠡᠬᠢ ᠬᠠᠮᠤᠭ ᠤᠨ ᠰᠡᠭᠦᠯᠴᠢ ᠶ᠋ᠢᠨ ᠰᠠᠭᠤᠷᠢᠨ ᠳ᠋ᠠ ᠮᠢᠶᠣᠣ ᠶ᠋ᠢ ᠨᠢᠭᠡ ᠯᠡ ᠳᠡᠭᠡᠷ᠎ᠡ ᠪᠤᠴᠠᠭᠠᠨ ᠠᠪᠬᠤ ᠪᠠᠷ ᠰᠢᠢᠳᠪᠡ᠃ 12 ᠰᠠᠷ᠎ᠠ ᠶ᠋ᠢᠨ 10 ᠤ ᠡᠳᠦᠷ ᠂ ᠹᠦ᠋ ᠽᠦᠸᠸ ᠢ ᠶ᠋ᠢᠨ ᠴᠡᠷᠢᠭ ᠳ᠋ᠠ ᠮᠢᠶᠣᠣ ᠤᠷᠤᠭᠤ ᠲᠠᠭᠠᠷᠢᠯᠳᠡ ᠶᠠᠪᠤᠭᠤᠯᠵᠤ ᠂ ᠳ᠋ᠠ ᠮᠢᠶᠣᠣ ᠶ᠋ᠢ ᠰᠠᠬᠢᠵᠤ ᠪᠠᠶᠢᠭᠰᠠᠨ ᠶᠠᠫᠣᠨ ᠴᠡᠷᠢᠭ ᠪᠠ ᠬᠠᠭᠤᠷᠮᠠᠭ ᠴᠡᠷᠢᠭ ᠢ ᠨᠢᠭᠡ ᠯᠡ ᠳᠡᠭᠡᠷ᠎ᠡ ᠤᠰᠠᠳᠬᠠᠵᠤ᠂ ᠠᠯᠢᠪᠠ ᠠᠴᠢᠶ᠎ᠠ ᠬᠥᠰᠬᠡ ᠂ ᠰᠤᠮᠤ ᠳᠠᠷᠢ ᠵᠢᠴᠢ ᠴᠡᠷᠢᠭ ᠦᠨ ᠬᠡᠷᠡᠭᠰᠡᠯ ᠨᠢ ᠪᠦᠷ ᠣᠯᠵᠠᠯᠠᠭᠰᠠᠨ ᠪᠠᠶᠢᠨ᠎ᠠ ᠃ 12 ᠰᠠᠷ᠎ᠠ ᠶ᠋ᠢᠨ 17 ᠤ ᠡᠳᠦᠷ ᠂ ᠸᠠᠩ ᠶᠢᠩ ᠦᠨ ᠬᠠᠭᠤᠷᠮᠠᠭ ᠴᠡᠷᠢᠭ ᠂ ᠠᠨ ᠬᠤᠸᠠ ᠲᠢᠩ ᠂ ᠸᠠᠩ ᠽᠢ ᠰᠢᠦ ᠪᠣᠰᠣᠯᠭ᠎ᠠ ᠭᠠᠷᠭᠠᠪᠠ ᠃ ᠡᠨᠳᠡ ᠬᠦᠷᠦᠭᠡᠳ ᠬᠠᠭᠤᠷᠮᠠᠭ ᠴᠡᠷᠢᠭ ᠦᠨᠳᠦᠰᠦᠨ ᠳᠡᠭᠡᠨ ᠵᠠᠳᠠᠷᠠᠭᠰᠠᠨ ᠪᠠᠶᠢᠨ᠎ᠠ ᠃ ᠶᠠᠫᠣᠨ ᠴᠡᠷᠢᠭ ᠬᠠᠭᠤᠷᠮᠠᠭ ᠴᠡᠷᠢᠭ ᠦᠨ ᠦᠯᠡᠳᠡᠭᠳᠡᠯ ᠤᠮᠠᠷᠠᠲᠤ ᠴᠠᠬᠠᠷ ᠲᠡᠶᠢᠰᠢ ᠤᠬᠤᠷᠢᠪᠠ ᠂ ᠰᠦᠢᠶᠤᠸᠠᠨ ᠮᠣᠵᠢ ᠶ᠋ᠢᠨ ᠶᠠᠫᠤᠨ ᠢ ᠡᠰᠡᠷᠭᠦᠴᠡᠬᠦ ᠲᠠᠢᠢᠨ ᠢᠯᠠᠯᠲᠠ ᠲᠠᠶ ᠪᠠᠷ ᠳᠠᠭᠤᠰᠪᠠ ᠃ .
ᠲᠤᠬᠠᠢ ᠶ᠋ᠢᠨ ᠦᠶ᠎ᠡ ᠶ᠋ᠢᠨ ᠠᠷᠤ ᠭᠠᠵᠠᠷ ᠤᠨ ᠰᠦᠢᠶᠤᠸᠠᠨ ᠤ ᠪᠦᠬᠦ ᠤᠯᠤᠰ ᠤᠨ ᠶᠠᠫᠤᠨ ᠢ ᠡᠰᠡᠷᠭᠦᠴᠡᠵᠦ ᠮᠥᠬᠥᠯ ᠡᠴᠡ ᠠᠪᠤᠷᠠᠬᠤ ᠬᠥᠳᠡᠯᠭᠡᠭᠡᠨ ᠪᠥᠬᠦ ᠤᠯᠤᠰ ᠤᠨ ᠶᠠᠫᠤᠨ ᠢ ᠡᠰᠡᠷᠭᠦᠴᠡᠬᠦ ᠬᠥᠳᠡᠯᠭᠡᠭᠡᠨ ᠤ ᠳᠠᠭᠤᠷᠢᠶᠠᠯ ᠪᠣᠯᠪᠠ᠂ ᠰᠦᠢᠶᠤᠸᠠᠨ ᠮᠣᠵᠢ ᠶ᠋ᠢᠨ ᠴᠡᠷᠢᠭ ᠠᠷᠠᠳ ᠤᠯᠤᠰ ᠢᠶᠡᠨ ᠬᠠᠶᠢᠷᠠᠯᠠᠬᠤ ᠰᠡᠳᠬᠢᠯᠭᠡ ᠶ᠋ᠢ ᠲᠤᠶᠢᠯ ᠤᠨ ᠶᠡᠬᠡ ᠪᠡᠷ ᠵᠣᠷᠢᠭᠵᠢᠭᠤᠯᠪᠠ ᠃ ᠡᠭᠦᠨ ᠤ ᠬᠠᠮᠲᠤ ᠪᠠᠰᠠ ᠪᠦᠬᠦ ᠤᠯᠤᠰ ᠤᠨ ᠡᠯ᠎ᠡ ᠡᠲᠡᠭᠡᠳ ᠦᠨ ᠬᠥᠮᠦᠰ ᠂ ᠠᠵᠢᠯᠴᠢᠨ ᠂ ᠪᠠᠭᠰᠢ ᠂ ᠬᠣᠲᠠ ᠶ᠋ᠢᠨ ᠬᠠᠷᠠᠴᠤᠤᠯ ᠂ ᠰᠤᠷᠤᠭᠴᠢᠳ ᠤᠨ ᠪᠡᠯᠡᠭᠯᠡᠨ ᠬᠦᠷᠭᠡᠭᠰᠡᠨ ᠵᠣᠭᠣᠰ ᠮᠥᠩᠭᠥ ᠡᠳ᠋ ᠪᠣᠳᠠᠰ ᠢ ᠨᠤᠭᠤᠯᠵᠤ ᠪᠤᠳᠤᠪᠠᠯ ᠪᠠᠷᠤᠭ 500 ᠲᠦᠮᠡᠨ ᠲᠥᠭᠥᠷᠢᠭ ᠡᠴᠡ ᠳᠡᠭᠡᠭᠰᠢ ᠪᠠᠶᠢᠪᠠ ᠂ ᠲᠡᠭᠦᠨ ᠤ ᠳᠣᠲᠣᠷ᠎ᠠ ᠲᠢᠶᠠᠨᠵᠢᠨ ᠂ ᠱᠠᠩᠬᠠᠶ ᠬᠣᠶᠠᠷ ᠭᠠᠵᠠᠷ ᠤᠨ 《 ᠳ᠋ᠠ ᠬᠦ᠋ᠡᠭ ᠪᠦᠦ ᠰᠣᠨᠢᠨ 》 ᠨᠢ ᠣᠷᠣᠯᠠᠨ ᠠᠪᠤᠭᠰᠠᠨ ᠵᠣᠭᠣᠰ 1936 ᠣᠨ ᠤ ᠰᠡᠭᠦᠯᠴᠢ ᠪᠣᠯᠲᠠᠯ᠎ᠠ ᠨᠡᠢᠢᠲᠡ 23 ᠲᠦᠮᠡᠨ ᠭᠠᠷᠤᠶ ᠲᠥᠭᠥᠷᠢᠭ ᠬᠦᠷᠦᠭᠰᠡᠨ ᠪᠠᠶᠢᠨ᠎ᠠ ᠃ ᠥᠭᠯᠢᠭᠡ ᠶ᠋ᠢᠨ ᠶᠠᠭᠤᠮᠠᠨ ᠤ ᠳᠣᠲᠣᠷ᠎ᠠ ᠪᠠᠰᠠ ᠶᠡᠬᠡ ᠬᠡᠮᠵᠢᠶᠡᠨ ᠤ ᠠᠯᠲᠠ ᠮᠥᠩᠭᠥ ᠰᠤᠪᠤᠳ ᠡᠷᠳᠡᠨᠢ ᠵᠡᠷᠭᠡ ᠡᠷᠬᠢᠮ ᠦᠨᠡᠲᠦ ᠡᠳ᠋ ᠪᠠᠷᠠᠭ᠎ᠠ ᠪᠠᠶᠢᠵᠤ ᠂ ᠳᠤᠮᠳᠠᠳᠤ ᠤᠯᠤᠰ ᠤᠨ ᠠᠷᠠᠳ ᠲᠦᠮᠡᠨ ᠤ ᠡᠬᠡ ᠣᠷᠣᠨᠴᠢ ᠵᠣᠷᠢᠭ ᠰᠠᠨᠠᠭ᠎ᠠ ᠪᠠ ᠰᠦᠢᠶᠤᠸᠠᠨ ᠮᠣᠵᠢ ᠶ᠋ᠢᠨ ᠶᠠᠫᠤᠨ ᠢ ᠡᠰᠡᠷᠭᠦᠴᠡᠬᠦ ᠲᠠᠢᠢᠨ ᠳ᠋ᠦ ᠠᠩᠬᠠᠷᠤᠯ ᠲᠠᠯᠪᠢᠵᠤ ᠪᠠᠶᠢᠭ᠎ᠠ ᠶ᠋ᠢ ᠢᠯᠡᠷᠡᠭᠦᠯᠦᠭᠰᠡᠨ ᠪᠠᠶᠢᠨ᠎ᠠ ᠃
1937 ᠣᠨ ᠤ 3 ᠰᠠᠷ᠎ᠠ ᠶ᠋ᠢᠨ15 ᠳ᠋ᠦ ᠂ ᠭᠦᠢᠰᠦᠢ ᠶ᠋ᠢᠨ ᠲᠠᠯᠠᠨ ᠬᠠᠷ᠎ᠠ ᠶ᠋ᠢᠨ ᠬᠣᠷᠮᠣᠶ ᠳᠠᠬᠢ ᠦᠷᠡᠭᠳᠡᠭᠰᠡᠨ ᠪᠠᠭᠠᠲᠤᠷᠴᠤᠳ ᠤᠨ ᠴᠡᠴᠡᠷᠯᠢᠭ ᠲᠦ《ᠰᠦᠢᠶᠤᠸᠠᠨ ᠤ ᠪᠠᠶᠢᠯᠳᠤᠭᠠᠨ ᠳᠤᠮᠳᠠ ᠦᠷᠡᠭᠳᠡᠭᠰᠡᠨ ᠳᠠᠷᠤᠭ᠎ᠠ ᠪᠠᠶᠢᠯᠳᠤᠭᠴᠢᠳ ᠢ ᠭᠠᠰᠢᠭᠤᠳᠠᠬᠤ ᠶᠡᠬᠡ ᠬᠤᠷᠠᠯ 》 ᠶᠠᠪᠤᠭᠤᠯᠵᠤ ᠂ ᠶᠡᠬᠡ ᠬᠤᠷᠠᠯ ᠳ᠋ᠦ ᠣᠷᠣᠯᠴᠠᠭᠰᠠᠨ ᠡᠯ᠎ᠡ ᠦᠨᠳᠦᠰᠦᠲᠡᠨ ᠨᠤᠭᠦᠳ ᠤᠨ ᠴᠡᠷᠢᠭ ᠠᠷᠠᠳ 3 ᠲᠦᠮᠡ ᠭᠠᠷᠤᠶ ᠬᠥᠮᠦᠨ ᠪᠠᠶᠢᠨ᠎ᠠ ᠃ ᠭᠤᠮᠢᠨᠳᠠᠩ ᠤᠨ ᠲᠥᠪ ᠬᠣᠷᠢᠶᠠᠨ ᠤ ᠤᠯᠤᠰ ᠲᠥᠷᠦ ᠶ᠋ᠢᠨ ᠬᠤᠷᠠᠯ ᠤᠨ ᠲᠡᠷᠢᠭᠦᠯᠡᠭᠴᠢ ᠸᠠᠩ ᠵᠢᠩ ᠸᠧᠶ ᠂ ᠲᠠᠶᠢᠶᠤᠸᠠᠨ ᠤ ᠲᠦᠪᠰᠢᠳᠬᠡᠬᠦ ᠵᠠᠬᠢᠷᠭᠠᠨ ᠤ ᠡᠷᠬᠢᠯᠡᠭᠴᠢ ᠶᠠᠨ ᠰᠢ ᠱᠠᠨ ᠵᠡᠷᠭᠡ ᠬᠥᠮᠦᠰ ᠬᠤᠷᠠᠯ ᠳ᠋ᠤ ᠣᠷᠣᠯᠴᠠᠪᠠ ᠃ ᠠᠯᠳᠠᠷᠲᠤ ᠡᠷᠳᠡᠮᠲᠡᠨ ᠹᠦ᠋ ᠽᠸᠩ ᠰᠢᠶᠠᠩ ᠂ ᠹᠦ᠋ ᠰᠧ ᠨᠢᠶᠠᠨ ᠂ ᠱᠠᠩᠬᠠᠢ ᠶ᠋ᠢᠨ ᠡᠷᠳᠡᠮᠲᠡᠨ ᠢᠦᠢ ᠴᠢᠶᠠ ᠴᠢᠩ ᠂ ᠤᠳᠬ᠎ᠠ ᠤᠷᠠᠯᠢᠭ ᠤᠨ ᠬᠢᠨ ᠤ᠂ ᠯᠢᠦᠶ ᠵᠢᠶ ᠂ ᠵᠠᠩ ᠷᠦᠢ ᠹᠠᠩ ᠂ ᠪᠸᠢᠢᠫᠢᠩ ᠤᠨ ᠰᠤᠷᠤᠭᠴᠢᠳ ᠤᠨ ᠬᠣᠯᠪᠣᠭᠠᠲᠤ ᠬᠤᠷᠠᠯ ᠤᠨ ᠲᠥᠯᠥᠭᠡᠯᠡᠭᠴᠢ ᠂ ᠭᠤᠸᠠᠩᠰᠢ ᠶᠡᠬᠡ ᠰᠤᠷᠭᠠᠭᠤᠯᠢ ᠶ᠋ᠢᠨ ᠰᠤᠷᠤᠭᠴᠢᠳ ᠤᠨ ᠬᠤᠷᠠᠯ ᠤᠨ ᠲᠥᠯᠥᠭᠡᠯᠡᠭᠴᠢ ᠵᠡᠷᠭᠡ ᠬᠥᠮᠦᠰ ᠴᠦ ᠶᠡᠬᠡ ᠬᠤᠷᠠᠯ ᠳ᠋ᠤ ᠣᠷᠣᠯᠴᠠᠵᠠᠶ ᠃ ᠹᠦ᠋ ᠽᠦᠸᠸ ᠢ ᠶᠡᠬᠡ ᠬᠤᠷᠠᠯ ᠢ ᠡᠷᠬᠢᠯᠡᠵᠦ ᠭᠠᠰᠢᠭᠤᠳᠠᠯ ᠤᠨ ᠦᠭᠡ ᠬᠡᠯᠡᠪᠡ ᠃ ᠬᠤᠷᠠᠯ ᠳᠡᠭᠡᠷ᠎ᠡ ᠵᠢᠶᠠᠩ ᠵᠢᠶᠸ ᠱᠢ ᠂ ᠸᠠᠩ ᠵᠢᠩ ᠸᠧᠶ ᠂ ᠶᠠᠨ ᠰᠢ ᠱᠠᠨ ᠵᠢᠴᠢ ᠪᠸᠢᠢᠫᠢᠩ ᠦᠨ ᠰᠤᠷᠤᠭᠴᠢᠳ ᠤᠨ ᠤᠯᠤᠰ ᠢᠶᠡᠨ ᠠᠪᠤᠷᠠᠬᠤ ᠬᠣᠯᠪᠣᠭᠠᠲᠤ ᠬᠤᠷᠠᠯ ᠂ ᠳᠤᠮᠳᠠᠳᠤ ᠶ᠋ᠢᠨ ᠦᠨᠳᠦᠰᠦᠲᠡᠨ ᠤ ᠴᠢᠯᠦᠭᠡᠯᠡᠯᠲᠡ ᠶ᠋ᠢᠨ ᠬᠣᠰᠢᠭᠤᠴᠢ ᠠᠨᠭᠭᠢ ᠵᠡᠷᠭᠡ ᠠᠷᠠᠳ ᠤᠨ ᠪᠥᠯᠬᠦᠮ ᠣᠷᠤᠯᠴᠠᠪᠠ ᠃ ᠹᠦ᠋ ᠽᠦᠸᠸ ᠢ ᠭᠠᠰᠢᠭᠤᠳᠠᠯ ᠤᠨ ᠦᠭᠡ ᠳᠡᠭᠡᠨ ᠬᠡᠯᠡᠭᠰᠡᠨ ᠨᠢ ᠄ 《 ᠡᠨᠡ ᠤᠳᠠᠭᠠᠨ ᠤ ᠰᠦᠢᠶᠤᠸᠠᠨ ᠮᠣᠵᠢ ᠶ᠋ᠢᠨ ᠶᠠᠫᠤᠨ ᠢ ᠡᠰᠡᠷᠭᠦᠴᠡᠬᠦ ᠲᠠᠢᠢᠨ ᠂ ᠳᠠᠶᠢᠰᠤᠨ ᠤ ᠶᠡᠬᠡ ᠫᠤᠤ ᠲᠠ ᠨᠠᠷ ᠢ ᠪᠣᠰᠨᠢᠭᠤᠯᠵᠤ ᠂ ᠬᠣᠣᠷᠲᠤ ᠭᠡᠢ ᠲᠠ ᠨᠠᠷ ᠤᠨ ᠠᠮᠢᠰᠬᠤᠯ ᠢ ᠬᠠᠷᠰᠢᠯᠠᠵᠤ ᠪᠠᠶᠢᠪᠠ ᠂ ᠪᠠᠰᠠ ᠰᠠᠯᠬᠢ ᠴᠠᠰᠤ ᠲᠠᠶ ᠬᠠᠬᠢᠷ ᠬᠦᠢᠲᠡᠨ ᠲᠠ ᠨᠠᠷ ᠢ ᠵᠣᠪᠠᠭᠠᠭᠰᠠᠭᠠᠷ ᠪᠠᠶᠢᠪᠠ᠃ ᠭᠡᠪᠡᠴᠦ ᠲᠠ ᠨᠠᠷ ᠤᠨ ᠬᠠᠯᠠᠭᠤᠨ ᠴᠢᠰᠤ ᠣᠷᠭᠢᠯᠣᠭᠰᠠᠨ ᠳ᠋ᠤ ᠡᠴᠦᠰ ᠲᠡᠬᠡᠨ ᠠᠯᠢᠪᠠ ᠂ ᠳᠣᠣᠷ᠎ᠠ ᠵᠢᠭᠰᠠᠭᠠᠭᠰᠠᠨ ᠡᠭᠦᠷᠭᠡ ᠶ᠋ᠢ ᠪᠡᠶᠡᠯᠡᠭᠦᠯᠬᠦ ᠬᠡᠷᠡᠭᠲᠡᠶ ᠄ ᠨᠢᠭᠡ ᠂ ᠴᠡᠷᠢᠭ ᠨᠤᠲᠤᠭ ᠤᠰᠤ ᠪᠠᠨ ᠬᠠᠮᠠᠭᠠᠯᠠᠬᠤ ᠬᠠᠷᠢᠭᠤᠴᠠᠯᠭ᠎ᠠ ᠶ᠋ᠢ ᠭᠥᠢᠴᠡᠳᠬᠡᠪᠡ᠃ ᠬᠣᠶᠠᠷ ᠂ ᠰᠦᠢᠶᠤᠸᠠᠨ ᠤ ᠨᠤᠲᠤᠭ ᠳᠡᠪᠢᠰᠬᠡᠷ ᠦᠨ ᠪᠦᠷᠢᠨ ᠪᠦᠲᠦᠨ ᠪᠠᠶᠢᠬᠤ ᠶ᠋ᠢ ᠪᠠᠲᠤᠯᠠᠪᠠ ᠃ ᠭᠤᠷᠪᠠ ᠂ ᠦᠨᠳᠦᠰᠦᠲᠡᠨ ᠤ ᠢᠲᠡᠭᠡᠯ ᠢ ᠰᠡᠷᠭᠦᠭᠡᠪᠡ ᠃ ᠲᠠ ᠨᠠᠷ ᠤᠯᠤᠰ ᠣᠷᠣᠨ ᠤ ᠣᠷᠣᠰᠢᠨ ᠲᠣᠭᠲᠠᠨᠢᠯ ᠤᠨ ᠲᠥᠯᠥᠭᠡ ᠲᠡᠮᠡᠴᠡᠬᠦ ᠂ ᠳᠤᠮᠳᠠᠳᠤ ᠶ᠋ᠢᠨ ᠦᠨᠳᠦᠰᠦᠲᠡᠨ ᠤ ᠢᠷᠡᠭᠡᠳᠦᠶ ᠂ ᠲᠠ ᠨᠠᠷ ᠲᠤ ᠪᠦᠷᠢᠮᠦᠰᠦᠨ ᠪᠠᠶᠢᠬᠤ ᠪᠢᠰᠢ ᠪᠣᠯᠪᠠᠴᠤ ᠲᠠ ᠨᠠᠷ ᠬᠠᠯᠠᠭᠤᠨ ᠴᠢᠰᠤ ᠤᠷᠤᠰᠬᠠᠵᠤ ᠪᠠᠶᠢᠭᠠᠳ ᠡᠨᠡ ᠬᠦ ᠰᠢᠨ᠎ᠡ ᠵᠠᠮ ᠱᠣᠭᠤᠮ ᠢ ᠨᠡᠭᠡᠭᠡᠭᠰᠡᠨ ᠶᠤᠮ ᠃ 》 17 ᠤ ᠡᠳᠦᠷ ᠂ ᠭᠦᠢᠰᠦᠢ ᠶ᠋ᠢᠨ ᠬᠣᠲᠠ ᠶ᠋ᠢᠨ ᠪᠠᠭ᠎ᠠ ᠰᠤᠷᠭᠠᠭᠤᠯᠢ ᠶ᠋ᠢᠨ ᠲᠠᠯᠠᠪᠠᠢ ᠳ᠋ᠤ ᠴᠡᠷᠢᠭ ᠦᠨ ᠵᠢᠭᠰᠠᠭᠠᠯ ᠰᠢᠯᠭᠠᠨ ᠦᠵᠡᠵᠦ ᠂ ᠶᠡᠬᠡ ᠫᠤᠤ ᠶ᠋ᠢᠨ ᠡᠯ᠎ᠡ ᠴᠡᠷᠢᠭ ᠦᠨ ᠲᠦᠷᠦᠯ ᠂ ᠴᠡᠷᠢᠭ ᠦᠨ ᠬᠡᠪ ᠰᠤᠷᠲᠠᠯ ᠲᠥᠪ ᠴᠢᠩᠭ᠎ᠠ ᠂ ᠠᠯᠬᠤᠮ ᠵᠢᠭᠳᠡ ᠂ ᠡᠯ᠎ᠡ ᠡᠲᠡᠭᠡᠳ ᠦᠨ ᠬᠥᠮᠦᠰ ᠦᠨ ᠤᠷᠮ᠎ᠠ ᠶ᠋ᠢ ᠬᠥᠭᠵᠢᠭᠡᠵᠡᠶ ᠃
ᠰᠦᠢᠶᠤᠸᠠᠨ ᠮᠣᠵᠢ ᠶ᠋ᠢᠨ ᠶᠠᠫᠤᠨ ᠢ ᠡᠰᠡᠷᠭᠦᠴᠡᠬᠦ ᠲᠠᠢᠢᠨ ᠨᠢ ᠮᠠᠰᠢ ᠴᠢᠬᠤᠯᠠ ᠴᠡᠷᠢᠭ ᠦᠨ ᠶᠠᠪᠤᠳᠠᠯ ᠤᠨ ᠠᠴᠢ ᠬᠣᠯᠪᠣᠭᠳᠠᠯ ᠪᠠ ᠤᠯᠤᠰ ᠲᠥᠷᠦ ᠶ᠋ᠢᠨ ᠠᠴᠢ ᠬᠣᠯᠪᠣᠭᠳᠠᠯ ᠲᠠᠢ ᠶᠤᠮ ᠂ ᠪᠦᠬᠦ ᠤᠯᠤᠰ ᠤᠨ ᠠᠷᠠᠳ ᠲᠦᠮᠡᠨ ᠤ ᠬᠦᠰᠡᠯ ᠡᠷᠡᠮᠡᠯᠵᠡᠯ ᠢ ᠲᠤᠰᠬᠠᠵᠤ ᠂ ᠭᠣᠮᠢᠨᠳᠠᠩ ᠤᠨ ᠲᠡᠷᠰᠯᠡᠭᠦᠴᠦᠳ ᠦᠨ ᠥᠷᠭᠡᠨ ᠤᠯᠠᠨ ᠠᠷᠠᠳ ᠲᠦᠮᠡᠨ ᠤ ᠶᠠᠫᠤᠨ ᠢ ᠡᠰᠡᠷᠭᠦᠴᠡᠬᠦ ᠱᠠᠭᠠᠷᠳᠠᠯᠭ᠎ᠠ ᠶ᠋ᠢ ᠳᠠᠷᠤᠭᠰᠠᠨ ᠬᠦᠴᠢᠷᠳᠡᠯᠳᠦ ᠪᠠᠶᠢᠳᠠᠯ ᠢ ᠡᠪᠳᠡᠵᠦ ᠂ ᠭᠠᠭᠴᠠ ᠬᠦ ᠡᠷᠡᠰ ᠰᠢᠭᠤᠷᠬᠠᠢ ᠪᠠᠷ ᠲᠦᠷᠢᠮᠡᠬᠡᠶᠢᠯᠡᠭᠴᠢᠳ ᠢ ᠡᠰᠡᠷᠭᠦᠴᠡᠬᠦ ᠳᠠᠢᠢᠨ ᠬᠢᠪᠡᠯ ᠰᠠᠶ᠋ᠢ ᠲᠦᠷᠢᠮᠡᠬᠡᠶᠢᠯᠡᠯ ᠢ ᠢᠯᠠᠬᠤ ᠦᠨᠡᠨ ᠶᠣᠰᠤ ᠶ᠋ᠢ ᠢᠯᠡᠷᠡᠭᠦᠯᠵᠦ ᠂ ᠠᠷᠠᠳ ᠲᠦᠮᠡᠨ ᠤ ᠪᠠᠭᠠᠲᠤᠷᠯᠢᠭ ᠢᠶᠠᠷ ᠶᠠᠫᠤᠨ ᠢ ᠡᠰᠡᠷᠭᠦᠴᠡᠬᠦ ᠲᠡᠮᠡᠴᠡᠯ ᠦᠨ ᠵᠣᠷᠢᠭ ᠢ ᠤᠷᠮᠠᠰᠢᠭᠤᠯᠤᠨ ᠵᠣᠷᠢᠭᠵᠢᠭᠤᠯᠵᠤ ᠂ ᠬᠣᠵᠢᠮ ᠤᠨ ᠪᠦᠬᠦ ᠲᠠᠯ᠎ᠠ ᠪᠠᠷ ᠶᠠᠫᠤᠨ ᠢ ᠡᠰᠡᠷᠭᠦᠴᠡᠬᠦ ᠳᠠᠢᠢᠨ ᠬᠢᠬᠦ ᠳ᠋ᠦ ᠢᠳᠡᠪᠬᠢᠲᠡᠶ ᠲᠦᠯᠬᠢᠴᠡ ᠦᠢᠯᠡᠳᠦᠯ ᠦᠵᠡᠭᠦᠯᠬᠦ ᠪᠣᠯᠤᠨ᠎ᠠ ᠃ ᠶᠠᠭ ᠲᠢᠶᠠᠨᠵᠢᠨ ᠤ 《 ᠳ᠋ᠠ ᠬᠦ᠋ᠡᠭ ᠪᠦᠦ ᠰᠣᠨᠢᠨ 》 ᠤ ᠡᠳᠦᠷ ᠦᠨ ᠬᠣᠷᠢᠶᠠᠨ ᠤ ᠥᠭᠦᠯᠡᠯ ᠳ᠋ᠤᠡ ᠬᠡᠯᠡᠭᠰᠡᠨ ᠮᠡᠲᠦ ᠪᠡᠷ ᠄ 《 ᠰᠦᠢᠶᠤᠸᠠᠨ ᠮᠣᠵᠢ ᠶ᠋ᠢᠨ ᠶᠠᠫᠤᠨ ᠢ ᠡᠰᠡᠷᠭᠦᠴᠡᠬᠦ ᠲᠠᠢᠢᠨ ᠨᠢ ᠳᠤᠮᠳᠠᠳᠤ ᠶ᠋ᠢᠨ ᠦᠨᠳᠦᠰᠦᠲᠡᠨ ᠤ ᠲᠡᠦᠬᠡᠨ ᠳ᠋ᠤ ᠢᠷᠠᠭᠤ ᠠᠯᠳᠠᠷᠲᠤ ᠪᠠᠶᠢᠷᠢ ᠰᠠᠭᠤᠷᠢ ᠲᠠᠢ ᠪᠠᠷ ᠪᠠᠷᠠᠬᠤ ᠦᠭᠡᠢ᠂ ᠲᠡᠷᠡ ᠮᠥᠷᠲᠡᠭᠡᠨ ᠪᠠᠰᠠ ᠳᠤᠮᠳᠠᠳᠤ ᠶ᠋ᠢᠨ ᠦᠨᠳᠦᠰᠦᠲᠡᠨ ᠤ ᠲᠡᠦᠬᠡᠨ ᠳᠡᠭᠡᠷᠡᠬᠢ ᠴᠢᠬᠤᠯᠠ ᠡᠷᠭᠢᠯᠲᠡ ᠮᠥᠨ ᠂ ᠬᠥᠮᠦᠰ ᠦᠨ ᠰᠡᠳᠬᠢᠯ ᠳ᠋ᠦ ᠦᠨᠢᠳᠡ ᠬᠠᠲᠠᠩᠰᠢᠬᠤ ᠶᠤᠮ ᠃》