ᠴᠠᠬᠠᠷ ᠤᠨ ᠠᠷᠠᠳ ᠤᠯᠠᠨ ᠤ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠦᠨ ᠵᠡᠪᠰᠡᠭᠲᠦ ᠬᠦᠴᠦᠨ (1933 ᠣᠨ ᠤ 5 ᠰᠠᠷ᠎ᠠ ᠡᠴᠠ 9 ᠰᠠᠷ᠎ᠠ )
ᠶᠠᠫᠣᠨ ᠤ ᠡᠵᠡᠷᠬᠡᠭ ᠲᠦᠷᠢᠮᠡᠭᠡᠢᠢᠳᠡᠨ ᠵᠡᠭᠦᠨ ᠬᠣᠶᠢᠲᠤ ᠣᠷᠣᠨ ᠤ ᠭᠤᠷᠪᠠᠨ ᠮᠣᠵᠢ ᠶ᠋ᠢ ᠲᠦᠷᠢᠮᠡᠬᠡᠶᠢᠯᠡᠨ ᠡᠵᠡᠯᠡᠭᠰᠡᠨ ᠤ ᠲᠠᠷᠠᠭ᠎ᠠ ᠂ ᠪᠠᠰᠠ ᠢᠳᠡᠪᠬᠢᠲᠡᠶ ᠪᠡᠷ ᠤᠮᠠᠷᠠᠲᠤ ᠣᠷᠣᠨ ᠳ᠋ᠦ ᠶᠡᠬᠡ ᠬᠡᠪᠴᠢᠶᠡᠨ ᠤ ᠥᠷᠭᠡᠳᠬᠡᠯ ᠬᠢᠭᠰᠡᠨ ᠪᠠᠶᠢᠨ᠎ᠠ ᠃ 1932 ᠣᠨ ᠤ 10 ᠰᠠᠷ᠎ᠠ ᠳ᠋ᠤ ᠂ ᠤᠯᠤᠰ ᠢᠶᠡᠨ ᠬᠠᠶᠢᠷᠠᠯᠠᠭᠴᠢ ᠵᠠᠩᠵᠤᠨ ᠹᠸᠡᠭ᠌ ᠢᠦᠢ ᠰᠢᠶᠠᠩ ᠳᠤᠮᠳᠠᠳᠤ ᠤᠯᠠᠰ ᠤᠨ ᠡᠪ ᠬᠠᠮᠲᠤ ᠨᠠᠮ ᠤᠨ ᠰᠠᠨᠠᠭᠤᠯᠭ᠎ᠠ ᠶ᠋ᠢ ᠬᠦᠯᠢᠶᠡᠨ ᠠᠪᠴᠤ ᠂ ᠴᠠᠬᠠᠷ ᠮᠣᠵᠢ ᠶ᠋ᠢᠨ ᠴᠢᠭᠤᠯᠤᠯᠲᠤ ᠬᠠᠭᠠᠯᠭ᠎ᠠ ᠳ᠋ᠦ ᠬᠦᠷᠴᠦ᠂ ᠶᠠᠫᠤᠨ ᠢ ᠡᠰᠡᠷᠭᠦᠴᠡᠬᠦ ᠵᠡᠪᠰᠡᠭᠲᠦ ᠬᠦᠴᠦᠨ ᠢ ᠪᠠᠶᠢᠭᠤᠯᠬᠤ ᠠᠵᠢᠯ ᠥᠷᠨᠢᠭᠦᠯᠦᠭᠰᠡᠨ ᠪᠠᠶᠢᠨ᠎ᠠ᠃ 1933 ᠣᠨ ᠤ 1 ᠰᠠᠷ᠎ᠠ ᠳ᠋ᠤ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠣᠷᠣᠨ ᠤ ᠨᠠᠮ ᠤᠨ ᠵᠣᠬᠢᠶᠠᠨ ᠪᠠᠶᠢᠭᠤᠯᠤᠯᠲᠠ ᠬᠣᠶᠢᠨᠠ ᠬᠣᠶᠢᠨᠠ ᠡᠴᠠ ᠪᠠᠨ ᠵᠠᠩ ᠮᠤ ᠲᠤᠤ ᠂ ᠦ᠋ ᠬᠤᠸᠠ ᡁᠢ ᠂ ᠦ᠋ ᡁᠢ ᠭᠸ ᠂ ᠰᠢᠥᠢ ᠴᠢᠶᠤᠸᠠᠨ ᠵᠦᠩ ᠂ ᠰᠢᠶᠤᠸᠠᠨ ᠰᠢᠶᠠ ᠹᠦ᠋ ᠂ ᠮᠠ ᡁᠢ ᠵᠢᠩ ᠂ ᠶᠠᠩ ᠰᠢᠶᠣᠣ ᠴᠦ᠋ ᠵᠡᠷᠭᠡ ᠬᠥᠮᠦᠰ ᠢ ᠴᠢᠭᠤᠯᠤᠯᠲᠤ ᠬᠠᠭᠠᠯᠭ᠎ᠠ ᠂ ᠷᠸᠾᠸ ᠵᠡᠷᠭᠡ ᠭᠠᠵᠠᠷ ᠣᠷᠣᠨ ᠳ᠋ᠦ ᠲᠣᠮᠢᠯᠠᠵᠤ ᠹᠸᠡᠭ᠌ ᠢᠦᠢ ᠰᠢᠶᠠᠩ ᠢ ᠬᠠᠪᠰᠤᠷᠤᠨ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠵᠢᠴᠢ ᠶᠠᠫᠤᠨ ᠢ ᠡᠰᠡᠷᠭᠦᠴᠡᠬᠦ ᠤᠬᠠᠭᠤᠯᠬᠤ ᠪᠠ ᠵᠣᠬᠢᠶᠠᠨ ᠪᠠᠶᠢᠭᠤᠯᠬᠤ ᠠᠵᠢᠯ ᠢ ᠬᠢᠭᠰᠡᠨ ᠪᠠᠶᠢᠨ᠎ᠠ᠃ 3 ᠰᠠᠷ᠎ᠠ ᠳ᠋ᠦ ᠂ ᠷᠸᠾᠸ ᠡᠵᠡᠯᠡᠭᠳᠡᠭᠰᠡᠨ ᠤ ᠲᠠᠷᠠᠭ᠎ᠠ ᠂ ᠹᠸᠡᠭ᠌ ᠢᠦᠢ ᠰᠢᠶᠠᠩ ᠴᠠᠬᠠᠷ ᠤᠨ ᠠᠷᠠᠳ ᠤᠯᠠᠨ ᠤ ᠶᠠᠫᠣᠨ ᠢ᠋ ᠡᠰᠡᠷᠭᠦᠴᠡᠬᠦ ᠬᠣᠯᠪᠤᠭᠠᠲᠤ ᠴᠡᠷᠢᠭ ᠢ ᠵᠣᠬᠢᠶᠠᠨ ᠪᠠᠶᠢᠭᠤᠯᠤᠭᠰᠠᠨ ᠪᠠᠶᠢᠨ᠎ᠠ᠃ 25 ᠤ ᠡᠳᠦᠷ ᠂ ᠡᠪ ᠬᠠᠮᠲᠤ ᠨᠠᠮ ᠤᠨ ᠭᠡᠰᠢᠭᠦᠨ ᠵᠢᠶ ᠬᠣᠩ ᠴᠠᠩ ᠲᠢᠶᠠᠨᠵᠢᠨ ᠳ᠋ᠤ ᠪᠡᠯᠡ ᠮᠥᠩᠭᠥ ᠴᠤᠭᠯᠠᠭᠤᠯᠤᠨ ᠫᠤᠤ ᠵᠡᠪᠰᠡᠭ ᠰᠤᠮᠤ ᠲᠠᠷᠢ ᠬᠤᠳᠠᠯᠳᠤᠨ ᠠᠪᠴᠤ᠂ ᠬᠠᠭᠤᠴᠢᠨ ᠪᠥᠯᠦᠭ ᠢᠶ᠋ᠡᠨ ᠳᠠᠭᠠᠭᠤᠯᠤᠨ ᠴᠢᠭᠤᠯᠤᠯᠳᠦ ᠬᠠᠭᠠᠯᠭ᠎ᠠ ᠳ᠋ᠤ ᠬᠦᠷᠪᠡ ᠃ 4 ᠰᠠᠷ᠎ᠠ ᠳ᠋ᠤ ᠹᠸᠨ ᠶᠠᠩ ᠤᠨ ᠴᠡᠷᠢᠭ ᠦᠨ ᠰᠤᠷᠭᠠᠭᠤᠯᠢ ᠶ᠋ᠢᠨ( ᠤᠤᠯ ᠤᠨ ᠹᠸᠡᠭ᠌ ᠢᠦᠢ ᠰᠢᠶᠠᠩ ᠵᠢᠭᠠᠨ ᠰᠤᠷᠭᠠᠬᠤ ᠬᠣᠷᠢᠶ᠎ᠠ ) ᠳᠠᠷᠤᠭ᠎ᠠ ᠪᠠᠶᠢᠯᠳᠤᠭᠴᠢ ᠨᠠᠷ ᠹᠸᠩ ᠢᠦᠢ ᠰᠢᠶᠠᠩ ᠤᠨ ᠴᠠᠬᠢᠯᠭᠠᠨ ᠮᠡᠳᠡᠭᠡ ᠪᠡᠷ ᠴᠢᠭᠤᠯᠤᠯᠲᠤ ᠬᠠᠭᠠᠯᠭ᠎ᠠ ᠳ᠋ᠦ ᠬᠦᠷᠴᠦ᠂ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠦᠨ ᠨᠢᠭᠡᠳᠦᠭᠡᠷ ᠠᠷᠮᠢ ᠶ᠋ᠢᠨ ᠬᠣᠶᠠᠳᠤᠭᠠᠷ ᠳ᠋ᠢᠸᠢᠽᠢ ᠶ᠋ᠢᠨ ᠴᠡᠷᠢᠭ ᠠᠩᠬᠢ ᠪᠣᠯᠪᠠ ᠃ 5 ᠰᠠᠷ᠎ᠠ ᠶ᠋ᠢᠨ 20 ᠤ ᠡᠳᠦᠷ ᠂ ᠹᠠᠩ ᠵᠧᠨ ᠦ᠋ ᠲᠡᠭᠦᠨ ᠤ ᠶᠠᠫᠤᠨ ᠢ ᠡᠰᠡᠷᠭᠦᠴᠡᠵᠦ ᠤᠯᠤᠰ ᠢᠶᠡᠨ ᠠᠪᠣᠷᠠᠬᠣ ᠴᠡᠷᠢᠭ ᠢᠶ᠋ᠡᠨ ᠳᠠᠭᠠᠭᠤᠯᠤᠨ ᠡᠯ᠎ᠡ ᠵᠦᠢᠯ ᠦᠨ ᠬᠠᠷᠰᠢ ᠰᠠᠭᠠᠳ ᠢ ᠳᠠᠪᠠᠵᠤ ᠱᠠᠨ ᠰᠢ ᠶ᠋ᠢᠨ ᠡᠮᠦᠨᠡᠲᠦ ᠬᠡᠰᠡᠭ ᠢᠶ᠋ᠡᠷ ᠴᠢᠭᠤᠯᠤᠯᠳᠦ ᠬᠠᠭᠠᠯᠭ᠎ᠠ ᠳ᠋ᠦ ᠣᠷᠤᠭᠰᠠᠨ ᠪᠠᠶᠢᠨ᠎ᠠ ᠃
ᠶᠠᠫᠣᠨ ᠴᠡᠷᠢᠭ ᠷᠸᠾᠸ ᠶ᠋ᠢ ᠡᠵᠡᠯᠡᠭᠰᠡᠨ ᠤ ᠳᠠᠷᠠᠭ᠎ᠠ ᠳᠠᠷᠤᠶ ᠲᠦᠷᠭᠡᠨ ᠤᠷᠲᠤ ᠴᠠᠭᠠᠨ ᠬᠡᠷᠡᠮ ᠦᠨ ᠡᠯ᠎ᠡ ᠪᠣᠭᠣᠮᠲᠠ ᠤᠷᠤᠭᠤ ᠭᠦᠨᠵᠡᠭᠡᠶᠢᠷᠡᠭᠰᠡᠨ ᠪᠠᠶᠢᠨ᠎ᠠ᠃ 5 ᠰᠠᠷ᠎ᠠ ᠶ᠋ᠢᠨ 1 ᠤ ᠡᠳᠦᠷ ᠂ ᠴᠠᠬᠠᠷ ᠤᠨ ᠬᠣᠶᠢᠲᠤ ᠬᠡᠰᠡᠭ ᠦᠨ ᠴᠢᠬᠤᠯᠠ ᠪᠠᠯᠭᠠᠰᠤ ᠳᠣᠯᠣᠨ ᠨᠠᠭᠤᠷ ᠢ ᠡᠵᠡᠯᠡᠵᠦ ᠂ ᠡᠭᠦᠨ ᠢ ᠳᠠᠭᠠᠯᠳᠤᠨ ᠭᠦ᠋ ᠶᠤᠸᠠᠨ ᠂ ᠪᠦᠦ ᠴᠠᠩ ᠂ ᠺᠠᠩ ᠪᠦᠦ ᠵᠡᠷᠭᠡ ᠰᠢᠶᠠᠨ ᠵᠠᠯᠭᠠᠭᠠᠪᠠᠷ ᠳᠠᠶᠢᠰᠤᠨ ᠳ᠋ᠦ ᠡᠵᠡᠯᠡᠭᠳᠡᠪᠡ ᠃ ᠶᠡᠬᠡ ᠬᠡᠮᠵᠢᠶᠡᠨ ᠤ ᠤᠯᠤᠰ ᠤᠨ ᠨᠤᠲᠤᠭ ᠳᠡᠪᠢᠰᠬᠡᠷ ᠠᠯᠳᠠᠭᠳᠠᠵᠤ ᠂ ᠪᠧᠢᠢᠫᠢᠩ ᠂ ᠲᠢᠶᠠᠨᠵᠢᠨ ᠲᠦᠭᠰᠢᠭᠦᠷᠢᠲᠡᠶ ᠪᠠᠶᠢᠬᠤ ᠪᠠᠶᠢᠳᠠᠯ ᠤᠨ ᠳᠣᠣᠷ᠎ᠠ ᠂ ᠵᠢᠶᠠᠩ ᠵᠢᠶᠸ ᠱᠢ ᠮᠥᠨ ᠯᠡ 《 ᠭᠠᠳᠠᠭᠠᠳᠤ ᠶ᠋ᠢᠡ ᠰᠡᠷᠭᠦᠴᠡᠬᠦ ᠳ᠋ᠦ ᠤᠷᠢᠳᠠᠪᠠᠷ ᠳᠣᠲᠣᠭᠠᠳᠤ ᠪᠠᠨ ᠲᠦᠪᠰᠢᠳᠬᠡᠬᠦ 》 ᠲᠥᠷᠦ ᠶ᠋ᠢᠨ ᠪᠣᠳᠤᠯᠭ᠎ᠠ ᠶ᠋ᠢ ᠪᠠᠷᠢᠮᠲᠠᠯᠠᠵᠤ ᠂ ᠶᠠᠫᠣᠨ ᠲᠠᠶ ᠡᠪᠰᠡᠬᠦ ᠶ᠋ᠢ ᠵᠣᠷᠢᠵᠤ ᠪᠠᠶᠢᠪᠠ᠃ 5 ᠰᠠᠷ᠎ᠠ ᠶ᠋ᠢᠨ 31 ᠤ ᠡᠳᠦᠷ ᠂ ᠭᠤᠮᠢᠨᠳᠠᠩ ᠤᠨ ᠴᠡᠷᠢᠭ ᠦᠨ ᠶᠠᠪᠤᠳᠠᠯ ᠤᠨ ᠬᠣᠷᠢᠶᠠᠨ ᠤ ᠪᠸᠢᠢᠫᠢᠩ ᠦᠨ ᠰᠠᠯᠪᠤᠷᠢ ᠬᠣᠷᠢᠶᠠᠨ ᠤ ᠣᠷᠣᠯᠠᠭᠴᠢ ᠬᠣᠷᠢᠶᠠᠨ ᠳᠠᠷᠤᠭ᠎ᠠ ᠡᠾᠸ ᠢᠩ ᠴᠢᠨ ᠂ ᠶᠠᠫᠣᠨ ᠤ ᠲᠥᠯᠥᠭᠡᠯᠡᠭᠴᠢ ᠤᠺᠠᠮᠦ᠋ᠷᠡ ᠶᠠᠰᠦ᠋ᠵᠢ ᠲᠠᠢ ᠡᠷᠬᠡ ᠪᠡᠨ ᠠᠯᠳᠠᠵᠤ ᠤᠯᠤᠰ ᠢᠶᠡᠨ ᠭᠤᠲᠤᠭᠠᠭᠰᠠᠨ 《 ᠳᠠᠩ ᠭᠦ᠋ ᠶ᠋ᠢᠨ ᠭᠡᠷ᠎ᠡ 》 ᠲᠣᠭᠲᠠᠵᠤ᠂ ᠡᠨᠡ ᠬᠦ ᠬᠡᠯᠡᠯᠴᠡᠭᠡᠷ ᠨᠢ ᠪᠦᠬᠦ ᠤᠮᠠᠷᠠᠲᠤ ᠣᠷᠤᠨ ᠢᠶ ᠶᠠᠫᠤᠨ ᠴᠡᠷᠢᠭ ᠦᠨ ᠬᠢᠨᠠᠯᠲᠠ ᠪᠠ ᠡᠵᠡᠮᠰᠢᠯ ᠳᠣᠣᠷ᠎ᠠ ᠣᠷᠤᠭᠤᠯᠵᠤ ᠂ ᠪᠠᠰᠠ ᠶᠠᠫᠣᠨ ᠴᠡᠷᠢᠭ ᠦᠨ ᠪᠥᠬᠦ ᠲᠠᠯ᠎ᠠ ᠪᠠᠷ ᠲᠦᠷᠢᠮᠡᠬᠡᠶᠢᠯᠡᠬᠦ ᠳ᠋ᠦ ᠲᠦᠬᠦᠮ ᠨᠥᠬᠥᠴᠡᠯ ᠬᠠᠩᠭᠠᠵᠠᠶ ᠃ ᠡᠭᠦᠨ ᠤ ᠬᠠᠮᠲᠤ ᠪᠠᠰᠠ ᠪᠦᠬᠦ ᠤᠯᠤᠰ ᠤᠨ ᠠᠷᠠᠳ ᠲᠦᠮᠡᠨ ᠤ ᠴᠢᠩᠭ᠎ᠠ ᠬᠢᠯᠢᠩ ᠢ ᠳᠡᠭᠳᠡᠭᠡᠭᠰᠡᠨ ᠪᠠᠶᠢᠨ᠎ᠠ ᠃ ᠱᠠᠩᠬᠠᠶ ᠂ ᠨᠠᠨᠵᠢᠩ ᠂ ᠪᠡᠭᠡᠵᠢᠩ ᠂ ᠲᠢᠶᠠᠨᠵᠢᠨ ᠵᠡᠷᠭᠡ ᠭᠠᠵᠠᠷ ᠤᠨ ᠤᠯᠠᠨ ᠲᠦᠮᠡᠨ ᠤ ᠤᠯᠤᠰ ᠢᠶᠡᠨ ᠠᠪᠤᠷᠠᠬᠤ ᠪᠦᠯᠬᠦᠮ ᠪᠠ ᠪᠦᠬᠦ ᠤᠯᠤᠰ ᠤᠨ ᠠᠷᠠᠳ ᠤᠯᠠᠨ ᠤ ᠤᠯᠤᠰ ᠢᠶᠡᠨ ᠠᠪᠤᠷᠠᠬᠤ ᠪᠦᠯᠬᠦᠮ ᠬᠠᠮᠲᠤᠷᠠᠭᠰᠠᠨ ᠬᠤᠷᠠᠯ ᠴᠤᠭᠯᠠᠭ᠎ᠠ ᠬᠢᠵᠦ᠂ ᠴᠢᠩ ᠰᠡᠳᠬᠢᠯ ᠡᠴᠡ ᠪᠡᠨ ᠵᠠᠯᠭᠠᠭ᠎ᠠ ᠪᠠᠷ ᠹᠸᠩ ᠢᠦᠢ ᠰᠢᠶᠠᠩ ᠳ᠋ᠦ ᠴᠠᠬᠢᠯᠭᠠᠨ ᠮᠡᠳᠡᠭᠡ ᠢᠷᠡᠭᠦᠯᠵᠦ ᠶᠠᠫᠤᠨ ᠢ ᠡᠰᠡᠷᠭᠦᠴᠡᠬᠦ ᠶ᠋ᠢ ᠬᠦᠰᠡᠭᠰᠡᠨ ᠪᠠᠶᠢᠨ᠎ᠠ᠃ 5 ᠰᠠᠷ᠎ᠠ ᠶ᠋ᠢᠨ 26 ᠤ ᠡᠳᠦᠷ ᠂ ᠹᠸᠡᠭ᠌ ᠢᠦᠢ ᠰᠢᠶᠠᠩ ᠂ ᠵᠢᠶ ᠬᠣᠩ ᠴᠠᠩ ᠂ ᠹᠠᠩ ᠵᠸᠨ ᠦ᠋ 《 ᠴᠠᠬᠠᠷ ᠤᠨ ᠠᠷᠠᠳ ᠤᠯᠠᠨ ᠤ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ》 ᠤᠨ ᠲᠤᠭ ᠢ ᠥᠨᠳᠦᠷ ᠮᠠᠨᠳᠤᠭᠤᠯᠵᠤ ᠂ ᠹᠸᠡᠭ᠌ ᠢᠦᠢ ᠰᠢᠶᠠᠩ ᠬᠣᠯᠪᠣᠭᠠᠲᠤ ᠴᠡᠷᠢᠭ ᠦ᠋ᠨ ᠶᠡᠷᠦᠩᠬᠡᠶ ᠰᠧᠯᠢᠩ ᠂ ᠹᠠᠩ ᠵᠧᠨ ᠡᠮᠦᠨ᠎ᠡ ᠹᠷᠣᠨᠲ ᠤᠨ ᠶᠡᠷᠦᠩᠬᠡᠶ ᠰᠧᠯᠢᠩ ᠂ ᠵᠢᠶ ᠬᠣᠩ ᠴᠠᠩ ᠡᠮᠦᠨ᠎ᠡ ᠹᠷᠣᠨᠲ ᠤᠨ ᠶᠡᠷᠦᠩᠬᠡᠶ ᠵᠢᠯᠤᠭᠤᠳᠤᠭᠴᠢ ᠪᠣᠯᠤᠭᠰᠠᠨ ᠪᠠᠶᠢᠨ᠎ᠠ ᠃ ᠴᠠᠬᠢᠯᠭᠠᠨ ᠮᠡᠳᠡᠭᠡᠨ ᠳ᠋ᠦ ᠵᠢᠭᠠᠵᠤ ᠭᠠᠷᠭᠠᠭᠰᠠᠨ ᠨᠢ ᠄ 《 ᠶᠠᠫᠣᠨ ᠤ ᠡᠵᠡᠷᠬᠡᠭ ᠲᠦᠷᠢᠮᠡᠬᠡᠶᠢᠲᠡᠨ ᠳᠤᠮᠳᠠᠳᠤ ᠤᠯᠤᠰ ᠢ ᠲᠦᠷᠢᠮᠡᠬᠡᠶᠢᠯᠡᠵᠦ ᠂ ᠰᠢᠭᠤᠳ ᠵᠣᠷᠢᠯᠭ᠎ᠠ ᠨᠢ ᠮᠠᠨ ᠤ ᠤᠯᠤᠰ ᠢ ᠮᠥᠬᠦᠭᠡᠵᠦ ᠂ ᠦᠨᠳᠦᠰᠦᠲᠡᠨ ᠨᠤᠭᠦᠳ ᠤᠨ ᠠᠷᠠᠳ ᠲᠦᠮᠡᠨ ᠢ ᠳᠠᠷᠤᠯᠠᠬᠤ ᠶ᠋ᠢᠨ ᠲᠥᠯᠦᠭᠡ ᠶᠤᠮ ᠃ ᠵᠠᠰᠠᠭ ᠤᠨ ᠣᠷᠳᠣᠨ ᠤ ᠶᠡᠬᠡ ᠡᠷᠬᠡ ᠶ᠋ᠢ ᠠᠳᠬᠤᠵᠤ ᠪᠠᠶᠢᠭ᠎ᠠ ᠬᠥᠮᠦᠰ ᠡᠵᠡᠷᠬᠡᠭ ᠲᠦᠷᠢᠮᠡᠬᠡᠶᠢᠲᠡᠨ ᠢ ᠡᠰᠡᠷᠭᠦᠴᠡᠬᠦ ᠦᠭᠡᠶ ᠭᠤᠷᠪᠠᠨ ᠮᠤᠵᠢ ᠶ᠋ᠢ ᠠᠯᠳᠠᠵᠤ ᠂ ᠬᠠᠭᠤᠷᠮᠠᠭ ᠡᠰᠡᠷᠭᠦᠴᠡᠵᠦ ᠷᠸᠾᠸ ᠶ᠋ᠢ ᠠᠯᠳᠠᠵᠤ ᠂ ᠲᠤᠶᠢᠯᠪᠤᠷᠢᠲᠠᠢ ᠪᠣᠰᠤ ᠬᠡᠰᠡᠭ ᠲᠠᠯ᠎ᠠ ᠪᠠᠷ ᠡᠰᠡᠷᠭᠦᠴᠡᠭᠰᠡᠨ ᠡᠴᠡ ᠰᠦᠩ ᠬᠤ ᠂ ᠫᠢᠩ ᠵᠢᠨ ᠤ ᠨᠤᠭᠤᠷᠢᠯ ᠳ᠋ᠤ ᠤᠴᠠᠷᠠᠭᠰᠠᠨ ᠪᠠᠶᠢᠨ᠎ᠠ ᠃ ᠁ ᠡᠭᠦᠨ ᠡᠴᠡ ᠡᠮᠦᠨᠡᠬᠢ ᠶᠠᠫᠤᠨ ᠢ ᠡᠰᠡᠷᠭᠦᠴᠡᠭᠰᠡᠨ ᠲᠡᠮᠡᠴᠡᠯ ᠨᠢ ᠶᠠᠮᠠᠷ ᠴᠦ ᠦᠨ᠎ᠡ ᠥᠷᠲᠡᠭ ᠦᠭᠡᠢ ᠪᠣᠯᠤᠭᠰᠠᠨ ᠪᠠᠶᠢᠨ᠎ᠠ᠃ ᠤᠯᠤᠰ ᠣᠷᠤᠨ ᠮᠥᠬᠦᠬᠦ ᠠᠶᠤᠯ ᠳ᠋ᠤ ᠲᠤᠯᠭᠠᠷᠠᠭᠰᠠᠨ ᠪᠠᠶᠢᠨ᠎ᠠ᠃ ᠤᠯᠤᠰ ᠮᠥᠭᠦᠨ ᠪᠣᠭᠤᠯ ᠪᠣᠯᠬᠤ ᠠᠶᠤᠯ ᠲᠦᠭᠰᠢᠭᠦᠷᠢ ᠲᠤᠯᠵᠤ ᠢᠷᠡᠭᠰᠡᠨ ᠪᠠᠶᠢᠨ᠎ᠠ ᠃ ᠁ ᠢᠦᠢ ᠰᠢᠶᠠᠩ ᠳᠠᠶᠢᠰᠤᠨ ᠢ ᠡᠰᠡᠷᠭᠦᠴᠡᠨ ᠤᠯᠤᠰ ᠢᠶᠡᠨ ᠠᠪᠤᠷᠠᠬᠤ ᠂ ᠠᠷᠠᠳ ᠣᠯᠠᠨ ᠤ ᠡᠷᠬᠡ ᠴᠢᠯᠥᠭᠡ ᠶ᠋ᠢ ᠲᠡᠮᠡᠴᠡᠨ ᠣᠯᠬᠤ ᠪᠣᠯ ᠦᠢᠴᠡᠳᠬᠡᠬᠦ ᠴᠢᠬᠤᠯᠠ ᠲᠠᠢ ᠲᠠᠷᠬᠠᠨ ᠡᠭᠦᠷᠭᠡ ᠮᠥᠨ ᠭᠡᠵᠦ ᠰᠠᠨᠠᠭᠠᠨ ᠳ᠋ᠠᠭᠠᠨ ᠭᠦᠨ ᠠᠪᠴᠠᠢ ᠃ ᠁ ᠠᠷᠠᠳ ᠲᠦᠮᠡᠨ ᠢ ᠳᠠᠭᠠᠭᠤᠯᠤᠨ ᠶᠠᠫᠤᠨ ᠢ ᠡᠰᠡᠷᠭᠦᠴᠡᠵᠦ ᠂ ᠴᠠᠬᠠᠷ ᠮᠣᠵᠢ ᠶ᠋ᠢ ᠵᠡᠪᠰᠡᠭᠲᠦ ᠬᠦᠴᠦ ᠪᠡᠷ ᠬᠠᠮᠠᠭᠠᠯᠠᠬᠤ ᠂ ᠡᠭᠦᠨ ᠤ ᠤᠯᠠᠮ ᠢᠶᠠᠷ ᠠᠯᠳᠠᠭᠰᠠᠨ ᠭᠠᠵᠠᠷ ᠢᠶᠡᠨ ᠡᠭᠡᠭᠦᠯᠦᠨ ᠠᠪᠴᠤ ᠂ ᠳᠤᠮᠳᠠᠳᠤ ᠤᠯᠤᠰ ᠤᠨ ᠲᠤᠰᠠᠭᠠᠷ ᠲᠣᠭᠲᠠᠨᠢᠯ ᠢ ᠲᠡᠮᠡᠴᠡᠨ ᠣᠯᠬᠤ ᠪᠣᠯᠤᠨ᠎ᠠ ᠃ ᠪᠦᠬᠦ ᠤᠯᠤᠰ ᠤᠨ ᠠᠷᠠᠳ ᠣᠯᠠᠨ ᠢᠶᠠᠷ ᠢᠶᠡᠨ ᠰᠡᠳᠬᠢᠯ ᠨᠢᠭᠡᠳᠴᠦ ᠡᠵᠡᠷᠬᠡᠭ ᠲᠥᠷᠢᠮᠡᠬᠡᠶᠢᠲᠡᠨ ᠢ ᠡᠷᠡᠰ ᠡᠰᠡᠷᠭᠦᠴᠡᠵᠦ ᠂ ᠡᠬᠡ ᠤᠯᠤᠰ ᠤᠨ ᠨᠤᠲᠤᠭ ᠳᠡᠪᠢᠰᠭᠡᠷ ᠦᠨ ᠪᠥᠷᠢᠨ ᠪᠥᠲᠦᠨ ᠢ ᠪᠠᠲᠤᠯᠠᠬᠤ ᠬᠡᠷᠡᠭᠲᠡᠢ ᠃ ᠦᠳᠡ ᠶ᠋ᠢᠨ ᠡᠮᠦᠨᠡᠬᠢ 7 ᠴᠠᠭ ᠲᠤ ᠂ ᠴᠢᠭᠤᠯᠤᠯᠲᠤ ᠬᠠᠭᠠᠯᠭ᠎ᠠ ᠬᠣᠲᠠ ᠴᠢᠩᠭ᠎ᠠ ᠬᠣᠷᠢᠭ᠎ᠠ ᠵᠠᠷᠯᠠᠵᠤ ᠂ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠴᠠᠬᠠᠷ ᠮᠣᠵᠢ ᠶ᠋ᠢᠨ ᠵᠠᠰᠠᠭ ᠤᠨ ᠣᠷᠳᠤᠨ ᠢ ᠳᠠᠭᠠᠷᠢᠨ ᠡᠵᠡᠯᠡᠵᠦ ᠂ ᠪᠦᠬᠦ ᠴᠠᠭᠳᠠᠭ᠎ᠠ ᠶ᠋ᠢᠨ ᠵᠡᠷ ᠵᠡᠪᠰᠡᠭ ᠢ ᠬᠤᠷᠢᠶᠠᠨ ᠠᠪᠴᠤ ᠂ ᠭᠤᠮᠢᠨᠳᠠᠩ ᠤᠨ ᠬᠥᠭᠡ ᠬᠤᠪᠴᠠᠰᠤᠲᠠᠨ ᠤ ᠲᠠᠩᠨᠠᠭᠤᠯ ᠤᠨ ᠪᠠᠶᠢᠭᠤᠯᠭ᠎ᠠ ᠶ᠋ᠢ ᠨᠡᠩᠵᠢᠵᠦ ᠬᠤᠷᠢᠶᠠᠮᠵᠢᠯᠠᠭᠰᠠᠨ ᠪᠠᠶᠢᠨ᠎ᠠ ᠃ ᠲᠦᠩ ᠯᠢᠨ ᠭᠸ ᠶ᠋ᠢ ᠴᠠᠬᠠᠷ ᠮᠣᠵᠢ ᠶ᠋ᠢᠨ ᠲᠡᠷᠢᠭᠦᠯᠡᠭᠴᠢ ᠂ ᠠᠷᠠᠳ ᠤᠨ ᠶᠠᠪᠤᠳᠠᠯ ᠤᠨ ᠲᠢᠩᠬᠢᠮ ᠦᠨ ᠳᠠᠷᠤᠭ᠎ᠠ ᠪᠡᠷ ᠲᠣᠮᠢᠯᠠᠵᠤ ᠂ ᠵᠠᠩ ᠶᠦᠨ ᠷᠥᠩ ᠢ ᠡᠳ᠋ ᠦᠨ ᠵᠠᠰᠠᠭ ᠤᠨ ᠲᠢᠩᠬᠢᠮ ᠦᠨ ᠳᠠᠷᠤᠭ᠎ᠠ ᠂ ᠵᠢᠶ ᠬᠣᠩ ᠴᠠᠩ ᠢ ᠠᠮᠤᠷ ᠢ ᠬᠠᠮᠠᠭᠠᠯᠠᠬᠤ ᠭᠠᠵᠠᠷ ᠤᠨ ᠳᠠᠷᠤᠭ᠎ᠠ ᠂ ᠲᠣᠲᠤᠭᠠᠳᠤ ᠶ᠋ᠢ ᠬᠠᠮᠠᠭᠠᠯᠠᠬᠤ ᠲᠣᠪᠴᠢᠶᠠᠨ ᠤ ᠳᠠᠷᠤᠭ᠎ᠠ ᠂ ᠰᠡᠷᠭᠡᠶᠢᠯᠡᠨ ᠬᠠᠮᠠᠭᠠᠯᠠᠬᠤ ᠰᠧᠯᠢᠩᠪᠦ᠋ ᠤᠨ ᠳᠡᠳ᠋ ᠰᠧᠯᠢᠩ ᠢᠶᠠᠷ ᠲᠣᠮᠢᠯᠠᠪᠠ ᠃ ᠡᠭᠦᠨ ᠤ ᠵᠡᠷᠭᠡᠴᠡᠭᠡᠪᠡᠷ ᠂ ᠶᠠᠫᠤᠨ ᠢ ᠡᠰᠡᠷᠭᠦᠴᠡᠬᠦ ᠬᠣᠯᠪᠣᠭᠠᠲᠤ ᠶᠡᠷᠦᠩᠬᠡᠶ ᠰᠧᠯᠢᠩᠪᠦ᠋ ᠤᠨ ᠪᠥᠷᠢᠯᠳᠦᠭᠦᠨ ᠢ ᠨᠡᠶᠢᠲᠡᠯᠡᠭᠰᠡᠨ ᠪᠠᠶᠢᠨ᠎ᠠ ᠃
ᠴᠠᠬᠠᠷ ᠤᠨ ᠠᠷᠠᠳ ᠤᠯᠠᠨ ᠤ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠦᠨ ᠪᠠᠶᠢᠭᠤᠯᠤᠭᠳᠠᠭᠰᠠᠨ ᠨᠢ ᠪᠦᠬᠦ ᠤᠯᠤᠰ ᠤᠨ ᠡᠯ᠎ᠡ ᠠᠷᠠᠳ ᠲᠦᠮᠡᠨ ᠤ ᠬᠦᠷᠢᠶᠡᠯᠡᠯ ᠪᠠ ᠳᠡᠮᠵᠢᠯᠭᠡ ᠶ᠋ᠢ ᠣᠯᠵᠤ ᠂ ᠡᠭᠡ ᠣᠷᠣᠨᠴᠢ ᠡᠪᠯᠡᠯ ᠪᠦᠯᠬᠦᠮ ᠪᠠ ᠡᠬᠡ ᠣᠷᠣᠨᠴᠢ ᠬᠥᠮᠦᠰ ᠴᠠᠬᠢᠯᠭᠠᠨ ᠮᠡᠳᠡᠭᠡ ᠢᠯᠡᠭᠡᠵᠦ ᠪᠠᠶᠠᠷ ᠬᠦᠷᠭᠡᠵᠡᠶ ᠃ ᠳᠤᠮᠳᠠᠳᠤ ᠤᠯᠤᠰ ᠤᠨ ᠡᠪ ᠬᠠᠮᠲᠤ ᠨᠠᠮ ᠲᠠᠢᠢᠴᠢᠯᠠᠨ ᠵᠣᠬᠢᠶᠠᠨ ᠪᠠᠶᠢᠭᠤᠯᠵᠤ ᠪᠸᠢᠢᠫᠢᠩ ᠂ ᠲᠢᠶᠠᠨᠵᠢᠨ ᠂ ᠲᠠᠶᠢᠶᠤᠸᠠᠨ ᠵᠡᠷᠭᠡ ᠭᠠᠵᠠᠷ ᠤᠨ ᠰᠤᠷᠤᠭᠴᠢᠳ ᠪᠠ ᠵᠠᠯᠠᠭᠤᠴᠤᠳ ᠢ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠲᠦ ᠣᠷᠤᠯᠴᠠᠬᠤ ᠶ᠋ᠢ ᠤᠷᠢᠶᠠᠯᠠᠭᠰᠠᠨ ᠪᠠᠶᠢᠨ᠎ᠠ ᠂《 ᠶᠢᠰᠦᠨ ᠰᠠᠷ᠎ᠠ ᠶ᠋ᠢᠨ ᠠᠷᠪᠠᠨ ᠨᠠᠶᠮᠠᠨ 》 ᠤ ᠬᠡᠷᠡᠭ ᠬᠤᠪᠢᠰᠤᠯ ᠤᠨ ᠲᠠᠷᠠᠭ᠎ᠠ ᠵᠡᠭᠦᠨ ᠬᠣᠶᠢᠲᠤ ᠣᠷᠣᠨ ᠤ ᠭᠤᠷᠪᠠᠨ ᠮᠣᠵᠢ ᠶ᠋ᠢᠨ ᠶᠠᠫᠤᠨ ᠢ ᠡᠰᠡᠷᠭᠦᠴᠡᠬᠦ ᠠᠵᠢᠯᠯᠠᠭ᠎ᠠ ᠬᠢᠵᠦ ᠪᠠᠶᠢᠭᠰᠠᠨ ᠵᠡᠭᠦᠨ ᠬᠣᠶᠢᠲᠤ ᠶ᠋ᠢᠨ ᠵᠢᠷᠤᠮ ᠤᠨ ᠴᠡᠷᠢᠭ ᠂ ᠤᠯᠤᠰ ᠢᠶᠡᠨ ᠠᠪᠤᠷᠠᠬᠤ ᠴᠡᠷᠢᠭ ᠂ ᠥᠪᠡᠷ ᠢ ᠪᠡᠨ ᠬᠠᠮᠠᠭᠠᠯᠠᠬᠤ ᠴᠡᠷᠢᠭ ᠦᠨ ᠳ᠋ᠧᠩ ᠸᠸᠨ ᠂ ᠯᠢ ᠵᠥᠩ ᠢ ᠂ ᠵᠢᠶ ᠬᠠᠨ ᠳ᠋ᠦᠩ ᠵᠡᠷᠭᠡ ᠬᠥᠮᠦᠰ ᠂ ᠶᠠᠫᠤᠨ ᠢ ᠡᠰᠡᠷᠭᠦᠴᠡᠬᠦ ᠮᠣᠩᠭᠣᠯ ᠦᠨᠳᠦᠰᠦᠲᠡᠨ ᠤ ᠵᠡᠪᠰᠡᠭᠲᠦ ᠬᠦᠴᠦᠨ ᠤ ᠯᠢ ᠬᠠᠢ ᠱᠠᠨ ᠂ ᠯᠢᠦ ᠵᠧᠨ ᠢᠦᠢ ᠵᠡᠷᠭᠡ ᠬᠥᠮᠦᠰ ᠂ ᠰᠦᠢᠶᠤᠸᠠᠨ ᠲᠦᠮᠡᠳ ᠬᠣᠰᠢᠭᠤᠨ ᠤ ᠬᠠᠭᠤᠴᠢᠨ ᠨᠢᠭᠡᠳᠦᠭᠡᠷ ᠬᠣᠷᠢᠶ᠎ᠠ ᠪᠠᠰᠠ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠲᠦ ᠣᠷᠣᠯᠴᠠᠵᠤ ᠂ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠦᠨ ᠬᠦᠴᠦᠨ ᠦᠳᠲᠡᠷ ᠲᠦᠷᠭᠡᠨ ᠬᠥᠭᠵᠢᠭᠰᠡᠨ ᠪᠠᠶᠢᠨ᠎ᠠ ᠃ 6 ᠰᠠᠷ᠎ᠠ ᠶ᠋ᠢᠨ15 ᠤ ᠡᠳᠦᠷ ᠂ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠠᠩᠬ᠎ᠠ ᠤᠳᠠᠭ᠎ᠠ ᠴᠡᠷᠢᠭ ᠠᠷᠠᠳ ᠤᠨ ᠲᠥᠯᠦᠭᠡᠯᠡᠭᠴᠢᠳ ᠦᠨ ᠶᠡᠬᠡ ᠬᠤᠷᠠᠯ ᠢ ᠴᠢᠭᠤᠯᠤᠯᠳᠦ ᠬᠠᠭᠠᠯᠭ᠎ᠠ ᠳ᠋ᠦ ᠬᠤᠷᠠᠯᠳᠤᠭᠤᠯᠪᠠ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠨᠠᠮ ᠤᠨ ᠭᠡᠰᠢᠭᠦᠨ ᠰᠢᠤᠸᠠᠨ ᠰᠢᠶᠠ ᠹᠦ᠋ ᠂ ᠵᠠᠩ ᠮᠦ ᠲᠤᠤ ᠵᠡᠷᠭᠡ ᠬᠥᠮᠦᠰ ᠶᠡᠬᠡ ᠬᠤᠷᠠᠯ ᠳ᠋ᠤ ᠣᠷᠣᠯᠴᠠᠵᠠᠶ ᠂ 5 ᠡᠳᠦᠷ ᠶᠠᠪᠤᠭᠳᠠᠭᠰᠠᠨ ᠬᠤᠷᠠᠯ ᠡᠴᠠ《 ᠶᠠᠫᠤᠨ ᠢ ᠡᠰᠡᠷᠭᠦᠴᠡᠬᠦ ᠠᠷᠠᠳ ᠣᠯᠠᠨ ᠤ ᠬᠣᠯᠪᠣᠭᠠᠲᠠᠨ ᠤ ᠬᠥᠲᠥᠯᠪᠦᠷᠢ 》 ᠂ 《 ᠠᠷᠠᠳ ᠤᠯᠠᠨ ᠤ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠦᠨ ᠴᠡᠷᠢᠭ ᠦᠨ ᠶᠠᠪᠤᠳᠠᠯ ᠤᠨ ᠠᠰᠠᠭᠤᠳᠠᠯ ᠤᠨ ᠲᠤᠬᠠᠶ ᠰᠠᠨᠠᠯ ᠵᠥᠪᠯᠡᠯᠭᠡ 》 《ᠡᠳ᠋ ᠦᠨ ᠵᠠᠰᠠᠭ ᠤᠨ ᠲᠥᠷᠦ ᠶ᠋ᠢᠨ ᠪᠣᠳᠤᠯᠭ᠎ᠠ ᠶ᠋ᠢᠨ ᠲᠤᠬᠠᠶ ᠰᠢᠢᠳᠪᠦᠷᠢ ᠲᠥᠰᠦᠯ 》 ᠂ 《 ᠴᠡᠷᠢᠭ ᠦᠨ ᠳᠣᠲᠣᠷᠠᠬᠢ ᠤᠯᠤᠰ ᠲᠥᠷᠦ ᠶ᠋ᠢᠨ ᠠᠵᠢᠯ ᠪᠠ ᠠᠷᠠᠳ ᠤᠯᠠᠨ ᠤ ᠬᠥᠳᠡᠯᠭᠡᠭᠡᠨ ᠢ ᠬᠠᠪᠰᠤᠷᠬᠤ ᠲᠤᠬᠠᠶ ᠰᠢᠢᠳᠪᠦᠷᠢ ᠶ᠋ᠢᠨ ᠲᠥᠰᠦᠯ 》 ᠂ 《 ᠠᠷᠠᠳ ᠤᠯᠠᠨ ᠤ ᠶᠠᠫᠤᠨ ᠢ ᠡᠰᠡᠷᠭᠦᠴᠡᠬᠦ ᠴᠡᠷᠢᠭ ᠦᠨ ᠶᠠᠪᠤᠳᠠᠯ ᠤᠨ ᠬᠣᠷᠢᠶᠠᠨ ᠤ ᠵᠣᠬᠢᠶᠠᠨ ᠪᠠᠶᠢᠭᠤᠯᠤᠯᠲᠠ ᠶ᠋ᠢᠨ ᠬᠥᠲᠦᠯᠪᠦᠷᠢ ᠶ᠋ᠢᠨ ᠰᠢᠢᠳᠪᠦᠷᠢ ᠶ᠋ᠢᠨ ᠲᠥᠰᠦᠯ 》 ᠵᠡᠷᠭᠡ ᠠᠯᠢ ᠤᠯᠠᠨ ᠰᠢᠢᠳᠪᠦᠷᠢ ᠶ᠋ᠢᠨ ᠲᠥᠰᠦᠯ ᠢ ᠪᠠᠲᠤᠯᠠᠵᠤ ᠂ ᠡᠭᠦᠨ ᠤ ᠬᠠᠮᠲᠤ ᠹᠸᠩ ᠢᠦᠢ ᠰᠢᠶᠠᠩ ᠂ ᠵᠢᠶ ᠬᠣᠩ ᠴᠠᠩ ᠂ ᠹᠠᠩ ᠵᠸᠨ ᠡᠦ ᠂ ᠰᠢᠤᠸᠠᠨ ᠰᠢᠶᠠ ᠹᠦ᠋᠂ ᠲᠦᠩ ᠯᠢᠨ ᠭᠸ ᠂ ᠰᠦᠨ ᠯᠢᠶᠠᠩ ᠴᠧᠩ ᠂ ᠵᠠᠩ ᠶᠦᠨᠷᠦᠩ ᠂ ᠳ᠋ᠧᠩ ᠸᠸᠨ ᠂ ᠵᠠᠩ ᠷᠧᠨ ᠵᠢᠶᠸ ᠂ ᠴᠢᠦ ᠱᠠᠨ ᠨᠢᠩ ᠂ ᠵᠠᠩ ᠮᠦ ᠲᠤᠤ ᠵᠡᠷᠭᠡ 11 ᠬᠥᠮᠦᠨ ᠢᠶ᠋ᠡᠷ ᠪᠦᠷᠢᠯᠳᠦᠭᠰᠡᠨ ᠴᠡᠷᠢᠭ ᠦᠨ ᠶᠠᠪᠤᠳᠠᠯ ᠤᠨ ᠬᠣᠷᠢᠶᠠᠨ ᠤ ᠪᠠᠶᠢᠩᠭᠤ ᠶ᠋ᠢᠨ ᠬᠣᠷᠢᠶ᠎ᠠ ᠶ᠋ᠢᠨ ᠤᠳᠤᠷᠢᠳᠬᠤ ᠪᠥᠯᠬᠦᠮ ᠢ ᠰᠤᠩᠭᠤᠵᠤ ᠭᠠᠷᠭᠠᠭᠰᠠᠨ ᠪᠠᠶᠢᠨ᠎ᠠ᠃
ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠣᠬᠣᠷ ᠬᠤᠭᠤᠴᠠᠭᠠᠨ ᠤ ᠴᠡᠭᠴᠡᠯᠡᠨ ᠪᠣᠯᠪᠠᠰᠤᠷᠠᠯ ᠬᠢᠭᠰᠡᠨ ᠤ ᠲᠠᠷᠠᠭ᠎ᠠ ᠂ ᠶᠠᠫᠣᠨ ᠬᠠᠭᠤᠷᠮᠠᠭ ᠴᠡᠷᠢᠭ ᠦᠨ ᠡᠵᠡᠯᠡᠵᠦ ᠪᠠᠶᠢᠭᠰᠠᠨ ᠴᠠᠬᠠᠷ ᠤᠨ ᠤᠮᠠᠷᠠᠲᠤ ᠬᠡᠰᠡᠭ ᠦᠨ ᠺᠠᠩ ᠪᠦᠦ ᠂ ᠪᠦᠦ ᠴᠠᠩ ᠂ ᠭᠦ᠋ ᠶᠤᠸᠠᠨ ᠂ ᠳᠣᠯᠣᠨ ᠨᠠᠭᠤᠷ ᠵᠡᠷᠭᠡ ᠲᠦᠷᠪᠡᠨ ᠰᠢᠶᠠᠨ ᠢ ᠡᠬᠡᠭᠦᠯᠵᠦ ᠠᠪᠬᠤ ᠪᠠᠷ ᠲᠥᠯᠦᠪᠯᠡᠭᠰᠡᠨ ᠪᠠᠶᠢᠨ᠎ᠠ ᠃ 6 ᠰᠠᠷ᠎ᠠ ᠶ᠋ᠢᠨ 20 ᠤ ᠡᠳᠦᠷ ᠂ ᠹᠸᠩ ᠢᠦᠢ ᠰᠢᠶᠠᠩ ᠡᠴᠠ ᠵᠢᠶ ᠬᠣᠩ ᠴᠠᠩ ᠢ ᠬᠣᠶᠢᠲᠤ ᠵᠠᠮ ᠤᠨ ᠴᠡᠷᠢᠭ ᠦᠨ ᠡᠮᠦᠨ᠎ᠡ ᠹᠷᠣᠨᠲ ᠤᠨ ᠶᠡᠷᠦᠩᠬᠡᠶ ᠵᠢᠯᠤᠭᠤᠳᠤᠭᠴᠢ ᠂ ᠼᠦᠢ ᠬᠥᠩ ᠴᠧᠨ ᠢ ᠱᠲ᠋ᠠᠪ ᠤᠨ ᠳᠠᠷᠤᠭ᠎ᠠ ᠪᠠᠷ ᠲᠣᠮᠢᠯᠠᠵᠤ᠂ ᠳ᠋ᠧᠩ ᠸᠸᠨ ᠂ ᠯᠢ ᠵᠥᠩ ᠢ ᠂ ᠬᠤᠸᠠᠩ ᠱᠸᠤ ᠵᠦᠩ ᠵᠡᠷᠭᠡ ᠬᠥᠮᠦᠰ ᠢ ᠤᠳᠤᠷᠢᠳᠤᠨ ᠲᠦᠷᠪᠡᠨ ᠰᠢᠶᠠᠨ ᠢ ᠪᠠᠶᠢᠯᠳᠤᠨ ᠠᠪᠬᠤ ᠪᠠᠷ ᠲᠣᠮᠢᠯᠠᠭᠰᠠᠨ ᠪᠠᠶᠢᠨ᠎ᠠ ᠃ ᠡᠯ᠎ᠡ ᠵᠠᠮ ᠤᠨ ᠴᠡᠷᠢᠭ ᠠᠩᠬᠢ ᠵᠠᠩ ᠪᠸᠢ ᠳ᠋ᠤ ᠴᠤᠭᠯᠠᠷᠠᠭᠰᠠᠨ ᠤ ᠳᠠᠷᠠᠭ᠎ᠠ ᠂ 22 ᠤ ᠡᠳᠦᠷ ᠂ ᠵᠠᠩ ᠪᠧᠶ ᠡᠴᠠ ᠰᠢᠭᠤᠳ ᠺᠠᠩ ᠪᠦᠦ ᠶ᠋ᠢ ᠰᠢᠬᠠᠮᠳᠤᠭᠤᠯᠵᠤ ᠂ 3 ᠴᠠᠭ ᠤᠨ ᠰᠢᠷᠦᠭᠦᠨ ᠲᠤᠯᠤᠯᠳᠤᠭᠠᠨ ᠢᠶᠠᠷ ᠲᠤᠰ ᠡᠳᠦᠷ ᠦᠨ ᠦᠳᠡ ᠶ᠋ᠢᠨ ᠬᠣᠶᠢᠨᠠ ᠬᠣᠯᠪᠣᠭᠠᠲᠤ ᠴᠡᠷᠢᠭ ᠺᠠᠩ ᠪᠣᠣ ᠰᠢᠶᠠᠨ ᠢ ᠪᠤᠴᠠᠭᠠᠨ ᠠᠪᠤᠭᠰᠠᠨ ᠪᠠᠶᠢᠨ᠎ᠠ ᠃ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠺᠠᠩ ᠪᠦᠦ ᠳ᠋ᠤ ᠣᠷᠣᠵᠤ ᠰᠠᠭᠤᠭᠰᠠᠨ ᠤ ᠳᠠᠷᠠᠭ᠎ᠠ ᠂ ᠨᠢᠭᠡ ᠲᠠᠯ᠎ᠠ ᠪᠠᠷ ᠳᠡᠭᠡᠷᠡᠮ ᠢ ᠤᠰᠠᠳᠬᠠᠨ ᠠᠷᠠᠳ ᠢ ᠠᠮᠤᠷᠵᠢᠭᠤᠯᠵᠤ ᠂ ᠨᠥᠭᠦᠭᠡ ᠲᠠᠯ᠎ᠠ ᠪᠠᠷ ᠪᠦᠦ ᠴᠠᠩ ᠵᠦᠭ ᠳᠣᠪᠲᠣᠯᠬᠤ ᠪᠡᠯᠡᠳᠬᠡᠯ ᠬᠢᠭᠰᠡᠨ ᠪᠠᠶᠢᠨ᠎ᠠ ᠃ 6 ᠰᠠᠷ᠎ᠠ ᠶ᠋ᠢᠨ 30 ᠤ ᠡᠳᠦᠷ ᠂ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠲᠤᠰ ᠲᠤᠰ ᠪᠣᠣ ᠴᠠᠩ ᠂ ᠭᠦ᠋ ᠶᠤᠸᠠᠨ ᠳ᠋ᠤ ᠣᠶᠢᠷᠠᠲᠤᠭᠰᠠᠨ ᠳ᠋ᠤ ᠂ ᠬᠠᠭᠤᠷᠮᠠᠭ ᠴᠡᠷᠢᠭ ᠦᠨ ᠵᠠᠩ ᠬᠠᠢ ᠫᠸᠩ ᠂ ᠼᠦᠢ ᠰᠢᠩ ᠦ᠋ ᠦ᠋ᠨ ᠴᠡᠷᠢᠭ ᠶᠠᠫᠣᠨ ᠴᠡᠷᠢᠭ ᠢ ᠲᠤᠰᠠᠯᠠᠵᠤ ᠂ ᠮᠤᠵᠢᠭᠤᠳᠠᠯᠠᠨ ᠡᠰᠡᠷᠭᠦᠴᠡᠭᠰᠡᠨ ᠪᠠᠶᠢᠨ᠎ᠠ ᠃ 7 ᠰᠠᠷ᠎ᠠ ᠶ᠋ᠢᠨ 1 ᠤ ᠡᠳᠦᠷ ᠂ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠰᠢᠶᠧ ᠵᠢᠶᠠ ᠼᠤᠤ ᠂ ᠯᠢᠦ ᠵᠢᠶᠠ ᠶᠢᠩ ᠂ ᠯᠢᠦ ᠲᠢᠶᠤᠤ ᠭᠧᠤ ᠣᠷᠴᠢᠮ ᠳ᠋ᠤ ᠳᠠᠶᠢᠰᠤᠨ ᠤ ᠴᠡᠷᠢᠭ ᠲᠡᠶ ᠰᠢᠷᠦᠭᠦᠨ ᠢᠶ᠋ᠡᠷ ᠲᠤᠯᠤᠯᠳᠤᠪᠠ ᠃ ᠣᠷᠤᠢ ᠪᠣᠯᠬᠤ ᠳ᠋ᠤ 3000 ᠭᠠᠷᠤᠶ ᠮᠤᠵᠢᠭᠤᠳᠠ ᠴᠡᠷᠢᠭ ᠤᠮᠠᠷᠠᠰᠢ ᠳᠣᠯᠣᠨ ᠨᠠᠭᠤᠷ ᠲᠦ ᠤᠬᠤᠷᠢᠵᠤ ᠂ ᠬᠣᠯᠪᠣᠭᠠᠲᠤ ᠴᠡᠷᠢᠭ ᠰᠥᠨᠢ ᠪᠡᠷ ᠪᠦᠦ ᠴᠠᠩ ᠢ ᠳᠠᠭᠠᠷᠢᠵᠤ ᠂ ᠡᠨᠡ ᠳᠠᠶᠢᠯᠠᠯᠳᠤᠭᠠᠨ ᠳ᠋ᠦ ᠳᠠᠶᠢᠰᠤᠨ ᠢ ᠬᠡᠳᠦᠨ ᠵᠠᠭᠤᠨ ᠬᠥᠮᠦᠨ ᠰᠥᠨᠥᠭᠡᠵᠦ ᠂ ᠮᠠᠰᠢ ᠣᠯᠠᠨ ᠬᠥᠮᠦᠰ ᠢ ᠣᠯᠵᠠᠯᠠᠭᠰᠠᠨ ᠪᠠᠶᠢᠪᠠ ᠃ ᠡᠭᠦᠨ ᠤ ᠬᠠᠮᠲᠤ ᠪᠠᠰᠠ ᠭᠦ᠋ ᠶᠤᠸᠠᠨ ᠢ ᠰᠠᠬᠢᠵᠤ ᠪᠠᠶᠢᠭᠰᠠᠨ ᠯᠢᠦ ᠵᠢᠶᠠ ᠲᠠᠩ ᠪᠣᠰᠤᠯᠭ᠎ᠠ ᠭᠠᠷᠭᠠᠵᠤ᠂ ᠴᠠᠬᠢᠯᠭᠠᠨ ᠢᠯᠡᠭᠡᠵᠦ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠦᠨ ᠵᠢᠷᠭᠤᠳᠤᠭᠠᠷ ᠵᠠᠮ ᠤᠨ ᠴᠡᠷᠢᠭ ᠦᠨ ᠶᠡᠷᠦᠩᠬᠡᠶ ᠵᠢᠯᠤᠭᠤᠳᠤᠭᠴᠢ ᠪᠤᠯᠵᠤ ᠲᠤᠰᠢᠶᠠᠯ ᠳ᠋ᠦ ᠭᠠᠷᠪᠠ ᠃ ᠡᠭᠦᠨ ᠡᠴᠡ ᠡᠮᠦᠨ᠎ᠡ ᠂ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠪᠠᠶᠢᠭᠤᠯᠤᠭᠳᠠᠭᠰᠠᠨ ᠡᠬᠢᠨ ᠤ ᠦᠶ᠎ᠡ ᠳ᠋ᠦ᠂ ᠯᠢᠦ ᠬᠦᠢ ᠲᠠᠩ ᠠᠷᠮᠢ ᠶ᠋ᠢᠨ ᠳᠡᠳ᠋ ᠳᠠᠷᠤᠭ᠎ᠠ ᠱᠠᠩ ᠡᠦ ᠶ᠋ᠢ ᠲᠣᠮᠢᠯᠠᠨ ᠹᠸᠩ ᠢᠦᠢ ᠰᠢᠶᠠᠩ ᠲᠠᠢ ᠬᠣᠯᠪᠤᠭ᠎ᠠ ᠠᠪᠴᠤ ᠶᠠᠫᠤᠨ ᠢ ᠡᠰᠡᠷᠭᠦᠴᠡᠬᠦ ᠰᠠᠨᠠᠭ᠎ᠠ ᠪᠠᠨ ᠢᠯᠡᠳᠬᠡᠭᠰᠡᠨ ᠪᠠᠶᠢᠪᠠ ᠃ ᠯᠢᠦ ᠬᠦᠢ ᠲᠠᠩ ᠤᠨ ᠠᠵᠢᠯᠯᠠᠭ᠎ᠠ ᠨᠢ ᠭᠦ᠋ᠶᠤᠸᠠᠨ ᠢ ᠰᠠᠬᠢᠵᠤ ᠪᠠᠶᠢᠭᠰᠠᠨ ᠵᠠᠩ ᠬᠠᠢ ᠫᠸᠩ ᠦᠨ ᠬᠠᠭᠤᠷᠮᠠᠭ ᠴᠡᠷᠢᠭ ᠢ ᠭᠠᠭᠴᠠᠭᠠᠷᠳᠠᠭᠰᠠᠨ ᠪᠠᠶᠢᠳᠠᠯ ᠳ᠋ᠤ ᠣᠷᠤᠭᠤᠯᠵᠤ᠂ ᠬᠣᠯᠪᠣᠭᠠᠲᠤ ᠴᠡᠷᠢᠭ ᠢᠦᠶ ᠶᠠ ᠨᠥᠩ ᠦᠨ ᠴᠡᠷᠢᠭ ᠲᠦ ᠢᠯᠠᠭᠳᠠᠨ ᠳᠣᠯᠤᠨ ᠨᠠᠭᠤᠷ ᠤᠷᠤᠭᠤ ᠤᠬᠤᠷᠢᠭᠰᠠᠨ ᠪᠠᠶᠢᠨ᠎ᠠ ᠃ ᠡᠨᠡ ᠳᠠᠶᠢᠯᠠᠯᠳᠤᠭᠠᠨ ᠳ᠋ᠤ 700 ᠭᠠᠷᠤᠶ ᠳᠠᠶᠢᠰᠤᠨ ᠢ ᠰᠥᠨᠥᠭᠡᠵᠦ ᠂ 500 ᠭᠠᠷᠤᠶ ᠳᠠᠶᠢᠰᠤᠨ ᠢ ᠣᠯᠵᠠᠯᠠᠵᠤ ᠂ ᠭᠦ᠋ ᠶᠤᠸᠠᠨ ᠢ ᠡᠪᠬᠡᠭᠦᠯᠦᠨ ᠠᠪᠤᠭᠰᠠᠨ ᠪᠠᠶᠢᠨ᠎ᠠ ᠃ 7 ᠰᠠᠷ᠎ᠠ ᠶ᠋ᠢᠨ 12 ᠤ ᠡᠳᠦᠷ ᠂ ᠬᠣᠯᠪᠣᠭᠠᠲᠤ ᠴᠡᠷᠢᠭ ᠲᠠᠪᠤᠨ ᠡᠳᠦᠷ ᠦᠨ ᠰᠢᠷᠦᠭᠦᠨ ᠪᠠᠶᠢᠯᠳᠤᠭᠠᠨ ᠢᠶᠠᠷ ᠳᠠᠮᠵᠢᠵᠤ ᠳᠤᠯᠤᠨ ᠨᠠᠭᠤᠷ ᠢ ᠡᠬᠡᠭᠦᠯᠦᠨ ᠠᠪᠤᠭᠰᠠᠨ ᠪᠠᠶᠢᠨ᠎ᠠ᠃
ᠤᠯᠠᠮ ᠨᠢᠭᠡ ᠠᠯᠬᠤᠮ ᠠᠯᠳᠠᠭᠰᠠᠨ ᠭᠠᠵᠠᠷ ᠢᠶᠡᠨ ᠡᠭᠡᠭᠦᠯᠦᠨ ᠠᠪᠬᠤ ᠶ᠋ᠢᠨ ᠲᠥᠯᠦᠭᠡ ᠂ 27 ᠤ ᠡᠳᠦᠷ ᠂ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠴᠢᠭᠤᠯᠤᠯᠲᠤ ᠬᠠᠭᠠᠯᠭ᠎ᠠ ᠬᠣᠲᠠᠨ᠎ᠠ 《 ᠵᠡᠭᠦᠨ ᠬᠣᠶᠢᠲᠤ ᠣᠷᠣᠨ ᠤ ᠲᠦᠷᠪᠡᠨ ᠮᠤᠵᠢ ᠣᠷᠤᠨ ᠤ ᠲᠥᠯᠥᠪᠯᠡᠭᠡᠨ ᠤ ᠵᠥᠪᠯᠡᠯ》 ᠢ ᠪᠠᠶᠢᠭᠤᠯᠵᠤ ᠂ ᠹᠸᠩᠢᠦᠢ ᠰᠢᠶᠠᠩ ᠨᠡᠶᠢᠭᠡᠮᠯᠢᠭ ᠦᠨ ᠳᠠᠷᠤᠭ᠎ᠠ ᠶ᠋ᠢᠨ ᠲᠤᠰᠢᠶᠠᠯ ᠢ ᠬᠠᠷᠢᠭᠤᠴᠠᠵᠤ ᠂ ᠵᠢᠶ ᠬᠣᠩ ᠴᠠᠩ ᠂ ᠴᠢᠦ ᠱᠠᠨ ᠂ ᠲᠦᠩ ᠯᠢᠨ ᠭᠸ ᠂ ᠵᠠᠩ ᠶᠦᠨ ᠷᠦᠩ ᠂ ᠹᠠᠩ ᠵᠧᠨ ᠂ ᠼᠦᠢ ᠬᠥᠩ ᠴᠧᠨ ᠂ ᠢᠦᠢ ᠰᠢᠨ ᠴᠢᠩ ᠂ ᠸᠸᠨ ᠵᠢᠨ ᠴᠧᠩ ᠂ ᠷᠤᠸᠠᠨ ᠰᠢᠤᠸᠠᠨ ᠡᠦ ᠂ ᠾᠧ ᠲᠦᠩ ᠬᠠᠶ ᠂ ᠸᠠᠩ ᠵᠢᠶ ᠲᠦᠩ᠂ ᠰᠢᠤᠢ ᠸᠧᠶ ᠯᠢᠶᠸ ᠵᠡᠷᠭᠡ ᠬᠥᠮᠦᠰ ᠭᠡᠰᠢᠭᠦᠨ ᠢᠶ᠋ᠡᠷ ᠰᠤᠩᠭᠤᠭᠳᠠᠵᠤ ᠂ ᠪᠦᠬᠦ ᠤᠯᠤᠰ ᠲᠤ ᠴᠠᠬᠢᠯᠭᠠᠨ ᠮᠡᠳᠡᠭᠳᠡᠯ ᠭᠠᠷᠭᠠᠨ ᠲᠥᠪ ᠴᠢᠩᠭ᠎ᠠ ᠪᠠᠷ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠢᠯᠠᠯᠲᠠ ᠶ᠋ᠢᠨ ᠡᠷᠴᠢᠨ ᠳᠡᠭᠡᠷ᠎ᠡ ᠪᠡᠨ ᠦᠷᠭᠦᠯᠵᠢᠯᠡᠨ ᠵᠡᠭᠦᠨ ᠬᠣᠶᠢᠲᠤ ᠣᠷᠤᠨ ᠤ ᠳᠦᠷᠪᠡᠨ ᠮᠤᠵᠢ ᠶ᠋ᠢ ᠡᠭᠡᠭᠦᠯᠦᠨ ᠠᠪᠬᠤ ᠬᠡᠷᠡᠭᠲᠡᠶ ᠭᠡᠵᠦ ᠂ ᠶᠠᠫᠣᠨ ᠤ ᠲᠦᠷᠢᠮᠡᠬᠡᠶ ᠴᠡᠷᠢᠭ ᠢ ᠳᠤᠮᠳᠠᠳᠤ ᠤᠯᠤᠰ ᠤᠨ ᠨᠤᠲᠤᠭ ᠳᠡᠪᠢᠰᠬᠡᠷ ᠡᠴᠡ ᠬᠥᠭᠡᠭᠡᠨ ᠭᠠᠷᠭᠠᠵᠤ ᠂ ᠵᠣᠷᠢᠯᠭ᠎ᠠ ᠳᠠᠭᠠᠨ ᠬᠦᠷᠬᠦ ᠦᠭᠡᠢ ᠪᠣᠯ ᠶᠠᠭᠠᠬᠢᠭᠰᠠᠨ ᠴᠤ ᠵᠣᠭᠰᠣᠬᠤ ᠦᠭᠡᠢ ᠭᠡᠪᠡ ᠃
ᠶᠠᠭ ᠰᠠᠶᠢᠬᠠᠨ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠢ ᠵᠡᠭᠦᠨ ᠬᠣᠶᠢᠲᠤ ᠣᠷᠣᠨ ᠤ ᠲᠦᠷᠪᠡᠨ ᠮᠣᠵᠢ ᠶ᠋ᠢ ᠢᠳᠡᠪᠬᠢᠲᠡᠶ ᠡᠭᠡᠭᠦᠯᠦᠨ ᠠᠪᠬᠤ ᠪᠠᠷ ᠪᠡᠯᠡᠳᠬᠡᠵᠦ ᠪᠠᠶᠢᠭ᠎ᠠ ᠦᠶ᠎ᠡ ᠳ᠋ᠤ ᠂ ᠭᠣᠮᠢᠨᠳᠠᠩ ᠤᠨ ᠵᠢᠶᠠᠩ ᠵᠢᠶᠸ ᠱᠢ ᠵᠢᠶᠠᠩᠰᠢ ᠶ᠋ᠢᠨ ᠯᠦ᠋ᠱᠠᠨ ᠳ᠋ᠦ ᠴᠡᠷᠢᠭ ᠦᠨ ᠶᠠᠪᠤᠳᠠᠯ ᠤᠨ ᠬᠤᠷᠠᠯᠳᠤᠭᠠᠨ ᠢ ᠬᠤᠷᠠᠯᠳᠤᠭᠤᠯᠵᠤ ᠂ ᠴᠢᠯᠦᠭᠡᠯᠡᠭᠳᠡᠭᠰᠡᠨ ᠣᠷᠣᠨ ᠤᠷᠤᠭᠤ ᠲᠠᠪᠤᠳᠤᠭᠠᠷ ᠤᠳᠠᠭᠠᠨ ᠤ 《 ᠪᠦᠰᠡᠯᠡᠨ ᠤᠰᠠᠳᠬᠠᠯᠲᠠ 》 ᠶᠠᠪᠤᠭᠤᠯᠵᠠᠶ ᠃ ᠵᠢᠶᠠᠩ ᠵᠢᠶᠸ ᠱᠢ ᠢᠶ᠋ᠡᠷ ᠲᠥᠯᠦᠭᠡᠯᠡᠭᠦᠯᠦᠭᠰᠡᠨ ᠴᠡᠷᠢᠭ ᠦᠨ ᠳᠠᠷᠤᠭ᠎ᠠ ᠶ᠋ᠢᠨ ᠪᠣᠯᠪᠠᠰᠤᠷᠠᠯ ᠤᠨ ᠬᠣᠷᠢᠶ᠎ᠠ᠂ ᠴᠸᠺ ᠢᠶ᠋ᠡᠷ ᠲᠣᠯᠣᠭᠠᠶᠢᠯᠠᠭᠤᠯᠤᠭᠰᠠᠨ ᠭᠧᠷᠮᠠᠨ ᠤ ᠴᠡᠷᠢᠭ ᠦᠨ ᠶᠠᠪᠤᠳᠠᠯ ᠤᠨ ᠵᠥᠪᠯᠡᠭᠴᠢ ᠵᠢᠴᠢ ᠶᠡᠬᠡ ᠬᠡᠮᠵᠢᠶᠡᠨ ᠤ ᠢᠲ᠋ᠠᠯᠢ ᠂ ᠠᠮᠧᠷᠢᠺᠠ ᠦᠨ ᠴᠡᠷᠢᠭ ᠦᠨ ᠶᠠᠪᠤᠳᠠᠯ ᠤᠨ ᠰᠤᠷᠭᠠᠭᠴᠢ ᠶ᠋ᠢ ᠤᠷᠢᠵᠤ 《ᠡᠪ ᠬᠠᠮᠲᠤ ᠨᠠᠮ ᠢ ᠤᠰᠠᠳᠬᠠᠬᠤ 》 ᠠᠷᠭ᠎ᠠ ᠶ᠋ᠢ ᠰᠣᠳᠤᠯᠤᠭᠰᠠᠨ ᠪᠠᠶᠢᠨ᠎ᠠ ᠃ 7 ᠰᠠᠷ᠎ᠠ ᠶ᠋ᠢᠨ 28 ᠤ ᠡᠳᠦᠷ ᠵᠢᠶᠠᠩ ᠵᠢᠶᠸ ᠱᠢ ᠂ ᠸᠠᠩ ᠵᠢᠩ ᠸᠧᠶ ᠨᠡᠷ᠎ᠡ ᠬᠣᠯᠪᠣᠵᠤ ᠠᠷᠠᠳ ᠲᠦᠮᠡᠨ ᠳ᠋ᠦ ᠴᠠᠬᠢᠯᠭᠠᠨ ᠶᠠᠪᠤᠭᠤᠯᠵᠤ ᠂ ᠡᠯ᠎ᠡ ᠵᠦᠢᠯ ᠦᠨ ᠴᠡᠷᠢᠭ ᠦᠨ ᠶᠠᠪᠤᠳᠠᠯ ᠤᠯᠤᠰ ᠲᠥᠷᠦ ᠶ᠋ᠢᠨ ᠨᠡᠷ᠎ᠡ ᠪᠡᠷ ᠹᠸᠩ ᠢᠦᠢ ᠰᠢᠶᠠᠩ ᠢ ᠂《ᠵᠠᠰᠠᠭ ᠤᠨ ᠵᠠᠷᠯᠢᠭ ᠢ ᠡᠰᠡᠷᠭᠦᠴᠡᠭᠰᠡᠨ》 ᠂ 《 ᠰᠠᠷᠨᠢᠭᠰᠠᠨ ᠴᠡᠷᠢᠭ ᠦᠨ ᠳᠡᠭᠡᠷᠡᠮ 》 ᠂ 《 ᠤᠯᠠᠭᠠᠨ ᠲᠤᠢᠯᠦ 》 ᠭᠡᠵᠦ ᠭᠦᠳᠬᠡᠨ ᠂ ᠹᠸᠩ ᠢᠦᠢ ᠰᠢᠶᠠᠩ ᠢ ᠭᠤᠮᠢᠨᠳᠠᠩ ᠳ᠋ᠤ ᠪᠣᠴᠠᠬᠤ ᠪᠠᠷ ᠢᠳᠬᠠᠭᠰᠠᠨ ᠪᠠᠶᠢᠨ᠎ᠠ ᠃ ᠤᠯᠤᠰ ᠲᠥᠷᠦ ᠶ᠋ᠢᠨ ᠲᠠᠯ᠎ᠠ ᠪᠠᠷ ᠭᠦᠳᠬᠡᠬᠦ ᠶ᠋ᠢᠨ ᠬᠠᠮᠲᠤ ᠠᠵᠤ ᠠᠬᠤᠢ ᠶ᠋ᠢᠨ ᠪᠢᠲᠡᠭᠦᠮᠵᠢᠯᠡᠯ ᠬᠡᠷᠡᠭᠵᠢᠭᠦᠯᠦᠨ᠂ ᠤᠯᠤᠰ ᠤᠨ ᠲᠣᠲᠤᠭᠠᠳᠤ ᠶ᠋ᠢᠨ ᠡᠯ᠎ᠡ ᠭᠠᠵᠠᠷ ᠵᠢᠴᠢ ᠭᠠᠳᠠᠭᠠᠳᠤ ᠳ᠋ᠦ ᠰᠠᠭᠤᠭ᠎ᠠ ᠬᠠᠷᠢᠶᠠᠲᠤ ᠠᠬ᠎ᠠ ᠳᠡᠭᠦᠦ ᠨᠠᠷ ᠤᠨ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠲᠦ ᠵᠠᠷᠤᠳᠠᠯ ᠂ ᠡᠳ᠋ ᠪᠣᠳᠠᠰ ᠤᠨ ᠲᠤᠰᠠᠯᠠᠮᠵᠢ ᠦᠵᠡᠭᠦᠯᠬᠦ ᠶ᠋ᠢ ᠬᠣᠷᠢᠭᠯᠠᠵᠤ ᠂ ᠪᠠᠰᠠ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠲᠦ ᠠᠵᠤ ᠠᠬᠤᠢ ᠶ᠋ᠢᠨ ᠲᠤᠰᠠᠯᠠᠮᠵᠢ ᠦᠵᠡᠭᠦᠯᠦᠭᠰᠡᠨ ᠡᠬᠡ ᠣᠷᠣᠨᠴᠢ ᠵᠠᠩᠵᠤᠨ ᠵᠤᠴᠢᠩ ᠯᠠᠩ ᠢ ᠱᠠᠮᠰᠢᠭᠰᠠᠨ ᠶᠠᠯ᠎ᠠ ᠪᠠᠷ ᠲᠤᠰᠢᠶᠠᠯ ᠡᠴᠡ ᠨᠢ ᠪᠠᠭᠤᠯᠭᠠᠵᠠᠶ ᠃ ᠵᠢᠶᠠᠩ ᠵᠢᠶᠸ ᠱᠢ ᠪᠠᠰᠠ ᠲᠡᠭᠦᠨ ᠤ ᠠᠷᠭ᠎ᠠ ᠪᠠᠰᠢᠷ ᠢᠶᠡᠨ ᠬᠡᠷᠡᠭᠯᠡᠵᠦ ᠂ ᠵᠠᠪᠰᠠᠷᠳᠤᠭᠤᠯᠬᠤ ᠠᠷᠭ᠎ᠠ ᠶ᠋ᠢ ᠠᠪᠴᠤ ᠂ ᠳᠡᠪᠰᠢᠭᠦᠯᠦᠨ ᠡᠷᠭᠦᠮᠵᠢᠯᠡᠬᠦ ᠪᠡᠷ ᠠᠮᠠᠯᠠᠬᠤ ᠪᠠᠷ ᠳᠠᠮᠵᠢᠭᠤᠯᠵᠤ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠢ ᠬᠠᠭᠠᠴᠠᠭᠤᠯᠤᠨ ᠵᠠᠳᠠᠷᠠᠭᠤᠯᠬᠤ ᠭᠡᠵᠦ ᠣᠷᠤᠯᠳᠤᠭᠰᠠᠨ ᠪᠥᠭᠡᠳ ᠴᠡᠷᠢᠭ ᠦᠨ ᠪᠦᠰᠡᠯᠡᠨ ᠳᠣᠪᠲᠤᠯᠤᠯᠲᠠ ᠶ᠋ᠢ ᠢᠳᠡᠪᠬᠢᠲᠡᠶ ᠬᠢᠵᠦ ᠤᠷᠢᠳ ᠬᠣᠵᠢᠳ ᠫᠠᠩ ᠪᠢᠩ ᠰᠢᠶᠦ᠋ᠨ ᠂ ᠸᠠᠩ ᠢ ᠵᠧ ᠂ ᠰᠢᠤᠢ ᠶᠠᠨ ᠶᠣᠣ ᠂ ᠬᠤᠸᠠᠩ ᠵᠢᠶᠸ ᠂ ᠭᠤᠸᠠᠨ ᠯᠢᠨ ᠵᠧᠩ ᠵᠡᠷᠭᠡ ᠬᠥᠮᠦᠰ ᠢ ᠵᠠᠷᠯᠢᠭᠳᠠᠨ ᠴᠠᠬᠠᠷ ᠵᠦᠭ ᠴᠡᠷᠢᠭ ᠣᠷᠤᠭᠰᠠᠨ ᠪᠠᠶᠢᠨ᠎ᠠ ᠃ ᠪᠧᠢ ᠫᠢᠩ ᠦᠨ ᠴᠡᠷᠢᠭ ᠦᠨ ᠶᠠᠪᠤᠳᠠᠯ ᠤᠨ ᠬᠤᠪᠢᠶᠠᠷᠢ ᠬᠣᠷᠢᠶ᠎ᠠ ᠶ᠋ᠢᠨ ᠣᠷᠤᠯᠠᠭᠴᠢ ᠬᠤᠷᠢᠶᠠᠨ ᠳᠠᠷᠤᠭ᠎ᠠ ᠾᠧ ᠢᠩ ᠴᠢᠨ ᠬᠢᠭᠡᠳ ᠶᠠᠫᠤᠨ ᠴᠡᠷᠢᠭ ᠦᠨ ᠳᠤᠮᠳᠠᠳᠤ ᠤᠯᠤᠰ ᠲᠤ ᠰᠠᠭᠤᠭ᠎ᠠ ᠡᠯᠴᠢᠨ ᠴᠠᠢ ᠱᠠᠨ ᠰᠦᠯᠪᠡᠭᠡᠯᠡᠵᠦ ᠂ ᠶᠠᠫᠣᠨ ᠴᠡᠷᠢᠭ ᠵᠢᠴᠢ ᠵᠠᠩ ᠬᠠᠢ ᠫᠸᠩ ᠦᠨ ᠬᠠᠭᠤᠷᠮᠠᠭ ᠴᠡᠷᠢᠭ ᠢ ᠲᠣᠮᠢᠯᠠᠵᠤ᠂ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠢ ᠳᠦᠷᠪᠡᠨ ᠲᠠᠯ᠎ᠠ ᠡᠴᠡ ᠨᠢ ᠪᠦᠰᠡᠯᠡᠬᠦ ᠪᠡᠷ ᠣᠷᠤᠯᠳᠤᠭᠰᠠᠨ ᠪᠠᠶᠢᠨ᠎ᠠ ᠃ ᠵᠢᠶᠠᠩ ᠵᠢᠶᠸ ᠱᠢ ᠂ ᠸᠠᠩ ᠵᠢᠩ ᠸᠧᠶ ᠤᠯᠤᠰ ᠲᠥᠷᠦ ᠶ᠋ᠢᠨ ᠳᠠᠷᠤᠯᠲᠠ ᠂ ᠠᠵᠤ ᠠᠬᠤᠶ ᠪᠠᠷ ᠪᠢᠲᠡᠭᠦᠮᠵᠢᠯᠡᠬᠦ ᠠᠷᠭ᠎ᠠ ᠠᠪᠴᠠᠯ ᠠᠪᠴᠤ ᠂ ᠴᠡᠷᠢᠭ ᠦᠨ ᠶᠠᠪᠤᠳᠠᠯ ᠤᠨ ᠪᠦᠰᠡᠯᠡᠯᠲᠡ ᠪᠣᠯᠤᠨ ᠲᠣᠲᠤᠭᠠᠳᠤ ᠶ᠋ᠢᠨ ᠵᠥᠷᠢᠴᠡᠯ ᠦᠨ ᠳᠠᠪᠬᠤᠷ ᠳᠠᠪᠬᠤᠷ ᠪᠠᠶᠢᠳᠠᠯ ᠳᠣᠣᠷ᠎ᠠ ᠂ 8 ᠰᠠᠷ᠎ᠠ ᠶ᠋ᠢᠨ 4 ᠤ ᠡᠳᠦᠷ ᠂ ᠹᠸᠩ ᠢᠦᠢ ᠰᠶᠠᠩ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠦᠨ ᠴᠡᠷᠢᠭ ᠵᠠᠰᠠᠭ ᠤᠨ ᠤᠳᠤᠷᠢᠳᠬᠤ ᠬᠥᠮᠦᠰ ᠦᠨ ᠬᠤᠷᠠᠯ ᠡᠷᠬᠢᠯᠡᠨ ᠬᠤᠷᠠᠯᠳᠤᠭᠤᠯᠵᠤ ᠂ ᠬᠤᠷᠠᠯ ᠳᠡᠭᠡᠷ᠎ᠡ ᠹᠸᠩ ᠢᠦᠢ ᠰᠢᠶᠠᠩ ᠨᠠᠷᠢᠨ ᠪᠤᠳᠤᠯᠢᠶᠠᠨᠲᠠᠶ ᠪᠠᠶᠢᠳᠠᠯ ᠢ ᠵᠢᠭᠠᠵᠤ ᠭᠠᠷᠭᠠᠪᠠ᠄ ᠬᠡᠷᠪᠡ ᠲᠡᠷᠡ ᠬᠡᠪ ᠢᠶ᠋ᠡᠷ ᠨᠢ ᠲᠣᠲᠤᠭᠠᠳᠤ ᠶ᠋ᠢᠨ ᠲᠠᠢᠢᠨ ᠬᠢᠬᠦ ᠶ᠋ᠢ ᠪᠠᠷᠢᠮᠲᠠᠯᠠᠪᠠᠯ ᠂ ᠶᠠᠫᠣᠨ ᠴᠡᠷᠢᠭ ᠬᠣᠭᠣᠷᠣᠨᠳᠣ ᠡᠴᠠ ᠨᠢ ᠵᠠᠪᠰᠢᠬᠤ ᠪᠣᠯᠤᠯᠴᠠᠭ᠎ᠠ ᠲᠠᠢ ᠃ ᠣᠳᠣᠬᠠᠨ ᠳ᠋ᠤ ᠰᠦᠩ ᠵᠧ ᠶᠤᠸᠠᠨ ᠬᠠᠷᠢᠵᠤ ᠢᠷᠡᠪᠡᠯ ᠂ ᠮᠠᠨ ᠤ ᠪᠣᠳᠠᠲᠤ ᠬᠦᠴᠦᠨ ᠢᠶ᠋ᠡᠨ ᠡᠳᠦᠶ ᠲᠡᠳᠦᠶ ᠬᠠᠳᠠᠭᠠᠯᠠᠵᠤ ᠪᠣᠯᠤᠨ᠎ᠠ ᠃ ᠽᠦᠸᠸ ᠵᠧᠨ ᠡᠦ ᠂ ᠵᠢᠶ ᠬᠣᠩ ᠴᠠᠩ ᠡᠪᠰᠡᠬᠦ ᠠᠷᠭ᠎ᠠ ᠶ᠋ᠢ ᠡᠷᠡᠰ ᠵᠥᠪᠰᠢᠶᠡᠷᠡᠬᠦ ᠦᠭᠡᠢ ᠪᠠᠶᠢᠵᠤ᠂ ᠶᠠᠫᠤᠨ ᠢ ᠡᠰᠡᠷᠭᠦᠴᠡᠵᠦ ᠵᠢᠶᠠᠩ ᠵᠢᠶᠸ ᠱᠢ ᠡᠴᠡ ᠤᠷᠪᠠᠬᠤ ᠶ᠋ᠢ ᠵᠣᠷᠢᠵᠤ ᠪᠠᠶᠢᠪᠠ ᠃ ᠶᠠᠫᠣᠨ ᠬᠥᠮᠦᠨ ᠪᠣᠯᠤᠨ ᠵᠢᠶᠠᠩ ᠵᠢᠶᠧ ᠱᠢ ᠶ᠋ᠢ ᠬᠠᠮᠲᠤ ᠳ᠋ᠤ ᠨᠢ ᠴᠣᠬᠢᠬᠤ ᠡᠴᠠ ᠥᠭᠡᠷ᠎ᠡ ᠠᠷᠭ᠎ᠠ ᠪᠠᠶᠢᠬᠤ ᠦᠭᠡᠢ ᠃ ᠠᠷᠭ᠎ᠠ ᠮᠣᠬᠤᠷᠳᠠᠭᠰᠠᠨ ᠹᠸᠩ ᠢᠦᠢ ᠰᠢᠶᠠᠩ ᠴᠠᠬᠢᠯᠭᠠᠨ ᠢᠯᠡᠭᠡᠵᠦ ᠶᠠᠫᠤᠨ ᠢ ᠡᠰᠡᠷᠭᠦᠴᠡᠬᠦ ᠴᠠᠬᠠᠷ ᠤᠨ ᠬᠣᠯᠪᠣᠭᠠᠲᠤ ᠴᠡᠷᠢᠭ ᠦᠨ ᠶᠡᠷᠦᠩᠬᠡᠶ ᠬᠡᠯᠲᠡᠰ ᠢ ᠲᠠᠷᠬᠠᠭᠠᠭᠰᠠᠨ ᠪᠠᠶᠢᠨ᠎ᠠ᠃ 14 ᠤ ᠡᠳᠦᠷ ᠴᠢᠭᠤᠯᠤᠯᠲᠤ ᠬᠠᠭᠠᠯᠭ᠎ᠠ ᠡᠴᠠ ᠰᠠᠯᠵᠤ ᠲᠠᠶᠢᠱᠠᠨ ᠳ᠋ᠤ ᠮᠣᠷᠳᠠᠬᠤ ᠠᠴᠠ ᠪᠠᠨ ᠡᠮᠦᠨ᠎ᠡ 《 ᠶᠠᠫᠤᠨ ᠢ ᠡᠰᠡᠷᠭᠦᠴᠡᠬᠦ ᠴᠡᠷᠢᠭ ᠦᠨ ᠪᠦᠬᠦ ᠵᠠᠩᠵᠤᠨ ᠳᠠᠷᠤᠭ᠎ᠠ ᠨᠠᠷ ᠤᠨ ᠬᠠᠮᠲᠤ ᠮᠡᠳᠡᠭᠳᠡᠬᠦ ᠪᠢᠴᠢᠭ》 ᠢ ᠨᠡᠶᠢᠲᠡᠯᠡᠨ᠂ 《 ᠶᠠᠫᠤᠨ ᠢ ᠡᠰᠡᠷᠭᠦᠴᠡᠬᠦ ᠠᠷᠠᠳ ᠤᠯᠠᠨ ᠤ ᠬᠣᠯᠪᠣᠭᠠᠲᠤ ᠴᠡᠷᠢᠭ ᠴᠠᠬᠠᠷ ᠤᠨ ᠠᠯᠳᠠᠭᠰᠠᠨ ᠭᠠᠵᠠᠷ ᠢᠶᠡᠨ ᠡᠭᠡᠭᠦᠯᠦᠨ ᠠᠪᠴᠤ ᠂ ᠳᠠᠶᠢᠨ ᠳ᠋ᠤ ᠦᠷᠡᠭᠳᠡᠭᠰᠡᠨ ᠪᠠᠭᠠᠲᠤᠷᠴᠤᠳ ᠤᠨ ᠳᠤᠷᠠᠰᠬᠠᠯ ᠤᠨ ᠰᠤᠪᠤᠷᠭ᠎ᠠ》 ᠂ 《 ᠪᠦᠬᠦ ᠤᠯᠤᠰ ᠤᠨ ᠴᠡᠷᠢᠭ ᠠᠷᠠᠳ ᠤᠨ ᠶᠠᠫᠤᠨ ᠢ ᠡᠰᠡᠷᠭᠦᠴᠡᠬᠦ ᠳᠠᠶᠢᠨ ᠳ᠋ᠤ ᠪᠡᠶ᠎ᠡ ᠦᠷᠡᠭᠳᠡᠭᠰᠡᠨ ᠪᠠᠭᠠᠲᠤᠷᠴᠤᠳ ᠤᠨ ᠰᠦᠮ᠎ᠡ 》 ᠂ 《 ᠶᠠᠫᠤᠨ ᠢ ᠡᠰᠡᠷᠭᠦᠴᠡᠵᠦ ᠳᠠᠶᠢᠨ ᠳ᠋ᠤ ᠪᠡᠶ᠎ᠡ ᠦᠷᠡᠭᠳᠡᠭᠰᠡᠨ ᠪᠠᠭᠠᠲᠤᠷᠴᠤᠳ ᠤᠨ ᠣᠩᠭᠤᠨ 》 ᠤ ᠪᠠᠷᠢᠯᠭ᠎ᠠ ᠳᠠᠭᠤᠰᠬᠤ ᠶᠣᠰᠣᠯᠠᠯ ᠶ᠋ᠢ ᠶᠠᠪᠤᠭᠤᠯᠵᠤ ᠂ ᠶᠠᠫᠤᠨ ᠢ ᠡᠰᠡᠷᠭᠦᠴᠡᠬᠦ ᠪᠦᠬᠦ ᠳᠠᠷᠤᠭ᠎ᠠ ᠪᠠᠶᠢᠯᠳᠤᠭᠴᠢᠳ ᠥᠷᠡᠭᠳᠡᠭᠰᠡᠨ ᠪᠠᠭᠠᠲᠤᠷᠴᠤᠳ ᠤᠨ ᠳᠠᠬᠢᠯᠭ᠎ᠠ ᠶ᠋ᠢᠨ ᠶᠣᠰᠤᠯᠠᠯ ᠳ᠋ᠤ ᠣᠷᠤᠯᠴᠠᠭᠰᠠᠨ ᠪᠠᠶᠢᠨ᠎ᠠ ᠃
ᠹᠸᠩ ᠢᠦᠢ ᠰᠢᠶᠠᠩ ᠵᠠᠩᠵᠤᠨ ᠤ ᠲᠤᠰᠢᠶᠠᠯ ᠡᠴᠡ ᠪᠡᠨ ᠪᠠᠭᠤᠭᠰᠠᠨ ᠤ ᠳᠠᠷᠠᠭ᠎ᠠ ᠂ ᠶᠠᠫᠤᠨ ᠢ ᠡᠰᠡᠷᠭᠦᠴᠡᠬᠦ ᠬᠣᠯᠪᠣᠭᠠᠲᠤ ᠴᠡᠷᠢᠭ ᠳᠤᠭ ᠦᠭᠡᠢ ᠴᠡᠷᠢᠭ ᠦᠨ ᠪᠠᠶᠢᠳᠠᠯ ᠳ᠋ᠤ ᠣᠷᠣᠰᠢᠵᠤ ᠂ ᠣᠯᠠᠩᠬᠢ ᠴᠡᠶᠢᠷᠢᠭ ᠨᠢ ᠰᠦᠩ ᠵᠧ ᠶᠤᠸᠠᠨ ᠤ 29 ᠳ᠋ᠦᠭᠡᠷ ᠠᠷᠮᠢ ᠬᠤᠷᠢᠶᠠᠨ ᠠᠪᠴᠤ ᠂ ᠵᠢᠶ ᠬᠣᠩ ᠴᠠᠩ ᠂ ᠹᠠᠩ ᠵᠧᠨ ᠬᠤᠷᠢᠶᠠᠨ ᠠᠪᠬᠤ ᠶ᠋ᠢ ᠲᠡᠪᠴᠢᠵᠦ ᠂ ᠴᠡᠷᠢᠭ ᠢᠶ᠋ᠡᠨ ᠳᠠᠭᠠᠭᠤᠯᠤᠨ ᠶᠠᠫᠤᠨ ᠢ ᠡᠰᠡᠷᠭᠦᠴᠡᠬᠦ ᠬᠤᠯᠠᠭᠠᠢ ᠶ᠋ᠢ ᠳᠠᠶᠢᠯᠠᠬᠤ ᠴᠡᠷᠢᠭ ᠢ ᠵᠣᠬᠢᠶᠠᠨ ᠪᠠᠶᠢᠭᠤᠯᠵᠤ᠂ ᠭᠠᠳᠠᠭᠠᠳᠤ ᠳ᠋ᠤ ᠶᠠᠫᠤᠨ ᠢ ᠡᠰᠡᠷᠭᠦᠴᠡᠵᠦ ᠳᠣᠲᠣᠭᠠᠳᠤ ᠳ᠋ᠦ ᠤᠯᠤᠰ ᠤᠨ ᠵᠠᠯᠢᠬᠠᠢ ᠶ᠋ᠢ ᠠᠷᠢᠯᠭᠠᠬᠤ ᠢᠯᠡᠷᠬᠡᠶᠢᠯᠡᠯᠲᠡ ᠨᠡᠶᠢᠲᠡᠯᠡᠵᠦ ᠂ ᠷᠸᠾᠸ ᠳ᠋ᠦ ᠦᠷᠭᠦᠯᠵᠢᠯᠡᠨ ᠪᠠᠶᠢᠯᠳᠤᠵᠠᠢ᠃ 9 ᠰᠠᠷ᠎ᠠ ᠳ᠋ᠤ ᠂ ᠭᠤᠮᠢᠨᠳᠠᠩ ᠤᠨ ᠲᠡᠷᠰᠯᠡᠭᠦᠦ ᠵᠠᠰᠠᠭ ᠤᠨ ᠣᠷᠳᠣᠨ ᠶᠠᠫᠣᠨ ᠴᠡᠷᠢᠭ ᠲᠡᠶ ᠬᠠᠮᠲᠤᠷᠠᠨ 《 ᠪᠦᠰᠡᠯᠡᠨ ᠤᠰᠠᠳᠬᠠᠯᠲᠠ 》 ᠶᠠᠪᠤᠭᠤᠯᠬᠤ ᠪᠠᠷ ᠨᠢᠭᠤᠴᠠ ᠪᠠᠷ ᠬᠡᠯᠡᠯᠴᠡᠨ ᠲᠣᠬᠢᠷᠠᠯᠴᠠᠵᠤ ᠂ ᠶᠠᠫᠣᠨ ᠴᠡᠷᠢᠭ ᠬᠣᠶᠢᠨᠠ ᠡᠴᠠ ᠨᠢ ᠪᠦᠰᠡᠯᠡᠵᠦ ᠂ ᠭᠤᠮᠢᠨᠳᠠᠩ ᠤᠨ ᠸᠠᠨ ᠹᠦ᠋ ᠯᠢᠨ ᠂ ᠭᠤᠸᠠᠨ ᠯᠢᠨ ᠵᠧᠩ ᠂ ᠬᠤᠸᠠᠩ ᠵᠢᠶᠸ ᠵᠡᠷᠭᠡ ᠬᠥᠮᠦᠰ ᠴᠡᠷᠢᠭ ᠢᠶ᠋ᠡᠨ ᠤᠳᠤᠷᠢᠳᠤᠨ ᠵᠡᠭᠦᠨ ᠂ ᠡᠮᠦᠨ᠎ᠡ ᠂ ᠪᠠᠷᠠᠭᠤᠨ ᠭᠤᠷᠪᠠᠨ ᠲᠠᠯ᠎ᠠ ᠡᠴᠠ ᠵᠢᠶ ᠬᠣᠩ ᠴᠠᠩ ᠂ ᠹᠠᠩ ᠵᠸᠨ ᠡᠦ ᠶ᠋ᠢ ᠪᠦᠰᠡᠯᠡᠵᠦ᠂ ᠶᠠᠫᠣᠨ ᠤ ᠨᠢᠰᠬᠡᠯ ᠳᠡᠯᠪᠡᠴᠢᠭᠰᠡᠨ ᠪᠠᠶᠢᠨ᠎ᠠ ᠃ ᠡᠨᠡ ᠬᠦ ᠶᠠᠫᠤᠨ ᠢ ᠡᠰᠡᠷᠭᠦᠴᠡᠬᠦ ᠵᠡᠪᠰᠡᠭᠲᠦ ᠬᠦᠴᠦᠨ ᠨᠢ ᠡᠴᠦᠰ ᠲᠡᠬᠡᠨ ᠳᠠᠶᠢᠰᠤᠨ ᠤ ᠴᠡᠷᠢᠭ ᠲᠦ ᠭᠠᠭᠴᠠᠭᠠᠷᠳᠠᠨ ᠮᠣᠬᠤᠷᠳᠠᠵᠤ ᠂ ᠰᠤᠮᠤ ᠬᠦᠨᠡᠰᠦ ᠬᠣᠭᠣᠰᠣᠷᠠᠭᠰᠠᠨ ᠡᠴᠠ ᠡᠴᠦᠰ ᠲᠡᠬᠡᠨ ᠢᠯᠠᠭᠳᠠᠭᠰᠠᠨ ᠪᠠᠶᠢᠨ᠎ᠠ ᠃