ᠰᠦᠢᠶᠤᠸᠠᠨ ᠮᠤᠵᠢ ᠶ᠋ᠢᠨ ᠡᠵᠡᠷᠬᠡᠭ ᠲᠦ᠋ᠷᠢᠮᠡᠭ᠋ᠡᠢᠢᠳ᠋ᠡᠨ ᠢ ᠡᠰᠡᠷᠭᠦᠴᠡᠬᠦ ᠶᠡᠬᠡ ᠬᠣᠯᠪᠣᠭ᠎ᠠ ( 1932 ᠣᠨ  ᠤ 6 ᠰᠠᠷ᠎ᠠ  ᠳ᠋ᠤ )

  2019-04-22

    ᠭᠢᠷᠢᠨ ᠂ ᠯᠢᠶᠣᠤᠨᠢᠩ ᠂ ᠬᠠᠷᠠᠮᠥ᠋ᠷᠡᠨ ᠭᠤᠷᠪᠠᠨ ᠮᠤᠵᠢ  ᠵᠠᠯᠭᠠᠯᠳᠤᠭ᠎ᠠ ᠪᠠᠷ ᠳᠠᠶᠢᠰᠤᠨ ᠳ᠋ᠤ ᠡᠵᠡᠯᠡᠭᠳᠡᠭᠰᠡᠨ ᠨᠢ ᠂ ᠪᠦᠬᠦ ᠤᠯᠤᠰ  ᠤᠨ ᠡᠯ᠎ᠡ ᠦᠨᠳᠦᠰᠦᠲᠡᠨ ᠡᠯ᠎ᠡ ᠡᠲᠡᠭᠡᠳᠤᠨ  ᠠᠷᠠᠳ ᠲᠦᠮᠡᠨ ᠤ᠋ ᠶᠠᠫᠣᠨ  ᠢ ᠡᠰᠡᠷᠭᠦᠴᠡᠨ ᠂ ᠮᠥᠬᠥᠯ ᠡᠴᠡ ᠠᠪᠤᠷᠠᠬᠤ ᠬᠥᠳᠡᠯᠭᠡᠭᠡᠨ  ᠳ᠋ᠦ ᠣᠷᠤᠯᠴᠠᠬᠤ  ᠵᠣᠷᠢᠭ ᠰᠠᠨᠠᠭ᠎ᠠᠶᠢ ᠬᠥᠭᠵᠢᠭᠡᠭᠰᠡᠨ ᠪᠠᠢᠨ᠎ᠠ ᠃ ᠶᠠᠫᠣᠨ  ᠢ ᠡᠰᠡᠷᠭᠦᠴᠡᠬᠦ ᠡᠮᠦᠨ᠎ᠡ ᠹᠷᠣᠨᠲ᠋ ᠲᠤ ᠪᠠᠶᠢᠷᠢᠯᠠᠵᠤ ᠪᠠᠶᠢᠭ᠎ᠠ ᠥᠪᠥᠷ ᠮᠣᠩᠭᠣᠯ  ᠤᠨ ᠮᠣᠩᠭᠣᠯ ᠬᠢᠲᠠᠳ ᠡᠯ᠎ᠡ ᠦᠨᠳᠦᠰᠦᠲᠡᠨ  ᠤ ᠠᠷᠠᠳ ᠲᠦᠮᠡᠨ ᠨᠡᠩ ᠴᠤ ᠶᠠᠫᠣᠨ ᠤ ᠲᠦᠷᠢᠮᠡᠬᠡᠶᠢᠯᠡᠭᠴᠢᠳ  ᠲᠤ ᠴᠡᠭᠡᠵᠢ ᠳᠦᠭᠦᠷᠡᠩ ᠬᠣᠷᠣᠰᠤᠯ ᠵᠠᠨᠤᠯ ᠡᠪᠦᠷᠯᠡᠨ ᠂ ᠶᠠᠫᠣᠨ  ᠢ ᠡᠰᠡᠷᠭᠦᠴᠡᠬᠦ ᠤᠯᠠᠨ ᠬᠡᠯᠪᠡᠷᠢ ᠶᠢᠨ ᠠᠵᠢᠯᠯᠠᠭ᠎ᠠ ᠶ᠋ᠢ ᠦᠦᠷᠨᠢᠭᠦᠯᠦᠭᠰᠡᠨ ᠪᠠᠶᠢᠵᠠᠢ᠃ ᠰᠦᠢᠶᠤᠸᠠᠨ ᠣᠷᠣᠨ

 ᠤ᠋ ᠡᠬᠡ ᠣᠷᠣᠨᠴᠢ ᠵᠠᠯᠠᠭᠤᠴᠤᠳ ᠵᠦᠳᠡᠭᠦᠷᠢ ᠡᠴᠡ ᠬᠠᠯᠠᠰᠢᠷᠠᠬᠤ ᠦᠭᠡᠢ ᠪᠠᠶᠢᠵᠤ ᠂ ᠭᠣᠮᠢᠨᠳᠠᠩ ᠤᠨ ᠡᠷᠬᠡ ᠪᠠᠷᠢᠭᠴᠢᠳ  ᠤᠨ ᠰᠦᠷᠳᠡᠭᠦᠯᠭᠡ  ᠡᠴᠡ ᠠᠶᠤᠬᠤ ᠦᠭᠡᠢ ᠪᠡᠷ ᠂ ᠵᠡᠭᠡᠯᠢ ᠭᠤᠳᠤᠮᠵᠢ ᠂ ᠬᠥᠳᠡᠭᠡ ᠲᠣᠰᠬᠣᠨ  ᠳ᠋ᠤ ᠶᠠᠫᠣᠨ ᠢ ᠡᠰᠡᠷᠭᠦᠴᠡᠨ ᠤᠯᠤᠰ  ᠢᠶᠡᠨ ᠠᠪᠤᠷᠠᠬᠤ ᠲᠤᠬᠠᠶ ᠰᠤᠷᠲᠠᠯ ᠤᠬᠠᠭᠤᠯᠭ᠎ᠠ ᠶᠢᠨ ᠬᠢᠵᠡᠭᠡᠪᠡ ᠃ ᠰᠦᠢᠶᠦᠸᠠᠨ ᠵᠦᠩ ᠱᠠᠨ ᠳᠡᠭᠡᠳᠦ ᠰᠤᠷᠭᠠᠭᠤᠯᠢ  ᠶ᠋ᠢᠨ ᠰᠤᠷᠤᠭᠴᠢᠳ ᠬᠢᠴᠢᠶᠡᠯ ᠢᠶᠡᠨ ᠵᠣᠭᠰᠣᠵᠤ ᠥᠪᠡᠷᠰᠡᠳ ᠢᠶ᠋ᠡᠨ ᠤᠢᠢᠷ᠎ᠠ ᠬᠠᠪᠢ ᠶ᠋ᠢᠨ ᠬᠥᠳᠡᠭᠡ ᠲᠣᠰᠬᠣᠨ  ᠂ ᠪᠡᠭᠡᠵᠢᠩ — ᠰᠦᠢᠶᠤᠸᠠᠨ  ᠤ ᠲᠡᠮᠤᠷ ᠵᠠᠮ  ᠳᠠᠭᠠᠤ ᠵᠠᠷᠢᠮ ᠬᠣᠲᠠ ᠪᠠᠯᠭᠠᠰᠤ  ᠳ᠋ᠤ ᠬᠦᠷᠴᠦ ᠶᠠᠫᠣᠨ  ᠢ ᠡᠰᠡᠷᠭᠦᠴᠡᠬᠦ ᠤᠬᠠᠭᠤᠯᠭ᠎ᠠ ᠬᠢᠭᠡᠰᠡᠨ ᠪᠠᠶᠢᠵᠠᠢ ᠃ 1931 ᠣᠨ  ᠤ ᠡᠪᠦᠯ ᠂ ᠰᠦᠢᠶᠤᠸᠠᠨ ᠮᠤᠵᠢ  ᠳ᠋ᠤ ᠡᠷᠬᠢᠯᠡᠭᠰᠡᠨ ᠪᠠᠭ᠎ᠠ ᠰᠤᠷᠭᠠᠭᠤᠯᠢ ᠳ᠋ᠤ ᠪᠠᠭᠰᠢᠯᠠᠵᠤ  ᠪᠠᠢᠭᠰᠠᠨ ᠳᠤᠮᠳᠠᠳᠤ ᠤᠯᠤᠰ  ᠤᠨ ᠡᠪ ᠬᠠᠮᠲᠤ ᠨᠠᠮ  ᠤᠨ ᠨᠢᠭᠤᠴᠠ ᠭᠡᠰᠢᠭᠦᠨ   ᠳ᠋ᠦ ᠷᠦ  ᠱ᠌ᠢᠨ ᠂   ᠰᠦ ᠴᠢᠶᠠᠨ ᠢ ᠵᠡᠷᠭᠡ ᠬᠥᠮᠦᠰ ᠥᠪᠡᠰᠦᠪᠡᠨ ᠴᠤᠭᠯᠠᠭᠤᠯᠤᠭᠰᠠᠨ ᠪᠡᠯᠡ ᠮᠥᠩᠭᠥ ᠪᠠᠷ ᠤᠨ ᠬᠤᠪᠢᠰᠬᠠᠯ ᠤᠨ ᠰᠡᠳᠬᠦᠯ —  ᠴᠢᠰᠤᠲᠤ  ᠢ ᠬᠡᠪᠯᠡᠨ ᠲᠠᠷᠬᠠᠭᠠᠵᠤ ᠃ ᠲᠤᠰ ᠵᠢᠯ  ᠤᠨ ᠡᠪᠦᠯ  ᠤᠨ ᠠᠮᠠᠷᠠᠯᠲᠠ ᠳ᠋ᠤ᠂ ᠳ᠋ᠦ᠋ ᠷᠤ ᠱ᠌ᠢᠨ᠂   ᠰᠦ ᠴᠢᠶᠠᠨ ᠢ ᠪᠠᠭᠰᠢ ᠨᠠᠷᠤᠨ ᠳᠣᠲᠣᠷ᠎ᠠ ᠨᠣᠮ ᠤᠩᠰᠢᠬᠤ ᠬᠤᠷᠠᠯ  ᠪᠠᠶᠢᠭᠤᠯᠤᠨ᠂ ᠤᠯᠠᠨ ᠵᠦᠢᠯ ᠤᠨ ᠠᠷᠭ᠎ᠠ ᠬᠡᠯᠪᠡᠷᠢ ᠪᠡᠷ ᠶᠠᠫᠣᠨ ᠤ ᠲᠦᠷᠢᠮᠡᠬᠡᠶᠢᠯᠡᠭᠴᠢᠳ  ᠤᠨ ᠬᠡᠷᠴᠡᠭᠡᠶ ᠠᠵᠢᠯᠯᠠᠭᠠᠨ  ᠢ ᠡᠰᠡᠷᠭᠦᠴᠡᠨ ᠂ ᠭᠣᠮᠢᠨᠳᠠᠩ  ᠤᠨ ᠵᠠᠰᠠᠭ ᠤᠨ ᠣᠷᠳᠣᠨ  ᠤ᠋ ᠦᠯᠦ ᠡᠰᠡᠷᠭᠦᠴᠡᠬᠦ ᠲᠦᠷᠦ ᠶᠢᠨ ᠪᠤᠳᠤᠯᠭ᠎ᠠ ᠶᠢ ᠰᠢᠭᠦᠮᠵᠢᠯᠡᠬᠦ ᠶ᠋ᠢ ᠤᠬᠠᠭᠤᠯᠵᠤ ᠂ ᠶᠠᠫᠣᠨ  ᠢ ᠡᠰᠡᠷᠭᠦᠴᠡᠨ ᠤᠯᠤᠰ  ᠢᠶᠡᠨ ᠠᠪᠤᠷᠠᠬᠤ ᠶᠣᠰᠣ ᠶ᠋ᠢ ᠤᠬᠠᠭᠤᠯᠤᠨ᠂ ᠦᠨᠳᠦᠰᠦᠲᠡᠨ ᠨᠦᠭᠦᠳ ᠦᠨ ᠤᠯᠠᠨ ᠲᠦᠮᠡᠨ ᠢ ᠪᠦᠯᠬᠦᠮᠳᠡᠭᠦᠯᠦᠨ ᠨᠢᠭᠡᠳᠬᠡᠵᠦ  ᠳᠠᠶᠢᠰᠤᠨ ᠲᠠᠶ ᠲᠡᠮᠡᠴᠡᠯᠳᠦᠬᠦ ᠶ᠋ᠢ ᠤᠷᠢᠶᠠᠯᠠᠵᠤ ᠪᠠᠶᠢᠵᠠᠢ᠃ 

    1932 ᠣᠨ  ᠤ 6 ᠰᠠᠷ᠎ᠠ ᠳ᠋ᠤ᠂ ᠯᠢ ᠫᠸᠢ ᠡᠾᠸᠩ ᠂ ᠦ᠋ ᠯᠢ ᠵᠡᠷᠭᠡ ᠬᠥᠮᠦᠰ ᠾᠸ ᠪᠸᠢ ᠮᠤᠵᠢ  ᠶ᠋ᠢᠨ ᠡᠵᠡᠷᠬᠡᠭ ᠳᠦᠷᠢᠮᠡᠬᠡᠶᠢᠲᠡᠨ ᠢ ᠡᠰᠡᠷᠭᠦᠴᠡᠬᠦ ᠶᠡᠬᠡ ᠬᠣᠯᠪᠣᠭ᠎ᠠ ᠢᠢ᠌ᠨ ᠨᠠᠶᠢᠳᠠᠯᠭ᠎ᠠ ᠪᠡᠷ ᠂《 ᠪᠡᠭᠡᠵᠢᠩ  ᠤᠨ ᠰᠣᠶᠣᠯ  ᠤᠨ ᠶᠡᠷᠦᠩᠬᠡᠶ ᠬᠣᠯᠪᠣᠭ᠎ᠠ》 ᠶᠢᠨ ᠬᠠᠷᠢᠶᠠᠨ ᠳᠠᠬᠢ 《 ᠪᠣᠤ ᠯᠢ ᠪᠠ ( ᠤᠷᠤᠰ ᠬᠡᠯᠡ ᠭᠡᠰᠡᠨ ᠤᠳᠬ᠎ᠠ ᠲᠠᠢ ) ᠵᠦᠴᠦᠭᠡ  ᠶᠢᠨ ᠬᠣᠷᠢᠶ᠎ᠠ》 ᠶᠢ ᠳᠠᠭᠠᠭᠤᠯᠤᠨ ᠭᠦᠢᠰᠦᠢ ᠳᠤ ᠢᠷᠡᠨ᠂ ᠦᠵᠡᠭᠴᠢᠳ ᠲᠠᠢ ᠪᠠᠨ ᠵᠣᠯᠭᠠᠪᠠ ᠃ ᠵᠦᠴᠦᠭᠡ  ᠶ᠋ᠢᠨ ᠪᠦᠯᠬᠦᠮ ᠬᠦᠢᠰᠦ᠋ᠢ ᠵᠢᠨ ᠬᠠᠭᠤᠴᠢᠨ ᠬᠣᠲᠠ ᠶᠢᠨ ᠪᠠᠭ᠎ᠠ ᠵᠡᠭᠦᠨ ᠵᠡᠭᠡᠯᠢ ᠳᠡᠬᠢ 《 ᠳ᠋ᠠ ᠭᠤᠸᠠᠨ ᠶᠤᠸᠠᠨ》 ᠲᠢᠶᠠᠲ᠋ᠷ ᠲᠤ《 ᠷᠠᠳᠢᠣ᠋  ᠶᠢᠨ ᠪᠢᠴᠢᠮ ᠠᠶᠠᠯᠭᠤ》᠂《 ᠸᠠᠭᠠᠷᠴᠢᠨ ᠤ ᠬᠢᠲᠤᠭ᠎ᠠ》᠂ 《 SOS 》 ᠵᠡᠷᠭᠡ ᠵᠦᠴᠦᠭᠡ ᠶᠢᠨ ᠲᠣᠭᠯᠠᠯᠲᠠ ᠪᠠᠷ ᠤᠬᠠᠭᠤᠯᠭ᠎ᠠ ᠬᠢᠵᠦ ᠶᠠᠫᠣᠨ  ᠢ ᠡᠰᠡᠷᠭᠦᠴᠡᠨ ᠤᠯᠤᠰ  ᠢᠶᠡᠨ ᠠᠪᠤᠷᠠᠬᠤ ᠰᠢᠨ᠎ᠡ ᠵᠦᠴᠦᠭᠡ  ᠬᠦᠢᠰᠦ᠋ᠢ ᠵᠢᠨ ᠠᠷᠠᠳ ᠤᠯᠠᠨ  ᠤ ᠬᠦᠷᠢᠶᠡᠯᠡᠯ  ᠢ ᠣᠯᠤᠭᠰᠠᠨ ᠪᠠᠶᠢᠨ᠎ᠠ ᠃ ᠲᠡᠳᠡ ᠨᠠᠷ ᠤᠨ ᠡᠨᠡ  ᠤᠳᠠᠭᠠᠨ ᠤ ᠲᠣᠭᠯᠠᠯᠲᠠ ᠶᠢᠨ ᠨᠡᠷ᠎ᠡ ᠨᠢ ᠰᠦᠢᠶᠤᠸᠠᠨ ᠣᠷᠣᠨ ᠤ ᠭᠠᠮᠰᠢᠭᠳᠠᠭᠰᠠᠳ ᠢ ᠲᠡᠳᠬᠦᠬᠦ ᠪᠡᠷ ᠵᠣᠭᠣᠰ ᠵᠤᠭ᠎ᠠ ᠴᠤᠭᠯᠠᠭᠤᠯᠵᠤ  ᠪᠠᠢᠨ᠎ᠠ ᠭᠡᠵᠦ᠂ ᠦᠨᠡᠨ ᠳᠡᠭᠡᠷ᠎ᠡ ᠪᠡᠨ ᠲᠡᠷᠡ ᠨᠢ ᠰᠦᠢᠶᠤᠸᠠᠨ ᠤ ᠡᠵᠡᠷᠬᠡᠭ ᠲᠦᠷᠢᠮᠡᠬᠡᠢᠲᠡᠨ ᠢ ᠡᠰᠡᠷᠭᠦᠴᠡᠬᠦ ᠶᠡᠬᠡ ᠬᠣᠯᠪᠣᠭ᠎ᠠ ᠶᠢ ᠨᠢᠭᠤᠴᠠ ᠪᠠᠷ ᠵᠣᠬᠢᠶᠠᠨ ᠪᠠᠢᠭᠤᠯᠬᠤ ᠶᠢᠨ ᠲᠥᠯᠥᠭᠡ ᠶᠤᠮ ᠃ ᠠᠯᠢ ᠡᠷᠲᠡ 1927 ᠣᠨ ᠳ᠋ᠦ ᠂ ᠰᠦᠩ ᠴᠢᠩ ᠯᠢᠩ ᠂ ᠭᠣᠷᠺᠢ ᠂  ᠿᠦ᠋ ᠮᠠᠶᠢᠨ᠂  ᠿᠦ᠋ ᠯᠠᠨ ᠵᠡᠷᠭᠡ ᠬᠥᠮᠦᠰ ᠬᠠᠮᠲᠤᠷᠠᠨ《 ᠡᠵᠡᠷᠬᠡᠭ ᠲᠥᠷᠢᠮᠡᠬᠡᠢᠢᠳᠡᠨ ᠦᠵᠡᠯ ᠢ ᠡᠰᠡᠷᠭᠦᠴᠡᠬᠦ ᠶᠡᠬᠡ ᠬᠣᠯᠪᠣᠭ᠎ᠠ 》 ( ᠳᠥᠭᠥᠮᠴᠢᠯᠡᠭᠡᠳ《 ᠡᠵᠡᠷᠬᠡᠭ ᠳᠦᠷᠢᠮᠡᠬᠡᠶᠢᠲᠡᠨ  ᠢ ᠡᠰᠡᠷᠭᠦᠴᠡᠬᠦ ᠶᠡᠬᠡ ᠬᠣᠯᠪᠣᠭ᠎ᠠ 》 )  ᠪᠠᠢᠭᠤᠯᠤᠭᠰᠠᠨ ᠪᠠᠢᠨ᠎ᠠ᠂ ᠵᠣᠷᠢᠯᠲᠠ ᠨᠢ ᠳᠠᠷᠤᠢ ᠡᠵᠡᠷᠬᠡᠭ ᠲᠦᠷᠢᠮᠡᠭᠡᠢᠢᠳᠡᠨ ᠤ ᠲᠦᠷᠢᠮᠡᠬᠡᠶᠢᠯᠡᠯ  ᠢ ᠡᠰᠡᠷᠭᠦᠴᠡᠵᠦ ᠳᠠᠷᠤᠯᠠᠭᠳᠠᠵᠤ ᠪᠠᠶᠢᠭ᠎ᠠ ᠦᠨᠳᠦᠰᠦᠲᠡᠨ ᠤ ᠲᠤᠰᠠᠭᠠᠷ ᠲᠣᠭᠲᠠᠨᠢᠯ  ᠤᠨ ᠴᠢᠯᠥᠭᠡᠯᠡᠯᠲᠡ ᠶᠢᠨ ᠬᠥᠳᠡᠯᠭᠡᠭᠡᠨ ᠳᠤ ᠣᠷᠣᠯᠴᠠᠨ᠎ᠠ᠃ 《ᠳᠤᠮᠳᠠᠳᠤ ᠤᠯᠤᠰ  ᠤᠨ ᠡᠵᠡᠷᠬᠡᠭ ᠳᠦᠷᠢᠮᠡᠬᠡᠶᠢᠲᠡᠨ ᠢ ᠡᠰᠡᠷᠭᠦᠴᠡᠬᠦ ᠶᠡᠬᠡ ᠬᠣᠯᠪᠣᠭ᠎ᠠ》ᠶ᠋ᠢᠨ ᠶᠡᠷᠦᠩᠬᠡᠶ ᠵᠠᠬᠢᠷᠭ᠎ᠠ  ᠶ᠋ᠢ ᠱᠠᠩᠬᠠᠶ  ᠳ᠋ᠤ ᠪᠠᠢᠷᠢᠰᠢᠭᠤᠯᠵᠠᠢ ᠃ ᠪᠡᠭᠡᠵᠢᠩ ᠂ ᠾᠸ ᠪᠸᠢ ᠵᠡᠷᠭᠡ ᠣᠷᠣᠨ ᠨᠤᠭᠤᠳ  ᠢᠶᠠᠷ ᠴᠥᠮ ᠤᠷᠢᠳ ᠬᠣᠵᠢᠳ  ᠬᠣᠯᠪᠣᠭ᠎ᠠ  ᠪᠠᠢᠭᠤᠯᠤᠭᠳᠠᠭᠰᠠᠨ ᠪᠠᠢᠨ᠎ᠠ ᠂ ᠢᠤᠢ ᠯᠢᠩ ᠵᠡᠷᠭᠡ ᠬᠥᠮᠥᠰ ᠭᠦᠢᠰᠦᠢ ᠲᠣᠭᠯᠠᠯᠲᠠ ᠬᠢᠵᠦ ᠪᠠᠢᠬᠤ ᠳᠠᠭᠠᠨ ᠳ᠋ᠦ᠋ ᠷᠤ ᠱ᠌ᠢᠨ ᠲᠠᠢ ᠬᠣᠯᠪᠣᠭ᠎ᠠ ᠠᠪᠴᠤ᠂ ᠮᠥᠨ ᠴᠦ ᠰᠦᠢᠶᠤᠸᠠᠨ ᠣᠷᠣᠨ  ᠤ ᠶᠠᠫᠣᠨ  ᠢ ᠡᠰᠡᠷᠭᠦᠴᠡᠬᠦ  ᠳᠠᠢᠨ  ᠬᠢᠬᠦ ᠶᠢ ᠨᠠᠷᠢᠨ ᠣᠶᠢᠯᠠᠭᠠᠵᠤ ᠂ ᠡᠨᠳᠡᠬᠢ ᠰᠠᠭᠤᠷᠢ ᠨᠡᠯᠢᠶᠡᠳ ᠰᠠᠢᠨ ᠭᠡᠵᠦ ᠦᠵᠡᠵᠦ ᠂ ᠦᠨᠳᠦᠰᠦᠨ ᠵᠣᠬᠢᠶᠠᠨ ᠪᠠᠶᠢᠭᠤᠯᠤᠯᠲᠠ ᠪᠠᠶᠢᠭᠤᠯᠬᠤ ᠨᠥᠬᠥᠴᠡᠯ ᠪᠦᠷᠢᠯᠳᠦᠭᠦᠯᠦᠭᠰᠡᠨ ᠠᠴᠠ ᠳ᠋ᠦ ᠷᠦ᠋ ᠱᠢᠨ ᠵᠡᠷᠭᠡ ᠬᠥᠮᠦᠰ ᠲᠤ《ᠰᠦᠢᠶᠤᠸᠠᠨ ᠤ᠋ ᠡᠵᠡᠷᠬᠡᠭ ᠳᠦᠷᠢᠮᠡᠬᠡᠶᠢᠲᠡᠨ ᠢ ᠡᠰᠡᠷᠭᠦᠴᠡᠬᠦ ᠶᠡᠬᠡ ᠬᠣᠯᠪᠣᠭ᠎ᠠ》 ᠪᠠᠶᠢᠭᠤᠯᠬᠤ ᠶᠢ ᠰᠠᠨᠠᠭᠤᠯᠪᠠ ᠃ 6 ᠰᠠᠷ᠎ᠠ ᠶᠢᠨ ᠰᠡᠭᠦᠯᠴᠢ  ᠶ᠋ᠢᠨ ᠨᠢᠭᠡᠨ ᠭᠠᠷᠠᠭ  ᠤᠨ ᠡᠳᠦᠷ ᠂ ᠭᠦᠩᠵᠦ ᠣᠷᠳᠣᠨ ᠤ ᠡᠮᠦᠨ᠎ᠡ ᠶᠡᠬᠡ ᠠᠷᠰᠢ ᠰᠦᠮ᠎ᠡ ᠶᠢᠨ ᠬᠤᠷᠠᠯ ᠬᠤᠷᠠᠯᠳᠤᠭᠤᠯᠵᠤ ᠂  ᠢᠤᠢ ᠯᠢᠩ ᠂ ᠳ᠋ᠢ ᠯᠢ ᠂ ᠯᠢ ᠫᠸᠢ ᠡᠾᠸᠩ ᠂  ᠳ᠋ᠦ ᠷᠦ᠋ ᠱᠢᠨ᠂ᠰᠦ ᠴᠢᠶᠠᠨ ᠢ ᠂ ᠮᠠ ᠯᠢᠨ ᠣᠷᠣᠯᠴᠠᠵᠤ ᠂ 《 ᠰᠦᠢᠶᠤᠸᠠᠨ ᠤ᠋ ᠡᠵᠡᠷᠬᠡᠭ ᠳᠦᠷᠢᠮᠡᠬᠡᠶᠢᠲᠡᠨ ᠢ ᠡᠰᠡᠷᠭᠦᠴᠡᠬᠦ ᠶᠡᠬᠡ ᠬᠣᠯᠪᠣᠭ᠎ᠠ 》ᠶᠢ ᠪᠠᠢᠭᠤᠯᠬᠤ ᠠᠰᠠᠭᠤᠳᠠᠯ ᠢ ᠰᠣᠳᠣᠯᠠᠨ ᠶᠠᠷᠢᠯᠴᠠᠵᠠᠢ᠃ ᠢᠤᠢ ᠯᠢᠩ ᠡᠴᠡ ᠪᠦᠬᠦ ᠤᠯᠤᠰ ᠤᠨ ᠶᠠᠫᠤᠨ ᠢ ᠡᠰᠡᠷᠭᠦᠴᠡᠬᠦ ᠳᠠᠢᠨ ᠤ ᠲᠤᠬᠠᠢ ᠠᠰᠠᠭᠤᠳᠠᠯ ᠢ ᠤᠯᠠᠨ ᠳ᠋ᠦ ᠰᠠᠢᠬᠠᠨ ᠬᠠᠷᠠᠭᠤᠯᠵᠤ ᠂ ᠂ ᠳᠤᠮᠳᠠᠳᠤ ᠤᠯᠤᠰ  ᠤᠨ ᠡᠵᠡᠷᠬᠡᠭ ᠳᠦᠷᠢᠮᠡᠬᠡᠶᠢᠲᠡᠨ ᠢ ᠡᠰᠡᠷᠭᠦᠴᠡᠬᠦ ᠶᠡᠬᠡ ᠬᠣᠯᠪᠣᠭ᠎ᠠ ᠵᠣᠬᠢᠶᠠᠨ ᠪᠠᠶᠢᠭᠤᠯᠤᠯᠲᠠ ᠶ᠋ᠢᠨ ᠬᠥᠲᠥᠯᠪᠦᠷᠢ ᠪᠠ ᠡᠭᠦᠷᠭᠡ  ᠶᠢ ᠲᠠᠨᠢᠭᠤᠯᠵᠤ ᠂ ᠵᠣᠬᠢᠶᠠᠨ ᠪᠠᠶᠢᠭᠤᠯᠤᠯᠲᠠ ᠲᠠᠶ ᠪᠠᠷ ᠶᠠᠫᠣᠨ ᠢ ᠡᠰᠡᠷᠭᠦᠴᠡᠬᠦ ᠠᠵᠢᠯᠯᠠᠭ᠎ᠠ  ᠥᠷᠨᠢᠭᠦᠯᠬᠦ ᠳᠦ ᠰᠦᠢᠶᠤᠸᠠᠨ ᠤ ᠡᠵᠡᠷᠬᠡᠭ ᠳᠦᠷᠢᠮᠡᠬᠡᠶᠢᠲᠡᠨ  ᠢ ᠡᠰᠡᠷᠭᠦᠴᠡᠬᠦ ᠶᠡᠬᠡ ᠬᠣᠯᠪᠣᠭ᠎ᠠ ᠵᠣᠬᠢᠶᠠᠨ ᠪᠠᠶᠢᠭᠤᠯᠬᠤ ᠶ᠋ᠢ ᠬᠦᠰᠡᠵᠦ ᠪᠠᠶᠢᠨ᠎ᠠ  ᠭᠡᠵᠡᠢ᠃ ᠳ᠋ᠦ᠋  ᠷᠦ᠋ ᠱᠢᠨ ᠡᠴᠡ ᠰᠡᠬᠡᠭᠡᠲᠡᠨ  ᠤ ᠬᠢᠨ ᠡᠵᠡᠷᠬᠡᠭ ᠳᠦᠷᠢᠮᠡᠬᠡᠶᠢᠲᠡᠨ ᠢ ᠡᠰᠡᠷᠭᠦᠴᠡᠬᠦ ᠮᠥᠬᠥᠯ ᠡᠴᠡ ᠠᠪᠤᠷᠠᠬᠤ ᠬᠥᠳᠡᠯᠭᠡᠭᠡᠨ ᠪᠣᠯᠤᠨ ᠭᠣᠮᠢᠨᠳᠠᠩ  ᠤᠨ ᠰᠦᠢᠶᠤᠸᠠᠨ ᠮᠤᠵᠢ ᠶ᠋ᠢᠨ ᠨᠠᠮ ᠶ᠋ᠢᠨ ᠵᠠᠬᠢᠷᠭ᠎ᠠ ᠪᠠ  ᠫᠦ᠋ ᠰᠦᠥ ᠢ ᠶᠢᠨ ᠶᠠᠫᠣᠨ ᠢ ᠡᠰᠡᠷᠭᠦᠴᠡᠵᠦ ᠮᠥᠬᠥᠯ ᠡᠴᠡ ᠠᠪᠤᠷᠠᠬᠤ ᠬᠥᠳᠡᠯᠭᠡᠭᠡᠨ  ᠳ᠋ᠦ ᠠᠳᠠᠯᠢ ᠪᠤᠰᠤ ᠣᠪᠣᠷ  ᠢᠶᠠᠷ ᠬᠠᠨᠳᠤᠬᠤ ᠶᠢ ᠲᠠᠨᠢᠯᠴᠠᠭᠤᠯᠪᠠ ᠃ ᠤᠯᠠᠨ  ᠢᠶᠠᠷ ᠢᠶᠡᠨ ᠰᠦᠢᠶᠤᠸᠠᠨ  ᠤ ᠶᠠᠫᠣᠨ  ᠢ ᠡᠰᠡᠷᠭᠦᠴᠡᠬᠦ ᠪᠠᠶᠢᠳᠠᠯ ᠪᠠ ᠬᠣᠶᠢᠰᠢᠳᠠ  ᠶ᠋ᠢᠨ ᠬᠥᠭᠵᠢᠯᠲᠡ ᠶ᠋ᠢᠨ ᠪᠠᠶᠢᠳᠠᠯ ᠳᠤ ᠭᠦᠨᠵᠡᠭᠡᠶ ᠵᠠᠳᠠᠯᠤᠯᠲᠠ ᠬᠢᠵᠦ ᠰᠢᠨᠵᠢᠯᠡᠨ ᠲᠡᠷᠡ ᠳᠣᠣᠷ᠎ᠠ ᠨᠢ ᠲᠣᠭᠲᠠᠭᠠᠯ ᠭᠠᠷᠭᠠᠵᠤ ᠰᠦᠢᠶᠤᠸᠠᠨ ᠮᠤᠵᠢ ᠶ᠋ᠢᠨ ᠡᠵᠡᠷᠬᠡᠭ ᠳᠦᠷᠢᠮᠡᠬᠡᠶᠢᠲᠡᠨ  ᠢ ᠡᠰᠡᠷᠭᠦᠴᠡᠬᠦ ᠶᠡᠬᠡ ᠬᠣᠯᠪᠣᠭ᠎ᠠ ᠶ᠋ᠢ ᠪᠠᠶᠢᠭᠤᠯᠤᠨ ᠂ ᠲᠡᠮᠡᠴᠡᠯ  ᠤᠨ ᠠᠷᠭ᠎ᠠ ᠪᠤᠳ᠋ᠤᠯᠭ᠎ᠠ ᠪᠠ ᠡᠭᠦᠷᠭᠡ ᠶᠢ ᠲᠣᠭᠲᠠᠭᠠᠪᠠ ᠃ ᠳ᠋ᠦ᠋ ᠷᠤ ᠱᠢᠨ ᠱᠦᠵᠢ ᠶᠢᠨ ᠲᠤᠰᠢᠶᠠᠯ ᠢ ᠬᠠᠷᠢᠭᠤᠴᠠᠵᠤ ᠂ ᠤᠬᠠᠭᠤᠯᠬᠤ ᠭᠡᠰᠢᠭᠦᠨ ᠰᠦ ᠴᠢᠶᠠᠨ ᠢ ᠂  ᠵᠣᠬᠢᠶᠠᠨ ᠪᠠᠢᠭᠤᠯᠬᠤ ᠭᠡᠰᠢᠭᠦᠨ ᠮᠠ ᠯᠢᠨ ᠨᠢ ᠾᠸ ᠪᠸᠢ ᠮᠤᠵᠢ ᠶ᠋ᠢᠨ ᠡᠵᠡᠷᠬᠡᠭ ᠳᠦᠷᠢᠮᠡᠬᠡᠶᠢᠲᠡᠨ ᠢ ᠡᠰᠡᠷᠭᠦᠴᠡᠬᠦ ᠶᠡᠬᠡ ᠬᠣᠯᠪᠣᠭ᠎ᠠ ᠶᠢᠨ ᠤᠳᠤᠷᠢᠳᠤᠯᠭ᠎ᠠ ᠪᠣᠯᠵᠠᠢ᠃ ᠭᠣᠮᠢᠨᠳᠠᠩ ᠤᠨ ᠡᠷᠬᠡ ᠪᠠᠷᠢᠭᠴᠢᠳ ᠤᠨ ᠬᠠᠷᠠᠩᠭᠤᠶ ᠨᠣᠶᠠᠷᠬᠠᠯ  ᠳᠣᠣᠷ᠎ᠠ ᠰᠦᠢᠶᠤᠸᠠᠨ ᠮᠤᠵᠢ ᠶᠢᠨ ᠡᠵᠡᠷᠬᠡᠭ ᠳᠦᠷᠢᠮᠡᠬᠡᠶᠢᠲᠡᠨ ᠢ ᠡᠰᠡᠷᠭᠦᠴᠡᠬᠦ ᠶᠡᠬᠡ ᠬᠣᠯᠪᠣᠭ᠎ᠠ  ᠠᠵᠢᠯ ᠢᠶᠠᠨ ᠠᠷᠠᠭ᠎ᠠ ᠪᠤᠰᠤ ᠨᠢᠭᠤᠴᠠ ᠪᠠᠷ ᠬᠢᠵᠦ ᠂  ᠪᠧᠢ ᠫᠢᠭ ᠳᠡᠬᠢ ᠬᠠᠷᠢᠯᠴᠠᠬᠤ ᠭᠠᠵᠠᠷ ᠢᠶᠠᠨ ᠽᠢ ᠬᠦᠢ ᠼᠢ ᠰᠦᠮ᠎ᠡ ᠮᠥᠨ ᠭᠡᠵᠦ ᠲᠣᠭᠲᠠᠭᠠᠵᠠᠢ ᠂ ᠬᠦᠢᠰᠦ᠋ᠢ ᠳᠤ ᠰᠢᠦᠳᠠᠨ  ᠤ ᠠᠵᠢᠯᠴᠢᠨ ᠾᠧᠦ ᠶᠢᠨ ᠲᠠᠡᠭ᠌ ᠵᠠᠬᠢᠳᠠᠯ ᠲᠠᠮᠢᠷᠵᠢᠭᠤᠯᠬᠤ ᠶᠢ ᠬᠠᠷᠢᠭᠤᠴᠠᠨ᠎ᠠ  ᠭᠡᠵᠡᠢ᠃ 

    ᠰᠦᠢᠶᠤᠸᠠᠨ ᠮᠤᠵᠢ  ᠶ᠋ᠢᠨ ᠡᠵᠡᠷᠬᠡᠭ ᠳᠦᠷᠢᠮᠡᠬᠡᠶᠢᠲᠡᠨ  ᠢ ᠡᠰᠡᠷᠭᠦᠴᠡᠬᠦ ᠶᠡᠬᠡ ᠬᠣᠯᠪᠣᠭ᠎ᠠ  ᠪᠣᠯ ᠳᠠᠩ ᠱᠤᠭᠤᠮ  ᠤᠨ ᠬᠣᠯᠪᠣᠭ᠎ᠠ ᠪᠠᠢᠵᠦ ᠂ ᠨᠢᠭᠤᠴᠠ ᠪᠠᠷ ᠬᠥᠭᠵᠢᠵᠦ ᠂ ᠠᠯᠬᠤᠮ ᠠᠯᠬᠤᠮ  ᠢᠶᠠᠷ ᠥᠷᠭᠡᠳᠬᠡᠬᠦ  ᠵᠠᠷᠴᠢᠮ ᠢᠶᠠᠷ ᠮᠠᠰᠢ ᠲᠦᠷᠭᠡᠨ ᠢᠶᠠᠷ55 ᠭᠠᠷᠤᠢ  ᠬᠥᠮᠥᠰ ᠲᠠᠢ ᠪᠣᠯᠵᠠᠢ᠂ ᠮᠥᠨ ᠴᠦ ᠨᠣᠮ ᠤᠩᠰᠢᠬᠤ ᠡᠪᠯᠡᠯ ᠪᠠᠶᠢᠭᠤᠯᠤᠭᠰᠠᠨ ᠰᠠᠭᠤᠷᠢᠨ ᠳᠡᠭᠡᠷ᠎ᠡ ᠤᠷᠢᠳ ᠬᠣᠵᠢᠳ ᠦᠨᠳᠦᠰᠦᠨ ᠱᠠᠲᠤᠨ  ᠤ ᠪᠠᠶᠢᠭᠤᠯᠤᠯᠲᠠ ᠶ᠋ᠢ ᠪᠠᠢᠭᠤᠯᠵᠠᠢ᠂ ᠡᠭᠦᠨ ᠳᠦ᠄ ᠵᠦᠩ ᠱᠠᠨ ᠳᠡᠭᠡᠳᠦ ᠰᠤᠷᠭᠠᠭᠤᠯᠢ ᠶᠢᠨ ᠬᠠᠷᠢᠭᠤᠴᠠᠯᠭᠠᠲᠠᠨ ᠡᠦ ᠳ᠋ᠡ ᠫᠢᠩ ᠂  ᠷᠧᠨ ᠽᠢ ᠯᠢᠶᠠᠩ  ᠂ ᠠᠨ ᠵᠢᠶ ᠷᠧᠨ ᠂ ᠳ᠋ᠦ᠋  ᠯᠢᠶᠠᠨ᠂ ᠰᠦᠩ ᠱᠸᠤ ‍ᠳ᠋ᠸ ᠵᠡᠷᠭᠡ ᠪᠦᠷᠢᠯᠳᠦᠬᠦᠨ  ᠤ ᠲᠤᠰᠢᠶᠠᠯ  ᠢ ᠬᠠᠷᠢᠭᠤᠴᠠᠵᠤ ᠃ ᠪᠠᠭᠰᠢ ᠶ᠋ᠢᠨ ᠰᠤᠷᠭᠠᠭᠤᠯᠢ  ᠶ᠋ᠢᠨ ᠬᠠᠷᠢᠭᠤᠴᠠᠯᠭᠠᠲᠠᠨ ᠶᠠᠩ ᠭᠦᠸᠧ ᠰᠢᠩ ᠂ ᠪᠦᠷᠢᠯᠳᠦᠬᠦᠨ ᠡᠦ ᠳ᠋ᠢᠶᠠᠨ ᠵᠢᠶᠠ ᠃ ᠬᠦᠢᠰᠦ᠋ᠢ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠬᠠᠷᠢᠭᠤᠴᠠᠯᠭᠠᠲᠠᠨ  ᠶᠠᠩ ᠶᠧ ᠫᠧᠩ( ᠥᠭᠡᠷ᠎ᠡ ᠨᠡᠷ᠎ᠡ ᠨᠢ ᠶᠠᠩ ᠮᠤᠤ ᠱᠧᠩ)᠂ ᠪᠦᠷᠢᠯᠳᠦᠬᠦᠨ  ᠬᠠᠨ ᠶᠠᠨ ᠷᠦ᠋ (ᠥᠭᠡᠷ᠎ᠡ ᠨᠡᠷ᠎ᠡ ᠨᠢ ᠬᠠᠨ ᠱᠠᠩ  ᠺᠤᠸᠠᠨ ) ᠃ ᠮᠤᠵᠢ  ᠶ᠋ᠢᠨ ᠡᠷᠬᠢᠯᠡᠭᠰᠡᠨ ᠭᠤᠷᠪᠠᠳᠤᠭᠠᠷ ᠪᠠᠭ᠎ᠠ ᠰᠤᠷᠭᠠᠭᠤᠯᠢ  ᠶ᠋ᠢᠨ ᠵᠤᠤ ᠸᠧᠶ ᠰᠢᠨ᠂ ᠮᠤᠵᠢ ᠶ᠋ᠢᠨ ᠲᠠᠪᠤᠳᠤᠭᠠᠷ ᠪᠠᠭ᠎ᠠ ᠰᠤᠷᠭᠠᠭᠤᠯᠢ ᠶᠢᠨ ᠾᠧ ᠵᠢᠶ ᠽᠦᠩ ᠂ ᠲᠡᠮᠦᠷ ᠵᠠᠮ ᠤᠨ ᠪᠠᠭ᠎ᠠ ᠰᠤᠷᠭᠠᠭᠤᠯᠢ ᠶᠢᠨ ᠯᠢ ᠳᠢᠢ ᠵᠢᠦ᠂ ᠬᠦᠢᠰᠦ᠋ᠢ ᠭᠠᠯᠲᠤ ᠲᠡᠷᠭᠡᠨ ᠥᠷᠲᠡᠭᠡᠨ ᠤ ᠾᠸ ᠵᠦᠢ ᠦ᠋᠂ ᠲᠠᠷᠢᠶᠠᠯᠠᠩ  ᠶ᠋ᠢᠨ ᠤᠬᠠᠭᠠᠨ ᠠᠵᠢᠯ ᠮᠡᠷᠭᠡᠵᠢᠯ  ᠤᠨ ᠰᠤᠷᠭᠠᠭᠤᠯᠢ ᠪᠠᠰᠠ ᠦᠨᠳᠦᠰᠦᠨ ᠪᠠᠢᠭᠤᠯᠤᠯᠲᠠ ᠶᠢ ᠪᠠᠢᠭᠤᠯᠵᠠᠢ᠃ ᠡᠭᠦᠨ ᠤ ᠬᠠᠮᠲᠤ ᠂ ᠪᠤᠭᠤᠲᠤ ᠂  ᠭᠦᠦ ᠶᠡᠩ ᠴᠤ ᠵᠣᠬᠢᠶᠠᠨ ᠪᠠᠶᠢᠭᠤᠯᠤᠯᠲᠠ ᠪᠠᠶᠢᠭᠤᠯᠵᠤ ᠂ ᠲᠤᠰ ᠲᠤᠰ ᠵᠤ ᠪᠦᠦ ᠭᠤᠸᠠᠩ ᠂ ᠾᠧᠦ ᠴᠢᠩ ᠾᠡᠸ ᠬᠠᠷᠢᠭᠤᠴᠠᠪᠠ᠃  ᠡᠭᠦᠨ ᠡᠴᠡ ᠭᠠᠳᠠᠨ᠎ᠠ ᠸᠠᠩ ᠪᠢᠩ  ᠲᠠᠩ ᠂ ᠯᠢ ᠽᠦᠸᠧ  ᠢᠤᠢ( ᠡᠮᠡᠭᠲᠡᠶ ) ᠵᠡᠷᠭᠡ ᠨᠢ ᠴᠦ ᠰᠦᠢᠶᠤᠸᠠᠨ ᠮᠤᠵᠢ  ᠶ᠋ᠢᠨ ᠡᠵᠡᠷᠬᠡᠭ ᠳᠦᠷᠢᠮᠡᠬᠡᠶᠢᠲᠡᠨ  ᠢ ᠡᠰᠡᠷᠭᠦᠴᠡᠬᠦ ᠶᠡᠬᠡ ᠬᠣᠯᠪᠣᠭ᠎ᠠ ᠶᠢᠨ  ᠭᠣᠣᠯᠳᠠᠯᠭ᠎ᠠ ᠭᠡᠰᠢᠭᠦᠨ ᠪᠣᠯᠣᠨ᠎ᠠ᠃

 

    ᠰᠦᠢᠶᠦᠸᠠᠨ ᠡᠵᠡᠷᠬᠡᠭ ᠳᠦᠷᠢᠮᠡᠬᠡᠶᠢᠲᠡᠨ  ᠢ ᠡᠰᠡᠷᠭᠦᠴᠡᠬᠦ ᠶᠡᠬᠡ ᠬᠣᠯᠪᠣᠭ᠎ᠠ ᠨᠣᠮ ᠤᠩᠰᠢᠬᠤ ᠬᠤᠷᠠᠯ ᠬᠡᠯᠪᠡᠷᠢ ᠪᠡᠷ ᠨᠣᠮ ᠤᠩᠰᠢᠬᠤ ᠠᠵᠢᠯᠯᠠᠭ᠎ᠠ ᠥᠷᠨᠢᠭᠦᠯᠵᠦ ᠂ ᠡᠭᠦᠨ ᠤ ᠤᠯᠠᠮ  ᠡᠴᠠ ᠬᠥᠮᠦᠰ ᠲᠤ ᠰᠡᠳᠡᠯᠲᠡ ᠥᠭᠴᠡᠢ᠃ ᠲᠡᠳᠡ ᠡᠯ᠎ᠡ ᠵᠦᠢᠯ  ᠤᠨ ᠠᠷᠭ᠎ᠠ ᠵᠠᠮ  ᠢᠶᠠᠷ ᠰᠤᠷᠤᠯᠴᠠᠬᠤ  ᠶᠢ ᠴᠠᠭᠠᠵᠠᠯᠠᠬᠤ ᠨᠣᠮ ᠪᠢᠴᠢᠭ ᠴᠤᠭᠯᠠᠭᠤᠯᠵᠤ ᠬᠤᠳᠠᠯᠳᠤᠨ ᠠᠪᠴᠤ ᠨᠢᠭᠤᠴᠠ ᠪᠠᠷ ᠳᠠᠮᠵᠢᠭᠤᠯᠤᠨ ᠤᠩᠰᠢᠳᠠᠭ ᠂ ᠵᠢᠱᠢᠶᠡᠯᠡᠪᠡᠯ ᠂ ᠭᠣᠷᠺᠢ ᠶ᠋ᠢᠨ《 ᠡᠬᠡ 》᠂ ᠰᠦᠢ ᠮᠦᠸᠸ ᠯᠠ ᠹᠧᠶ ᠸᠧᠶ ᠬᠦᠤᠨ 《 ᠲᠡᠮᠦᠷ ᠤᠷᠤᠰᠬᠠᠯ》᠂ ᠹᠠᠳᠧᠶᠧᠹᠤᠨ 《 ᠨᠢᠷᠭᠡᠯᠲᠡ》 ᠂ ᠯᠦ ᠰᠢᠶᠦ᠋ᠨ ᠦ《ᠡᠷᠡᠭᠡᠯᠵᠡᠯ》 ᠂ 《 ᠬᠠᠰᠬᠢᠷᠤᠯ 》ᠵᠡᠷᠭᠡ ᠃ ᠪᠠᠰᠠ ᠨᠢᠭᠡ ᠬᠡᠰᠡᠭ ᠨᠢ ᠮᠠᠷᠺᠰ ᠂ ᠡᠨᠭᠭᠸᠯᠰ ᠂ ᠯᠧᠨᠢᠨ ᠂ ᠰᠲ᠋ᠠᠯᠢᠨ  ᠤ ᠵᠣᠬᠢᠶᠠᠯ ᠪᠦᠲᠦᠭᠡᠯ ᠵᠢᠴᠢ ᠪᠤᠰᠤᠳ ᠤᠯᠤᠰ ᠲᠤᠢᠷᠦ ᠂ ᠲᠡᠦᠬᠡ ᠵᠡᠷᠭᠡ  ᠶ᠋ᠢᠨ ᠨᠣᠮ ᠰᠡᠳᠬᠦᠯ ᠪᠠᠶᠢᠳᠠᠭ ᠃ ᠨᠣᠮ ᠤᠩᠰᠢᠬᠤ ᠠᠵᠢᠯᠯᠠᠭ᠎ᠠ ᠨᠢ ᠨᠡᠩ ᠤᠯᠠᠨ ᠵᠠᠯᠠᠭᠤᠴᠤᠳ ᠤᠨ ᠤᠬᠠᠮᠰᠠᠷ  ᠢ ᠨᠢ ᠳᠡᠭᠡᠭᠰᠢᠯᠡᠭᠦᠯᠵᠦ ᠂ ᠡᠵᠡᠷᠬᠡᠭ ᠲᠦᠷᠢᠮᠡᠭᠡᠢᠢᠳᠡᠨ  ᠢ ᠡᠰᠡᠷᠭᠦᠴᠡᠬᠦ ᠲᠡᠮᠡᠴᠡᠯ  ᠤᠨ ᠲᠤᠬᠠᠶ ᠢᠲᠡᠭᠡᠯ ᠬᠦᠰᠡᠯ  ᠢ ᠨᠢ ᠨᠡᠮᠡᠭᠳᠡᠭᠦᠯᠵᠡᠢ᠂ ᠲᠡᠳᠡ ᠭᠠᠷ ᠬᠠᠭᠤᠯᠤᠮᠠᠯ ᠠᠷᠭ᠎ᠠ ᠬᠡᠯᠪᠡᠷᠢ ᠪᠡᠷ 《ᠲᠠᠪᠤᠨ ᠰᠠᠷ᠎ᠠ ᠶᠢᠨ ᠭᠤᠴᠢᠨ》  ᠤ ᠬᠥᠳᠡᠯᠭᠡᠭᠡᠨ ᠢ ᠤᠬᠠᠭᠤᠯᠬᠤ ᠬᠠᠭᠤᠳᠠᠰᠤ ᠂ ᠵᠦᠪᠯᠡᠯᠳᠤ  ᠶ᠋ᠢᠨ ᠠᠷᠪᠠᠨ ᠰᠠᠷ᠎ᠠ  ᠶ᠋ᠢᠨ ᠬᠤᠪᠢᠰᠬᠠᠯ  ᠤᠨ ᠲᠤᠬᠠᠶ ᠮᠠᠲ᠋ᠧᠷᠢᠶᠠᠯ ᠂ ᠶᠠᠫᠣᠨ  ᠤ ᠲᠦᠷᠢᠮᠡᠬᠡᠶᠢᠯᠡᠯ  ᠢ ᠡᠰᠡᠷᠭᠦᠴᠡᠬᠦ ᠵᠢᠴᠢ ᠭᠣᠮᠢᠨᠳᠠᠩ  ᠤᠨ ᠵᠠᠰᠠᠭ  ᠤᠨ ᠣᠷᠳᠣᠨ ᠶᠠᠫᠣᠨ  ᠢ ᠡᠰᠡᠷᠭᠦᠴᠡᠬᠦ ᠳ᠋ᠦ᠍ ᠨᠠᠵᠠᠭᠠᠢᠷᠠᠵᠤ ᠪᠠᠢᠬᠤ ᠵᠣᠬᠢᠶᠠᠯ ᠢ ᠲᠠᠨᠢᠯᠴᠠᠭᠤᠯᠵᠠᠢ᠃   ᠰᠦᠢᠶᠦᠸᠠᠨ ᠡᠵᠡᠷᠬᠡᠭ ᠳᠦᠷᠢᠮᠡᠬᠡᠶᠢᠲᠡᠨ ᠢ ᠡᠰᠡᠷᠭᠦᠴᠡᠬᠦ ᠶᠡᠬᠡ ᠬᠣᠯᠪᠣᠭ᠎ᠠ 《ᠴᠢᠰᠤᠲᠤ 》 ᠰᠡᠳᠬᠦᠯ ᠢ  ᠦᠷᠭᠦᠯᠵᠢᠯᠡᠨ ᠬᠡᠪᠯᠡᠵᠦ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠶ᠋ᠢᠨ ᠳᠣᠣᠷ᠎ᠠ ᠬᠤᠪᠢᠰᠬᠠᠯᠲᠤ ᠲᠡᠮᠡᠴᠡᠯ  ᠬᠢᠬᠦ ᠶᠢ ᠢᠯᠡᠷᠡᠭᠦᠯᠬᠦ ᠶᠢᠨ ᠲᠥᠯᠥᠭᠡ᠂ 《ᠴᠢᠰᠤᠨ ᠣᠳᠤ》 ᠭᠡᠵᠦ ᠬᠠᠯᠠᠨ ᠰᠡᠳᠬᠢᠯ ᠦᠨ ᠳᠣᠲᠣᠷ᠎ᠠ ᠨᠢ ᠭᠠᠯ ᠤᠯᠠᠭᠠᠨ ᠭᠡᠳᠡᠭ ᠰᠠᠨᠠᠭ᠎ᠠ  ᠠᠭᠤᠯᠠᠵᠦ᠂ ᠭᠣᠣᠯ ᠨᠢ ᠶᠠᠫᠣᠨ  ᠢ ᠡᠰᠡᠷᠭᠦᠴᠡᠵᠦ ᠮᠥᠬᠥᠯ ᠡᠴᠡ ᠠᠪᠤᠷᠠᠬᠤ᠂ ᠭᠣᠮᠢᠨᠳᠠᠩ  ᠤᠨ ᠬᠠᠷᠠᠩᠭᠤᠶ ᠤᠯᠤᠰ ᠲᠥᠷᠥ  ᠶ᠋ᠢᠨ ᠨᠣᠶᠠᠷᠬᠠᠯ ᠢ᠋ ᠡᠰᠡᠷᠭᠦᠴᠡᠬᠦ ᠥᠭᠦᠯᠡᠯ ᠂ ᠡᠯᠳᠡᠪ ᠲᠥᠷᠦᠭᠳᠡᠯ ᠂ ᠰᠢᠯᠦᠭ ᠂ ᠪᠠᠰᠠ ᠵᠠᠷᠢᠮ ᠬᠥᠳᠡᠯᠮᠦᠷᠢᠴᠢᠨ ᠠᠷᠠᠳ ᠲᠦᠮᠡᠨ  ᠦ ᠠᠮᠢᠳᠤᠷᠠᠯ ᠢ ᠲᠤᠰᠬᠠᠵᠤ ᠂ ᠤᠯᠤᠰ ᠤᠨ ᠳᠣᠲᠣᠭᠠᠳᠤ ᠭᠠᠳᠠᠭᠠᠳᠤ ᠶ᠋ᠢᠨ ᠪᠠᠶᠢᠳᠠᠯ ᠪᠠ ᠵᠦᠪᠯᠡᠯᠳᠦ ᠬᠣᠯᠪᠣᠭᠠᠲᠤ ᠤᠯᠤᠰ ᠤᠨ ᠬᠤᠪᠢᠰᠬᠠᠯ  ᠢ ᠲᠠᠨᠢᠯᠴᠠᠭᠤᠯᠤᠭᠰᠠᠨ ᠵᠣᠬᠢᠶᠠᠯ ᠪᠤᠢ ᠃ 1932 ᠣᠨ ᠤ 5 ᠰᠠᠷ᠎ᠠ  ᠳ᠋ᠤ᠂ ᠰᠡᠳᠬᠦᠯ 《ᠲᠠᠪᠤᠨ ᠰᠠᠷ᠎ᠠ  ᠶ᠋ᠢᠨ ᠨᠢᠭᠡᠨ》  ᠢ ᠳᠤᠷᠠᠰᠬᠠᠬᠤ ᠲᠤᠰᠬᠠᠶ ᠳ᠋ᠤᠭᠠᠷ ᠭᠠᠷᠭᠠᠵᠠᠢ ᠃  ᠲᠠᠷᠠᠭᠠᠬᠤ ᠬᠡᠮᠵᠢᠶ᠎ᠠ ᠨᠡᠮᠡᠭᠳᠡᠭᠰᠡᠨ ᠤᠴᠢᠷ ᠡᠴᠡ ᠬᠠᠭᠠᠰ ᠵᠢᠯ ᠤ᠋ᠨ ᠳᠠᠷᠠᠭ᠎ᠠ ᠲᠤᠰᠤᠨ ᠳᠠᠷᠤᠮᠠᠯ ᠢ᠋ᠶ᠋ᠡᠨ ᠥᠭᠡᠷᠡᠴᠢᠯᠡᠵᠦ ᠂ ᠬᠣᠷᠭᠣᠯᠵᠢᠨ  ᠪᠣᠯᠭᠠᠪᠠ ᠃ ᠬᠣᠷᠭᠣᠯᠵᠢᠨ ᠪᠡᠷ  ᠢᠶ᠋ᠡᠷ  ᠬᠡᠪᠯᠡᠭᠰᠡᠨ ᠤ᠋ ᠳᠠᠷᠠᠭ᠎ᠠ 《 ᠴᠢᠰᠤᠨ ᠣᠳᠣ》᠂ ᠪᠣᠭᠣᠮᠲᠠ  ᠶᠢᠨ  ᠭᠠᠳᠠᠨ᠎ᠠ ᠡᠴᠡ  ᠪᠧᠢ ᠫᠢᠩ ᠂ ᠱᠠᠩᠬᠠᠶ ᠵᠡᠷᠭᠡ ᠬᠤᠳᠡ ᠳ᠋ᠦ᠍  ᠬᠦᠷᠴᠦ ᠣᠴᠢᠨ᠂ ᠱᠠᠩᠬᠠᠶ ᠶᠢᠨ ᠬᠤᠪᠢᠰᠬᠠᠯᠲᠤ ᠵᠠᠯᠠᠭᠤᠴᠤᠳ ᠤᠨ《 ᠡᠯᠡᠰᠦᠨ  ᠲᠣᠲᠤᠷᠠᠬᠢ ᠲᠡᠮᠡᠭᠡ》 ᠭᠡᠰᠡᠨ ᠮᠠᠭᠲᠠᠭᠠᠯ ᠰᠠᠶᠢᠰᠢᠶᠠᠯ ᠢ ᠣᠯᠤᠭᠰᠠᠨ ᠪᠠᠶᠢᠨ᠎ᠠ ᠃ 

    1932 ᠣᠨ ᠤ᠋ ᠵᠤᠨ ᠳ᠋ᠦ ᠂ ᠰᠦᠢᠶᠤᠸᠠᠨ ᠡᠵᠡᠷᠬᠡᠭ ᠳᠦᠷᠢᠮᠡᠬᠡᠶᠢᠲᠡᠨ  ᠢ ᠡᠰᠡᠷᠭᠦᠴᠡᠬᠦ ᠶᠡᠬᠡ ᠬᠣᠯᠪᠣᠭ᠎ᠠ ᠶ᠋ᠢᠨ ᠤᠳᠤᠷᠢᠳᠤᠯᠭ᠎ᠠ ᠳᠣᠣᠷ᠎ᠠ ᠡᠯ᠎ᠡ ᠳᠤᠮᠳᠠᠳᠤ ᠰᠤᠷᠭᠠᠭᠤᠯᠢ  ᠶ᠋ᠢᠨ ᠰᠤᠷᠤᠭᠴᠢᠳ  ᠤᠨ ᠵᠥᠪᠯᠡᠯ  ᠢ᠋ᠶ᠋ᠡᠷ ᠭᠣᠣᠯ ᠪᠣᠯᠭᠠᠭᠰᠠᠨ《 ᠶᠠᠫᠣᠨ ᠢ ᠡᠰᠡᠷᠭᠦᠴᠡᠨ ᠤᠯᠤᠰ  ᠢᠶᠡᠨ ᠠᠪᠤᠷᠠᠬᠤ ᠬᠤᠷᠠᠯ》 ᠭᠡᠳᠡᠭ ᠢᠯᠡ ᠵᠣᠬᠢᠶᠠᠨ ᠪᠠᠢᠭᠤᠯᠤᠯᠲᠠ ᠶ᠋ᠢ ᠪᠠᠢᠭᠤᠯᠤᠭᠰᠠᠨ ᠪᠠᠶᠢᠨ᠎ᠠ ᠃ ᠲᠤᠰ ᠵᠢᠯ  ᠤᠨ 7 ᠂ 8 ᠰᠠᠷ᠎ᠠ ᠳ᠋ᠤ ᠂ ᠡᠾᠸ ᠪᠸᠢ ᠮᠤᠵᠢ  ᠶ᠋ᠢᠨ ᠨᠠᠮ ᠤᠨ ᠲᠥᠪ ᠬᠣᠷᠢᠶ᠎ᠠ ᠶ᠋ᠢᠨ  ᠲᠣᠮᠢᠯᠠᠯᠲᠠ ᠪᠡᠷ ᠰᠦᠢᠶᠤᠸᠠᠨ ᠳ᠋ᠤ᠌ ᠠᠵᠢᠯᠯᠠᠬᠤ ᠪᠡᠷ ᠣᠴᠢᠬᠤ ᠶᠠᠩ ᠢᠢ ᠹᠠᠨ ᠪᠠ ᠪᠡᠭᠡᠵᠢᠩ  ᠤᠨ ᠰᠣᠶᠣᠯ ᠤᠨ ᠶᠡᠷᠦᠩᠬᠡᠶ ᠬᠣᠯᠪᠣᠭᠠᠨ ᠤ᠋ ᠵᠠᠩ ᠵᠸᠩ ᠬᠣᠶᠠᠷ ᠬᠥᠮᠦᠨ ᠂ ᠤᠷᠢᠳᠠᠪᠠᠷ ᠡᠵᠡᠷᠬᠡᠭ ᠳᠦᠷᠢᠮᠡᠬᠡᠶᠢᠲᠡᠨ  ᠢ ᠡᠰᠡᠷᠭᠦᠴᠡᠬᠦ ᠶᠡᠬᠡ ᠬᠣᠯᠪᠣᠭ᠎ᠠ ᠶ᠋ᠢᠨ ᠠᠵᠢᠯ ᠤᠨ ᠪᠠᠶᠢᠳᠠᠯ ᠢ ᠳ᠋ᠦ ᠷᠦ ᠱ᠌ᠢᠨ ᠡᠴᠡ ᠣᠶᠢᠯᠠᠭᠠᠵᠤ ᠂ ᠰᠦᠢᠶᠤᠸᠠᠨ ᠤ᠋ ᠨᠣᠮ ᠤᠩᠰᠢᠬᠤ ᠬᠤᠷᠠᠯ ᠪᠠᠶᠢᠭᠤᠯᠤᠭᠳᠠᠭᠰᠠᠨ ᠪᠥᠭᠡᠳ ᠠᠯᠪᠠᠨ ᠰᠡᠳᠬᠦᠯ ᠂ ᠪᠦᠯᠬᠦᠮᠳᠡᠯ ᠵᠠᠯᠠᠭᠤᠴᠤᠳ ᠤᠨ ᠶᠠᠫᠣᠨ  ᠢ ᠡᠰᠡᠷᠭᠦᠴᠡᠬᠦ ᠲᠤᠬᠠᠶ ᠤᠬᠠᠭᠤᠯᠭ᠎ᠠ ᠬᠢᠭᠰᠡᠨ ᠵᠣᠬᠢᠶᠠᠨ ᠪᠠᠶᠢᠭᠤᠯᠤᠯᠲᠠ  ᠶ᠋ᠢᠨ ᠠᠵᠢᠯ ᠤᠨ ᠦᠷ᠎ᠡ ᠪᠦᠲᠦᠮᠵᠢ ᠶ᠋ᠢ  ᠭᠦᠢᠴᠡᠳ ᠪᠠᠲᠤᠯᠠᠵᠠᠢ ᠃ 1933 ᠣᠨ  ᠤ 2 ᠰᠠᠷ᠎ᠠ  ᠳ᠋ᠤ᠂ ᠳᠤᠮᠳᠠᠳᠤ ᠤᠯᠤᠰ  ᠤᠨ ᠡᠪ ᠬᠠᠮᠲᠤ ᠨᠠᠮ  ᠤᠨ ᠬᠦᠢᠰᠦ᠋ᠢ ᠭᠣᠣᠯ ᠰᠢᠶᠠᠨ ᠤ ᠨᠠᠮ  ᠤᠨ ᠬᠣᠷᠢᠶ᠎ᠠ ᠪᠠᠶᠢᠭᠤᠯᠤᠭᠳᠠᠭᠰᠠᠨ ᠤ ᠲᠡᠷᠡᠭ᠎ᠠ ᠰᠦᠢᠶᠤᠸᠠᠨ ᠮᠤᠵᠢ  ᠶ᠋ᠢᠨ ᠨᠠᠮ  ᠶ᠋ᠢᠨ ᠬᠣᠷᠢᠶ᠎ᠠ ᠶ᠋ᠢ ᠪᠠᠶᠢᠭᠤᠯᠵᠤ ᠂ ᠶᠠᠩ ᠢᠢ ᠹᠠᠨ᠂ ᠳ᠋ᠦ ᠷᠦ ᠱ᠌ᠢᠨ᠂ ᠰᠦ ᠴᠢᠶᠠᠨ ᠢ  ᠶᠠᠩ ᠶᠧ ᠫᠧᠩ᠂ ᠮᠠ ᠯᠢᠨ  ᠢᠶᠠᠷ ᠪᠦᠷᠢᠯᠳᠦᠵᠦ ᠂ ᠡᠵᠡᠷᠬᠡᠭ ᠳᠦᠷᠢᠮᠡᠬᠡᠶᠢᠲᠡᠨ  ᠢ ᠡᠰᠡᠷᠭᠦᠴᠡᠬᠦ ᠶᠡᠬᠡ ᠬᠣᠯᠪᠣᠭ᠎ᠠ ᠰᠦᠢᠶᠤᠸᠠᠨ ᠮᠤᠵᠢ ᠶ᠋ᠢᠨ ᠨᠠᠮ  ᠤᠨ ᠬᠣᠷᠢᠶ᠎ᠠ ᠶ᠋ᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠦᠢᠰᠦ᠋ᠢ ᠲᠥᠪ ᠰᠢᠶᠠᠨ ᠤ ᠬᠣᠷᠢᠶ᠎ᠠ  ᠶ᠋ᠢ ᠤᠳᠤᠷᠢᠳᠤᠭᠰᠠᠨ ᠪᠠᠶᠢᠨ᠎ᠠ ᠃ ᠶᠠᠩ ᠭᠦᠸᠧ ᠰᠢᠩ  ᠳᠠᠷᠠᠭ᠎ᠠ ᠨᠢ ᠨᠡᠮᠡᠭᠳᠡᠭᠰᠡᠨ ᠪᠠᠶᠢᠨ᠎ᠠ ᠃

 


ᠵᠣᠬᠢᠶᠠᠭᠴᠢ:
ᠢᠷᠡᠯᠲᠡ: