ᠨᠠᠺᠠᠮᠦᠷᠠ ᠶᠢᠨ ᠬᠡᠷᠡᠭ ᠶᠠᠪᠤᠳᠠᠯ
1931 ᠤᠨ ᠤ 1 ᠳ᠋ᠦ᠋ᠭᠡᠷ ᠰᠠᠷ᠎ᠠ ᠳ᠋ᠦ ᠂ ᠶᠠᠫᠣᠨ ᠤ ᠬᠠᠭᠠᠨᠲᠤ ᠤᠯᠤᠰ ᠤᠨ ᠶᠠᠪᠠᠭᠠᠨ ᠴᠡᠷᠢᠭ ᠤᠨ ᠬᠡᠯᠲᠡᠰ ᠦᠨ ᠱᠲ᠋ᠠᠪ ᠤᠨ ᠮᠡᠳᠡᠭᠡᠯᠡᠯ ᠦᠨ ᠰᠠᠯᠠᠭ᠎ᠠ ᠦ ᠬᠢᠨ ᠶᠠᠫᠣᠨ ᠦ ᠲᠤᠤᠺᠢᠤ᠋ ᠡᠴᠠ ᠶᠠᠫᠣᠨ ᠤ ᠬᠠᠭᠤᠷᠠᠶ ᠵᠠᠮ ᠤᠨ ᠴᠡᠷᠢᠭ ᠤᠨ ᠳ᠋ᠣᠸ᠋ᠸ ᠨᠠᠺᠠᠮᠦᠷᠠ ᠰᠢᠨᠲ᠋ᠠᠷᠤ᠋ ᠶ᠋ᠢ ᠲᠤᠮᠢᠯᠠᠵᠤ ᠂ ᠮᠠᠨ ᠤ ᠤᠯᠤᠰ ᠤᠨ ᠵᠡᠭᠦᠨ ᠬᠣᠶᠢᠲᠤ ᠣᠷᠣᠨ ᠤ ᠠᠩ ᠠᠩ ᠰᠢᠢ ᠳᠦ ᠬᠦᠷᠴᠦ ᠢᠰᠦᠵᠢ ᠢᠨᠲ᠋ᠠᠷᠤ᠋ ᠲᠠᠶ ᠵᠤᠯᠭᠠᠵᠤ ᠂ ᠲᠠᠩᠨᠠᠭᠤᠯ ᠤᠨ ᠠᠵᠢᠯᠯᠠᠭ᠎ᠠ ᠪᠡᠨ ᠤᠯᠠᠮ ᠨᠢᠭᠡ ᠠᠯᠬᠤᠮ ᠦᠷᠨᠢᠭᠦᠯᠦᠭᠰᠡᠨ ᠪᠠᠶᠢᠨ᠎ᠠ ᠃ ᠵᠠᠮ ᠤᠨ ᠠᠶᠠᠨ ᠳᠤᠮᠳᠠᠬᠢ ᠠᠶᠤᠯ ᠦᠭᠡᠶ ᠪᠠᠶᠢᠬᠤ ᠪᠠ ᠠᠵᠢᠯᠯᠠᠭ᠎ᠠ ᠪᠡᠨ ᠦᠷᠨᠢᠭᠦᠯᠬᠦ ᠳ᠋ᠦ ᠳᠦᠭᠦᠮ ᠪᠠᠶᠢᠯᠭᠠᠬᠤ ᠶ᠋ᠢᠨ ᠲᠦᠯᠦᠭᠡ᠂ᠢᠰᠦᠵᠢ ᠢᠨᠲ᠋ᠠᠷᠤ᠋ ᠪᠡᠶ᠎ᠡ ᠪᠡᠷ ᠢᠶ᠋ᠡᠨ ᠴᠠᠭᠠᠨ ᠤᠷᠤᠰ ᠤᠨ ᠨᠢᠭᠡ ᠠᠩᠴᠢᠨ ᠢ ᠤᠷᠢᠵᠦ ᠵᠠᠮᠴᠢᠯᠠᠭᠤᠯᠤᠨ ᠂ ᠵᠠᠯᠠᠶᠢᠳ ᠬᠣᠰᠢᠭᠤᠨ ᠤ ᠮᠣᠩᠭᠣᠯ ᠦᠨᠳᠦᠰᠦᠲᠡᠨ ᠤ ᠲᠡᠨᠦᠭᠦᠯ ᠠᠷᠠᠳ ᠯᠢᠦ ᠱᠦᠨ ᠪᠤᠤ ( ᠪᠠᠰᠠ ᠯᠢᠦ ᠱᠦ᠋ᠨ ᠰᠢᠶᠤᠤ ᠭᠡᠳᠡᠭ ) ᠢ ᠵᠠᠷᠤᠵᠤ ᠦᠪᠡᠷ ᠦᠨ ᠮᠣᠷᠢ ᠢ ᠲᠡᠵᠢᠭᠡᠬᠦ ᠪᠠ ᠬᠣᠭᠤᠯᠨ ᠪᠤᠳᠠᠭ᠎ᠠ ᠠᠵᠢᠯ ᠢ ᠬᠢᠯᠭᠡᠭᠰᠡᠨ ᠪᠠᠶᠢᠨ᠎ᠠ ᠃
ᠨᠠᠺᠠᠮᠦᠷᠠ ᠂ ᠢᠰᠦᠵᠢ ᠵᠡᠷᠭᠡ ᠬᠥᠮᠦᠰ 《 ᠬᠥᠳᠡᠭᠡ ᠠᠵᠤ ᠠᠬᠤᠶ ᠶ᠋ᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠠᠵᠢᠯᠲᠠᠨ 》 ᠢᠶᠠᠷ ᠤᠪᠯᠠᠨ ᠂ ᠬᠠᠶᠢᠯᠠᠷ ᠂ ᠰᠣᠯᠤᠩᠭ᠎ᠠ ᠠᠭᠤᠯᠠ ᠵᠡᠷᠭᠡ ᠭᠠᠵᠠᠷ ᠲᠤ ᠣᠷᠣᠵᠤ ᠭᠤᠷᠪᠠᠨ ᠰᠠᠷ᠎ᠠ ᠰᠢᠬᠠᠮ ᠴᠡᠷᠢᠭ ᠤᠨ ᠶᠠᠪᠤᠳᠠᠯ ᠤᠨ ᠲᠠᠩᠨᠠᠭᠤᠯ ᠤᠨ ᠠᠵᠢᠯᠯᠠᠭ᠎ᠠ ᠦᠷᠨᠢᠭᠦᠯᠦᠭᠰᠡᠨ ᠪᠠᠶᠢᠨ᠎ᠠ᠃ ᠲᠡᠳᠡ ᠬᠦᠷᠦᠭᠰᠡᠨ ᠭᠠᠵᠠᠷ ᠪᠦᠬᠦᠨ ᠳ᠋ᠤ ᠭᠠᠵᠠᠷ ᠤᠨ ᠪᠠᠶᠢᠴᠠ ᠂ ᠭᠠᠵᠠᠷ ᠤᠨ ᠲᠥᠷᠬᠦ ᠂ ᠠᠮᠢ ᠠᠬᠤᠶ ᠶ᠋ᠢᠨ ᠣᠷᠴᠢᠨ ᠲᠣᠭᠤᠷᠢᠨ᠂ ᠠᠭᠤᠯᠠ ᠤᠰᠤ ᠬᠦᠭᠡᠷᠭᠡ ᠵᠠᠮ ᠂ ᠴᠡᠷᠢᠭ ᠤᠨ ᠲᠥᠬᠥᠭᠡᠷᠦᠮᠵᠢ ᠂ ᠰᠡᠷᠭᠡᠶᠢᠯᠡᠨ ᠰᠠᠭᠤᠬᠤ ᠴᠡᠷᠢᠭ ᠂ ᠴᠡᠷᠢᠭ ᠤᠨ ᠳᠠᠷᠤᠭ᠎ᠠ ᠤᠨ ᠣᠪᠣᠭ ᠨᠡᠷ᠎ᠡ ᠂ ᠵᠡᠪᠰᠡᠭ ᠲᠣᠨᠣᠭᠯᠠᠯ ᠂ ᠠᠭᠤᠷ ᠠᠮᠢᠰᠬᠤᠯ ᠤᠨ ᠮᠠᠲ᠋ᠧᠷᠢᠶᠠᠯ ᠂ ᠬᠥᠷᠥᠰᠥ ᠤᠰᠤᠨ ᠤ ᠡᠬᠢ ᠰᠤᠷᠪᠤᠯᠵᠢ ᠵᠡᠷᠭᠡ ᠪᠠᠶᠢᠳᠠᠯ ᠢ ᠮᠦᠷᠲᠡᠨ ᠪᠠᠶᠢᠴᠠᠭᠠᠵᠤ ᠂ ᠨᠠᠷᠢᠨ ᠨᠢᠭᠲᠠ ᠵᠢᠷᠤᠭᠯᠠᠨ ᠳᠦᠷᠦᠯ ᠬᠤᠪᠢᠶᠠᠨ ᠳᠡᠮᠳᠡᠭᠯᠡᠯ ᠬᠢᠭᠰᠡᠨ ᠪᠠᠶᠢᠨ᠎ᠠ᠃
ᠨᠠᠺᠠᠮᠦᠷᠠ ᠰᠢᠨᠲ᠋ᠠᠷᠤ᠋ ᠬᠠᠶᠢᠯᠠᠷ ᠡᠴᠠ ᠰᠣᠯᠤᠩᠭ᠎ᠠ ᠠᠭᠤᠯᠠ ᠬᠦᠷᠬᠦ ᠶ᠋ᠢᠨ ᠡᠮᠦᠨᠡᠬᠡᠨ ᠂ ᠮᠦᠭᠳᠡᠨ ᠦ ᠶᠠᠫᠣᠨ ᠤ ᠺᠣᠨᠰᠦ᠋ᠯ ᠤᠨ ᠭᠠᠵᠠᠷ ᠤᠨ ᠬᠥᠮᠦᠨ ᠲᠠᠢ ᠪᠣᠯᠵᠠᠵᠦ ᠂ 5 ᠰᠠᠷ᠎ᠠ ᠶ᠋ᠢᠨ ᠳᠤᠮᠳᠠᠴᠢ ᠪᠠᠷ ᠲᠣᠤ ᠨᠠᠨ ᠳ᠋ᠤ ᠠᠭᠤᠯᠵᠠᠬᠤ ᠪᠠᠷ ᠬᠠᠷᠢᠯᠴᠠᠭ᠎ᠠ ᠠᠪᠤᠭᠰᠠᠨ ᠪᠠᠶᠢᠨ᠎ᠠ᠃ ᠲᠡᠳᠡ ᠰᠣᠯᠤᠩᠭ᠎ᠠ ᠠᠭᠤᠯᠠᠨ ᠡᠴᠠ ᠡᠮᠦᠨᠡᠰᠢ ᠲᠣᠤ ᠨᠠᠨ ᠳᠠᠭᠠᠤ ᠪᠠᠭᠤᠬᠤ ᠵᠠᠮ ᠵᠠᠭᠤᠷ᠎ᠠ ᠪᠠᠨ ᠂ ᠵᠠᠮ ᠲᠦᠭᠡᠷᠢᠭᠰᠡᠨ ᠡᠴᠡ ᠪᠤᠯᠵᠤ ᠴᠠᠷᠠᠰᠤᠨ ᠳ᠋ᠤ ᠬᠦᠷᠦᠭᠰᠡᠨ ᠪᠠᠶᠢᠨ᠎ᠠ ᠃ ᠡᠨᠡ ᠡᠳᠦᠷ ᠨᠢ ᠂ ᠴᠠᠷᠠᠰᠤᠨ ᠳ᠋ᠤ ᠰᠠᠭᠤᠵᠤ ᠪᠠᠶᠢᠭ᠎ᠠ ᠵᠡᠭᠦᠨ ᠬᠣᠶᠢᠲᠤ ᠣᠷᠣᠨ ᠤ ᠬᠢᠩᠭᠠᠨ ᠠᠲᠠᠷ ᠬᠠᠭᠠᠯᠪᠤᠷᠢᠯᠠᠯᠲᠠ ᠶ᠋ᠢᠨ ᠣᠷᠣᠨ ᠦ ᠠᠲᠠᠷ ᠬᠠᠭᠠᠯᠪᠦᠷᠢᠯᠠᠬᠤ ᠴᠡᠷᠢᠭ ᠦᠨ ᠭᠤᠷᠪᠠᠳᠤᠭᠠᠷ ᠬᠣᠷᠢᠶ᠎ᠠ ᠶ᠋ᠢᠨ ᠨᠢᠭᠡᠳᠦᠭᠡᠷ ᠪᠠᠲ᠋ᠤᠯᠢᠶᠠᠨ ᠤ ᠪᠠᠲ᠋ᠤᠯᠢᠶᠠᠨ ᠳᠠᠷᠤᠭ᠎ᠠ ᠯᠦ ᠬᠤᠩ ᠰᠢᠶᠦᠨ ᠶᠠᠭ ᠰᠠᠶᠢᠬᠠᠨ ᠲᠠᠮᠢᠷ ᠤᠨ ᠲᠠᠯᠠᠪᠤᠷ ᠲᠤ ᠴᠡᠷᠢᠭ ᠪᠤᠯᠪᠠᠰᠤᠷᠠᠭᠤᠯᠵᠤ ᠪᠠᠶᠢᠬᠤ ᠦᠶ᠎ᠡ ᠳ᠋ᠦ᠂ ᠮᠤᠷᠢ ᠤᠨᠤᠵᠤ ᠬᠥᠪᠥᠩ ᠬᠤᠪᠴᠠᠰᠤ ᠡᠮᠦᠰᠦᠭᠰᠡᠨ ᠳᠥᠷᠪᠡᠨ ᠬᠥᠮᠦᠨ ᠠᠴᠢᠶᠠᠯᠠᠵᠤ ᠪᠠᠶᠢᠭ᠎ᠠ ᠠᠶᠠᠨ ᠤ ᠬᠡᠷᠡᠭᠰᠡᠯ ᠮᠠᠰᠢ ᠤᠯᠠᠨ ᠮᠦᠷᠲᠡᠭᠡᠨ ᠬᠣᠶᠢᠨᠠ ᠡᠴᠡ ᠸᠠᠩ ᠤᠨ ᠰᠦᠮ᠎ᠡ ᠵᠦᠭ ᠳᠠᠪᠬᠢᠵᠦ ᠪᠠᠶᠢᠬᠤ ᠶ᠋ᠢ ᠤᠯᠵᠤ ᠮᠡᠳᠡᠭᠰᠡᠨ ᠪᠠᠶᠢᠨ᠎ᠠ᠃ ᠯᠦ ᠬᠤᠩ ᠰᠢᠶᠦᠨ ᠡᠴᠠ ᠲᠡᠳᠡᠨ ᠦ ᠦᠢᠯᠡ ᠬᠦᠳᠡᠯᠦᠯ ᠰᠡᠵᠢᠭᠲᠡᠢ ᠶ᠋ᠢ ᠤᠯᠵᠤ ᠮᠡᠳᠡᠭᠡᠳ᠂ ᠲᠡᠷᠡ ᠳᠣᠣᠷ᠎ᠠ ᠨᠢ ᠬᠡᠳᠦᠨ ᠨᠡᠷ᠎ᠡ ᠴᠡᠷᠢᠭ ᠲᠣᠮᠢᠯᠠᠨ ᠨᠠᠺᠠᠮᠦᠷᠠ ᠵᠡᠷᠭᠡ ᠬᠥᠮᠦᠰ ᠢ ᠨᠡᠬᠡᠮᠵᠢᠯᠡᠨ ᠪᠠᠶᠢᠴᠠᠭᠠᠭᠰᠠᠨ ᠪᠠᠶᠢᠨ᠎ᠠ ᠃ ᠨᠠᠺᠠᠮᠦᠷᠠ ᠡᠴᠠ《 ᠪᠢᠳᠡ ᠪᠣᠯ ᠶᠠᠫᠣᠨ ᠬᠠᠭᠠᠨᠲᠤ ᠤᠯᠤᠰ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠠᠵᠢᠯᠲᠠᠳ ᠮᠦᠨ ᠂ ᠰᠣᠯᠤᠩᠭ᠎ᠠ ᠠᠭᠤᠯᠠᠨ ᠡᠴᠠ ᠲᠣᠤ ᠨᠠᠨ ᠵᠦᠭ ᠬᠦᠷᠬᠦ ᠭᠡᠵᠦ ᠪᠠᠶᠢᠭ᠎ᠠ ᠶᠤᠮ ᠂ ᠵᠠᠮ ᠳᠠᠭᠠᠤ ᠳᠡᠭᠡᠷᠡᠮ ᠪᠠᠶᠢᠬᠤ ᠶ᠋ᠢᠨ ᠤᠴᠢᠷ ᠠᠮᠤᠷ ᠲᠦᠪᠰᠢᠨ ᠢ ᠪᠤᠳᠤᠵᠤ ᠵᠠᠮ ᠤᠷᠢᠶᠠᠨ ᠡᠶᠢᠨᠬᠦ ᠠᠶᠠᠯᠠᠵᠤ ᠪᠠᠶᠢᠨ᠎ᠠ ᠃ 》 ᠭᠡᠵᠦ ᠶᠠᠷᠢᠭᠠᠳ ᠲᠠᠩᠨᠠᠭᠤᠯ ᠤᠨ ᠪᠡᠶ᠎ᠡ ᠶ᠋ᠢᠨ ᠭᠠᠷᠤᠯ ᠢᠶᠡᠨ ᠬᠠᠮᠠᠭᠠᠯᠠᠬᠤ ᠶ᠋ᠢᠨ ᠲᠦᠯᠦᠭᠡ ᠵᠤᠬᠢᠶᠠᠭᠰᠠᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠠᠵᠢᠯᠴᠢᠨ ᠤ ᠬᠠᠭᠤᠷᠮᠠᠭ ᠨᠡᠷ᠎ᠡ ᠶ᠋ᠢᠨ ᠬᠠᠭᠤᠳᠠᠰᠤ ᠪᠤᠯᠤᠨ ᠫᠠᠰᠫᠣᠷᠲ ᠪᠠᠨ ᠭᠠᠷᠭᠠᠵᠤ ᠯᠦ ᠬᠤᠩ ᠰᠢᠶᠦ᠋ᠨ ᠳ᠋ᠦ ᠦᠵᠡᠭᠦᠯᠦᠭᠰᠡᠨ ᠶᠤᠮ ᠃ ᠲᠡᠭᠦᠨ ᠤ ᠨᠡᠷ᠎ᠡ ᠶ᠋ᠢᠨ ᠬᠠᠭᠤᠳᠠᠰᠤ ᠳᠡᠭᠡᠷ᠎ᠡ ᠨᠢ 《 ᠶᠠᠫᠣᠨ ᠬᠠᠭᠠᠨᠲᠤ ᠤᠯᠤᠰ ᠤᠨ ᠲᠤᠤᠺᠢᠤ᠋ ᠵᠢᠨ ᠲᠠᠷᠢᠶᠠᠯᠠᠩ ᠤᠨ ᠰᠢᠨᠵᠢᠯᠡᠭᠡᠨ ᠤ ᠨᠡᠶᠢᠭᠡᠮᠯᠢᠭ ᠤᠨ ᠭᠡᠰᠢᠭᠦᠨ ᠨᠠᠺᠠᠮᠦᠷᠠ ᠰᠢᠨᠲ᠋ᠠᠷᠤ᠋ 》 ᠬᠡᠮᠡᠨ ᠪᠢᠴᠢᠭᠰᠡᠨ ᠪᠠᠶᠢᠳᠠᠭ ᠃ ᠳᠡᠬᠦᠨ ᠫᠠᠰᠫᠤᠷᠲ ᠳᠡᠭᠡᠷ᠎ᠡ ᠨᠢ 《 ᠨᠠᠺᠠᠮᠦᠷᠠ ᠵᠡᠷᠭᠡ ᠬᠦᠮᠦᠰ ᠡᠴᠡ ᠬᠦᠷᠦᠰᠦ ᠰᠢᠷᠣᠶ ᠂ ᠤᠰᠤᠨ ᠤᠷᠭᠤᠮᠠᠯ ᠂ ᠠᠭᠤᠷ ᠠᠮᠢᠰᠬᠤᠯ ᠵᠡᠷᠭᠡ ᠶ᠋ᠢ ᠪᠠᠶᠢᠴᠠᠭᠠᠬᠤ ᠪᠠᠷ ᠢᠷᠡᠭᠰᠡᠨ ᠠᠵᠢᠯᠳᠠᠨ 》ᠭᠡᠰᠡᠨ ᠤᠢᠰᠦᠭ ᠲᠠᠢ ᠶᠤᠮ ᠃ ᠨᠠᠺᠠᠮᠦᠷᠠ ᠡᠴᠡ ᠵᠤᠷᠢᠭ ᠲᠡᠭᠦᠯᠳᠡᠷ ᠢᠶᠠᠷ《 ᠪᠢᠳᠡᠨ ᠢ ᠫᠠᠰᠫᠣᠷᠲ ᠭᠡᠷᠡᠴᠢᠯᠡᠵᠦ ᠪᠠᠶᠢᠨ᠎ᠠ ᠂ ᠲᠠ ᠨᠠᠷ ᠮᠠᠨ ᠤ ᠵᠦᠢ ᠶᠣᠰᠣᠨ ᠤ ᠠᠵᠢᠯᠯᠠᠭ᠎ᠠ ᠶᠢ ᠬᠠᠷᠰᠢᠯᠠᠬᠤ ᠡᠷᠬᠡ ᠦᠭᠡᠢ ᠶᠤᠮ ᠂ ᠬᠤᠷᠳᠤᠬᠠᠨ ᠵᠠᠮ ᠲᠠᠯᠪᠢᠨ ᠶᠠᠪᠤᠭᠤᠯ ︕》 ᠭᠡᠵᠦ ᠶᠠᠷᠢᠵᠠᠢ ᠃ ᠯᠦ ᠬᠤᠩ ᠰᠢᠶᠦ᠋ᠨ ᠪᠠᠲ᠋ᠤᠯᠢᠶᠠᠨ ᠳᠠᠷᠤᠭ᠎ᠠ ᠡᠴᠡ ᠨᠠᠺᠠᠮᠦᠷᠠ ᠤ ᠤᠪᠤᠷ ᠪᠠᠶᠢᠳᠠᠯ ᠬᠡᠷᠴᠡᠭᠡᠢ᠂ ᠦᠭᠡ ᠶᠣᠰᠣ ᠦᠭᠡᠢ ᠪᠠᠶᠢᠳᠠᠯ ᠢ ᠬᠠᠷᠠᠵᠤ ᠨᠡᠩ ᠴᠤ ᠲᠡᠭᠦᠨ ᠤ ᠬᠦᠳᠡᠯᠦᠯ ᠪᠠᠷᠢᠯ ᠨᠢ ᠰᠡᠵᠢᠭᠲᠡᠶ ᠰᠠᠨᠠᠭᠳᠠᠭᠰᠠᠨ ᠪᠠᠶᠢᠨ᠎ᠠ ᠃ ᠳᠡᠭᠡᠭᠡᠳ ᠨᠠᠺᠠᠮᠦᠷᠠ ᠵᠡᠷᠭᠡ ᠳᠥᠷᠪᠡᠨ ᠬᠥᠮᠦᠨ ᠢ ᠭᠤᠷᠪᠠᠳᠤᠭᠠᠷ ᠬᠣᠷᠢᠶ᠎ᠠ ᠳ᠋ᠤ ᠪᠠᠨ ᠠᠪᠠᠴᠢᠭᠰᠠᠨ ᠪᠠᠶᠢᠨ᠎ᠠ᠃ ᠬᠣᠰᠢᠭᠤᠴᠢ ᠬᠤᠷᠠᠩᠳᠠ ᠳᠡᠳ᠋ ᠬᠣᠷᠢᠶᠠᠨ ᠳᠠᠷᠤᠭ᠎ᠠ ᠳ᠋ᠤᠩ ᠺᠦᠨ ᠡᠦ ᠲᠠᠢ ᠵᠦᠪᠳᠡᠯᠴᠡᠨ ᠶᠠᠷᠢᠯᠴᠠᠭᠠᠳ ᠂ ᠨᠠᠺᠠᠮᠦᠷᠠ ᠵᠡᠷᠭᠡ ᠬᠥᠮᠦᠰ ᠤᠨ ᠪᠡᠶ᠎ᠡ ᠶ᠋ᠢ ᠨᠡᠩᠵᠢᠬᠦ ᠪᠡᠷ ᠲᠤᠭᠲᠠᠵᠠᠢ᠃ ᠨᠠᠺᠠᠮᠦᠷᠠ ᠲᠡᠷᠡ ᠳᠣᠣᠷ᠎ᠠ ᠨᠢ ᠡᠰᠡᠷᠭᠦᠴᠡᠯ ᠭᠠᠷᠭᠠᠵᠤ ᠂ ᠢᠯᠡᠷᠬᠡᠶᠢᠯᠡᠭᠰᠡᠨ ᠨᠢ ᠂ ᠪᠠᠶᠢᠴᠠᠭᠠᠯᠲᠠ ᠶᠢ ᠲᠡᠪᠴᠢᠬᠦ ᠂ ᠬᠣᠶᠠᠷ ᠲᠠᠯ᠎ᠠ ᠪᠠᠷ ᠢᠶᠡᠨ ᠰᠢᠷᠦᠭᠦᠨ ᠮᠠᠷᠭᠤᠭᠠᠨ ᠪᠤᠯᠵᠠᠢ᠃ ᠳ᠋ᠤᠩ ᠺᠦᠨ ᠡᠦ ᠵᠡᠷᠭᠡ ᠬᠦᠮᠦᠰ ᠨᠢ ᠮᠠᠨ ᠤ ᠴᠡᠷᠢᠭ ᠨᠢ ᠬᠢᠯᠢ ᠢᠶ᠋ᠡᠨ ᠰᠠᠬᠢᠨ ᠬᠠᠮᠠᠭᠠᠯᠠᠬᠤ ᠡᠭᠦᠷᠭᠡ ᠲᠠᠢ ᠭᠡᠬᠦ ᠰᠢᠯᠲᠠᠭ ᠢᠶᠠᠷ᠂ ᠲᠡᠷᠡ ᠳᠣᠣᠷ᠎ᠠ ᠨᠢ ᠠᠯᠪᠠᠳᠠᠯᠭ᠎ᠠ ᠪᠠᠷ ᠪᠡᠶ᠎ᠡ ᠶ᠋ᠢ ᠨᠢ ᠨᠡᠩᠵᠢᠬᠦ ᠵᠠᠷᠯᠢᠭ ᠪᠠᠭᠤᠯᠭᠠᠭᠰᠠᠨ ᠪᠠᠶᠢᠨ᠎ᠠ ᠃ ᠡᠭᠦᠨ ᠦ ᠳ᠋ᠦᠩ ᠳ᠋ᠦ ᠂ ᠲᠡᠷᠡ ᠳᠣᠣᠷ᠎ᠠ ᠨᠢ ᠨᠢᠭᠡᠨ ᠭᠠᠷ ᠫᠤᠤ ᠪᠤᠯᠤᠨ ᠰᠤᠮᠤ ᠳᠠᠷᠢ ᠮᠢᠩᠭᠠᠳ ᠢᠯᠡᠭᠦᠦ ᠵᠢᠴᠢ ᠴᠡᠷᠢᠭ ᠤᠨ ᠭᠠᠵᠠᠷ ᠤᠨ ᠵᠢᠷᠤᠭ ᠂ ᠬᠡᠮᠵᠢᠨ ᠵᠢᠷᠤᠭᠯᠠᠬᠤ ᠪᠠᠭᠠᠵᠢ ᠂ ᠬᠦᠰᠦᠨᠦᠭᠲᠦ ᠳᠡᠪᠲᠡᠷ ᠲᠡᠮᠳᠡᠭᠯᠡᠯ ᠂ᠠᠵᠢᠯᠯᠠᠭᠠᠨ ᠤ ᠵᠠᠮ ᠱᠤᠭᠤᠮ ᠤᠨ ᠵᠢᠷᠤᠭ ᠵᠡᠷᠭᠡ ᠪᠣᠳᠠᠲᠤ ᠶᠠᠭᠤᠮ᠎ᠠ ᠶ᠋ᠢ ᠮᠠᠰᠢ ᠤᠯᠠᠨ ᠨᠡᠩᠵᠢᠵᠦ ᠤᠯᠤᠭᠰᠠᠨ ᠪᠠᠶᠢᠨ᠎ᠠ᠃ ᠲᠡᠳᠡᠭᠡᠷ ᠪᠢᠴᠢᠭ ᠤᠨ ᠮᠠᠲ᠋ᠧᠷᠢᠶᠠᠯ ᠤᠨ ᠳᠤᠮᠳᠠ᠂ ᠲᠡᠳᠡᠨ ᠦᠩᠭᠡᠷᠡᠭᠰᠡᠨ ᠭᠠᠵᠠᠷ ᠪᠣᠯᠭᠠᠨ ᠤ ᠴᠡᠷᠢᠭ ᠤᠨ ᠶᠠᠪᠤᠳᠠᠯ ᠤᠨ ᠪᠡᠯᠡᠳᠬᠡᠯ ᠲᠥᠬᠥᠭᠡᠷᠦᠮᠵᠢ ᠂ ᠭᠠᠯᠲᠤ ᠵᠡᠪᠰᠡᠭ ᠤᠨ ᠲᠤᠢᠷᠦᠯ ᠵᠦᠢᠯ ᠂ ᠰᠡᠷᠭᠡᠶᠢᠯᠡᠨ ᠰᠠᠭᠤᠬᠤ ᠴᠡᠷᠢᠭ ᠂ ᠴᠡᠷᠢᠭ ᠤᠨ ᠬᠤᠸᠠᠷᠠᠨ ᠤ ᠪᠠᠭᠲᠠᠭᠠᠮᠵᠢ ᠂ ᠤᠰᠤᠨ ᠡᠬᠢ ᠪᠠᠶᠢᠳᠠᠯ ᠂ ᠲᠤᠨᠳᠠᠰᠤ ᠂ ᠪᠠᠶᠢᠳᠠᠯ ᠤᠨ ᠬᠠᠨᠳᠤᠰᠢ ᠂ ᠵᠠᠮ᠂ ᠬᠥᠭᠥᠷᠭᠡ ᠵᠡᠷᠭᠡ ᠪᠠᠶᠢᠳᠠᠯ ᠢ ᠨᠠᠷᠢᠨ ᠳᠡᠮᠳᠡᠭᠯᠡᠵᠦ ᠲᠠᠯᠪᠢᠭᠰᠠᠨ ᠪᠠᠶᠢᠨ᠎ᠠ᠃ ᠮᠦᠨᠨᠠᠺᠠᠮᠦᠷᠠ ᠰᠢᠨᠲ᠋ᠠᠷᠤ᠋ ᠬᠤᠪᠢ ᠬᠥᠮᠦᠨ ᠦ ᠡᠳᠦᠷ ᠤᠨ ᠲᠡᠮᠳᠡᠭᠯᠡᠯ ᠤᠨ ᠳᠤᠮᠳᠠ ᠡᠴᠠ ᠂ ᠲᠤᠰ ᠵᠢᠯ ᠤᠨ ᠨᠢᠭᠡᠳᠦᠭᠡᠷ ᠰᠠᠷ᠎ᠠ ᠶ᠋ᠢᠨ ᠡᠬᠢᠨ ᠳ᠋ᠦ᠂ ᠨᠠᠺᠠᠮᠦᠷᠠ ᠳᠤᠤᠺᠢᠶᠤ᠋ ᠡᠴᠠ ᠮᠣᠷᠳᠠᠬᠤ ᠦᠢ᠎ᠡ ᠳ᠋ᠤ ᠂ ᠶᠠᠫᠣᠨ ᠤ ᠬᠣᠯᠪᠣᠭᠳᠠᠯ ᠪᠦ᠋ᠬᠦᠢ ᠴᠡᠷᠢᠭ ᠤᠨ ᠶᠠᠪᠤᠳᠠᠯ ᠤᠨ ᠴᠢᠬᠤᠯᠠ ᠲᠤᠰᠢᠶᠠᠯᠲᠠᠨ ᠤ ᠬᠦᠷᠭᠡᠭᠰᠡᠨ ᠪᠠᠶᠢᠳᠠᠯ ᠵᠢᠴᠢ ᠲᠡᠭᠦᠨ ᠦ ᠵᠣᠷᠢᠭ ᠪᠡᠨ ᠢᠯᠡᠳᠬᠡᠭᠰᠡᠨ ᠢ ᠤᠯᠵᠤ ᠮᠡᠳᠡᠭᠰᠡᠨ ᠪᠠᠶᠢᠨ᠎ᠠ ᠃
ᠠᠲᠠᠷ ᠬᠠᠭᠠᠯᠪᠤᠷᠢᠯᠠᠬᠤ ᠴᠡᠷᠢᠭ ᠤᠨ ᠭᠤᠷᠪᠠᠳᠤᠭᠠᠷ ᠬᠤᠷᠢᠶᠠᠨ ᠦ ᠬᠢᠨ ᠨᠠᠺᠠᠮᠦᠷᠠ ᠵᠡᠷᠭᠡ ᠬᠦᠮᠦᠰ ᠤᠨ ᠴᠡᠷᠢᠭ ᠦᠨ ᠶᠠᠪᠤᠳᠠᠯ ᠤᠨ ᠳᠠᠩᠨᠠᠭᠤᠯ ᠪᠤᠯᠬᠤ ᠪᠠᠶᠢᠳᠠᠯ ᠢ ᠪᠦᠷᠢᠮᠦᠰᠦᠨ ᠡᠵᠡᠮᠰᠢᠭᠰᠡᠨ ᠪᠠᠶᠢᠨ᠎ᠠ ᠃ ᠳ᠋ᠤᠩ ᠺᠦᠨ ᠡᠦ ᠪᠣᠯᠤᠨ ᠯᠦ ᠬᠤᠩ ᠰᠢᠶᠦ᠋ᠨ ᠡᠴᠡ ᠨᠠᠺᠠᠮᠦᠷᠠ ᠵᠡᠷᠭᠡ ᠬᠦᠮᠦᠰ ᠲᠦ ᠠᠯᠪᠠᠨ ᠶᠤᠰᠤᠨ ᠤ ᠪᠠᠶᠢᠴᠠᠭᠠᠨ ᠠᠰᠠᠭᠤᠯᠲᠠ ᠶ᠋ᠢ ᠦᠷᠨᠢᠬᠦᠯᠦᠨ ᠬᠢᠵᠠᠢ᠃ ᠨᠠᠺᠠᠮᠦᠷᠠ ᠰᠢᠨᠲ᠋ᠠᠷᠤ᠋ ᠲᠤᠬᠠᠶ ᠶ᠋ᠢᠨ ᠦᠶ᠎ᠡ ᠶ᠋ᠢᠨ ᠭᠡᠷᠡᠴᠢ ᠲᠡᠮᠳᠡᠭ ᠲᠤᠳᠤᠷᠬᠠᠢ ᠪᠤᠯᠤᠭᠰᠠᠨ ᠪᠠᠶᠢᠳᠠᠯ ᠳᠣᠣᠷ᠎ᠠ ᠂ ᠮᠦᠨ ᠲᠡᠭᠦᠨ ᠦ 《 ᠲᠠᠷᠢᠶᠠᠯᠠᠩ ᠤᠨ ᠰᠢᠨᠵᠢᠯᠡᠭᠡᠨ ᠤ ᠨᠡᠶᠢᠭᠡᠮᠯᠢᠭ ᠤᠨ ᠭᠡᠰᠢᠭᠦᠨ 》 ᠬᠡᠮᠡᠬᠦ ᠪᠡᠶ᠎ᠡ ᠶ᠋ᠢᠨ ᠭᠠᠷᠤᠯ ᠢᠶᠡᠨ ᠮᠤᠵᠢᠭᠤᠳᠠᠯᠠᠭᠠᠳ ᠪᠠᠷᠢᠮᠲᠠᠯᠠᠵᠤ ᠂ ᠸᠠᠩ ᠤᠨ ᠰᠦᠮ᠎ᠡ ᠪᠤᠶᠤ ᠲᠣᠤ ᠨᠠᠨ ᠳ᠋ᠤ ᠬᠠᠮᠠᠭᠠᠯᠠᠨ ᠬᠦᠷᠭᠡᠬᠦ ᠶᠣᠰᠣ ᠪᠤᠰᠤ ᠱᠠᠭᠠᠷᠳᠠᠯᠭ᠎ᠠ ᠶ᠋ᠢ ᠦᠷᠭᠦᠯᠵᠢᠯᠡᠨ ᠳᠤᠷᠠᠳᠤᠭᠰᠠᠨ ᠪᠠᠶᠢᠨ᠎ᠠ᠃ ᠳ᠋ᠤᠩ ᠺᠦᠨ ᠡᠦ ᠪᠣᠯᠤᠨ ᠯᠦ ᠬᠤᠩ ᠰᠢᠶᠦ᠋ᠨ ᠡᠴᠡ ᠲᠤᠰ ᠬᠡᠷᠡᠭ ᠶᠠᠪᠤᠳᠠᠯ ᠤᠨ ᠬᠦᠨᠳᠦ ᠴᠢᠬᠤᠯᠠ ᠪᠠᠶᠢᠵᠦ ᠬᠤᠪᠢ ᠪᠠᠷ ᠢᠶᠡᠨ ᠰᠢᠢᠳᠪᠦᠷᠢᠯᠡᠵᠦ ᠦᠯᠦ ᠪᠤᠯᠬᠤ ᠶ᠋ᠢ ᠮᠡᠳᠡᠵᠦ ᠂ ᠲᠡᠷᠡ ᠳᠠᠷᠤᠶ ᠳ᠋ᠤ ᠨᠢ ᠬᠥᠮᠦᠨ ᠲᠣᠮᠢᠯᠠᠨ ᠭᠠᠳᠠᠭᠠᠳᠤ ᠳ᠋ᠤ ᠠᠯᠪᠠᠨ ᠶᠠᠪᠤᠳᠠᠯ ᠢᠶᠠᠷ ᠶᠠᠪᠤᠭᠰᠠᠨ ᠬᠣᠷᠢᠶᠠᠨ ᠳᠠᠷᠤᠭ᠎ᠠ ᠭᠤᠸᠠᠨ ᠢᠦᠢ ᠾᠧᠩ ᠢ ᠵᠠᠯᠠᠵᠤ ᠠᠪᠴᠢᠷᠠᠵᠤ ᠠᠷᠭ᠎ᠠ ᠠᠪᠴᠠᠯ ᠢ ᠵᠦᠪᠳᠡᠯᠴᠡᠭᠰᠡᠨ ᠪᠠᠶᠢᠨ᠎ᠠ᠃ ᠲᠤᠰ ᠰᠥᠨᠢ ᠂ ᠭᠤᠸᠠᠨ ᠢᠦᠢ ᠾᠧᠩ ᠬᠣᠷᠢᠶᠠᠨ ᠳᠠᠷᠤᠭ᠎ᠠ ᠤᠷᠤᠢ ᠰᠦᠨᠢ ᠪᠡᠷ ᠴᠠᠷᠠᠰᠤᠨ ᠳ᠋ᠦ ᠬᠠᠷᠢᠵᠦ ᠢᠷᠡᠵᠦ ᠂ ᠰᠤᠮᠤᠨ ᠤ ᠲᠡᠰ ᠠᠴᠠ ᠳᠡᠭᠡᠭᠰᠢᠬᠢ ᠣᠹᠢᠼᠧᠷ ᠤᠳ ᠢ ᠴᠤᠭᠯᠠᠭᠤᠯᠵᠤ ᠬᠤᠷᠠᠯ ᠬᠤᠷᠠᠯᠳᠤᠭᠤᠯᠵᠤ ᠰᠤᠳᠤᠯᠤᠭᠠᠳ ᠭᠠᠷᠠᠭᠠᠭᠰᠠᠨ ᠳ᠋ᠦᠩ ᠳ᠋ᠦ᠄ ᠬᠤᠷᠢᠶᠠᠵᠤ ᠤᠯᠤᠭᠰᠠᠨ ᠶᠠᠯ᠎ᠠ ᠶ᠋ᠢᠨ ᠭᠡᠷᠡᠴᠢ ᠶ᠋ᠢ ᠦᠨᠳᠦᠰᠦᠯᠡᠨ ᠂ ᠨᠠᠺᠠᠮᠦᠷᠠ ᠵᠡᠷᠭᠡ ᠬᠦᠮᠦᠰ ᠢ ᠨᠢᠭᠡ ᠳ᠋ᠦ᠂ ᠲᠠᠯᠪᠢᠵᠤ ᠶᠠᠪᠤᠭᠤᠯᠵᠤ ᠪᠤᠯᠬᠤ ᠦᠭᠡᠢ᠂ ᠬᠣᠶᠠᠷ ᠲᠤ᠂ ᠬᠦᠷᠭᠡᠵᠦ ᠶᠠᠪᠤᠭᠤᠯᠵᠦ ᠪᠣᠯᠬᠤ ᠦᠭᠡᠢ ᠭᠡᠰᠡᠨ ᠪᠠᠶᠢᠨ᠎ᠠ ᠃ ᠬᠡᠷᠪᠡ ᠪᠠᠷᠰ ᠢ ᠠᠭᠤᠯᠠᠨ ᠳ᠋ᠤ ᠲᠠᠯᠪᠢᠵᠦ ᠤᠷᠤᠭᠤᠯᠪᠠᠯ᠂ ᠬᠣᠵᠢᠮ ᠬᠣᠶᠢᠰᠢᠳᠠ ᠳᠤ ᠬᠥᠨᠥᠭᠡᠯ ᠠᠪᠴᠢᠷᠠᠬᠤ ᠨᠢ ᠯᠠᠪᠲᠠᠶ ᠃ ᠬᠥᠷᠰᠢ ᠵᠡᠷᠭᠡᠯᠡᠳᠡᠭᠡ ᠠᠷᠠᠳ ᠢᠷᠭᠡᠳ ᠤᠨ ᠮᠡᠳᠡᠬᠦ ᠡᠴᠡ ᠵᠠᠶᠢᠯᠠᠰᠬᠢᠬᠦ ᠶ᠋ᠢᠨ ᠲᠥᠯᠥᠭᠡ ᠂ ᠡᠷᠬᠡᠪᠰᠢ ᠨᠢᠭᠤᠴᠠ ᠢᠶ᠋ᠡᠷ ᠬᠤᠤᠷᠯᠠᠨ ᠰᠢᠢᠳᠪᠦᠷᠢᠯᠡᠬᠦ ᠬᠡᠷᠡᠭᠲᠡᠢ ᠭᠡᠵᠦ ᠲᠣᠭᠲᠠᠭᠠᠵᠡᠢ ᠃ ᠲᠡᠭᠡᠭᠡᠦᠠ 1935 ᠤᠨ ᠤ 5 ᠰᠠᠷ᠎ᠠ ᠶ᠋ᠢᠨ 25 ᠦ ᠣᠷᠣᠶ ᠂ ᠪᠠᠭ᠎ᠠ ᠳᠡᠰᠯᠡᠭᠴᠢ ᠵᠤᠤ ᠡᠾᠸᠩ ᠢᠲᠡᠭᠡᠯᠲᠠᠢ ᠬᠡᠳᠦᠨ ᠴᠡᠷᠢᠭ ᠢᠶ᠋ᠡᠨ ᠳᠠᠭᠠᠭᠤᠯᠤᠨ ᠂ ᠨᠠᠺᠠᠮᠦᠷᠠ ᠰᠢᠨᠲ᠋ᠠᠷᠤ᠋ ᠂ᠢᠰᠦᠵᠢ ᠢᠨᠲ᠋ᠠᠷᠤ᠋ ᠂ ᠯᠢᠦ ᠱᠦᠨ ᠪᠤᠤ ᠬᠢᠭᠡᠳ ᠠᠩᠴᠢᠨ ( ᠴᠠᠭᠠᠨ ᠤᠷᠤᠰ ᠤᠨ ) ᠵᠡᠷᠭᠡ ᠳᠥᠷᠪᠡᠨ ᠬᠥᠮᠦᠨ ᠢ ᠮᠤᠷᠢᠨ ᠲᠡᠷᠭᠡ ᠪᠡᠷ ᠬᠦᠯᠢᠵᠦ ᠴᠠᠷᠠᠰᠤᠨ ᠤ ᠬᠣᠶᠢᠲᠤ ᠠᠭᠤᠯᠠᠨ ᠭᠤᠤ ᠳ᠋ᠤ ᠠᠪᠠᠴᠢᠵᠦ ᠂ ᠮᠤᠳᠤᠨ ᠳ᠋ᠤ ᠤᠶᠠᠵᠤ ᠬᠦᠯᠢᠭᠡᠳ ᠪᠡᠶ᠎ᠡ ᠳᠡᠭᠡᠷ᠎ᠡ ᠨᠢ ᠴᠢᠶ᠋ᠢᠦ ᠴᠢᠳᠬᠤᠨ ᠭᠠᠯ ᠲᠠᠯᠪᠢᠨ ᠠᠯᠠᠭᠰᠠᠨ ᠪᠠᠶᠢᠨ᠎ᠠ ᠃
ᠨᠠᠺᠠᠮᠦᠷᠠ ᠦᠬᠦᠭᠡᠳ ᠳᠡᠮᠡᠶ ᠤᠳᠠᠭᠰᠠᠨ ᠦᠭᠡᠢ ᠂ 《 ᠶᠢᠰᠦᠨ ᠰᠠᠷ᠎ᠠ ᠶ᠋ᠢᠨ ᠠᠷᠪᠠᠨ ᠨᠠᠢᠮᠠᠨ 》 ᠦ ᠬᠡᠷᠡᠭ ᠬᠤᠪᠢᠰᠤᠯ ᠡᠭᠦᠰᠦᠭᠰᠡᠨ ᠪᠠᠶᠢᠨ᠎ᠠ ᠃ ᠭᠤᠸᠠᠨ ᠢᠦᠢ ᠾᠧᠩ ᠤᠨ ᠬᠣᠷᠢᠶ᠎ᠠ ᠨᠢ ᠵᠢ ᠵᠢᠩᠴᠢᠶᠤᠤ ᠶ᠋ᠢᠨ ᠮᠠ ᠵᠠᠨ ᠱᠠᠨ ᠦ ᠴᠡᠷᠢᠭ ᠠᠩᠬᠢ ᠳ᠋ᠤ ᠲᠤᠮᠢᠯᠠᠭᠳᠠᠨ ᠤᠴᠢᠵᠦ ᠶᠠᠫᠣᠨ ᠢ ᠡᠰᠡᠷᠭᠦᠴᠡᠬᠦ ᠳᠠᠶᠢᠨ ᠳ᠋ᠤ ᠤᠷᠤᠯᠴᠠᠭᠰᠠᠨ ᠪᠠᠶᠢᠨ᠎ᠠ ᠃ ᠰᠡᠭᠦᠯᠡᠷ ᠨᠢ ᠮᠠ ᠵᠠᠨ ᠱᠠᠨ ᠤ ᠶᠠᠫᠣᠨ ᠢ ᠡᠰᠡᠷᠭᠦᠴᠡᠬᠦ ᠲᠠᠢᠢᠨ ᠨᠢ ᠢᠯᠠᠭᠳᠠᠵᠤ᠂ ᠯᠦ ᠬᠤᠩ ᠰᠢᠶᠦ᠋ᠨ 1932 ᠣᠨ ᠳ᠋ᠦ ᠴᠡᠷᠢᠭ ᠢᠶᠡᠨ ᠳᠠᠭᠠᠭᠤᠯᠤᠨ ᠬᠠᠭᠤᠷᠮᠠᠭ ᠮᠠᠨᠵᠤ ᠤᠯᠤᠰ ᠤᠨ ᠥᠭᠡᠷᠡᠴᠢᠯᠡᠨ ᠪᠠᠶᠢᠭᠤᠯᠬᠤ ᠶ᠋ᠢ ᠬᠦᠯᠢᠶᠡᠨ ᠠᠪᠤᠭᠰᠠᠨ ᠪᠠᠶᠢᠨ᠎ᠠ ᠃ ᠶᠠᠫᠣᠨᠴᠤᠳ ᠵᠢᠶᠠᠩ ᠫᠸᠩ ᠹᠸᠢ ᠪᠠᠷ ᠳᠠᠮᠵᠢᠨ ᠯᠦ ᠬᠤᠩ ᠰᠢᠶᠦ᠋ᠨ ᠦ ᠪᠠᠶᠢᠳᠠᠯ ᠢ ᠣᠯᠵᠤ ᠮᠡᠳᠡᠭᠡᠳ ᠂ 1936 ᠣᠨ ᠳ᠋ᠦ ᠲᠡᠭᠦᠨ ᠢ ᠪᠠᠷᠢᠪᠴᠢᠯᠠᠵᠦ ᠠᠯᠠᠭᠠᠳ ᠨᠠᠺᠠᠮᠦᠷᠠ ᠰᠢᠨᠲ᠋ᠠᠷᠤ᠋ ᠤᠨ ᠰᠦᠨᠡᠰᠦ ᠶ᠋ᠢ ᠲᠠᠬᠢᠭᠰᠠᠨ ᠪᠠᠶᠢᠨ᠎ᠠ᠃
ᠡᠭᠦᠨ ᠦ ᠳᠠᠭᠠᠤ ᠴᠠᠷᠠᠰᠤᠨ ᠤ ᠠᠷᠠᠳ ᠲᠦᠮᠡᠨ ᠳᠠᠭᠠᠯᠳᠤᠵᠤ ᠶᠠᠯ᠎ᠠ ᠳ᠋ᠤ ᠤᠨᠤᠭᠳᠠᠭᠰᠠᠨ ᠪᠠᠶᠢᠨ᠎ᠠ ᠃ ᠶᠠᠫᠤᠨ ᠳᠦᠷᠢᠮᠡᠬᠡᠶᠢᠯᠡᠭᠴᠢᠳ ᠨᠠᠺᠠᠮᠦᠷᠠ ᠰᠢᠨᠲ᠋ᠠᠷᠤ᠋ ᠳ᠋ᠤ ᠬᠦᠰᠢᠶ᠎ᠡ ᠪᠤᠰᠬᠠᠵᠤ ᠂ ᠮᠤᠩᠭᠤᠯ ᠠᠷᠠᠳ ᠢ ᠠᠯᠪᠠᠳᠠᠨ ᠨᠠᠺᠠᠮᠦᠷᠠ ᠦᠨ ᠬᠡᠭᠦᠷ ᠢ ᠡᠷᠢᠭᠦᠯᠦᠭᠰᠡᠨ ᠪᠠᠶᠢᠨ᠎ᠠ᠃ ᠠᠷᠠᠳ ᠲᠦᠮᠡᠨ ᠤ ᠬᠦᠷᠭᠡᠵᠦ ᠢᠷᠡᠭᠰᠡᠨ ᠳᠤᠲᠤᠷ᠎ᠠ ᠭᠠᠬᠠᠶ ᠨᠣᠬᠠᠶ ᠶ᠋ᠢᠨ ᠶᠠᠰᠤ ᠂ ᠬᠥᠮᠦᠨ ᠤ ᠲᠣᠯᠣᠭᠠᠶ ᠶ᠋ᠢᠨ ᠶᠠᠰᠤ ᠵᠡᠷᠭᠡ ᠪᠦᠷ ᠪᠠᠶᠢᠨ᠎ᠠ᠃ ᠡᠴᠦᠰ ᠳᠤᠨᠢ ᠶᠠᠫᠣᠨ ᠤ ᠡᠷᠬᠡ ᠪᠠᠷᠢᠭᠴᠢᠳ ᠡᠴᠠ 100 ᠮᠦᠩᠬᠦ ᠱᠠᠩᠨᠠᠨ ᠬᠡᠬᠦᠷ ᠢ ᠡᠷᠢᠬᠦᠯᠦᠭᠰᠡᠨ ᠪᠠᠶᠢᠨ᠎ᠠ ᠃ ᠴᠠᠷᠠᠰᠤᠨ ᠠᠶᠢᠯ ᠳ᠋ᠤ ᠰᠠᠩᠪᠤ᠋ ᠭᠡᠬᠦ ᠠᠩᠴᠢᠨ ᠶᠠᠫᠣᠨ ᠬᠥᠮᠦᠨ ᠤ ᠵᠣᠭᠣᠰ ᠢ ᠠᠪᠴᠤ ᠂ ᠴᠥᠭᠡᠨ ᠪᠤᠰᠤ ᠶᠠᠰᠤ ᠣᠯᠵᠤ ᠠᠪᠴᠢᠷᠠᠭᠰᠠᠨ ᠳ᠋ᠤ ᠶᠠᠫᠣᠨ ᠬᠥᠮᠦᠨ ᠮᠥᠨ ᠯᠡ ᠪᠢᠰᠢ ᠬᠡᠮᠡᠨ ᠂ ᠳᠡᠬᠦᠨ ᠢ《 ᠮᠡᠬᠡᠯᠡᠭᠰᠡᠨ ᠶᠠᠯ᠎ᠠ 》 ᠪᠡᠷ ᠠᠮᠢᠳᠤ ᠪᠠᠷ ᠨᠢ ᠪᠤᠯᠠᠬᠤ ᠦᠶᠡᠰ ᠂ ᠪᠠᠶᠠᠨ ᠨᠠᠮᠤᠷ ᠤᠨ ᠭᠤᠶᠤᠴᠢᠯᠠᠭ᠎ᠠ ᠶ᠋ᠢᠨ ᠳᠤᠤᠷ᠎ᠠ ᠰᠠᠶ᠋ᠢ ᠠᠮᠢᠳᠤ ᠭᠠᠷᠤᠭᠰᠠᠨ ᠶᠤᠮ ᠃
ᠨᠠᠺᠠᠮᠦᠷᠠ ᠤᠨ ᠬᠡᠭᠦᠷ ᠢ ᠡᠷᠢᠵᠦ ᠤᠯᠬᠤ ᠦᠬᠡᠢ ᠪᠠᠶᠢᠳᠠᠯ ᠤᠨ ᠳᠣᠣᠷ᠎ᠠ ᠂ ᠶᠠᠫᠣᠨᠴᠤᠳ ᠡᠴᠠ ᠵᠢᠷᠦᠬᠡᠨᠲᠤ ᠶ᠋ᠢᠨ ᠶᠡᠬᠡ ᠳᠠᠪᠠᠭᠠᠨ ᠤ ᠬᠤᠶᠢᠲᠦ ᠳ᠋ᠤ ᠨᠢᠭᠡᠨ ᠵᠢᠶᠣᠣᠫᠢ ᠱᠠᠬᠠᠶ ᠢ ᠢᠯᠡᠷᠡᠬᠦᠯᠵᠦ ᠂ ᠲᠡᠷᠡ ᠤᠷᠤᠨ ᠳ᠋ᠤᠨᠢ ᠨᠠᠺᠠᠮᠦᠷᠠ ᠳ᠋ᠤ ᠤᠩᠭᠤᠨ ᠪᠤᠰᠬᠠᠵᠤ ᠦᠭᠭᠦᠨ᠂ ᠠᠭᠤᠯᠠᠨ ᠳᠤᠤᠷ᠎ᠠ ᠳᠠᠪᠤᠨ ᠲᠠᠰᠤᠯᠭ᠎ᠠ ᠰᠦᠮ᠎ᠡ ᠪᠠᠶᠢᠭᠤᠯᠵᠤ᠂ ᠬᠣᠶᠠᠷ ᠶᠠᠫᠣᠨ ᠯᠠᠮᠠ ᠶ᠋ᠢ ᠲᠤᠬᠢᠷᠠᠭᠤᠯᠵᠤ ᠬᠠᠷᠠᠵᠤ ᠬᠠᠮᠢᠶᠠᠷᠠᠭᠤᠯᠤᠭᠰᠠᠨ ᠶᠤᠮ ᠃ ᠨᠠᠺᠠᠮᠦᠷᠠ ᠤ ᠲᠠᠬᠢᠯᠭ᠎ᠠ ᠶ᠋ᠢᠨ ᠡᠳᠦᠷ ᠂ ᠤᠤᠯ ᠤᠨ ᠠᠳᠡᠷ ᠬᠠᠭᠠᠯᠪᠤᠷᠢᠯᠠᠬᠤ ᠭᠤᠷᠪᠠᠳᠤᠭᠠᠷ ᠬᠤᠷᠢᠶᠠᠨ ᠤ ᠮᠣᠩᠭᠣᠯ ᠪᠠᠶᠢᠯᠳᠤᠭᠴᠢᠳ ᠰᠠᠩᠭ᠎ᠠ ᠵᠡᠷᠭᠡ ᠬᠣᠶᠠᠷ ᠬᠥᠮᠦᠨ ᠣᠯᠵᠤ ᠠᠪᠴᠢᠷᠠᠨ᠂ ᠲᠡᠳᠡᠨ ᠢ ᠴᠢᠨᠳᠠᠷ ᠤᠨ ᠡᠮᠦᠨ᠎ᠡ ᠰᠦᠭᠦᠳᠳᠡᠭᠦᠯᠦᠭᠰᠡᠨ ᠶᠤᠮ᠃ ᠬᠤᠵᠢᠮ ᠨᠢ ᠵᠢᠯ ᠪᠦᠷᠢ ᠶ᠋ᠢᠨ ᠬᠠᠪᠤᠷ ᠤᠨ ᠤᠯᠠᠷᠢᠯ ᠳ᠋ᠤ ᠨᠢᠭᠡ ᠤᠳᠠᠭ᠎ᠠ ᠳᠠᠬᠢᠯᠭ᠎ᠠ ᠬᠢᠵᠦ ᠂ ᠲᠤᠰ ᠣᠷᠣᠨ ᠤ ᠴᠡᠷᠢᠭ ᠠᠷᠠᠳ ᠰᠤᠷᠤᠭᠴᠢ ᠶ᠋ᠢ ᠪᠦᠬᠦᠨ ᠢ ᠠᠯᠪᠠᠳᠠᠨ ᠢᠷᠡᠭᠦᠯᠳᠡᠭ ᠶᠤᠮ ᠃
《 ᠨᠠᠢᠮᠠᠨ ᠰᠠᠷ᠎ᠠ ᠤᠨ ᠠᠷᠪᠠᠨ ᠲᠠᠪᠤᠨ 》 ᠳ᠋ᠦ ᠶᠠᠫᠣᠨ ᠪᠠᠭᠤᠵᠦ ᠦᠭᠬᠦᠭᠰᠡᠨ ᠦ ᠳᠠᠷᠠᠭ᠎ᠠ ᠂ ᠴᠠᠷᠠᠰᠤᠨ ᠤ ᠠᠷᠠᠳ ᠲᠦᠮᠡᠨ ᠨᠠᠺᠠᠮᠦᠷᠠ ᠤ ᠬᠦᠰᠢᠶ᠎ᠡ ᠶ᠋ᠢ ᠪᠠᠯᠪᠠᠴᠢᠵᠦ ᠂ ᠤᠩᠭᠤᠨ ᠢ ᠡᠪᠳᠡᠭᠰᠡᠨ ᠪᠠᠶᠢᠨ᠎ᠠ ᠃