《 ᠭᠤᠷᠪᠠᠨ ᠦᠭᠡᠢ ᠬᠣᠶᠠᠷ ᠲᠤ ᠠᠰᠢᠭᠲᠠᠶ 》 ᠲᠥᠷᠦ ᠶ᠋ᠢᠨ ᠪᠤᠳᠤᠯᠭ᠎ᠠ

  2019-04-20

    1947 ᠣᠨ ᠤ 5 ᠰᠠᠷ᠎ᠠ ᠶ᠋ᠢᠨ 1 ᠳ᠋ᠦ ᠥᠪᠥᠷ ᠮᠣᠩᠭᠤᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠪᠠᠶᠢᠭᠤᠯᠤᠭᠳᠠᠭᠰᠠᠨ ᠤ ᠳᠠᠷᠠᠭ᠎ᠠ ᠂ 《  ᠨᠡᠢᠲᠠ ᠳᠤᠮᠳᠠ ᠶ᠋ᠢᠨ ᠪᠡᠯᠴᠢᠭᠡᠷ ᠂ ᠴᠢᠯᠥᠭᠡᠲᠡᠶ ᠪᠡᠷ ᠮᠠᠯᠵᠢᠬᠤ》 ᠨᠡᠢᠲᠡᠯᠡᠵᠦ ᠂ ᠹᠸᠦᠳᠡᠯ ᠠᠩᠬᠢ ᠶ᠋ᠢᠨ ᠣᠨᠴᠠ ᠡᠷᠬᠡ ᠶ᠋ᠢ ᠬᠦᠴᠦᠨ ᠦᠭᠡᠢ ᠪᠣᠯᠭᠠᠵᠠᠶ ᠂ ᠮᠠᠯᠴᠢᠳ ᠴᠢᠯᠥᠭᠡᠲᠡᠶ ᠪᠡᠷ ᠮᠠᠯ ᠮᠠᠯᠵᠢᠬᠤ ᠪᠣᠯᠵᠠᠶ ᠃ ᠭᠡᠪᠡᠴᠦ ᠵᠣᠩᠬᠢᠯᠠᠬᠤ ᠤᠯᠠᠨ ᠲᠣᠭᠠᠨ  ᠤ ᠮᠠᠯ ᠰᠦᠷᠦᠭ ᠢ᠋ ᠮᠠᠯ ᠤᠨ ᠡᠵᠡᠨ ᠡᠵᠡᠮᠰᠢᠵᠠᠢ᠃ ᠬᠠᠭᠤᠴᠢᠨ《 ᠰᠦᠷᠦᠭ 》ᠪᠠᠶᠢᠭᠤᠯᠤᠯ ᠤᠨ ᠳᠣᠣᠷ᠎ᠠ ᠂ ᠬᠥᠯᠥᠰᠥᠨ ᠮᠠᠯᠴᠢᠨ ᠵᠥᠪᠬᠡᠨ ᠲᠤᠶᠢᠯ ᠤᠨ ᠪᠠᠭ᠎ᠠ ᠬᠥᠯᠥᠰᠥ ᠣᠯᠭᠣᠮᠵᠢ  ᠲᠠᠢ᠂ ᠠᠮᠢᠳᠤᠷᠠᠯ  ᠬᠦᠴᠢᠷ ᠂ ᠮᠠᠯᠴᠢᠳ ᠦᠢᠯᠡᠳᠪᠦᠷᠢᠯᠡᠯ ᠢᠶᠡᠨ ᠬᠥᠭᠵᠢᠭᠦᠯᠬᠦ ᠪᠠ ᠠᠮᠢᠳᠤᠷᠠᠯ  ᠢᠶᠡᠨ ᠰᠠᠶᠢᠵᠢᠷᠠᠭᠤᠯᠬᠤ ᠪᠣᠯ ᠮᠠᠯᠵᠢᠬᠤ ᠣᠷᠣᠨ  ᠤ ᠠᠷᠠᠳᠴᠢᠯᠠᠭᠰᠠᠨ ᠥᠭᠡᠷᠡᠴᠢᠯᠡᠯᠲᠡ ᠬᠢᠬᠦ ᠶᠠᠪᠤᠳᠠᠯ ᠪᠣᠯᠤᠭᠰᠠᠨ ᠪᠠᠶᠢᠯ᠎ᠠ ᠃ 

    1947 ᠣᠨ ᠤ11 ᠰᠠᠷ᠎ᠠ ᠶ᠋ᠢᠨ 15 ᠳ᠋ᠦ ᠥᠪᠥᠷ ᠮᠣᠩᠭᠤᠯ ᠤᠨ ᠡᠪ ᠬᠠᠮᠲᠤ ᠨᠠᠮ ᠤᠨ ᠠᠵᠢᠯ ᠤᠨ ᠬᠣᠷᠢᠶᠠᠨ  ᠤ ᠱᠦᠵᠢ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ  ᠤ ᠲᠡᠷᠢᠭᠦᠯᠡᠭᠴᠢ ᠂ ᠭᠠᠵᠠᠷ ᠲᠠᠷᠢᠶᠠᠨ ᠤ ᠥᠭᠡᠷᠡᠴᠢᠯᠡᠯᠲᠡ ᠶ᠋ᠢᠨ ᠠᠵᠢᠯ ᠤᠨ ᠬᠣᠷᠢᠶᠠᠨ  ᠤ ᠡᠷᠬᠢᠯᠡᠭ᠋ᠴᠢ ᠤᠯᠠᠭᠠᠨᠬᠦᠦ ᠬᠢᠩᠭᠠᠨ ᠠᠶᠢᠮᠠᠭ ᠤᠨ ᠤᠯᠠᠨ ᠲᠦᠮᠡᠨ  ᠤ ᠠᠵᠢᠯ ᠤᠨ ᠬᠤᠷᠠᠯ ᠳᠡᠭᠡᠷ᠎ᠡ《 ᠣᠳᠣᠬᠠᠨ  ᠤ ᠠᠵᠢᠯ ᠤᠨ ᠴᠢᠭᠯᠡᠯᠲᠡ 》ᠭᠡᠰᠡᠨ ᠶᠠᠷᠢᠶᠠᠨ ᠳᠠᠭᠠᠨ ᠵᠢᠭᠠᠵᠤ ᠭᠠᠷᠭᠠᠭᠰᠠᠨ ᠨᠢ ᠄ 《 ᠥᠩᠭᠡᠷᠡᠭᠰᠡᠨ  ᠳ᠋ᠤ ᠹᠸᠤᠳᠠᠯ ᠤᠨ ᠬᠦᠴᠦᠨ ᠢ ᠪᠠᠭᠤᠷᠠᠭᠤᠯᠬᠤ  ᠪᠣᠯ ᠨᠢᠭᠡᠳᠦᠭᠡᠷ ᠠᠯᠬᠤᠮ ᠳᠠᠭᠠᠨ ᠪᠠᠶᠢᠨ᠎ᠠ ᠃ ᠡᠭᠦᠨ ᠡᠴᠡ ᠬᠣᠶᠢᠰᠢ ᠹᠸᠦᠳᠡᠯ ᠢ᠋ ᠤᠰᠠᠳᠭᠠᠬᠤ ᠨᠢ ᠬᠣᠶᠠᠳᠤᠭᠠᠷ ᠠᠯᠬᠤᠮ ᠪᠣᠯᠤᠨ᠎ᠠ ᠃ ᠶᠡᠷᠦᠩᠬᠡᠶ ᠳᠦᠨᠢ ᠠᠪᠴᠤ ᠬᠡᠯᠡᠪᠡᠯ ᠂ ᠲᠠᠷᠢᠶᠠᠯᠠᠬᠤ ᠣᠷᠣᠨ  ᠳ᠋ᠦ ᠵᠣᠬᠢᠶᠠᠨ ᠪᠠᠶᠢᠭᠤᠯᠤᠯᠲᠠ ᠶ᠋ᠢᠨ  ᠬᠦᠴᠦᠨ ᠶᠡᠬᠡ ᠪᠡᠷ ᠳᠣᠪᠲᠣᠯᠵᠤ ᠂ ᠹᠸᠤᠳᠠᠯ ᠤᠨ ᠬᠦᠴᠦᠨ ᠢ ᠲᠤᠶᠢᠯᠪᠤᠷᠢᠲᠠᠶ ᠤᠰᠠᠳᠬᠠᠬᠤ ᠬᠡᠷᠡᠭᠲᠡᠶ ᠂  ᠡᠭᠦᠨ ᠳ᠋ᠤ᠌ ᠨᠡᠭᠦᠳᠡᠯ ᠮᠠᠯᠵᠢᠯ ᠤᠨ ᠣᠷᠣᠨ  ᠳ᠋ᠦ᠍ ᠹᠸᠤᠳᠠᠯ ᠤᠨ ᠬᠦᠴᠦᠨ ᠢ   ᠤᠰᠠᠳᠭᠠᠬᠤ ᠳ᠋ᠤ᠌᠂ ᠪᠡᠯᠡᠳᠭᠡᠯ ᠴᠠᠭ ᠮᠥᠴᠡ ᠪᠠᠢᠵᠦ᠂ ᠹᠸᠤᠳᠠᠯ  ᠢ᠋ ᠤᠰᠠᠳᠬᠠᠬᠤ ᠪᠠᠷ ᠪᠡᠯᠡᠳᠭᠡᠯ ᠬᠢᠨ᠎ᠡ ᠂ ᠮᠠᠯ ᠤᠨ ᠡᠵᠡᠨ   ᠡᠴᠡ ᠨᠢᠭᠡ ᠪᠦᠯᠦᠭ ᠮᠠᠯ ᠤᠨᠤᠭ᠎ᠠ ᠶ᠋ᠢ  ᠬᠥᠯᠦᠰᠦᠨ ᠮᠠᠯᠴᠢᠨ ᠪᠤᠶᠤ ᠪᠣᠭᠤᠯ ᠳ᠋ᠤ᠌ ᠬᠤᠪᠢᠶᠠᠨ  ᠥᠭᠴᠦ ᠬᠠᠷᠢᠯᠴᠠᠨ ᠬᠠᠪᠰᠤᠷᠤᠯᠴᠠᠬᠤ ᠶ᠋ᠢ ᠳᠤᠷᠠᠳᠤᠨ᠎ᠠ᠃》 ᠬᠤᠷᠠᠯ ᠤᠨ ᠲᠠᠷᠠᠭ᠎ᠠ ᠂ ᠲᠡᠷᠡ ᠦᠶ᠎ᠡ  ᠳ᠋ᠤ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ   ᠤ᠋ ᠬᠤᠰᠢᠭᠤᠨ ᠳᠠᠷᠤᠭ᠎ᠠ ᠵᠢᠷᠭᠠᠯ ᠤᠯᠠᠭᠠᠨᠬᠦᠦ ᠶ᠋ᠢᠨ ᠵᠢᠭᠠᠪᠤᠷᠢ ᠢᠶᠠᠷ ᠠᠵᠢᠯᠯᠠᠬᠤ ᠪᠦᠯᠬᠦᠮ  ᠢ᠋ ᠳᠠᠭᠠᠭᠤᠯᠤᠨ ᠤᠯᠠᠭᠠᠨᠮᠣᠳᠣ ᠨᠤᠲᠤᠭ ᠤ᠋ᠨ ᠮᠠᠨᠵᠤ ᠲ᠋ᠦ᠋ᠨ ᠭᠠᠴᠠᠭ᠎ᠠ  ᠳ᠋ᠦ ᠮᠠᠯᠵᠢᠬᠤ ᠣᠷᠣᠨ   ᠤ᠋ ᠠᠷᠠᠳᠴᠢᠯᠠᠭᠰᠠᠨ ᠥᠭᠡᠷᠡᠴᠢᠯᠡᠯᠲᠡ ᠶ᠋ᠢᠨ ᠲᠤᠷᠰᠢᠯᠲᠠ ᠬᠢᠵᠡᠢ᠃

     ᠮᠠᠯᠵᠢᠬᠤ ᠣᠷᠣᠨ  ᠤ ᠠᠷᠠᠳᠴᠢᠯᠠᠭᠰᠠᠨ ᠥᠭᠡᠷᠡᠴᠢᠯᠡᠯᠲᠡ ᠶ᠋ᠢᠨ ᠠᠵᠢᠯᠯᠠᠬᠤ ᠪᠦᠯᠬᠦᠮ ᠨᠢ ᠬᠣᠶᠠᠷ ᠠᠩᠬᠢ ᠶ᠋ᠢᠨ ᠲᠡᠮᠡᠴᠡᠯ ᠦᠨ ᠬᠤᠷᠴᠠ ᠰᠢᠷᠦᠭᠦᠨ ᠨᠠᠷᠢᠨ ᠪᠤᠳᠤᠯᠢᠶᠠᠨᠲᠠᠶ  ᠬᠦᠴᠢᠷᠳᠡᠯ ᠳ᠋ᠤ᠌ ᠲᠤᠯᠭᠠᠷᠠᠵᠠᠢ ᠃ ᠲᠠᠷᠢᠶᠠᠯᠠᠬᠤ ᠣᠷᠣᠨ ᠂ ᠬᠠᠭᠠᠰ ᠲᠠᠷᠢᠶᠠᠯᠠᠬᠤ ᠬᠠᠭᠠᠰ ᠮᠠᠯᠵᠢᠬᠤ ᠣᠷᠣᠨ  ᠤ ᠭᠠᠵᠠᠷ ᠲᠠᠷᠢᠶᠠᠨ  ᠤ ᠥᠭᠡᠷᠡᠴᠢᠯᠡᠯᠲᠡ ᠶ᠋ᠢᠨ ᠬᠥᠳᠡᠯᠭᠡᠭᠡᠨ ᠢ ᠶᠡᠬᠡ ᠬᠡᠪᠴᠢᠶ᠎ᠡ ᠪᠡᠷ  ᠦᠷᠨᠢᠭᠦᠯᠦᠭᠰᠡᠨ ᠦ ᠳᠠᠷᠠᠭ᠎ᠠ ᠂ ᠵᠠᠷᠢᠮ ᠲᠡᠮᠡᠴᠡᠭᠳᠡᠭᠰᠡᠨ ᠭᠠᠵᠠᠷ ᠤᠨ ᠡᠵᠡᠳ ᠂ ᠶᠠᠫᠣᠨ ᠳᠡᠭᠡᠷᠡᠮᠴᠢᠳ ᠪᠠ ᠬᠠᠭᠤᠷᠮᠠᠭ ᠴᠡᠷᠢᠭ ᠴᠠᠭᠳᠠᠭ᠎ᠠ ᠂ ᠲᠤᠷᠰᠢᠭᠤᠯ ᠂ ᠴᠠᠭᠳᠠᠭ᠎ᠠ ᠂ ᠳᠡᠭᠡᠷᠡᠮ ᠬᠢᠭᠡᠳ ᠲᠡᠷᠰᠯᠡᠭᠦᠦ ᠯᠠᠮᠠ ᠬᠣᠶᠢᠨ᠎ᠠ ᠬᠣᠶᠢᠨ᠎ᠠ ᠡᠴᠡ ᠪᠠᠨ ᠳᠣᠲᠣᠷ᠎ᠠ ᠭᠠᠵᠠᠷ  ᠡᠴᠡ ᠤᠯᠠᠭᠠᠨᠮᠣᠳᠣ ᠮᠠᠯᠵᠢᠬᠤ ᠣᠷᠣᠨ ᠳ᠋ᠦ ᠳᠤᠲᠠᠭᠠᠨ ᠣᠴᠢᠭᠰᠠᠨ ᠪᠠᠶᠢᠨ᠎ᠠ ᠂ ᠮᠥᠨ ᠴᠦ ᠳᠥᠷᠪᠡᠨ ᠲᠠᠯ᠎ᠠ ᠪᠠᠷ ᠠᠭᠤᠯᠠ ᠲᠣᠭᠤᠷᠢᠭᠯᠠᠩᠰᠠᠨ ᠂ ᠵᠠᠮ ᠬᠠᠷᠢᠯᠴᠠᠭ᠎ᠠ ᠪᠤᠢᠢᠳᠠ ᠪᠥᠭᠯᠡᠭᠦᠦ ᠪᠠᠶᠢᠭᠠᠯᠢ ᠶ᠋ᠢᠨ ᠣᠷᠴᠢᠨ ᠲᠣᠭᠣᠷᠢᠨ ᠢ᠋ ᠠᠰᠢᠭᠯᠠᠨ ᠰᠢᠷᠭᠤᠨ ᠰᠠᠭᠤᠵᠤ ᠪᠤᠷᠤᠩᠬᠤᠶᠢᠯᠠᠨ  ᠡᠰᠡᠷᠭᠦᠴᠡᠯ ᠬᠢᠵᠡᠢ ᠃  ᠮᠥᠨ ᠴᠦ ᠲᠠᠷᠢᠶᠠᠯᠠᠬᠤ ᠣᠷᠣᠨ ᠂ ᠬᠠᠭᠠᠰ ᠲᠠᠷᠢᠶᠠᠯᠠᠬᠤ ᠬᠠᠭᠠᠰ ᠮᠠᠯᠵᠢᠬᠤ ᠣᠷᠣᠨ ᠤ ᠭᠠᠵᠠᠷ ᠲᠠᠷᠢᠶᠠᠨ  ᠤ ᠥᠭᠡᠷᠡᠴᠢᠯᠡᠯᠲᠡ ᠶᠢᠨ ᠬᠥᠳᠡᠯᠭᠡᠭᠡᠨ  ᠤ ᠳᠤᠮᠳᠠ ᠵᠠᠷᠢᠮ 《 ᠵᠡᠭᠦᠨ 》  ᠤ ᠬᠢᠳᠡᠯ ᠢ᠋ ᠠᠰᠢᠭᠯᠠᠨ᠂ ᠮᠠᠯ ᠤᠨ ᠡᠵᠡᠨ ᠪᠠ ᠮᠠᠯᠴᠢᠳ  ᠢ᠋ ᠠᠶᠤᠯᠭᠠᠨ  ᠰᠦᠷᠳᠦᠭᠦᠯᠵᠤ ᠂ 《 ᠮᠠᠯ ᠤᠨ ᠡᠵᠡᠨ ᠲᠣᠯᠣᠭᠠᠶ ᠶ᠋ᠢ ᠴᠠᠪᠴᠢᠬᠤ  ᠂ ᠮᠠᠯ ᠤᠨᠤᠭ᠎ᠠ ᠡᠳ᠋ ᠬᠥᠷᠤᠨᠭᠭᠡ ᠶᠢ ᠴᠥᠮ  ᠬᠤᠪᠢᠶᠠᠬᠤ 》 ᠭᠡᠬᠦ ᠬᠤᠳᠠᠯ ᠶᠠᠷᠢᠶ᠎ᠠ   ᠡᠭᠦᠰᠭᠡᠪᠡ᠃  ᠪᠠᠰᠠ ᠡᠪ ᠬᠠᠮᠲᠤ ᠨᠠᠮ ᠲᠠᠯ᠎ᠠ ᠨᠤᠲᠤᠭ ᠲᠤ  ᠢᠷᠡᠨ 《 ᠥᠪ ᠢ ᠬᠠᠮᠲᠤᠳᠬᠠᠵᠤ ᠡᠬᠡᠨᠠᠷ ᠢ ᠨᠢ ᠨᠡᠢᠲᠡᠣᠢᠯᠡᠨ᠎ᠡ 》 ᠂ 《 ᠨᠤᠲᠤᠭ ᠪᠡᠯᠴᠢᠭᠡᠷ ᠦᠨ ᠭᠠᠶ ᠭᠠᠮᠰᠢᠭ ᠠᠪᠣᠢᠷᠠᠨ᠎ᠠ 》 ᠭᠡᠰᠡᠨ  ᠴᠤᠤᠷᠬᠠᠯ ᠭᠠᠷᠴᠠᠢ᠃ ᠡᠢᠮᠦ ᠡᠴᠡ ᠮᠠᠯᠵᠢᠬᠤ ᠣᠷᠣᠨ  ᠤ ᠠᠷᠠᠳᠴᠢᠯᠠᠭᠰᠠᠨ ᠥᠭᠡᠷᠡᠴᠢᠯᠡᠯᠲᠡ ᠶ᠋ᠢᠨ ᠠᠵᠢᠯᠯᠠᠬᠤ ᠪᠦᠯᠬᠦᠮ ᠨᠡᠶᠢᠲᠡ  ᠮᠠᠯ ᠤᠨ ᠡᠵᠡᠨ᠂ ᠂ ᠮᠠᠯᠴᠢᠳ ᠲᠤ᠌ ᠮᠠᠰᠢ ᠣᠯᠠᠨ ᠤᠬᠠᠭᠤᠯᠭ᠎ᠠ ᠬᠥᠮᠦᠵᠢᠯ ᠦᠨ ᠠᠵᠢᠯ ᠢ  ᠬᠢᠭᠰᠡᠨ ᠴᠦ ᠂ ᠭᠠᠵᠠᠷ ᠲᠠᠷᠢᠶᠠᠨ  ᠤ ᠥᠭᠡᠷᠡᠴᠢᠯᠡᠯᠲᠡ ᠶ᠋ᠢᠨ ᠬᠥᠳᠡᠯᠭᠡᠭᠡᠨ ᠪᠠ ᠮᠠᠯᠵᠢᠬᠤ ᠣᠷᠣᠨ ᠤ ᠠᠷᠠᠳᠴᠢᠯᠠᠭᠰᠠᠨ ᠥᠭᠡᠷᠡᠴᠢᠯᠡᠯᠲᠡ ᠶ᠋ᠢ ᠳᠡᠮᠡᠶ ᠮᠡᠳᠡᠬᠦ ᠦᠭᠡᠢ ᠡᠴᠡ ᠪᠣᠯᠵᠤ ᠂ ᠲᠡᠳᠡ ᠠᠵᠢᠯ ᠤᠨ ᠪᠥᠯᠬᠦᠮ ᠦᠨ  ᠤᠬᠠᠭᠤᠯᠭ᠎ᠠ ᠳ᠋ᠤ᠌ ᠬᠡᠮ ᠳᠣᠮ ᠪᠠᠢᠵᠠᠢ ᠃  ᠡᠭᠦᠨ ᠡᠴᠡ ᠮᠠᠰᠢ ᠣᠯᠠᠨ ᠬᠥᠮᠦᠨ ᠳᠠᠢᠰᠦᠨ ᠳ᠋ᠦ᠍ ᠮᠡᠬᠡᠯᠡᠭᠳᠡᠨ  ᠠᠰᠢᠭᠯᠠᠭᠳᠠᠵᠦ ᠂ ᠡᠴᠦᠰ ᠲᠡᠬᠡᠨ 《 

ᠮᠠᠨᠵᠤ ᠲ᠋ᠦ᠋ᠨ ᠵᠡᠪᠰᠡᠭᠲᠦ ᠤᠷᠪᠠᠯᠭᠠᠨ 》 ᠡᠭᠦᠰᠦᠭᠰᠡᠨ ᠪᠠᠶᠢᠵᠠᠢ᠃ 5 ᠰᠠᠷ᠎ᠠ ᠶᠢᠨ 21  ᠤ ᠡᠳᠦᠷ᠂ ᠵᠡᠪᠰᠡᠭᠲᠦ ᠤᠷᠪᠠᠯᠭᠠᠨ ᠢ ᠲᠤᠶᠢᠯᠪᠤᠷᠢᠲᠠᠶ ᠳᠠᠷᠤᠨ ᠲᠦᠪᠰᠢᠳᠬᠡᠵᠦ ᠂ ᠮᠥᠨ ᠴᠦ ᠮᠠᠯᠵᠢᠬᠤ ᠣᠷᠣᠨ  ᠤ ᠠᠷᠠᠳᠴᠢᠯᠠᠭᠰᠠᠨ ᠥᠭᠡᠷᠡᠴᠢᠯᠡᠯᠲᠡ ᠬᠢᠬᠦ ᠳ᠋ᠦ᠍ ᠵᠠᠮ ᠴᠡᠪᠡᠷᠯᠡᠵᠦ ᠥᠭᠭᠦᠭᠰᠡᠨ ᠪᠠᠶᠢᠨ᠎ᠠ ᠃ 

    《 ᠮᠠᠨᠵᠤ ᠲ᠋ᠦ᠋ᠨ ᠵᠡᠪᠰᠡᠭᠲᠦ ᠤᠷᠪᠠᠯᠭᠠᠨ 》 ᠬᠡᠳᠦᠶᠢᠪᠡᠷ ᠨᠠᠮᠳᠠᠭᠰᠠᠨ ᠪᠣᠯᠪᠠᠴᠤ ᠤᠯᠠᠭᠠᠨᠮᠣᠳᠣ ᠮᠠᠯᠵᠢᠬᠤ ᠣᠷᠣᠨ ᠨᠢ ᠮᠠᠰᠢ ᠶᠡᠬᠡ ᠦᠵᠡᠯ ᠰᠠᠨᠠᠭᠠᠨ ᠤ ᠰᠠᠮᠠᠭᠤᠷᠠᠯ ᠡᠭᠦᠰᠭᠡᠪᠡ ᠃ ᠮᠠᠯᠵᠢᠬᠤ ᠣᠷᠣᠨ  ᠤᠠᠷᠠᠳᠴᠢᠯᠠᠭᠰᠠᠨ ᠥᠭᠡᠷᠡᠴᠢᠯᠡᠯᠲᠡ ᠶ᠋ᠢ ᠬᠡᠷᠬᠢᠨ ᠬᠢᠬᠦ ᠪᠤᠢ ︖ ᠬᠡᠷᠪᠡ ᠮᠥᠨᠯᠡ ᠲᠠᠷᠢᠶᠠᠯᠠᠬᠤ ᠣᠷᠣᠨ  ᠤ ᠭᠠᠵᠠᠷ ᠤᠨ ᠡᠵᠡᠳ ᠢ ᠲᠡᠮᠡᠴᠡᠵᠦ ᠂ ᠭᠠᠵᠠᠷ ᠲᠠᠷᠢᠶ᠎ᠠ ᠬᠤᠪᠢᠶᠠᠬᠤ ᠠᠷᠭ᠎ᠠ ᠪᠡᠷ ᠶᠠᠪᠤᠪᠠᠯ ᠂ ᠮᠠᠯᠵᠢᠬᠤ ᠣᠷᠣᠨ  ᠳ᠋ᠦ ᠯᠠᠪᠲᠠᠶ ᠨᠡᠩ ᠶᠡᠬᠡ ᠦᠵᠡᠯ ᠰᠠᠨᠠᠭᠠᠨ  ᠤ ᠰᠠᠮᠠᠭᠤᠷᠠᠯ  ᠡᠭᠦᠰᠦᠨ᠎ᠡ ᠃  ᠡᠢᠮᠦ ᠪᠠᠢᠳᠠᠯ ᠤᠨ  ᠳᠣᠣᠷ᠎ᠠ ᠮᠠᠯ ᠠᠵᠤ ᠠᠬᠤᠶ ᠪᠠ ᠲᠠᠷᠢᠶᠠᠯᠠᠩ ᠤᠨ ᠠᠵᠤ ᠠᠬᠤᠶ ᠨᠢ ᠦᠨᠳᠦᠰᠦᠨ ᠢᠯᠭᠠᠭ᠎ᠠ ᠲᠠᠶ ᠪᠠᠶᠢᠳᠠᠭ ᠂ ᠡᠮᠦᠨᠡᠬᠢ ᠨᠢ ᠦᠬᠡᠷ ᠂ ᠮᠣᠷᠢ ᠂ ᠬᠤᠨᠢ ᠂ ᠲᠡᠮᠡᠭᠡ ᠪᠡᠷ ᠰᠠᠭᠤᠷᠢ ᠪᠣᠯᠭᠠᠵᠤ ᠂ ᠲᠡᠷᠡ ᠪᠣᠯ  ᠬᠦᠳᠡᠯᠡᠵᠦ ᠪᠠᠢᠭ᠎ᠠ ᠥᠢᠯᠡᠳᠪᠦᠷᠢᠯᠡᠯ ᠦᠨ ᠬᠡᠷᠡᠭᠰᠡᠯ ᠪᠠ ᠠᠮᠢᠳᠤᠷᠠᠯ ᠤᠨ ᠬᠡᠷᠡᠭᠰᠡᠯ ᠂ ᠬᠣᠶᠢᠨᠠᠬᠢ ᠨᠢ ᠭᠠᠵᠠᠷ ᠲᠠᠷᠢᠶ᠎ᠠ ᠪᠠᠷ ᠰᠠᠭᠤᠷᠢ ᠪᠣᠯᠭᠠᠨ ᠂ ᠲᠡᠷᠡ ᠨᠢ ᠲᠣᠭᠲᠠᠪᠤᠷᠢᠵᠢᠭᠰᠠᠨ ᠥᠢᠯᠡᠳᠪᠦᠷᠢᠯᠡᠯ ᠦᠨ ᠬᠡᠷᠡᠭᠰᠡᠯ ᠦᠨ ᠃ ᠭᠠᠵᠠᠷ ᠲᠠᠷᠢᠶᠠᠨ  ᠤ ᠥᠭᠡᠷᠡᠴᠢᠯᠡᠯᠲᠡ ᠶ᠋ᠢᠨ ᠳᠤᠮᠳᠠ ᠂ ᠲᠣᠭᠲᠠᠮᠠᠯ ᠭᠠᠵᠠᠷ ᠰᠢᠷᠤᠢ ᠶ᠋ᠢᠨ ᠬᠡᠮᠵᠢᠯᠲᠡ ᠲᠠᠷᠢᠶᠠᠴᠢᠳ ᠲᠤ ᠬᠤᠪᠢᠶᠠᠵᠤ ᠥᠭᠬᠦ ᠪᠡᠷ ᠬᠠᠮᠢᠶᠠᠷᠤᠯᠲᠠ ᠠᠮᠠᠷᠬᠠᠨ ᠂ ᠬᠡᠷᠪᠡ ᠮᠠᠯ ᠤᠨ ᠡᠵᠡᠨ  ᠤ ᠮᠠᠯ ᠰᠦᠷᠦᠭ ᠢ᠋ ᠮᠠᠯᠴᠢᠨ ᠬᠥᠮᠦᠨ ᠤ᠋ ᠠᠮᠠᠨᠲᠣᠭ᠎ᠠ ᠪᠠᠷ ᠲᠠᠷᠢᠶᠠᠯᠠᠬᠤ ᠣᠷᠤᠨ ᠤ᠋ ᠲᠡᠭᠰᠢᠯᠡᠨ ᠬᠤᠪᠢᠶᠠᠭᠰᠠᠨ ᠶᠣᠰᠣᠭᠠᠷ ᠬᠠᠮᠢᠶᠠᠷᠬᠤ ᠪᠣᠯ ᠪᠠᠷᠤᠭ ᠪᠣᠯᠤᠯᠴᠠᠭ᠎ᠠ ᠦᠭᠡᠢ ᠶ᠋ᠢ ᠬᠣᠷᠢᠶᠠᠨ ᠳᠠᠷᠤᠭ᠎ᠠ ᠪᠣᠯᠤᠭᠰᠠᠨ ᠵᠢᠷᠭᠠᠯ ᠮᠡᠳᠡᠭᠰᠡᠨ ᠪᠠᠢᠨ᠎ᠠ ᠃ ᠤᠴᠢᠷ ᠨᠢ ᠮᠠᠯᠵᠢᠬᠤ ᠣᠷᠣᠨ  ᠤ ᠮᠠᠯ ᠰᠦᠷᠦᠭ ᠪᠣᠯ ᠦᠨᠳᠦᠰᠦᠨ ᠳᠡᠭᠡᠨ ᠴᠥᠮ ᠨᠡᠭᠦᠳᠡᠯ ᠮᠠᠯᠵᠢᠯ ᠂ ᠮᠠᠯ ᠣᠨ ᠡᠵᠡᠨ ᠤ᠋ᠳ ᠪᠠᠰᠠ ᠪᠦᠬᠦ ᠭᠡᠷ ᠢ᠋ᠶ᠋ᠡᠷ ᠢ᠋ᠶ᠋ᠡᠨ ᠮᠠᠯᠵᠢᠵᠤ ᠪᠠᠢᠨ᠎ᠠ ᠃ ᠡᠶᠢᠮᠦ ᠡᠴᠡ ᠮᠠᠯᠵᠢᠬᠤ ᠣᠷᠣᠨ  ᠤ ᠠᠷᠠᠳᠴᠢᠯᠠᠭᠰᠠᠨ ᠥᠭᠡᠷᠡᠴᠢᠯᠡᠯᠲᠡ ᠨᠢ ᠲᠠᠷᠢᠶᠠᠯᠠᠬᠤ ᠣᠷᠣᠨ  ᠤ ᠭᠠᠵᠠᠷ ᠲᠠᠷᠢᠶᠠᠨ  ᠤ ᠥᠭᠡᠷᠡᠴᠢᠯᠡᠯᠲᠡ ᠶ᠋ᠢᠨ ᠠᠷᠭ᠎ᠠ ᠶ᠋ᠢ ᠨᠡᠭᠦᠭᠡᠨ ᠠᠪᠴᠢᠷᠠᠵᠦ ᠪᠣᠯᠬᠤ ᠦᠭᠡᠢ ᠃  ᠡᠢᠮᠦ ᠡᠴᠡ ᠡᠩ ᠲᠡᠷᠢᠭᠦᠨ  ᠳ᠋ᠦ ᠮᠠᠯ ᠤᠨ ᠬᠤᠪᠢᠶᠠᠯᠲᠠ ᠬᠢᠬᠦ ᠤᠢᠭᠡᠢ ᠂ ᠬᠠᠮᠤᠭ ᠤᠨ ᠰᠠᠢᠢᠨ ᠨᠢ ᠠᠨᠭᠬᠢ ᠢᠯᠭᠠᠬᠤ ᠦᠭᠡᠢ ᠪᠡᠷ᠂ᠬᠥᠯᠥᠰᠥᠨ ᠮᠠᠯᠴᠢᠨ ᠤ᠋ ᠬᠠᠷᠠᠭᠠᠯᠵᠠᠯ  ᠪᠠ ᠬᠥᠯᠥᠰᠥ ᠣᠯᠭᠣᠮᠵᠢ ᠶ᠋ᠢ ᠡᠷᠬᠡᠪᠰᠢ ᠲᠡᠭᠡᠭᠡᠰᠢᠯᠡᠭᠦᠯᠬᠦ ᠂ ᠠᠮᠢᠳᠤᠷᠠᠯ ᠢ ᠨᠢ ᠰᠠᠶᠢᠵᠢᠷᠠᠭᠤᠯᠬᠤ ᠂ ᠮᠠᠯ ᠠᠵᠤ ᠠᠬᠤᠶ ᠳ᠋ᠦ ᠠᠰᠢᠭᠲᠠᠶ ᠪᠠᠷ ᠬᠥᠭᠵᠢᠭᠦᠯᠬᠦ ᠲᠠᠯ᠎ᠠ ᠪᠠᠷ ᠲᠥᠷᠦ ᠶ᠋ᠢᠨ ᠪᠣᠳᠤᠯᠭ᠎ᠠ ᠶ᠋ᠢ ᠲᠣᠭᠲᠠᠭᠠᠬᠤ ᠬᠡᠷᠡᠭᠲᠡᠶ ᠃ ᠡᠨᠡ ᠪᠤᠳᠤᠯ ᠢ᠋ᠶ᠋ᠡᠨ ᠤᠯᠠᠭᠠᠨᠬᠦᠦ  ᠳ᠋ᠦ ᠨᠠᠷᠢᠨ ᠬᠠᠷᠢᠭᠤ ᠮᠡᠳᠡᠭᠦᠯᠦᠯᠲᠡ ᠬᠢᠭᠰᠡᠨ ᠪᠠᠶᠢᠨ᠎ᠠ ᠂ ᠤᠯᠠᠭᠠᠨᠬᠦᠦ ᠶ᠋ᠢᠨ ᠦᠵᠡᠬᠦ ᠪᠡᠷ ᠂ ᠡᠨᠡ ᠬᠦ ᠪᠣᠳᠣᠯ ᠨᠢ ᠮᠠᠰᠢ ᠴᠢᠬᠤᠯᠠ ᠶᠤᠮ ᠃

    1948 ᠣᠨ ᠤ 2 ᠰᠠᠷ᠎ᠠ  ᠳ᠋ᠤ ᠂ ᠥᠪᠥᠷ ᠮᠣᠩᠭᠤᠯ ᠤᠨ ᠠᠵᠢᠯ ᠤᠨ ᠬᠣᠷᠢᠶᠠᠨ ᠤ ᠵᠡᠭᠦᠨ ᠬᠣᠶᠢᠲᠤ ᠣᠷᠣᠨ  ᠤ ᠲᠣᠪᠴᠢᠶᠠᠨ ᠤ ᠯᠦᠸᠸ ᠷᠦᠩ ᠬᠤᠸᠠᠨ ᠵᠢᠭᠠᠪᠤᠷᠢ ᠳ᠋ᠤ ᠪᠠᠨ ᠬᠡᠯᠡᠭᠰᠡᠨ ᠨᠢ ᠄ 《 ᠳᠤᠮᠳᠠᠳᠤ ᠤᠯᠤᠰ ᠤᠨ ᠭᠠᠵᠠᠷ ᠲᠠᠷᠢᠶᠠᠨ  ᠤ ᠬᠠᠤᠯᠢ ᠶ᠋ᠢᠨ ᠲᠣᠪᠴᠢ 》 ᠶ᠋ᠢᠨ ᠵᠣᠷᠢᠭ ᠰᠠᠨᠠᠭ᠎ᠠ ᠶ᠋ᠢ ᠬᠡᠷᠡᠭᠯᠡᠵᠦ ᠪᠣᠯᠤᠨ᠎ᠠ ᠂ ᠥᠪᠥᠷ ᠮᠣᠩᠭᠤᠯ ᠤᠨ ᠪᠣᠳᠠᠲᠤ ᠪᠠᠶᠢᠳᠠᠯ ᠢ ᠦᠨᠳᠦᠰᠦᠯᠡᠬᠦ ᠬᠡᠷᠡᠭᠲᠡᠶ ᠃ᠲᠡᠮᠡᠴᠡᠯ ᠦᠨ ᠬᠡᠯᠪᠡᠷᠢ ᠢ᠋ ᠨᠡᠭᠦᠵᠦ ᠠᠪᠣᠢᠷᠠᠵᠤ ᠪᠣᠯᠬᠤ ᠦᠭᠡᠢ ᠂ ᠦᠨᠳᠦᠰᠦᠲᠡᠨ ᠤ ᠬᠣᠭᠣᠷᠣᠨᠳᠣᠬᠢ ᠵᠠᠪᠰᠠᠷᠳᠠᠯ ᠢ ᠠᠷᠢᠯᠭᠠᠬᠤ ᠶ᠋ᠢ ᠠᠩᠬᠠᠷᠬᠤ ᠬᠡᠷᠡᠭᠲᠡᠶ ᠂ ᠲᠥᠷᠦ ᠶ᠋ᠢᠨ ᠪᠣᠳᠤᠯᠭ᠎ᠠ ᠶ᠋ᠢ ᠰᠠᠶᠢᠲᠤᠷ ᠡᠵᠡᠮᠳᠡᠬᠦ ᠬᠡᠷᠡᠭᠲᠡᠢ᠃ ᠯᠦᠸᠸ ᠷᠦᠩ ᠬᠤᠸᠠᠨ ᠵᠢᠭᠠᠪᠤᠷᠢ ᠶ᠋ᠢ ᠦᠨᠳᠦᠰᠦᠯᠡᠨ ᠂ 1948 ᠣᠨ  ᠤ 3 ᠰᠠᠷ᠎ᠠ  ᠳ᠋ᠤ ᠂ ᠤᠯᠠᠭᠠᠨᠬᠣᠲᠠ ᠳ᠋ᠤ ᠥᠪᠥᠷ ᠮᠣᠩᠭᠤᠯ ᠤᠨ ᠠᠵᠢᠯ ᠤᠨ ᠺᠣᠮᠢᠰ ᠤᠨ ᠬᠤᠷᠠᠯ ᠢ ᠬᠤᠷᠠᠯᠳᠤᠭᠤᠯᠵᠤ᠂ ᠤᠯᠠᠭᠠᠨᠬᠦᠦ  ᠬᠤᠷᠠᠯ ᠡᠷᠬᠢᠯᠡᠵᠦ ᠂ ᠬᠢᠩᠭᠠᠨ ᠠᠶᠢᠮᠠᠭ ᠤᠨ ᠤᠯᠠᠨ ᠲᠦᠮᠡᠨ  ᠤ ᠠᠵᠢᠯ ᠤᠨ ᠪᠥᠯᠬᠦᠮ ᠦᠨ ᠳᠠᠷᠤᠭ᠎ᠠ ᠨᠠᠷ ᠤᠤᠨ ᠬᠤᠷᠠᠯ ᠳ᠋ᠤ᠌ ᠣᠷᠤᠯᠴᠠᠵᠠᠢ᠃ ᠬᠤᠷᠠᠯ ᠤᠨ ᠲᠣᠭᠲᠠᠭᠠᠯ :ᠮᠠᠯᠵᠢᠬᠤ ᠣᠷᠣᠨ ᠤ ᠠᠷᠠᠳᠴᠢᠯᠠᠭᠰᠠᠨ ᠥᠭᠡᠷᠡᠴᠢᠯᠡᠯᠲᠡ  ᠲᠠᠷᠢᠶᠠᠯᠠᠬᠤ ᠣᠷᠣᠨ  ᠤ ᠠᠷᠭ᠎ᠠ ᠬᠢᠳᠡᠯ ᠢ ᠠᠪᠴᠤ ᠪᠣᠯᠬᠤ ᠤᠢᠭᠡᠢ ᠂ ᠮᠠᠯᠵᠢᠬᠤ ᠣᠷᠣᠨ ᠤ ᠪᠠᠶᠢᠳᠠᠯ ᠢ ᠲᠣᠭᠲᠠᠭᠤᠨ ᠪᠠᠶᠢᠯᠭᠠᠬᠤ ᠬᠡᠷᠡᠭᠲᠡᠶ ᠂ ᠮᠠᠯ ᠠᠵᠤ ᠠᠬᠤᠢ ᠶ᠋ᠢᠨ ᠦᠢᠯᠡᠳᠪᠦᠷᠢᠯᠡᠯ ᠦᠨ ᠡᠭᠦᠳᠡᠨ ᠡᠴᠡ ᠡᠭᠦᠰᠴᠦ ᠂ᠮᠠᠯ ᠤᠨ ᠡᠵᠡᠳ ᠲᠦ ᠵᠣᠬᠢᠰᠲᠠᠶ ᠠᠷᠭ᠎ᠠ ᠬᠡᠮᠵᠢᠶ᠎ᠡ ᠠᠪᠴᠤ ᠂ ᠬᠥᠯᠥᠰᠥᠨ ᠮᠠᠯᠴᠢᠨ ᠤ ᠴᠠᠯᠢᠩ ᠬᠥᠯᠦᠰᠦ ᠶ᠋ᠢ ᠳᠡᠭᠡᠭᠰᠢᠯᠡᠭᠦᠯᠬᠦ ᠬᠡᠷᠡᠭᠲᠡᠶ ᠃ 《 ᠭᠤᠷᠪᠠᠨ ᠦᠭᠡᠢ ᠬᠣᠶᠠᠷ ᠲᠤ ᠠᠰᠢᠭᠲᠠᠶ 》 ᠲᠥᠷᠦ ᠶ᠋ᠢᠨ ᠪᠣᠳᠤᠯᠭ᠎ᠠ ᠶ᠋ᠢ ᠠᠩᠬ᠎ᠠ ᠡᠬᠢᠨ ᠳᠡᠭᠡᠨ ᠶᠠᠭ ᠡᠨᠡ ᠤᠳᠠᠭᠠᠨ ᠤ ᠬᠤᠷᠠᠯ ᠳᠡᠭᠡᠷ᠎ᠡ ᠳᠤᠷᠠᠳᠤᠨ ᠭᠠᠷᠭᠠᠭᠰᠠᠨ ᠶᠤᠮ ᠂ ᠭᠡᠪᠡᠴᠦ ᠳᠤᠷᠠᠳᠤᠯᠭ᠎ᠠ ᠨᠢ ᠲᠣᠳᠣᠷᠬᠠᠶ ᠬᠡᠮᠵᠢᠶᠡᠨ ᠳ᠋ᠤ ᠬᠠᠷᠠᠬᠠᠨ ᠬᠦᠷᠦᠭᠰᠡᠠ ᠤᠢᠭᠡᠢ ᠂ ᠵᠥᠪᠬᠡᠨ 《 ᠭᠤᠷᠪᠠᠨ ᠦᠭᠡᠢ ᠬᠣᠶᠠᠷ ᠲᠤ ᠠᠰᠢᠭᠲᠠᠶ 》 ᠭᠡᠬᠦ ᠠᠭᠤᠯᠭ᠎ᠠ ᠠᠭᠤᠯᠤᠭᠳᠠᠵᠤ ᠪᠠᠶᠢᠨ᠎ᠠ ᠃ 

    1947 ᠣᠨ ᠤ7 ᠰᠠᠷ᠎ᠠ ᠶ᠋ᠢᠨ 30 ᠤ ᠡᠳᠦᠷ ᠂ ᠤᠯᠠᠭᠠᠨᠬᠦᠦ ᠥᠪᠥᠷ ᠮᠣᠩᠭᠤᠯ ᠤᠨ ᠠᠵᠢᠯ ᠤᠨ ᠬᠣᠷᠢᠶᠠᠨ ᠤ ᠥᠪᠥᠷ ᠮᠣᠩᠭᠤᠯ ᠤᠨ ᠺᠠᠲᠷᠴᠤᠳ ᠤᠤᠨ ᠬᠤᠷᠠᠯᠳᠡᠭᠡᠷ᠎ᠡ ᠬᠢᠭᠰᠡᠨ ᠢᠯᠡᠳᠬᠡᠯ ᠳᠡᠭᠡᠨ ᠵᠢᠭᠠᠵᠤ ᠭᠠᠷᠭᠠᠭᠰᠠᠨ ᠨᠢ ᠂ ᠥᠪᠥᠷ ᠮᠣᠩᠭᠤᠯ ᠤᠨ ᠭᠠᠵᠠᠷ ᠰᠢᠷᠤᠢ ᠶ᠋ᠢᠨ ᠥᠭᠡᠷᠡᠴᠢᠯᠡᠯᠲᠡ ᠶ᠋ᠢᠨ ᠠᠵᠢᠯ  ᠮᠠᠰᠢ ᠶᠡᠬᠡ ᠠᠮᠵᠢᠯᠲᠠ ᠣᠯᠤᠭᠰᠠᠨ ᠪᠠᠶᠢᠨ᠎ᠠ ᠂ ᠭᠡᠪᠡᠴᠦ ᠪᠠᠰᠠ ᠪᠠᠭ᠎ᠠ ᠪᠤᠰᠤ ᠠᠯᠳᠠᠭ᠎ᠠ ᠭᠠᠷᠭᠠᠵᠠᠶ ᠃  ᠡᠭᠦᠨ ᠳ᠋ᠤ᠌ ᠨᠡᠭᠦᠳᠡᠯᠯᠡᠨ ᠮᠠᠯᠯᠠᠬᠤ { ᠮᠠᠯᠵᠢᠬᠤ }ᠠᠵᠤ ᠠᠬᠤᠢ ᠶ᠋ᠢᠨ ᠥᠪᠡᠷᠮᠢᠴᠡ ᠴᠢᠨᠡᠷ ᠪᠠ ᠮᠠᠯᠵᠢᠬᠤ ᠣᠷᠤᠨ ᠤ᠋ ᠦᠵᠡᠯ ᠤᠬᠠᠮᠰᠠᠷ ᠤ᠋ᠨ ᠬᠡᠮᠵᠢᠶ᠎ᠡ ᠶ᠋ᠢ ᠲᠣᠳᠣᠷᠬᠠᠶ ᠲᠠᠨᠢᠵᠤ ᠣᠯᠤᠭᠰᠠᠨ ᠪᠠᠶᠢᠬᠤ ᠦᠭᠡᠢ ᠡᠴᠡ᠂ 1948 ᠣᠨ ᠳ᠋ᠤ ᠳᠤᠷᠠᠳᠤᠨ ᠭᠠᠷᠭᠠᠭᠰᠠᠨ ᠨᠡᠭᠦᠳᠡᠯ ᠮᠠᠯᠵᠢᠯ ᠤᠤᠨ ᠣᠷᠣᠨ ᠤ ᠹᠧᠤᠳᠠᠯ ᠢ᠋  ᠤᠰᠠᠳᠭᠠᠬᠤ ᠴᠢᠭᠯᠡᠯᠲᠡ ᠨᠢ ᠪᠤᠷᠤᠭᠤ ᠃ ᠬᠠᠭᠠᠰ ᠲᠠᠷᠢᠶᠠᠯᠠᠬᠤ ᠬᠠᠭᠠᠰ ᠮᠠᠯᠵᠢᠬᠤ ᠣᠷᠣᠨ ᠤ ᠲᠠᠷᠢᠶᠠᠯᠠᠬᠤ ᠣᠷᠣᠨ ᠤ ᠭᠠᠵᠠᠷ ᠲᠠᠷᠢᠶ᠎ᠠ ᠶ᠋ᠢ ᠲᠡᠭᠰᠢ ᠬᠤᠪᠢᠶᠠᠬᠤ ᠠᠷᠭ᠎ᠠ ᠶ᠋ᠢ ᠢᠯᠭᠠᠭ᠎ᠠ ᠦᠭᠡᠢ ᠪᠡᠷ ᠲᠡᠷᠡ ᠬᠡᠪ ᠢᠶ᠋ᠡᠷ ᠨᠢ ᠨᠡᠭᠦᠯᠭᠡᠨ ᠬᠡᠷᠡᠭᠯᠡᠬᠦ ᠨᠢ ᠮᠥᠨ ᠴᠦ ᠪᠤᠷᠤᠭᠤ ᠶᠤᠮ ᠃ ᠢᠯᠡᠳᠬᠡᠯ ᠳ᠋ᠦ ᠨᠡᠭᠦᠳᠡᠯ ᠮᠠᠯᠵᠢᠯ ᠤᠨ ᠣᠷᠣᠨ  ᠤ ᠲᠥᠷᠦ ᠶ᠋ᠢᠨ ᠪᠣᠳᠤᠯᠭ᠎ᠠ ᠶ᠋ᠢ ᠲᠣᠳᠣᠷᠬᠠᠶ ᠭᠤᠷᠪᠠᠨ ᠵᠦᠢᠯ ᠪᠠᠶᠢᠬᠤ ᠪᠠᠷ ᠦᠵᠡᠪᠡ᠄ ( ᠨᠢᠭᠡ ) ᠹᠸᠤᠳᠠᠯ ᠤᠨ ᠮᠠᠯ ᠠᠵᠤ ᠠᠬᠤᠶ ᠂ ᠬᠥᠯᠥᠰᠥᠨ ᠮᠠᠯᠴᠢᠨ  ᠤ ᠴᠠᠯᠢᠩ ᠬᠥᠯᠦᠰᠦ ᠶ᠋ᠢ ᠵᠣᠬᠢᠰᠲᠠᠶ ᠪᠠᠷ ᠳᠡᠭᠡᠭᠰᠢᠯᠡᠭᠦᠯᠵᠦ ᠂ ᠮᠠᠯ ᠬᠠᠷᠢᠭᠤᠯᠬᠤᠳᠥᠷᠢᠮ ᠢ ᠰᠠᠶᠢᠵᠢᠷᠠᠭᠤᠯᠵᠤ ᠂ ᠮᠠᠯᠴᠢᠨ ᠪᠠ ᠮᠠᠯ ᠤᠨ ᠡᠵᠡᠨ ᠬᠣᠶᠠᠷ ᠲᠤ ᠠᠰᠢᠭᠲᠠᠶ ᠪᠠᠶᠢᠯᠭᠠᠬᠤ ᠤᠷᠢᠲᠠᠯ ᠳᠣᠣᠷ᠎ᠠ᠂ ᠠᠯᠬᠤᠮ ᠳᠠᠷᠠᠭ᠎ᠠ ᠲᠠᠶ ᠪᠠᠷ ᠬᠥᠭᠵᠢᠭᠦᠯᠵᠦ ᠂ ᠮᠠᠯ ᠠᠵᠤ ᠠᠬᠤᠶ ᠂ ᠮᠠᠯᠴᠢᠳ ᠤᠨ ᠠᠮᠢᠳᠤᠷᠠᠯ ᠢ ᠰᠠᠶᠢᠵᠢᠷᠠᠭᠤᠯᠤᠨ᠎ᠠ ᠃( ᠬᠣᠶᠠᠷ ) ᠲᠤᠶᠢᠯ ᠤᠨ ᠶᠡᠬᠡ ᠮᠣᠩᠭᠤᠯ ᠤᠨ ᠵᠠᠯᠢᠬᠠᠶ 

ᠬᠠᠷᠭᠢᠰ ᠪᠠᠶᠠᠳ ᠢ᠋  ᠂ ᠠᠶᠢᠮᠠᠭ ᠡᠴᠠ ᠳᠡᠭᠡᠭᠰᠢᠬᠢ ᠵᠠᠰᠠᠭ ᠤᠨ ᠣᠷᠳᠣᠨ ᠤ ᠵᠥᠪᠰᠢᠶᠡᠷᠡᠯ ᠢᠶ᠋ᠡᠷ ᠂ ᠮᠠᠯ ᠰᠦᠷᠦᠭ ᠢ ᠬᠤᠷᠢᠶᠡᠠ ᠠᠪᠴᠤ ᠪᠣᠯᠤᠨ᠎ᠠ ᠂ ᠡᠳ᠋ ᠬᠥᠷᠦᠩᠭᠡ ᠶ᠋ᠢ ᠵᠠᠰᠠᠭ ᠤᠨ ᠣᠷᠳᠣᠨ ᠡᠴᠠ ᠰᠢᠶᠳᠪᠦᠷᠢᠯᠡᠵᠦ ᠪᠣᠯᠤᠨ᠎ᠠ ᠂ ᠡᠩ ᠦᠨ ᠲᠣᠮᠣ ᠮᠠᠯ ᠤᠨ ᠡᠵᠡᠨ ᠢ ᠴᠥᠮ ᠲᠡᠮᠡᠴᠡᠬᠦ ᠦᠭᠡᠢ ᠬᠤᠪᠢᠶᠠᠬᠤ ᠦᠭᠡᠢ ᠃( ᠭᠤᠷᠪᠠ ) ᠠᠷᠠᠳᠴᠢᠯᠠᠭᠰᠠᠨ ᠥᠭᠡᠷᠡᠴᠢᠯᠡᠯᠲᠡ ᠬᠢᠵᠦ ᠂ ᠠᠯᠬᠤᠮ ᠲᠠᠷᠠᠭ᠎ᠠ ᠲᠠᠶ ᠪᠠᠷ ᠠᠷᠠᠳᠴᠢᠯᠠᠭᠰᠠᠨ ᠵᠠᠰᠠᠭ ᠢ ᠪᠠᠶᠢᠭᠤᠯᠵᠤ ᠂ ᠨᠡᠭᠦᠳᠡᠯ ᠮᠠᠯᠵᠢᠯ ᠤᠨ ᠣᠷᠣᠨ ᠤ ᠠᠵᠤ ᠠᠬᠤᠢ ᠶ᠋ᠢ ᠬᠥᠭᠵᠢᠭᠦᠯᠬᠦ ᠬᠡᠷᠡᠭᠲᠡᠶ ᠃ 

    ᠡᠭᠦᠨ ᠡᠴᠡ ᠬᠣᠶᠢᠰᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠭᠦᠨᠵᠡᠭᠡᠶ ᠪᠠᠶᠢᠴᠠᠭᠠᠨ ᠰᠤᠳᠤᠯᠤᠯᠲᠠ ᠬᠢᠵᠦ ᠂ ᠲᠤᠷᠰᠢᠯᠭ᠎ᠠ ᠰᠤᠷᠭᠠᠮᠵᠢ ᠪᠠᠨ ᠳᠠᠰᠤᠷᠠᠯᠳᠠ ᠦᠬᠡᠢ ᠳ᠋ᠦᠩᠨᠡᠭᠰᠡᠨ ᠰᠠᠭᠤᠷᠢᠨ ᠳᠡᠭᠡᠷ᠎ᠡ ᠂ᠮᠠᠯᠵᠢᠬᠤ ᠣᠷᠣᠨ ᠤ ᠠᠷᠠᠳᠴᠢᠯᠠᠭᠰᠠᠨ ᠥᠭᠡᠷᠡᠴᠢᠯᠡᠯᠲᠡ ᠶ᠋ᠢᠨ ᠶᠡᠷᠦᠩᠬᠡᠶ ᠴᠢᠭᠯᠡᠯᠲᠡ ᠶ᠋ᠢ ᠤᠯᠠᠮ ᠴᠢᠨᠠᠭᠰᠢᠳᠠ ᠲᠣᠳᠣᠷᠬᠠᠶᠢᠯᠠᠵᠠᠶ ᠂ ᠲᠤᠬᠠᠶᠢᠯᠠᠪᠠᠯ 《 ᠮᠠᠯᠴᠢᠳ ᠤᠨ ᠬᠥᠳᠡᠯᠮᠦᠷᠢ  ᠳ᠋ᠤ ᠲᠦᠰᠢᠭᠯᠡᠬᠦ ᠬᠡᠷᠡᠭᠲᠡᠶ ᠂ ᠪᠦᠯᠬᠦᠮᠳᠡᠵᠦ ᠪᠣᠯᠬᠤ ᠬᠦᠴᠦᠨ ᠪᠥᠬᠥᠨ ᠲᠡᠶ ᠪᠦᠯᠬᠦᠮᠳᠡᠬᠦ ᠂ ᠳᠡᠭᠡᠷ᠎ᠡ ᠡᠴᠡ ᠳᠣᠷᠣᠭᠰᠢ ᠨᠠᠶᠢᠷᠠᠮᠳᠠᠯ ᠢᠶᠠᠷ ᠥᠭᠡᠷᠡᠴᠢᠯᠡᠬᠦ ᠪᠠ ᠳᠣᠣᠷ᠎ᠠ ᠡᠴᠠ ᠳᠡᠭᠡᠭᠰᠢ ᠤᠯᠠᠨ ᠲᠦᠮᠡᠨ ᠢ ᠵᠣᠷᠢᠭᠲᠠᠶ ᠪᠠᠷ ᠲᠠᠢᠢᠴᠢᠯᠠᠵᠦ ᠂ ᠹᠸᠤᠳᠠᠯ ᠤᠨ ᠣᠨᠴᠠ ᠡᠷᠬᠡ ᠶ᠋ᠢ ᠤᠢ ᠤᠰᠠᠳᠬᠠᠵᠤ ᠮᠠᠯ ᠤᠨ ᠡᠵᠡᠨ ᠤ ᠠᠵᠤ ᠠᠬᠤᠢ ᠶ᠋ᠢ ᠪᠠᠭᠲᠠᠭᠠᠭᠰᠠᠨ ᠮᠠᠯ ᠠᠵᠤ ᠠᠬᠤᠢ ᠶ᠋ᠢᠨ ᠦᠢᠯᠡᠳᠪᠦᠷᠢᠯᠡᠯ ᠬᠢᠵᠦ ᠪᠣᠯᠤᠨ᠎ᠠ ᠃ 》 ᠡᠨᠡ ᠬᠦ ᠰᠠᠭᠤᠷᠢᠨ ᠳᠡᠭᠡᠷ᠎ᠡ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠮᠠᠯᠵᠢᠬᠤ ᠣᠷᠣᠨ  ᠳ᠋ᠤ 《ᠴᠢᠯᠥᠭᠡᠲᠡᠶ ᠪᠡᠷ ᠬᠠᠷᠢᠭᠤᠯᠬᠤ ᠂ ᠮᠠᠯ ᠢᠶᠡᠨ ᠥᠰᠬᠡᠵᠦ ᠬᠠᠮᠠᠭᠠᠯᠠᠬᠤ》 ᠂《 ᠬᠥᠮᠦᠨ ᠮᠠᠯ ᠢ ᠵᠡᠷᠭᠡᠪᠡᠷ ᠥᠰᠬᠡᠬᠦ 》 ᠭᠡᠰᠡᠨ ᠤᠷᠢᠶᠠᠯᠠᠭ᠎ᠠ ᠶ᠋ᠢ ᠳᠤᠷᠠᠳᠤᠨ ᠭᠠᠷᠭᠠᠵᠤ ᠂ ᠮᠠᠯ ᠤᠨ ᠡᠵᠡᠨ  ᠤ ᠠᠵᠤ ᠠᠬᠤᠢ ᠶ᠋ᠢ ᠲᠡᠭᠦᠯᠳᠡᠷᠵᠢᠭᠦᠯᠵᠦ ᠂《 ᠲᠡᠮᠡᠴᠡᠬᠦ ᠦᠭᠡᠢ ᠬᠤᠪᠢᠶᠠᠬᠤ ᠦᠭᠡᠢ ᠂ ᠠᠨᠭᠬᠢ ᠢᠯᠭᠠᠬᠤ ᠦᠭᠡᠢ 》 ᠂ 《 ᠬᠥᠯᠥᠰᠥᠨ ᠮᠠᠯᠴᠢᠨ ᠮᠠᠯ ᠤᠨ ᠡᠵᠡᠨ ᠬᠣᠶᠠᠭᠤᠯᠠ ᠳ᠋ᠤ ᠠᠰᠢᠭᠲᠠᠶ ᠪᠠᠶᠢᠬᠤ 》 ᠮᠠᠯᠵᠢᠬᠤ ᠣᠷᠣᠨ  ᠤ ᠠᠷᠠᠳᠴᠢᠯᠠᠭᠰᠠᠨ ᠥᠭᠡᠷᠡᠴᠢᠯᠡᠯᠲᠡ ᠶ᠋ᠢᠨ ᠦᠨᠳᠦᠰᠦᠨ ᠲᠥᠷᠦ ᠶ᠋ᠢᠨᠪᠤᠳᠤᠯᠭ᠎ᠠ ᠢ᠋  ᠲᠣᠭᠲᠠᠭᠠᠵᠤ ᠂ ᠥᠷᠭᠡᠨ ᠤᠯᠠᠨ ᠬᠥᠳᠡᠯᠮᠦᠷᠢᠴᠢᠨ ᠮᠠᠯᠴᠢᠳ ᠤᠨ ᠬᠠᠯᠠᠭᠤᠨ ᠬᠦᠷᠢᠶᠡᠯᠡᠯ ᠢ ᠣᠯᠤᠭᠰᠠᠨ ᠪᠠᠶᠢᠨ᠎ᠠ ᠃ 

    1952 ᠣᠨ ᠤ ᠡᠴᠦᠰ ᠪᠣᠯᠬᠤ ᠳ᠋ᠤ ᠂ ᠮᠠᠨ ᠤ ᠣᠷᠣᠨ ᠤ ᠠᠷᠠᠳᠴᠢᠯᠠᠭᠰᠠᠨᠥᠭᠡᠷᠡᠴᠢᠯᠡᠯᠲᠡ ᠦᠨᠳᠦᠰᠦᠨ ᠳᠡᠭᠡᠨ ᠪᠡᠶᠡᠯᠡᠭᠳᠡᠵᠦ ᠂ ᠨᠡᠶᠢᠭᠡᠮ ᠦᠨ ᠥᠢᠯᠡᠳᠪᠦᠷᠢᠯᠡᠯ ᠦᠨ ᠬᠦᠴᠦᠨ ᠢ ᠶᠡᠬᠡ ᠬᠡᠮᠵᠢᠶ᠎ᠡ ᠪᠡᠷ  ᠴᠢᠯᠦᠭᠡᠯᠡᠭᠰᠡᠨ ᠪᠠᠶᠢᠨ᠎ᠠ ᠃ ᠮᠠᠨ  ᠤ ᠣᠷᠣᠨ  ᠤ ᠮᠠᠯᠵᠢᠬᠤᠣᠷᠣᠨ ᠤ ᠠᠷᠠᠳᠴᠢᠯᠠᠭᠰᠠᠨ ᠥᠭᠡᠷᠡᠴᠢᠯᠡᠯᠲᠡ ᠶ᠋ᠢᠨ ᠶᠠᠪᠤᠴᠠ ᠳ᠋ᠦ ᠪᠦᠲᠦᠭᠡᠯᠴᠢ ᠴᠢᠨᠠᠷ ᠢ ᠲᠣᠭᠲᠠᠭᠠᠭᠰᠠᠨ ᠠᠯᠢ ᠤᠯᠠᠨ ᠲᠥᠷᠦ ᠶ᠋ᠢᠨ ᠪᠤᠳᠤᠯᠭ᠎ᠠ ( ᠡᠭᠦᠨ  ᠳ᠋ᠦ《 ᠭᠤᠷᠪᠠᠨ ᠦᠭᠡᠢ ᠬᠣᠶᠠᠷ ᠲᠤ ᠠᠰᠢᠭᠲᠠᠶ 》 ᠲᠥᠷᠦ ᠶ᠋ᠢᠨ ᠪᠤᠳᠤᠯᠭ᠎ᠠ ) ᠂ ᠮᠠᠨ ᠤ ᠤᠯᠤᠰ ᠤᠨ ᠪᠤᠰᠤᠳ ᠴᠥᠭᠡᠨ ᠲᠣᠭᠠᠲᠤ ᠦᠨᠳᠦᠰᠦᠲᠡᠨ  ᠤ ᠭᠠᠵᠠᠷ ᠣᠷᠣᠨ ᠤ ᠨᠡᠶᠢᠭᠡᠮ ᠵᠢᠷᠤᠮᠲᠤ ᠠᠷᠠᠳᠴᠢᠯᠠᠭᠰᠠᠨ ᠥᠭᠡᠷᠡᠴᠢᠯᠡᠯᠲᠡ ᠳ᠋ᠤ ᠬᠣᠪᠣᠷ ᠨᠠᠨᠳᠢᠨ ᠲᠤᠷᠰᠢᠯᠭ᠎ᠠ ᠬᠠᠩᠭᠠᠭᠰᠠᠨ ᠪᠠᠶᠢᠨ᠎ᠠ ᠃ 1953 ᠣᠨ  ᠤ 6ᠰᠠᠷ᠎ᠠ  ᠳ᠋ᠤ᠂ ᠤᠯᠠᠭᠠᠨᠬᠦᠦ ᠨᠥᠬᠥᠷ  ᠲᠥᠪ ᠦᠨ ᠠᠷᠠᠳ ᠤᠨ ᠵᠠᠰᠠᠭ ᠤᠨ ᠣᠷᠳᠣᠨ  ᠤ ᠦᠨᠳᠦᠰᠦᠲᠡᠨ ᠤ ᠬᠡᠷᠡᠭ ᠡᠷᠬᠢᠯᠡᠬᠦ ᠬᠣᠷᠢᠶᠠᠨ  ᠤ ᠭᠤᠷᠪᠠᠳᠤᠭᠠᠷ ᠤᠳᠠᠭᠠᠨ ᠤ ( ᠥᠷᠭᠡᠳᠬᠡᠭᠰᠡᠨ )ᠬᠤᠷᠠᠯ ᠳᠡᠭᠡᠷ᠎ᠡ《 ᠥᠪᠥᠷ ᠮᠣᠩᠭᠣᠯ ᠵᠢᠴᠢ ᠰᠦᠢᠶᠤᠸᠠᠨ ᠂ ᠬᠥᠬᠡᠨᠠᠭᠤᠷ ᠂ ᠰᠢᠨᠵᠢᠶᠠᠩ ᠵᠡᠷᠭᠡ ᠭᠠᠵᠠᠷ ᠤᠨ ᠮᠠᠯᠵᠢᠬᠤ ᠣᠷᠣᠨ ᠤ ᠮᠠᠯ ᠠᠵᠤ ᠠᠬᠤᠢ ᠶ᠋ᠢᠨ ᠥᠢᠯᠡᠳᠪᠦᠷᠢᠯᠡᠯ ᠦᠨ ᠲᠤᠬᠠᠶ ᠦᠨᠳᠦᠰᠦᠨ ᠳ᠋ᠦᠩᠨᠡᠯᠲᠡ 》 ᠶ᠋ᠢ ᠬᠤᠷᠢᠶᠠᠩᠭᠤᠶᠢᠯᠠᠨ ᠪᠦᠬᠦ ᠲᠠᠯ᠎ᠠ ᠪᠠᠷ ᠳᠤᠷᠠᠳᠤᠨ ᠭᠠᠷᠭᠠᠵᠤ ᠂ ᠪᠠᠰᠠᠮᠠᠯᠵᠢᠬᠤ ᠣᠷᠣᠨ  ᠳ᠋ᠤ ᠮᠠᠯ ᠠᠵᠤ ᠠᠬᠤᠢ ᠶ᠋ᠢ ᠬᠥᠭᠵᠢᠭᠦᠯᠬᠦ ᠠᠵᠤ ᠠᠬᠤᠢ ᠶ᠋ᠢᠨ ᠬᠡᠯᠪᠡᠷᠢ 《 ᠬᠥᠮᠦᠨ ᠮᠠᠯ ᠢ ᠵᠡᠷᠭᠡᠪᠡᠷ ᠥᠰᠬᠡᠬᠦ 》 ᠲᠠᠪᠤᠨ ᠵᠦᠢᠯ ᠦᠨ ᠴᠢᠭᠯᠡᠯᠲᠡ ᠂ ᠡᠭᠦᠨ  ᠳ᠋ᠦ 《 ᠭᠤᠷᠪᠠᠨ ᠦᠭᠡᠢ ᠬᠣᠶᠠᠷ ᠲᠤ ᠠᠰᠢᠭᠲᠠᠶ 》 ᠲᠥᠷᠦ ᠶ᠋ᠢᠨ ᠪᠣᠳᠤᠯᠭ᠎ᠠ ᠶ᠋ᠢ ᠪᠠᠭᠲᠠᠭᠠᠭᠰᠠᠨ ᠠᠷᠪᠠᠨ ᠨᠢᠭᠡᠨ ᠵᠦᠢᠯ ᠦᠨ ᠲᠥᠷᠦ ᠶ᠋ᠢᠨ ᠪᠤᠳᠤᠯᠭ᠎ᠠ  ᠪᠠ ᠨᠤᠲᠤᠭ ᠪᠡᠯᠴᠢᠭᠡᠷ ᠢ ᠬᠠᠮᠠᠭᠠᠯᠠᠨ ᠪᠣᠶᠢᠵᠢᠭᠤᠯᠵᠤ ᠂ ᠵᠦᠢ ᠵᠣᠬᠢᠰᠲᠠᠶ ᠪᠠᠷ ᠬᠡᠷᠡᠭᠯᠡᠵᠦ ᠂ ᠮᠠᠯᠵᠢᠯ ᠤᠨ ᠲᠠᠯᠠᠪᠠᠢ ᠂ ᠨᠤᠲᠤᠭ ᠪᠡᠯᠴᠢᠭᠡᠷ ᠢ ᠪᠠᠭᠲᠠᠭᠠᠭᠰᠠᠨ ᠵᠢᠷᠭᠤᠭᠠᠨ ᠵᠤᠷᠪᠤᠰ ᠪᠣᠳᠠᠲᠠᠶ ᠠᠷᠭ᠎ᠠ ᠬᠡᠮᠵᠢᠶ᠎ᠡ ᠶ᠋ᠢ  ᠪᠠᠭᠲᠠᠭᠠᠪᠠ᠃ ᠡᠭᠦᠨ ᠢ᠋ ᠲᠥᠪ ᠦᠨ ᠠᠷᠠᠳ ᠤᠨ ᠣᠷᠳᠣᠨ  ᠤ ᠵᠠᠰᠠᠭ ᠤᠨ ᠶᠠᠪᠤᠳᠠᠯ ᠤᠨ ᠬᠣᠷᠢᠶᠠᠨ ᠡᠴᠠ ᠡᠯ᠎ᠡ ᠭᠠᠵᠠᠷ ᠲᠦ ᠴᠤᠬᠤᠯᠠᠪᠤᠷᠢᠯᠠᠨ ᠲᠠᠷᠬᠠᠭᠠᠵᠤ ᠂ ᠪᠦᠬᠦ ᠤᠯᠤᠰ ᠤᠨ ᠴᠥᠭᠡᠨ ᠲᠣᠭᠠᠲᠤ ᠦᠨᠳᠦᠰᠦᠲᠡᠨ ᠤ ᠭᠠᠵᠠᠷ ᠣᠷᠣᠨ  ᠤ ᠮᠠᠯᠵᠢᠬᠤ ᠣᠷᠣᠨ ᠳ᠋ᠤ  ᠬᠡᠷᠡᠭᠵᠢᠭᠦᠯᠵᠡᠢ ᠃ 

    《 ᠭᠤᠷᠪᠠᠨ ᠦᠭᠡᠢ ᠬᠣᠶᠠᠷ ᠲᠤ ᠠᠰᠢᠭᠲᠠᠶ 》ᠲᠥᠷᠦ ᠶ᠋ᠢᠨ ᠪᠣᠳᠤᠯᠭ᠎ᠠ ᠶ᠋ᠢ ᠬᠡᠷᠡᠭᠵᠢᠭᠦᠯᠦᠭᠰᠡᠨ  ᠤ ᠰᠡᠭᠦᠯᠡᠷ ᠂ ᠤᠯᠠᠭᠠᠨᠮᠣᠳᠣ ᠨᠤᠲᠤᠭ ᠪᠡᠯᠴᠢᠭᠡᠷ ᠦᠨ ᠮᠠᠯᠵᠢᠬᠤ ᠣᠷᠣᠨ  ᠤ ᠠᠷᠠᠳ ᠤᠨ ᠰᠡᠳᠬᠢᠯ ᠢ ᠠᠮᠤᠷ ᠲᠣᠭᠲᠠᠭᠤᠨ ᠪᠤᠯᠭᠠᠵᠤ ᠂ ᠨᠡᠶᠢᠭᠡᠮ ᠦᠨ ᠠᠮᠤᠷ ᠲᠣᠭᠲᠠᠭᠤᠨ ᠂ ᠰᠢᠨ᠎ᠡ ᠪᠡᠷ ᠪᠤᠢ ᠪᠣᠯᠤᠭᠰᠠᠨ ᠬᠤᠪᠢᠰᠬᠠᠯᠲᠤ ᠵᠠᠰᠠᠭ ᠤᠨ ᠡᠷᠬᠡ ᠶ᠋ᠢ ᠪᠡᠬᠢᠵᠢᠭᠦᠯᠵᠦ ᠂ ᠨᠢᠭᠡ ᠦᠢ᠎ᠡ ᠶᠡᠬᠡ ᠰᠠᠮᠠᠭᠤᠷᠠᠯ ᠲᠠᠶ ᠤᠯᠠᠭᠠᠨᠮᠣᠳᠣ ᠮᠠᠯᠵᠢᠬᠤ ᠣᠷᠣᠨ ᠤ ᠲᠦᠷᠭᠡᠨ ᠨᠠᠮᠳᠠᠬᠤ ᠶ᠋ᠢ ᠪᠠᠲᠤᠯᠠᠵᠤ ᠂ ᠮᠠᠯᠵᠢᠬᠤ ᠣᠷᠣᠨ ᠤ ᠠᠷᠠᠳᠴᠢᠯᠠᠭᠰᠠᠨ ᠥᠭᠡᠷᠡᠴᠢᠯᠡᠯᠲᠡ ᠶ᠋ᠢ ᠵᠥᠪ ᠴᠢᠭᠯᠡᠯ ᠢᠶ᠋ᠡᠷ ᠤᠷᠤᠭᠰᠢᠲᠠᠶ ᠬᠢᠬᠦ ᠶ᠋ᠢ  ᠪᠠᠲᠤᠯᠠᠨ᠂ ᠮᠠᠯ ᠤᠨ ᠡᠵᠡᠨ ᠪᠣᠯᠤᠨ ᠬᠥᠯᠥᠰᠥᠨ ᠮᠠᠯᠴᠢᠨ ᠤ ᠬᠠᠷᠢᠴᠠᠭ᠎ᠠ ᠶ᠋ᠢ ᠪᠦᠲᠦᠮᠵᠢᠲᠡᠶ ᠰᠢᠶᠳᠪᠦᠷᠢᠯᠡᠵᠦ ᠂ ᠮᠠᠯ ᠤᠨ ᠡᠵᠡᠨ ᠤ ᠠᠵᠤ ᠠᠬᠤᠢ ᠶ᠋ᠢ ᠬᠠᠮᠠᠭᠠᠯᠠᠬᠤ ᠨᠢ ᠲᠤᠬᠠᠢ ᠶ᠋ᠢᠨ ᠦᠶ᠎ᠡ ᠶ᠋ᠢᠨ ᠤᠯᠠᠭᠠᠨᠮᠣᠳᠣ ᠮᠠᠯᠵᠢᠬᠤ ᠣᠷᠣᠨ ᠤ ᠪᠣᠳᠠᠲᠤᠪᠠᠶᠢᠳᠠᠯ ᠲᠠᠶ ᠨᠡᠶᠢᠴᠡᠭᠰᠡᠨ ᠪᠣᠯᠤᠨ ᠮᠠᠯ ᠠᠵᠤ ᠠᠬᠤᠢ ᠶ᠋ᠢᠨ ᠣᠨᠴᠠᠢᠭ ᠲᠠᠢ ᠨᠡᠶᠢᠴᠡᠭᠰᠡᠨ ᠪᠠᠶᠢᠨ᠎ᠠ ᠃ ᠬᠠᠭᠤᠴᠢᠨ  ᠤ《 ᠰᠦᠷᠦᠭ 》 ᠲᠠᠯᠪᠢᠬᠤ ᠠᠷᠭ᠎ᠠ ᠶ᠋ᠢ ᠰᠢᠨᠡᠳᠬᠡᠵᠦ᠂ ᠰᠢᠨ᠎ᠡ 《 ᠰᠦᠷᠦᠭ 》ᠲᠠᠯᠪᠢᠬᠤ ᠠᠷᠭ᠎ᠠ ᠶ᠋ᠢ ᠬᠡᠷᠡᠭᠵᠢᠭᠦᠯᠵᠡᠶ ᠃  ᠲᠤᠬᠠᠶᠢᠯᠠᠪᠠᠯ ᠬᠥᠯᠥᠰᠥᠨ ᠮᠠᠯᠴᠢᠨ ᠪᠠ ᠮᠠᠯ ᠤᠨ ᠡᠵᠡᠨ ᠬᠣᠶᠠᠷ ᠲᠠᠯ᠎ᠠ ᠪᠠᠷ ᠢᠶᠡᠨ ᠵᠥᠪᠳᠡᠯᠴᠡᠵᠦ ᠪᠠᠶᠢᠭᠠᠳ ᠴᠠᠯᠢᠩ ᠪᠤᠶᠤ ᠬᠤᠪᠢᠳᠠᠯ ᠭᠡᠷ᠎ᠡ ᠲᠣᠭᠲᠠᠭᠠᠬᠤ ᠂ ᠨᠢᠭᠡᠳᠦᠯᠲᠡᠶ ᠴᠠᠯᠢᠩ ᠪᠤᠶᠤ ᠬᠤᠪᠢᠳᠠᠯ ᠪᠠᠷᠢᠮᠵᠢᠶ᠎ᠠ ᠶ᠋ᠢ ᠬᠣᠶᠠᠷ ᠲᠠᠯ᠎ᠠ ᠪᠠᠷ ᠢᠶᠡᠨ ᠬᠠᠮᠲᠤ ᠪᠠᠷ ᠵᠢᠷᠤᠮᠯᠠᠨ ᠰᠠᠬᠢᠨ᠎ᠠ ᠂ ᠬᠠᠮᠵᠢᠯᠴᠠᠨᠮᠠᠯ ᠠᠵᠤ ᠠᠬᠤᠢ ᠶ᠋ᠢ ᠬᠥᠭᠵᠢᠭᠦᠯᠦᠨ᠎ᠡ ᠃ᠢᠩᠭᠢᠬᠦᠯᠡᠷ ᠠᠵᠤ ᠠᠬᠤᠢ ᠶ᠋ᠢᠨ ᠲᠠᠯ᠎ᠠ ᠪᠠᠷᠬᠡᠳᠦᠨ ᠮᠢᠩᠭᠠᠨ ᠵᠢᠯ ᠦᠨ ᠹᠸᠤᠳᠠᠯ ᠤᠨ ᠪᠠᠶᠢᠭᠤᠯᠤᠯ ᠢ ᠡᠪᠳᠡᠵᠦ ᠂ ᠮᠠᠯ ᠤᠨ ᠡᠵᠡᠨ ᠠᠩᠬᠢ ᠶ᠋ᠢᠨ ᠣᠨᠴᠠ ᠡᠷᠬᠡ ᠶ᠋ᠢ ᠬᠦᠴᠦᠨ ᠦᠭᠡᠢ ᠪᠣᠯᠭᠠᠵᠤ ᠂ ᠬᠥᠯᠥᠰᠥᠨ ᠮᠠᠯᠴᠢᠨ ᠤᠯᠤᠰ ᠲᠥᠷᠦ ᠶ᠋ᠢᠨ ᠲᠠᠯ᠎ᠠ ᠪᠠᠷ ᠴᠢᠯᠥᠭᠡᠯᠡᠭᠳᠡᠵᠦ ᠂ ᠠᠵᠤ ᠠᠬᠤᠢ ᠶ᠋ᠢᠨ ᠣᠷᠤᠯᠭ᠎ᠠ ᠶ᠋ᠢ  ᠳᠡᠭᠡᠭᠰᠢᠯᠡᠭᠦᠯᠦᠭᠰᠡᠨ ᠪᠠᠢᠨ᠎ᠠ ᠂ ᠪᠠᠰᠠ ᠮᠠᠯ ᠤᠨ ᠡᠵᠡᠨ  ᠤ ᠮᠠᠯ ᠠᠵᠤ ᠠᠬᠤᠢ ᠶ᠋ᠢᠨ ᠦᠢᠯᠡᠳᠪᠦᠷᠢᠯᠡᠯ ᠢ ᠬᠥᠭᠵᠢᠭᠦᠯᠬᠦ ᠢᠳᠡᠪᠬᠢᠵᠢᠯ ᠢ ᠬᠠᠮᠠᠭᠠᠯᠠᠵᠤ ᠂ 《 ᠮᠠᠯ ᠤᠨ ᠡᠵᠡᠨ ᠪᠣᠯᠤᠨ ᠮᠠᠯᠴᠢᠨ ᠬᠣᠶᠠᠭᠤᠯᠠ  ᠳ᠋ᠤᠨᠢ ᠠᠰᠢᠭ ᠲᠠᠶ 》 ᠃ ᠡᠭᠦᠨ ᠤ ᠵᠡᠷᠭᠡᠴᠡᠭᠡᠪᠡᠷ ᠂ ᠮᠠᠯ ᠤᠨ ᠡᠵᠡᠨ ᠪᠠ ᠦᠨᠳᠦᠰᠦᠲᠡᠨ  ᠤ ᠳᠡᠭᠡᠳᠦ ᠳᠠᠪᠬᠤᠷᠭᠠᠲᠠᠨ ᠪᠥᠯᠬᠦᠮᠳᠡᠵᠦ ᠂ ᠦᠨᠳᠦᠰᠦᠲᠡᠨ  ᠤ ᠨᠢᠭᠡᠳᠦᠮᠡᠯ ᠹᠠᠷᠣᠨᠲ ᠢ ᠥᠷᠭᠡᠳᠬᠡᠵᠦ᠂ᠦᠨᠳᠦᠰᠦᠲᠡᠨ  ᠤ ᠪᠥᠯᠬᠦᠮᠳᠡᠯ ᠢ ᠠᠬᠢᠭᠤᠯᠤᠭᠰᠠᠨ ᠪᠠᠶᠢᠨ᠎ᠠ 

᠃ ᠮᠠᠯᠵᠢᠬᠤ ᠣᠷᠣᠨ ᠤ ᠮᠠᠯ ᠠᠵᠤ ᠠᠬᠤᠢ ᠶ᠋ᠢᠨ ᠥᠢᠯᠡᠳᠪᠦᠷᠢᠯᠡᠯ ᠢ ᠦᠳᠲᠡᠷ ᠲᠦᠷᠭᠡᠨ ᠰᠡᠷᠭᠦᠭᠡᠨ  ᠬᠥᠭᠵᠢᠭᠦᠯᠵᠡᠢ ᠃


ᠵᠣᠬᠢᠶᠠᠭᠴᠢ:
ᠢᠷᠡᠯᠲᠡ: