ᠰᠢᠶᠣᠣ ᠰᠠᠨ ᠶᠧ ᠶᠢᠨ ᠬᠡᠷᠡᠭ

  2019-04-19

    ᠥᠪᠥᠷ ᠮᠣᠩᠭᠣᠯ  ᠤᠨ ᠲᠡᠦᠬᠡᠨ ᠳᠡᠭᠡᠷ᠎ᠡ ᠠᠯᠠᠱᠠ ᠶ᠋ᠢᠨ 《 ᠰᠢᠶᠤᠤ ᠰᠠᠨ ᠶᠧ ᠶᠢᠨ ᠬᠡᠷᠡᠭ 》 ᠪᠣᠯ 《 ᠮᠣᠩᠭᠣᠯ ᠠᠷᠠᠳ ᠤᠨ ᠵᠡᠪᠰᠡᠭᠲᠦ ᠬᠦᠴᠦᠨ ᠹᠸᠤᠳᠠᠯ  ᠤᠨ ᠨᠣᠶᠠᠷᠬᠠᠯ ᠢ ᠲᠦᠯᠬᠢᠨ ᠤᠨᠠᠭᠠᠭᠰᠠᠨ ᠬᠡᠷᠡᠭ ᠬᠤᠪᠢᠰᠤᠯ ᠪᠤᠯᠤᠨ᠎ᠠ ᠂ ᠮᠦᠨ ᠴᠤ ᠪᠦᠬᠦ ᠤᠯᠤᠰ  ᠤᠨ ᠶᠡᠬᠡ ᠬᠤᠪᠢᠰᠬᠠᠯ  ᠤᠨ ᠥᠷᠨᠢᠯᠲᠡ ᠳᠤᠮᠳᠠᠬᠢ ᠥᠪᠥᠷ ᠮᠣᠩᠭᠣᠯ  ᠤᠨ ᠠᠷᠠᠳ ᠲᠦᠮᠡᠨ  ᠤ ᠬᠤᠪᠢᠰᠬᠠᠯᠲᠤ ᠲᠡᠮᠡᠴᠡᠯ  ᠤᠨ ᠭᠣᠣᠯ ᠪᠣᠯᠬᠤ ᠬᠡᠷᠡᠭ ᠶᠠᠪᠤᠳᠠᠯ ᠤᠨ ᠨᠢᠭᠡ ᠨᠢ ᠪᠣᠯᠵᠠᠶ ᠃ 》
    ᠴᠢᠩ ᠤᠯᠤᠰ  ᠤᠨ ᠦᠶ᠎ᠡ ᠳ᠋ᠤ  ᠠᠯᠠᠱᠠᠨ ᠤ ᠸᠠᠩ ᠨᠣᠶᠠᠨ ᠴᠡᠷᠢᠭ ᠠᠡᠭᠬᠢ ᠪᠠᠨ ᠳᠠᠭᠠᠭᠤᠯᠤᠨ ᠵᠡᠭᠦᠨᠰᠢ ᠳᠠᠶᠢᠯᠠᠨ ᠪᠠᠷᠠᠭᠤᠨᠰᠢ ᠪᠠᠶᠢᠯᠳᠤᠵᠤ ᠂ ᠴᠢᠩ ᠤᠯᠤᠰ  ᠤᠨ ᠵᠠᠰᠠᠭ ᠤᠨ ᠤᠷᠳᠤᠨ ᠳ᠋ᠤ 《 ᠮᠤᠨᠳᠠᠭ ᠭᠠᠪᠢᠶ᠎ᠠ 》 ᠪᠠᠶᠢᠭᠤᠯᠤᠭᠰᠠᠨ ᠶᠤᠮ᠂ ᠴᠢᠩ ᠤᠯᠤᠰ  ᠤᠨ ᠬᠠᠭᠠᠨ ᠬᠣᠶᠠᠷ ᠤᠳᠠᠭ᠎ᠠ ᠬᠤᠱᠤᠳ ᠴᠢᠨ ᠸᠠᠩ ᠠᠯᠠᠱᠠ ᠶᠢᠨ ᠸᠠᠩ ᠨᠤᠶᠠᠨ ᠢ ᠲᠡᠪᠦᠨᠡᠩ ᠪᠣᠯᠭᠠᠨ ᠡᠯᠰᠡᠵᠦ ᠬᠤᠱᠤᠳ ᠴᠢᠨ ᠸᠠᠩ ᠤᠨ ᠬᠡᠷᠬᠢᠨ ᠵᠡᠷᠭᠡ ᠨᠢ ᠴᠤ ᠦᠶ᠎ᠡ ᠤᠯᠠᠮᠵᠢᠯᠠᠭᠳᠠᠭᠰᠠᠨ ᠪᠠᠶᠢᠵᠠᠢ ᠃ ᠡᠶᠢᠮᠦ ᠤᠴᠢᠷ ᠡᠴᠠ ᠠᠯᠠᠱᠠ ᠶᠢᠨ ᠸᠠᠩ ᠭᠦᠩ  ᠤᠨ ᠪᠠᠶᠢᠭᠤᠯᠤᠯ ᠪᠤᠢ ᠪᠤᠯᠤᠭᠰᠠᠨ ᠶᠤᠮ ᠃ᠡᠶᠢᠮᠦᠷᠬᠦᠦ ᠠᠬᠤᠶ ᠪᠠᠶᠢᠳᠠᠯ ᠳᠣᠣᠷ᠎ᠠ ᠂ ᠠᠯᠠᠱᠠ ᠶᠢᠨ ᠸᠠᠩ ᠨᠤᠶᠠᠳ᠂ ᠪᠠᠰᠠ ᠪᠡᠭᠡᠵᠢᠩ  ᠳ᠋ᠤ ᠲᠠᠪᠤᠨᠠᠩ ᠣᠷᠳᠣᠨ ︱  ᠷᠤᠭᠧᠷ ᠸᠠᠩ  ᠤᠨ ᠤᠷᠳᠤᠨ ᠢ ᠵᠠᠰᠠᠨ ᠪᠠᠶᠢᠭᠤᠯᠵᠠᠢ ᠃ ᠵᠢᠯ ᠲᠤᠵᠢ ᠤᠷᠳᠤᠨ ᠳ᠋ᠤ ᠪᠠᠨ ᠰᠠᠭᠤᠵᠤ ᠂ ᠳᠤᠷ᠎ᠠ ᠵᠣᠷᠢᠭ  ᠢᠶᠠᠷ ᠢᠶᠡᠨ  ᠬᠥᠳᠡᠯᠮᠦᠷᠢᠴᠢᠨ ᠠᠷᠠᠳ ᠲᠦᠮᠡᠨ  ᠢ ᠮᠥᠯᠵᠢᠨ ᠳᠠᠷᠤᠯᠠᠵᠤ ᠪᠠᠶᠢᠵᠠᠢ ᠃ ᠢᠷᠭᠡᠨ ᠤᠯᠤᠰ ᠤᠨ ᠦᠶ᠎ᠡ  ᠳ᠋ᠤ ᠬᠦᠷᠴᠦ ᠢᠷᠡᠭᠰᠡᠨ ᠴᠤ ᠂ ᠡᠨᠡ ᠬᠡᠰᠡᠭ ᠭᠠᠵᠠᠷ ᠨᠤᠲᠤᠭ ᠳᠡᠭᠡᠷᠡᠬᠢ ᠠᠷᠠᠳ ᠲᠦᠮᠡᠨ ᠮᠦᠯᠵᠢᠯ ᠳᠠᠷᠤᠯᠠᠯ ᠤᠨ ᠳᠤᠤᠷ᠎ᠠ ᠬᠦᠨᠳᠦ ᠳᠠᠷᠤᠭᠠᠰᠤ ᠲᠠᠢ ᠠᠮᠢᠳᠤᠷᠠᠵᠤ ᠪᠠᠶᠢᠵᠠᠢ ᠃
    1925 ᠣᠨ  ᠳ᠋ᠤ ᠂ ᠥᠪᠥᠷ ᠮᠣᠩᠭᠣᠯ ᠣᠷᠣᠨ  ᠤᠨ ᠬᠤᠪᠢᠰᠬᠠᠯ  ᠤᠨ ᠪᠠᠶᠢᠳᠠᠯ ᠡᠳᠦᠷ ᠢᠷᠡᠬᠦᠶ᠎ᠡ ᠬᠤᠷᠴᠠᠳᠴᠤ ᠂ ᠲᠤᠰ ᠵᠢᠯ ᠤᠨ 10 ᠰᠠᠷ᠎ᠠ  ᠳ᠋ᠤ ᠡᠪ ᠬᠠᠮᠲᠤ  ᠶ᠋ᠢᠨ ᠢᠨᠲ᠋ᠧᠷᠨᠠᠼᠢᠣᠨᠠᠯ ᠪᠣᠯᠤᠨ ᠳᠤᠮᠳᠠᠳᠤ ᠤᠯᠤᠰ  ᠤᠨ ᠡᠪ ᠬᠠᠮᠲᠤ ᠨᠠᠮ  ᠤᠨ ᠢᠳᠡᠪᠬᠢᠲᠡᠶ ᠠᠬᠢᠭᠤᠯᠤᠯ ᠳᠣᠣᠷ᠎ᠠ ᠂ ᠥᠪᠥᠷ ᠮᠣᠩᠭᠣᠯ  ᠤᠨ ᠠᠷᠠᠳ  ᠤᠨ ᠬᠤᠪᠢᠰᠬᠠᠯᠲᠤ ᠨᠠᠮ ᠪᠠᠶᠢᠭᠤᠯᠤᠭᠳᠠᠬᠤ ᠶᠡᠬᠡ ᠬᠤᠷᠠᠯ ᠢ ᠴᠢᠭᠤᠯᠤᠯᠳᠦ ᠬᠠᠭᠠᠯᠭ᠎ᠠ ᠳᠤ ᠬᠤᠷᠠᠯᠳᠤᠭᠤᠯᠵᠤ ᠂ ᠡᠭᠦᠨ ᠤ ᠳᠠᠭᠠᠤ ᠳ᠋ᠤ ᠪᠠᠰᠠ ᠢᠷᠭᠡᠨ  ᠤ ᠬᠤᠪᠢᠰᠬᠠᠯᠲᠤ ᠴᠡᠷᠢᠭ ᠤᠨ ᠮᠣᠩᠭᠣᠯ ᠴᠡᠷᠢᠭ ᠤᠨ ᠨᠢᠭᠡᠳᠦᠭᠡᠷ ᠵᠠᠮ  ᠤᠨ ᠰᠧᠯᠢᠩᠪᠦ᠋ ᠶ᠋ᠢ ᠪᠠᠶᠢᠭᠤᠯᠵᠤ ᠂ ᠥᠪᠥᠷ ᠮᠣᠩᠭᠣᠯ ᠠᠷᠠᠳ ᠲᠦᠮᠡᠨ ᠤ ᠬᠡᠦᠬᠡᠳ ᠳᠡᠭᠦᠦᠨᠡᠷ ᠤᠨ ᠴᠡᠷᠢᠭ ᠠᠩᠭᠢ ᠶ᠋ᠢ ᠵᠤᠬᠢᠶᠠᠨ ᠪᠠᠶᠢᠭᠤᠯᠤᠭᠰᠠᠨ ᠶᠤᠮ ᠃ ᠭᠡᠲᠡᠯ᠎ᠡ ᠤᠮᠠᠷᠠᠲᠤ  ᠶ᠋ᠢᠨ ᠴᠡᠷᠢᠭ ᠤᠨ ᠡᠷᠬᠡᠲᠡᠨ  ᠤ ᠨᠣᠶᠠᠷᠬᠠᠯ ᠤᠨ ᠦᠶ᠎ᠡ  ᠳ᠋ᠤ᠂ ᠠᠯᠠᠱᠠ ᠶ᠋ᠢᠨ ᡀᠸᠠᠩᠪᠦ᠋ᠷᠤᠭ᠍ᠵᠢᠯ ᠸᠠᠩ ᠥᠪᠡᠷ ᠦᠨ ᠸᠠᠩ ᠤᠨ ᠰᠠᠭᠤᠷᠢᠨ ᠢᠶᠡᠨ ᠪᠠᠲᠤᠯᠠᠬᠤ ᠶ᠋ᠢᠨ ᠲᠦᠯᠦᠭᠡ ᠤᠮᠠᠷᠠᠲᠤ ᠶ᠋ᠢᠨ ᠴᠡᠷᠢᠭ ᠤᠨ ᠡᠷᠭᠡᠲᠡᠨ ᠳᠦ ᠦᠨᠡᠨᠴᠢ ᠪᠡᠷ ᠬᠠᠨᠳᠤᠵᠤ ᠴᠡᠷᠢᠭ ᠦᠨ ᠡᠷᠬᠡᠲᠡᠨ ᠢ ᠲᠦᠰᠢᠭᠯᠡᠵᠦ ᠪᠠᠶᠢᠵᠠᠢ ᠃ ᠡᠭᠦᠨ ᠡᠴᠡ ᠰᠡᠭᠦᠯᠡᠷ ᠤᠮᠠᠷᠠᠲᠤ ᠶᠢᠨ ᠴᠡᠷᠢᠭ ᠶᠢᠨ ᠡᠷᠬᠡᠲᠡᠨ ᠡᠨᠡᠬᠦ ᠴᠢᠩ ᠤᠯᠤᠰ ᠤᠨ ᠬᠤᠱᠤᠳ ᠴᠢᠨ ᠸᠠᠩ ᠨᠤᠶᠠᠨ ᠢ ᠤᠮᠠᠷᠠᠲᠤ ᠶ᠋ᠢᠨ ᠵᠠᠰᠠᠭ ᠤᠨ ᠤᠷᠳᠤᠨ ᠤ ᠮᠣᠩᠭᠤᠯ ᠲᠦᠪᠡᠳ ᠦᠨ ᠬᠣᠷᠢᠶᠠᠨ ᠤ ᠶᠡᠷᠦᠩᠬᠡᠶᠢᠯᠡᠭᠴᠢ ᠪᠣᠯᠭᠠᠭᠰᠠᠨ ᠶᠤᠮ ᠃ ᠹᠸᠤᠳᠠᠯ ᠤᠨ ᠨᠣᠶᠠᠷᠬᠠᠯ ᠤᠨ ᠪᠠᠶᠢᠭᠤᠯᠤᠯ ᠤᠨ ᠴᠢᠬᠤᠯᠠ ᠲᠥᠯᠥᠭᠡᠯᠡᠭᠴᠢ ᠪᠣᠯᠤᠭᠰᠠᠨ ᠤ ᠬᠤᠪᠢ  ᠳ᠋ᠤ ᠳᠠᠪᠰᠢᠩᠭᠤᠢ ᠬᠦᠴᠦᠨ ᠢ ᠡᠰᠡᠷᠭᠦᠴᠡᠵᠦ ᠪᠠᠶᠢᠭᠰᠠᠨ ᠶᠤᠮ᠃ ᡀᠸᠠᠩᠪᠦ᠋ᠷᠤᠭ᠍ᠵᠢᠯ ᠸᠠᠩ ᠬᠦᠨᠳᠦ ᠬᠡᠴᠡᠭᠦᠦ ᠭᠠᠶᠢᠯᠢ ᠭᠤᠪᠴᠢᠭᠤᠷ ᠬᠤᠷᠢᠶᠠᠨ ᠪᠠᠯᠠᠮᠠᠳᠯᠠᠨ ᠬᠡᠷᠴᠡᠭᠡᠶᠢᠯᠡᠭᠰᠡᠨ ᠡᠴᠡ ᠪᠣᠯᠵᠤ ᠵᠠᠷᠢᠮ ᠳᠠᠪᠰᠢᠯᠲᠤ ᠬᠥᠮᠦᠰ ᠤᠨ ᠡᠰᠡᠷᠭᠦᠴᠡᠯ ᠢ ᠤᠯᠤᠭᠰᠠᠨ ᠪᠠᠶᠢᠨ᠎ᠠ ᠂ ᠡᠳᠡᠭᠡᠷ ᠳᠠᠪᠰᠢᠩᠭᠤᠶ ᠬᠥᠮᠦᠰ ᠤᠨ ᠳᠣᠲᠣᠷ᠎ᠠ ᠨᠢᠭᠡ《 ᠰᠢᠶᠣᠣ ᠰᠠᠨ ᠶᠧ 》 ᠭᠡᠰᠡᠨ ᠨᠡᠷᠡᠲᠡᠢ ᠬᠦᠮᠦᠨ ᠪᠠᠶᠢᠨ᠎ᠠ ᠃ ᠡᠨᠡ ᠬᠦᠮᠦᠨ ᠤᠳᠠᠭᠠᠨ ᠪᠣᠯᠭᠠᠨ  ᠦ ᠬᠣᠪᠢᠰᠬᠠᠯᠲᠦ ᠬᠡᠷᠡᠭ ᠶᠠᠪᠤᠳᠠᠯ ᠳᠤ ᠢᠳᠡᠪᠬᠢᠲᠡᠶ ᠣᠷᠣᠯᠴᠠᠭᠰᠠᠨ ᠪᠥᠭᠡᠳ ᠤᠳᠤᠷᠢᠳᠤᠭᠰᠠᠨ ᠪᠠᠶᠢᠨ᠎ᠠ᠃ ᠡᠨᠡᠬᠦ ᠬᠡᠷᠡᠭ ᠶᠠᠪᠤᠳᠠᠯ ᠢ ᠠᠯᠠᠱᠠ ᠶᠢᠨ ᠲᠡᠦᠬᠡᠨ ᠳᠡᠭᠡᠷ᠎ᠡ《 ᠰᠢᠶᠤᠤ ᠰᠠᠨ ᠶᠧ ᠶᠢᠨ ᠬᠡᠷᠡᠭ 》 ᠭᠡᠳᠡᠭ ᠶᠤᠮ᠃
    ᠰᠢᠶᠣᠣ ᠰᠠᠨ ᠶᠧ ᠶᠢᠨ ᠶᠡᠬᠡ ᠨᠡᠷ᠎ᠡ ᠨᠢ ᠳᠠᠴᠢᠢᠢᠰᠢᠨᠤᠷᠪᠣ ᠂ ᠬᠢᠲᠠᠳ ᠨᠡᠷ᠎ᠡ ᠨᠢ ᠳ᠋ᠸ ᠢ ᠴᠧᠨ ᠂ ᠠᠯᠠᠱᠠ ᠢᠵᠠᠭᠤᠷᠲᠠᠨ ᠂ ᠠᠬ᠎ᠠ ᠳᠡᠭᠦᠦ ᠳᠣᠲᠣᠷ᠎ᠠ ᠪᠠᠨ ᠭᠤᠷᠪᠠᠳᠤᠭᠠᠷ ᠲᠤ ᠵᠢᠭᠰᠠᠭᠠᠭᠳᠠᠵᠤ ᠪᠠᠶᠢᠭ᠎ᠠ ᠪᠣᠯᠬᠤᠷ ᠂ ᠬᠥᠮᠦᠰ ᠲᠡᠭᠦᠨ ᠢ 《 ᠰᠢᠶᠣᠣ ᠰᠠᠨ ᠶᠧ 》 ᠭᠡᠳᠡᠭ ᠂  ᠲᠡᠷᠡ ᠪᠣᠯ ᠲᠤᠬᠠᠶ ᠶᠢᠨ ᠦᠶ᠎ᠡ ᠳ᠋ᠡᠬᠢ ᠠᠯᠠᠱᠠ ᠶᠢᠨ ᠰᠡᠬᠡᠭᠡᠷᠡᠭᠰᠡᠨ ᠰᠡᠬᠡᠭᠡᠲᠡᠨ ᠳᠦ ᠪᠠᠭᠲᠠᠭᠳᠠᠨ᠎ᠠ ᠃ ᠲᠠᠷᠡ ᠳᠡᠳ᠋ ᠮᠠᠶᠢᠷᠠᠨ ᠵᠠᠩᠬᠢᠨ ᠤ ᠲᠤᠰᠢᠶᠠᠯ ᠢ ᠡᠭᠦᠷᠭᠡᠯᠡᠵᠦ ᠪᠠᠶᠢᠭᠰᠠᠨ ᠪᠣᠯᠪᠠᠴᠤ ᡀᠸᠠᠩᠪᠦ᠋ᠷᠤᠭ᠍ᠵᠢᠯ ᠸᠠᠩ ᠵᠡᠷᠭᠡ ᠨᠣᠶᠠᠷᠬᠠᠭᠴᠢ ᠠᠨᠭᠬᠢ ᠲᠠᠢ ᠬᠠᠮᠰᠠᠨ ᠨᠡᠶᠢᠯᠡᠬᠦ ᠦᠭᠡᠢ ᠪᠣᠯᠬᠤᠷ ᠢᠵᠠᠭᠤᠷᠲᠠᠨ  ᠤ ᠨᠣᠶᠠᠷᠬᠠᠯ ᠤᠨ ᠪᠦᠯᠦᠭ ᠤᠨ ᠭᠠᠳᠠᠨᠠᠬᠢ ᠬᠦᠮᠦᠨ ᠪᠣᠯᠴᠢᠭᠰᠠᠨ ᠪᠠᠶᠢᠨ᠎ᠠ ᠃ ᠡᠶᠢᠮᠦᠷᠬᠦ ᠪᠠᠶᠢᠳᠠᠯ ᠳᠣᠣᠷ᠎ᠠ ᠂ 《 ᠰᠢᠶᠤᠤ ᠰᠠᠨ ᠶᠧ 》ᠬᠤᠪᠢᠰᠬᠠᠯ  ᠤᠨ ᠶᠣᠰᠣ ᠶ᠋ᠢ ᠬᠦᠯᠢᠶᠡᠨ ᠠᠪᠴᠤ ᠂ ᠸᠠᠩ ᠭᠦᠩ  ᠤᠨ ᠪᠠᠶᠢᠭᠤᠯᠤᠯ ᠢ ᠲᠦᠯᠬᠢᠨ ᠤᠨᠠᠭᠠᠬᠤ ᠬᠤᠪᠢᠰᠬᠠᠯᠲᠤ ᠠᠵᠢᠯᠯᠠᠭ᠎ᠠ  ᠳ᠋ᠤ ᠢᠳᠡᠪᠬᠢᠲᠡᠶ ᠤᠷᠤᠯᠴᠠᠭᠰᠠᠨ ᠪᠠᠶᠢᠵᠠᠢ ᠃
    1925 ᠣᠨ ᠳ᠋ᠤ ᠂ ᠥᠪᠥᠷ ᠮᠣᠩᠭᠣᠯ  ᠤᠨ ᠠᠷᠠᠳ  ᠤᠨ ᠬᠤᠪᠢᠰᠬᠠᠯᠲᠤ ᠨᠠᠮ ᠴᠢᠭᠤᠯᠤᠯᠲᠤ ᠬᠠᠭᠠᠯᠭ᠎ᠠ ᠬᠣᠲᠠᠨ᠎ᠠ ᠪᠠᠢ᠌ᠭᠤᠯᠤᠭᠳᠠᠪᠠ ᠂ ᠢᠩᠭᠢᠭᠡᠳ ᠠᠯᠠᠱᠠ ᠬᠤᠰᠢᠭᠤᠨ ᠳᠤ ᠬᠤᠪᠢᠰᠬᠠᠯ  ᠤᠨ ᠠᠵᠢᠯ ᠢ ᠥᠷᠨᠢᠭᠦᠯᠵᠦ ᠡᠬᠢᠯᠡᠪᠡ᠃ 《 ᠰᠢᠶᠣᠣ ᠰᠠᠨ ᠶᠧ  》 ᠪᠠᠷ ᠲᠦᠷᠦᠭᠦᠯᠡᠭᠦᠯᠦᠭᠰᠡᠨ ᠨᠢᠭᠡ ᠪᠦᠯᠦᠭ ᠳᠠᠪᠰᠢᠩᠭᠤᠶ ᠬᠥᠮᠦᠰ ᠂ ᠬᠤᠪᠢᠰᠬᠠᠯ ᠤᠨ ᠵᠣᠷᠢᠯᠲᠠ ᠶ᠋ᠢ ᠬᠦᠯᠢᠶᠡᠵᠦ ᠠᠪᠤᠭᠰᠠᠨ ᠪᠠᠶᠢᠨ᠎ᠠ ᠃ ᠬᠤᠪᠢᠰᠬᠠᠯ  ᠤᠨ ᠬᠦᠴᠦᠨ  ᠢ ᠬᠥᠭᠵᠢᠭᠦᠯᠬᠦ  ᠶ᠋ᠢᠨ ᠲᠥᠯᠥᠭᠡ ᠂ ᠬᠤᠰᠢᠭᠤᠨ ᠤ ᠳᠠᠪᠤᠰᠤᠨ ᠶᠠᠪᠤᠳᠠᠯ  ᠤᠨ ᠲᠣᠪᠴᠢᠶ᠎ᠠ ᠂ ᠭᠠᠶᠢᠯᠢ ᠶᠢᠨ ᠶᠠᠪᠤᠳᠠᠯ  ᠤᠨ ᠲᠣᠪᠴᠢᠶ᠎ᠠ ᠪᠣᠯᠤᠨ ᠪᠦᠷᠢᠨ ᠪᠠᠷᠠᠭᠠᠲᠤ ᠨᠢᠭᠡᠳᠦᠯᠲᠡᠶ ᠲᠤᠰᠠᠯᠠᠬᠤ ᠲᠣᠪᠴᠢᠶ᠎ᠠ ᠶᠢᠨ ᠬᠡᠰᠡᠭ ᠠᠵᠢᠯᠲᠠᠳ ᠪᠠ ᠣᠯᠠᠩᠬᠢ ᠲᠣᠭᠠᠨ ᠤ ᠬᠠᠮᠠᠭᠠᠯᠠᠭᠴᠢ ᠠᠩᠭᠢ ᠪᠠᠷ ᠰᠠᠭᠤᠷᠢ ᠪᠣᠯᠭᠠᠵᠦ ᠠᠷᠠᠯᠵᠢᠶ᠎ᠠ ᠮᠠᠶᠢᠮᠠᠶ ᠶᠢᠨ ᠬᠣᠷᠢᠶ᠎ᠠ ᠶᠢ ᠵᠣᠬᠢᠶᠠᠨ ᠪᠠᠶᠢᠭᠤᠯᠵᠦ ᠠᠷᠠᠯᠵᠢᠶ᠎ᠠ ᠮᠠᠶᠢᠮᠠᠢ ᠬᠢᠬᠦ ᠪᠠᠷ ᠬᠠᠯᠬᠠᠪᠴᠢ ᠪᠣᠯᠭᠠᠵᠤ ᠂ ᠵᠡᠪᠰᠡᠭᠲᠦ ᠪᠣᠰᠣᠯᠭ᠎ᠠ ᠭᠠᠷᠭᠠᠬᠤ ᠴᠠᠭ ᠲᠣᠬᠢᠶᠠᠯ ᠢ ᠬᠦᠯᠢᠶᠡᠵᠦ ᠪᠠᠶᠢᠵᠠᠢ ᠃
    1926 ᠣᠨ ᠳ᠋ᠤ ᠂ ᠰᠢᠶᠣᠣ ᠰᠠᠨ ᠶᠧ ᠪᠤᠰᠤᠳ ᠬᠥᠮᠦᠰ  ᠤᠨ ᠳᠡᠮᠵᠢᠯᠭᠡ ᠶᠢ ᠤᠯᠤᠭᠰᠠᠨ ᠶᠤᠮ᠃ ᠡᠨᠡ ᠬᠤᠭᠤᠴᠠᠭᠠᠨ ᠳᠤ ᠰᠢᠶᠣᠣ ᠰᠠᠨ ᠶᠧ ᠪᠠᠰᠠ ᠤᠴᠢᠷ ᠶᠠᠪᠤᠳᠠᠯ ᠵᠥᠪᠳᠡᠯᠴᠡᠬᠦ ᠪᠡᠷ ᠰᠢᠯᠲᠠᠭᠠᠨ ᠪᠣᠯᠭᠠᠵᠤ ᠂ ᠨᠢᠩᠰᠢᠶᠠ ᠳᠤ ᠬᠦᠷᠴᠦ ᠲᠤᠬᠠᠶ ᠶᠢᠨ ᠦᠶ᠎ᠡ ᠶᠢᠨ ᠨᠢᠩᠰᠢᠶᠠ ᠮᠤᠵᠢ ᠶᠢᠨ ᠲᠡᠷᠢᠭᠦᠯᠡᠭᠴᠢ ᠵᠢᠶ ᠬᠣᠩ ᠴᠠᠩ ᠲᠠᠢ ᠠᠭᠤᠯᠵᠠᠨ ᠂ ᠸᠠᠩ ᠭᠦᠩ ᠦᠨ ᠳᠦᠷᠢᠮ ᠢ ᠵᠡᠪᠰᠡᠭᠲᠦ ᠬᠦᠴᠦᠨ ᠢᠶᠠᠷ ᠲᠦᠯᠬᠢᠨ ᠤᠨᠠᠭᠠᠬᠤ ᠶᠠᠪᠤᠳᠠᠯ  ᠢ ᠵᠥᠪᠳᠡᠯᠴᠡᠵᠡᠢ ᠃ ᠡᠭᠦᠨ ᠳ᠋ᠦ ᠵᠢᠶ ᠬᠣᠩ ᠴᠠᠩ ᠵᠦᠪᠰᠢᠶᠡᠷᠡᠭᠰᠡᠨ ᠪᠦᠭᠡᠳ ᠶᠣᠣ ᠵᠢᠶᠠ ᠰᠠᠨ ᠢᠶᠡᠷ ᠳᠠᠮᠵᠢᠭᠤᠯᠤᠨ ᠨᠢᠭᠡ ᠪᠦᠯᠦᠭ ᠵᠦᠪᠯᠡᠯᠲᠦ ᠶᠢᠨ ᠵᠡᠷ ᠵᠡᠪᠰᠡᠭ ᠢ ᠰᠢᠶᠣᠣ ᠰᠠᠨ ᠶᠧ ᠳᠤ ᠬᠦᠷᠭᠡᠵᠦ ᠥᠭᠭᠦᠭᠰᠡᠨ ᠶᠤᠮ᠃
    ᠰᠢᠶᠣᠣ ᠰᠠᠨ ᠶᠧ ᠶᠢᠨ ᠡᠳᠡᠭᠡᠷ ᠠᠵᠢᠯᠯᠠᠭ᠎ᠠ ᠶᠢ ᠠᠯᠤᠰ ᠬᠣᠯᠠ  ᠶᠢᠨ ᠪᠡᠭᠡᠵᠢᠩ ᠳᠦ ᠪᠠᠶᠢᠭ᠎ᠠ ᡀᠸᠠᠩᠪᠦ᠋ᠷᠤᠭ᠍ᠵᠢᠯ ᠸᠠᠩ ᠣᠯᠵᠤ ᠮᠡᠳᠡᠭᠰᠡᠨ ᠶᠤᠮ᠂ ᡀᠸᠠᠩᠪᠦ᠋ᠷᠤᠭ᠍ᠵᠢᠯ ᠸᠠᠩ ᠪᠠᠶᠢᠳᠠᠯ  ᠢ ᠨᠠᠮᠳᠠᠭᠤᠯᠬᠤ ᠶᠢᠨ ᠲᠥᠯᠥᠭᠡ ᠂ ᠴᠠᠭ ᠢ ᠠᠮᠵᠢᠵᠤ ᠂ ᠦᠨᠭᠭᠡᠨ ᠳᠡᠭᠡᠷ᠎ᠡ ᠪᠡᠨ ᠰᠢᠶᠣᠣ ᠰᠠᠨ ᠶᠧ ᠶᠢ ᠠᠯᠠᠱᠠ ᠬᠤᠰᠢᠭᠤᠨ ᠤ ᠲᠤᠰᠠᠯᠠᠭᠴᠢ ᠪᠣᠯᠭᠠᠨ ᠳᠡᠭᠡᠭᠰᠢᠯᠡᠭᠦᠯᠵᠦ ᠂ ᠳᠠᠯᠳᠠᠭᠤᠷ ᠵᠡᠪᠰᠡᠭᠲᠦ ᠬᠦᠴᠦᠨ ᠢᠶᠡᠨ ᠴᠤᠭᠯᠠᠭᠤᠯᠵᠤ ᠪᠠᠶᠢᠵᠠᠢ ᠃ ᡀᠸᠠᠩᠪᠦ᠋ᠷᠤᠭ᠍ᠵᠢᠯ ᠸᠠᠩ ᠤᠨ ᠲᠣᠮᠢᠯᠠᠭᠰᠠᠨ ᠰᠠᠨᠠᠭ᠎ᠠ ᠶ᠋ᠢ ᠰᠢᠶᠣᠣ ᠰᠠᠨ ᠶᠧ  ᠭᠡᠨᠡᠳᠲᠡ ᠭᠦᠨᠵᠡᠭᠡᠶ ᠤᠶᠢᠯᠠᠭᠠᠨ ᠦᠪᠡᠷ ᠦᠨ ᠬᠣᠶᠢᠴᠤᠰ ᠲᠠᠢ ᠪᠡᠨ ᠵᠥᠪᠯᠡᠵᠦ ᠶᠣᠣ ᠵᠢᠶᠠ ᠰᠠᠨ ᠦ ᠵᠦᠪᠰᠢᠶᠡᠷᠡᠯ ᠢ ᠣᠯᠵᠦ 1927 ᠣᠨ ᠤ ᠬᠠᠭᠤᠴᠢᠨ ᠤᠯᠠᠷᠢᠯ ᠤᠨ ᠭᠤᠷᠪᠡᠨ ᠰᠠᠷ᠎ᠠ ᠶᠢᠨ ᠭᠤᠷᠪᠠᠨ ᠳᠤ ᠹᠸᠤᠳᠠᠯ ᠸᠠᠩ ᠭᠦᠩ  ᠤᠨ ᠪᠠᠶᠢᠭᠤᠯᠤᠯ ᠢ ᠲᠦᠯᠬᠢᠨ ᠤᠨᠠᠭᠠᠬᠤ ᠵᠡᠪᠰᠡᠭᠲᠦ ᠪᠣᠰᠣᠯᠭ᠎ᠠ ᠭᠠᠷᠭᠠᠬᠤ ᠪᠠᠷ ᠲᠣᠭᠲᠠᠭᠠᠪᠠ ᠃
    ᠬᠤᠪᠢᠰᠬᠠᠯ ᠤᠨ ᠬᠡᠷᠡᠭ ᠬᠤᠪᠢᠰᠤᠯ  ᠡᠬᠢᠯᠡᠭᠰᠡᠨ  ᠤ ᠲᠠᠷᠠᠭ᠎ᠠ ᠂ ᠰᠢᠶᠣᠣ ᠰᠠᠨ ᠶᠧ ᠵᠡᠷᠭᠡ ᠬᠥᠮᠦᠰ ᠬᠤᠳᠠᠯᠳᠤᠭᠠᠴᠢᠳ ᠤᠨ ᠬᠣᠷᠢᠶ᠎ᠠ ᠶᠢ  ᠢ ᠴᠤᠭᠯᠠᠭᠤᠯᠤᠨ ᠶᠣᠣ ᠵᠢᠶᠠ ᠰᠠᠨ ᠳᠦ ᠬᠠᠷᠢᠶᠠᠯᠠᠭᠳᠠᠬᠤ ᠢᠷᠭᠡᠨ ᠦ ᠴᠡᠷᠢᠭ ᠨᠡᠶᠢᠲᠡ ᠵᠠᠭᠤ ᠭᠠᠷᠤᠶ ᠬᠥᠮᠦᠨ ᠂ ᠠᠯᠠᠱᠠᠨ ᠤ ᠶᠠᠮᠤᠨ ᠢ ᠲᠣᠪᠲᠤᠯᠤᠨ ᠡᠵᠡᠯᠡᠭᠰᠡᠨ ᠤ ᠳᠠᠷᠠᠭ᠎ᠠ ᠂ ᠸᠠᠩ  ᠤᠨ ᠬᠣᠷᠣᠭ᠎ᠠ ᠶᠢ ᠪᠦᠰᠡᠯᠡᠭᠰᠡᠨ ᠪᠠᠶᠢᠨ᠎ᠠ᠂ ᠢᠩᠭᠢᠭᠡᠳ ᠳ᠋ᠢᠩ ᠶᠤᠸᠠᠨ ᠶᠢᠩ ᠳ᠋ᠡᠬᠢ ᠡᠯ᠎ᠡ ᠴᠡᠷᠢᠭ ᠦᠨ ᠰᠠᠭᠤᠷᠢᠨ ᠢ ᠡᠵᠡᠯᠡᠵᠦ ᠶᠡᠷᠦᠩᠬᠡᠶᠢᠯᠡᠭᠴᠢ ᠶ᠋ᠢ ᠨᠡᠩᠵᠢᠨ ᠪᠠᠷᠢᠪᠴᠢᠯᠠᠵᠤ ᠠᠯᠠᠱᠠᠨ ᠤ ᠬᠡᠷᠡᠭ ᠬᠤᠪᠢᠰᠤᠯ  ᠢᠯᠠᠯᠲᠠ ᠤᠯᠤᠭᠰᠠᠨ ᠶᠤᠮ ᠃
    ᠬᠡᠷᠡᠭ ᠬᠤᠪᠢᠰᠤᠯ  ᠢᠯᠠᠯᠲᠠ ᠣᠯᠤᠭᠰᠠᠨ  ᠤ ᠲᠠᠷᠠᠭ᠎ᠠ ᠂ 《 ᠠᠯᠠᠱᠠ ᠬᠤᠰᠢᠭᠤᠨ ᠤ ᠵᠠᠰᠠᠭ  ᠤᠨ ᠶᠠᠪᠤᠳᠠᠯ  ᠤᠨ ᠵᠥᠪᠯᠡᠯ 》  ᠪᠠᠶᠢᠭᠤᠯᠤᠭᠳᠠᠪᠠ ᠃ ᠰᠢᠶᠣᠣ ᠰᠠᠨ ᠶᠧ ᠨᠣᠶᠠᠨ ᠡᠷᠬᠢᠯᠡᠭᠴᠢ ᠭᠡᠰᠢᠭᠦᠨ ᠪᠣᠯᠵᠤ ᠢᠷᠭᠡᠨ ᠦ ᠬᠤᠪᠢᠰᠬᠠᠯ ᠤᠨ ᠮᠣᠩᠭᠤᠯ ᠴᠡᠷᠢᠭ ᠠᠩᠭᠢ ᠶ᠋ᠢᠨ ᠬᠤᠶᠠᠳᠤᠭᠠᠷ ᠰᠧᠯᠢᠩᠪᠦ᠋ ᠶᠢ ᠪᠠᠶᠢᠭᠤᠯᠤᠵᠦ ᠰᠢᠶᠣᠣ ᠰᠠᠨ ᠶᠧ ᠰᠸᠯᠢᠩ ᠦᠨ ᠲᠤᠰᠢᠶᠠᠯ ᠳ᠋ᠤ ᠭᠠᠷᠤᠭᠰᠠᠨ ᠶᠤᠮ ᠃ ᠢᠩᠭᠢᠭᠡᠳ ᠳ᠋ᠢᠩ ᠶᠤᠸᠠᠨ ᠶᠢᠩ ᠬᠣᠲᠠᠨ ᠳᠦ ᠬᠤᠪᠢᠰᠬᠠᠯ ᠤᠨ ᠢᠯᠠᠯᠲᠠ ᠶ᠋ᠢ ᠪᠡᠯᠡᠭᠯᠡᠬᠦ ᠬᠣᠷᠠᠯ ᠬᠤᠷᠠᠯᠳᠤᠭᠤᠯᠵᠤ ᠸᠠᠩ ᠤᠨ ᠣᠷᠳᠤᠨ ᠡᠴᠡ ᠬᠠᠷ᠎ᠠ ᠲᠠᠮᠠᠬᠢ᠂ ᠰᠤᠪᠤᠳ ᠡᠷᠳᠡᠨᠢ᠂ ᠬᠠᠰ ᠬᠡᠷᠡᠭᠰᠡᠯ ᠂ ᠮᠠᠩᠨᠤᠭ ᠬᠤᠪᠴᠠᠰᠤ ᠵᠠᠰᠠᠯ ᠭᠡᠬᠦ ᠮᠡᠲᠦ ᠶᠢᠨ ᠦᠷᠳᠡᠭ ᠨᠢ ᠪᠠᠷᠤᠭ 50 ᠲᠦᠮᠡᠨ ᠲᠥᠭᠥᠷᠢᠭ ᠮᠥᠩᠭᠥᠨ ᠵᠣᠭᠣᠰ ᠤᠨ ᠡᠳ᠋ ᠬᠥᠷᠥᠩᠭᠡ ᠶᠢ ᠬᠤᠷᠢᠶᠠᠨ ᠂ ᠰᠢᠨ᠎ᠡ ᠵᠠᠰᠠᠭ  ᠤᠨ ᠪᠠᠶᠢᠭᠤᠯᠤᠯᠲᠠ ᠳ᠋ᠤ ᠬᠡᠷᠡᠭᠯᠡᠬᠦ ᠪᠡᠷ ᠲᠤᠩᠬᠠᠯᠠᠭᠰᠠᠨ ᠪᠠᠶᠢᠨ᠎ᠠ᠃
    ᠠᠯᠠᠱᠠ ᠸᠠᠩ ᠭᠦᠩ ᠤᠨ ᠳᠦᠷᠢᠮ ᠢ ᠲᠦᠯᠬᠢᠨ ᠤᠨᠠᠭᠠᠭᠰᠠᠨ ᠴᠢᠮᠡᠭᠡ ᠨᠢ ᠪᠡᠭᠡᠵᠢᠩ ᠳ᠋ᠦ ᠳᠠᠮᠵᠢᠭᠳᠠᠨ ᠰᠤᠨᠤᠰᠲᠠᠵᠤ ᠂ ᡀᠸᠠᠩᠪᠦ᠋ᠷᠤᠭ᠍ᠵᠢᠯ ᠸᠠᠩ ᠂ ᠳᠠᠷᠤᠶ ᠳ᠋ᠤ ᠨᠢᠭᠡᠳᠡᠷᠭᠦ ᠳᠠᠭᠠᠷᠢᠯᠲᠠ ᠶᠠᠪᠤᠭᠤᠯᠵᠠᠢ᠃ ᡀᠸᠠᠩᠪᠦ᠋ᠷᠤᠭ᠍ᠵᠢᠯ ᠸᠠᠩ ᠤᠨ ᠵᠡᠪᠰᠡᠭᠲᠦ ᠬᠦᠴᠦᠨ ᠰᠢᠨ᠎ᠡ ᠵᠠᠰᠠᠭ ᠤᠨ ᠣᠷᠳᠤᠨ ᠢ ᠬᠡᠳᠦᠨ ᠰᠠᠷ᠎ᠠ ᠪᠦᠰᠡᠯᠡᠵᠦ ᠲᠦᠯᠬᠢᠨ ᠤᠨᠠᠭᠠᠵᠦ ᠬᠦᠴᠦᠷᠡᠬᠦ ᠦᠭᠡᠢ ᠪᠠᠶᠢᠳᠠᠯ ᠲᠣᠣᠷ᠎ᠠ ᠭᠣᠮᠢᠨᠳᠠᠩ ᠤᠨ ᠲᠡᠷᠰᠯᠡᠭᠦᠦ ᠵᠠᠰᠠᠭ ᠤᠨ ᠣᠷᠳᠣᠨ ᠪᠠ ᠸᠠᠩ ᠭᠦᠩ ᠢᠵᠠᠭᠤᠷᠲᠠᠨ ᠤ ᠬᠦᠴᠦᠨ ᠢᠶᠠᠨ ᠬᠠᠮᠳᠤᠳᠬᠠᠵᠦ ᠰᠢᠨ᠎ᠡ ᠵᠠᠰᠠᠭ ᠢ ᠨᠤᠷᠠᠭᠠᠭᠰᠠᠨ ᠪᠠᠶᠢᠨ᠎ᠠ᠃ ᠡᠭᠦᠨ ᠡᠴᠡ ᠬᠣᠶᠢᠰᠢ᠂ ᠰᠢᠶᠣᠣ ᠰᠠᠨ ᠶᠧ ᠰᠦᠢᠶᠤᠸᠠᠨ ᠵᠡᠷᠭᠡ ᠭᠠᠵᠠᠷ ᠢᠶᠠᠷ ᠲᠡᠨᠦᠭᠦᠴᠢᠯᠡᠨ ᠶᠠᠪᠤᠵᠤ ᠬᠣᠵᠢᠮ ᠨᠢ ᠠᠯᠠᠱᠠ ᠶᠢᠨ ᠡᠮᠦᠨ᠎ᠡ ᠭᠣᠪᠢ ᠭᠠᠵᠠᠷ ᠤᠨ ᠴᠠᠭᠠᠨ ᠭᠤᠤᠯ ᠰᠦᠮ᠎ᠡ ᠳᠦ ᠴᠦᠯᠡᠭᠳᠡᠵᠦ᠂1940 ᠣᠨ ᠳ᠋ᠤ ᠬᠦᠨᠳᠦ ᠡᠪᠡᠳᠴᠢᠨ ᠳ᠋ᠦ ᠨᠡᠷᠪᠡᠭᠳᠡᠨ ᠨᠠᠰᠤ ᠪᠠᠷᠠᠭᠰᠠᠨ ᠶᠤᠮ ᠃

ᠵᠣᠬᠢᠶᠠᠭᠴᠢ:
ᠢᠷᠡᠯᠲᠡ: