ᠦᠶᠤᠸᠠᠨ ᠤ ᠲᠠᠩᠭᠠᠷᠢᠭᠯᠠᠯᠲᠠ
1926 ᠤᠨ ᠤ 8 ᠰᠠᠷ᠎ᠠ ᠶ᠋ᠢᠨ 17 ᠦ ᠡᠳᠦᠷ᠂ ᠹᠸᠩ ᠢᠦᠢ ᠰᠢᠶᠠᠩ ᠳᠤᠮᠳᠠᠳᠤ ᠤᠯᠤᠰ ᠤᠨ ᠡᠪ ᠬᠠᠮᠲᠤ ᠨᠠᠮ ᠤᠨ ᠨᠠᠮ ᠤᠨ ᠭᠡᠰᠢᠭᠦᠨ ᠯᠢᠦ ᠪᠦᠸ᠋ᠸᠢ ᠵᠢᠶᠠᠨ ᠂ ᠳ᠋ᠧᠩ ᠰᠢᠶᠤᠤ ᠫᠢᠩ ᠪᠣᠯᠤᠨ ᠵᠥᠪᠯᠡᠯᠲᠦ ᠶ᠋ᠢᠨ ᠵᠥᠪᠯᠡᠭᠴᠢ ᠦᠰᠮᠡᠨᠦ᠋ᠸ᠋ᠸ ᠲᠠᠶ ᠬᠠᠮᠲᠤᠪᠠᠷ ᠵᠥᠪᠯᠡᠯᠳᠤ ᠬᠣᠯᠪᠣᠭᠠᠲᠤ ᠤᠯᠤᠰ ᠲᠤ ᠭᠤᠷᠪᠠᠨ ᠰᠠᠷ᠎ᠠ ᠶ᠋ᠢᠨ ᠠᠶᠢᠯᠴᠢᠯᠠᠯᠲᠠ ᠢ ᠳᠠᠭᠤᠰᠬᠠᠵᠤ᠂ ᠮᠣᠰᠺᠸᠠ ᠡᠴᠠ ᠮᠣᠷᠳᠠᠵᠤ ᠂ ᠵᠠᠮ ᠳᠠᠭᠠᠤ ᠤᠯᠠᠭᠠᠨᠪᠠᠭᠠᠲᠤᠷ ᠢᠶᠡᠷ ᠳᠠᠭᠠᠷᠢᠵᠦ ᠤᠯᠤᠰ ᠲᠠᠭᠠᠨ ᠪᠤᠴᠠᠪᠠ ᠃ 9 ᠰᠠᠷ᠎ᠠ ᠶ᠋ᠢᠨ16 ᠦ ᠤᠷᠤᠢ ᠰᠦᠢᠶᠤᠸᠠᠨ ᠮᠤᠵᠢ ᠶ᠋ᠢᠨ ᠦᠶᠤᠸᠠᠨ ᠳ᠋ᠦ ᠬᠦᠷᠴᠠᠢ᠃ ᠲᠡᠷᠡ ᠳᠠᠷᠤᠢ ᠂ ᠰᠦᠨ ᠶᠤᠸᠠᠢ ᠂ ᠹᠠᠩ ᠵᠸᠨ ᠡᠦ ᠂ ᠭᠦᠩ ᠹᠦ᠋ ᠺᠦᠢ ᠂ ᠰᠢᠤᠢ ᠶᠦᠩ ᠴᠠᠩ ᠂ ᠳ᠋ᠧᠩ ᠪᠦᠦ ᠱᠠᠨ ᠵᠡᠷᠭᠡ ᠲᠠᠪᠤᠨ ᠬᠦᠮᠦᠰ ᠴᠥᠮ ᠦᠶᠤᠸᠠᠨ ᠳ᠋ᠦ ᠪᠠᠶᠢᠵᠠᠢ ᠃ 17 ᠤ ᠡᠳᠦᠷ ᠤᠨ ᠥᠷᠯᠥᠭᠡ ᠶ᠋ᠢᠨ 8 ᠴᠠᠭ ᠲᠤ ᠂ ᠹᠸᠩ ᠢᠦᠢ ᠰᠢᠶᠠᠩ ᠳᠠᠷᠤᠢ ᠲᠦᠷᠭᠡᠨ ᠬᠤᠷᠠᠯ ᠬᠢᠵᠦ ᠂ ᠲᠠᠩᠭᠠᠷᠢᠭᠯᠠᠬᠤ ᠤᠨ ᠶᠠᠪᠤᠳᠠᠯ ᠢ ᠬᠠᠮᠲᠤ ᠪᠠᠷ ᠵᠥᠪᠳᠡᠯᠴᠡᠨ ᠂ ᠢᠷᠭᠡᠨ ᠤ ᠴᠡᠷᠢᠭ ᠤᠨ ᠬᠣᠯᠪᠣᠭᠠᠲᠤ ᠴᠡᠷᠢᠭ ᠢ ᠵᠣᠬᠢᠶᠠᠨ ᠪᠠᠶᠢᠭᠤᠯᠬᠤ ᠪᠠᠷ ᠲᠣᠭᠲᠠᠪᠠ ᠃ ᠢᠦᠢ ᠶᠢᠦ ᠷᠧᠨ ᠂ ᠰᠦᠨ ᠶᠤᠸᠠᠢ ᠂ ᠹᠠᠩ ᠵᠧᠨ ᠡᠦ ᠂ ᠳ᠋ᠧᠩ ᠪᠦᠦ ᠱᠠᠨ ᠵᠡᠷᠭᠡ ᠬᠦᠮᠦᠰ ᠦᠨ ᠬᠠᠪᠰᠤᠷᠤᠯᠭ᠎ᠠ ᠳᠡᠮᠵᠢᠯᠭᠡ ᠪᠡᠷ ᠹᠸᠩ ᠢᠦᠢ ᠰᠢᠶᠠᠩ ᠡᠴᠡ ᠢᠷᠭᠡᠨ ᠤ ᠴᠡᠷᠢᠭ ᠤᠨ ᠬᠣᠯᠪᠣᠭᠠᠲᠤ ᠴᠡᠷᠢᠭ ᠤᠨ ᠶᠡᠷᠦᠩᠬᠡᠶ ᠰᠧᠯᠢᠩ ᠶ᠋ᠢᠨ ᠲᠤᠰᠢᠶᠠᠯ ᠳ᠋ᠤ ᠭᠠᠷᠤᠭᠰᠠᠨ ᠪᠠᠶᠢᠨ᠎ᠠ ᠃ ᠹᠸᠩ ᠢᠦᠢ ᠰᠢᠶᠠᠩ ᠲᠤᠰᠢᠶᠠᠯ ᠳ᠋ᠤ ᠭᠠᠷᠤᠭᠰᠠᠨ ᠤ ᠳᠠᠷᠠᠭ᠎ᠠ ᠂ ᠪᠦᠬᠦ ᠤᠯᠤᠰ ᠲᠤ ᠴᠠᠬᠢᠯᠭᠠᠨ ᠮᠡᠳᠡᠭᠳᠡᠯ ᠭᠠᠷᠭᠠᠨ ᠂ ᠯᠢᠦ ᠪᠦᠸ᠋ᠸᠢ ᠤ ᠲᠤᠭᠤᠷᠪᠢᠨ ᠪᠢᠴᠢᠭᠰᠡᠨ ᠲᠤᠩᠬᠠᠭ ᠢ ᠨᠡᠶᠢᠲᠡᠯᠡᠵᠦ᠂ ᠦᠨᠡᠨᠴᠢ ᠴᠠᠭᠠᠪᠤᠷ ᠢᠶᠠᠷ ᠥᠪᠡᠷ ᠤᠨ ᠬᠦᠰᠡᠯ ᠡᠷᠡᠮᠡᠯᠵᠡᠯ ᠪᠤᠯᠤᠨ ᠬᠤᠪᠢᠰᠬᠠᠯ ᠤᠨ ᠲᠤᠬᠠᠢ ᠡᠷᠡᠰ ᠵᠣᠷᠢᠭ ᠢᠶᠠᠨ ᠢᠯᠡᠳᠬᠡᠭᠰᠡᠨ ᠪᠠᠶᠢᠨ᠎ᠠ ᠃
ᠹᠸᠩ ᠢᠦᠢ ᠰᠢᠶᠠᠩ ᠲᠤᠩᠬᠠᠭ ᠲᠠᠭᠠᠨ ᠬᠡᠯᠡᠭᠰᠡᠨ ᠨᠢ ᠄ 《 ᠢᠦᠢ ᠰᠢᠶᠠᠩ ᠮᠢᠨᠦ ᠪᠡᠶ᠎ᠡ ᠪᠣᠯ ᠨᠢᠭᠡᠨ ᠴᠡᠷᠢᠭ ᠬᠦᠮᠦᠨ ᠂ ᠬᠠᠭᠠᠰ ᠨᠠᠰᠤ ᠪᠠᠨ ᠴᠡᠷᠢᠭ ᠲᠤ ᠵᠠᠷᠤᠴᠠᠭᠤᠯᠵᠤ ᠂ ᠡᠷᠳᠡᠮ ᠰᠤᠶᠤᠯ ᠤᠷᠤᠯᠳᠤᠭᠠ ᠦᠭᠡᠢ᠃ ᠳᠠᠩ ᠬᠢᠷᠢ ᠪᠡᠨ ᠮᠡᠳᠡᠬᠦ ᠦᠭᠡᠢ ᠂ ᠤᠯᠤᠰ ᠢᠶᠡᠨ ᠠᠪᠤᠷᠠᠬᠤ ᠭᠡᠵᠦ ᠤᠷᠤᠯᠳᠤᠳᠠᠭ ᠂ ᠠᠷᠭ᠎ᠠ ᠤᠬᠠᠭᠠᠨ ᠴᠢᠳᠠᠪᠤᠷᠢ ᠮᠡᠭᠦᠰ᠂ ᠬᠤᠪᠢᠰᠬᠠᠯ ᠤᠨ ᠠᠷᠭ᠎ᠠ ᠲᠡᠮ ᠢ ᠣᠯᠤᠭᠰᠠᠨ ᠦᠭᠡᠢ᠃ ᠡᠶᠢᠮᠦ ᠡᠴᠡ ᠲᠤᠰᠢᠶᠠᠯ ᠡᠴᠡ ᠪᠡᠨ ᠪᠠᠭᠤᠵᠤ᠂ ᠬᠠᠷᠢ ᠤᠯᠤᠰ ᠲᠤ ᠲᠤᠭᠤᠷᠢᠨ ᠶᠠᠪᠤᠪᠠ ᠃ ᠵᠦᠪᠯᠡᠯᠲᠦ ᠳᠦ ᠬᠦᠷᠲᠡᠯ᠎ᠡ ᠶᠠᠪᠤᠵᠤ ᠂ ᠳᠡᠯᠡᠬᠡᠶ ᠶ᠋ᠢᠨ ᠬᠤᠪᠢᠰᠬᠠᠯ ᠢ ᠶᠡᠬᠡᠳᠡ ᠬᠠᠯᠠᠭᠤᠷᠠᠯ ᠳ᠋ᠤ ᠬᠦᠷᠦᠭᠰᠡᠨ ᠢ ᠦᠵᠡᠯ᠎ᠡ᠃ ᠳᠤᠮᠳᠠᠳᠤ ᠤᠯᠤᠰ ᠪᠣᠯ ᠳᠡᠯᠡᠬᠡᠶ ᠶ᠋ᠢᠨ ᠨᠢᠭᠡ ᠬᠡᠰᠡᠭ ᠪᠠᠶᠢᠵᠦ ᠂ ᠭᠠᠳᠠᠭᠠᠳᠤ ᠶ᠋ᠢᠨ ᠡᠵᠡᠷᠬᠡᠭ ᠳᠦᠷᠢᠮᠡᠬᠡᠶᠢᠲᠡᠨ ᠪᠤᠯᠤᠨ ᠤᠯᠤᠰ ᠤᠨ ᠳᠣᠲᠣᠭᠠᠳᠤ ᠶ᠋ᠢᠨ ᠴᠡᠷᠢᠭ ᠤᠨ ᠡᠷᠬᠡᠲᠡᠨ ᠤ ᠳᠠᠪᠬᠤᠷ ᠳᠠᠷᠤᠯᠠᠯ ᠢ ᠠᠮᠰᠠᠵᠤ ᠪᠠᠶᠢᠨ᠎ᠠ ᠃ ᠬᠤᠪᠢᠰᠬᠠᠯᠲᠤ ᠬᠥᠳᠡᠯᠭᠡᠭᠡᠨ ᠠᠯᠢ ᠬᠡᠳᠦᠶᠢᠨ ᠦᠷᠨᠢᠨ ᠬᠦᠭᠵᠢᠵᠡᠢ᠃ ᠳᠡᠯᠡᠬᠡᠶ ᠶ᠋ᠢᠨ ᠨᠥᠯᠥᠭᠡ ᠡᠴᠡ ᠪᠤᠯᠵᠤ ᠂ ᠦᠨᠳᠦᠰᠦᠲᠡᠨ ᠦ ᠴᠢᠯᠥᠭᠡᠯᠡᠯᠲᠡ ᠶ᠋ᠢᠨ ᠱᠠᠭᠠᠷᠳᠠᠯᠭ᠎ᠠ ᠤᠯᠠᠮ ᠲᠤᠯᠭᠠᠮ᠎ᠠ ᠱᠠᠭᠠᠷᠳᠠᠭᠳᠠᠭᠰᠠᠨ ᠪᠠᠶᠢᠨ᠎ᠠ ᠃ ᠰᠦᠨ ᠵᠦᠩ ᠱᠠᠨ ᠠᠪᠤᠭᠠᠶ ᠶ᠋ᠢᠨ ᠰᠠᠨᠮᠢᠨ ᠦᠵᠡᠯ ᠪᠣᠯᠤᠨ ᠲᠡᠭᠦᠨ ᠦ ᠤᠳᠤᠷᠢᠳᠤᠭᠰᠠᠨ ᠢᠷᠭᠡᠨ ᠤ ᠬᠤᠪᠢᠰᠬᠠᠯ ᠨᠢ ᠡᠭᠦᠨ ᠡᠴᠡ ᠡᠬᠢᠯᠡᠵᠦ ᠦᠷᠨᠢᠭᠰᠡᠨ ᠪᠠᠶᠢᠨ᠎ᠠ ᠃ ᠡᠭᠦᠨ ᠡᠴᠡ ᠤᠯᠤᠰ ᠢᠶ᠋ᠡᠨ ᠠᠪᠤᠷᠠᠬᠤ ᠠᠨᠢᠰᠤ ᠨᠢ ᠰᠦᠨ ᠵᠦᠩ ᠱᠠᠨ ᠠᠪᠠᠭᠠᠢ ᠶ᠋ᠢᠨ ᠲᠡᠨᠳᠡ ᠡᠴᠡ ᠨᠢᠭᠡᠨᠲᠡ ᠡᠬᠢᠯᠡᠭᠰᠡᠨ ᠢ ᠪᠢ ᠰᠡᠷᠡᠵᠦ ᠮᠡᠳᠡᠭᠰᠡᠨ ᠶᠤᠮ 》 ᠃《 ᠮᠢᠨᠤ ᠡᠨᠡ ᠪᠣᠯ ᠠᠷᠭ᠎ᠠ ᠪᠤᠰᠤ ᠶ᠋ᠢᠨ ᠪᠠᠶᠢᠳᠠᠯ ᠳᠤᠤᠷ᠎ᠠ ᠬᠤᠯᠠ ᠶᠠᠪᠤᠵᠦ ᠂ ᠠᠷᠭ᠎ᠠ ᠲᠠᠢ ᠦᠶ᠎ᠡ ᠳ᠋ᠦ ᠪᠤᠴᠠᠵᠤ ᠢᠷᠡᠭᠰᠡᠨ ᠪᠠᠶᠢᠳᠠᠭ ᠃ ᠪᠤᠴᠠᠵᠤ ᠢᠷᠡᠭᠰᠡᠨ ᠨᠢ ᠳᠠᠬᠢᠨ ᠲᠤᠭ ᠢᠶᠡᠨ ᠮᠠᠨᠳᠤᠭᠤᠯᠬᠤ ᠭᠡᠰᠡᠨ ᠶᠠᠪᠤᠳᠠᠯ ᠪᠢᠰᠢ᠃ ᠤᠳᠤ ᠤᠯᠤᠰ ᠲᠠᠭᠠᠨ ᠪᠤᠴᠠᠵᠤ ᠢᠷᠡᠭᠰᠡᠨ ᠡᠬᠢᠯᠡᠯ ᠳ᠋ᠦ ᠂ ᠵᠠᠷᠢᠮ ᠴᠢᠬᠤᠯᠠ ᠵᠦᠢᠯᠡᠰ ᠢ ᠤᠯᠤᠰ ᠢᠷᠭᠡᠨ ᠳ᠋ᠦ ᠦᠨᠡᠨᠴᠢ ᠪᠡᠷ ᠬᠡᠯᠡᠵᠦ ᠦᠭᠲᠦᠭᠡᠢ 》 ᠃ ᠲᠡᠷᠡ ᠴᠡᠷᠢᠭ ᠤᠨ ᠡᠷᠬᠡᠲᠡᠨ ᠦ ᠶᠠᠯᠠᠲᠤ ᠠᠵᠢᠯᠯᠠᠭ᠎ᠠ ᠶ᠋ᠢ ᠨᠢᠭᠡᠳ ᠨᠢᠭᠡᠳ ᠢᠶ᠋ᠡᠷ ᠵᠢᠭᠠᠨ ᠭᠠᠷᠭᠠᠭᠰᠠᠨ ᠤ ᠳᠠᠷᠠᠭ᠎ᠠ᠄ 《 ᠴᠡᠷᠢᠭ ᠤᠨ ᠡᠷᠬᠡᠲᠡᠨ ᠶᠠᠭᠠᠬᠢᠭᠠᠳ ᠡᠶᠢᠮᠦ ᠪᠠᠶᠢᠳᠠᠭ ᠪᠤᠢ ︖ ᠴᠡᠷᠢᠭ ᠤᠨ ᠡᠷᠬᠡᠲᠡᠨ ᠤ ᠲᠤᠰ ᠪᠡᠶ᠎ᠡ ᠨᠢ ᠡᠳᠦᠢ ᠶᠡᠬᠡ ᠬᠦᠴᠦᠨ ᠴᠢᠳᠠᠯ ᠭᠡᠵᠦ ᠪᠠᠶᠢᠬᠤ ᠦᠭᠡᠢ ᠂ ᠬᠠᠷᠢᠨ ᠡᠵᠡᠷᠬᠡᠭ ᠲᠦᠷᠢᠮᠡᠬᠡᠢᠢᠲᠡᠨ ᠡᠴᠠ ᠠᠷᠤ ᠲᠠᠯ᠎ᠠ ᠡᠴᠠ ᠨᠢ ᠲᠡᠳᠡᠨ ᠢ ᠳᠡᠮᠵᠢᠵᠦ ᠪᠠᠶᠢᠭ᠎ᠠ ᠳ᠋ᠤ ᠪᠠᠶᠢᠬᠤ ᠶᠤᠮ᠃ ᠲᠡᠶᠢᠮᠦ ᠡᠴᠡ ᠴᠡᠷᠢᠭ ᠤᠨ ᠡᠷᠬᠡᠲᠡᠨ ᠶᠢ ᠢᠯᠠᠬᠤ ᠳ᠋ᠦ ᠶᠠᠭᠤᠨ ᠤ ᠤᠷᠢᠳ ᠡᠵᠡᠷᠬᠡᠭ ᠲᠦ᠋ᠷᠢᠮᠡᠬᠡᠢᠢᠳ᠋ᠡᠨ ᠢ ᠴᠣᠬᠢᠨ ᠤᠨᠠᠭᠠᠬᠤ ᠢ ᠪᠢᠲᠡᠨ ᠨᠢᠭᠡᠨᠲᠡ ᠮᠡᠳᠡᠭᠰᠡᠨ ᠪᠠᠶᠢᠨ᠎ᠠ ᠃ ᠡᠵᠡᠷᠬᠡᠭ ᠲᠦᠷᠢᠮᠡᠬᠡᠶᠢᠲᠡᠨ ᠡᠴᠡ ᠳᠤᠮᠳᠠᠳᠤ ᠤᠯᠤᠰ ᠲᠤ ᠬᠡᠲᠦᠷᠬᠡᠢ ᠳᠠᠷᠤᠯᠠᠯ ᠦᠵᠡᠭᠦᠯᠦᠭᠰᠡᠨ ᠡᠴᠡ ᠪᠤᠯᠵᠤ ᠳᠤᠮᠳᠠᠳᠤ ᠤᠯᠤᠰ ᠨᠢᠭᠡᠨᠲᠡ ᠤᠷᠤᠰᠢᠨ ᠲᠤᠭᠲᠠᠨᠢᠵᠤ ᠲᠡᠶᠢᠯᠬᠦ ᠦᠭᠡᠢ ᠪᠤᠯᠤᠭᠰᠠᠨ ᠪᠠᠶᠢᠨ᠎ᠠ》 ᠃ 《 ᠭᠠᠭᠴᠠ ᠬᠦ ᠡᠵᠡᠷᠬᠡᠭ ᠳᠦᠷᠢᠮᠡᠬᠡᠶᠢᠲᠡᠨ ᠦ ᠳᠠᠷᠤᠯᠠᠯ ᠢ ᠲᠦᠯᠬᠢᠨ ᠤᠨᠠᠭᠠᠪᠠᠯ ᠰᠠᠶ᠋ᠢ ᠡᠨᠡᠬᠦ ᠭᠠᠰᠢᠭᠤᠨ ᠵᠣᠪᠠᠯᠠᠩ ᠢ ᠠᠷᠢᠯᠭᠠᠵᠤ ᠴᠢᠳᠠᠬᠤ ᠪᠤᠯᠤᠨ᠎ᠠ ᠂ ᠡᠶᠢᠮᠦ ᠡᠴᠡ ᠪᠢ ᠬᠠᠨᠴᠤᠶ ᠰᠢᠮᠠᠯᠠᠨ ᠪᠣᠰᠴᠤ ᠵᠤᠭᠰᠤᠨ᠂ ᠬᠤᠪᠢᠰᠬᠠᠯᠲᠤ ᠨᠥᠬᠥᠳ ᠲᠠᠢ ᠬᠠᠮᠲᠤ ᠪᠠᠷ ᠡᠨᠡᠬᠦ ᠡᠭᠦᠷᠭᠡ ᠶ᠋ᠢ ᠬᠦᠯᠢᠶᠡᠨ ᠠᠪᠤᠭᠰᠠᠨ ᠪᠠᠶᠢᠨ᠎ᠠ》 ᠃ ᠪᠠᠰᠠ《 ᠰᠦᠨ ᠵᠦᠩ ᠱᠠᠨ ᠠᠪᠤᠭᠠᠶ ᠶ᠋ᠢᠨ ᠭᠡᠷᠢᠶᠡᠰ ᠶᠤᠰᠤᠭᠠᠷ ᠢᠷᠭᠡᠨ ᠤ ᠬᠤᠪᠢᠰᠬᠠᠯ ᠢ ᠶᠠᠪᠤᠭᠳᠠᠭᠤᠯᠵᠤ ᠂ ᠰᠠᠨᠮᠢᠨ ᠦᠵᠡᠯ ᠢ ᠬᠡᠷᠡᠭᠵᠢᠭᠦᠯᠵᠦ ᠶᠠᠪᠤᠨ᠎ᠠ》 ᠬᠡᠮᠡᠨ ᠬᠦᠯᠢᠴᠡᠩᠬᠦᠢ ᠪᠡᠷ ᠶᠠᠷᠢᠭᠰᠠᠨ ᠶᠤᠮ ᠃ ᠭᠣᠮᠢᠨᠳᠠᠩ ᠤᠨ ᠬᠣᠶᠠᠷ ᠤᠳᠠᠭᠠᠨ ᠤ ᠲᠥᠯᠥᠭᠡᠯᠡᠭᠴᠢᠳ ᠤᠨ ᠶᠡᠬᠡ ᠬᠤᠷᠠᠯ ᠤᠨ ᠰᠢᠶᠳᠪᠦᠷᠢ ᠪᠤᠯᠤᠨ ᠲᠤᠩᠬᠠᠭ ᠢ ᠬᠦᠯᠢᠶᠡᠨ ᠠᠪᠤᠭᠰᠠᠨ ᠤ ᠳᠠᠷᠠᠭ᠎ᠠ ᠂ ᠢᠷᠭᠡᠨ ᠤ ᠴᠡᠷᠢᠭ ᠢ ᠠᠷᠠᠳ ᠤᠯᠠᠨ ᠤ ᠵᠡᠪᠰᠡᠭᠲᠦ ᠬᠦᠴᠦᠨ ᠪᠤᠯᠭᠠᠨ ᠪᠠᠶᠢᠭᠤᠯᠵᠤ ᠂ ᠣᠷᠣᠨ ᠨᠤᠲᠤᠭ ᠤᠨ ᠠᠵᠢᠯᠴᠢᠨ ᠲᠠᠷᠢᠶᠠᠴᠢᠨ ᠤ ᠵᠣᠬᠢᠶᠠᠨ ᠪᠠᠶᠢᠭᠤᠯᠤᠯᠲᠠ ᠶ᠋ᠢ ᠬᠠᠪᠰᠤᠷᠬᠤ ᠶ᠋ᠢᠨ ᠳᠠᠭᠠᠤ ᠪᠤᠰᠤᠳ ᠠᠷᠠᠳ ᠤᠯᠠᠨ ᠤ ᠪᠦᠯᠬᠦᠮ ᠲᠠᠢ ᠬᠣᠯᠪᠣᠭᠠᠯᠠᠵᠤ ᠂ ᠡᠯ᠎ᠡ ᠲᠠᠯ᠎ᠠ ᠡᠯ᠎ᠡ ᠠᠨᠭᠭᠢ ᠳᠠᠪᠬᠤᠷᠭ᠎ᠠ ᠶ᠋ᠢᠨ ᠠᠰᠢᠭ ᠲᠤᠰᠠ ᠶ᠋ᠢ ᠬᠠᠷᠠᠭᠠᠯᠵᠠᠵᠤ ᠂ 《 ᠳᠠᠷᠤᠯᠠᠭᠳᠠᠵᠤ ᠪᠠᠶᠢᠭ᠎ᠠ ᠳᠤᠮᠳᠠᠳᠤ ᠶ᠋ᠢᠨ ᠦᠨᠳᠦᠰᠦᠲᠡᠨ ᠢ ᠴᠢᠯᠦᠭᠡᠯᠡᠵᠦ᠂ ᠳᠡᠯᠡᠬᠡᠶ ᠶ᠋ᠢᠨ ᠦᠨᠳᠦᠰᠦᠲᠡᠨ ᠨᠦᠭᠦᠳ ᠲᠠᠢ ᠡᠷᠬᠡ ᠲᠡᠭᠰᠢ ᠪᠠᠶᠢᠯᠭᠠᠬᠤ ᠪᠤᠯ ᠲᠡᠭᠦᠨ ᠦ ᠤᠳᠬ᠎ᠠ ᠠᠭᠤᠯᠭ᠎ᠠ ᠪᠤᠯᠤᠨ᠎ᠠ ᠃ ᠴᠡᠷᠢᠭ ᠤᠨ ᠡᠷᠬᠡᠲᠡᠨ ᠤ ᠳᠠᠷᠤᠯᠠᠯ ᠢ ᠬᠦᠴᠦᠨ ᠦᠭᠡᠢ ᠪᠤᠯᠭᠠᠵᠤ ᠂ ᠠᠵᠢᠯᠴᠢᠨ ᠢ ᠮᠦᠯᠵᠢᠯ ᠡᠴᠡ ᠵᠠᠶᠢᠯᠠᠭᠤᠯᠵᠤ ᠂ ᠲᠠᠷᠢᠶᠠᠴᠢᠳ ᠢ ᠶᠠᠳᠠᠭᠤ ᠵᠦᠳᠡᠬᠦᠦ ᠪᠠᠶᠢᠳᠠᠯ ᠡᠴᠠ ᠠᠩᠭᠢᠵᠢᠷᠠᠭᠤᠯᠵᠤ ᠂ ᠬᠤᠳᠠᠯᠳᠤᠭᠠᠴᠢᠨ ᠢ ᠳᠠᠮᠪᠠᠷᠠᠭᠤᠯᠬᠤ ᠦᠭᠡᠢ ᠪᠠᠶᠢᠯᠭᠠᠵᠤ ᠂ ᠰᠤᠷᠤᠭᠴᠢᠳ ᠨᠢ ᠤᠩᠰᠢᠬᠤ ᠪᠢᠴᠢᠭ ᠲᠡᠶ ᠂ ᠪᠠᠭᠰᠢ ᠪᠤᠯᠤᠨ ᠪᠠᠶᠢᠭᠤᠯᠭ᠎ᠠ ᠶ᠋ᠢᠨ ᠠᠯᠪᠠᠨ ᠬᠠᠭᠠᠭᠴᠢᠳ ᠨᠢ ᠴᠥᠮ ᠴᠠᠯᠢᠩ ᠮᠦᠩᠬᠦ ᠲᠠᠢ᠂ ᠰᠣᠨᠢᠨ ᠮᠡᠳᠡᠭᠡᠯᠡᠯ ᠤᠨ ᠰᠤᠷᠪᠤᠯᠵᠢᠯᠠᠭᠴᠢ ᠶ᠋ᠢ ᠠᠮᠢ ᠨᠠᠰᠤᠨ ᠤ ᠠᠶᠤᠯ ᠦᠭᠡᠢ ᠪᠤᠯᠭᠠᠭᠰᠠᠨ ᠪᠦᠭᠡᠳ ᠪᠤᠰᠤᠳ ᠠᠷᠠᠳ ᠲᠦᠮᠡᠨ ᠤ ᠭᠠᠰᠠᠯᠠᠩ ᠵᠣᠪᠠᠯᠠᠩ ᠨᠢ ᠴᠥᠮ ᠴᠡᠪᠡᠷᠡᠯᠠᠨ ᠠᠷᠢᠯᠭᠠᠨ᠎ᠠ ᠭᠡᠵᠦ》᠃ ᠥᠪᠡᠷ ᠤᠨ ᠤᠯᠤᠰ ᠲᠥᠷᠥ ᠶ᠋ᠢᠨ ᠵᠣᠷᠢᠯᠲᠠ ᠪᠡᠨ ᠢᠯᠡᠷᠬᠡᠶᠢᠯᠡᠵᠦ᠂ 《 ᠠᠯᠢᠪᠠ ᠪᠦᠬᠦᠨ ᠢ ᠴᠦᠮ ᠭᠣᠮᠢᠨᠳᠠᠩ ᠡᠴᠡ ᠲᠤᠭᠲᠠᠭᠠᠵᠤ ᠂ ᠢᠷᠭᠡᠨ ᠤ ᠵᠠᠰᠠᠭ ᠤᠨ ᠣᠷᠳᠣᠨ ᠡᠴᠠ ᠡᠷᠬᠢᠯᠡᠨ᠎ᠡ 》 ᠭᠡᠰᠡᠨ ᠪᠠᠶᠢᠨ᠎ᠠ᠃ ᠹᠸᠩ ᠢᠦᠢ ᠰᠢᠶᠠᠩ ᠡᠴᠡ ᠢᠷᠭᠡᠨ ᠤ ᠬᠤᠪᠢᠰᠬᠠᠯ ᠳ᠋ᠤ ᠤᠷᠤᠯᠴᠠᠭᠰᠠᠨ ᠤᠨ ᠵᠣᠭᠰᠣᠯᠲᠠ ᠪᠠᠨ ᠵᠢᠩᠬᠢᠨᠢ ᠪᠡᠷ ᠢᠯᠡᠷᠬᠡᠶᠢᠯᠡᠭᠰᠡᠨ ᠪᠠᠶᠢᠨ᠎ᠠ ᠃
ᠲᠤᠰ ᠡᠳᠦᠷ ᠤᠨ ᠦᠳᠡ ᠶ᠋ᠢᠨ12 ᠴᠠᠭ ᠲᠤ᠂ ᠠᠯᠳᠠᠷᠲᠤ 《 ᠦᠶᠤᠸᠠᠨ ᠤ ᠲᠠᠩᠭᠠᠷᠢᠭᠯᠠᠯᠲᠠ 》 ᠶᠢ ᠶᠠᠪᠤᠭᠳᠠᠭᠤᠯᠤᠭᠰᠠᠨ ᠪᠠᠶᠢᠨ᠎ᠠ ᠃ ᠹᠸᠩ ᠢᠦᠢ ᠰᠢᠶᠠᠩ ᠢᠷᠭᠡᠨ ᠤ ᠴᠡᠷᠢᠭ ᠤᠨ ᠨᠢᠭᠡ ᠂ ᠬᠣᠶᠠᠷ ᠂ ᠭᠤᠷᠪᠠ ᠂ ᠲᠠᠪᠤ᠂ ᠵᠢᠷᠭᠤᠳᠤᠭᠠᠷ ᠠᠷᠮᠠᠢ ᠶᠢᠨ ᠡᠯ᠎ᠡ ᠴᠡᠷᠢᠭ ᠦᠨ ᠳᠠᠷᠤᠭ᠎ᠠ ᠪᠠᠶᠢᠯᠳᠤᠭᠴᠢᠳ ᠲᠦᠮᠡ ᠭᠠᠷᠤᠶ ᠬᠥᠮᠦᠨ ᠢ ᠳᠠᠶᠢᠯᠠᠵᠦ ᠂ ᠦᠶᠤᠸᠠᠨ ᠰᠢᠶᠠᠨ ᠤ ᠬᠠᠭᠤᠴᠢᠨ ᠬᠣᠲᠠ ᠶ᠋ᠢᠨ ᠶᠡᠬᠡ ᠲᠠᠯᠠᠪᠠᠢ ᠳ᠋ᠦ ᠲᠤᠰᠢᠶᠠᠯ ᠳ᠋ᠦ ᠭᠠᠷᠬᠤ᠂ ᠲᠠᠩᠭᠠᠷᠢᠭᠯᠠᠬᠤ᠂ ᠲᠤᠭ ᠤᠯᠭᠤᠬᠤ ᠶᠤᠰᠤᠯᠠᠯ ᠢ ᠦᠪᠡᠳᠡᠭᠰᠢ ᠶᠡᠬᠡ ᠪᠡᠷ ᠶᠠᠪᠤᠭᠳᠠᠭᠤᠯᠤᠭᠰᠠᠨ ᠪᠠᠶᠢᠨ᠎ᠠ ᠃ ᠹᠸᠩ ᠢᠦᠢ ᠰᠢᠶᠠᠩ ᠨᠢ ᠢᠷᠭᠡᠨ ᠤ ᠴᠡᠷᠢᠭ ᠤᠨ ᠬᠣᠯᠪᠣᠭᠠᠲᠤ ᠴᠡᠷᠢᠭ ᠤᠨ ᠶᠡᠷᠦᠩᠬᠡᠶ ᠰᠧᠯᠢᠩ ᠤᠨ ᠲᠤᠰᠢᠶᠠᠯ ᠢ ᠡᠭᠦᠷᠭᠡᠯᠡᠵᠦ ᠂ ᠢᠷᠭᠡᠨ ᠤ ᠴᠡᠷᠢᠭ ᠤᠨ ᠬᠣᠯᠪᠣᠭᠠᠲᠤ ᠴᠡᠷᠢᠭ ᠤᠨ ᠪᠦᠬᠦ ᠳᠠᠷᠤᠭ᠎ᠠ ᠪᠠᠶᠢᠯᠳᠤᠭᠴᠢᠳ ᠨᠢ ᠪᠦᠬᠦᠨ ᠢᠶ᠋ᠡᠷ ᠢᠶ᠋ᠡᠨ ᠭᠣᠮᠢᠨᠳᠠᠩ ᠳ᠋ᠦ ᠤᠷᠤᠵᠤ ᠂ ᠭᠣᠮᠢᠨᠳᠠᠩ ᠪᠤᠯᠤᠨ ᠡᠪ ᠬᠠᠮᠲᠤ ᠨᠠᠮ ᠬᠠᠮᠲᠤᠷᠠᠨ ᠠᠵᠢᠯᠯᠠᠬᠤ ᠲᠤᠭ ᠤᠨ ᠳᠣᠣᠷ᠎ᠠ ᠂ ᠰᠦᠨ ᠵᠦᠩ ᠱᠠᠨ ᠠᠪᠤᠭᠠᠶ ᠶ᠋ᠢᠨ ᠭᠤᠷᠪᠠᠨ ᠶᠡᠬᠡ ᠲᠦ᠋ᠷᠦ ᠶ᠋ᠢᠨ ᠪᠤᠳ᠋ᠤᠯᠭ᠎ᠠ ᠶ᠋ᠢ ᠬᠡᠷᠡᠭᠵᠢᠭᠦᠯᠵᠦ᠂ ᠤᠮᠠᠷᠠᠰᠢ ᠳᠠᠶᠢᠯᠠᠬᠤ ᠬᠤᠪᠢᠰᠬᠠᠯ ᠳ᠋ᠤ ᠤᠷᠤᠯᠴᠠᠭᠰᠠᠨ ᠪᠠᠶᠢᠨ᠎ᠠ᠃ ᠳᠤᠮᠳᠠᠳᠤ ᠤᠯᠤᠰ ᠤᠨ ᠭᠣᠮᠢᠨᠳᠠᠩ ᠤᠨ ᠲᠥᠪ ᠬᠣᠷᠢᠶᠠᠨ ᠤ ᠭᠦᠢᠴᠡᠳᠬᠡᠬᠦ ᠬᠣᠷᠢᠶᠠᠨ ᠤ ᠪᠠᠶᠢᠩᠭᠤ ᠶ᠋ᠢᠨ ᠭᠡᠰᠢᠭᠦᠨ ᠢᠦᠢ ᠶᠢᠦ ᠷᠧᠨ ᠨᠠᠮ ᠤᠨ ᠲᠥᠯᠥᠭᠡᠯᠡᠭᠴᠢ ᠶ᠋ᠢᠨ ᠬᠤᠪᠢ ᠪᠠᠷ ᠂ ᠭᠤᠮᠢᠨᠳᠠᠩ ᠤᠨ ᠲᠤᠭ ᠢ ᠢᠷᠭᠡᠨ ᠤ ᠴᠡᠷᠢᠭ ᠤᠨ ᠬᠣᠯᠪᠣᠭᠠᠲᠤ ᠴᠡᠷᠢᠭ ᠲᠦ ᠤᠯᠭᠤᠵᠤ᠂ ᠯᠢᠦ ᠪᠦᠸ᠋ᠸᠢ ᠵᠢᠶᠠᠨ ᠡᠴᠡ《 ᠶᠢᠰᠦᠨ ᠰᠠᠷ᠎ᠠ ᠶᠢᠨ ᠠᠷᠪᠠᠨ ᠳᠣᠯᠣᠭᠠᠨ ᠦ ᠦᠶᠤᠸᠠᠨ ᠤ ᠲᠠᠩᠭᠠᠷᠢᠭ》 ᠢ ᠣᠩᠰᠢᠨ ᠲᠤᠩᠬᠠᠭᠯᠠᠭᠰᠠᠨ ᠤ ᠬᠠᠮᠲᠤ ᠶᠠᠷᠢᠶ᠎ᠠ ᠲᠠᠯᠪᠢᠵᠠᠶ ᠃ ᠵᠦᠪᠯᠡᠯᠲᠦ ᠶ᠋ᠢᠨ ᠵᠥᠪᠯᠡᠭᠴᠢ ᠦᠰᠮᠡᠨᠦ᠋ᠸ᠋ᠸ ᠂ᠢᠷᠭᠡᠨ ᠤ ᠴᠡᠷᠢᠭ ᠤᠨ ᠲᠠᠯ᠎ᠠ ᠶ᠋ᠢᠨ ᠭᠣᠣᠯ ᠵᠠᠩᠵᠤᠨ ᠯᠦ ᠵᠦᠡᠭ ᠯᠢᠨ ᠂ ᠰᠦᠩ ᠵᠧ ᠶᠤᠸᠠᠨ ᠂ ᠳ᠋ᠧᠩ ᠪᠦᠦ ᠱᠠᠨ ᠂ ᠰᠦᠨ ᠶᠤᠸᠠᠢ ᠂ ᠹᠠᠩ ᠵᠧᠨ ᠡᠦ ᠂ ᠭᠦᠩ ᠹᠦ᠋ ᠺᠦᠢ ᠂ ᠱᠢ ᠵᠢᠩ ᠲᠢᠩ ᠂ ᠭᠦᠸᠸ ᠾᠢ ᠬᠠᠨᠵᠢᠴᠢ ᠪᠠᠢ ᠶᠦᠨ ᠲᠠᠢ ᠵᠡᠷᠭᠡ ᠬᠦᠮᠦᠰ ᠶᠡᠬᠡ ᠬᠤᠷᠠᠯ ᠳ᠋ᠤ ᠤᠷᠤᠯᠴᠠᠪᠠ ᠃ ᠶᠡᠬᠡ ᠬᠤᠷᠠᠯ ᠳ᠋ᠤ ᠪᠠᠰᠠ ᠰᠦᠢᠶᠤᠸᠠᠨ ᠣᠷᠣᠨ ᠨᠤᠲᠤᠭ ᠤᠨ ᠡᠯ᠎ᠡ ᠡᠲᠡᠭᠡᠳ ᠤᠨ ᠲᠥᠯᠥᠭᠡᠯᠡᠭᠴᠢ ᠂ ᠢᠷᠭᠡᠨ ᠤ ᠴᠡᠷᠢᠭ ᠤᠨ ᠪᠠ 《 ᠪᠠᠷᠠᠭᠤᠨ ᠬᠣᠶᠢᠲᠤ ᠶ᠋ᠢᠨ ᠢᠷᠭᠡᠨ ᠦ ᠰᠣᠨᠢᠨ 》 ᠬᠣᠷᠢᠶᠠᠨ ᠳ᠋ᠤ ᠠᠵᠢᠯᠯᠠᠵᠤ ᠪᠠᠶᠢᠭ᠎ᠠ ᠡᠪ ᠬᠠᠮᠲᠤ ᠨᠠᠮ ᠤᠨ ᠭᠡᠰᠢᠭᠦᠨ ᠭᠤᠤ ᠺᠸ ᠯᠢᠨ ᠂ ᠱᠢ ᠺᠸᠰᠢᠤᠸᠠᠨ ᠂ ᠵᠢᠶᠠᠩ ᠲᠢᠩ ᠰᠤᠩ ᠂ ᠬᠤᠤ ᠶᠢᠩ ᠴᠦ᠋ ᠂ ᠭᠦᠸᠧ ᠪᠥᠸᠧ ᠿᠦᠢ ᠂ ᠳᠢᠩ ᠪᠤᠤ ᠴᠤᠸᠠᠨ ᠂ᠯᠢᠦ ᠭᠤᠸᠠᠨ ᠢ ᠂ ᠴᠧᠨ ᠵᠢᠩ ᠬᠡᠦ( ᠳᠠᠷᠤᠶ ᠴᠧᠨ ᠶᠢᠨ ᠲᠠᠨ ) ᠪᠠᠰᠠ ᠶᠡᠬᠡ ᠬᠤᠷᠠᠯ ᠳ᠋ᠤ ᠤᠷᠤᠯᠴᠠᠭᠰᠠᠨ ᠪᠠᠶᠢᠨ᠎ᠠ ᠃ ᠯᠢᠦ ᠪᠦᠸ᠋ᠸᠢ ᠵᠢᠶᠠᠨ ᠨᠢ ᠢᠷᠭᠡᠨ ᠤ ᠴᠡᠷᠢᠭ ᠤᠨ ᠬᠣᠯᠪᠣᠭᠠᠲᠤ ᠴᠡᠷᠢᠭ ᠤᠨ ᠤᠯᠤᠰ ᠲᠤᠢᠷᠦ ᠶ᠋ᠢᠨ ᠬᠡᠯᠲᠡᠰ ᠤᠨ ᠳᠡᠳ᠋ ᠳᠠᠷᠤᠭ᠎ᠠ ᠪᠠᠷ ᠤᠷᠢᠭᠳᠠᠵᠤ᠂ ᠦᠰᠮᠡᠨᠦ᠋ᠸ᠋ᠸ ᠤᠯᠤᠰ ᠲᠤᠢᠷᠦ ᠴᠡᠷᠢᠭ ᠤᠨ ᠵᠦᠪᠯᠡᠯᠴᠢ ᠪᠡᠷ ᠤᠷᠢᠭᠳᠠᠭᠰᠠᠨ ᠪᠠᠶᠢᠨ᠎ᠠ ᠃ ᠡᠭᠦᠨ ᠦ ᠳᠠᠷᠠᠭ᠎ᠠ ᠂ ᠹᠸᠩ ᠢᠤᠢ ᠰᠢᠶᠠᠩ ᠡᠴᠠ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠶ᠋ᠢᠨ ᠲᠤᠭᠤᠷᠢᠭ ᠤᠨ ᠬᠤᠷᠢᠶ᠎ᠠ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠦᠪ ᠬᠤᠷᠢᠶ᠎ᠠ ᠲᠠᠢ ᠬᠠᠷᠢᠴᠠᠵᠤ ᠪᠠᠶᠢᠭᠠᠳ ᠲᠡᠭᠦᠨ ᠤ ᠤᠯᠤᠰ ᠲᠦᠷᠦ ᠶ᠋ᠢᠨ ᠣᠪᠣᠷ ᠢᠶ᠋ᠡᠨ ᠲᠤᠳᠤᠷᠬᠠᠶᠢᠯᠠᠵᠤ᠂ ᠬᠠᠪᠰᠤᠷᠤᠯᠭ᠎ᠠ ᠦᠵᠡᠭᠦᠯᠬᠦ ᠶ᠋ᠢ ᠱᠠᠭᠠᠷᠳᠠᠭᠰᠠᠨ ᠪᠠᠶᠢᠨ᠎ᠠ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠢᠨ ᠡᠯ᠎ᠡ ᠲᠠᠯ᠎ᠠ ᠶᠢᠨ ᠬᠦᠮᠦᠰ ᠢ ᠲᠤᠬᠢᠷᠠᠭᠤᠯᠤᠨ ᠰᠢᠯᠵᠢᠭᠦᠯᠵᠦ ᠂ ᠤᠷᠢᠳ ᠬᠣᠵᠢᠳ ᠰᠢᠶᠤᠤ ᠮᠢᠩ ᠂ ᠴᠧᠨ ᠶᠠᠨ ᠨᠢᠶᠠᠨ ᠂ ᠴᠸᠨ ᠴᠢᠶᠤᠤ ᠨᠢᠶᠠᠨ ᠂ ᠵᠢᠶᠠ ᠡᠦ ᠂ ᠹᠠᠩ ᠵᠦᠩ ᠷᠦ ᠂ ᠽᠸᠩᠰᠢᠶᠤᠤ ᠶᠤᠸᠠᠨ ᠂ ᠯᠢ ᠯᠢᠶᠠᠨ ᠵᠣ᠂ ᠯᠢᠦ ᡁᠢ ᠳ᠋ᠠᠨ ᠂ ᠠᠨ ᠽᠢ ᠸᠸᠨ ᠂ ᠯᠢ ᠽᠢ ᠭᠤᠸᠠᠩ ᠵᠡᠷᠭᠡ ᠨᠢᠭᠡ ᠪᠦᠯᠦᠭ ᠡᠪ ᠬᠠᠮᠲᠤ ᠨᠠᠮ ᠤᠨ ᠭᠡᠰᠢᠭᠦᠳ ᠢ ᠢᠷᠭᠡᠨ ᠤ ᠴᠡᠷᠢᠭ ᠤᠨ ᠬᠣᠯᠪᠣᠭᠠᠲᠤ ᠴᠡᠷᠢᠭ ᠲᠦ ᠲᠤᠮᠢᠯᠠᠨ ᠠᠵᠢᠯᠯᠠᠭᠤᠯᠤᠭᠰᠠᠨ ᠪᠠᠶᠢᠨ᠎ᠠ ᠃ ᠨᠠᠮ ᠤᠨ ᠲᠥᠪ ᠬᠣᠷᠢᠶᠠᠨ ᠡᠴᠠ《 ᠢᠷᠭᠡᠨ ᠤ ᠴᠡᠷᠢᠭ ᠤᠨ ᠲᠤᠬᠠᠶ ᠠᠵᠢᠯ ᠤᠨ ᠴᠢᠭᠯᠡᠯᠲᠡ 》 ᠭᠠᠷᠭᠠᠵᠤ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠶ᠋ᠢᠨ ᠬᠤᠷᠢᠶᠠᠨ ᠡᠴᠠ 《 ᠤᠮᠠᠷᠠᠲᠤ ᠶᠢᠨ ᠤ ᠲᠤᠭᠤᠷᠢᠭ ᠡᠴᠠ ᠭᠤᠷᠪᠠᠨ ᠣᠨᠴᠣᠭᠣᠶ ᠣᠷᠣᠨ ᠪᠤᠯᠤᠨ ᠪᠠᠷᠠᠭᠤᠨ ᠬᠣᠶᠢᠲᠤ ᠣᠷᠣᠨ ᠤ ᠴᠡᠷᠢᠭ ᠤᠨ ᠳᠤᠮᠳᠠᠬᠢ ᠠᠵᠢᠯ ᠤᠨ ᠲᠤᠬᠠᠶ ᠰᠠᠨᠠᠯ 》 ᠢ ᠳᠤᠷᠠᠳᠴᠤ ᠂ ᠢᠷᠭᠡᠨ ᠤ ᠴᠡᠷᠢᠭ ᠤᠨ ᠠᠵᠢᠯ ᠢ ᠪᠦᠬᠦ ᠲᠠᠯ᠎ᠠ ᠪᠠᠷ ᠲᠣᠬᠢᠷᠠᠭᠤᠯᠤᠭᠰᠠᠨ ᠪᠠᠶᠢᠨ᠎ᠠ ᠃ ᠢᠷᠭᠡᠨ ᠤ ᠴᠡᠷᠢᠭ ᠤᠨ ᠬᠣᠯᠪᠣᠭᠠᠲᠤ ᠴᠡᠷᠢᠭ ᠨᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠦᠴᠦᠲᠡᠶ ᠳᠡᠮᠵᠢᠯᠭᠡ ᠪᠠ ᠡᠪ ᠬᠠᠮᠲᠤᠴᠤᠳ ᠤᠨ ᠬᠦᠴᠦ ᠪᠡᠨ ᠬᠠᠮᠳᠤᠤᠳᠬᠠᠨ ᠠᠵᠢᠯᠯᠠᠭᠰᠠᠨ ᠤ ᠳᠤᠤᠷ᠎ᠠ᠂ ᠢᠯᠠᠩᠭᠤᠶ᠎ᠠ ᠴᠢᠩᠭ᠎ᠠ ᠬᠦᠴᠦᠲᠠᠢ ᠤᠯᠤᠰ ᠲᠦᠷᠤ ᠶ᠋ᠢᠨ ᠠᠵᠢᠯ ᠤᠨ ᠥᠷᠨᠢᠯᠲᠡ ᠳᠤᠤᠷ᠎ᠠ ᠂ ᠢᠷᠭᠡᠨ ᠤ ᠴᠡᠷᠢᠭ ᠨᠢ ᠬᠦᠴᠦ ᠲᠠᠮᠢᠷ ᠢᠶᠡᠨ ᠰᠡᠷᠭᠦᠭᠡᠵᠦ ᠂ ᠪᠠᠭᠤᠷᠠᠶ ᠡᠴᠠ ᠪᠠᠨ ᠬᠦᠴᠦᠷᠬᠡᠭ ᠪᠤᠯᠵᠤ ᠂ ᠨᠢᠭᠡᠨ ᠢᠷᠭᠡᠨ ᠦ ᠬᠤᠪᠢᠰᠬᠠᠯ ᠢᠶᠠᠷ ᠬᠠᠷᠠᠯᠲᠠ ᠪᠠᠨ ᠪᠣᠯᠭᠠᠭᠰᠠᠨ ᠂ ᠬᠦᠰᠡᠯᠡᠩ ᠲᠡᠶ ᠦᠵᠡᠯ ᠰᠠᠨᠠᠭ᠎ᠠ ᠲᠠᠢ ᠰᠢᠨ᠎ᠡ ᠮᠠᠶ᠋ᠢᠭ ᠤᠨ ᠴᠡᠷᠢᠭ ᠠᠡᠭᠬᠢ ᠪᠤᠯᠤᠭᠰᠠᠨ ᠪᠠᠶᠢᠨ᠎ᠠ᠃ ᠹᠸᠩ ᠢᠦᠢ ᠰᠢᠶᠠᠩ ᠠᠷᠪᠠᠨ ᠵᠠᠮ ᠤᠨ ᠶᠡᠬᠡ ᠴᠡᠷᠢᠭ ᠳᠠᠭᠠᠭᠤᠯᠤᠨ ᠂ ᠯᠢ ᠳ᠋ᠡ ᠵᠣ ᠶᠢᠨ ᠬᠠᠪᠰᠤᠷᠤᠨ ᠲᠣᠭᠲᠠᠭᠠᠵᠤ ᠦᠭᠭᠦᠭᠰᠡᠨ 《ᠭᠠᠨᠰᠦ ᠶ᠋ᠢ ᠪᠠᠲᠤᠳᠬᠠᠨ ᠱᠠᠨᠰᠢ ᠶ᠋ᠢ ᠲᠤᠰᠠᠯᠠᠨ ᠂ ᠱᠠᠨ ᠰᠢ ᠲᠠᠢ ᠬᠤᠯᠪᠤᠭᠠᠯᠠᠨ ᠾᠧᠨᠠᠨ ᠢ ᠵᠣᠷᠢᠬᠤ 》 ᠪᠠᠶᠢᠯᠳᠤᠬᠤ ᠴᠢᠭᠯᠡᠯᠲᠡ ᠶ᠋ᠢᠨ ᠶᠤᠰᠤᠭᠠᠷ ᠂ ᠪᠠᠷᠠᠭᠤᠨ ᠡᠮᠦᠨᠡᠰᠢ ᠣᠷᠣᠵᠤ ᠂ ᠬᠦᠴᠦᠨ ᠶᠡᠬᠡ ᠪᠡᠷ ᠬᠦᠳᠡᠯᠵᠦ ᠂ ᠨᠡᠷ᠎ᠡ ᠲᠤᠢᠷᠦ ᠪᠡᠨ ᠶᠡᠬᠡᠳᠡ ᠮᠠᠨᠳᠤᠭᠤᠯᠵᠤ 20 ᠲᠦᠮᠡ ᠰᠢᠬᠠᠮ ᠬᠥᠮᠦᠨ ᠪᠤᠯᠤᠭᠰᠠᠨ ᠬᠤᠪᠢᠰᠬᠠᠯ ᠤᠨ ᠵᠡᠪᠰᠡᠭᠲᠦ ᠬᠦᠴᠦᠨ ᠪᠤᠯᠤᠨ ᠬᠦᠭᠵᠢᠭᠡᠳ ᠂ 1927 ᠣᠨ ᠤ 1ᠰᠠᠷ᠎ᠠ ᠶ᠋ᠢᠨ 26 ᠦ ᠡᠳᠦᠷ ᠰᠢ ᠠᠨ ᠳ᠋ᠦ ᠣᠷᠣᠵᠤ ᠂ 6 ᠰᠠᠷ᠎ᠠ ᠶ᠋ᠢᠨ ᠡᠬᠢ ᠪᠡᠷ ᠡᠮᠦᠨᠡᠲᠦ ᠣᠷᠣᠨ ᠦ ᠤᠮᠠᠷᠠᠰᠢ ᠳᠠᠶᠢᠯᠠᠬᠤ ᠴᠡᠷᠢᠭ ᠲᠠᠢ ᠾᠧᠨᠠᠨ ᠳᠤ ᠵᠤᠯᠭᠠᠭᠰᠠᠨ ᠪᠠᠶᠢᠨ᠎ᠠ ᠃
ᠯᠢ ᠳ᠋ᠡ ᠵᠣ ᠪᠣᠯᠤᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠶ᠋ᠢᠨ ᠲᠣᠭᠣᠷᠢᠭ ᠤᠨ ᠨᠠᠮ ᠤᠨ ᠬᠣᠷᠢᠶ᠎ᠠ ᠂ ᠳᠤᠮᠳᠠᠳᠤ ᠤᠯᠤᠰ ᠤᠨ ᠡᠪ ᠬᠠᠮᠲᠦ ᠨᠠᠮ ᠤᠨ ᠲᠦᠪ ᠬᠤᠷᠢᠶᠠᠨ ᠡᠴᠠ ᠫᠸᠩ ᠢᠦᠢ ᠰᠢᠶᠠᠩ ᠢ ᠦᠭᠡᠳᠡ ᠪᠡᠨ ᠲᠠᠲᠠᠵᠤ ᠬᠤᠪᠢᠰᠬᠠᠯ ᠳ᠋ᠤ ᠤᠷᠤᠯᠴᠠᠭᠤᠯᠤᠨ ᠂ ᠢᠷᠭᠡᠨ ᠤ ᠴᠡᠷᠢᠭ ᠤᠨ ᠨᠢᠭᠡᠳᠦᠮᠡᠯ ᠹᠷᠣᠨᠲ᠋ ᠤᠨ ᠠᠵᠢᠯ ᠢ ᠦᠷᠨᠢᠬᠦᠯᠦᠰᠡᠨ ᠨᠢ ᠮᠠᠰᠢ ᠠᠮᠵᠢᠯᠲᠠ ᠣᠯᠵᠤ ᠂ ᠦᠶᠤᠸᠠᠨ ᠤ ᠲᠠᠩᠭᠠᠷᠢᠭᠯᠠᠯᠲᠠ ᠨᠢ ᠳᠠᠷᠤᠢ ᠲᠡᠭᠦᠨ ᠤ ᠭᠣᠣᠯ ᠪᠡᠯᠭᠡ ᠲᠡᠮᠳᠡᠭ ᠪᠠ ᠦᠷ᠎ᠡ ᠳ᠋ᠦᠩ ᠪᠤᠯᠬᠤ ᠶᠤᠮ ᠃ ᠤᠮᠠᠷᠠᠰᠢ ᠳᠠᠶᠢᠯᠠᠬᠤ ᠳᠠᠶᠢᠨ ᠦᠳᠲᠡᠷ ᠲᠦᠷᠭᠡᠨ ᠬᠥᠭᠵᠢᠵᠦ ᠪᠠᠶᠢᠭ᠎ᠠ ᠦᠶ᠎ᠡ ᠳ᠋ᠤ᠂ ᠳᠤᠮᠳᠠᠳᠤ ᠤᠯᠤᠰ ᠤᠨ ᠪᠠᠷᠠᠭᠤᠨ ᠬᠣᠶᠢᠲᠤ ᠬᠢᠯᠢ ᠬᠢᠵᠠᠭᠠᠷ ᠳ᠋ᠤ ᠤᠮᠠᠷᠠᠰᠢ ᠳᠠᠶᠢᠯᠠᠬᠤ ᠳᠠᠢᠢᠨ ᠤ ᠲᠤᠭ ᠢ ᠥᠨᠳᠥᠷ ᠮᠠᠨᠳᠤᠭᠤᠯᠵᠤ ᠂ ᠪᠠᠰᠠ ᠨᠢᠭᠡᠨ ᠴᠢᠬᠤᠯᠠ ᠪᠠᠶᠢᠯᠳᠤᠭᠠᠨ ᠤ ᠲᠠᠯᠠᠪᠤᠷ ᠢ ᠨᠡᠭᠡᠭᠡᠭᠰᠡᠨ ᠨᠢ ᠤᠮᠠᠷᠠᠰᠢ ᠳᠠᠶᠢᠯᠠᠬᠤ ᠳᠠᠢᠢᠨ ᠵᠢᠴᠢ ᠪᠦᠬᠦ ᠤᠯᠤᠰ ᠤᠨ ᠬᠤᠪᠢᠰᠬᠠᠯ ᠳ᠋ᠤ ᠠᠰᠤᠷᠤ ᠶᠡᠬᠡ ᠵᠣᠷᠢᠭᠵᠢᠭᠤᠯᠤᠯ ᠪᠠ ᠳᠡᠮᠵᠢᠯᠭᠡ ᠪᠤᠯᠤᠭᠰᠠᠨ ᠨᠢ ᠳᠠᠮᠵᠢᠭ ᠦᠭᠡᠢ ᠂ ᠪᠠᠰᠠ ᠴᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠠᠭᠤᠴᠢᠨ ᠴᠡᠷᠢᠭ ᠢ ᠦᠭᠡᠷᠡᠴᠢᠯᠡᠬᠦ ᠂ ᠭᠣᠮᠢᠨᠳᠠᠩ ᠡᠪ ᠬᠠᠮᠲᠤ ᠨᠠᠮ ᠬᠣᠶᠠᠷ ᠤᠨ ᠬᠠᠮᠲᠤᠷᠠᠨ ᠠᠵᠢᠯᠯᠠᠬᠤ ᠨᠢᠭᠡᠳᠦᠮᠡᠯ ᠹᠷᠣᠨᠲ᠋ ᠢ ᠬᠦᠭᠵᠢᠭᠦᠯᠬᠦ ᠨᠢᠭᠡᠨ ᠨᠡᠶᠢᠲᠡᠯᠢᠭ ᠵᠢᠱᠢᠶ᠎ᠡ ᠮᠥᠨ ᠃ ᠡᠭᠦᠨ ᠦ ᠬᠠᠮᠳᠤ ᠂ ᠥᠪᠥᠷ ᠮᠣᠩᠭᠣᠯ ᠣᠷᠣᠨ ᠤ ᠬᠤᠪᠢᠰᠬᠠᠯᠲᠤ ᠲᠡᠮᠡᠴᠡᠯ ᠤᠨ ᠦᠷᠨᠢᠬᠦ ᠳ᠋ᠦ ᠨᠥᠬᠥᠴᠡᠯ ᠪᠦᠷᠢᠯᠳᠦᠭᠦᠯᠵᠦ ᠦᠭᠬᠦᠭᠰᠡᠨ ᠢᠶ᠋ᠡᠷ ᠦᠯᠦ ᠪᠠᠷᠠᠮ ᠬᠤᠪᠢᠰᠬᠠᠯ ᠤᠨ ᠶᠠᠷᠢᠶ᠎ᠠ ᠥᠭᠦᠯᠡᠯ ᠪᠣᠯᠤᠨ ᠰᠦᠷ ᠬᠦᠴᠦᠨ ᠢ ᠪᠦᠷᠢᠯᠳᠦᠭᠦᠯᠦᠨ ᠦᠭᠴᠦ ᠂ ᠥᠪᠥᠷ ᠮᠣᠩᠭᠣᠯ ᠤᠨ ᠡᠯ᠎ᠡ ᠦᠨᠳᠦᠰᠦᠲᠡᠨ ᠤ ᠠᠷᠠᠳ ᠲᠦᠮᠡᠨ ᠢ ᠲᠤᠶᠢᠯ ᠤᠨ ᠶᠡᠬᠡ ᠪᠡᠷ ᠵᠤᠷᠢᠭᠵᠢᠭᠤᠯᠵᠤ᠂ ᠥᠪᠥᠷ ᠮᠣᠩᠭᠣᠯ ᠤᠨ ᠬᠤᠪᠢᠰᠬᠠᠯ ᠤᠨ ᠬᠥᠭᠵᠢᠯᠲᠡ ᠶᠢ ᠠᠬᠢᠭᠤᠯᠤᠭᠰᠠᠨ ᠪᠠᠶᠢᠨ᠎ᠠ ᠃